ᠮᠣᠩᠭᠣᠯ ᠪᠢᠴᠢᠭ -ᠵᠥᠪ ᠪᠢᠴᠢᠯᠭᠡ ᠴᠤᠭᠯᠠᠷᠠᠯMongol bichig-Zöv bichleg tsuglaralМонгол бичиг-Зөв бичлэг цугларал
ᠮᠣᠩᠭᠣᠯ ᠪᠢᠴᠢᠭ
ᠦᠭᠡ ᠄ ᠵᠥᠪ ᠪᠢᠴᠢᠯᠭᠡ ᠴᠤᠭᠯᠠᠷᠠᠯ
ᠤᠶᠠᠩᠭᠠᠯᠠᠭᠴᠢ᠄ ᠨᠠ᠊· ᠮᠥᠩᠬᠡᠪᠠᠭᠠᠲᠤᠷ
ᠠ ᠦᠰᠦᠭ ᠢ᠋ ᠵᠢᠭᠠᠭᠰᠠᠨ
ᠠᠴᠢᠲᠤ ᠪᠠᠭᠰᠢ ᠪᠠᠨ ᠰᠠᠨᠠᠯ᠎ᠠ
ᠠᠯᠲᠠᠨ ᠳᠡᠯᠡᠬᠡᠢ ᠶ᠋ᠢ ᠡᠵᠡᠯᠡᠭᠰᠡᠨ
ᠠᠤᠭ᠎ᠠ ᠲᠡᠦᠬᠡ ᠪᠡᠨ ᠰᠠᠨᠠᠯ᠎ᠠ
ᠡᠪ ᠵᠢᠷᠤᠮ ᠢ᠋ ᠡᠷᠬᠢᠮᠯᠡᠭᠰᠡᠨ
ᠡᠪᠦᠭᠡᠳ ᠦ᠋ᠨ ᠰᠤᠷᠭᠠᠯ ᠢ᠋ᠶ᠋ᠠᠨ ᠰᠠᠨᠠᠯ᠎ᠠ
ᠡᠯᠢᠭᠡ ᠵᠢᠷᠦᠬᠡᠨ ᠳ᠋ᠦ᠍ ᠰᠢᠩᠭᠡᠭᠰᠡᠨ
ᠡᠷᠲᠡᠨ ᠦ᠌ ᠳᠣᠮᠣᠭ ᠢ᠋ᠶ᠋ᠠᠨ ᠰᠠᠨᠠᠯ᠎ᠠ
ᠪᠢᠴᠢᠶ᠎ᠡ ᠪᠢᠴᠢᠶ᠎ᠡ ᠭᠡᠬᠦᠯᠡᠷ ᠠᠨᠳᠠ ᠮᠢᠨᠢ ᠠ᠋
ᠪᠢᠯᠢᠭ ᠤᠬᠠᠭᠠᠨ ᠳ᠋ᠤ᠌ ᠮᠢᠨᠢ ᠪᠠᠭᠲᠠᠭᠰᠠᠨ ᠦᠭᠡᠢ
ᠬᠡᠷᠡᠭᠯᠡᠶ᠎ᠡ ᠬᠡᠷᠡᠭᠯᠡᠶ᠎ᠡ ᠭᠡᠬᠦᠯᠡᠷ ᠠᠪᠤ ᠮᠢᠨᠢ ᠠ᠋
ᠬᠡᠷᠡᠭ ᠲᠡᠢ ᠶᠠᠭᠤᠮ᠎ᠠ ᠭᠡᠵᠦ ᠪᠣᠳᠣᠭᠰᠠᠨ ᠦᠭᠡᠢ
ᠬᠥᠬᠡ ᠲᠩᠷᠢ ᠡᠴᠡ ᠵᠠᠶᠠᠭᠠᠭᠰᠠᠨ
ᠬᠥᠮᠦᠨ ᠦ ᠵᠠᠶᠠᠭ᠎ᠠ ᠪᠠᠨ ᠰᠠᠨᠠᠯ᠎ᠠ
ᠠᠭᠤᠳᠠᠮ ᠲᠠᠯ᠎ᠠ ᠳ᠋ᠤ᠌ ᠪᠠᠨ ᠲᠥᠷᠥᠭᠰᠡᠨ
ᠠᠭᠤᠤ ᠡᠭᠦᠷᠭᠡ ᠪᠡᠨ ᠰᠠᠨᠠᠯ᠎ᠠ
ᠨᠠᠷᠠᠨ ᠤ᠋ ᠲᠤᠶᠠᠭ᠎ᠠ ᠰᠢᠭ᠋ ᠭᠡᠢᠭᠦᠯᠦᠭᠰᠡᠨ
ᠨᠢᠭᠤᠴᠠ ᠲᠣᠪᠴᠢᠶᠠᠨ ᠢ᠋ᠶ᠋ᠠᠨ ᠰᠠᠨᠠᠯ᠎ᠠ
ᠨᠡᠷᠡᠲᠦ ᠶ᠋ᠢᠨ ᠬᠣᠷᠸ᠎ᠠ ᠳ᠋ᠤ᠌ ᠠᠮᠢᠳᠤᠷᠠᠬᠤ
ᠨᠠᠨᠳᠢᠨ ᠵᠣᠷᠢᠯᠭ᠎ᠠ ᠪᠠᠨ ᠰᠠᠨᠠᠯ᠎ᠠ
ᠥᠪᠯᠡᠶ᠎ᠡ ᠥᠪᠯᠡᠶ᠎ᠡ ᠭᠡᠬᠦᠯᠡᠷ ᠦᠰᠦᠭ ᠮᠢᠨᠢ ᠠ᠋
ᠥᠷᠥᠴᠡ ᠵᠢᠷᠦᠬᠡᠨ ᠳ᠋ᠦ᠍ ᠮᠢᠨᠢ ᠤᠷᠭᠤᠭᠰᠠᠨ ᠦᠭᠡᠢ
ᠤᠯᠠᠮᠵᠢᠯᠠᠶ᠎ᠠ ᠤᠯᠠᠮᠵᠢᠯᠠᠶ᠎ᠠ ᠭᠡᠬᠦᠯᠡᠷ ᠡᠵᠢ ᠮᠢᠨᠢ ᠠ᠋
ᠤᠬᠠᠭᠠᠨ ᠪᠣᠳᠣᠯ ᠳ᠋ᠤ᠌ ᠮᠢᠨᠢ ᠣᠷᠣᠭᠰᠠᠨ ᠦᠭᠡᠢ
ᠦᠰᠦᠭ ᠠᠮᠢᠯᠠᠭᠤᠯᠤᠭᠴᠢ᠄ ᠠᠢ ᠵᠢᠶᠦ᠋ᠨ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠣᠳᠬᠠᠨᠰᠣ᠎ᠠ
