ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-3> Сүлдийн соёлын судлал – Минжуур<дээд-3>
<ᠳᠡᠭᠡᠳᠦ ᠪᠦᠯᠦᠭ᠂ᠥᠭᠦᠯᠡᠯ ᠤᠨ ᠡᠮᠬᠢᠳᠬᠡᠯ-3>
《ᠲᠢᠶᠧ ᠹᠠᠨ ᠭᠠᠨ》 ᠤ ᠲᠤᠬᠠᠢ ᠥᠭᠦᠯᠡᠬᠦ ᠨᠢ
ᠤᠷᠢᠳ ᠢ᠋ᠶ᠋ᠠᠷ ᠨᠡᠷᠡᠢᠳᠦᠯ ᠤᠨ ᠲᠤᠬᠠᠢ ᠶᠠᠷᠢᠶ᠎ᠠ᠃ ᠢᠩᠭᠢᠪᠡᠯ ᠤᠩᠰᠢᠭᠴᠢᠳ ᠤ᠋ᠨ ᠲᠢᠶᠧ ᠹᠠᠨ ᠭᠠᠨ① ᠢ ᠣᠢᠯᠠᠭᠠᠬᠤ ᠳ᠋ᠤ᠌ ᠵᠢᠭᠠᠬᠠᠨ ᠲᠤᠰᠠᠯᠠᠮᠵᠢ ᠪᠣᠯᠬᠤ ᠮᠠᠭᠠᠳ ᠦᠭᠡᠢ᠃ 《ᠠᠯᠠᠭ ᠲᠤᠭ》 ᠭᠡᠭᠴᠢ ᠡᠨᠡ ᠨᠢᠭᠡᠨ ᠨᠡᠷ᠎ᠡ ᠦᠭᠡ 《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠦᠵᠡᠭᠳᠡᠵᠦ ᠪᠠᠢᠳᠠᠭ᠃ 《ᠠᠯᠠᠭ ᠲᠤᠭ》 ᠪᠣᠯ ᠮᠣᠩᠭᠣᠯᠴᠤᠳ ᠤᠨ ᠰᠢᠲᠦᠭᠡᠨ ᠪᠣᠯᠬᠤ ᠮᠥᠷᠲᠡᠭᠡᠨ ᠪᠠᠰᠠ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠮᠥᠨ᠃ ᠲᠡᠭᠦᠨ ᠢ᠋ ᠲᠡᠮᠦᠷ᠂ ᠮᠥᠩᠭᠥ᠂ ᠬᠥᠬᠥᠯ᠂ ᠠᠷᠠᠰᠤ᠂ ᠮᠣᠳᠣ ᠪᠠᠷ ᠬᠢᠳᠡᠭ᠃ ᠲᠡᠷᠡ ᠦᠶ᠎ᠡ ᠳ᠋ᠦ᠍ 《ᠠᠯᠠᠭ ᠲᠤᠭ》 ᠢ᠋ ᠰᠦᠯᠳᠡ ᠭᠡᠵᠦ ᠳᠠᠭᠤᠳᠠᠭᠠᠳᠤᠢ ᠪᠠᠢᠭᠰᠠᠭᠠᠷ᠃ 《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ 《ᠠᠯᠠᠭ ᠲᠤᠭ》 ᠢ᠋ ᠬᠡᠳᠦᠢᠪᠡᠷ ᠬᠢᠲᠠᠳ ᠢ᠋ᠶ᠋ᠠᠷ ᠣᠷᠴᠢᠭᠤᠯᠤᠭᠰᠠᠨ ᠪᠣᠯᠪᠠᠴᠤ ᠲᠡᠭᠦᠨ ᠤ ᠣᠷᠴᠢᠭᠤᠯᠭ᠎ᠠ ᠨᠤᠭᠤᠳ ᠨᠢ ᠨᠢᠭᠡᠳᠦᠯ ᠦᠭᠡᠢ ᠶ᠋ᠢᠨ ᠳᠡᠭᠡᠷ᠎ᠡ ᠪᠤᠷᠤᠭᠤ ᠲᠠᠢ᠃ ᠡᠨᠡ ᠨᠢ 《ᠠᠯᠠᠭ ᠲᠤᠭ》 ᠪᠤᠶᠤ ᠴᠠᠭᠠᠨ᠂ ᠬᠠᠷ᠎ᠠ ᠲᠤᠭ ᠤ᠋ᠨ ᠤᠬᠠᠭᠳᠠᠬᠤᠨ ᠢ᠋ ᠰᠠᠢᠨ ᠣᠢᠯᠠᠭᠠᠬᠤ ᠦᠭᠡᠢ ᠡᠴᠡ ᠪᠣᠯᠤᠭᠰᠠᠨ ᠪᠠᠢᠬ᠎ᠠ᠃ ᠪᠣᠳᠠᠲᠠᠢ ᠪᠠᠷ ᠬᠡᠯᠡᠪᠡᠯ ᠵᠠᠮᠤᠬ᠎ᠠ ᠸᠠᠩ ᠬᠠᠨ ᠳᠤ᠄《ᠠᠯᠠᠭ ᠲᠤᠭ ᠲᠤ᠌ ᠬᠠᠷ᠎ᠠ ᠲᠤᠭ ᠲᠤ᠌ ᠲᠡᠳᠡᠨ ᠡᠴᠡ ᠠᠮᠢ ᠪᠠᠨ ᠬᠢᠴᠢᠶᠡᠲᠦᠭᠡᠢ》 ᠭᠡᠰᠡᠨ ᠲᠡᠮᠳᠡᠭᠯᠡᠯ ᠦ᠋ᠨ《ᠠᠯᠠᠭ ᠲᠤᠭ》᠂ 《ᠬᠠᠷ᠎ᠠ ᠲᠤᠭ》 ᠢ᠋ 《旄纛或花或黑》 ᠭᠡᠵᠦ ᠣᠷᠴᠢᠭᠤᠯᠤᠭᠰᠠᠨ ᠪᠠᠢᠳᠠᠭ᠃ ᠡᠨᠳᠡ 《ᠠᠯᠠᠭ ᠲᠤᠭ》 ᠤ᠋ᠨ 《ᠲᠤᠭ》 ᠢ᠋ 《旄纛》 ᠭᠡᠵᠦ᠂ ᠪᠤᠰᠤᠳ ᠭᠠᠵᠠᠷ ᠲᠤ᠌ 《英枪》᠂ 《旗纛》 ᠭᠡᠵᠦ ᠣᠷᠴᠢᠭᠤᠯᠵᠠᠢ᠃ ᠡᠨᠡ ᠬᠦ᠌ ᠣᠷᠴᠢᠭᠤᠯᠭ᠎ᠠ ᠨᠢ ᠬᠠᠷᠢᠯᠴᠠᠨ ᠠᠳᠠᠯᠢ ᠦᠭᠡᠢ ᠪᠣᠯᠤᠭᠰᠠᠨ ᠪᠥᠭᠡᠳ ᠠᠯᠢ ᠨᠢᠭᠡ ᠨᠢ ᠴᠦ᠍ ᠣᠨᠣᠪᠴᠢ ᠦᠭᠡᠢ ᠪᠠᠢᠨ᠎ᠠ᠃ ᠡᠢᠮᠦ ᠡᠴᠡ ᠨᠢᠭᠡ ᠬᠣᠶᠠᠷ ᠣᠷᠴᠢᠭᠤᠯᠭ᠎ᠠ ᠶ᠋ᠢᠨ ᠨᠡᠷ᠎ᠡ ᠦᠭᠡ ᠶ᠋ᠢ ᠪᠠᠷᠢᠵᠤ 《ᠲᠤᠭ》 ᠢ᠋ ᠣᠢᠯᠠᠭᠠᠬᠤ ᠭᠡᠳᠡᠭ ᠨᠢ ᠪᠣᠯᠤᠯᠴᠠᠭ᠎ᠠ ᠦᠭᠡᠢ ᠶᠠᠪᠤᠳᠠᠯ ᠶᠤᠮ᠃ ᠭᠠᠭᠴᠠ ᠬᠦ᠌ ᠤᠬᠠᠭᠳᠠᠬᠤᠨ ᠳᠡᠭᠡᠷ᠎ᠡ ᠡᠴᠡ ᠨᠢ ᠠᠯᠠᠭ ᠲᠤᠭ ᠢ᠋ ᠣᠢᠯᠠᠭᠠᠪᠠᠯ ᠰᠠᠶᠢ ᠠᠯᠠᠭ ᠲᠤᠭ ᠲᠤ᠌ ᠵᠥᠪ ᠣᠨᠣᠪᠴᠢᠲᠠᠢ ᠣᠢᠯᠠᠭᠠᠯᠲᠠ ᠲᠠᠢ ᠪᠣᠯᠵᠤ ᠴᠢᠳᠠᠨ᠎ᠠ᠃
《ᠠᠯᠠᠭ ᠲᠤᠭ》 ᠢ᠋ ᠲᠡᠭᠦᠨ ᠦ᠌ ᠬᠥᠬᠥᠯ ᠦ᠋ᠨ ᠬᠢᠨᠢ ᠥᠩᠭᠡ ᠪᠡᠷ ᠠᠯᠠᠭ ᠲᠤᠭ ᠭᠡᠵᠦ ᠳᠠᠭᠤᠳᠠᠵᠠᠢ᠃ ᠭᠡᠪᠡᠴᠦ ᠲᠡᠷᠡ ᠨᠢ ᠲᠡᠦᠬᠡ ᠶ᠋ᠢᠨ ᠬᠥᠭᠵᠢᠯᠲᠡ ᠶ᠋ᠢᠨ ᠣᠯᠠᠨ ᠲᠠᠯ᠎ᠠ ᠶ᠋ᠢᠨ ᠰᠢᠯᠲᠠᠭᠠᠨ ᠠ᠋ᠴᠠ ᠪᠣᠯᠵᠤ᠂ ᠭᠤᠷᠪᠠᠨ ᠵᠦᠢᠯ ᠤᠨ ᠨᠡᠷ᠎ᠡ ᠪᠡᠷ ᠳᠠᠭᠤᠳᠠᠭᠳᠠᠵᠤ ᠥᠩᠭᠡᠷᠡᠵᠡᠢ (ᠡᠵᠡᠮᠰᠢᠵᠦ ᠪᠠᠢᠭ᠎ᠠ ᠲᠡᠦᠬᠡᠨ ᠮᠠᠲ᠋ᠧᠷᠢᠶᠠᠯ ᠢ᠋ ᠦᠨᠳᠦᠰᠦᠯᠡᠪᠡᠯ)᠄ ᠨᠢᠭᠡ ᠨᠢ ᠠᠯᠠᠭ ᠲᠤᠭ ᠭᠡᠳᠡᠭ᠂ ᠡᠨᠡ ᠪᠣᠯ《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠦᠵᠡᠭᠳᠡᠳᠡᠭ ᠨᠡᠷ᠎ᠡ ᠪᠣᠯᠤᠨ᠎ᠠ᠂ ᠨᠥᠭᠦᠭᠡ ᠨᠢᠭᠡ ᠨᠢ ᠲᠢᠶᠧ ᠹᠠᠨ ᠭᠠᠨ ᠭᠡᠳᠡᠭ᠂ ᠡᠨᠡ ᠪᠣᠯ《ᠶᠤᠸᠠᠨ ᠤᠯᠤᠰ ᠤ᠋ᠨ ᠲᠡᠦᠬᠡ》᠂ ᠶᠤᠸᠠᠨ ᠤᠯᠤᠰ ᠤ᠋ᠨ ᠳᠤᠮᠳᠠ ᠰᠡᠭᠦᠯᠴᠢ ᠶ᠋ᠢᠨ ᠦᠶ᠎ᠡ ᠶ᠋ᠢᠨ ᠰᠢᠯᠦᠭ ᠪᠤᠶᠤ ᠦᠯᠢᠭᠡᠷ ᠲᠦ᠍ ᠢᠯᠡᠷᠡᠳᠡᠭ ᠨᠡᠷ᠎ᠡ ᠪᠣᠯᠤᠨ᠎ᠠ᠃ ᠪᠠᠰᠠ ᠨᠢᠭᠡ ᠨᠢ ᠠᠯᠠᠭ ᠰᠦᠯᠳᠡ ᠭᠡᠳᠡᠭ᠂ ᠡᠨᠡ ᠪᠣᠯ ᠣᠷᠴᠢᠨ ᠦᠶ᠎ᠡ ᠶ᠋ᠢᠨ ᠮᠣᠩᠭᠣᠯ ᠬᠡᠯᠡᠨ ᠤ ᠰᠤᠷᠪᠤᠯᠵᠢ ᠪᠢᠴᠢᠭ ᠲᠦ᠍ ᠣᠯᠠᠨᠲᠠ ᠬᠠᠷᠠᠭᠳᠠᠳᠠᠭ ᠨᠡᠷ᠎ᠡ ᠪᠣᠯᠤᠨ᠎ᠠ᠃ ᠥᠭᠡᠷ᠎ᠡ ᠪᠡᠷ ᠬᠡᠯᠡᠪᠡᠯ ᠳᠤᠮᠳᠠᠳᠤ ᠤᠯᠤᠰ ᠤ᠋ᠨ ᠮᠣᠩᠭᠣᠯ ᠦᠨᠳᠦᠰᠦᠲᠡᠨ ᠦ᠌ ᠳᠠᠭᠤᠳᠠᠳᠠᠭ ᠨᠡᠷᠡᠢᠳᠦᠯ ᠨᠢ ᠪᠣᠯᠤᠨ᠎ᠠ᠂ ᠪᠣᠳᠠᠲᠤ ᠤᠴᠢᠷ ᠳᠡᠭᠡᠷ᠎ᠡ ᠪᠡᠨ ᠠᠯᠠᠭ ᠲᠤᠭ᠂ ᠲᠢᠶᠧ ᠹᠠᠨ ᠭᠠᠨ᠂ ᠠᠯᠠᠭ ᠰᠦᠯᠳᠡ ᠪᠣᠯ ᠪᠦᠷ ᠯᠡ ᠨᠢᠭᠡ ᠤᠬᠠᠭᠳᠠᠬᠤᠨ ᠶᠤᠮ᠃ ᠠᠯᠠᠭ ᠰᠦᠯᠳᠡ ᠪᠣᠯ ᠮᠣᠩᠭᠣᠯᠴᠤᠳ ᠤ᠋ᠨ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠮᠥᠨ᠂ ᠲᠡᠭᠦᠨ ᠢ᠋ ᠡᠩᠬᠡᠵᠢᠨ ᠪᠠ ᠴᠡᠷᠢᠭ ᠤᠨ ᠶᠠᠪᠤᠳᠠᠯ ᠳᠡᠭᠡᠷ᠎ᠡ ᠬᠡᠷᠡᠭᠯᠡᠳᠡᠭ᠃ ᠲᠡᠷᠡ ᠨᠢ ᠭᠢᠯᠣᠪᠠᠷ᠂ ᠴᠠᠷ᠎ᠠ᠂ ᠮᠠᠨᠵᠢᠯᠠᠭ᠎ᠠ᠂ ᠰᠢᠯᠪᠢ ᠳᠥᠷᠪᠡᠨ ᠬᠡᠰᠡᠭ ᠢ᠋ᠶ᠋ᠡᠷ ᠪᠦᠷᠢᠯᠳᠦᠭᠰᠡᠨ ᠶᠦᠮ᠃ ᠣᠷᠣᠢ ᠶ᠋ᠢᠨ ᠬᠡᠰᠡᠭ ᠨᠢ《ᠵᠢᠳᠠ ᠶ᠋ᠢᠨ ᠬᠡᠯᠪᠡᠷᠢ ᠲᠡᠢ᠂ ᠨᠢᠭᠡ ᠲᠣᠬᠣᠢ ᠰᠢᠬᠠᠮ ᠤᠷᠲᠤ᠂ ᠬᠣᠶᠠᠷ ᠲᠠᠯ᠎ᠠ ᠳ᠋ᠠᠭᠠᠨ ᠢᠷ ᠲᠡᠢ᠂ ᠭᠣᠣᠯ ᠢ᠋ᠶ᠋ᠠᠷ ᠢ᠋ᠶ᠋ᠠᠨ ᠵᠤᠵᠠᠭᠠᠨ᠂ ᠳᠣᠣᠷ᠎ᠠ ᠪᠠᠨ ᠣᠩᠭᠢ ᠲᠠᠢ ᠲᠡᠮᠦᠷ ᠡᠳ᠋ ᠶᠦᠮ》②᠃ ᠳᠤᠮᠳᠠ ᠬᠡᠰᠡᠭ ᠨᠢ ᠣᠩᠭᠢᠨ ᠤ᠋ ᠳᠡᠭᠡᠷ᠎ᠡ ᠬᠥᠪᠡᠭᠡᠨ ᠳ᠋ᠦ᠍ ᠮᠥᠩᠭᠥ ᠪᠡᠷ ᠴᠠᠷ᠎ᠠ ᠭᠠᠷᠭᠠᠵᠤ᠂ ᠲᠡᠭᠦᠨ ᠦ᠌ ᠬᠥᠪᠡᠭᠡ ᠪᠡᠷ ᠶᠢᠰᠦ ᠶᠢᠰᠦ ᠨᠠᠶᠠᠨ ᠨᠢᠭᠡᠨ ᠨᠦᠬᠡ ᠴᠣᠭᠣᠯᠵᠤ᠂ ᠬᠠᠷ᠎ᠠ ᠴᠠᠭᠠᠨ ᠢ᠋ᠶ᠋ᠠᠷ ᠠᠯᠠᠭᠯᠠᠭᠰᠠᠨ ᠮᠠᠨᠵᠢᠯᠠᠭ᠎ᠠ ᠶ᠋ᠢ ᠲᠠᠰᠠᠮ᠎ᠠ ᠪᠠᠷ ᠵᠣᠭᠣᠭᠯᠠᠭᠤᠯᠵᠤ ᠲᠣᠭᠲᠠᠭᠠᠵᠠᠢ᠃ ᠳᠣᠣᠷ᠎ᠠ ᠬᠡᠰᠡᠭ ᠨᠢ ᠠᠰᠬᠠᠨ ᠬᠤᠰᠤ ᠮᠣᠳᠣ ᠪᠠᠷ ᠬᠢᠭᠰᠡᠨ ᠰᠢᠯᠪᠢ ᠪᠣᠯᠤᠨ᠎ᠠ᠃ ᠦᠢᠯᠡᠳᠬᠦ ᠮᠡᠷᠭᠡᠵᠢᠯ ᠦ᠋ᠨ ᠰᠠᠢᠵᠢᠷᠠᠯᠲᠠ ᠠ᠋ᠴᠠ ᠪᠣᠯᠵᠤ ᠠᠯᠠᠭ ᠰᠦᠯᠳᠡ ᠶ᠋ᠢᠨ ᠬᠢᠯᠲᠡ ᠨᠢ ᠤᠯᠠᠮ ᠠ᠋ᠴᠠ ᠤᠯᠠᠮ ᠰᠠᠢᠬᠠᠨ ᠪᠣᠯᠬᠤ ᠨᠢ ᠵᠠᠢᠯᠠᠰᠢ ᠦᠭᠡᠢ᠃ ᠲᠡᠮᠳᠡᠭᠯᠡᠯ ᠢ᠋ ᠦᠨᠳᠦᠰᠦᠯᠡᠪᠡᠯ ᠠᠯᠠᠭ ᠰᠦᠯᠳᠡ ᠳ᠋ᠦ᠍ ᠪᠦᠳᠦᠭᠦᠨ ᠪᠠᠭ᠎ᠠ ᠪᠦᠷ ᠪᠠᠢᠨ᠎ᠠ᠃ ᠪᠦᠳᠦᠭᠦᠨ᠂ ᠨᠡᠯᠢᠶᠡᠳ ᠥᠨᠳᠥᠷ ᠣᠨᠴᠠᠭᠠᠢ ᠭᠠᠵᠠᠷ ᠳᠡᠭᠡᠷ᠎ᠡ ᠪᠣᠰᠬᠠᠬᠤ ᠳ᠋ᠤ᠌ ᠬᠡᠷᠡᠭᠯᠡᠳᠡᠭ᠃ ᠡᠭᠦᠨ ᠢ᠋ ᠨᠢᠭᠤᠷ ᠤ᠋ᠨ ᠲᠥᠪ ᠳᠤᠮᠳᠠ ᠪᠠᠨ 26×30 ᠰᠠᠨᠲ᠋ᠢᠮᠧᠲ᠋ᠷ ᠤᠨ ᠬᠡᠮᠵᠢᠶ᠎ᠡ ᠲᠡᠢ᠂ 16 ᠰᠠᠨᠲ᠋ᠢᠮᠧᠲ᠋ᠷ ᠭᠦᠨ᠂ ᠬᠣᠶᠠᠷ ᠨᠦᠬᠡ ᠲᠡᠢ ᠰᠠᠭᠤᠳᠠᠯ ᠴᠢᠯᠠᠭᠤ(ᠡᠨᠡ ᠨᠢ ᠶᠤᠸᠠᠨ ᠤ᠋ ᠳᠡᠭᠡᠳᠦ ᠨᠡᠢᠰᠯᠡᠯ ᠡᠴᠡ ᠪᠠᠷᠠᠭᠤᠨ ᠬᠣᠢᠨ᠎ᠠ ᠪᠠᠢᠭ᠎ᠠ ᠬᠠᠳᠠᠨᠲᠠᠶ ᠠᠭᠤᠯᠠ ᠶ᠋ᠢᠨ ᠣᠷᠣᠢ ᠳᠡᠭᠡᠷ᠎ᠡ ᠡᠴᠡ ᠭᠠᠷᠤᠭᠰᠠᠨ ᠰᠠᠭᠤᠳᠠᠯ ᠤ᠋ᠨ ᠴᠢᠯᠠᠭᠤ ᠪᠣᠯᠤᠨ᠎ᠠ) ᠨᠢ ᠭᠡᠷᠡᠴᠢᠯᠡᠨ ᠨᠤᠲᠠᠯᠠᠵᠤ ᠪᠣᠯᠬᠤ ᠶᠤᠮ᠃ ᠳᠠᠬᠢᠭᠠᠳ ᠬᠡᠯᠡᠪᠡᠯ ᠶᠤᠸᠠᠨ ᠤᠯᠤᠰ ᠤ᠋ᠨ ᠰᠢᠯᠦᠭᠴᠢ ᠵᠧᠦ ᠪᠦᠸᠧ ᠴᠢ ᠶ᠋ᠢᠨ 《ᠳᠡᠭᠡᠳᠦ ᠨᠡᠢᠰᠯᠡᠯ ᠤᠨ ᠪᠠᠷᠠᠭᠤᠨ ᠠᠭᠤᠯᠠᠨ᠎ᠠ(ᠬᠠᠳᠠᠨᠲᠠᠢ ᠠᠭᠤᠯᠠ ᠶ᠋ᠢ ᠵᠢᠭᠠᠵᠤ ᠪᠠᠢᠨ᠎ᠠ) ᠲᠢᠶᠧ ᠹᠠᠨ ᠭᠠᠨ ᠢ᠋ ᠪᠤᠰᠬᠠᠵᠤᠬᠤᠢ᠂ ᠲᠡᠭᠦᠨ ᠦ᠌ ᠥᠨᠳᠥᠷ ᠢᠨᠦ ᠬᠡᠳᠦᠨ ᠠᠷᠪᠠᠨ ᠵᠠᠩ ᠪᠠᠢᠮᠤᠢ》 ᠭᠡᠰᠡᠨ ᠲᠡᠮᠳᠡᠭᠯᠡᠯ ᠨᠢ ᠬᠡᠳᠦᠢᠪᠡᠷ ᠬᠡᠲᠦᠷᠡᠭᠦᠯᠦᠭᠰᠡᠨ ᠪᠣᠯᠪᠠᠴᠤ ᠠᠯᠠᠭ ᠰᠦᠯᠳᠡ (ᠲᠢᠶᠧ ᠹᠠᠨ ᠭᠠᠨ) ᠶᠢᠨ ᠥᠨᠳᠥᠷ ᠮᠥᠷᠲᠡᠭᠡᠨ ᠪᠦᠳᠦᠭᠦᠨ ᠢ᠋ ᠬᠠᠷᠠᠭᠤᠯᠵᠤ ᠴᠢᠳᠠᠨ᠎ᠠ᠃ ᠪᠠᠭ᠎ᠠ ᠶ᠋ᠢ ᠨᠢ ᠡᠷᠭᠦᠵᠦ ᠪᠠᠷᠢᠬᠤ ᠳ᠋ᠤ᠌ ᠬᠡᠷᠡᠭᠯᠡᠳᠡᠭ᠃ ᠡᠭᠦᠨ ᠢ᠋ 《ᠥᠭᠡᠯᠦᠨ ᠦᠵᠢᠨ ᠥᠪᠡᠷᠦᠨ ᠪᠡᠶ᠎ᠡ ᠪᠡᠷ ᠲᠤᠭ ᠪᠠᠷᠢᠵᠤ ᠮᠣᠷᠳᠠᠭᠠᠳ ᠣᠷᠬᠢᠵᠤ ᠨᠡᠭᠦᠭᠰᠡᠨ ᠢᠷᠭᠡᠳ ᠤᠨ ᠵᠠᠷᠢᠮ ᠢ᠋ ᠨᠢ ᠪᠤᠴᠠᠭᠠᠪᠠ) (《ᠮᠣᠩᠭᠣᠯ ᠤ᠋ᠨ ᠨᠢᠭᠤᠴᠠ ᠲᠣᠪᠴᠢᠶᠠᠨ》 ᠤ᠋ 44ᠳ᠋ᠦᠭᠡᠷ ᠨᠢᠭᠤᠷ ᠲᠤ᠌) ᠭᠡᠰᠡᠨ ᠲᠡᠮᠳᠡᠭᠯᠡᠯ ᠭᠡᠷᠡᠴᠢᠯᠡᠵᠦ ᠪᠣᠯᠤᠨ᠎ᠠ᠃ ᠠᠯᠠᠭ ᠲᠤᠭ ᠢ᠋ ᠬᠡᠳᠦᠢᠪᠡᠷ ᠪᠦᠳᠦᠭᠦᠨ ᠢ᠋ᠶ᠋ᠡᠷ ᠪᠤᠶᠤ ᠪᠠᠭ᠎ᠠ ᠪᠠᠷ ᠬᠢᠵᠦ ᠪᠣᠯᠬᠤ ᠪᠣᠯᠪᠠᠴᠤ ᠲᠡᠭᠦᠨ ᠦ᠌ ᠶᠠᠩᠵᠤ ᠬᠡᠯᠪᠡᠷᠢ ᠪᠠ ᠪᠦᠲᠦᠴᠡ ᠶ᠋ᠢᠨ ᠳᠣᠲᠣᠭᠠᠳᠤ ᠬᠠᠷᠢᠴᠠᠯ ᠢ᠋ ᠪᠦᠷ ᠬᠤᠪᠢᠷᠠᠭᠠᠵᠤ ᠪᠣᠯᠳᠠᠭ ᠦᠭᠡᠢ᠃ᠲᠡᠭᠦᠨ ᠤ ᠪᠦᠳᠦᠭᠦᠨ ᠪᠠᠭ᠎ᠠ ᠶ᠋ᠢ ᠪᠠᠷᠤᠭ ᠬᠡᠷᠡᠭᠴᠡᠭᠡ ᠪᠡᠨ ᠦᠨᠳᠦᠰᠦᠯᠡᠨ ᠲᠣᠭᠲᠠᠭᠠᠳᠠᠭ ᠪᠠᠢᠬ᠎ᠠ᠃
ᠠᠯᠠᠭ ᠲᠤᠭ ᠭᠡᠰᠡᠨ ᠨᠡᠷ᠎ᠡ ᠪᠣᠯ ᠠᠯᠠᠭ ᠰᠦᠯᠳᠡ ᠶ᠋ᠢᠨ ᠬᠠᠮᠤᠭ ᠡᠷᠲᠡᠨ ᠤ ᠨᠠᠷᠠ ᠨᠢ ᠪᠣᠯᠤᠨ᠎ᠠ᠃ ᠬᠠᠷᠠᠭᠴᠢᠨ ᠭᠠᠬᠠᠢ(1203 ᠣᠨ) ᠵᠢᠯ ᠲᠡᠮᠦᠵᠢᠨ ᠬᠡᠷᠡᠢᠳ ᠠᠢᠮᠠᠭ ᠢ᠋ ᠳᠣᠪᠲᠣᠯᠬᠤ ᠦᠶ᠎ᠡ ᠳ᠋ᠦ᠍ ᠸᠠᠩ ᠬᠠᠨ ᠵᠠᠮᠤᠬ᠎ᠠ ᠠ᠋ᠴᠠ᠄《ᠲᠡᠮᠦᠵᠢᠨ ᠬᠥᠪᠡᠭᠦᠨ ᠳ᠋ᠦ᠍ ᠪᠠᠢᠯᠳᠤᠵᠤ ᠴᠢᠳᠠᠮᠠᠷ ᠬᠥᠮᠦᠰ ᠬᠡᠨ ᠪᠣᠢ?》 ᠭᠡᠵᠦ ᠠᠰᠠᠭᠤᠭᠰᠠᠨ ᠳ᠋ᠤ᠌ ᠵᠠᠮᠤᠬ᠎ᠠ ᠥᠭᠦᠯᠡᠷᠦᠨ᠄《ᠲᠡᠨᠳᠡ ᠣᠷᠤᠭᠤᠳ ᠮᠠᠩᠭᠤᠳ ᠨᠠᠷ ᠪᠣᠢ᠂ ᠠᠯᠠᠭ ᠲᠤᠭ ᠲᠤ᠌ ᠬᠠᠷ᠎ᠠ ᠲᠤᠭ ᠲᠤ᠌ ᠲᠡᠳᠡᠨ ᠡᠴᠡ ᠠᠮᠢ ᠪᠠᠨ ᠬᠢᠴᠢᠶᠡᠲᠦᠭᠡᠢ》③ ᠭᠡᠰᠡᠨ ᠲᠡᠮᠳᠡᠭᠯᠡᠯ ᠢ᠋ ᠦᠨᠳᠦᠰᠦᠯᠡᠪᠡᠯ ᠮᠣᠩᠭᠣᠯ ᠤ᠋ᠨ ᠬᠠᠭᠠᠨᠲᠤ ᠤᠯᠤᠰ ᠢ᠋ ᠪᠠᠢᠭᠤᠯᠬᠤ ᠠ᠋ᠴᠠ ᠡᠮᠦᠨ᠎ᠡ᠂ ᠲᠡᠭᠦᠨ ᠢ᠋ ᠠᠯᠠᠭ ᠲᠤᠭ ᠭᠡᠵᠦ ᠨᠡᠷᠡᠢᠳᠴᠦ ᠪᠠᠢᠯ᠎ᠠ ᠭᠡᠳᠡᠭ ᠢ᠋ ᠨᠤᠲᠠᠯᠠᠨ ᠮᠡᠳᠡᠵᠦ ᠪᠣᠯᠤᠨ᠎ᠠ᠃ ᠲᠢᠶᠧ ᠹᠠᠨ ᠭᠠᠨ ᠭᠡᠰᠡᠨ ᠨᠡᠷ᠎ᠡ ᠪᠣᠯ ᠠᠯᠠᠭ ᠰᠦᠯᠳᠡ ᠶ᠋ᠢ ᠣᠷᠴᠢᠭᠤᠯᠵᠤ ᠨᠡᠷᠡᠯᠡᠭᠰᠡᠨ ᠨᠡᠷ᠎ᠡ ᠪᠢᠰᠢ᠂《ᠥᠪᠥᠷ ᠮᠣᠩᠭᠣᠯ ᠤ᠋ᠨ ᠡᠳᠦᠷ ᠤᠨ ᠰᠣᠨᠢᠨ》 ᠤ᠋ ᠮᠣᠩᠭᠣᠯ ᠬᠡᠪᠯᠡᠯ ᠦ᠋ᠨ2005 ᠤ᠋11 ᠰᠠᠷ᠎ᠠ ᠶ᠋ᠢᠨ20 ᠤ᠋ ᠡᠳᠦᠷ᠂《 ᠰᠢᠯᠢ ᠶ᠋ᠢᠨ ᠭᠣᠣᠯ ᠤ᠋ᠨ ᠡᠳᠦᠷ ᠤᠨ ᠰᠣᠨᠢᠨ》 ᠤ᠋ ᠬᠢᠲᠠᠳ ᠬᠡᠪᠯᠡᠯ ᠦ᠋ᠨ2006 ᠣᠨ ᠤ᠋2 ᠰᠠᠷ᠎ᠠ ᠶ᠋ᠢᠨ7 ᠤ᠋ ᠡᠳᠦᠷ ᠨᠡᠢᠲᠡᠯᠡᠭᠰᠡᠨ 《<ᠲᠢᠶᠧ ᠹᠠᠨ ᠭᠠᠨ> ᠭᠡᠳᠡᠭ ᠪᠣᠯ ᠡᠷᠲᠡᠨ ᠤ ᠮᠣᠩᠭᠣᠯᠴᠤᠳ ᠤ᠋ᠨ ᠠᠯᠠᠭ ᠰᠦᠯᠳᠡ ᠮᠥᠨ》 ᠭᠡᠰᠡᠨ ᠭᠠᠷᠴᠠᠭ ᠲᠠᠢ ᠨᠤᠲᠠᠯᠠᠯᠲᠠ ᠶ᠋ᠢᠨ ᠥᠭᠦᠯᠡᠯ ᠡᠴᠡ ᠶᠤᠸᠠᠨ ᠤᠯᠤᠰ ᠤ᠋ᠨ ᠳᠤᠮᠳᠠ ᠰᠡᠭᠦᠯᠴᠢ ᠶ᠋ᠢᠨ ᠦᠶ᠎ᠡ ᠶ᠋ᠢᠨ ᠬᠢᠲᠠᠳ ᠪᠢᠴᠢᠭᠲᠡᠨ ᠨᠠᠷ ᠠᠯᠠᠭ ᠲᠤᠭ ᠲᠤ᠌ ᠥᠭᠭᠦᠭᠰᠡᠨ ᠬᠣᠴᠢ ᠨᠡᠷ᠎ᠡ ᠪᠣᠯᠤᠨ᠎ᠠ ᠭᠡᠵᠦ ᠮᠡᠳᠡᠵᠦ ᠪᠣᠯᠤᠨ᠎ᠠ᠃ ᠮᠣᠩᠭᠣᠯ ᠤ᠋ᠨ ᠬᠠᠭᠠᠨᠲᠤ ᠤᠯᠤᠰ ᠪᠠᠢᠭᠤᠯᠤᠭᠰᠠᠨ ᠤ᠋ ᠬᠣᠢᠨ᠎ᠠ ᠳᠣᠪᠲᠣᠯᠬᠤ ᠲᠡᠢᠨ ᠦ᠌ ᠥᠷᠭᠡᠵᠢᠯᠲᠡ᠂ ᠠᠵᠤ ᠠᠬᠤᠢ ᠰᠣᠶᠣᠯ ᠤ᠋ᠨ ᠬᠠᠷᠢᠴᠠᠭ᠎ᠠ ᠶ᠋ᠢᠨ ᠬᠥᠭᠵᠢᠯᠲᠡ ᠶ᠋ᠢ ᠳᠠᠭᠠᠯᠳᠤᠨ ᠡᠯ᠎ᠡ ᠵᠦᠢᠯ ᠤᠨ ᠪᠥᠰ ᠲᠣᠷᠭᠠᠨ ᠲᠤᠭ ᠠᠭᠠᠵᠢᠮ ᠢ᠋ᠶ᠋ᠠᠷ ᠬᠡᠷᠡᠭᠯᠡᠵᠡᠢ᠃ ᠡᠭᠦᠨ ᠢ᠋ 《ᠮᠠᠷᠺᠣ ᠫᠣᠯᠣ ᠶ᠋ᠢᠨ ᠠᠶᠠᠯᠠᠯ ᠤ᠋ᠨ ᠲᠡᠮᠳᠡᠭᠯᠡᠯ》 ᠤᠨ ᠳᠥᠷᠪᠡᠳᠦᠭᠡᠷ ᠪᠦᠯᠦᠭ ᠦ᠋ᠨ 《ᠴᠠᠢᠵᠠ ᠶ᠋ᠢᠨ ᠣᠷᠣᠢ ᠳᠡᠭᠡᠷ᠎ᠡ ᠨᠠᠷᠠᠨ ᠰᠠᠷᠠᠨ ᠵᠢᠷᠤᠭᠰᠠᠨ ᠬᠠᠭᠠᠨ ᠤ᠋ ᠲᠤᠭ ᠢ᠋ ᠬᠡᠢᠰᠬᠡᠵᠦᠬᠦᠢ》 ᠭᠡᠰᠡᠨ ᠲᠡᠮᠳᠡᠭᠯᠡᠯ ᠨᠢ ᠭᠡᠷᠡᠴᠢᠯᠡᠵᠦ ᠪᠣᠯᠤᠨ᠎ᠠ᠃ ᠡᠭᠦᠨ ᠤ ᠵᠡᠷᠭᠡᠴᠡᠭᠡ ᠪᠡᠷ《ᠲᠤᠭ》 ᠨᠢ ᠠᠷᠪᠠᠨ ᠭᠤᠷᠪᠠᠳᠤᠭᠠᠷ ᠵᠠᠭᠤᠨ ᠤ᠋ ᠦᠶ᠎ᠡ ᠶ᠋ᠢᠨ ᠮᠣᠩᠭᠣᠯ ᠤ᠋ᠨ ᠲᠠᠯ᠎ᠠ ᠨᠤᠲᠤᠭ ᠲᠤ᠌ ᠭᠠᠷᠤᠭᠰᠠᠨ ᠣᠯᠠᠨ ᠠᠷᠪᠢᠨ ᠬᠤᠪᠢᠰᠤᠯᠲᠠ ᠵᠢᠴᠢ ᠮᠣᠩᠭᠣᠯ ᠤ᠋ᠨ ᠬᠠᠭᠠᠨᠲᠤ ᠤᠯᠤᠰ ᠢ᠋ ᠪᠠᠢᠭᠤᠯᠤᠭᠰᠠᠨ ᠠ᠋ᠴᠠ ᠬᠣᠢᠰᠢ ᠪᠣᠯᠤᠭᠰᠠᠨ ᠳᠣᠪᠲᠣᠯᠬᠤ ᠲᠡᠢᠨ ᠢ ᠥᠩᠭᠡᠷᠡᠭᠡᠵᠦ᠂ ᠪᠡᠯᠭᠡᠳᠡᠯᠲᠦ ᠴᠢᠨᠠᠷ ᠢ᠋ᠶ᠋ᠠᠨ ᠤᠯᠠᠮ ᠳᠣᠪᠣᠢᠯᠭᠠᠭᠰᠠᠨ ᠪᠠᠢᠨ᠎ᠠ᠂ ᠡᠭᠦᠨ ᠤ ᠤᠯᠠᠮ ᠢ᠋ᠶ᠋ᠠᠷ ᠲᠡᠷᠡ ᠨᠢ ᠪᠦᠬᠦ ᠮᠣᠩᠭᠣᠯᠴᠤᠳ ᠤ᠋ᠨ ᠰᠢᠲᠦᠳᠡᠭ ᠶᠠᠭᠤᠮ᠎ᠠ ᠪᠣᠯᠤᠭᠰᠠᠨ ᠢ᠋ᠶ᠋ᠠᠷ ᠪᠠᠷᠠᠬᠤ ᠦᠭᠡᠢ ᠬᠠᠷᠢᠨ ᠪᠤᠰᠤᠳ ᠦᠨᠳᠦᠰᠦᠲᠡᠨ ᠦ᠌ ᠬᠥᠮᠦᠨ ᠴᠦ᠍ ᠰᠢᠲᠦᠳᠡᠭ ᠪᠣᠯᠵᠠᠢ᠃ ᠡᠢᠮᠦ ᠨᠢᠭᠡᠨ ᠪᠠᠢᠳᠠᠯ ᠤ᠋ᠨ ᠳᠣᠣᠷ᠎ᠠ ᠬᠥᠮᠦᠰ《ᠲᠤᠭ》 ᠢ᠋ ᠡᠯ᠎ᠡ ᠵᠦᠢᠯ ᠤᠨ ᠪᠥᠰ ᠲᠣᠷᠭᠠᠨ ᠲᠤᠭ ᠠ᠋ᠴᠠ ᠢᠯᠭᠠᠬᠤ ᠶ᠋ᠢᠨ ᠲᠤᠯᠠᠳᠠ ᠡᠭᠦᠨ ᠢ᠋ ᠰᠦᠯᠳᠡ ᠭᠡᠵᠦ ᠬᠠᠯᠠᠨ ᠳᠠᠭᠤᠳᠠᠬᠤ ᠪᠣᠯᠤᠭᠰᠠᠨ ᠶᠤᠮ᠃ ᠡᠭᠦᠨ ᠡᠴᠡ ᠬᠣᠢᠰᠢ ᠲᠤᠭ ᠪᠠ ᠰᠦᠯᠳᠡ ᠨᠢ ᠲᠤᠰ ᠲᠤᠰ ᠤ᠋ᠨ ᠤᠬᠠᠭᠳᠠᠬᠤᠨ ᠲᠠᠢ ᠪᠣᠯᠵᠤ᠂ ᠰᠦᠯᠳᠡ ᠭᠡᠰᠡᠨ ᠦᠭᠡ ᠨᠢ ᠤᠤᠯ ᠤ᠋ᠨ 《ᠲᠤᠭ》 ᠭᠡᠰᠡᠨ ᠦᠭᠡᠨ ᠦ᠌ ᠤᠬᠠᠭᠳᠠᠬᠤᠨ ᠲᠠᠢ ᠪᠣᠯᠵᠤ᠂ ᠤᠤᠯ ᠤ᠋ᠨ 《ᠲᠤᠭ》 ᠭᠡᠰᠡᠨ ᠦᠭᠡ ᠨᠢ ᠥᠭᠡᠷ᠎ᠡ ᠨᠢᠭᠡᠨ ᠰᠢᠨ᠎ᠡ ᠤᠬᠠᠭᠳᠠᠬᠤᠨ᠂ ᠳᠠᠷᠤᠢ ᠣᠳᠣ ᠶ᠋ᠢᠨ ᠲᠤᠭ ᠤ᠋ᠨ ᠤᠬᠠᠭᠳᠠᠬᠤᠨ ᠲᠠᠢ ᠪᠣᠯᠵᠠᠢ᠃ ᠲᠡᠷᠡ ᠦᠶ᠎ᠡ ᠶ᠋ᠢᠨ ᠠᠯᠠᠭ ᠲᠤᠭ ᠨᠢ ᠠᠯᠠᠭ ᠰᠦᠯᠳᠡ ᠭᠡᠵᠦ ᠳᠠᠭᠤᠳᠠᠭᠳᠠᠵᠤ᠂ ᠠᠯᠠᠭ ᠰᠦᠯᠳᠡ ᠭᠡᠰᠡᠨ ᠨᠡᠷ᠎ᠡ ᠦᠭᠡ ᠨᠢ ᠮᠥᠨ ᠠᠯᠠᠭ ᠲᠤᠭ ᠭᠡᠰᠡᠨ ᠨᠡᠷ᠎ᠡ ᠦᠭᠡᠨ ᠦ᠌ ᠤᠬᠠᠭᠳᠠᠬᠤᠨ ᠲᠠᠢ ᠪᠣᠯᠤᠭᠠᠳ ᠥᠨᠥᠳᠥᠷ ᠪᠣᠯᠲᠠᠯ᠎ᠠ ᠬᠡᠷᠡᠭᠯᠡᠵᠦ ᠪᠠᠢᠨ᠎ᠠ᠃ ᠴᠣᠬᠣᠮ ᠠᠯᠢ ᠦᠶ᠎ᠡ ᠡᠴᠡ ᠡᠬᠢᠯᠡᠨ 《ᠲᠤᠭ》 ᠢ᠋《ᠰᠦᠯᠳᠡ》 ᠭᠡᠵᠦ ᠬᠠᠯᠠᠨ ᠳᠠᠭᠤᠳᠠᠭᠰᠠᠨ ᠢ᠋ ᠤᠯᠠᠮ ᠴᠢᠨᠠᠭᠰᠢᠳᠠ ᠨᠤᠲᠠᠯᠠᠬᠤ ᠬᠡᠷᠡᠭᠲᠡᠢ ᠪᠠᠢᠨ᠎ᠠ᠃
ᠬᠣᠶᠠᠷ
ᠲᠡᠦᠬᠡᠨ ᠮᠠᠲ᠋ᠧᠷᠢᠶᠠᠯ ᠤ᠋ᠨ ᠭᠡᠷᠡᠴᠢᠯᠡᠵᠦ ᠪᠠᠢᠬᠤ ᠪᠠᠷ ᠰᠢᠨ᠎ᠡ ᠬᠣᠲᠠ ᠶ᠋ᠢ ᠡᠬᠢᠯᠡᠨ ᠪᠠᠢᠭᠤᠯᠬᠤ ᠦᠶ᠎ᠡ ᠳ᠋ᠦ᠍(1256 ᠣᠨ) ᠬᠤᠪᠢᠯᠠᠢ(ᠭᠣᠪᠢ ᠶ᠋ᠢᠨ ᠡᠮᠦᠨᠡᠬᠢ ᠬᠢᠲᠠᠳ ᠣᠷᠣᠨ ᠤ᠋ ᠴᠡᠷᠢᠭ ᠵᠠᠰᠠᠭ ᠤ᠋ᠨ ᠶᠠᠪᠤᠳᠠᠯ ᠢ᠋ ᠶᠡᠷᠦᠩᠬᠡᠢᠯᠡᠨ ᠵᠠᠬᠢᠷᠤᠭᠴᠢ) ᠶᠢᠰᠦᠨᠪᠦ᠋ᠬᠡ (ᠰᠢᠨ᠎ᠡ ᠬᠣᠲᠠ ᠶ᠋ᠢᠨ ᠪᠠᠷᠢᠯᠭ᠎ᠠ ᠶ᠋ᠢᠨ ᠶᠡᠷᠦᠩᠬᠡᠢ ᠵᠢᠯᠣᠭᠣᠳᠤᠭᠴᠢ)᠂ ᠯᠢᠦ ᠪᠢᠩ ᠵᠦᠩ (ᠰᠢᠨ᠎ᠡ ᠬᠣᠲᠠ ᠶ᠋ᠢᠨ ᠪᠠᠷᠢᠯᠭ᠎ᠠ ᠶ᠋ᠢᠨ ᠵᠢᠷᠤᠨ ᠲᠥᠯᠥᠪᠯᠡᠭᠴᠢ) ᠳ᠋ᠦ᠍ ᠲᠢᠶᠧ ᠹᠠᠨ ᠭᠠᠨ ᠢ᠋ ᠪᠤᠰᠬᠠᠬᠤ ᠵᠠᠷᠯᠢᠭ ᠪᠠᠭᠤᠯᠭᠠᠪᠠ᠃ ᠯᠢᠦ ᠪᠢᠩ ᠵᠦᠩ ᠰᠢᠨ᠎ᠡ ᠬᠣᠲᠠ ᠶ᠋ᠢᠨ ᠪᠠᠷᠠᠭᠤᠨ ᠬᠣᠢᠨᠠᠬᠢ ᠠᠭᠤᠯᠠ ᠶ᠋ᠢ ᠰᠢᠯᠢᠨ ᠰᠣᠩᠭᠣᠵᠤ᠂ ᠶᠢᠰᠦᠨᠪᠦ᠋ᠬᠡ ᠪᠠᠷᠢᠯᠭ᠎ᠠ ᠶ᠋ᠢᠨ ᠬᠥᠮᠦᠰ ᠢ᠋ ᠵᠢᠯᠣᠭᠣᠳᠤᠨ ᠬᠠᠳᠠᠨᠲᠠᠶ ᠠᠭᠤᠯᠠ ᠶ᠋ᠢᠨ ᠣᠷᠣᠢ ᠳᠡᠭᠡᠷ᠎ᠡ ᠲᠢᠶᠧ ᠹᠠᠨ ᠭᠠᠨ (ᠠᠯᠠᠭ ᠰᠦᠯᠳᠡ) ᠶ᠋ᠢ ᠪᠤᠰᠬᠠᠬᠤ ᠠᠵᠢᠯ ᠢ᠋ ᠪᠡᠶᠡᠯᠡᠭᠦᠯᠵᠡᠢ᠃ ᠡᠨᠡ ᠨᠢ ᠡᠷᠲᠡᠨ ᠤ ᠮᠣᠩᠭᠣᠯᠴᠤᠳ ᠤ᠋ᠨ ᠬᠦᠷᠢᠶ᠎ᠡ ④ ᠪᠠᠭᠤᠵᠤ ᠲᠤᠭ ᠢ᠋ᠶ᠋ᠠᠨ ᠪᠤᠰᠬᠠᠵᠤ ᠳᠠᠬᠢᠳᠠᠭ ᠵᠠᠩᠰᠢᠯ ᠲᠠᠢ ᠨᠢᠭᠲᠠ ᠬᠣᠯᠪᠣᠭᠠᠲᠠᠢ ᠶᠤᠮ᠃ ᠲᠤᠬᠠᠢ ᠶ᠋ᠢᠨ ᠦᠶ᠎ᠡ ᠶ᠋ᠢᠨ ᠠᠯᠠᠭ ᠰᠦᠯᠳᠡ ᠳ᠋ᠦ᠍ ᠬᠢᠭᠰᠡᠨ ᠰᠠᠭᠤᠳᠠᠯ ᠤ᠋ᠨ ᠴᠢᠯᠠᠭᠤ ᠨᠢ ᠥᠨᠥ ᠪᠣᠯᠲᠠᠯ᠎ᠠ ᠬᠠᠳᠠᠨᠲᠠᠢ ᠠᠭᠤᠯᠠ ᠶ᠋ᠢᠨ ᠣᠷᠣᠢ ᠳᠡᠭᠡᠷ᠎ᠡ ᠪᠠᠢᠭ᠎ᠠ ᠨᠢ ᠠᠯᠠᠭ ᠰᠦᠯᠳᠡ(ᠲᠢᠶᠧ ᠹᠠᠨ ᠭᠠᠨ) ᠶᠢ ᠪᠣᠰᠬᠠᠨ ᠳᠠᠬᠢᠳᠠᠭ ᠢ᠋ ᠬᠠᠷᠠᠭᠤᠯᠵᠤ ᠪᠠᠢᠬᠤ ᠪᠠᠷ ᠦᠯᠦ ᠪᠠᠷᠠᠨ ᠠᠯᠠᠭ ᠰᠦᠯᠳᠡ ᠶ᠋ᠢᠨ ᠪᠤᠰᠬᠠᠭᠰᠠᠨ ᠭᠠᠵᠠᠷ ᠢ᠋ ᠴᠦ᠍ ᠭᠡᠷᠡᠴᠢᠯᠡᠵᠦ ᠪᠠᠢᠨ᠎ᠠ᠃ ᠰᠢᠶᠠᠨᠽᠦ᠋ᠩ ᠦ᠋ᠨ ᠨᠠᠢ᠍ᠮᠠᠳᠤᠭᠠᠷ ᠣᠨ (1258 ᠣᠨ) ᠤ᠋ ᠠᠷᠪᠠᠨ ᠨᠢᠭᠡᠨ ᠰᠠᠷ᠎ᠠ ᠳ᠋ᠤ᠌ ᠬᠤᠪᠢᠯᠠᠢ ᠵᠠᠷᠯᠢᠭ ᠢ᠋ ᠳᠠᠭᠠᠵᠤ ᠶᠡᠬᠡ ᠴᠡᠷᠢᠭ ᠳᠠᠭᠠᠭᠤᠯᠤᠨ ᠰᠥᠩ ᠤᠯᠤᠰ ᠢ᠋ ᠳᠣᠪᠲᠣᠯᠬᠤ ᠳ᠋ᠤ᠌ ᠤᠷᠢᠳ ᠢ᠋ᠶ᠋ᠠᠷ 《ᠺᠠᠢᠫᠢᠩ ᠬᠣᠲᠠ ᠶ᠋ᠢᠨ ᠵᠡᠭᠦᠨ ᠬᠣᠢᠨ᠎ᠠ ᠲᠤᠭ ᠢ᠋ᠶ᠋ᠠᠨ ᠳᠠᠬᠢᠭᠠᠳ ᠲᠤᠰ ᠡᠳᠦᠷ ᠲᠡᠭᠡᠨ ᠮᠣᠷᠳᠠᠪᠠ》⑤ ᠭᠡᠵᠡᠢ᠃ 《ᠺᠠᠢᠫᠢᠩ ᠬᠣᠲᠠ ᠶ᠋ᠢᠨ ᠵᠡᠭᠦᠨ ᠬᠣᠢᠨ᠎ᠠ》 ᠭᠡᠵᠦ ᠪᠠᠢᠭ᠎ᠠ ᠨᠢ ᠺᠠᠢᠫᠢᠩ ᠬᠣᠲᠠ ᠶ᠋ᠢᠨ ᠪᠠᠷᠠᠭᠤᠨ ᠬᠣᠢᠨ᠎ᠠ ᠪᠠᠢᠭ᠎ᠠ ᠬᠠᠲᠠᠨᠲᠠᠢ ᠠᠭᠤᠯᠠ ᠶ᠋ᠢ ᠵᠢᠭᠠᠵᠤ ᠪᠠᠢᠨ᠎ᠠ᠃ ᠡᠨᠡ ᠨᠢ ᠵᠦᠭ ᠴᠢᠭᠯᠡᠯ ᠤᠨ ᠳᠡᠭᠡᠷ᠎ᠡ ᠬᠡᠳᠦᠢᠪᠡᠷ ᠵᠡᠭᠦᠨ ᠬᠣᠢᠨ᠎ᠠ᠂ ᠪᠠᠷᠠᠭᠤᠨ ᠬᠣᠢᠨ᠎ᠠ ᠶ᠋ᠢᠨ ᠵᠢᠭᠠᠬᠠᠨ ᠵᠥᠷᠢᠶ᠎ᠡ ᠲᠡᠢ ᠪᠣᠯᠪᠠᠴᠤ ᠮᠣᠩᠭᠣᠯᠴᠤᠳ ᠤ᠋ᠨ 《ᠪᠠᠷᠠᠭᠤᠨ ᠵᠦᠭ ᠢ᠋ ᠳᠡᠭᠡᠳᠦᠯᠡᠬᠦ》 ᠰᠣᠶᠣᠯ ᠤ᠋ᠨ ᠰᠡᠳᠬᠢᠬᠦᠢ ᠪᠡᠷ ᠵᠦᠢᠴᠢᠯᠡᠨ ᠮᠠᠭᠠᠳᠯᠠᠪᠠᠯ《ᠵᠡᠭᠦᠨ》 ᠭᠡᠰᠡᠨ ᠨᠢ ᠵᠥᠪᠬᠡᠨ ᠵᠦᠭ ᠴᠢᠭᠯᠡᠯ ᠤᠨ ᠳᠡᠭᠡᠷᠡᠬᠢ ᠲᠡᠰᠢᠶ᠎ᠡ ᠲᠡᠳᠦᠢ ᠶᠦᠮ᠃《ᠲᠤᠭ ᠢ᠋ᠶ᠋ᠠᠨ ᠳᠠᠬᠢᠭᠠᠳ》 ᠭᠡᠳᠡᠭ ᠨᠢ ᠠᠯᠠᠭ ᠰᠦᠯᠳᠡ ᠪᠡᠨ ᠳᠠᠬᠢᠭᠠᠳ ᠭᠡᠰᠡᠨ ᠦᠭᠡ ᠪᠣᠯᠤᠨ᠎ᠠ᠃ ᠳᠡᠭᠡᠷᠡᠬᠢ ᠵᠠᠳᠠᠯᠤᠯᠲᠠ ᠶ᠋ᠢ ᠦᠨᠳᠦᠰᠦᠯᠡᠪᠡᠯ ᠬᠤᠪᠢᠯᠠᠢ ᠶ᠋ᠢᠨ ᠶᠡᠬᠡ ᠴᠡᠷᠢᠭ ᠬᠠᠳᠠᠨᠲᠠᠶ ᠠᠭᠤᠯᠠ ᠶ᠋ᠢᠨ ᠣᠷᠣᠢ ᠳᠡᠭᠡᠷᠡᠬᠢ ᠠᠯᠠᠭ ᠰᠦᠯᠳᠡ ᠪᠡᠨ ᠳᠠᠬᠢᠭᠠᠳ ᠲᠤᠰ ᠡᠳᠦᠷ ᠲᠡᠭᠡᠨ ᠮᠣᠷᠳᠠᠵᠠᠢ ᠭᠡᠵᠦ ᠣᠢᠯᠠᠭᠠᠵᠤ ᠪᠣᠯᠬᠤ ᠶᠤᠮ᠃ ᡁᠢ ᠵᠧᠩ ᠤᠨ ᠠᠷᠪᠠᠨ ᠨᠠᠢ᠍ᠮᠠᠳᠤᠭᠠᠷ ᠣᠨ(1358 ᠣᠨ) ᠳ᠋ᠤ᠌ ᠠᠯᠠᠭ ᠰᠦᠯᠳᠡ ᠨᠢ ᠳᠡᠭᠡᠳᠦ ᠨᠡᠢᠰᠯᠡᠯ ᠤᠨ ᠭᠠᠯᠳᠠᠭᠳᠠᠨ ᠡᠪᠳᠡᠯᠡᠭᠳᠡᠭᠰᠡᠨ ᠡᠴᠡ ᠪᠣᠯᠵᠤ ᠠᠯᠠᠭ᠎ᠠ ᠪᠣᠯᠵᠠᠢ᠃ ᠠᠯᠠᠭ ᠰᠦᠯᠳᠡ ᠭᠡᠰᠡᠨ ᠡᠨᠡ ᠬᠦ᠌ ᠤᠯᠠᠮᠵᠢᠯᠠᠯᠲᠤ ᠪᠡᠯᠭᠡᠳᠡᠯ ᠤᠨ ᠡᠳ᠋ ᠨᠢ ᠬᠠᠳᠠᠨᠲᠠᠢ ᠠᠭᠤᠯᠠ ᠶ᠋ᠢᠨ ᠣᠷᠣᠢ ᠳᠡᠭᠡᠷ᠎ᠡ ᠰᠦᠨᠳᠡᠷᠯᠡᠨ ᠵᠣᠭᠰᠣᠭᠠᠳ ᠨᠢᠭᠡᠨᠲᠡ
ᠵᠠᠭᠤ ᠪᠥᠭᠡᠳ ᠬᠣᠶᠠᠷ ᠵᠢᠯ ᠢ᠋ ᠥᠩᠭᠡᠷᠡᠭᠡᠵᠡᠢ᠃ ᠣᠳᠣ ᠦᠶ᠎ᠡ ᠶ᠋ᠢᠨ ᠦᠵᠡᠯ ᠤᠬᠠᠮᠰᠠᠷ ᠠ᠋ᠴᠠ ᠬᠡᠯᠡᠪᠡᠯ ᠠᠯᠠᠭ ᠰᠦᠯᠳᠡ ᠶ᠋ᠢ ᠪᠣᠰᠬᠠᠭᠰᠠᠨ ᠨᠢ ᠳᠠᠷᠤᠢ ᠲᠠᠯ᠎ᠠ ᠨᠤᠲᠤᠭ ᠤ᠋ᠨ ᠨᠡᠢᠰᠯᠡᠯ ᠬᠣᠲᠠ ᠶ᠋ᠢᠨ ᠲᠡᠦᠬᠡ ᠶ᠋ᠢᠨ ᠡᠬᠢᠯᠡᠯᠲᠡ ᠶ᠋ᠢ ᠬᠠᠷᠠᠭᠤᠯᠵᠤ᠂ ᠳᠡᠭᠡᠳᠦ ᠨᠡᠢᠰᠯᠡᠯ ᠤᠨ ᠭᠠᠵᠠᠷ ᠣᠷᠣᠨ ᠤ᠋ ᠠᠮᠤᠷ ᠲᠠᠢᠪᠤᠩ ᠢ᠋ ᠪᠡᠯᠭᠡᠳᠡᠵᠦ ᠪᠠᠢᠨ᠎ᠠ᠃ ᠠᠯᠠᠭ ᠰᠦᠯᠳᠡ ᠪᠣᠯ ᠮᠣᠩᠭᠣᠯ ᠲᠥᠷᠥ ᠶ᠋ᠢᠨ ᠭᠤᠷᠪᠠᠨ ᠶᠡᠬᠡ ᠢᠯᠠᠭᠤᠬᠤ ᠰᠦᠯᠳᠡ ᠶ᠋ᠢᠨ ᠨᠢᠭᠡ ᠨᠢ ᠪᠣᠯᠬᠤ ᠶᠤᠮ᠃ ᠲᠡᠭᠦᠨ ᠢ᠋ ᠬᠠᠮᠢᠭ᠎ᠠ ᠬᠡᠷᠡᠭᠯᠡᠪᠡᠯ ᠲᠡᠨᠳᠡ ᠢᠯᠠᠯᠲᠠ ᠣᠯᠵᠤ᠂ ᠲᠡᠨᠳᠡ ᠠᠮᠤᠷ ᠲᠠᠢᠪᠤᠩ ᠪᠣᠯᠳᠠᠭ᠂ ᠡᠢᠮᠦ ᠡᠴᠡ ᠲᠡᠷᠡ ᠨᠢ ᠪᠡᠯᠭᠡᠳᠡᠯ ᠦ᠋ᠨ ᠴᠢᠨᠠᠷ ᠲᠠᠢ ᠶᠤᠮ᠃ ᠡᠷᠲᠡᠨ ᠤ ᠦᠵᠡᠯ ᠤᠬᠠᠮᠰᠠᠷ ᠠ᠋ᠴᠠ ᠬᠡᠯᠡᠪᠡᠯ ᠡᠷᠲᠡᠨ ᠤ ᠮᠣᠩᠭᠣᠯᠴᠤᠳ ᠠᠯᠠᠭ ᠰᠦᠯᠳᠡ ᠶ᠋ᠢ ᠳᠣᠬᠢᠭᠤᠷ ᠳᠣᠯᠣᠭᠠᠨ ᠣᠳᠣᠨ ᠤ᠋ ᠪᠦᠷᠢᠯᠸ᠎ᠠ ᠪᠠᠷ ᠦᠵᠡᠵᠦ ᠲᠡᠭᠦᠨ ᠦ᠌ ᠭᠠᠢᠬᠠᠮᠰᠢᠭᠲᠤ ᠰᠦᠷ ᠬᠦᠴᠦᠨ ᠢ᠋ ᠦᠶ᠎ᠡ ᠶ᠋ᠢᠨ ᠦᠶ᠎ᠡ ᠳ᠋ᠡᠭᠡᠨ ᠰᠢᠲᠦᠵᠦ ᠪᠠᠢᠵᠠᠢ᠃ ᠡᠢᠮᠦ ᠡᠴᠡ ᠡᠷᠲᠡᠨ ᠦ᠌ ᠮᠣᠩᠭᠣᠯᠴᠤᠳ ᠠᠯᠠᠭ ᠰᠦᠯᠳᠡ ᠶ᠋ᠢ ᠲᠠᠬᠢᠵᠤ᠂ ᠥᠪᠡᠷ ᠤᠨ ᠠᠯᠢᠪᠠ ᠬᠦᠰᠡᠯ ᠢ᠋ᠶ᠋ᠡᠨ ᠠᠯᠠᠭ ᠰᠦᠯᠳᠡ ᠳ᠋ᠦ᠍ ᠳᠠᠭᠠᠳᠬᠠᠳᠠᠭ ᠶᠤᠮ᠃ ᠲᠤᠬᠠᠢ ᠶ᠋ᠢᠨ ᠦᠶ᠎ᠡ ᠳ᠋ᠦ᠍ ᠠᠯᠠᠭ ᠰᠦᠯᠳᠡ ᠶ᠋ᠢᠨ ᠭᠠᠢᠬᠠᠮᠰᠢᠭᠲᠤ ᠰᠦᠷ ᠬᠦᠴᠦᠨ ᠢ᠋ ᠰᠢᠲᠦᠳᠡᠭ ᠨᠢ ᠭᠠᠭᠴᠠ ᠮᠣᠩᠭᠣᠯᠴᠤᠳ ᠪᠢᠰᠢ ᠬᠠᠷᠢᠨ ᠪᠤᠰᠤᠳ ᠦᠨᠳᠦᠰᠦᠲᠡᠨ ᠦ᠌ ᠬᠥᠮᠦᠰ ᠴᠦ᠍ ᠪᠣᠢ᠃ ᠡᠭᠦᠨ ᠤ ᠲᠤᠬᠠᠢ ᠶᠤᠸᠠᠨ ᠤᠯᠤᠰ ᠤ᠋ᠨ ᠰᠡᠭᠦᠯᠴᠢ ᠶ᠋ᠢᠨ ᠰᠢᠯᠦᠭᠴᠢ ᠡᠦ ᠯᠢᠶᠠᠩ ᠴᠧᠩ ᠦ᠋ᠨ《ᠠᠯᠠᠭ ᠰᠦᠯᠳᠡ ᠰᠡᠬᠦᠢᠨ ᠰᠦᠨᠳᠡᠷᠯᠡᠭᠡᠳ ᠳᠠᠯᠠᠢ ᠶ᠋ᠢᠨ ᠤᠰᠤ ᠶ᠋ᠢ ᠰᠢᠷᠭᠢᠭᠡᠬᠦᠶᠡ᠂ ᠠᠶᠤᠯᠲᠤ ᠯᠤᠤ ᠨᠢᠰᠦᠨ ᠤᠳᠤᠭᠠᠳ ᠣᠭᠲᠠᠷᠭᠤᠢ ᠶ᠋ᠢᠨ ᠭᠦᠨ᠎ᠡ ᠪᠠᠯᠠᠷᠠᠵᠤᠬᠤᠢ》(《ᠳᠡᠭᠡᠳᠦ ᠨᠡᠢᠰᠯᠡᠯ》) ᠭᠡᠰᠡᠨ ᠨᠢᠭᠡ ᠪᠠᠳᠠᠭ ᠰᠢᠯᠦᠭ ᠪᠣᠯᠤᠨ ᠶᠤᠸᠠᠨ ᠤᠯᠤᠰ ᠤ᠋ᠨ ᠰᠡᠭᠦᠯᠴᠢ ᠶ᠋ᠢᠨ ᠦᠶ᠎ᠡ ᠶ᠋ᠢᠨ ᠰᠢᠯᠦᠭᠴᠢ ᠵᠧᠦ ᠪᠦᠸᠧ ᠴᠢ ᠶ᠋ᠢᠨ 《ᠳᠡᠭᠡᠳᠦ ᠨᠡᠢᠰᠯᠡᠯ ᠤᠨ ᠪᠠᠷᠠᠭᠤᠨ ᠠᠭᠤᠯᠠᠨ᠎ᠠ ᠲᠢᠶᠧ ᠹᠠᠨ ᠭᠠᠨ ᠪᠤᠰᠬᠠᠵᠤᠬᠤᠢ᠂ ᠥᠨᠳᠥᠷ ᠢᠨᠦ ᠬᠡᠳᠦᠨ ᠠᠷᠪᠠᠨ ᠵᠠᠩ ᠪᠠᠢᠮᠤᠢ᠂ ᠡᠭᠦᠨ ᠢ᠋ᠶ᠋ᠡᠷ ᠳᠠᠯᠠᠢ ᠳ᠋ᠠᠬᠢ ᠯᠤᠤ ᠶ᠋ᠢ ᠣᠨᠣᠭᠤᠯᠵᠤᠬᠤᠢ᠃ ᠰᠠᠨᠰᠺᠷᠢᠲ ᠤ᠋ᠨ ᠬᠡᠯᠡᠬᠦ ᠪᠡᠷ ᠡᠭᠦᠨ ᠢ᠋ᠶ᠋ᠡᠷ ᠳᠠᠷᠤᠯᠭ᠎ᠠ ᠪᠣᠯᠭᠠᠵᠤᠬᠤᠢ》⑥ ᠭᠡᠰᠡᠨ ᠡᠨᠡ ᠨᠢᠭᠡ ᠲᠡᠮᠳᠡᠭᠯᠡᠯ ᠪᠦᠷᠢᠨ ᠭᠡᠷᠡᠴᠢᠯᠡᠵᠦ ᠴᠢᠳᠠᠨ᠎ᠠ᠃ ᠡᠭᠦᠨ ᠡᠴᠡ ᠶᠤᠸᠠᠨ ᠤᠯᠤᠰ ᠤ᠋ᠨ ᠬᠥᠮᠦᠨ ᠲᠢᠶᠧ ᠹᠠᠨ ᠭᠠᠨ ᠢ᠋ ᠰᠢᠲᠦᠵᠦ ᠪᠠᠢᠵᠠᠢ ᠭᠡᠳᠡᠭ ᠢ ᠮᠡᠳᠡᠵᠦ ᠪᠣᠯᠤᠨ᠎ᠠ᠃ ᠲᠡᠦᠬᠡᠨ ᠮᠠᠲ᠋ᠧᠷᠢᠶᠠᠯ ᠤ᠋ᠨ ᠲᠡᠮᠳᠡᠭᠯᠡᠯ ᠢ᠋ ᠦᠨᠳᠦᠰᠦᠯᠡᠪᠡᠯ ᠤᠯᠤᠰ ᠠ᠋ᠴᠠ ᠲᠢᠶᠧ ᠹᠠᠨ ᠭᠠᠨ ᠪᠣᠯᠤᠨ ᠲᠡᠭᠦᠨ ᠤ ᠳᠠᠭᠠᠯᠲᠠ ᠶᠠᠭᠤᠮ᠎ᠠ ᠳ᠋ᠤ᠌ ᠣᠯᠠᠨ ᠤᠳᠠᠭᠠᠨ ᠤ᠋ ᠵᠠᠰᠠᠯᠲᠠ ᠬᠢᠭᠰᠡᠨ ᠪᠠ ᠲᠤᠰᠬᠠᠢ ᠬᠥᠮᠦᠨ ᠦ᠌ ᠬᠠᠮᠢᠶᠠᠷᠤᠯᠲᠠ ᠶ᠋ᠢ ᠬᠡᠷᠡᠭᠵᠢᠭᠦᠯᠵᠡᠢ᠃ ᠡᠭᠦᠨ ᠢ᠋ ᠲᠢᠶᠧ ᠹᠠᠨ ᠭᠠᠨ ᠤ᠋ ᠵᠠᠭᠤ ᠪᠥᠭᠡᠳ ᠬᠣᠶᠠᠷ ᠵᠢᠯ ᠤᠨ ᠲᠡᠦᠬᠡ ᠭᠡᠷᠡᠴᠢᠯᠡᠵᠦ ᠪᠣᠢ᠃ ᠬᠡᠷᠪᠡ ᠲᠤᠰᠬᠠᠢ ᠬᠥᠮᠦᠨ ᠲᠡᠭᠦᠨ ᠢ᠋ ᠵᠠᠰᠠᠭᠰᠠᠨ ᠪᠠ ᠬᠠᠮᠢᠶᠠᠷᠤᠭᠰᠠᠨ ᠦᠭᠡᠢ ᠶᠦᠮ ᠪᠣᠯ ᠲᠡᠷᠡ ᠨᠢ ᠤᠤᠯ ᠪᠠᠢᠳᠠᠯ ᠢ᠋ᠶ᠋ᠠᠨ ᠡᠳᠦᠢ ᠤᠳᠠᠭᠠᠨ ᠪᠠᠲᠤᠯᠠᠬᠤ ᠪᠣᠯᠤᠯᠴᠠᠭ᠎ᠠ ᠦᠭᠡᠢ ᠶᠦᠮ᠃ ᠪᠠᠰᠠ 《ᠶᠤᠸᠠᠨ ᠤᠯᠤᠰ ᠤᠨ ᠲᠡᠦᠬᠡ》 ᠳ᠋ᠦ᠍ ᠪᠢᠴᠢᠭᠳᠡᠭᠰᠡᠨ 《ᠲᠢᠶᠧ ᠹᠠᠨ ᠭᠠᠨ ᠳ᠋ᠤ᠌ ᠪᠤᠷᠬᠠᠨ ᠤ᠋ ᠶᠠᠪᠤᠳᠠᠯ ᠢ᠋ ᠬᠢᠯᠭᠡᠬᠦ ᠪᠡᠷ ᠠᠯᠲᠠ ᠵᠠᠭᠤᠨ ᠯᠠᠩ᠂ ᠮᠥᠩᠭᠥ ᠮᠢᠩᠭᠠᠨ ᠯᠠᠩ᠂ ᠵᠣᠭᠣᠰ᠂ ᠲᠣᠷᠭ᠎ᠠ ᠲᠤᠰ ᠪᠦᠷᠢ ᠵᠠᠩ ᠤ᠋ᠨ ᠬᠡᠰᠡᠭ(ᠣᠷᠢᠶᠠᠮᠠᠭ)᠂ ᠪᠠᠷᠠᠭ᠎ᠠ ᠬᠣᠶᠠᠷ ᠮᠢᠩᠭᠠᠨ ᠲᠣᠯᠣᠭᠠᠢ᠂ ᠴᠠᠭᠠᠰᠤᠨ ᠵᠣᠭᠣᠰ ᠲᠦᠮᠡᠨ ᠬᠡᠰᠡᠭ ᠢ᠋ ᠥᠭᠪᠡ》 ᠭᠡᠰᠡᠨ ᠲᠡᠮᠳᠡᠭᠯᠡᠯ ᠨᠢ ᠤᠯᠠᠮ ᠴᠢᠨᠠᠭᠰᠢᠳᠠ ᠭᠡᠷᠡᠴᠢᠯᠡᠵᠦ ᠪᠣᠯᠤᠨ᠎ᠠ᠃
ᠡᠬᠢᠨ ᠦ᠌ ᠦᠶ᠎ᠡ ᠳ᠋ᠦ᠍ ᠮᠣᠩᠭᠣᠯ ᠦᠨᠳᠦᠰᠦᠲᠡᠨ ᠤ ᠵᠠᠩᠰᠢᠯ ᠢ᠋ᠶ᠋ᠠᠷ ᠢ᠋ᠶ᠋ᠠᠨ ᠠᠯᠠᠭ ᠰᠦᠯᠳᠡ ᠶ᠋ᠢ ᠳᠠᠬᠢᠳᠠᠭ ᠪᠠᠢᠪᠠ᠂ ᡁᠢ ᠶᠤᠸᠠᠨ ᠤ᠋ ᠭᠤᠷᠪᠠᠳᠤᠭᠠᠷ ᠣᠨ(1266 ᠣᠨ) ᠠ᠋ᠴᠠ ᠬᠣᠢᠰᠢ᠂ ᠲᠥᠪᠡᠳ ᠬᠢᠲᠠᠳ᠂ ᠣᠨᠴᠠᠭᠠᠢᠯᠠᠨ ᠲᠥᠪᠡᠳ ᠤᠨ ᠰᠣᠶᠣᠯ ᠮᠣᠩᠭᠣᠯᠴᠤᠳ ᠤ᠋ᠨ ᠲᠠᠬᠢᠯᠭ᠎ᠠ ᠳ᠋ᠤ᠌ ᠨᠠᠪᠴᠢᠨ ᠣᠷᠣᠭᠰᠠᠨ ᠠ᠋ᠴᠠ ᠪᠣᠯᠵᠤ ᠲᠠᠬᠢᠯᠭ᠎ᠠ ᠶ᠋ᠢᠨ ᠬᠡᠯᠪᠡᠷᠢ᠂ ᠳᠡᠰ ᠳᠠᠷᠠᠭ᠎ᠠ ᠴᠠᠭ ᠵᠡᠷᠭᠡ ᠲᠠᠯ᠎ᠠ ᠪᠠᠷ ᠰᠢᠨ᠎ᠡ ᠶᠣᠰᠣ ᠳᠦᠷᠢᠮ ᠢ᠋ ᠲᠣᠭᠲᠠᠭᠠᠵᠤ᠂ ᠯᠠᠮᠠ ᠨᠠᠷ ᠢ᠋ᠶ᠋ᠠᠷ ᠠᠯᠠᠭ ᠰᠦᠯᠳᠡ ᠶ᠋ᠢᠨ ᠲᠠᠬᠢᠯᠭ᠎ᠠ ᠶ᠋ᠢᠨ ᠠᠵᠢᠯᠯᠠᠭ᠎ᠠ ᠶ᠋ᠢ ᠡᠷᠭᠢᠯᠡᠭᠦᠯᠬᠦ ᠪᠣᠯᠪᠠ᠃ ᠡᠨᠡ ᠲᠤᠬᠠᠢ ᠰᠢᠯᠦᠭᠴᠢ ᠸᠠᠩ ᠢ ᠶ᠋ᠢᠨ ᠪᠢᠴᠢᠭᠰᠡᠨ 《ᠠᠯᠠᠭ ᠰᠦᠯᠳᠡ ᠶ᠋ᠢᠨ ᠲᠠᠬᠢᠯᠭ᠎ᠠ ᠶ᠋ᠢᠨ ᠰᠢᠷᠡᠭᠡᠨ᠎ᠡ ᠵᠤᠯᠠ ᠶ᠋ᠢᠨ ᠭᠡᠷᠡᠯ ᠰᠠᠴᠤᠷᠠᠬᠤᠶ᠎ᠠ᠂ ᠨᠣᠮ ᠤ᠋ᠨ ᠳᠡᠪᠡᠯᠲᠦ ᠭᠡᠭᠡᠨ ᠯᠠᠮᠠ ᠰᠥᠨᠢ ᠲᠤᠵᠢ ᠲᠠᠷᠨᠢᠳᠠᠮᠤᠢ᠃ ᠰᠡᠴᠡᠨ ᠮᠡᠷᠭᠡᠨ ᠬᠠᠭᠠᠨ ᠤ᠋ ᠤᠭᠰᠠᠭᠠᠲᠠᠨ ᠬᠡᠰᠢᠭ ᠤᠨ ᠳᠠᠢᠯᠠᠯᠭ᠎ᠠ ᠬᠠᠢᠷᠠᠯᠠᠬᠤᠶ᠎ᠠ᠂ ᠰᠡᠷᠢᠭᠦᠨ ᠨᠠᠮᠤᠷ ᠤ᠋ᠨ ᠲᠤᠨᠤᠷᠠᠭᠰᠠᠨ ᠡᠭᠦᠯᠡ ᠦᠷ ᠤᠨ ᠭᠡᠭᠡ ᠶ᠋ᠢ ᠮᠡᠳᠡᠭᠡᠯᠡᠮᠦᠢ》⑦ ᠭᠡᠰᠡᠨ ᠬᠣᠶᠠᠷ ᠪᠠᠳᠠᠭ ᠰᠢᠯᠦᠭ ᠪᠦᠷᠢᠨ ᠭᠡᠷᠡᠴᠢᠯᠡᠵᠦ ᠪᠣᠯᠬᠤ ᠶᠤᠮ᠃ ᠰᠢᠯᠦᠭ ᠲᠦ᠍ 《ᠵᠤᠯᠠ ᠶ᠋ᠢᠨ ᠭᠡᠷᠡᠯ ᠰᠠᠴᠤᠷᠠᠬᠤᠶ᠎ᠠ》 ᠭᠡᠳᠡᠭ ᠨᠢ ᠠᠯᠠᠭ ᠰᠦᠯᠳᠡ ᠶ᠋ᠢ ᠲᠠᠬᠢᠬᠤ ᠪᠠᠷ ᠪᠠᠷᠢᠭᠰᠠᠨ ᠣᠯᠠᠨ ᠵᠦᠢᠯ ᠤᠨ ᠵᠤᠯᠠ ᠶ᠋ᠢ ᠬᠡᠯᠡᠵᠦ ᠪᠠᠢᠨ᠎ᠠ᠃ 《ᠨᠣᠮ ᠤ᠋ᠨ ᠳᠡᠪᠡᠯᠲᠦ ᠭᠡᠭᠡᠨ ᠯᠠᠮᠠ》 ᠭᠡᠳᠡᠭ ᠨᠢ ᠠᠯᠠᠭ ᠰᠦᠯᠳᠡ ᠶ᠋ᠢ ᠲᠠᠬᠢᠵᠤ ᠪᠠᠢᠭ᠎ᠠ ᠯᠠᠮᠠ ᠨᠠᠷ ᠢ᠋ ᠬᠡᠯᠡᠵᠦ ᠪᠠᠢᠨ᠎ᠠ᠂ 《ᠰᠥᠨᠢ ᠲᠤᠵᠢ ᠲᠠᠷᠨᠢᠳᠠᠮᠤᠢ》 ᠭᠡᠳᠡᠭ ᠨᠢ ᠠᠯᠠᠭ ᠰᠦᠯᠳᠡ ᠶ᠋ᠢᠨ ᠲᠠᠬᠢᠯᠭ᠎ᠠ ᠶ᠋ᠢᠨ ᠰᠠᠩ ᠢ᠋ ᠤᠩᠰᠢᠵᠤ ᠪᠠᠢᠬᠤ ᠶ᠋ᠢ ᠬᠡᠯᠡᠵᠦ ᠪᠠᠢᠨ᠎ᠠ᠃《ᠰᠡᠴᠡᠨ ᠮᠡᠷᠭᠡᠨ ᠬᠠᠭᠠᠨ ᠤ᠋ ᠤᠭᠰᠠᠭᠠᠲᠠᠨ ᠬᠡᠰᠢᠭ ᠤᠨᠳᠠᠢᠯᠠᠯᠭᠠ ᠬᠠᠢᠷᠠᠯᠠᠬᠤᠶ᠎ᠠ》 ᠭᠡᠳᠡᠭ ᠨᠢ ᠠᠯᠠᠭ ᠰᠦᠯᠳᠡ ᠪᠡᠨ ᠲᠠᠬᠢᠵᠤ ᠪᠠᠷᠠᠭᠰᠠᠨ ᠤ᠋ ᠬᠣᠢᠨ᠎ᠠ ᠬᠠᠮᠢᠶᠠᠷᠤᠭᠴᠢ ᠠ᠋ᠴᠠ ᠠᠯᠠᠭ ᠰᠦᠯᠳᠡ ᠶ᠋ᠢᠨ ᠲᠠᠬᠢᠯᠭ᠎ᠠ ᠳ᠋ᠤ᠌ ᠢᠷᠡᠭᠰᠡᠨ ᠪᠣᠳᠠᠰ ᠢ᠋ ᠣᠯᠠᠨ ᠳ᠋ᠤ᠌ ᠬᠤᠪᠢᠶᠠᠨ ᠥᠭᠭᠦᠭᠰᠡᠨ ᠢ᠋ ᠬᠡᠯᠡᠵᠦ ᠪᠠᠢᠨ᠎ᠠ᠃《ᠰᠡᠷᠢᠭᠦᠨ ᠨᠠᠮᠤᠷ ᠤ᠋ᠨ ᠲᠤᠨᠤᠷᠠᠭᠰᠠᠨ ᠡᠭᠦᠯᠡ ᠦᠷ ᠤᠨ ᠭᠡᠭᠡ ᠶ᠋ᠢ ᠮᠡᠳᠡᠭᠡᠯᠡᠮᠦᠢ》 ᠭᠡᠳᠡᠭ ᠨᠢ ᠲᠠᠬᠢᠯᠭ᠎ᠠ ᠳ᠋ᠤ᠌ ᠣᠷᠣᠯᠴᠠᠭᠰᠠᠨ ᠬᠥᠮᠦᠰ ᠲᠠᠬᠢᠯᠭ᠎ᠠ ᠶ᠋ᠢᠨ ᠠᠷᠢᠬᠢ᠂ ᠮᠢᠬ᠎ᠠ ᠵᠡᠷᠭᠡ ᠪᠣᠳᠠᠰ ᠢ᠋ ᠦᠷ ᠴᠠᠢᠲᠠᠯ᠎ᠠ ᠤᠤᠭᠤᠵᠤ ᠢᠳᠡᠭᠡᠳ ᠠᠯᠠᠭ ᠰᠦᠯᠳᠡ ᠶ᠋ᠢᠨ ᠬᠡᠰᠢᠭ ᠢ᠋ ᠬᠤᠪᠢᠶᠠᠨ ᠬᠦᠷᠲᠡᠵᠦ ᠪᠠᠢᠬᠤ ᠶ᠋ᠢ ᠬᠡᠯᠡᠵᠦ ᠪᠠᠢᠨ᠎ᠠ᠃ ᠡᠭᠦᠨ ᠡᠴᠡ ᠡᠨᠡ ᠨᠢ ᠠᠯᠠᠭ ᠰᠦᠯᠳᠡ ᠶ᠋ᠢᠨ ᠨᠠᠮᠤᠷ ᠤ᠋ᠨ ᠲᠠᠬᠢᠯᠭ᠎ᠠ ᠪᠣᠯᠬᠤ ᠶ᠋ᠢ ᠪᠠᠰᠠ ᠮᠡᠳᠡᠵᠦ ᠪᠣᠯᠤᠨ᠎ᠠ᠃ ᠰᠢᠯᠦᠭᠴᠢ ᠸᠠᠩ ᠢ ᠪᠣᠯ ᠠᠯᠠᠭ ᠰᠦᠯᠳᠡ ᠶ᠋ᠢᠨ ᠲᠠᠬᠢᠯᠭ᠎ᠠ ᠶ᠋ᠢᠨ ᠠᠵᠢᠯᠯᠠᠭ᠎ᠠ ᠳ᠋ᠤ᠌ ᠣᠷᠣᠯᠴᠠᠭᠰᠠᠨ ᠬᠥᠮᠦᠨ ᠪᠣᠯᠬᠣᠷ ᠲᠡᠭᠦᠨ ᠦ᠌ ᠡᠨᠡ ᠬᠣᠶᠠᠷ ᠪᠠᠳᠠᠭ ᠰᠢᠯᠦᠭ ᠨᠢ ᠬᠠᠮᠤᠭ ᠠ᠋ᠴᠠ ᠭᠡᠷᠡᠴᠢᠯᠡᠬᠦ ᠬᠦᠴᠦᠨ ᠲᠡᠢ ᠶᠦᠮ᠃ ᠪᠠᠰᠠ 《ᠮᠣᠩᠭᠣᠯ ᠲᠠᠬᠢᠯᠭ᠎ᠠ》 ᠭᠡᠰᠡᠨ ᠨᠣᠮ ᠤ᠋ᠨ ᠲᠡᠮᠳᠡᠭᠯᠡᠯ ᠢ᠋ ᠦᠨᠳᠦᠰᠦᠯᠡᠪᠡᠯ ᠶᠤᠸᠠᠨ ᠤᠯᠤᠰ ᠤ᠋ᠨ ᠦᠶ᠎ᠡ ᠳ᠋ᠦ᠍ ᠠᠯᠠᠭ ᠰᠦᠯᠳᠡ ᠶ᠋ᠢ ᠲᠠᠬᠢᠬᠤ ᠡᠨᠡ ᠬᠦ᠌ ᠬᠡᠯᠪᠡᠷᠢ ᠨᠢ ᠣᠷᠳᠣᠰ ᠤ᠋ᠨ ᠮᠣᠩᠭᠣᠯᠴᠤᠳ ᠤ᠋ᠨ ᠴᠢᠩ ᠭᠦᠷᠦᠨ ᠤ ᠦᠶ᠎ᠡ ᠳ᠋ᠦ᠍ ᠠᠯᠠᠭ ᠰᠦᠯᠳᠡ ᠪᠡᠨ ᠳᠠᠬᠢᠳᠠᠭ ᠬᠡᠯᠪᠡᠷᠢ ᠲᠡᠢ ᠠᠳᠠᠯᠢ ᠪᠠᠢᠬᠤ ᠮᠥᠷᠲᠡᠭᠡᠨ ᠢᠩᠭᠢᠵᠦ ᠲᠠᠬᠢᠬᠤ ᠬᠡᠯᠪᠡᠷᠢ ᠨᠢ 《ᠳᠤᠮᠳᠠᠳᠤ ᠢᠷᠭᠡᠨ ᠤᠯᠤᠰ ᠤ᠋ᠨ ᠦᠶ᠎ᠡ ᠪᠣᠯᠤᠭᠰᠠᠨ ᠴᠤ᠌ ᠦᠨᠳᠦᠰᠦᠨ ᠳ᠋ᠡᠭᠡᠨ ᠬᠤᠪᠢᠷᠠᠯᠲᠠ ᠦᠭᠡᠢ》⑧ ᠪᠠᠢᠵᠠᠢ᠃
ᠭᠤᠷᠪᠠ
ᠶᠤᠸᠠᠨ ᠤᠯᠤᠰ ᠤ᠋ᠨ ᠳᠠ ᠳᠧ ᠶ᠋ᠢᠨ ᠬᠣᠶᠠᠳᠤᠭᠠᠷ ᠣᠨ(1298 ᠣᠨ) ᠳ᠋ᠤ᠌ ᠲᠡᠮᠦᠷ ᠥᠯᠵᠡᠢᠲᠦ ᠬᠠᠭᠠᠨ᠂ ᠭᠦᠸᠧ ᠱᠧᠦ ᠵᠢᠩ ᠢ᠋ ᠳᠠᠭᠤᠳᠠᠵᠤ ᠳᠡᠭᠡᠳᠦ ᠨᠡᠢᠰᠯᠡᠯ ᠳ᠋ᠦ᠍ ᠢᠷᠡᠭᠦᠯᠦᠨ 《ᠲᠢᠶᠧ ᠹᠠᠨ ᠭᠠᠨ ᠭᠡᠰᠡᠨ ᠰᠤᠪᠠᠭ ᠢ᠋ ᠵᠠᠰᠠᠬᠤ ᠲᠤᠬᠠᠢ ᠶᠠᠷᠢᠯᠴᠠᠪᠠ》⑨ ᠡᠨᠳᠡ ᠲᠢᠶᠧ ᠹᠠᠨ ᠭᠠᠨ ᠭᠡᠰᠡᠨ ᠨᠡᠷ᠎ᠡ ᠦᠭᠡ ᠨᠢ ᠠᠩᠬ᠎ᠠ ᠤᠳᠠᠭ᠎ᠠ ᠰᠤᠪᠠᠭ ᠤ᠋ᠨ ᠨᠡᠷ᠎ᠡ ᠪᠡᠷ ᠢᠯᠡᠷᠡᠭᠰᠡᠨ ᠪᠠᠢᠨ᠎ᠠ (《ᠶᠤᠸᠠᠨ ᠤᠯᠤᠰ ᠤ᠋ᠨ ᠲᠡᠦᠬᠡ》 ᠭᠡᠰᠡᠨ ᠨᠣᠮ ᠤ᠋ᠨ 164 ᠳ᠋ᠦ᠍ᠭᠡᠷ ᠪᠣᠳᠢ)᠃ ᠡᠨᠡ ᠬᠦ᠌ ᠤᠰᠤ ᠲᠠᠯᠪᠢᠬᠤ ᠰᠤᠪᠠᠭ ᠲᠤ᠌ ᠨᠡᠷ᠎ᠡ ᠥᠭᠭᠦᠭᠰᠡᠨ ᠡᠴᠡ ᠦᠵᠡᠪᠡᠯ ᠶᠤᠸᠠᠨ ᠤᠯᠤᠰ ᠤ᠋ᠨ ᠳᠤᠮᠳᠠ ᠦᠶ᠎ᠡ (ᠲᠡᠮᠦᠷ ᠤᠨᠬᠠᠭᠠᠨ ᠰᠠᠭᠤᠷᠢᠨ ᠳ᠋ᠤ᠌ ᠰᠠᠭᠤᠭᠰᠠᠨ ᠡᠬᠢᠨ ᠦ᠌ ᠵᠢᠯ) ᠡᠴᠡ ᠠᠯᠠᠭ ᠰᠦᠯᠳᠡ ᠶ᠋ᠢ ᠲᠢᠶᠧ ᠹᠠᠨ ᠭᠠᠨ ᠭᠡᠵᠦ ᠳᠠᠭᠤᠳᠠᠬᠤ ᠪᠣᠯᠤᠭᠰᠠᠨ ᠭᠡᠳᠡᠭ ᠢ᠋ ᠨᠤᠲᠠᠯᠠᠨ ᠮᠡᠳᠡᠵᠦ ᠪᠣᠯᠤᠨ᠎ᠠ᠃ ᠡᠭᠦᠨ ᠡᠴᠡ ᠬᠣᠢᠰᠢ ᠡᠨᠡ ᠨᠢᠭᠡ ᠨᠡᠷ᠎ᠡ ᠨᠢ ᠶᠤᠸᠠᠨ ᠤᠯᠤᠰ ᠤ᠋ᠨ ᠳᠤᠮᠳᠠ ᠰᠡᠭᠦᠯᠴᠢ ᠶ᠋ᠢᠨ ᠦᠶ᠎ᠡ ᠶ᠋ᠢᠨ ᠰᠢᠯᠦᠭ᠂ ᠦᠯᠢᠭᠡᠷ ᠪᠣᠯᠤᠨ ᠳᠣᠮᠣᠭ ᠶᠠᠷᠢᠶᠠᠨ ᠳ᠋ᠤ᠌᠂ ᠣᠨᠴᠠᠭᠠᠢᠯᠠᠨ ᠰᠢᠯᠦᠭ ᠦ᠋ᠨ ᠳᠤᠮᠳᠠ ᠣᠯᠠᠨᠲᠠ ᠢᠯᠡᠷᠡᠬᠦ ᠪᠣᠯᠵᠠᠢ᠃ ᠵᠢᠱ᠌ᠢᠶᠡᠯᠡᠪᠡᠯ 《ᠲᠢᠶᠧ ᠹᠠᠨ ᠭᠠᠨ ᠤ᠋ ᠳᠣᠣᠷᠠᠬᠢ ᠡᠪᠡᠰᠦ ᠨᠣᠭᠣᠭᠠᠨ ᠳᠡᠪᠢᠰᠬᠡᠷ ᠮᠡᠲᠦ ᠨᠠᠮᠵᠢᠭᠤᠨ ᠲᠣᠭᠲᠠᠭᠤᠨ ᠳᠣᠷᠣᠨ᠎ᠠ ᠰᠠᠯᠬᠢᠨ ᠵᠢᠷᠭᠤᠭᠠᠨ ᠰᠠᠷ᠎ᠠ ᠶ᠋ᠢ ᠪᠣᠳᠣᠭᠳᠠᠭᠤᠯᠤᠮᠤᠢ》᠂ 《ᠲᠡᠷᠭᠡ ᠮᠣᠷᠢᠨ ᠵᠠᠮ ᠡᠯᠡᠰᠦ ᠮᠠᠩᠬᠠᠨ᠎ᠠ ᠭᠠᠢᠬᠠᠮᠰᠢᠭ ᠲᠠᠲᠠᠬᠤᠶᠠ᠂ ᠲᠢᠶᠧ ᠹᠠᠨ ᠭᠠᠨ ᠲᠡᠭᠷᠢ ᠶ᠋ᠢᠨ ᠬᠠᠭᠠᠰ ᠲᠤᠷ ᠥᠨᠢᠳᠡ ᠳᠠᠷᠪᠠᠯᠵᠠᠮᠤᠢ》 ᠭᠡᠬᠦ ᠮᠡᠲᠦ᠃ 《ᠯᠢᠶᠣᠣ ᠤᠯᠤᠰ ᠤ᠋ᠨ ᠲᠡᠦᠬᠡ》 ᠶ᠋ᠢᠨ ᠳ᠋ᠦᠩ ᠵᠢᠩ ᠴᠥᠯᠭᠡ ᠳ᠋ᠦ᠍ ᠬᠡᠳᠦᠢᠪᠡᠷ 《ᠲᠢᠶᠧ ᠹᠠᠨ ᠭᠠᠨ》 ᠭᠡᠰᠡᠨ ᠨᠡᠷ᠎ᠡ ᠦᠭᠡ ᠦᠵᠡᠭᠳᠡᠬᠦ ᠪᠣᠯᠪᠠᠴᠤ ᠡᠭᠦᠨ ᠢ ᠰᠡᠭᠦᠯ ᠳ᠋ᠦ᠍ ᠨᠢ ᠪᠢᠴᠢᠵᠦ ᠣᠷᠣᠭᠤᠯᠤᠭᠰᠠᠨ ᠶᠤᠮ᠃ ᠬᠤᠢ ᠽᠦᠩ ᠤᠨ ᠦᠶ᠎ᠡ ᠶ᠋ᠢᠨ ᠪᠢᠴᠢᠭ ᠤᠨ ᠬᠡᠯᠲᠡᠰ ᠤᠨ ᠡᠷᠬᠢᠯᠡᠭᠰᠡᠨ ᠰᠠᠢᠳ ᠸᠠᠩ ᠢ 《ᠯᠢᠶᠣᠣ ᠤᠯᠤᠰ ᠤ᠋ᠨ ᠲᠡᠦᠬᠡ》 ᠶ᠋ᠢ ᠨᠠᠢᠷᠠᠭᠤᠯᠤᠨ ᠪᠢᠴᠢᠬᠦ ᠳ᠋ᠡᠭᠡᠨ 《ᠲᠠᠪᠤᠨᠠᠩ ᠤ᠋ᠨ ᠰᠦᠮ᠎ᠡ》 ᠶ᠋ᠢᠨ ᠬᠣᠢᠨ᠎ᠠ 《ᠲᠢᠶᠧ ᠹᠠᠨ ᠭᠠᠨ ᠪᠠᠢᠬᠤ ᠪᠣᠯᠠᠢ》 ᠭᠡᠰᠡᠨ ᠲᠠᠪᠤᠨ ᠦᠰᠦᠭ ᠢ᠋ ᠨᠡᠮᠡᠵᠦ ᠣᠷᠣᠭᠤᠯᠤᠭᠠᠳ 《ᠲᠠᠪᠤᠨᠠᠩ ᠤ᠋ᠨ ᠰᠦᠮ᠎ᠡ》 ᠶ᠋ᠢ ᠲᠠᠢᠯᠪᠤᠷᠢᠯᠠᠭᠰᠠᠨ ᠲᠡᠳᠦᠢ ᠯᠡ ᠶᠦᠮ᠃ ᠵᠠᠷᠢᠮ ᠬᠥᠮᠦᠨ ᠠᠯᠠᠭ ᠰᠦᠯᠳᠡ ᠪᠣᠯ ᠮᠣᠩᠭᠣᠯᠴᠤᠳ ᠤ᠋ᠨ ᠰᠢᠲᠦᠭᠡᠨ ᠮᠥᠷᠲᠡᠭᠡᠨ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠮᠥᠨ᠂ ᠭᠡᠲᠡᠯ᠎ᠡ ᠶᠤᠸᠠᠨ ᠤᠯᠤᠰ ᠤ᠋ᠨ ᠴᠠᠭ ᠪᠠᠢᠲᠠᠯ᠎ᠠ ᠶᠠᠭᠠᠬᠢᠭᠠᠳ ᠲᠡᠭᠦᠨ ᠤ ᠨᠠᠷᠠ ᠪᠠᠷ ᠨᠢ ᠳᠠᠭᠤᠳᠠᠬᠤ ᠦᠭᠡᠢ ᠬᠠᠷᠢᠨ ᠲᠡᠭᠦᠨ ᠢ᠋ ᠲᠢᠶᠧ ᠹᠠᠨ ᠭᠠᠨ ᠭᠡᠵᠦ ᠳᠠᠭᠤᠳᠠᠬᠤ ᠪᠣᠯᠤᠭᠰᠠᠨ ᠪᠣᠢ ᠭᠡᠵᠦ ᠠᠰᠠᠭᠤᠬᠤ ᠮᠠᠭᠠᠳ ᠦᠭᠡᠢ᠃ ᠪᠢ ᠦᠵᠡᠪᠡᠯ ᠮᠣᠩᠭᠣᠯ ᠬᠢᠲᠠᠳ ᠢᠷᠭᠡᠳ ᠤᠨ ᠬᠣᠯᠢᠯᠳᠤᠨ ᠰᠠᠭᠤᠭᠰᠠᠨ ᠭᠠᠵᠠᠷ ᠣᠷᠣᠨ ᠳ᠋ᠤ᠌ ᠠᠪᠴᠤ ᠬᠡᠯᠡᠪᠡᠯ ᠡᠨᠡ ᠨᠢ ᠲᠡᠢᠮᠦ ᠰᠣᠨᠢᠨ ᠦᠵᠡᠭᠳᠡᠯ ᠪᠢᠰᠢ᠂ ᠵᠥᠪᠬᠡᠨ ᠶᠤᠸᠠᠨ ᠤᠯᠤᠰ ᠤ᠋ᠨ ᠳᠤᠮᠳᠠ᠂ ᠰᠡᠭᠦᠯᠴᠢ ᠶ᠋ᠢᠨ ᠦᠶ᠎ᠡ ᠶ᠋ᠢᠨ ᠬᠢᠲᠠᠳ ᠪᠢᠴᠢᠭᠲᠡᠨ ᠨᠠᠷ ᠠᠯᠠᠭ ᠰᠦᠯᠳᠡ ᠶ᠋ᠢ ᠲᠢᠶᠧ ᠹᠠᠨ ᠭᠠᠨ ᠭᠡᠵᠦ ᠨᠡᠷᠡᠢᠳᠦᠭᠰᠡᠨ ᠲᠡᠳᠦᠢ ᠶᠦᠮ᠃ ᠡᠢᠮᠦᠷᠬᠦᠦ ᠦᠵᠡᠭᠳᠡᠯ ᠨᠢ ᠶᠤᠸᠠᠨ ᠤ᠋ ᠦᠶ᠎ᠡ ᠶ᠋ᠢᠨ ᠨᠡᠢᠭᠡᠮ ᠳ᠋ᠦ᠍ ᠪᠠᠢᠬᠤ ᠶ᠋ᠢ ᠪᠦᠦ ᠬᠡᠯᠡ᠂ ᠣᠳᠣ ᠶ᠋ᠢᠨ ᠨᠡᠢᠭᠡᠮ ᠳ᠋ᠦ᠍ ᠴᠦ᠍ ᠭᠡᠳ ᠪᠠᠢᠭ᠎ᠠ ᠶᠤᠮ᠃ ᠨᠢᠭᠡ ᠨᠡᠢᠲᠡᠯᠢᠭ ᠵᠢᠱ᠌ᠢᠶ᠎ᠡ ᠲᠠᠲᠠᠵᠤ ᠬᠡᠯᠡᠪᠡᠯ 《ᠴᠡᠬᠡ》 ᠪᠣᠯ ᠭᠡᠭᠦᠦ ᠶ᠋ᠢᠨ ᠰᠦ ᠪᠡᠷ ᠢᠰᠬᠡᠵᠦ ᠪᠦᠲᠦᠭᠡᠭᠰᠡᠨ ᠮᠣᠩᠭᠣᠯ ᠦᠨᠳᠦᠰᠦᠲᠡᠨ ᠤᠯᠠᠮᠵᠢᠯᠠᠯᠲᠤ ᠳᠡᠭᠡᠳᠦ ᠵᠡᠷᠭᠡ ᠶ᠋ᠢᠨ ᠤᠮᠳᠠᠭᠠᠨ ᠪᠣᠯᠤᠨ᠎ᠠ᠃ ᠡᠭᠦᠨ ᠢ᠋ ᠬᠤᠷᠢᠮ ᠤ᠋ᠨ ᠶᠣᠰᠣᠯᠠᠯ᠂ ᠳᠠᠢᠯᠠᠯᠭ᠎ᠠ ᠪᠣᠯᠤᠨ ᠭᠡᠢᠴᠢᠨ ᠵᠣᠴᠢᠯᠠᠬᠤ ᠳ᠋ᠤ᠌ ᠪᠦᠷ ᠥᠯᠵᠡᠢᠲᠦ ᠤᠮᠳᠠᠭᠠᠨ ᠪᠣᠯᠭᠠᠨ ᠬᠡᠷᠡᠭᠯᠡᠳᠡᠭ᠃ ᠡᠢᠮᠦ ᠡᠴᠡ 《ᠴᠡᠭᠡ》 ᠪᠣᠯ ᠮᠠᠨ ᠤ᠋ ᠭᠠᠵᠠᠷ ᠣᠷᠣᠨ ᠳ᠋ᠤ᠌ ᠠᠪᠴᠤ ᠬᠡᠯᠡᠪᠡᠯ ᠨᠡᠯᠢᠶᠡᠳ ᠳᠠᠰᠤᠯ ᠨᠡᠷ᠎ᠡ ᠪᠣᠯᠤᠨ᠎ᠠ᠂ ᠪᠠᠷᠤᠭ ᠤ᠋ᠨ ᠬᠥᠮᠦᠨ ᠪᠦᠷ ᠲᠡᠭᠦᠨ ᠢ᠋ ᠮᠡᠳᠡᠬᠦ ᠶᠣᠰᠣᠲᠠᠢ᠃ ᠭᠡᠲᠡᠯ᠎ᠡ ᠴᠥᠭᠡᠨ ᠪᠤᠰᠤ ᠬᠥᠮᠦᠨ 《ᠴᠡᠭᠡ》 ᠶ᠋ᠢ 《马奶酒》 ᠭᠡᠵᠦ ᠳᠠᠭᠤᠳᠠᠳᠠᠭ᠃ ᠳᠠᠬᠢᠭᠠᠳ ᠬᠡᠯᠡᠪᠡᠯ 《ᠴᠡᠭᠡ》 ᠶ᠋ᠢ ᠨᠡᠷᠡᠵᠦ ᠪᠦᠲᠦᠭᠡᠳᠡᠭ ᠦᠭᠡᠢ ᠪᠣᠯᠬᠣᠷ ᠲᠡᠭᠦᠨ ᠢ᠋ 《马奶酒》 ᠭᠡᠵᠦ ᠳᠠᠭᠤᠳᠠᠬᠤ ᠨᠢ ᠬᠡᠯᠡᠯᠭᠡᠨ ᠦᠭᠡᠢ ᠪᠤᠷᠤᠭᠤ ᠶᠤᠮ᠃ ᠡᠢᠮᠦ ᠪᠣᠯᠤᠯ᠎ᠠ ᠴᠤ᠌ ᠭᠡᠰᠡᠨ 《马奶酒》 ᠭᠡᠰᠡᠨ ᠨᠡᠷ᠎ᠡ ᠨᠢ ᠪᠠᠰᠠ ᠯᠠ ᠥᠷᠭᠡᠨ ᠢ᠋ᠶ᠋ᠡᠷ ᠬᠡᠷᠡᠭᠯᠡᠭᠳᠡᠵᠦ ᠪᠠᠢᠨ᠎ᠠ᠃ ᠡᠢᠮᠦ ᠤᠴᠢᠷ ᠠ᠋ᠴᠠ ᠰᠦᠯᠳᠡ ᠶ᠋ᠢ ᠶᠠᠭᠠᠬᠢᠭᠠᠳ ᠲᠢᠶᠧ ᠹᠠᠨ ᠭᠠᠨ ᠭᠡᠵᠦ ᠳᠠᠭᠤᠳᠠᠭᠰᠠᠨ ᠪᠣᠢ ᠭᠡᠰᠡᠨ ᠠᠰᠠᠭᠤᠳᠠᠯ ᠢ᠋ ᠵᠠᠳᠠᠯᠤᠮᠠᠷ ᠤᠴᠢᠷ ᠦᠭᠡᠢ᠃
ᠡᠨᠳᠡ ᠪᠠᠰᠠ ᠲᠢᠶᠧ ᠹᠠᠨ ᠭᠠᠨ ᠢ᠋ ᠨᠤᠲᠠᠯᠠᠬᠤ ᠰᠤᠳᠤᠯᠤᠯᠲᠠ ᠶ᠋ᠢᠨ ᠳᠤᠮᠳᠠ ᠲᠣᠬᠢᠶᠠᠯᠳᠤᠭᠰᠠᠨ ᠬᠣᠶᠠᠷ ᠠᠰᠠᠭᠤᠳᠠᠯ ᠤ᠋ᠨ ᠲᠤᠬᠠᠢ ᠶᠠᠷᠢᠶ᠎ᠠ᠄ (ᠨᠢᠭᠡ) ᠲᠢᠶᠧ ᠹᠠᠨ ᠭᠠᠨ ᠨᠢ ᠴᠠᠭᠠᠨ ᠰᠦᠯᠳᠡ ᠪᠤᠶᠤ ᠬᠠᠷ᠎ᠠ ᠰᠦᠯᠳᠡ ᠶ᠋ᠢᠨ ᠨᠢᠭᠡ ᠨᠢ ᠪᠢᠰᠢ ᠤᠤ? ᠪᠢᠰᠢ᠃ ᠴᠠᠭᠠᠨ ᠰᠦᠯᠳᠡ ᠪᠣᠯᠤᠨ ᠬᠠᠷ᠎ᠠ ᠰᠦᠯᠳᠡ ᠨᠢ ᠬᠡᠳᠦᠢᠪᠡᠷ ᠠᠯᠠᠭ ᠰᠦᠯᠳᠡ ᠲᠡᠢ ᠨᠢᠭᠡ ᠠᠳᠠᠯᠢᠬᠠᠨ ᠢᠯᠠᠭᠤᠭᠰᠠᠨ ᠰᠦᠯᠳᠡ ᠮᠥᠨ ᠪᠥᠭᠡᠳ ᠡᠷᠲᠡᠨ ᠦ᠌ ᠬᠥᠮᠦᠨ ᠲᠡᠭᠦᠨ ᠢ᠋ ᠷᠢᠳᠢ ᠰᠢᠳᠢ ᠲᠡᠢ ᠶᠠᠭᠤᠮ᠎ᠠ ᠪᠠᠷ ᠦᠵᠡᠳᠡᠭ ᠪᠣᠯᠪᠠᠴᠤ ᠲᠡᠭᠦᠨ ᠢ᠋ ᠬᠡᠷᠡᠭᠯᠡᠬᠦ ᠭᠠᠵᠠᠷ ᠨᠢ ᠬᠠᠷᠢᠨ ᠬᠣᠭᠣᠷᠣᠨᠳᠣ ᠪᠠᠨ ᠠᠳᠠᠯᠢ ᠦᠭᠡᠢ ᠪᠠᠢᠳᠠᠭ᠃ ᠰ· ᠵᠠᠮᠪᠠᠯᠳᠣᠷᠵᠢ ᠶ᠋ᠢᠨ 《ᠮᠣᠩᠭᠣᠯ ᠨᠢᠭᠤᠴᠠ ᠶ᠋ᠢᠨ ᠬᠡᠯᠬᠢᠶ᠎ᠡ》 ᠭᠡᠰᠡᠨ ᠨᠣᠮ ᠳ᠋ᠤ᠌ 《ᠴᠠᠭᠠᠨ ᠰᠦᠯᠳᠡ ᠶ᠋ᠢ ᠭᠣᠣᠯᠳᠠᠭᠤ ᠡᠩᠬᠡᠵᠢᠬᠦ ᠶ᠋ᠢᠨ ᠦᠢᠯᠡ ᠳ᠋ᠦ᠍ ᠬᠡᠷᠡᠭᠯᠡᠳᠡᠭ ᠪᠠᠢᠵᠠᠢ᠃ ᠡᠷᠲᠡᠨ ᠤ ᠮᠣᠩᠭᠣᠯ ᠲᠥᠷᠥ ᠶ᠋ᠢᠨ ᠶᠣᠰᠣᠨ ᠳ᠋ᠤ᠌ ᠶᠢᠰᠦᠨ ᠬᠥᠯᠲᠦ ᠴᠠᠭᠠᠨ ᠰᠦᠯᠳᠡ ᠪᠡᠨ ᠪᠣᠰᠬᠠᠵᠤ ᠡᠵᠡᠨ ᠬᠠᠭᠠᠨ ᠢ᠋ᠶ᠋ᠠᠨ ᠰᠢᠷᠡᠭᠡᠨ ᠳ᠋ᠦ᠍ ᠨᠢ ᠵᠠᠯᠠᠳᠠᠭ ᠵᠠᠩᠰᠢᠯ ᠲᠠᠢ ᠪᠠᠢᠪᠠ》᠂ 《ᠡᠷᠲᠡᠨ ᠦ᠌ ᠮᠣᠩᠭᠣᠯ ᠴᠡᠷᠢᠭ ᠤᠨ ᠰᠦᠯᠳᠡ ᠨᠢ ᠳᠥᠷᠪᠡᠨ ᠬᠥᠯᠲᠦ ᠬᠠᠷ᠎ᠠ ᠰᠦᠯᠳᠡ ᠭᠡᠵᠦ ᠪᠠᠢᠪᠠ》᠂ 《ᠡᠩᠬᠡᠵᠢᠨ ᠪᠠ ᠴᠡᠷᠢᠭ ᠦ᠋ᠨ ᠠᠯᠢ ᠠᠯᠢᠨ ᠳ᠋ᠤ᠌ ᠨᠢ ᠴᠦ᠍ ᠬᠡᠷᠡᠭᠯᠡᠳᠡᠭ ᠨᠢᠭᠡᠨ ᠰᠦᠯᠳᠡ ᠨᠢ ᠠᠯᠠᠭ ᠰᠦᠯᠳᠡ ᠶᠦᠮ》 ⑩ ᠭᠡᠵᠦ ᠲᠡᠮᠳᠡᠭᠯᠡᠭᠰᠡᠨ ᠪᠠᠢᠳᠠᠭ᠃ ᠡᠭᠦᠨ ᠡᠴᠡ ᠦᠵᠡᠪᠡᠯ ᠬᠠᠳᠠᠨᠲᠠᠶ ᠠᠭᠤᠯᠠ ᠶ᠋ᠢᠨ ᠣᠷᠣᠢ ᠳᠡᠭᠡᠷ᠎ᠡ ᠪᠤᠰᠬᠠᠭᠰᠠᠨ ᠲᠢᠶᠧ ᠹᠠᠨ ᠭᠠᠨ ᠪᠣᠯ ᠴᠠᠭᠠᠨ ᠰᠦᠯᠳᠡ ᠪᠢᠰᠢ ᠬᠠᠷ᠎ᠠ ᠰᠦᠯᠳᠡ ᠴᠦ᠍ ᠪᠢᠰᠢ ᠶᠦᠮ᠃ ᠲᠡᠷᠡ ᠪᠣᠯ ᠠᠯᠠᠭ ᠰᠦᠯᠳᠡ ᠮᠥᠨ ᠭᠡᠵᠦ ᠨᠤᠲᠠᠯᠠᠭᠰᠠᠨ ᠶᠤᠮ᠃(ᠬᠣᠶᠠᠷ) ᠲᠢᠶᠧ ᠹᠠᠨ ᠭᠠᠨ ᠨᠢ 《ᠮᠣᠤ ᠳ᠋ᠣᠣ》 (旄纛) ᠪᠢᠰᠢ ᠤᠤ? ᠨᠡᠩ ᠴᠦ᠍ ᠪᠢᠰᠢ᠃《ᠦᠭᠡᠰ ᠤᠨ ᠳᠠᠯᠠᠢ》 (《辞海》) ᠶᠢᠨ ᠳᠣᠲᠣᠷᠠᠬᠢ 《ᠡᠷᠲᠡᠨ ᠦ᠌ ᠴᠠᠭ ᠲᠤ᠌ ᠲᠤᠭ ᠤ᠋ᠨ ᠡᠰᠢ ᠶ᠋ᠢᠨ ᠲᠣᠯᠣᠭᠠᠢ ᠳᠡᠭᠡᠷ᠎ᠡ ᠰᠠᠷᠯᠤᠭ ᠦᠬᠡᠷ ᠦ᠋ᠨ ᠰᠡᠭᠦᠯ ᠢ᠋ᠶ᠋ᠡᠷ ᠵᠠᠰᠠᠯ ᠴᠢᠮᠡᠭ ᠬᠢᠳᠡᠭ᠃ ᠮᠣᠤ ᠪᠣᠯ ᠡᠢᠮᠦ ᠶᠠᠩᠵᠤ ᠶ᠋ᠢᠨ ᠵᠠᠰᠠᠯ ᠴᠢᠮᠡᠭ ᠲᠡᠢ ᠲᠤᠭ ᠢ᠋ ᠵᠢᠭᠠᠳᠠᠭ》᠂ 《ᠳ᠋ᠣᠣ ᠪᠣᠯ ᠡᠷᠲᠡᠨ ᠤ ᠦᠶ᠎ᠡ ᠶ᠋ᠢᠨ ᠴᠡᠷᠢᠭ ᠠᠩᠭᠢ ᠪᠤᠶᠤ ᠶᠣᠰᠣᠯᠠᠯ ᠤ᠋ᠨ ᠴᠡᠷᠢᠭ ᠤᠨ ᠶᠡᠬᠡ ᠲᠤᠭ ᠪᠣᠯᠤᠨ᠎ᠠ》 ᠭᠡᠰᠡᠨ ᠦᠭᠡᠰ ᠤᠨ ᠲᠠᠨᠢᠯᠴᠠᠭᠤᠯᠭ᠎ᠠ ᠶ᠋ᠢ ᠦᠨᠳᠦᠰᠦᠯᠡᠪᠡᠯ《ᠮᠣᠤ ᠳ᠋ᠣᠣ》 ᠪᠣᠯ ᠲᠤᠭ ᠤ᠋ᠨ ᠡᠰᠢ ᠶ᠋ᠢᠨ ᠲᠣᠯᠣᠭᠠᠢ ᠳᠡᠭᠡᠷ᠎ᠡ ᠰᠠᠷᠯᠤᠭ ᠦᠬᠡᠷ ᠤᠨ ᠰᠡᠭᠦᠯ ᠢ᠋ᠶ᠋ᠡᠷ ᠵᠠᠰᠠᠯ ᠴᠢᠮᠡᠭ ᠬᠢᠭᠰᠡᠨ ᠡᠷᠲᠡᠨ ᠦ᠌ ᠴᠡᠷᠢᠭ ᠦ᠋ᠨ ᠲᠤᠭ ᠮᠥᠨ ᠭᠡᠵᠦ ᠣᠢᠯᠠᠭᠠᠵᠤ ᠪᠣᠯᠤᠨ᠎ᠠ᠃ ᠨᠢᠭᠡ ᠤᠯᠤᠰ ᠪᠠ ᠦᠨᠳᠦᠰᠦᠲᠡᠨ᠂ ᠬᠠᠷᠢ ᠠᠯᠠᠭ ᠰᠦᠯᠳᠡ ᠶ᠋ᠢᠨ ᠰᠠᠭᠤᠳᠠᠯ ᠴᠢᠯᠠᠭᠤ ᠤᠯᠤᠰ ᠪᠠ ᠦᠨᠳᠦᠰᠦᠲᠡᠨ ᠦ᠌ ᠰᠣᠶᠣᠯ ᠤ᠋ᠨ ᠨᠥᠯᠥᠭᠡ ᠶ᠋ᠢ ᠬᠦᠯᠢᠶᠡᠬᠦ ᠨᠢ ᠠᠶᠠᠨᠳᠠᠭᠠᠨ ᠤ᠋ ᠤᠴᠢᠷ ᠶᠤᠮ᠃ ᠭᠡᠪᠡᠴᠦ ᠨᠢᠭᠡ ᠢᠯᠠᠭᠴᠢ ᠳᠤ ᠠᠪᠴᠤ ᠬᠡᠯᠡᠪᠡᠯ ᠢᠯᠠᠭᠳᠠᠭᠰᠠᠨ ᠤᠯᠤᠰ ᠦᠨᠳᠦᠰᠦᠲᠡᠨ ᠤ ᠴᠡᠷᠢᠭ ᠣᠨ ᠳᠣᠭ ᠢ᠋ ᠨᠢ ᠠᠪᠴᠤ ᠬᠡᠷᠡᠭᠯᠡᠬᠦ᠂ ᠴᠢᠨᠠᠭᠰᠢᠯᠠᠪᠠᠯ ᠪᠢᠰᠢᠷᠡᠨ ᠬᠦᠨᠳᠦᠳᠬᠡᠬᠦ ᠪᠣᠯᠤᠯᠴᠠᠭ᠎ᠠ ᠵᠢᠭᠠᠬᠠᠨ ᠴᠤ᠌ ᠦᠭᠡᠢ᠃ ᠡᠢᠮᠦ ᠡᠴᠡ ᠬᠠᠳᠠᠨᠲᠠᠶ ᠠᠭᠤᠯᠠ ᠶ᠋ᠢᠨ ᠣᠷᠣᠢ ᠳᠡᠭᠡᠷ᠎ᠡ ᠪᠣᠰᠬᠠᠵᠤ ᠪᠠᠢᠭᠰᠠᠨ ᠲᠢᠶᠧ ᠹᠠᠨ ᠭᠠᠨ ᠪᠣᠯ ᠮᠣᠤ ᠴᠤ᠌ ᠪᠢᠰᠢ᠂ ᠳ᠋ᠣᠣ ᠴᠤ᠌ ᠪᠢᠰᠢ᠂ ᠲᠡᠷᠡ ᠪᠣᠯ ᠳᠠᠷᠤᠢ ᠠᠯᠠᠭ ᠰᠦᠯᠳᠡ ᠮᠥᠨ ᠭᠡᠵᠦ ᠨᠤᠲᠠᠯᠠᠭᠰᠠᠨ ᠶᠤᠮ᠃
ᠡᠷᠳᠡᠮᠲᠡᠨ ᠮᠡᠷᠭᠡᠳ ᠦ᠋ᠨ ᠮᠠᠷᠭᠤᠨ ᠥᠭᠦᠯᠡᠬᠦ ᠶ᠋ᠢ ᠴᠢᠩ ᠰᠡᠳᠬᠢᠯ ᠡᠴᠡ ᠬᠦᠰᠡᠵᠦ ᠪᠠᠢᠨ᠎ᠠ᠃
ᠵᠡᠭᠦᠯᠲᠡ
① ᠲᠢᠶᠧ ᠹᠠᠨ ᠭᠠᠨ ᠪᠣᠯ ᠶᠤᠸᠠᠨ ᠤᠯᠤᠰ ᠤ᠋ᠨ ᠰᠡᠭᠦᠯᠴᠢ ᠶ᠋ᠢᠨ ᠬᠢᠲᠠᠳ ᠪᠢᠴᠢᠭᠲᠡᠨ ᠨᠠᠷ ᠤ᠋ᠨ ᠠᠯᠠᠭ ᠰᠦᠯᠳᠡ ᠳ᠋ᠦ᠍ ᠥᠭᠭᠦᠭᠰᠡᠨ ᠬᠣᠴᠢ ᠨᠡᠷ᠎ᠡ ᠪᠣᠯᠤᠨ᠎ᠠ᠃ ᠰᠢᠨ᠎ᠡ ᠬᠣᠲᠠ ᠶ᠋ᠢ ᠪᠠᠢᠭᠤᠯᠬᠤ (1256 ᠣᠨ) ᠦᠶ᠎ᠡ ᠳ᠋ᠦ᠍ ᠠᠯᠠᠭ ᠰᠦᠯᠳᠡ ᠶ᠋ᠢ ᠳᠡᠭᠡᠳᠦ ᠨᠡᠢᠰᠯᠡᠯ ᠦ᠋ᠨ ᠪᠠᠷᠠᠭᠤᠨ ᠬᠣᠢᠨᠠᠬᠢ ᠬᠠᠳᠠᠨᠲᠠᠶ ᠠᠭᠤᠯᠠ ᠶ᠋ᠢᠨ ᠣᠷᠣᠢ ᠳᠡᠭᠡᠷ᠎ᠡ ᠪᠤᠰᠬᠠᠵᠠᠢ᠃ ᡁᠢ ᠵᠧᠩ ᠤᠨ ᠠᠷᠪᠠᠨ ᠨᠠᠢ᠍ᠮᠠᠳᠤᠭᠠᠷ ᠤ᠋ᠨ(1358 ᠣᠨ) ᠳ᠋ᠤ᠌ ᠳᠡᠭᠡᠳᠦ ᠨᠡᠢᠰᠯᠡᠯ ᠭᠠᠯᠳᠠᠭᠳᠠᠨ ᠡᠪᠳᠡᠯᠡᠭᠳᠡᠭᠰᠡᠨ ᠡᠴᠡ ᠲᠡᠷᠡ ᠠᠯᠠᠭ᠎ᠠ ᠪᠣᠯᠪᠠ᠃
②⑩ (ᠮᠣᠩᠭᠣᠯ ᠤᠯᠤᠰ) ᠰ · ᠵᠠᠮᠪᠠᠯᠳᠣᠷᠵᠢ : 《ᠮᠣᠩᠭᠣᠯ ᠨᠢᠭᠤᠴᠠ ᠶ᠋ᠢᠨ ᠬᠡᠯᠬᠢᠶ᠎ᠡ》᠂ 《ᠲᠥᠷᠥ ᠶ᠋ᠢᠨ ᠬᠠᠮᠤᠭ ᠤ᠋ᠨ ᠡᠷᠲᠡᠨ ᠦ᠌ ᠰᠦᠯᠳᠡ》 ᠶ᠋ᠢᠨ ᠬᠡᠰᠡᠭ ᠲᠦ᠍᠃
③《 ᠮᠣᠩᠭᠣᠯ ᠤ᠋ᠨ ᠨᠢᠭᠤᠴᠠ ᠲᠣᠪᠴᠢᠶᠠᠨ》 ᠤ᠋170 ᠳ᠋ᠤᠭᠠᠷ ᠨᠢᠭᠤᠷ᠃
④ 《 ᠮᠣᠩᠭᠣᠯ ᠤ᠋ᠨ ᠨᠢᠭᠤᠴᠠ ᠲᠣᠪᠴᠢᠶᠠᠨ》 ᠤ᠋ ᠬᠣᠶᠠᠳᠤᠭᠠᠷ ᠪᠣᠳᠢ ᠳ᠋ᠤ᠌ ᠪᠠᠢᠬᠤ ᠨᠠᠷᠢᠨ ᠲᠠᠢᠯᠪᠤᠷᠢ ᠶ᠋ᠢ ᠦᠵᠡᠭᠡᠷᠡᠢ᠃
⑤⑨ 《元史》第四节。
⑥ 周伯琦:《立秋日书事五首》,《近光集》,卷二,内蒙古大学图书馆抄本。
⑦ 王沂:《伊滨集》,卷十二。
⑧ ᠰᠠᠢᠨᠵᠢᠷᠭᠠᠯ:《ᠮᠣᠩᠭᠣᠯ ᠲᠠᠬᠢᠯᠭ᠎ᠠ》᠂ ᠦᠨᠳᠦᠰᠦᠲᠡᠨ ᠤ ᠬᠡᠪᠯᠡᠯ ᠤᠨ ᠬᠣᠷᠢᠶ᠎ᠠ᠂ 2001 ᠣᠨ᠂ 316 ᠳ᠋ᠤᠭᠠᠷ ᠨᠢᠭᠤᠷ ᠲᠤ᠌᠃
2007 ᠣᠨ ᠤ᠋ 3 ᠰᠠᠷ᠎ᠠ
【ᠵᠣᠬᠢᠶᠠᠯ ᠤ᠋ᠨ ᠲᠠᠨᠢᠯᠴᠠᠭᠤᠯᠭ᠎ᠠ】 ᠲᠤᠰ ᠵᠣᠬᠢᠶᠠᠯ ᠪᠣᠯ 《ᠲᠢᠶᠧ ᠹᠠᠨ ᠭᠠᠨ》 ᠢ᠋ ᠡᠷᠲᠡᠨ ᠤ ᠮᠣᠩᠭᠣᠯᠴᠤᠳ ᠤ᠋ᠨ ᠠᠯᠠᠭ ᠰᠦᠯᠳᠡ ᠮᠥᠨ ᠭᠡᠵᠦ ᠮᠠᠭᠠᠳᠯᠠᠭᠰᠠᠨ ᠠ᠋ᠴᠠ ᠬᠣᠢᠰᠢ ᠠᠯᠠᠭ ᠰᠦᠯᠳᠡ ᠶ᠋ᠢ ᠲᠠᠢᠯᠪᠤᠷᠢᠯᠠᠨ ᠥᠭᠦᠯᠡᠬᠦ ᠪᠡᠷ ᠳᠠᠮᠵᠢᠭᠤᠯᠵᠤ᠂ 《ᠲᠢᠶᠧ ᠹᠠᠨ ᠭᠠᠨ》 ᠭᠡᠳᠡᠭ ᠨᠢ ᠶᠠᠭᠤ ᠪᠣᠯᠬᠤ ᠶ᠋ᠢ ᠴᠢᠨᠠᠭᠰᠢᠳᠠ ᠲᠠᠨᠢᠯᠴᠠᠭᠤᠯᠵᠠᠢ᠃ ᠲᠤᠰ ᠵᠣᠬᠢᠶᠠᠯ ᠨᠢ 《ᠳᠡᠭᠡᠳᠦ ᠨᠠᠢᠰᠠᠯᠡᠯ ᠤᠨ ᠰᠣᠶᠣᠯ ᠤ᠋ᠨ ᠰᠤᠳᠤᠯᠤᠯ》 ᠭᠡᠰᠡᠨ ᠨᠣᠮ ᠳ᠋ᠤ᠌ ᠰᠣᠩᠭᠣᠭᠳᠠᠨ ᠣᠷᠣᠵᠠᠢ᠃
ᠵᠣᠬᠢᠶᠠᠭᠴᠢ

