ᠬᠡᠯᠡ ᠪᠣᠯ ᠡᠷᠳᠡᠨᠢ ᠶᠤᠮ ᠰᠢᠦ ᠬᠡᠷᠡᠭᠯᠡᠪᠡᠯ ᠵᠡᠪᠰᠡᠭ ᠶᠤᠮ ᠰᠢᠦ -ᠪᠦᠷᠢᠨᠳᠠᠯᠠᠢХэл бол эрдэн юм шүү хэрэглэвэл зэвсэг юм шүү-Бүрнэдалай ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠯᠡ ᠪᠣᠯ ᠡᠷᠳᠡᠨᠢ ᠶᠤᠮ ᠰᠢᠦ ᠬᠡᠷᠡᠭᠯᠡᠪᠡᠯ ᠵᠡᠪᠰᠡᠭ ᠶᠤᠮ ᠰᠢᠦ -ᠪᠦᠷᠢᠨᠳᠠᠯᠠᠢХэл бол эрдэн юм шүү хэрэглэвэл зэвсэг юм шүү-Бүрнэдалай

ᠬᠡᠯᠡ ᠪᠣᠯ ᠡᠷᠳᠡᠨᠢ ᠶᠤᠮ ᠰᠢᠦ ᠬᠡᠷᠡᠭᠯᠡᠪᠡᠯ ᠵᠡᠪᠰᠡᠭ ᠶᠤᠮ ᠰᠢᠦ -ᠪᠦᠷᠢᠨᠳᠠᠯᠠᠢХэл бол эрдэн юм шүү хэрэглэвэл зэвсэг юм шүү-Бүрнэдалай

2026-02-03

1968

ᠬᠡᠯᠡ ᠪᠣᠯ ᠡᠷᠳᠡᠨᠢ ᠶᠤᠮ ᠰᠢᠦ ᠬᠡᠷᠡᠭᠯᠡᠪᠡᠯ ᠵᠡᠪᠰᠡᠭ ᠶᠤᠮ ᠰᠢᠦ


            ᠴᠢ᠂ ᠭᠠᠩᠵᠣᠷᠢᠬᠲᠤ ᠵᠣᠬᠢᠶᠠᠵᠤ 
            ᠪᠦᠷᠢᠨᠳᠠᠯᠠᠢ ᠬᠣᠯᠪᠣᠪᠠ 

ᠬᠢᠴᠡ ᠨᠢ ᠭᠣᠶᠣᠬᠠᠨ ᠬᠤᠭᠤᠷ ᠢ᠋ᠶ᠋ᠠᠨ ᠪᠢ 
ᠬᠡᠵᠢᠶᠡᠳᠡ ᠭᠥᠭᠯᠡᠬᠦ ᠳ᠋ᠦ᠍ ᠪᠡᠯᠡᠬᠡᠨ ᠪᠠᠢᠨ᠎ᠠ 
ᠬᠡᠯᠡᠨ ᠦ᠌ ᠲᠤᠬᠠᠢ ᠬᠣᠯᠪᠣᠭ᠎ᠠ ᠪᠠᠨ ᠪᠢ 
ᠬᠡᠯᠡᠵᠦ ᠶᠠᠷᠢᠬᠤ ᠳ᠋ᠤ᠌ ᠤᠷᠮ᠎ᠠ ᠲᠠᠢ ᠪᠠᠢᠨ᠎ᠠ 

ᠬᠡᠯᠡ ᠭᠡᠭᠴᠢ ᠨᠢ ᠡᠷᠳᠡᠨᠢ ᠶᠤᠮ ᠰᠢᠦ 
ᠬᠡᠷᠡᠭᠯᠡᠵᠦ ᠡᠵᠡᠮᠰᠢᠪᠡᠯ ᠵᠡᠪᠰᠡᠭ ᠶᠤᠮ ᠰᠢᠦ 
ᠬᠡᠵᠢᠶ᠎ᠡ ᠡᠭᠦᠷᠢᠳᠡ ᠨᠠᠨᠳᠢᠩᠨᠠᠵᠤ 
 ᠭ᠌ᠬᠡᠷᠲᠦᠭᠡᠯ ᠦᠭᠡᠢ ᠪᠠᠢᠯᠭᠠᠬᠤ ᠨᠢ ᠵᠥᠪ ᠶᠤᠮ ᠰᠢᠦ 

ᠡᠬᠢᠯᠡᠵᠦ ᠦᠭᠡᠨ ᠳ᠋ᠦ᠍ ᠣᠷᠣᠬᠤ ᠳ᠋ᠤ᠌ ᠪᠠᠨ ᠴᠤ᠌ 
ᠡᠬᠡ ᠬᠡᠯᠡ ᠪᠡᠷ ᠢ᠋ᠶ᠋ᠡᠨ ᠶᠠᠷᠢᠭᠰᠠᠨ ᠶᠤᠮ 
ᠢᠷᠡᠭᠡᠳᠦᠢ ᠶ᠋ᠢᠨ ᠰᠠᠢᠬᠠᠨ ᠵᠥᠩᠨᠡᠯ ᠢ᠋ᠶ᠋ᠡᠨ 
ᠡᠬᠡ ᠬᠡᠯᠡ ᠪᠡᠷ ᠢ᠋ᠶ᠋ᠡᠨ ᠢᠷᠥᠭᠡᠭᠰᠡᠨ ᠶᠤᠮ

ᠡᠷᠳᠡᠮᠲᠡᠨ ᠪᠠᠭᠰᠢ ᠨᠠᠷ ᠲᠠᠢ ᠤᠴᠠᠷᠠᠬᠤ ᠳ᠋ᠤ᠌ ᠪᠠᠨ
ᠡᠬᠡ ᠬᠡᠯᠡ ᠪᠡᠷ ᠢ᠋ᠶ᠋ᠡᠨ ᠮᠡᠨᠳᠦᠴᠢᠯᠡᠭᠰᠡᠨ ᠶᠤᠮ
ᠡᠩᠬᠦᠷᠡᠢ ᠦᠷ᠎ᠡ ᠪᠡᠨ ᠬᠥᠮᠦᠵᠢᠭᠦᠯᠬᠦ ᠳ᠋ᠦ᠍ ᠪᠡᠨ
ᠡᠬᠡ ᠬᠡᠯᠡ ᠪᠡᠷ ᠢ᠋ᠶ᠋ᠡᠨ ᠰᠤᠷᠭᠠᠭᠰᠠᠨ ᠶᠤᠮ

ᠡᠷᠳᠡᠮ ᠦ᠋ᠨ ᠳᠡᠭᠡᠳᠦ ᠮᠡᠳᠡᠯᠭᠡ ᠶ᠋ᠢ
ᠡᠬᠡ ᠬᠡᠯᠡ ᠪᠡᠷ ᠢ᠋ᠶ᠋ᠡᠨ ᠰᠤᠷᠤᠭᠰᠠᠨ ᠶᠤᠮ
ᠡᠷᠬᠢᠮ ᠡᠴᠡ ᠨᠠᠨᠳᠢᠨ ᠠᠮᠵᠢᠯᠲᠠ ᠪᠠᠨ
ᠡᠬᠡ ᠬᠡᠯᠡ ᠪᠡᠷ ᠢ᠋ᠶ᠋ᠡᠨ ᠳᠠᠭᠤᠯᠠᠭᠰᠠᠨ ᠶᠤᠮ

ᠵᠥᠪ ᠰᠠᠢᠬᠠᠨ ᠬᠡᠷᠡᠭᠯᠡᠭᠡᠳ
ᠵᠢᠳᠬᠦᠯ ᠭᠠᠷᠭᠠᠭᠰᠠᠨ ᠬᠡᠯᠡ ᠶᠤᠮ ᠰᠢᠦ
ᠵᠦᠢ ᠲᠡᠢ ᠰᠠᠢᠬᠠᠨ ᠠᠰᠢᠭᠯᠠᠭᠠᠳ
ᠵᠢᠱ᠌ᠢᠶ᠎ᠡ ᠦᠵᠡᠭᠦᠯᠦᠭᠰᠡᠨ ᠬᠡᠯᠡ ᠶᠤᠮ ᠰᠢᠦ

ᠵᠢᠷᠦᠬᠡᠨ ᠡᠴᠡ ᠤᠶᠠᠭᠠᠲᠠᠢ ᠬᠡᠯᠡ ᠪᠡᠨ
ᠵᠦᠢᠷᠯᠡᠵᠦ ᠡᠷᠳᠡᠨᠢ ᠲᠡᠢ ᠠᠳᠠᠯᠢᠳᠬᠠᠶ᠎ᠠ
ᠲᠥᠷᠥᠯᠬᠢ ᠢᠷᠠᠭᠤ ᠬᠡᠯᠡ ᠪᠡᠨ
ᠳᠦᠷᠰᠦᠯᠡᠵᠦ ᠡᠷᠳᠡᠨᠢ ᠲᠡᠢ ᠵᠦᠢᠷᠯᠡᠶ᠎ᠡ

ᠣᠨᠣᠪᠴᠢᠲᠠᠢ ᠰᠠᠢᠬᠠᠨ ᠬᠡᠷᠡᠭᠯᠡᠪᠡᠯ
ᠣᠯᠵᠠ ᠲᠠᠢ ᠣᠷᠣᠯᠭ᠎ᠠ ᠲᠠᠢ ᠬᠡᠯᠡ ᠶᠤᠮ ᠰᠢᠦ
ᠣᠨᠣᠯ ᠤ᠋ᠨ ᠶᠣᠰᠣᠭᠠᠷ ᠨᠢ ᠠᠰᠢᠭᠯᠠᠪᠠᠯ
ᠤᠪᠠᠳᠢᠰ ᠲᠠᠢ ᠰᠢᠳᠢ ᠲᠡᠢ ᠬᠡᠯᠡ ᠶᠤᠮ ᠰᠢᠦ

ᠵᠥᠪ ᠪᠤᠷᠤᠭᠤ ᠶ᠋ᠢ ᠢᠯᠭᠠᠬᠤ ᠳ᠋ᠤ᠌
ᠵᠢᠯᠣᠭᠣᠳᠤᠮᠵᠢ ᠪᠣᠯᠤᠭᠰᠠᠨ ᠬᠡᠯᠡ ᠶᠤᠮ ᠰᠢᠦ
ᠵᠦᠭ ᠴᠢᠭ᠌ ᠢ᠋ ᠵᠢᠭᠠᠬᠤ ᠳ᠋ᠤ᠌
ᠵᠦᠭᠯᠡᠭᠦᠷ ᠪᠣᠯᠤᠭᠰᠠᠨ ᠬᠡᠯᠡ ᠶᠤᠮ ᠰᠢᠦ

ᠳᠠᠷᠬᠠᠨ ᠳᠡᠯᠭᠡᠷ ᠰᠣᠶᠣᠯ ᠢ᠋ᠶ᠋ᠠᠨ
ᠡᠬᠡ ᠬᠡᠯᠡ ᠪᠡᠷ ᠢ᠋ᠶ᠋ᠡᠨ ᠤᠯᠠᠮᠵᠢᠯᠠᠭᠰᠠᠨ ᠶᠤᠮ
ᠳᠠᠢᠴᠢᠨ ᠠᠤᠭ᠎ᠠ ᠡᠭᠦᠷᠭᠡ ᠪᠡᠨ
ᠡᠬᠡ ᠬᠡᠯᠡ ᠪᠡᠷ ᠢ᠋ᠶ᠋ᠡᠨ ᠪᠡᠶᠡᠯᠡᠭᠦᠯᠦᠭᠰᠡᠨ ᠶᠤᠮ

ᠡᠬᠡ ᠣᠷᠣᠨ ᠤ᠋ ᠪᠠᠨ ᠡᠰᠡᠨᠢᠯ ᠢ᠋
ᠡᠭᠡᠰᠢᠭᠯᠡᠨ ᠮᠠᠭᠲᠠᠳᠠᠭ ᠬᠡᠯᠡ ᠶᠤᠮ ᠰᠢᠦ
ᠡᠵᠢ ᠠᠪᠤ ᠶ᠋ᠢᠨ ᠢ᠋ᠶ᠋ᠡᠨ ᠡᠨᠡᠷᠢᠯ ᠢ᠋
ᠡᠭᠦᠷᠢᠳᠡ ᠳᠠᠭᠤᠯᠠᠳᠠᠭ ᠬᠡᠯᠡ ᠶᠤᠮ ᠰᠢᠦ

ᠬᠠᠢᠷ᠎ᠠ ᠪᠣᠯᠤᠨ ᠰᠡᠳᠬᠢᠯᠭᠡ ᠪᠡᠨ
ᠢᠯᠡᠳᠬᠡᠵᠦ ᠪᠠᠢᠳᠠᠭ ᠬᠡᠯᠡ ᠶᠤᠮ ᠰᠢᠦ
ᠬᠠᠷᠢᠭᠤᠴᠠᠯᠭ᠎ᠠ ᠪᠣᠯᠤᠨ ᠡᠭᠦᠷᠭᠡᠯᠡᠯ ᠢ᠋ᠶ᠋ᠡᠨ
ᠡᠷᠴᠢᠮᠵᠢᠭᠦᠯᠵᠦ ᠪᠠᠢᠳᠠᠭ ᠬᠡᠯᠡ ᠶᠤᠮ ᠰᠢᠦ

ᠬᠡᠨ ᠳ᠋ᠦ᠍ ᠪᠣᠯᠪᠠᠴᠤ ᠬᠡᠯᠡ ᠲᠡᠢ ᠰᠢᠦ
ᠬᠡᠷᠡᠭᠯᠡᠵᠦ ᠠᠰᠢᠭᠯᠠᠪᠠᠯ ᠡᠷᠳᠡᠨᠢ ᠰᠢᠦ
ᠬᠡᠯᠡᠵᠦ ᠶᠠᠷᠢᠬᠤ ᠨᠢ ᠪᠣᠯᠪᠠᠰᠤᠨ ᠪᠣᠯ
ᠬᠢᠳᠡᠯ ᠶᠠᠪᠤᠳᠠᠯ ᠨᠢ ᠪᠦᠲᠦᠮᠵᠢ ᠲᠡᠢ ᠰᠢᠦ

ᠨᠠᠮ᠎ᠠ ᠳ᠋ᠤ᠌ ᠴᠢᠮ᠎ᠠ ᠳ᠋ᠤ᠌ ᠬᠡᠯᠡ ᠲᠡᠢ ᠰᠢᠦ
ᠨᠠᠨᠳᠢᠩᠨᠠᠵᠤ ᠵᠠᠷᠤᠪᠠᠯ ᠡᠷᠳᠡᠨᠢ ᠶᠤᠮ ᠰᠢᠦ
ᠨᠠᠢᠷᠰᠠᠭ ᠪᠣᠯᠪᠠᠰᠤᠨ ᠢ᠋ᠶ᠋ᠠᠷ ᠶᠠᠷᠢᠪᠠᠯ
ᠨᠠᠭᠠᠰᠢ ᠲᠠᠢ ᠤᠴᠢᠷ ᠤ᠋ᠳ ᠨᠢ ᠠᠷᠪᠢᠨ ᠶᠤᠮ ᠰᠢᠦ

ᠦᠨᠳᠦᠰᠦ ᠤᠭᠰᠠᠭ᠎ᠠ ᠪᠠᠨ ᠭᠡᠭᠡᠷᠡᠭᠦᠯᠬᠦ ᠳ᠋ᠦ᠍
ᠦᠭᠡ ᠬᠡᠯᠡ ᠪᠣᠯ ᠡᠷᠳᠡᠨᠢ ᠶᠤᠮ ᠰᠢᠦ
ᠦᠷ᠎ᠡ ᠬᠣᠢᠴᠢᠰ ᠲᠤ᠌ ᠪᠠᠨ ᠦᠯᠡᠳᠡᠭᠡᠬᠦ
ᠥᠪ ᠬᠥᠷᠥᠩᠭᠡ ᠪᠣᠯ ᠬᠡᠯᠡ ᠶᠤᠮ ᠰᠢᠦ

ᠥᠭᠡᠷ᠎ᠡ ᠪᠤᠰᠤᠳ ᠠ᠋ᠴᠠ ᠢᠯᠭᠠᠭᠳᠠᠬᠤ
ᠥᠪᠡᠷ ᠦ᠋ᠨ ᠬᠡᠯᠡ ᠪᠣᠯ ᠵᠠᠭᠠᠭ ᠨᠢ ᠶᠤᠮ ᠰᠢᠦ
ᠥᠭᠡᠳᠡ ᠪᠡᠨ ᠲᠠᠲᠠᠵᠤ ᠶᠠᠪᠤᠬᠤ ᠶ᠋ᠢᠨ
ᠥᠨᠢᠳᠡ ᠶ᠋ᠢᠨ ᠰᠠᠬᠢᠶ᠎ᠠ ᠨᠢ ᠪᠣᠯ ᠬᠡᠯᠡ ᠶᠤᠮ ᠰᠢᠦ

ᠠᠰᠢᠳᠠ ᠣᠷᠣᠰᠢᠨ ᠴᠡᠴᠡᠭᠯᠡᠬᠦ ᠶ᠋ᠢᠨ
ᠠᠮᠢᠨ ᠰᠦᠨᠡᠰᠦ ᠪᠣᠯ ᠬᠡᠯᠡ ᠶᠤᠮ ᠰᠢᠦ
ᠠᠯᠲᠠᠨ ᠳᠡᠯᠡᠬᠡᠢ ᠳ᠋ᠦ᠍ ᠲᠠᠨᠢᠭᠳᠠᠬᠤ ᠶ᠋ᠢᠨ
ᠠᠮᠠᠨ ᠭᠡᠷᠡᠴᠢ ᠪᠣᠯ ᠬᠡᠯᠡ ᠶᠤᠮ ᠰᠢᠦ

ᠬᠡᠯᠡ ᠲᠡᠢ ᠰᠣᠶᠣᠯ ᠲᠠᠢ ᠦᠨᠳᠦᠰᠦᠲᠡᠨ
ᠬᠡᠵᠢᠶᠡᠳᠡ ᠰᠠᠢᠬᠠᠨ ᠴᠡᠴᠡᠭᠯᠡᠳᠡᠭ ᠶᠤᠮ
ᠬᠥᠮᠦᠵᠢᠯ ᠲᠡᠢ ᠪᠣᠯᠪᠠᠰᠤᠷᠠᠯ ᠲᠠᠢ ᠦᠨᠳᠦᠰᠦᠲᠡᠨ
ᠬᠡᠵᠢᠶᠡᠳᠡ ᠰᠠᠢᠬᠠᠨ ᠪᠠᠳᠠᠷᠠᠳᠠᠭ ᠶᠤᠮ

ᠬᠡᠯᠡᠨ ᠦ᠌ ᠪᠡᠨ ᠪᠠᠶᠠᠯᠢᠭ ᠭᠠᠢᠬᠠᠮᠰᠢᠭ ᠢ᠋
ᠬᠡᠮᠵᠢᠭᠡᠳ ᠬᠡᠷᠬᠢᠨ ᠪᠠᠷᠠᠨ᠎ᠠ ᠤᠤ ᠳ᠋ᠠ
ᠬᠡᠷᠡᠭᠴᠡᠭᠡ ᠱᠠᠭᠠᠷᠳᠠᠯᠭ᠎ᠠ ᠶ᠋ᠢᠨ ᠳᠤᠮᠳᠠ ᠪᠠᠨ
ᠬᠡᠷᠡᠭᠯᠡᠭᠡᠳ ᠬᠡᠷᠬᠢᠨ ᠪᠠᠷᠠᠨ᠎ᠠ ᠤᠤ ᠳ᠋ᠠ

ᠡᠬᠢᠯᠡᠭᠦᠯᠵᠦ ᠬᠡᠯᠡᠭᠰᠡᠨ ᠬᠣᠯᠪᠣᠭ᠎ᠠ ᠪᠠᠨ
ᠡᠨᠳᠡ ᠬᠦᠷᠭᠡᠭᠡᠳ ᠲᠡᠭᠦᠰᠬᠡᠶ᠎ᠡ ᠳ᠋ᠠ
ᠡᠬᠡ ᠰᠠᠢᠬᠠᠨ ᠬᠡᠯᠡ ᠪᠡᠨ
ᠡᠭᠦᠷᠢᠳᠡ ᠨᠠᠨᠳᠢᠩᠨᠠᠵᠤ ᠶᠠᠪᠤᠵᠠᠭᠠᠶ᠎ᠠ ᠳ᠋ᠠ

ᠡᠬᠡ ᠰᠠᠢᠬᠠᠨ ᠬᠡᠯᠡ ᠪᠡᠨ
ᠡᠭᠦᠷᠢᠳᠡ ᠨᠠᠨᠳᠢᠩᠨᠠᠵᠤ ᠶᠠᠪᠤᠵᠠᠭᠠᠶ᠎ᠠ ᠳ᠋ᠠ!

       ᠦᠰᠦᠭ ᠬᠠᠳᠠᠵᠤ ᠠᠮᠢᠯᠠᠭᠤᠯᠤᠭᠰᠠᠨ ᠨᠢ ᠠᠯᠲᠠᠨᠴᠢᠮᠡᠭ