ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-4> Сүлдийн соёлын судлал – Минжуур<дээд-4>
ᠳᠡᠭᠡᠳᠦ ᠪᠦᠯᠦᠭ ᠂ ᠥᠭᠦᠯᠡᠯ ᠤᠨ ᠡᠮᠬᠢᠳᠬᠡᠯ -4
ᠰᠦᠯᠳᠡ ᠪᠣᠯ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠮᠥᠨ
ᠠᠯᠠᠭ ᠰᠦᠯᠳᠡ ᠶ᠋ᠢ ᠰᠦᠯᠳᠡ (ᠲᠤᠭ) ᠭᠡᠵᠦ ᠲᠣᠪᠴᠢᠯᠠᠨ ᠳᠠᠭᠤᠳᠠᠳᠠᠭ
ᠵᠠᠩᠰᠢᠯ ᠲᠠᠢ᠃ ᠰᠦᠯᠳᠡ ᠳ᠋ᠦ᠍ ᠰᠣᠶᠣᠯ ᠤ᠋ᠨ ᠠᠭᠤᠯᠤᠭᠳᠠᠬᠤᠨ ᠲᠠᠢ᠂
ᠲᠡᠷᠡᠴᠢᠯᠡᠨ ᠤᠷᠲᠤ ᠤᠳᠠᠭᠠᠨ ᠲᠡᠦᠬᠡᠨ ᠶᠠᠪᠤᠴᠠ ᠳᠤᠮᠳᠠ ᠤᠯᠠᠮ ᠢ᠋ᠶ᠋ᠠᠷ
ᠪᠠᠶᠠᠯᠢᠭᠵᠢᠵᠤ ᠢᠷᠡᠵᠡᠢ᠃ ᠡᠢᠮᠦ ᠡᠴᠡ ᠰᠦᠯᠳᠡ ᠳ᠋ᠦ᠍ ᠡᠯᠪᠡᠭ ᠪᠠᠶᠠᠯᠢᠭ
ᠰᠣᠶᠣᠯ ᠤ᠋ᠨ ᠠᠭᠤᠯᠤᠭᠳᠠᠬᠤᠨ ᠲᠠᠢ ᠭᠡᠵᠦ ᠬᠡᠯᠡᠵᠦ ᠪᠣᠯᠤᠨ᠎ᠠ᠃
ᠲᠤᠰ ᠥᠭᠦᠯᠡᠯ ᠳ᠋ᠦ᠍ ᠰᠦᠯᠳᠡ ᠶ᠋ᠢᠨ ᠷᠢᠳᠢ ᠰᠢᠳᠢᠴᠢᠯᠡᠭᠰᠡᠨ ᠦᠯᠢᠭᠡᠷ ᠳᠣᠮᠣᠭ ᠢ᠋
ᠥᠭᠦᠯᠡᠬᠦ ᠪᠢᠰᠢ ᠬᠠᠷᠢᠨ ᠴᠠᠭᠠᠨ᠂ ᠬᠠᠷ᠎ᠠ᠂ ᠠᠯᠠᠭ ᠭᠤᠷᠪᠠᠨ ᠰᠦᠯᠳᠡ ᠶ᠋ᠢᠨ
ᠲᠡᠦᠬᠡ ᠶ᠋ᠢᠨ ᠠᠬᠤᠢ ᠪᠠᠢᠳᠠᠯ ᠢ᠋ ᠲᠤᠰ ᠲᠤᠰ ᠢ᠋ᠶ᠋ᠠᠷ ᠨᠢ ᠲᠣᠳᠣᠯᠠᠨ
ᠲᠠᠢᠯᠪᠤᠷᠢᠯᠠᠬᠤ ᠶ᠋ᠢᠨ ᠬᠠᠮᠲᠤ ᠰᠦᠯᠳᠡ ᠶ᠋ᠢᠨ ᠰᠣᠶᠣᠯ ᠢ ᠲᠥᠷᠥᠯ ᠬᠤᠪᠢᠶᠠᠨ
ᠥᠭᠦᠯᠡᠬᠦ ᠪᠣᠯᠤᠨ᠎ᠠ᠃ ᠮᠣᠩᠭᠣᠯᠴᠤᠳ ᠲᠠ ᠪᠦᠬᠦᠨ ᠤ ᠰᠦᠯᠳᠡ ᠶ᠋ᠢᠨ
ᠰᠣᠶᠣᠯ ᠢ᠋ᠶ᠋ᠠᠨ ᠣᠢᠯᠠᠭᠠᠨ ᠮᠡᠳᠡᠬᠦ ᠳ᠋ᠦ᠍ ᠴᠢᠨᠢ ᠬᠢᠨᠠᠯᠲᠠ ᠪᠣᠯᠭᠠᠶ᠎ᠠ᠃
ᠡᠷᠳᠡᠮᠲᠡᠨ ᠮᠡᠷᠭᠡᠳ ᠤᠨ ᠮᠠᠷᠭᠤᠨ ᠥᠭᠦᠯᠡᠬᠦ ᠶ᠋ᠢ ᠴᠢᠩ ᠰᠡᠳᠬᠢᠯ ᠡᠴᠡ ᠪᠡᠨ
ᠬᠦᠰᠡᠵᠦ ᠪᠠᠢᠨ᠎ᠠ᠃
【ᠵᠠᠩᠭᠢᠯᠠᠭ᠎ᠠ ᠦᠭᠡ】 ᠰᠦᠯᠳᠡ᠂ ᠤᠯᠠᠮᠵᠢᠯᠠᠯᠲᠤ᠂ ᠪᠡᠯᠭᠡᠳᠡᠯ ᠤᠨ ᠡᠳ᠋᠃
ᠤᠯᠠᠮᠵᠢᠯᠠᠯᠲᠤ ᠦᠵᠡᠯᠲᠡ ᠪᠡᠷ ᠰᠦᠯᠳᠡ ᠶ᠋ᠢ ᠲᠡᠭᠷᠢ ᠶ᠋ᠢᠨ ᠪᠦᠷᠢᠯᠸ᠎ᠠ ᠮᠥᠨ᠂ ᠲᠡᠭᠦᠨ ᠳ᠋ᠦ᠍ ᠲᠡᠭᠷᠢ ᠶ᠋ᠢᠨ ᠰᠦᠷ ᠬᠦᠴᠦᠨ ᠣᠷᠣᠰᠢᠭᠰᠠᠨ ᠭᠡᠵᠦ ᠦᠵᠡᠳᠡᠭ ᠪᠣᠯᠬᠣᠷ ᠰᠦᠯᠳᠡ ᠶ᠋ᠢ ᠲᠠᠬᠢᠬᠤ ᠨᠢ ᠬᠡᠯᠡᠯᠭᠡᠨ ᠦᠭᠡᠢ ᠲᠡᠭᠷᠢ ᠶ᠋ᠢ ᠲᠠᠬᠢᠬᠤ ᠲᠠᠢ ᠠᠳᠠᠯᠢ ᠲᠡᠭᠷᠢ ᠶ᠋ᠢ ᠰᠢᠲᠦᠬᠦ ᠦᠵᠡᠯ ᠤᠬᠠᠮᠰᠠᠷ ᠤ᠋ᠨ ᠢᠯᠡᠷᠡᠯ ᠮᠥᠨ᠂ ᠪᠠᠰᠠ ᠨᠢᠭᠡ ᠵᠦᠢᠯ ᠤᠨ ᠰᠣᠶᠣᠯ ᠤ᠋ᠨ ᠦᠵᠡᠭᠳᠡᠯ ᠮᠥᠨ᠃ ᠡᠢᠮᠦ ᠡᠴᠡ ᠴᠠᠭᠠᠨ᠂ ᠬᠠᠷ᠎ᠠ᠂ ᠠᠯᠠᠭ ᠭᠤᠷᠪᠠᠨ ᠰᠦᠯᠳᠡ ᠲᠤᠭ ᠪᠣᠯ ᠳᠠᠷᠤᠢ ᠲᠡᠭᠷᠢ ᠲᠠᠬᠢᠬᠤ ᠰᠣᠶᠣᠯ ᠤ᠋ᠨ ᠪᠦᠲᠦᠭᠡᠭᠳᠡᠬᠦᠨ ᠪᠣᠯᠬᠤ ᠶᠣᠰᠣᠲᠠᠢ᠃ ᠮᠣᠩᠭᠣᠯᠴᠤᠳ ᠲᠡᠦᠬᠡ ᠶ᠋ᠢᠨ ᠶᠠᠮᠠᠷ ᠴᠠᠭ ᠦᠶ᠎ᠡ ᠳ᠋ᠦ᠍ ᠴᠦ᠍ ᠭᠡᠰᠡᠨ ᠦᠭᠡᠢ ᠪᠦᠷ ᠰᠦᠯᠳᠡ ᠪᠡᠨ ᠳᠡᠭᠡᠳᠦᠯᠡᠨ ᠰᠢᠲᠦᠵᠦ᠂ ᠰᠦᠯᠳᠡ ᠶ᠋ᠢᠨ ᠰᠣᠶᠣᠯ ᠢ᠋ᠶ᠋ᠠᠨ ᠤᠯᠠᠮᠵᠢᠯᠠᠨ ᠵᠠᠯᠭᠠᠮᠵᠢᠯᠠᠭᠰᠠᠨ ᠪᠠ ᠬᠥᠭᠵᠢᠭᠦᠯᠦᠭᠰᠡᠨ ᠡᠴᠡ ᠰᠦᠯᠳᠡ ᠨᠢ ᠡᠳᠦᠭᠡ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠤᠨ ᠲᠣᠭᠲᠠᠨᠢᠵᠤ᠂ ᠳᠡᠯᠡᠬᠡᠢ ᠳ᠋ᠠᠬᠢᠨ᠎ᠠ ᠠᠯᠳᠠᠷᠰᠢᠵᠠᠢ᠃
ᠨᠢᠭᠡ᠂ ᠰᠦᠯᠳᠡ ᠶ᠋ᠢᠨ ᠲᠡᠦᠬᠡᠨ ᠪᠠᠢᠳᠠᠯ
ᠪᠢᠴᠢᠭ ᠰᠤᠳᠤᠷ ᠤ᠋ᠨ ᠲᠡᠮᠳᠡᠭᠯᠡᠯ ᠪᠠ ᠰᠤᠳᠤᠯᠭᠠᠨ ᠤ᠋ ᠮᠠᠲ᠋ᠧᠷᠢᠶᠠᠯ ᠠ᠋ᠴᠠ ᠦᠵᠡᠪᠡᠯ ᠴᠠᠭᠠᠨ᠂ ᠬᠠᠷ᠎ᠠ᠂ ᠠᠯᠠᠭ ᠭᠤᠷᠪᠠᠨ ᠰᠦᠯᠳᠡ ᠨᠢ ᠪᠦᠷ ᠥᠪᠡᠷ ᠥᠪᠡᠷ ᠤᠨ ᠤᠷᠲᠤ ᠤᠳᠠᠭᠠᠨ ᠲᠡᠦᠬᠡ ᠲᠡᠢ ᠶᠦᠮ᠃
ᠴᠠᠭᠠᠨ ᠰᠦᠯᠳᠡ
ᠮᠣᠩᠭᠣᠯᠴᠤᠳ ᠤ᠋ᠨ ᠳᠡᠭᠡᠳᠦᠰ᠂ ᠳᠠᠷᠤᠢ ᠾᠦᠩᠨᠦᠴᠦᠳ 《ᠨᠠᠷᠠ᠂ ᠰᠠᠷ᠎ᠠ᠂ ᠭᠠᠯ᠂ ᠪᠤᠭᠤ ᠭᠥᠷᠦᠭᠡᠰᠦᠨ ᠤ ᠳᠦᠷᠰᠦ ᠲᠡᠢ ᠲᠤᠭ ᠰᠦᠯᠳᠡ》① ᠶ᠋ᠢ ᠡᠭᠦᠳᠦᠨ ᠪᠦᠲᠦᠭᠡᠭᠡᠳ ᠰᠢᠲᠦᠵᠦ ᠪᠠᠢᠵᠠᠢ᠃ ᠨᠡᠢᠲᠡ ᠶ᠋ᠢᠨ ᠤᠨ ᠲᠣᠭᠠᠯᠠᠯ ᠠ᠋ᠴᠠ ᠡᠮᠦᠨ᠎ᠡ 209 ᠣᠨ ᠳ᠋ᠤ᠌ ᠮᠤᠳᠤᠨ ᠴᠠᠨ ᠢᠦᠢ ᠰᠠᠭᠤᠷᠢᠨ᠎ᠠ ᠰᠠᠭᠤᠬᠤ ᠳ᠋ᠤ᠌ ᠡᠨᠡ ᠬᠦ᠌ ᠰᠦᠯᠳᠡ ᠪᠡᠨ ᠾᠦᠩᠨᠦ ᠤᠯᠤᠰ ᠤ᠋ᠨ ᠲᠥᠷᠥ ᠶ᠋ᠢᠨ ᠰᠦᠯᠳᠡ ᠪᠣᠯᠭᠠᠵᠤ ᠳᠡᠭᠡᠳᠦᠯᠡᠨ ᠬᠡᠷᠡᠭᠯᠡᠵᠡᠢ᠃ 《ᠡᠨᠡ ᠪᠣᠯ ᠮᠣᠩᠭᠣᠯᠴᠤᠳ ᠤ᠋ᠨ ᠬᠠᠮᠤᠭ ᠤ᠋ᠨ ᠡᠷᠲᠡᠨ ᠤ ᠲᠥᠷᠥ ᠶ᠋ᠢᠨ ᠰᠦᠯᠳᠡ ᠶᠦᠮ》 ②᠃ ᠬᠣᠵᠢᠮ ᠨᠢ ᠾᠦᠩᠨᠦ ᠤᠯᠤᠰ ᠵᠠᠳᠠᠷᠠᠭᠰᠠᠨ ᠪᠣᠯᠪᠠᠴᠤ ᠲᠡᠭᠦᠨ ᠤ ᠰᠦᠯᠳᠡ ᠨᠢ ᠮᠥᠬᠥᠵᠦ ᠰᠥᠨᠥᠭᠰᠡᠨ ᠦᠭᠡᠢ᠂ ᠬᠠᠷᠢᠨ ᠮᠣᠩᠭᠣᠯᠴᠤᠳ ᠲᠤ᠌ ᠤᠯᠠᠮᠵᠢᠯᠠᠭᠳᠠᠨ ᠰᠢᠲᠦᠭᠳᠡᠭᠰᠡᠭᠡᠷ ᠪᠠᠢᠵᠠᠢ᠃ ᠴᠢᠩᠭᠢᠰ ᠬᠠᠭᠠᠨ 1206 ᠣᠨ ᠳ᠋ᠤ᠌ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢ ᠪᠠᠢᠭᠤᠯᠬᠤ ᠳ᠋ᠤ᠌ ᠲᠡᠭᠦᠨ ᠢ᠋ ᠮᠣᠩᠭᠣᠯ ᠲᠥᠷᠥ ᠶ᠋ᠢᠨ ᠴᠠᠭᠠᠨ ᠰᠦᠯᠳᠡ ᠪᠣᠯᠭᠠᠵᠤ ᠳᠡᠭᠡᠳᠦᠯᠡᠨ ᠬᠡᠷᠡᠭᠯᠡᠵᠡᠢ᠃ ᠡᠨᠡ ᠲᠤᠬᠠᠢ 《ᠮᠣᠩᠭᠣᠯ ᠪᠠ ᠬᠣᠨᠣᠳ 》 ᠭᠡᠰᠡᠨ ᠨᠣᠮ ᠳ᠋ᠤ᠌ 《ᠮᠣᠩᠭᠣᠯ ᠤ᠋ᠨ ᠬᠠᠭᠠᠨᠲᠤ ᠲᠥᠷᠥ ᠪᠠᠢᠭᠤᠯᠤᠭᠳᠠᠬᠤ ᠳ᠋ᠤ᠌ ᠴᠠᠭᠠᠨ ᠰᠦᠯᠳᠡ ᠶ᠋ᠢ ᠲᠤᠰᠬᠠᠢ ᠰᠤᠳᠤᠯᠤᠨ ᠪᠦᠲᠦᠭᠡᠭᠰᠡᠨ ᠪᠢᠰᠢ ᠬᠠᠷᠢᠨ ᠬᠣᠨᠣᠳ (ᠾᠦᠩᠨᠦᠴᠦᠳ) ᠤᠨ ᠳᠣᠷᠣ ᠶ᠋ᠢᠨ ᠰᠦᠯᠳᠡ ᠮᠣᠩᠭᠣᠯ ᠣᠪᠣᠭᠲᠠᠨ ᠳ᠋ᠤ᠌ ᠤᠯᠠᠮᠵᠢᠯᠠᠭᠳᠠᠵᠤ ᠪᠠᠢᠭᠰᠠᠨ ᠠ᠋ᠴᠠ ᠲᠡᠭᠦᠨ ᠢ᠋ ᠪᠠᠭ᠎ᠠ ᠰᠠᠭ᠎ᠠ ᠵᠠᠰᠠᠨ ᠲᠡᠭᠦᠯᠳᠡᠷᠵᠢᠭᠦᠯᠦᠭᠡᠳ ᠠᠪᠴᠤ ᠬᠡᠷᠡᠭᠯᠡᠵᠡᠢ》③ ᠭᠡᠵᠦ ᠲᠣᠳᠣᠷᠬᠠᠢ ᠲᠡᠮᠳᠡᠭᠯᠡᠭᠰᠡᠨ ᠪᠠᠢᠳᠠᠭ᠃ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠮᠠᠨᠵᠤ ᠶ᠋ᠢᠨ ᠡᠷᠬᠡᠰᠢᠶᠡᠯ ᠳ᠋ᠦ᠍ ᠣᠷᠣᠭᠰᠠᠨ ᠠ᠋ᠴᠠ ᠬᠣᠢᠰᠢ ᠴᠠᠭᠠᠨ ᠰᠦᠯᠳᠡ ᠨᠢ ᠬᠡᠳᠦᠢᠪᠡᠷ ᠲᠥᠷᠥ ᠶ᠋ᠢᠨ ᠰᠦᠯᠳᠡ ᠶ᠋ᠢᠨ ᠪᠠᠢᠷᠢ ᠰᠠᠭᠤᠷᠢ ᠪᠠᠨ ᠠᠯᠳᠠᠵᠤ᠂ ᠤᠯᠤᠰ ᠭᠦᠷᠦᠨ ᠤ ᠰᠣᠯᠢᠭᠳᠠᠯ ᠤ᠋ᠨ ᠴᠢᠩᠭ᠎ᠠ ᠨᠥᠯᠥᠭᠡ ᠶ᠋ᠢ ᠬᠦᠯᠢᠶᠡᠵᠦ ᠪᠠᠢᠭᠰᠠᠨ ᠪᠣᠯᠪᠠᠴᠤ ᠨᠢᠭᠡ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠤᠨ ᠬᠤᠪᠢ ᠪᠠᠷ ᠮᠣᠩᠭᠣᠯ ᠦᠨᠳᠦᠰᠦᠲᠡᠨ ᠪᠠ ᠳᠡᠯᠡᠬᠡᠢ ᠶ᠋ᠢᠨ ᠮᠣᠩᠭᠣᠯᠴᠤᠳ ᠤ᠋ᠨ ᠳᠤᠮᠳᠠ ᠮᠥᠨ ᠯᠡ ᠬᠦᠨᠳᠦᠯᠡᠭᠳᠡᠨ ᠰᠢᠲᠦᠭᠳᠡᠵᠦ ᠪᠠᠢᠭᠰᠠᠭᠠᠷ ᠪᠢᠯᠡ᠃ ᠳᠤᠷᠠᠳᠤᠭᠤᠰᠢᠲᠠᠢ ᠨᠢ ᠭᠡᠪᠡᠯ 1990 ᠣᠨ ᠳ᠋ᠤ᠌ ᠮᠣᠩᠭᠣᠯ ᠤᠯᠤᠰ ᠨᠢ ᠴᠠᠭᠠᠨ ᠲᠤᠭ ᠢ᠋ᠶ᠋ᠠᠨ ᠡᠷᠲᠡᠨ ᠤ ᠲᠥᠷᠥ ᠶ᠋ᠢᠨ ᠶᠣᠰᠣᠨ ᠤ᠋ ᠤᠯᠠᠮᠵᠢᠯᠠᠯ ᠳ᠋ᠤ᠌ ᠲᠤᠯᠭᠠᠭᠤᠷᠯᠠᠨ ᠰᠢᠨ᠎ᠡ ᠪᠡᠷ ᠪᠦᠲᠦᠭᠡᠵᠦ᠂ ᠡᠷᠬᠡ ᠵᠦᠢᠲᠦ ᠲᠥᠷᠥ ᠶ᠋ᠢᠨ ᠪᠡᠯᠭᠡᠳᠡᠯ ᠤᠨ ᠡᠳ᠋ ᠪᠣᠯᠭᠠᠭᠰᠠᠨ ᠪᠥᠭᠡᠳ ᠪᠠᠰᠠ ᠬᠠᠤᠯᠢ ᠪᠠᠷ ᠪᠠᠲᠤᠯᠠᠵᠠᠢ᠃ ᠴᠠᠭᠠᠨ ᠰᠦᠯᠳᠡ ᠳ᠋ᠦ᠍ ᠴᠠᠭᠠᠨ ᠰᠦᠯᠳᠡ (ᠲᠥᠪ ᠳᠤᠮᠳᠠ ᠨᠢ ᠪᠤᠰᠬᠠᠵᠤ ᠪᠠᠢᠳᠠᠭ ᠭᠠᠯ ᠤ᠋ᠨ ᠳᠥᠯᠥ ᠲᠡᠢ ᠴᠠᠭᠠᠨ ᠰᠦᠯᠳᠡ ᠶ᠋ᠢ ᠬᠡᠯᠡᠳᠡᠭ)᠂ ᠡᠯᠴᠢ ᠴᠠᠭᠠᠨ ᠰᠦᠯᠳᠡ (ᠲᠣᠭᠣᠷᠢᠭᠤᠯᠤᠨ ᠪᠣᠰᠬᠠᠭᠰᠠᠨ ᠨᠠᠢ᠍ᠮᠠᠨ ᠴᠠᠭᠠᠨ ᠰᠦᠯᠳᠡ ᠶ᠋ᠢ ᠬᠡᠯᠡᠳᠡᠭ)᠂ ᠶᠢᠰᠦᠨ ᠬᠥᠯᠲᠦ ᠴᠠᠭᠠᠨ ᠰᠦᠯᠳᠡ (ᠴᠠᠭᠠᠨ ᠰᠦᠯᠳᠡ ᠪᠠ ᠨᠠᠢ᠍ᠮᠠᠨ ᠡᠯᠴᠢ ᠴᠠᠭᠠᠨ ᠰᠦᠯᠳᠡ ᠪᠡᠷ ᠪᠦᠷᠢᠯᠳᠦᠭᠰᠡᠨ ᠴᠣᠭᠴᠠ ᠴᠠᠭᠠᠨ ᠰᠦᠯᠳᠡ ᠶ᠋ᠢ ᠬᠡᠯᠡᠳᠡᠭ) ᠭᠡᠰᠡᠨ ᠭᠤᠷᠪᠠᠨ ᠲᠥᠷᠥᠯ ᠪᠠᠢᠳᠠᠭ᠃ ᠪᠥᠬᠡ ᠮᠥᠷᠭᠥᠯ ᠤᠨ ᠨᠣᠮᠯᠠᠯ ᠳ᠋ᠤ᠌ ᠲᠡᠭᠷᠢ ᠶ᠋ᠢ ᠲᠠᠪᠢᠨ ᠲᠠᠪᠤᠨ ᠴᠠᠭᠠᠨ ᠲᠡᠭᠷᠢ᠂ ᠳᠥᠴᠢᠨ ᠳᠥᠷᠪᠡᠨ ᠬᠠᠷ᠎ᠠ ᠲᠡᠭᠷᠢ ᠭᠡᠮᠡᠨ ᠬᠣᠶᠠᠷ ᠬᠤᠪᠢᠶᠠᠵᠤ᠂ ᠴᠠᠭᠠᠨ ᠰᠦᠯᠳᠡ ᠶ᠋ᠢ ᠲᠠᠪᠢᠨ ᠲᠠᠪᠤᠨ ᠴᠠᠭᠠᠨ ᠲᠡᠭᠷᠢ ᠶ᠋ᠢᠨ ᠪᠦᠷᠢᠯᠸ᠎ᠠ ᠪᠠᠷ ᠦᠵᠡᠵᠦ᠂ ᠴᠠᠭᠠᠨ ᠰᠦᠯᠳᠡ ᠲᠡᠭᠷᠢ ᠭᠡᠵᠦ ᠳᠠᠭᠤᠳᠠᠭᠰᠠᠭᠠᠷ ᠢᠷᠡᠵᠡᠢ᠃
ᠬᠠᠷ᠎ᠠ ᠰᠦᠯᠳᠡ
ᠮᠣᠩᠭᠣᠯᠴᠤᠳ ᠠᠯᠢ ᠡᠷᠲᠡ ᠡᠴᠡ ᠲᠡᠭᠷᠢ ᠶ᠋ᠢᠨ ᠪᠦᠷᠢᠯᠸ᠎ᠠ᠂ ᠳᠠᠷᠤᠢ ᠬᠠᠷ᠎ᠠ ᠰᠦᠯᠳᠡ ᠶ᠋ᠢ ᠪᠦᠲᠦᠭᠡᠨ ᠰᠢᠲᠦᠵᠦ ᠪᠠᠢᠵᠠᠢ᠃《ᠬᠠᠷ᠎ᠠ ᠲᠤᠭ ᠨᠢ ᠡᠷᠲᠡᠨ ᠤᠵᠠᠭᠤᠷ ᠲᠠᠭᠠᠨ ᠠᠮᠢᠲᠠᠨ ᠤ ᠠᠷᠠᠰᠤ ᠪᠠᠷ ᠦᠢᠯᠡᠳᠦᠭᠰᠡᠨ ᠲᠤᠭ ᠰᠦᠯᠳᠡ ᠪᠠᠢᠭᠠᠳ ᠰᠡᠭᠦᠯᠡᠷ ᠨᠢ ᠬᠥᠭᠵᠢᠵᠦ᠂ ᠲᠡᠮᠦᠷ ᠬᠢᠯᠣᠪᠠᠷ ᠲᠠᠢ᠂ ᠬᠥᠬᠥᠯ ᠴᠢᠮᠡᠭ ᠲᠡᠢ᠂ ᠮᠤᠳᠤᠨ ᠡᠰᠢ ᠲᠡᠢ ᠪᠣᠯᠵᠤ ᠬᠤᠪᠢᠷᠠᠵᠠᠢ ᠁ ᠬᠠᠷ᠎ᠠ ᠰᠦᠯᠳᠡ ᠨᠢ ᠠᠯᠢ ᠦᠶ᠎ᠡ ᠶ᠋ᠢᠨ ᠡᠳ᠋ ᠪᠣᠯᠬᠤ ᠶ᠋ᠢ<ᠡᠵᠡᠨ ᠴᠢᠩᠭᠢᠰ ᠤᠨ ᠰᠢᠲᠦᠭᠰᠡᠨ ᠠᠯᠲᠠᠨ ᠰᠦᠯᠳᠡ ᠶ᠋ᠢᠨ ᠰᠤᠳᠤᠷ> ᠲᠤ᠌ <ᠪᠣᠭᠳᠠ ᠴᠢᠩᠭᠢᠰ ᠬᠠᠭᠠᠨ ᠢ᠋ᠶ᠋ᠠᠷ ᠡᠷᠲᠡᠨ ᠤᠷᠢᠳᠤ ᠶᠡᠬᠡ ᠪᠠᠭ᠎ᠠ ᠮᠣᠩᠭᠣᠯ ᠤ᠋ᠨ ᠦᠶ᠎ᠡ ᠶ᠋ᠢᠨ ᠵᠠᠯᠭᠠᠮᠵᠢᠯᠠᠨ ᠳᠠᠬᠢᠨ ᠰᠢᠲᠦᠭᠰᠡᠨ ᠠᠯᠲᠠᠨ ᠬᠠᠷ᠎ᠠ ᠰᠦᠯᠳᠡ ᠭᠡᠮᠡᠨ ᠲᠣᠳᠣᠷᠬᠠᠢ ᠪᠢᠴᠢᠵᠦ ᠪᠣᠢ>》④᠃ ᠡᠨᠳᠡ ᠬᠡᠯᠡᠵᠦ ᠪᠠᠢᠭ᠎ᠠ《ᠶᠡᠬᠡ ᠪᠠᠭ᠎ᠠ ᠮᠣᠩᠭᠣᠯ ᠤ᠋ᠨ ᠦᠶ᠎ᠡ》 ᠪᠣᠯ ᠳᠠᠷᠤᠢ 10 ᠳ᠋ᠤᠭᠠᠷ ᠵᠠᠭᠤᠨ ᠤ᠋ ᠦᠶ᠎ᠡ ᠪᠣᠯᠤᠨ᠎ᠠ᠃ ᠴᠢᠩᠭᠢᠰ ᠬᠠᠭᠠᠨ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢ ᠪᠠᠢᠭᠤᠯᠬᠤ ᠳ᠋ᠤ᠌ (1206 ᠣᠨ) ᠬᠠᠷ᠎ᠠ ᠰᠦᠯᠳᠡ ᠪᠡᠨ ᠴᠡᠷᠢᠭ ᠲᠡᠢᠨ ᠳᠡᠭᠡᠷ᠎ᠡ ᠳᠡᠭᠡᠳᠦᠯᠡᠨ ᠬᠡᠷᠡᠭᠯᠡᠵᠡᠢ᠃ ᠶᠤᠸᠠᠨ ᠤᠯᠤᠰ ᠤ᠋ᠨ ᠦᠶ᠎ᠡ ᠳ᠋ᠦ᠍ ᠲᠡᠭᠦᠨ ᠢ᠋ 《ᠳᠥᠷᠪᠡᠨ ᠲᠥᠷᠥ ᠶ᠋ᠢᠨ ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》 ᠭᠡᠰᠡᠨ ᠲᠡᠦᠬᠡᠲᠦ ᠳᠤᠷᠠᠰᠬᠠᠯ ᠤ᠋ᠨ ᠪᠢᠴᠢᠭ ᠲᠡᠭᠡᠨ 《ᠬᠠᠭᠠᠨ ᠲᠥᠷᠥ ᠶ᠋ᠢᠨ ᠶᠢᠰᠦᠨ ᠪᠡᠯᠭᠡ ᠶ᠋ᠢᠨ ᠨᠢᠭᠡ ᠪᠡᠯᠭᠡ》 ᠭᠡᠵᠦ ᠪᠢᠴᠢᠵᠦ ᠣᠷᠣᠭᠤᠯᠵᠠᠢ᠃ ᠮᠣᠩᠭᠣᠯ ᠤᠨ ᠨᠢᠭᠡᠳᠦᠭᠰᠡᠨ ᠲᠤᠯᠭᠤᠷ ᠲᠥᠷᠥ ᠮᠠᠨᠵᠤ ᠶ᠋ᠢᠨ ᠡᠷᠬᠡᠰᠢᠶᠡᠯ ᠳ᠋ᠦ᠍ ᠣᠷᠣᠭᠰᠠᠨ ᠠ᠋ᠴᠠ ᠬᠣᠢᠰᠢ᠂ ᠬᠠᠷ᠎ᠠ ᠰᠦᠯᠳᠡ ᠨᠢ ᠬᠡᠳᠦᠢᠪᠡᠷ ᠤᠯᠤᠰ ᠭᠦᠷᠦᠨ ᠤ ᠡᠭᠡᠯᠵᠢᠯᠡᠯᠲᠡ ᠶ᠋ᠢᠨ ᠬᠠᠲᠠᠭᠤ ᠨᠥᠯᠥᠭᠡ ᠶ᠋ᠢ ᠬᠦᠯᠢᠶᠡᠵᠦ ᠪᠠᠢᠭᠰᠠᠨ ᠪᠣᠯᠪᠠᠴᠤ ᠨᠢᠭᠡ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠤᠨ ᠬᠤᠪᠢ ᠪᠠᠷ ᠮᠣᠩᠭᠣᠯ ᠦᠨᠳᠦᠰᠦᠲᠡᠨ ᠪᠠ ᠳᠡᠯᠡᠬᠡᠢ ᠶ᠋ᠢᠨ ᠮᠣᠩᠭᠣᠯᠴᠤᠳ ᠤ᠋ᠨ ᠳᠤᠮᠳᠠ ᠮᠥᠨ ᠯᠡ ᠬᠦᠨᠳᠦᠯᠡᠭᠳᠡᠨ ᠰᠢᠲᠦᠭᠳᠡᠭᠰᠡᠭᠡᠷ᠃ ᠨᠡᠩ ᠳᠤᠷᠠᠳᠤᠭᠤᠰᠢᠲᠠᠢ ᠨᠢ ᠭᠡᠪᠡᠯ ᠮᠣᠩᠭᠣᠯ ᠤᠯᠤᠰ ᠨᠢ ᠲᠡᠭᠦᠨ ᠢ᠋ ᠶᠢᠰᠦᠨ ᠪᠡᠯᠭᠡᠳᠡᠯ ᠤᠨ ᠨᠢᠭᠡ ᠪᠡᠷ ᠬᠢᠴᠢᠶᠡᠩᠭᠦᠢᠯᠡᠨ ᠬᠦᠨᠳᠦᠯᠡᠵᠦ ᠪᠣᠢ᠃ ᠬᠠᠷ᠎ᠠ ᠰᠦᠯᠳᠡ ᠳ᠋ᠦ᠍ ᠬᠠᠷ᠎ᠠ ᠰᠦᠯᠳᠡ (ᠲᠥᠪ ᠳᠤᠮᠳᠠ ᠨᠢ ᠪᠣᠰᠬᠠᠵᠤ ᠪᠠᠢᠳᠠᠭ ᠬᠠᠷ᠎ᠠ ᠰᠦᠯᠳᠡ ᠶ᠋ᠢ ᠬᠡᠯᠡᠳᠡᠭ)᠂ ᠡᠯᠴᠢ ᠬᠠᠷ᠎ᠠ ᠰᠦᠯᠳᠡ (ᠳᠥᠷᠪᠡᠨ ᠲᠠᠯ᠎ᠠ ᠳ᠋ᠤ᠌ ᠨᠢ ᠪᠣᠰᠬᠠᠭᠰᠠᠨ ᠬᠠᠷ᠎ᠠ ᠰᠦᠯᠳᠡ ᠶ᠋ᠢ ᠬᠡᠯᠡᠳᠡᠭ)᠂ ᠲᠠᠪᠤᠨ ᠬᠥᠯᠲᠦ ᠬᠠᠷ᠎ᠠ ᠰᠦᠯᠳᠡ(ᠬᠠᠷ᠎ᠠ ᠰᠦᠯᠳᠡ ᠪᠠ ᠳᠥᠷᠪᠡᠨ ᠡᠯᠴᠢ ᠬᠠᠷ᠎ᠠ ᠰᠦᠯᠳᠡ ᠪᠡᠷ ᠪᠦᠷᠢᠯᠳᠦᠭᠰᠡᠨ ᠴᠣᠭᠴᠠ ᠬᠠᠷ᠎ᠠ ᠰᠦᠯᠳᠡ ᠶ᠋ᠢ ᠬᠡᠯᠡᠳᠡᠭ᠂ ᠵᠠᠷᠢᠮ ᠨᠣᠮ ᠪᠢᠴᠢᠭ ᠲᠦ᠍ ᠳᠥᠷᠪᠡᠨ ᠬᠥᠯᠲᠦ ᠬᠠᠷ᠎ᠠ ᠰᠦᠯᠳᠡ ᠭᠡᠳᠡᠭ ᠨᠢ ᠲᠡᠭᠦᠨ ᠤ ᠡᠯᠴᠢ ᠰᠦᠯᠳᠡ ᠶ᠋ᠢᠨ ᠲᠣᠭ᠎ᠠ ᠪᠠᠷ ᠨᠡᠷᠡᠯᠡᠭᠰᠡᠨ ᠶᠠᠪᠤᠳᠠᠯ ᠪᠣᠯᠤᠨ᠎ᠠ) ᠭᠡᠰᠡᠨ ᠭᠤᠷᠪᠠᠨ ᠲᠥᠷᠥᠯ ᠪᠠᠢᠳᠠᠭ᠃ ᠪᠥᠬᠡ ᠮᠥᠷᠭᠥᠯ ᠤᠨ ᠨᠣᠮᠯᠠᠯ ᠳ᠋ᠤ᠌ ᠬᠠᠷ᠎ᠠ ᠰᠦᠯᠳᠡ ᠶ᠋ᠢ ᠳᠥᠴᠢᠨ ᠳᠥᠷᠪᠡᠨ ᠬᠠᠷ᠎ᠠ ᠲᠡᠭᠷᠢ ᠶ᠋ᠢᠨ ᠪᠦᠷᠢᠯᠸ᠎ᠠ ᠪᠠᠷ ᠦᠵᠡᠵᠦ᠂ ᠬᠠᠷ᠎ᠠ ᠰᠦᠯᠳᠡ ᠲᠡᠭᠷᠢ ᠭᠡᠵᠦ ᠳᠠᠭᠤᠳᠠᠭᠰᠠᠭᠠᠷ ᠢᠷᠡᠵᠡᠢ᠃
ᠠᠯᠠᠭ ᠰᠦᠯᠳᠡ
《ᠮᠣᠩᠭᠣᠯ ᠤ᠋ᠨ ᠨᠢᠭᠤᠴᠠ ᠲᠣᠪᠴᠢᠶᠠᠨ》 ᠳ᠋ᠠᠬᠢ 《ᠪᠤᠳᠠᠨᠴᠠᠷ ᠪᠣᠷᠵᠢᠭᠢᠨ ᠣᠪᠣᠭᠲᠠᠨ ᠪᠣᠯᠪᠠ》 ᠭᠡᠰᠡᠨ ᠲᠡᠮᠳᠡᠭᠯᠡᠯ ᠢ᠋ 《ᠠᠯᠠᠭ ᠰᠦᠯᠳᠡ ᠶ᠋ᠢᠨ ᠥᠴᠢᠭ》 ᠳᠠᠬᠢ 《ᠳᠡᠭᠡᠷ᠎ᠡ ᠭᠤᠴᠢᠨ ᠭᠤᠷᠪᠠᠨ ᠲᠡᠭᠷᠢ ᠶ᠋ᠢᠨ \ ᠵᠠᠶᠠᠭᠠᠪᠠᠷ ᠡᠭᠦᠳᠦᠭᠰᠡᠨ \ ᠬᠣᠶᠠᠷ ᠶᠡᠬᠡ ᠲᠡᠷᠢᠭᠦᠲᠦ \ ᠦᠯᠢᠭᠡᠷ ᠢ᠋ᠶ᠋ᠡᠷ ᠪᠤᠰᠬᠠᠭᠰᠠᠨ \ ᠪᠤᠳᠠᠨᠴᠠᠷ ᠰᠡᠴᠡᠨ ᠬᠠᠭᠠᠨ ᠢ᠋ᠶ᠋ᠠᠷ \ ᠡᠭᠦᠳᠦᠭᠰᠡᠨ ᠪᠣᠭᠲᠣ ᠶ᠋ᠢᠨ ᠰᠦᠯᠳᠡ \ ᠪᠣᠷᠵᠢᠭᠢᠨ ᠲᠡᠮᠳᠡᠭ》 ᠭᠡᠰᠡᠨ ᠲᠡᠮᠳᠡᠭᠯᠡᠯ ᠲᠡᠢ ᠬᠣᠯᠪᠣᠭᠳᠠᠭᠤᠯᠤᠨ ᠦᠵᠡᠪᠡᠯ ᠠᠷᠪᠠᠨ ᠨᠢᠭᠡᠳᠦᠭᠡᠷ ᠵᠠᠭᠤᠨ ᠤ᠋ ᠦᠶ᠎ᠡ ᠳ᠋ᠦ᠍ ᠪᠣᠷᠵᠢᠭᠢᠨ ᠮᠣᠩᠭᠣᠯᠴᠤᠳ ᠳᠣᠬᠢᠭᠤᠷ ᠳᠣᠯᠣᠭᠠᠨ ᠤᠳᠤᠨ(ᠪᠥᠬᠡ ᠮᠥᠷᠭᠥᠯ ᠤᠨ ᠨᠣᠮᠯᠠᠯ ᠳ᠋ᠤ᠌ ᠳᠡᠭᠡᠷ᠎ᠡ ᠭᠤᠴᠢᠨ ᠭᠤᠷᠪᠠᠨ ᠲᠡᠭᠷᠢ ᠶ᠋ᠢᠨ ᠨᠢᠭᠡ ᠨᠢ ᠭᠡᠵᠦ ᠬᠡᠯᠡᠳᠡᠭ) ᠤ ᠪᠦᠷᠢᠯᠸ᠎ᠠ ᠪᠠᠷ ᠣᠪᠣᠭ ᠤᠭᠰᠠᠭ᠎ᠠ ᠳ᠋ᠠᠭᠠᠨ ᠪᠣᠷᠵᠢᠭᠢᠨ ᠲᠡᠮᠳᠡᠭᠲᠦ ᠠᠯᠠᠭ ᠰᠦᠯᠳᠡ ᠶ᠋ᠢ ᠡᠭᠦᠳᠦᠨ ᠪᠦᠲᠦᠭᠡᠵᠡᠢ ᠭᠡᠵᠦ ᠮᠠᠭᠠᠳᠯᠠᠨ ᠮᠡᠳᠡᠵᠦ ᠪᠣᠯᠤᠨ᠎ᠠ᠃《ᠮᠣᠩᠭᠣᠯ ᠤ᠋ᠨ ᠨᠢᠭᠤᠴᠠ ᠲᠣᠪᠴᠢᠶᠠᠨ》 ᠳ᠋ᠠᠬᠢ ᠵᠠᠮᠤᠬ᠎ᠠ ᠸᠠᠩ ᠬᠠᠨ ᠢ᠋ ᠠᠶᠤᠯᠭᠠᠵᠤ ᠬᠡᠯᠡᠭᠰᠡᠨ 《ᠠᠯᠠᠭ ᠲᠤᠭ ᠲᠤ᠌᠂ ᠬᠠᠷ᠎ᠠ ᠲᠤᠭ ᠲᠤ᠌ ᠲᠡᠳᠡᠨ ᠡᠴᠡ ᠠᠮᠢ ᠪᠠᠨ ᠬᠢᠴᠢᠶᠡᠲᠦᠭᠡᠢ》 ᠭᠡᠰᠡᠨ ᠲᠡᠮᠳᠡᠭᠯᠡᠯ ᠡᠴᠡ ᠦᠵᠡᠪᠡᠯ ᠴᠢᠩᠭᠢᠰ ᠬᠠᠭᠠᠨ ᠮᠣᠩᠭᠣᠯ ᠤ᠋ᠨ ᠨᠢᠭᠡᠳᠦᠭᠰᠡᠨ ᠲᠥᠷᠥ ᠶ᠋ᠢ ᠪᠠᠢᠭᠤᠯᠬᠤ ᠠ᠋ᠴᠠ ᠡᠮᠦᠨ᠎ᠡ᠂ ᠠᠯᠠᠭ ᠲᠤᠭ ᠢ᠋ ᠪᠠᠰᠠ ᠬᠠᠷ᠎ᠠ ᠲᠤᠭ ᠲᠠᠢ ᠠᠳᠠᠯᠢ ᠪᠠᠷ ᠲᠡᠢᠨ ᠪᠠᠢᠯᠳᠤᠭᠠᠨ ᠳᠡᠭᠡᠷ᠎ᠡ ᠬᠡᠷᠡᠭᠯᠡᠵᠦ ᠪᠠᠢᠵᠠᠢ᠃《ᠲᠢᠶᠧ ᠹᠠᠨ ᠭᠠᠨ》 ᠢ᠋ ᠮᠣᠩᠭᠣᠯᠴᠤᠳ ᠤᠨ ᠠᠯᠠᠭ ᠰᠦᠯᠳᠡ ᠭᠡᠵᠦ ᠮᠠᠭᠠᠳᠯᠠᠭᠰᠠᠨ ᠦᠷ᠎ᠡ ᠳ᠋ᠦᠩ ᠡᠴᠡ ᠦᠵᠡᠪᠡᠯ ᠬᠤᠪᠢᠯᠠᠢ ᠰᠡᠴᠡᠨ ᠬᠠᠭᠠᠨ ᠰᠢᠨ᠎ᠡ ᠬᠣᠲᠠ ᠶ᠋ᠢ ᠡᠬᠢᠯᠡᠨ ᠪᠠᠢᠭᠤᠯᠬᠤ ᠦᠶ᠎ᠡ᠂ ᠳᠠᠷᠤᠢ 1256 ᠣᠨ ᠳ᠋ᠤ᠌ ᠠᠯᠠᠭ ᠰᠦᠯᠳᠡ ᠶ᠋ᠢ ᠶᠤᠸᠠᠨ ᠤ᠋ ᠳᠡᠭᠡᠳᠦ ᠨᠡᠢᠰᠯᠡᠯ ᠤᠨ ᠪᠠᠷᠠᠭᠤᠨ ᠬᠣᠢᠨ᠎ᠠ ᠠᠭᠤᠯᠠᠨ ᠳᠡᠭᠡᠷ᠎ᠡ ᠪᠣᠰᠬᠠᠵᠤ ᠪᠠᠢᠵᠠᠢ᠃ ᠶᠤᠸᠠᠨ ᠤᠯᠤᠰ ᠤ᠋ᠨ ᠬᠢᠲᠠᠳ ᠪᠢᠴᠢᠭᠲᠡᠨ ᠠᠯᠠᠭ ᠰᠦᠯᠳᠡ ᠶ᠋ᠢ ᠪᠢᠰᠢᠷᠡᠨ ᠲᠡᠭᠦᠨ ᠤ ᠬᠤᠪᠢᠯᠭᠠᠨ ᠬᠦᠴᠦ ᠶ᠋ᠢ 《ᠠᠯᠠᠭ ᠰᠦᠯᠳᠡ ᠰᠡᠬᠦᠢᠨ ᠰᠦᠨᠳᠡᠷᠯᠡᠭᠡᠳ ᠳᠠᠯᠠᠢ ᠶ᠋ᠢᠨ ᠤᠰᠤ ᠶ᠋ᠢ ᠰᠢᠷᠭᠢᠭᠡᠬᠦᠶᠡ᠂ ᠠᠶᠤᠯᠲᠤ ᠯᠤᠤ ᠨᠢᠰᠦᠨ ᠤᠳᠤᠭᠠᠳ ᠣᠭᠲᠠᠷᠭᠤᠢ ᠶ᠋ᠢᠨ ᠭᠦᠨ᠎ᠡ ᠪᠠᠯᠠᠷᠠᠵᠤᠬᠤᠢ》⑤ ᠭᠡᠵᠦ ᠤᠶᠠᠩᠭᠠᠯᠠᠨ ᠰᠢᠯᠦᠭᠯᠡᠭᠰᠡᠨ ᠪᠠᠢᠳᠠᠭ᠃ ᠪᠠᠰᠠ ᠶᠤᠸᠠᠨ ᠤᠯᠤᠰ ᠤ᠋ᠨ ᠬᠥᠮᠦᠨ ᠠᠯᠠᠭ ᠰᠦᠯᠳᠡ ᠶ᠋ᠢ ᠲᠠᠬᠢᠵᠤ ᠪᠠᠢᠵᠠᠢ᠃ ᠡᠭᠦᠨ ᠢ᠋ ᠲᠠᠬᠢᠯᠭ᠎ᠠ ᠳ᠋ᠤ᠌ ᠣᠷᠣᠯᠴᠠᠭᠰᠠᠨ ᠬᠢᠲᠠᠳ ᠪᠢᠴᠢᠭᠲᠡᠨ ᠲᠤᠬᠠᠢ ᠶ᠋ᠢᠨ ᠲᠠᠬᠢᠯᠭ᠎ᠠ ᠶ᠋ᠢ 《ᠠᠯᠠᠭ ᠰᠦᠯᠳᠡ ᠶ᠋ᠢᠨ ᠲᠠᠬᠢᠯᠭ᠎ᠠ ᠶ᠋ᠢᠨ ᠰᠢᠷᠡᠭᠡᠨ᠎ᠡ ᠵᠤᠯᠠ ᠶ᠋ᠢᠨ ᠭᠡᠷᠡᠯ ᠰᠠᠴᠤᠷᠠᠬᠤᠶ᠎ᠠ᠂ ᠨᠣᠮ ᠤ᠋ᠨ ᠳᠡᠪᠡᠯᠲᠦ ᠭᠡᠭᠡᠨ ᠯᠠᠮᠠ ᠰᠥᠨᠢ ᠲᠤᠵᠢ ᠲᠠᠷᠨᠢᠳᠠᠮᠤᠢ᠃ ᠰᠡᠴᠡᠨ ᠮᠡᠷᠭᠡᠨ ᠬᠠᠭᠠᠨ ᠤ᠋ ᠤᠭᠰᠠᠭᠠᠲᠠᠨ ᠬᠡᠰᠢᠭ ᠤᠨ ᠳᠠᠢᠯᠠᠯᠭ᠎ᠠ ᠬᠠᠢᠷᠠᠯᠠᠬᠤᠶ᠎ᠠ᠂ ᠰᠡᠷᠢᠭᠦᠨ ᠨᠠᠮᠤᠷ ᠤ᠋ᠨ ᠲᠤᠨᠤᠷᠠᠭᠰᠠᠨ ᠡᠭᠦᠯᠡ ᠦᠷ ᠤᠨ ᠭᠡᠭᠡ ᠶ᠋ᠢ ᠮᠡᠳᠡᠭᠡᠯᠡᠮᠦᠢ》⑥ ᠭᠡᠵᠦ ᠤᠶᠠᠩᠭᠠᠯᠠᠨ ᠰᠢᠯᠦᠭᠯᠡᠭᠰᠡᠨ ᠡᠴᠡ ᠨᠢ ᠮᠡᠳᠡᠵᠦ ᠪᠣᠯᠤᠨ᠎ᠠ᠃ ᠠᠯᠠᠭ ᠰᠦᠯᠳᠡ ᠨᠢ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠮᠠᠨᠵᠤ ᠶ᠋ᠢᠨ ᠡᠷᠬᠡᠰᠢᠶᠡᠯ ᠳ᠋ᠦ᠍ ᠣᠷᠣᠭᠰᠠᠨ ᠠ᠋ᠴᠠ ᠬᠣᠢᠰᠢ᠂ ᠬᠡᠳᠦᠢᠪᠡᠷ ᠭᠦᠷᠦᠨ ᠲᠥᠷᠥ ᠶ᠋ᠢᠨ ᠰᠣᠯᠢᠭᠳᠠᠯ ᠤ᠋ᠨ ᠴᠢᠩᠭ᠎ᠠ ᠨᠥᠯᠥᠭᠡ ᠶ᠋ᠢ ᠬᠦᠯᠢᠶᠡᠵᠦ ᠪᠠᠢᠭᠰᠠᠨ ᠪᠣᠯᠪᠠᠴᠤ ᠨᠢᠭᠡ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠤᠨ ᠬᠤᠪᠢ ᠪᠠᠷ ᠮᠣᠩᠭᠣᠯᠴᠤᠳ ᠤ᠋ᠨ ᠳᠤᠮᠳᠠ ᠮᠥᠨ ᠯᠡ ᠬᠦᠨᠳᠦᠯᠡᠭᠳᠡᠨ ᠰᠢᠲᠦᠭᠳᠡᠭᠰᠡᠭᠡᠷ ᠪᠠᠢᠨ᠎ᠠ᠃ ᠠᠯᠠᠭ ᠰᠦᠯᠳᠡ ᠳ᠋ᠦ᠍ ᠠᠯᠠᠭ ᠰᠦᠯᠳᠡ (ᠲᠥᠪ ᠳᠤᠮᠳᠠ ᠨᠢ ᠪᠣᠰᠬᠠᠵᠤ ᠪᠠᠢᠳᠠᠭ ᠠᠯᠠᠭ ᠰᠦᠯᠳᠡ ᠶ᠋ᠢ ᠬᠡᠯᠡᠳᠡᠭ)᠂ ᠡᠯᠴᠢ ᠠᠯᠠᠭ ᠰᠦᠯᠳᠡ (ᠳᠥᠷᠪᠡᠨ ᠲᠠᠯ᠎ᠠ ᠳ᠋ᠤ᠌ ᠨᠢ ᠪᠣᠰᠬᠠᠭᠰᠠᠨ ᠠᠯᠠᠭ ᠰᠦᠯᠳᠡ ᠶ᠋ᠢ ᠬᠡᠯᠡᠳᠡᠭ)᠂ ᠲᠠᠪᠤᠨ ᠬᠥᠯᠲᠦ ᠠᠯᠠᠭ ᠰᠦᠯᠳᠡ (ᠠᠯᠠᠭ ᠰᠦᠯᠳᠡ ᠪᠠ ᠳᠥᠷᠪᠡᠨ ᠡᠯᠴᠢ ᠠᠯᠠᠭ ᠰᠦᠯᠳᠡ ᠪᠡᠷ ᠪᠦᠷᠢᠯᠳᠦᠭᠰᠡᠨ ᠴᠣᠭᠴᠠ ᠠᠯᠠᠭ ᠰᠦᠯᠳᠡ ᠶ᠋ᠢ ᠬᠡᠯᠡᠳᠡᠭ᠂ ᠵᠠᠷᠢᠮ ᠨᠣᠮ ᠪᠢᠴᠢᠭ ᠲᠦ᠍ ᠪᠠᠰᠠ ᠳᠥᠷᠪᠡᠨ ᠬᠥᠯᠲᠦ ᠠᠯᠠᠭ ᠰᠦᠯᠳᠡ ᠭᠡᠳᠡᠭ᠃ ᠡᠨᠡ ᠨᠢ ᠡᠯᠴᠢ ᠰᠦᠯᠳᠡ ᠶ᠋ᠢᠨ ᠲᠣᠭ᠎ᠠ ᠪᠠᠷ ᠨᠡᠷᠡᠯᠡᠭᠰᠡᠨ ᠶᠠᠪᠤᠳᠠᠯ ᠪᠣᠯᠤᠨ᠎ᠠ) ᠭᠡᠰᠡᠨ ᠭᠤᠷᠪᠠᠨ ᠲᠥᠷᠥᠯ ᠪᠠᠢᠳᠠᠭ᠃
ᠬᠣᠶᠠᠷ᠂ ᠰᠦᠯᠳᠡ ᠶ᠋ᠢᠨ ᠰᠣᠶᠣᠯ ᠤ᠋ᠨ ᠠᠭᠤᠯᠤᠭᠳᠠᠬᠤᠨ
ᠰᠤᠳᠤᠯᠭᠠᠨ ᠤ᠋ ᠮᠠᠲ᠋ᠧᠷᠢᠶᠠᠯ ᠠ᠋ᠴᠠ ᠦᠵᠡᠪᠡᠯ ᠰᠦᠯᠳᠡ ᠶ᠋ᠢᠨ ᠰᠣᠶᠣᠯ ᠤ᠋ᠨ ᠠᠭᠤᠯᠤᠭᠳᠠᠬᠤᠨ ᠨᠢ ᠲᠡᠦᠬᠡ ᠶ᠋ᠢᠨ ᠤᠷᠲᠤ ᠤᠳᠠᠭᠠᠨ ᠶᠠᠪᠤᠴᠠ ᠳᠤᠮᠳᠠ ᠭᠣᠣᠯᠳᠠᠭᠤ ᠦᠢᠯᠡᠳᠬᠦ᠂ ᠪᠡᠯᠭᠡᠳᠡᠯ ᠤᠨ ᠡᠳ᠋ ᠢ᠋ᠶ᠋ᠡᠷ ᠬᠡᠷᠡᠭᠯᠡᠬᠦ᠂ ᠱᠠᠰᠢᠨ ᠰᠤᠷᠲᠠᠬᠤᠨ ᠵᠡᠷᠭᠡ ᠭᠤᠷᠪᠠᠨ ᠲᠠᠯ᠎ᠠ ᠪᠠᠷ ᠪᠠᠶᠠᠯᠢᠭᠵᠢᠭᠰᠠᠨ ᠶᠤᠮ᠃ ᠰᠦᠯᠳᠡ ᠶ᠋ᠢ ᠦᠢᠯᠡᠳᠬᠦ ᠨᠢ ᠰᠦᠯᠳᠡ ᠶ᠋ᠢ ᠳᠡᠭᠡᠳᠦᠯᠡᠨ ᠰᠢᠲᠦᠬᠦ ᠬᠡᠷᠡᠭᠴᠡᠭᠡ ᠶᠢ ᠬᠠᠩᠭᠠᠳᠠᠭ᠂ ᠰᠦᠯᠳᠡ ᠶ᠋ᠢ ᠪᠡᠯᠭᠡᠳᠡᠯ ᠤᠨ ᠡᠳ᠋ ᠢ᠋ᠶ᠋ᠡᠷ ᠬᠡᠷᠡᠭᠯᠡᠬᠦ ᠪᠠ ᠰᠦᠯᠳᠡ ᠳ᠋ᠦ᠍ ᠳᠠᠭᠠᠳᠬᠠᠯ ᠬᠢᠬᠦ ᠨᠢ ᠪᠦᠷ ᠰᠦᠯᠳᠡ ᠶ᠋ᠢ ᠳᠡᠭᠡᠳᠦᠯᠡᠨ ᠰᠢᠲᠦᠬᠦ ᠶ᠋ᠢᠨ ᠢᠯᠡᠷᠡᠭᠰᠡᠨ ᠬᠡᠯᠪᠡᠷᠢ ᠪᠣᠯᠬᠤ ᠶᠤᠮ᠂ ᠭᠡᠪᠡᠴᠦ ᠡᠨᠡ ᠬᠣᠶᠠᠷ ᠬᠡᠯᠪᠡᠷᠢ ᠶ᠋ᠢᠨ ᠰᠣᠶᠣᠯ ᠤ᠋ᠨ ᠠᠭᠤᠯᠤᠭᠳᠠᠬᠤᠨ ᠨᠢ ᠬᠠᠷᠢᠨ ᠬᠠᠷᠢᠯᠴᠠᠨ ᠠᠳᠠᠯᠢ ᠦᠭᠡᠢ ᠪᠠᠢᠳᠠᠭ᠃ ᠤᠴᠢᠷ ᠨᠢ ᠪᠡᠯᠭᠡᠳᠡᠯ ᠤᠨ ᠰᠣᠶᠣᠯ ᠨᠢ ᠱᠠᠰᠢᠨ ᠰᠤᠷᠲᠠᠬᠤᠨ ᠰᠣᠶᠣᠯ ᠠ᠋ᠴᠠ ᠤᠯᠠᠷᠢᠨ ᠭᠠᠷᠤᠭᠰᠠᠨ ᠮᠥᠷᠲᠡᠭᠡᠨ ᠪᠠᠰᠠ ᠨᠢᠭᠡ ᠣᠨᠴᠠᠯᠢᠭ ᠪᠦᠬᠦᠢ ᠰᠣᠶᠣᠯ ᠪᠣᠯᠤᠨ᠎ᠠ᠃
ᠰᠦᠯᠳᠡ ᠶ᠋ᠢᠨ ᠤᠯᠠᠮᠵᠢᠯᠠᠯᠲᠤ ᠦᠢᠯᠡᠳᠬᠦ ᠰᠣᠶᠣᠯ
ᠡᠷᠲᠡᠨ ᠤ ᠴᠠᠭ ᠲᠤ᠌ ᠭᠠᠭᠴᠠᠬᠠᠨ 《ᠬᠢᠮᠡᠯ ᠰᠦᠯᠳᠡ》 ᠶ᠋ᠢ ᠦᠢᠯᠡᠳᠴᠦ᠂ ᠣᠳᠣ ᠦᠶ᠎ᠡ ᠪᠣᠯᠬᠤ ᠳ᠋ᠤ᠌ ᠪᠠᠰᠠ 《ᠵᠢᠷᠤᠮᠠᠯ ᠰᠦᠯᠳᠡ》᠂ 《ᠱᠤᠭᠤᠮᠠᠯ ᠰᠦᠯᠳᠡ》᠂ 《ᠴᠢᠳᠬᠤᠮᠠᠯ ᠰᠦᠯᠳᠡ》 ᠭᠠᠷᠴᠠᠢ᠃ ᠠᠯᠢ ᠵᠦᠢᠯ ᠤᠨ ᠰᠦᠯᠳᠡ ᠶ᠋ᠢ ᠶᠠᠭᠠᠬᠢᠵᠤ ᠦᠢᠯᠡᠳᠦᠭᠰᠡᠨ ᠴᠦ᠍ ᠵᠠᠪᠠᠯ ᠲᠡᠭᠦᠨ ᠤ ᠣᠭ ᠰᠣᠶᠣᠯ ᠤ᠋ᠨ ᠠᠭᠤᠯᠤᠭᠳᠠᠬᠤᠨ ᠢ᠋ ᠪᠠᠲᠤᠯᠠᠬᠤ ᠬᠡᠷᠡᠭᠲᠡᠢ ᠪᠠᠢᠳᠠᠭ᠃ ᠭᠠᠭᠴᠠ 《ᠬᠢᠮᠡᠯ ᠰᠦᠯᠳᠡ》 ᠶ᠋ᠢ ᠦᠢᠯᠡᠳᠬᠦ ᠪᠡᠷ ᠠᠪᠴᠤ ᠬᠡᠯᠡᠪᠡᠯ ᠰᠦᠯᠳᠡ ᠶ᠋ᠢᠨ ᠬᠢᠯᠤᠪᠠᠷ ᠪᠠ ᠴᠠᠷ᠎ᠠ ᠶ᠋ᠢ ᠦᠢᠯᠡᠳᠬᠦ᠂ ᠬᠥᠬᠥᠯ ᠢ᠋ ᠬᠥᠮᠦᠵᠢᠭᠦᠯᠬᠦ ᠪᠠ ᠬᠠᠢᠴᠢᠯᠠᠨ ᠠᠪᠬᠤ᠂ ᠰᠢᠯᠪᠢ ᠮᠣᠳᠣ ᠶ᠋ᠢ ᠣᠭᠲᠣᠯᠬᠤ ᠪᠠ ᠪᠣᠯᠪᠠᠰᠤᠷᠠᠭᠤᠯᠬᠤ ᠵᠢᠴᠢ ᠡᠳᠡᠭᠡᠷ ᠪᠦᠲᠦᠴᠡ ᠡᠳ᠋ ᠢ᠋ ᠨᠡᠢᠯᠡᠭᠦᠯᠦᠨ ᠬᠢᠮᠡᠯ ᠲᠤᠭ ᠪᠣᠯᠭᠠᠨ ᠪᠦᠲᠦᠭᠡᠬᠦ ᠳ᠋ᠦ᠍ ᠪᠦᠷ ᠡᠯᠪᠡᠭ ᠪᠠᠶᠠᠯᠢᠭ ᠰᠣᠶᠣᠯ ᠤ᠋ᠨ ᠠᠭᠤᠯᠤᠭᠳᠠᠬᠤᠨ ᠲᠠᠢ ᠪᠠᠢᠳᠠᠭ᠃ ᠡᠨᠡ ᠪᠣᠯ ᠳᠠᠷᠤᠢ ᠰᠦᠯᠳᠡ ᠶ᠋ᠢᠨ ᠤᠯᠠᠮᠵᠢᠯᠠᠯᠲᠤ ᠦᠢᠯᠡᠳᠬᠦ ᠰᠣᠶᠣᠯ ᠮᠥᠨ᠃ ᠰᠦᠯᠳᠡ ᠶ᠋ᠢ ᠳᠠᠭᠤᠷᠢᠶᠠᠨ ᠦᠢᠯᠡᠳᠬᠦ ᠨᠢ ᠤᠯᠠᠮ ᠠ᠋ᠴᠠ ᠤᠯᠠᠮ ᠨᠠᠷᠢᠯᠢᠭ ᠰᠠᠢᠬᠠᠨ ᠪᠣᠯᠬᠤ ᠶ᠋ᠢᠨ ᠬᠠᠮᠲᠤ ᠲᠥᠷᠥᠯ ᠵᠦᠢᠯ ᠨᠢ ᠣᠯᠠᠨ ᠪᠣᠯᠬᠤ ᠬᠠᠨᠳᠤᠰᠢ ᠲᠠᠢ ᠪᠠᠢᠨ᠎ᠠ᠃ ᠡᠨᠡ ᠨᠢ ᠳᠠᠮᠵᠢᠭ ᠦᠭᠡᠢ ᠮᠥᠷᠲᠡᠭᠡᠨ ᠬᠡᠷᠡᠭ ᠪᠣᠳᠠᠰ ᠤ᠋ᠨ ᠬᠥᠭᠵᠢᠯᠲᠡ ᠶ᠋ᠢᠨ ᠵᠢᠮ᠎ᠡ ᠶᠣᠰᠣᠨ ᠳ᠋ᠤ᠌ ᠨᠡᠢᠴᠡᠨ᠎ᠡ᠃ ᠭᠡᠪᠡᠴᠦ ᠵᠠᠪᠠᠯ ᠤᠯᠠᠮᠵᠢᠯᠠᠯᠲᠤ ᠦᠢᠯᠡᠳᠬᠦ ᠰᠣᠶᠣᠯ ᠳ᠋ᠤ᠌ ᠲᠤᠯᠭᠠᠭᠤᠷᠯᠠᠨ ᠲᠡᠭᠦᠯᠳᠡᠷᠵᠢᠭᠦᠯᠦᠭᠰᠡᠨ ᠪᠠᠢᠬᠤ ᠶᠣᠰᠣᠲᠠᠢ᠃ ᠢᠩᠭᠢᠪᠡᠯ ᠰᠠᠶᠢ ᠰᠦᠯᠳᠡ ᠶ᠋ᠢᠨ ᠰᠦᠷ ᠵᠢᠪᠬᠤᠯᠠᠩ ᠦᠵᠡᠰᠬᠦᠯᠡᠩᠲᠦ ᠰᠠᠢᠬᠠᠨ ᠳᠦᠷᠢ ᠶ᠋ᠢ ᠪᠦᠲᠦᠭᠡᠵᠦ ᠴᠢᠳᠠᠨ᠎ᠠ᠃
ᠰᠦᠯᠳᠡ ᠶ᠋ᠢᠨ ᠪᠡᠯᠭᠡᠳᠡᠯ ᠤᠨ ᠰᠣᠶᠣᠯ
ᠴᠠᠭᠠᠨ᠂ ᠬᠠᠷ᠎ᠠ᠂ ᠠᠯᠠᠭ ᠭᠤᠷᠪᠠᠨ ᠢᠯᠠᠭᠤᠬᠤ ᠰᠦᠯᠳᠡ ᠶ᠋ᠢ ᠶᠠᠮᠠᠷ ᠨᠢᠭᠡᠨ ᠣᠨᠴᠠᠭᠠᠢ ᠤᠳᠬ᠎ᠠ ᠶ᠋ᠢ ᠪᠡᠯᠭᠡᠳᠡᠬᠦ ᠳ᠋ᠦ᠍ ᠬᠡᠷᠡᠭᠯᠡᠳᠡᠭ ᠵᠠᠩᠰᠢᠯ ᠪᠣᠯ ᠳᠠᠷᠤᠢ ᠰᠦᠯᠳᠡ ᠶ᠋ᠢᠨ ᠪᠡᠯᠭᠡᠳᠡᠯ ᠤᠨ ᠰᠣᠶᠣᠯ ᠪᠣᠯᠤᠨ᠎ᠠ᠃ ᠰᠦᠯᠳᠡ ᠶ᠋ᠢᠨ ᠪᠡᠯᠭᠡᠳᠡᠯ ᠤᠨ ᠰᠣᠶᠣᠯ ᠨᠢ ᠰᠦᠯᠳᠡ ᠶ᠋ᠢᠨ ᠰᠣᠶᠣᠯ ᠤ᠋ᠨ ᠪᠦᠷᠢᠯᠳᠦᠬᠦᠨ ᠪᠣᠯᠬᠤ ᠮᠥᠷᠲᠡᠭᠡᠨ ᠳᠠᠪᠠᠭᠤ ᠪᠠᠢᠷᠢ ᠶ᠋ᠢ ᠡᠵᠡᠯᠡᠳᠡᠭ᠃ ᠪᠢᠴᠢᠭ ᠨᠣᠮ ᠳᠡᠭᠡᠷᠡᠬᠢ ᠲᠡᠮᠳᠡᠭᠯᠡᠯ ᠢ᠋ ᠦᠨᠳᠦᠰᠦᠯᠡᠪᠡᠯ ᠭᠤᠷᠪᠠᠨ ᠰᠦᠯᠳᠡ ᠶ᠋ᠢᠨ ᠪᠡᠯᠭᠡᠳᠡᠯ ᠤᠨ ᠰᠣᠶᠣᠯ ᠨᠢ ᠬᠠᠷᠢᠯᠴᠠᠨ ᠠᠳᠠᠯᠢ ᠦᠭᠡᠢ ᠪᠠᠢᠳᠠᠭ᠃ ᠪᠣᠳᠠᠲᠠᠢ ᠪᠠᠷ ᠬᠡᠯᠡᠪᠡᠯ ᠴᠠᠭᠠᠨ ᠰᠦᠯᠳᠡ ᠶ᠋ᠢ ᠡᠷᠲᠡᠨ ᠡᠴᠡ ᠠᠪᠤᠭᠠᠳ ᠪᠦᠷ ᠡᠩᠬᠡᠵᠢᠬᠦ ᠶ᠋ᠢᠨ ᠦᠢᠯᠡ ᠳᠡᠭᠡᠷ᠎ᠡ ᠬᠡᠷᠡᠭᠯᠡᠳᠡᠭ᠃1717 ᠣᠨ ᠳ᠋ᠤ᠌ ᠪᠠᠷᠯᠠᠭᠳᠠᠭᠰᠠᠨ ᠬᠠᠭᠠᠨ ᠤ᠋ ᠪᠢᠴᠢᠭᠰᠡᠨ 《ᠮᠠᠨᠵᠤ ᠮᠣᠩᠭᠣᠯ ᠦᠭᠡᠨ ᠤ ᠲᠣᠯᠢ》 ᠳ᠋ᠤ᠌ ᠬᠢᠭᠰᠡᠨ 《ᠡᠩᠬᠡ》 ᠭᠡᠰᠡᠨ ᠦᠭᠡ ᠶ᠋ᠢᠨ ᠲᠠᠢᠯᠪᠤᠷᠢ ⑦ ᠶ᠋ᠢ ᠦᠵᠡᠪᠡᠯ ᠴᠠᠭᠠᠨ ᠰᠦᠯᠳᠡ ᠪᠣᠯ ᠳᠠᠷᠤᠢ ᠡᠩᠬᠡ ᠲᠠᠢᠪᠤᠩ᠂ ᠬᠥᠭᠵᠢᠯ ᠪᠠᠳᠠᠷᠠᠯ᠂ ᠵᠣᠯ ᠵᠢᠷᠭᠠᠯ ᠤ᠋ᠨ ᠪᠡᠯᠭᠡᠳᠡᠯ ᠤᠨ ᠡᠳ᠋ ᠮᠥᠨ ᠭᠡᠵᠦ ᠲᠣᠪᠴᠢᠯᠠᠨ ᠮᠡᠳᠡᠵᠦ ᠪᠣᠯᠤᠨ᠎ᠠ᠃ ᠥᠭᠡᠷ᠎ᠡ ᠪᠡᠷ ᠬᠡᠯᠡᠪᠡᠯ ᠠᠯᠢᠪᠠ ᠰᠠᠢᠨ ᠰᠠᠢᠬᠠᠨ ᠤ ᠪᠡᠯᠭᠡᠳᠡᠯ ᠤᠨ ᠡᠳ᠋ ᠪᠣᠯᠤᠨ᠎ᠠ᠃ ᠴᠠᠭᠠᠨ ᠰᠦᠯᠳᠡ ᠶ᠋ᠢᠨ ᠣᠷᠣᠢ ᠶ᠋ᠢᠨ ᠳᠥᠯᠥᠲᠦ ᠭᠠᠯ ᠬᠢᠭᠡᠳ ᠨᠠᠷᠠ᠂ ᠰᠠᠷ᠎ᠠ ᠨᠢ ᠪᠠᠰᠠ ᠮᠥᠩᠬᠡᠵᠢᠬᠦ ᠶ᠋ᠢᠨ ᠤᠳᠬ᠎ᠠ ᠲᠠᠢ ᠭᠡᠳᠡᠭ᠃ᠡᠢᠮᠦ ᠡᠴᠡ ᠴᠠᠭᠠᠨ ᠰᠦᠯᠳᠡ (ᠬᠢᠮᠡᠯ᠂ ᠵᠢᠷᠤᠮᠠᠯ᠂ ᠱᠤᠭᠤᠮᠠᠯ) ᠶᠢ ᠬᠡᠷᠡᠭᠯᠡᠨ᠂ ᠨᠢᠭᠡ ᠭᠠᠵᠠᠷ ᠣᠷᠣᠨ ᠤ᠋ ᠥᠨᠢ ᠡᠭᠦᠷᠢᠳᠡ ᠶ᠋ᠢᠨ ᠡᠩᠬᠡ ᠲᠠᠢᠪᠤᠩ᠂ ᠨᠢᠭᠡ ᠠᠵᠢᠯ ᠦᠢᠯᠡᠰ ᠤᠨ ᠥᠨᠢ ᠡᠭᠦᠷᠢᠳᠡ ᠶ᠋ᠢᠨ ᠬᠥᠭᠵᠢᠯ ᠪᠠᠳᠠᠷᠠᠯ᠂ ᠥᠪᠡᠷ ᠤᠨ ᠪᠡᠶ᠎ᠡ ᠪᠠ ᠠᠢᠯ ᠭᠡᠷ ᠦ᠋ᠨ ᠢ᠋ᠶ᠋ᠡᠨ ᠥᠨᠢ ᠡᠭᠦᠷᠢᠳᠡ ᠶ᠋ᠢᠨ ᠵᠣᠯ ᠵᠢᠷᠭᠠᠯ ᠢ᠋ ᠪᠡᠯᠭᠡᠳᠡᠳᠡᠭ ᠵᠠᠩᠰᠢᠯ ᠲᠠᠢ ᠪᠣᠯᠵᠠᠢ᠃ ᠬᠠᠷ᠎ᠠ ᠰᠦᠯᠳᠡ ᠶ᠋ᠢ ᠶᠤᠸᠠᠨ ᠤᠯᠤᠰ ᠤ᠋ᠨ ᠦᠶ᠎ᠡ ᠡᠴᠡ ᠪᠡᠯᠭᠡᠳᠡᠯ ᠳᠡᠭᠡᠷ᠎ᠡ ᠬᠡᠷᠡᠭᠯᠡᠵᠡᠢ᠃ ᠡᠭᠦᠨ ᠢ᠋ 《ᠴᠠᠭᠠᠨ ᠲᠡᠦᠬᠡ》 ᠶ᠋ᠢᠨ 《ᠪᠤᠰᠤᠳ ᠢ᠋ ᠠᠶᠤᠯᠭᠠᠬᠤᠢ ᠶ᠋ᠢᠨ ᠪᠡᠯᠭᠡ》 ᠭᠡᠰᠡᠨ ᠲᠡᠮᠳᠡᠭᠯᠡᠯ ᠡᠴᠡ ᠬᠠᠷ᠎ᠠ ᠰᠦᠯᠳᠡ ᠪᠣᠯ ᠬᠠᠷᠭᠢᠰ ᠪᠦᠬᠦᠨ ᠢ᠋ ᠠᠶᠤᠯᠭᠠᠨ ᠳᠠᠷᠤᠬᠤ ᠶ᠋ᠢᠨ ᠪᠡᠯᠭᠡᠳᠡᠯ ᠤᠨ ᠡᠳ᠋ ᠮᠥᠨ ᠭᠡᠵᠦ ᠲᠣᠳᠣᠷᠬᠠᠢ ᠮᠡᠳᠡᠵᠦ ᠪᠣᠯᠤᠨ᠎ᠠ᠃ ᠡᠢᠮᠦ ᠡᠴᠡ ᠵᠠᠷᠢᠮ ᠭᠠᠵᠠᠷ ᠤᠷᠤᠨ ᠬᠠᠷ᠎ᠠ ᠰᠦᠯᠳᠡ (ᠬᠢᠮᠡᠯ᠂ ᠵᠢᠷᠤᠮᠠᠯ᠂ ᠱᠤᠭᠤᠮᠠᠯ) ᠪᠡᠷ ᠬᠠᠷᠭᠢᠰ ᠪᠦᠬᠦᠨ ᠢ᠋ ᠠᠶᠤᠯᠭᠠᠨ ᠳᠠᠷᠤᠬᠤ ᠶ᠋ᠢ ᠪᠡᠯᠭᠡᠳᠡᠳᠡᠭ ᠵᠠᠩᠰᠢᠯ ᠲᠠᠢ ᠪᠣᠯᠵᠠᠢ᠃ ᠠᠯᠠᠭ ᠰᠦᠯᠳᠡ ᠶ᠋ᠢ ᠡᠩᠬᠡᠵᠢᠨ ᠪᠠ ᠴᠡᠷᠢᠭ ᠤᠨ ᠠᠯᠢ ᠠᠯᠢᠨ ᠳ᠋ᠤ᠌ ᠨᠢ ᠪᠦᠷ ᠬᠡᠷᠡᠭᠯᠡᠳᠡᠭ ᠭᠡᠳᠡᠭ᠃ ᠭᠡᠪᠡᠴᠦ ᠠᠯᠠᠭ ᠰᠦᠯᠳᠡ ᠶ᠋ᠢᠨ ᠪᠡᠯᠭᠡᠳᠡᠭᠰᠡᠨ ᠣᠨᠴᠠᠭᠠᠢ ᠤᠳᠬ᠎ᠠ ᠨᠢ ᠴᠣᠬᠣᠮ ᠶᠠᠭᠤ ᠪᠣᠯᠬᠤ ᠶ᠋ᠢ ᠤᠯᠠᠮ ᠴᠢᠨᠠᠭᠰᠢᠳᠠ ᠣᠢᠯᠠᠭᠠᠭᠤᠰᠢᠲᠠᠢ᠃ ᠬᠥᠮᠦᠰ ᠰᠦᠯᠳᠡ ᠶ᠋ᠢ ᠬᠦᠨᠳᠦᠯᠡᠨ ᠬᠡᠷᠡᠭᠯᠡᠬᠦ ᠪᠡᠷ ᠳᠠᠮᠵᠢᠨ ᠰᠡᠳᠬᠢᠯ ᠰᠠᠨᠠᠭᠠᠨ ᠤ᠋ ᠳᠡᠭᠡᠷ᠎ᠡ ᠪᠡᠨ ᠬᠠᠨᠤᠮᠵᠢ ᠣᠯᠳᠠᠭ ᠶᠤᠮ᠃ ᠭᠡᠪᠡᠴᠦ ᠵᠠᠩᠭᠢᠯᠠᠭ᠎ᠠ ᠨᠢ ᠬᠦᠨᠳᠦᠯᠡᠬᠦ ᠪᠠ ᠡᠰᠡᠬᠦ ᠳ᠋ᠦ᠍ ᠪᠣᠢ᠃ ᠭᠠᠭᠴᠠ ᠬᠦ᠌ ᠰᠦᠯᠳᠡ ᠪᠡᠨ ᠬᠦᠨᠳᠦᠯᠡᠨ ᠬᠡᠷᠡᠭᠯᠡᠪᠡᠯ ᠰᠠᠶᠢ ᠲᠡᠭᠦᠨ ᠤ ᠪᠡᠯᠭᠡᠳᠡᠯ ᠤᠨ ᠤᠳᠬ᠎ᠠ ᠨᠢ ᠢᠯᠡ ᠲᠣᠳᠣ ᠪᠣᠯᠵᠤ᠂ ᠣᠶᠤᠨ ᠰᠠᠨᠠᠭᠠᠨ ᠳᠡᠭᠡᠷ᠎ᠡ ᠦᠢᠯᠡᠳᠦᠯ ᠭᠠᠷᠭᠠᠵᠤ ᠴᠢᠳᠠᠬᠤ ᠪᠣᠯᠤᠨ᠎ᠠ᠃ ᠡᠭᠦᠨ ᠡᠴᠡ ᠠᠪᠴᠤ ᠬᠡᠯᠡᠪᠡᠯ ᠰᠦᠯᠳᠡ ᠶ᠋ᠢ ᠬᠦᠨᠳᠦᠯᠡᠨ ᠬᠡᠷᠡᠭᠯᠡᠬᠦ ᠨᠢ ᠨᠢᠭᠡ ᠵᠦᠢᠯ ᠤᠨ ᠰᠣᠶᠣᠯ ᠤ᠋ᠨ ᠦᠵᠡᠭᠳᠡᠯ ᠪᠣᠯᠤᠨ᠎ᠠ᠂ ᠡᠭᠦᠨ ᠳ᠋ᠦ᠍ ᠦᠨᠳᠦᠰᠦᠲᠡᠨ ᠠᠷᠠᠰᠤᠲᠠᠨ ᠤ᠋ ᠢᠯᠭᠠᠭ᠎ᠠ ᠭᠡᠵᠦ ᠦᠭᠡᠢ᠃ ᠲᠡᠷᠡ ᠨᠢᠭᠡᠨᠲᠡ ᠨᠡᠢᠭᠡᠮ ᠤᠨ ᠴᠢᠨᠠᠷ ᠲᠠᠢ ᠨᠢᠭᠡ ᠵᠦᠢᠯ ᠤᠨ ᠢᠷᠦᠭᠡᠯ ᠤᠨ ᠬᠡᠯᠪᠡᠷᠢ ᠪᠣᠯᠵᠠᠢ᠃
ᠰᠦᠯᠳᠡ ᠶ᠋ᠢᠨ ᠱᠠᠰᠢᠨ ᠰᠤᠷᠲᠠᠬᠤᠨ ᠤ᠋ ᠰᠣᠶᠣᠯ
ᠰᠦᠯᠳᠡ ᠶ᠋ᠢᠨ ᠰᠦᠰᠦᠭᠲᠡᠨ ᠶᠠᠮᠠᠷ ᠨᠢᠭᠡ ᠵᠦᠢᠯ ᠤᠨ ᠶᠣᠰᠣᠯᠠᠯ ᠤ᠋ᠨ ᠬᠡᠯᠪᠡᠷᠢ ᠶ᠋ᠢ ᠠᠪᠴᠤ᠂ ᠥᠪᠡᠷ ᠤᠨ ᠭᠤᠶᠤᠳᠠᠯ ᠢ᠋ᠶ᠋ᠠᠨ ᠰᠦᠯᠳᠡ ᠳ᠋ᠦ᠍ ᠨᠠᠮᠠᠨᠴᠢᠯᠠᠨ ᠳᠠᠭᠠᠳᠬᠠᠬᠤ ᠠᠵᠢᠯᠯᠠᠭ᠎ᠠ ᠭᠡᠳᠡᠭ᠃ ᠡᠨᠡ ᠬᠦ᠌ ᠠᠵᠢᠯᠯᠠᠭᠠᠨ ᠤ᠋ ᠳᠠᠪᠰᠢᠩᠭᠤᠢ ᠲᠠᠯ᠎ᠠ ᠪᠣᠯ ᠳᠠᠷᠤᠢ ᠰᠦᠯᠳᠡ ᠶ᠋ᠢᠨ ᠱᠠᠰᠢᠨ ᠰᠤᠷᠲᠠᠬᠤᠨ ᠤ᠋ ᠰᠣᠶᠣᠯ ᠪᠣᠯᠤᠨ᠎ᠠ᠃ ᠰᠦᠯᠳᠡ ᠶ᠋ᠢ ᠲᠠᠬᠢᠬᠤ᠂ ᠰᠦᠯᠳᠡ ᠳ᠋ᠦ᠍ ᠰᠠᠴᠤᠯᠢ ᠡᠷᠭᠦᠬᠦ ᠰᠦᠯᠳᠡ ᠳ᠋ᠦ᠍ ᠮᠥᠷᠭᠥᠯ ᠬᠢᠬᠦ ᠵᠡᠷᠭᠡ ᠨᠢ ᠪᠦᠷ ᠳᠠᠭᠠᠳᠬᠠᠯ ᠬᠢᠬᠦ ᠳ᠋ᠦ᠍ ᠠᠪᠤᠭᠰᠠᠨ ᠱᠠᠰᠢᠨ ᠰᠤᠷᠲᠠᠬᠤᠨ ᠤ᠋ ᠶᠣᠰᠣᠯᠠᠯ ᠤ᠋ᠨ ᠬᠡᠯᠪᠡᠷᠢ ᠪᠣᠯᠤᠨ᠎ᠠ᠃ ᠡᠭᠦᠨ ᠳ᠋ᠦ᠍ ᠡᠯᠪᠡᠭ ᠪᠠᠶᠠᠯᠢᠭ ᠰᠣᠶᠣᠯ ᠤ᠋ᠨ ᠠᠭᠤᠯᠤᠭᠳᠠᠬᠤᠨ ᠲᠠᠢ᠃ ᠭᠠᠭᠴᠠ ᠰᠦᠯᠳᠡ ᠶ᠋ᠢ ᠲᠠᠬᠢᠬᠤ ᠶᠣᠰᠣᠯᠠᠯ ᠢᠶᠠᠷ ᠠᠪᠴᠤ ᠬᠡᠯᠡᠪᠡᠯ ᠲᠠᠬᠢᠯᠭ᠎ᠠ ᠶ᠋ᠢᠨ ᠭᠠᠵᠠᠷ ᠣᠷᠣᠨ᠂ ᠲᠠᠬᠢᠯᠭ᠎ᠠ ᠶ᠋ᠢᠨ ᠡᠳᠦᠷ ᠴᠠᠭ᠂ ᠲᠠᠬᠢᠯᠭ᠎ᠠ ᠶ᠋ᠢᠨ ᠬᠡᠪᠴᠢᠶ᠎ᠡ ᠲᠠᠬᠢᠯᠭ᠎ᠠ ᠶ᠋ᠢᠨ ᠲᠥᠷᠥᠯ ᠵᠦᠢᠯ᠂ ᠲᠠᠬᠢᠯᠭ᠎ᠠ ᠶ᠋ᠢᠨ ᠠᠭᠤᠯᠭ᠎ᠠ᠂ ᠲᠠᠬᠢᠯᠭ᠎ᠠ ᠶ᠋ᠢᠨ ᠠᠷᠭ᠎ᠠ ᠬᠡᠯᠪᠡᠷᠢ᠂ ᠲᠠᠬᠢᠯᠭ᠎ᠠ ᠶ᠋ᠢ ᠡᠷᠬᠢᠯᠡᠨ ᠭᠦᠢᠴᠡᠳᠬᠡᠬᠦ ᠬᠥᠮᠦᠰ ᠪᠠ ᠲᠡᠭᠦᠨ ᠤ ᠣᠷᠤᠨ ᠪᠠᠢᠷᠢᠰᠢᠯ ᠢ ᠲᠣᠭᠲᠠᠭᠠᠬᠤ᠂ ᠵᠤᠯᠠ ᠪᠠᠷᠢᠵᠤ ᠬᠦᠵᠢ ᠰᠢᠲᠠᠭᠠᠬᠤ᠂ ᠳᠡᠰ ᠳᠠᠷᠠᠭ᠎ᠠ᠂ ᠲᠠᠬᠢᠯᠭ᠎ᠠ ᠳ᠋ᠤ᠌ ᠬᠡᠷᠡᠭᠰᠡᠬᠦ ᠶᠠᠭᠤᠮ᠎ᠠ ᠶ᠋ᠢ ᠪᠡᠯᠡᠳᠬᠡᠬᠦ᠂ ᠮᠠᠨᠵᠢᠯᠭ᠎ᠠ ᠨᠡᠮᠡᠬᠦ᠂ ᠰᠦᠯᠳᠡ ᠶ᠋ᠢᠨ ᠰᠠᠩ ᠪᠠ ᠥᠴᠢᠭ ᠤᠨ ᠤᠩᠰᠢᠯᠭ᠎ᠠ ᠬᠢᠬᠦ᠂ ᠨᠠᠢᠷ ᠬᠢᠬᠦ᠂ ᠴᠡᠭᠡᠷ ᠶᠣᠰᠣ ᠵᠡᠷᠭᠡ ᠳ᠋ᠦ᠍ ᠪᠦᠷ ᠰᠣᠶᠣᠯ ᠤ᠋ᠨ ᠠᠭᠤᠯᠤᠭᠳᠠᠬᠤᠨ ᠲᠠᠢ ᠪᠠᠢᠳᠠᠭ᠃ ᠪᠤᠰᠤᠳ ᠦᠨᠳᠦᠰᠦᠲᠡᠨ ᠠᠷᠠᠰᠤᠲᠠᠨ ᠰᠦᠯᠳᠡ ᠶ᠋ᠢ ᠲᠠᠬᠢᠵᠤ ᠪᠠᠢᠭᠰᠠᠨ ᠪᠠ ᠡᠰᠡᠬᠦ ᠶ᠋ᠢ ᠪᠠᠰᠠ ᠰᠤᠳᠤᠯᠤᠨ ᠮᠠᠭᠠᠳᠯᠠᠭᠤᠰᠢᠲᠠᠢ ᠪᠠᠢᠨ᠎ᠠ᠃
ᠮᠣᠩᠭᠣᠯᠴᠤᠳ ᠥᠪᠡᠷ ᠤᠨ ᠰᠦᠯᠳᠡ ᠪᠡᠨ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠭᠠᠨ ᠲᠣᠭᠲᠠᠨᠢᠭᠤᠯᠤᠭᠰᠠᠨ ᠨᠢ ᠶᠢᠷᠲᠢᠨᠴᠦ ᠶ᠋ᠢᠨ ᠭᠠᠢᠬᠠᠮᠰᠢᠭ᠂ ᠦᠨᠳᠦᠰᠦᠲᠡᠨ ᠤ ᠣᠮᠣᠭᠰᠢᠯ ᠪᠣᠯᠬᠤ ᠶᠣᠰᠣᠲᠠᠢ᠃
ᠵᠡᠭᠦᠯᠲᠡ
①② [ᠮᠣᠩᠭᠣᠯ ᠤᠯᠤᠰ] ᠰ· ᠵᠠᠮᠪᠠᠯᠳᠣᠷᠵᠢ : 《ᠮᠣᠩᠭᠣᠯ ᠨᠢᠭᠤᠴᠠ ᠶ᠋ᠢᠨ ᠬᠡᠯᠬᠢᠶ᠎ᠡ》(ᠡᠷᠳᠡᠨᠢᠰᠤᠪᠤᠳ ᠤ᠋ᠨ ᠮᠣᠩᠭᠣᠯ ᠬᠡᠯᠡᠨ ᠳ᠋ᠦ᠍ ᠪᠠᠭᠤᠯᠭᠠᠭᠰᠠᠨ)᠂ ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠣᠷᠢᠶ᠎ᠠ᠂ 2000 ᠣᠨ᠂ 66᠂ 66 ᠳ᠋ᠤᠭᠠᠷ ᠨᠢᠭᠤᠷ ᠲᠤ᠌᠃
③ ᠠᠯᠲᠠᠳ ᠲᠠᠮᠪᠠ:《ᠮᠣᠩᠭᠣᠯ ᠪᠠ ᠬᠣᠨᠤᠳ》᠂ ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠣᠷᠢᠶ᠎ᠠ᠂ 2004 ᠣᠨ᠂ 168~169 ᠳ᠋ᠦ᠍ᠭᠡᠷ ᠨᠢᠭᠤᠷ ᠲᠤ᠌᠃
④ ᠰᠠᠢᠨᠵᠢᠷᠭᠠᠯ:《ᠮᠣᠩᠭᠣᠯ ᠲᠠᠬᠢᠯᠭ᠎ᠠ》᠂ ᠦᠨᠳᠦᠰᠦᠲᠡᠨ ᠤ ᠬᠡᠪᠯᠡᠯ ᠤᠨ ᠬᠣᠷᠢᠶ᠎ᠠ᠂ 2001 ᠣᠨ᠂ 253~254 ᠳ᠋ᠦ᠍ᠭᠡᠷ ᠨᠢᠭᠤᠷ ᠲᠤ᠌᠃
⑤ 伍良臣;《上京》,《永乐大典》,七七0二。
⑥ 王沂;《宜滨集》,卷十二。
⑦《ᠬᠣᠷᠢᠨ ᠨᠢᠭᠡᠲᠦ ᠲᠠᠢᠯᠪᠤᠷᠢ ᠲᠣᠯᠢ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠤᠨ ᠬᠣᠷᠢᠶ᠎ᠠ᠂ 1977 ᠣᠨ᠂ 47 ᠳ᠋ᠤᠭᠠᠷ ᠨᠢᠭᠤᠷ ᠲᠤ᠌᠃
2008 ᠣᠨ ᠤ᠋ 8 ᠰᠠᠷ᠎ᠠ
【ᠵᠣᠬᠢᠶᠠᠯ ᠤ᠋ᠨ ᠲᠠᠨᠢᠯᠴᠠᠭᠤᠯᠭ᠎ᠠ】 2004 ᠣᠨ ᠳ᠋ᠤ᠌ ᠬᠠᠳᠠᠨᠲᠠᠶ ᠠᠭᠤᠯᠠ ᠶ᠋ᠢᠨ ᠣᠷᠣᠢ ᠳᠡᠭᠡᠷ᠎ᠡ ᠰᠠᠭᠠᠲᠠᠭᠤᠯᠵᠤ ᠪᠠᠢᠭᠰᠠᠨ 《ᠲᠢᠶᠧ ᠹᠠᠨ ᠭᠠᠨ》 ᠪᠣᠯ ᠮᠣᠩᠭᠣᠯᠴᠤᠳ ᠤ᠋ᠨ ᠠᠯᠠᠭ ᠰᠦᠯᠳᠡ (ᠲᠤᠭ) ᠮᠥᠨ ᠭᠡᠰᠡᠨ ᠮᠠᠭᠠᠳᠯᠠᠯᠲᠠ ᠶ᠋ᠢ ᠬᠢᠬᠦ ᠦᠶ᠎ᠡ ᠳ᠋ᠦ᠍ ᠲᠡᠦᠬᠡ ᠶ᠋ᠢᠨ ᠮᠠᠲ᠋ᠧᠷᠢᠶᠠᠯ ᠳ᠋ᠠᠬᠢ ᠰᠦᠯᠳᠡ (ᠲᠤᠭ) ᠤ᠋ᠨ ᠲᠤᠬᠠᠢ ᠠᠯᠢ ᠣᠯᠠᠨ ᠲᠡᠮᠳᠡᠭᠯᠡᠯ ᠦ᠋ᠳ ᠢ᠋ ᠨᠠᠷᠢᠨ ᠤᠩᠰᠢᠨ ᠦᠵᠡᠭᠰᠡᠨ ᠤ ᠵᠡᠷᠭᠡᠴᠡᠭᠡ ᠪᠡᠷ ᠪᠠᠰᠠ ᠰᠦᠯᠳᠡ ᠶ᠋ᠢ ᠪᠡᠯᠭᠡᠳᠡᠯ ᠤᠨ ᠡᠳ᠋ ᠢ᠋ᠶ᠋ᠡᠷ ᠬᠦᠨᠳᠦᠯᠡᠨ ᠬᠡᠷᠡᠭᠯᠡᠵᠦ ᠪᠠᠢᠭ᠎ᠠ ᠪᠠ ᠰᠦᠯᠳᠡ ᠳ᠋ᠦ᠍ ᠲᠠᠬᠢᠯᠭ᠎ᠠ ᠬᠢᠵᠦ ᠪᠠᠢᠳᠠᠭ ᠪᠣᠳᠠᠲᠤ ᠠᠮᠢᠳᠤᠷᠠᠯ ᠳ᠋ᠤ᠌ ᠭᠦᠨᠵᠡᠭᠡᠢᠷᠡᠵᠡᠢ᠃ ᠢᠩᠭᠢᠭᠰᠡᠨ ᠡᠴᠡ ᠡᠪᠦᠭᠡ ᠳᠡᠭᠡᠳᠦᠰ ᠤᠨ ᠴᠠᠭᠠᠨ ᠬᠠᠷ᠎ᠠ᠂ ᠠᠯᠠᠭ ᠭᠤᠷᠪᠠᠨ ᠰᠦᠯᠳᠡ ᠳ᠋ᠦ᠍ ᠨᠡᠯᠢᠶᠡᠳ ᠭᠦᠨ ᠣᠢᠯᠠᠭᠠᠯᠲᠠ ᠲᠠᠢ ᠪᠣᠯᠤᠭᠰᠠᠨ ᠶᠤᠮ᠃ ᠡᠢᠮᠦ ᠡᠴᠡ ᠳᠤᠮᠳᠠᠳᠤ ᠤᠯᠤᠰ ᠤ᠋ᠨ ᠮᠣᠩᠭᠣᠯ ᠬᠡᠯᠡ ᠪᠢᠴᠢᠭ ᠤᠨ ᠰᠢᠨᠵᠢᠯᠡᠭᠡᠨ ᠤ ᠨᠡᠢᠭᠡᠮᠯᠢᠭ ᠡᠴᠡ 2008 ᠣᠨ ᠳ᠋ᠤ᠌ ᠬᠤᠷᠠᠯᠳᠤᠭᠤᠯᠤᠭᠰᠠᠨ ᠬᠡᠯᠡ ᠰᠣᠶᠣᠯ ᠪᠠ ᠨᠡᠢᠭᠡᠮ ᠬᠡᠯᠡ ᠰᠢᠨᠵᠢᠯᠡᠯ ᠤᠨ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠳ᠋ᠤ᠌ ᠣᠷᠣᠯᠴᠠᠬᠤ ᠳ᠋ᠠᠭᠠᠨ ᠰᠦᠯᠳᠡ ᠶ᠋ᠢᠨ ᠲᠡᠦᠬᠡ ᠰᠣᠶᠣᠯ ᠢ᠋ ᠥᠪᠡᠷ ᠤᠨ ᠦᠨᠳᠦᠰᠦᠲᠡᠨ ᠳ᠋ᠡᠭᠡᠨ ᠦᠨᠡᠨ ᠵᠥᠪ ᠢ᠋ᠶ᠋ᠡᠷ ᠮᠡᠳᠡᠭᠦᠯᠦᠶ᠎ᠡ ᠭᠡᠰᠡᠨ ᠰᠠᠨᠠᠭᠠᠨ ᠠ᠋ᠴᠠ ᠲᠤᠰ ᠵᠣᠬᠢᠶᠠᠯ ᠢ᠋ ᠲᠤᠭᠤᠷᠪᠢᠨ ᠪᠢᠴᠢᠭᠡᠳ ᠰᠤᠳᠤᠯᠤᠨ ᠶᠠᠷᠢᠯᠴᠠᠬᠤ ᠬᠤᠷᠠᠯ ᠳ᠋ᠤ᠌ ᠳᠡᠪᠰᠢᠭᠦᠯᠦᠭᠰᠡᠨ ᠶᠦᠮ᠃ ᠲᠤᠰ ᠵᠣᠬᠢᠶᠠᠯ ᠨᠢ 《ᠰᠢᠯᠢ ᠶ᠋ᠢᠨ ᠭᠣᠣᠯ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠤ ᠰᠡᠳᠬᠦᠯ》 ᠦ᠋ᠨ2008 ᠣᠨ ᠤ᠋ 2 ᠳ᠋ᠤᠭᠠᠷ ᠬᠤᠭᠤᠴᠠᠭ᠎ᠠ᠂ 《ᠰᠢᠨᠵᠢᠯᠡᠬᠦ ᠤᠬᠠᠭᠠᠨ ᠠᠮᠢᠳᠤᠷᠠᠯ》 ᠰᠡᠳᠬᠦᠯ ᠦ᠋ᠨ2009 ᠣᠨ ᠤ᠋ 1 ᠳ᠋ᠤᠭᠡᠷ ᠬᠤᠭᠤᠴᠠᠭ᠎ᠠ᠂ 《ᠥᠪᠥᠷ ᠮᠣᠩᠭᠣᠯ ᠤ᠋ᠨ ᠡᠳᠦᠷ ᠤᠨ ᠰᠣᠨᠢᠨ》 ᠤ᠋ 2009 ᠣᠨ ᠤ᠋ 3 ᠰᠠᠷ᠎ᠠ ᠶ᠋ᠢᠨ 23 ᠤ᠋ ᠡᠳᠦᠷ ᠤᠨ ᠰᠣᠨᠢᠨ ᠳᠡᠭᠡᠷ᠎ᠡ ᠨᠡᠢᠲᠡᠯᠡᠭᠳᠡᠵᠦ ᠥᠩᠭᠡᠷᠡᠵᠡᠢ᠃
ᠵᠣᠬᠢᠶᠠᠭᠴᠢ
