ᠱᠠᠩᠬᠠᠢ ᠭᠥᠯᠢᠮ -ᠴᠠᠭᠠᠨᠪᠠᠷᠰShankhai gölöm-TsagaanbarШанхай гөлөм-Цагаанбар
ᠱᠠᠩᠬᠠᠢ ᠭᠥᠯᠢᠮ
ᠬᠣᠷᠴᠢᠨ ᠠᠷᠠᠳ ᠤ᠋ᠨ ᠳᠠᠭᠤᠤ
ᠴᠠᠭᠠᠨᠪᠠᠷᠰ ᠳᠠᠭᠤᠯᠠᠪᠠ
ᠵᠢᠷᠣᠭ᠎ᠠ ᠰᠠᠢᠲᠠᠢ ᠮᠣᠷᠢ ᠪᠠᠨ ᠪᠠᠢᠪᠠᠯ
ᠠᠪᠤᠭᠠᠳ ᠢᠷᠡᠨ᠎ᠡ ᠤᠤ ? ᠮᠥᠮᠥ ᠮᠢᠨᠢ ᠳᠡ ᠬᠦᠢ
ᠵᠠᠭᠤᠨ ᠯᠠᠩ ᠤ᠋ᠨ ᠱᠠᠩᠬᠠᠢ ᠭᠥᠯᠢᠮ ᠠ᠋
ᠬᠡᠭᠡᠷ ᠮᠣᠷᠢᠨ ᠤ᠋ ᠴᠢᠮᠡᠭ ᠶᠦ᠍ᠮ ᠠ᠋ ᠬᠦᠢ
ᠠᠯᠬᠤᠭ᠎ᠠ ᠶᠤ᠌ ᠰᠠᠢᠲᠠᠢ ᠮᠣᠷᠢ ᠪᠠᠨ ᠪᠠᠢᠪᠠᠯ
ᠠᠪᠤᠭᠠᠳ ᠢᠷᠡᠨ᠎ᠡ ᠤᠤ ? ᠮᠥᠮᠥ ᠮᠢᠨᠢ ᠠ᠋ ᠬᠦᠢ
ᠠᠷᠪᠠᠨ ᠯᠠᠩ ᠤ᠋ᠨ ᠱᠠᠩᠬᠠᠢ ᠭᠥᠯᠢᠮ ᠠ᠋
ᠬᠡᠭᠡᠷ ᠮᠣᠷᠢᠨ ᠤ᠋ ᠴᠢᠮᠡᠭ ᠶᠦ᠍ᠮ ᠠ᠋ ᠬᠦᠢ
ᠠᠯᠠᠭᠯᠠᠭᠤᠯᠤᠭᠠᠳ ᠣᠶᠣᠭᠰᠠᠨ ᠶᠤᠮ ᠠ᠋ ᠬᠦᠢ
ᠠᠩᠭ᠎ᠠ ᠶ᠋ᠢᠨ ᠴᠢᠨᠢ ᠠᠯᠴᠢᠭᠤᠷ ᠤ᠋ᠳ ᠠ᠋ ᠬᠦᠢ
ᠠᠪᠤ ᠪᠣᠯᠣᠳ ᠮᠥᠮᠥ ᠶ᠋ᠢᠨ ᠢ᠋ᠶ᠋ᠡᠨ
ᠠᠮᠤᠷ ᠮᠡᠨᠳᠦ ᠪᠡᠨ ᠢᠯᠡᠭᠡᠭᠰᠡᠨ ᠶᠦᠮ ᠠ᠋ ᠬᠦᠢ
ᠡᠷᠭᠢᠭᠦᠯᠦᠭᠡᠳ ᠣᠶᠣᠭᠰᠠᠨ ᠶᠤᠮ ᠠ᠋ ᠬᠦᠢ
ᠡᠷᠪᠡᠬᠡᠢ ᠲᠡᠢ ᠠᠯᠴᠢᠭᠤᠷ ᠢ᠋ ᠳᠡ ᠬᠦᠢ
ᠡᠭᠡᠴᠢ ᠵᠡᠬᠡᠵᠡᠢ ᠶ᠋ᠢᠨ ᠢ᠋ᠶ᠋ᠡᠨ ᠡᠷᠡᠭᠦᠯ ᠮᠡᠨᠳᠦ ᠶ᠋ᠢ
ᠠᠰᠠᠭᠤᠵᠤ ᠪᠠᠢᠭᠠᠳ ᠢᠯᠡᠭᠡᠭᠰᠡᠨ ᠶᠦ᠍ᠮ ᠠ᠋ ᠬᠦᠢ
ᠦᠰᠦᠭ ᠠᠮᠢᠯᠠᠭᠤᠯᠤᠭᠰᠠᠨ ᠨᠢ᠄ ᠭᠠᠸᠠ
ᠦᠰᠦᠭ ᠬᠠᠲᠠᠭᠰᠠᠨ ᠨᠢ ᠄ ᠭᠠᠸᠠ
ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
ᠬᠢᠨᠠᠭᠴᠢ ᠄ᠢᠷᠡᠭᠡᠳᠦᠢ
