ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-2> Сүлдийн соёлын судлал – Минжуур<дээд-2> ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-2> Сүлдийн соёлын судлал – Минжуур<дээд-2>

ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-2> Сүлдийн соёлын судлал – Минжуур<дээд-2>

ᠠᠩᠭᠢᠯᠠᠯ:ᠵᠠᠩ ᠦᠢᠯᠡ
2026-02-02

167

《ᠲᠢᠶᠧ ᠹᠠᠨ ᠭᠠᠨ》 ᠭᠡᠳᠡᠭ ᠶᠠᠭᠤᠮ᠎ᠠ ᠪᠣᠯ ᠡᠷᠲᠡᠨ ᠤ ᠮᠣᠩᠭᠣᠯᠴᠤᠳ ᠤ᠋ᠨ ᠠᠯᠠᠭ ᠰᠦᠯᠳᠡ ᠮᠥᠨ


       ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠬᠠᠭᠤᠴᠢ ᠪᠠᠭᠤᠷᠢ ᠠ᠋ᠴᠠ ᠪᠠᠷᠠᠭᠤᠨ ᠬᠣᠢᠰᠢ 2200  ᠮᠧᠲ᠋ᠷ ᠤᠨ ᠵᠠᠢ ᠲᠠᠢ ᠨᠢᠭᠡ ᠠᠭᠤᠯᠠ ᠪᠣᠢ᠃《ᠶᠤᠸᠠᠨ ᠤᠯᠤᠰ ᠤ᠋ᠨ ᠲᠡᠦᠬᠡ》 ᠳ᠋ᠦ᠍ ᠡᠨᠡ ᠠᠭᠤᠯᠠ ᠶ᠋ᠢ ᠲᠢᠶᠧ ᠹᠠᠨ ᠭᠠᠨ ᠠᠭᠤᠯᠠ ᠭᠡᠵᠦ ᠨᠡᠷᠡᠯᠡᠳᠡᠭ᠂ ᠣᠳᠣ ᠬᠠᠳᠠᠨᠲᠠᠶ ᠠᠭᠤᠯᠠ ᠭᠡᠵᠦ ᠨᠡᠷᠡᠯᠡᠵᠦ ᠪᠣᠢ᠃  ᠡᠨᠡ ᠠᠭᠤᠯᠠ ᠶ᠋ᠢᠨ ᠣᠷᠣᠢ ᠳᠡᠭᠡᠷ᠎ᠡ ᠨᠢᠭᠡ ᠤᠷᠲᠤ ᠪᠠᠷ ᠢ᠋ᠶ᠋ᠠᠨ 2.1 ᠮᠧᠲ᠋ᠷ᠂ ᠥᠷᠭᠡᠨ ᠢ᠋ᠶ᠋ᠡᠷ ᠢ᠋ᠶ᠋ᠡᠨ 1.1 ᠮᠧᠲ᠋ᠷ᠂ ᠵᠤᠵᠠᠭᠠᠨ ᠢ᠋ᠶ᠋ᠠᠷ ᠢ᠋ᠶ᠋ᠠᠨ 0.6 ᠮᠧᠲ᠋ᠷ᠂ ᠨᠢᠭᠤᠷ ᠲᠠᠯ᠎ᠠ ᠳᠡᠭᠡᠷ᠎ᠡ ᠪᠡᠨ ᠵᠡᠷᠭᠡᠴᠡᠭᠰᠡᠨ ᠬᠣᠶᠠᠷ ᠨᠦᠬᠡ ᠲᠡᠢ ᠤᠷᠲᠤ ᠳᠥᠷᠪᠡᠯᠵᠢᠨ ᠴᠠᠭᠠᠨ ᠴᠢᠯᠠᠭᠤ ᠪᠠᠢᠳᠠᠭ᠃ ᠬᠠᠭᠤᠴᠢ ᠰᠤᠳᠤᠯᠤᠭᠴᠢ ᠡᠷᠳᠡᠮᠲᠡᠨ ᠡᠭᠦᠨ ᠢ᠋ 《ᠲᠢᠶᠧ ᠹᠠᠨ ᠭᠠᠨ(铁幡竿)》 ᠤ᠋ ᠰᠠᠭᠤᠳᠠᠯ ᠴᠢᠯᠠᠭᠤ ᠭᠡᠳᠡᠭ᠃ ᠭᠡᠪᠡᠴᠦ 《ᠲᠢᠶᠧ ᠹᠠᠨ ᠭᠠᠨ》 ᠭᠡᠳᠡᠭ ᠨᠢ ᠶᠠᠭᠤ ᠪᠣᠯᠬᠤ ᠶ᠋ᠢ ᠣᠳᠣ ᠪᠣᠯᠲᠠᠯ᠎ᠠ ᠰᠤᠳᠤᠯᠤᠭᠰᠠᠨ ᠬᠥᠮᠦᠨ ᠦᠭᠡᠢ᠂ ᠨᠢᠭᠡᠨᠲᠡ ᠣᠯᠠᠨ ᠡᠷᠢᠨ ᠵᠠᠭᠤᠨ ᠢ᠋ ᠥᠩᠭᠡᠷᠡᠭᠡᠵᠡᠢ᠃ ᠲᠡᠭᠡᠬᠦ ᠳ᠋ᠡᠭᠡᠨ 《ᠲᠢᠶᠧ ᠹᠠᠨ ᠭᠠᠨ 》 ᠭᠡᠳᠡᠭ ᠨᠢ ᠴᠣᠬᠣᠮ ᠶᠠᠮᠠᠷ ᠶᠠᠭᠤᠮ᠎ᠠ ᠪᠣᠯᠬᠤ ᠶ᠋ᠢ ᠳᠥᠷᠪᠡᠨ ᠲᠠᠯ᠎ᠠ ᠠ᠋ᠴᠠ ᠮᠠᠭᠠᠳᠯᠠᠬᠤ ᠪᠠᠷ ᠣᠷᠣᠯᠳᠣᠪᠠ᠃ 

              ᠨᠢᠭᠡ᠂ ᠨᠡᠷ᠎ᠡ ᠡᠴᠡ ᠵᠦᠢᠴᠢᠯᠡᠨ ᠮᠠᠭᠠᠳᠯᠠᠬᠤ ᠨᠢ  

      《ᠶᠤᠸᠠᠨ ᠤᠯᠤᠰ ᠤ᠋ᠨ ᠲᠡᠦᠬᠡ》 ᠪᠣᠯᠤᠨ ᠶᠤᠸᠠᠨ ᠤᠯᠤᠰ ᠤ᠋ᠨ ᠦᠶ᠎ᠡ ᠶ᠋ᠢᠨ ᠰᠢᠯᠦᠭ ᠲᠦ᠍ ᠦᠵᠡᠭᠳᠡᠳᠡᠭ 《ᠲᠢᠶᠧ ᠹᠠᠨ ᠭᠠᠨ》᠂ 《ᠲᠢᠶᠧ ᠭᠠᠨ》᠂ 《ᠲᠢᠶᠧ》 ᠭᠡᠳᠡᠭ ᠨᠢ ᠪᠦᠷ ᠯᠡ ᠨᠢᠭᠡ ᠤᠬᠠᠭᠳᠠᠬᠤᠨ ᠲᠠᠢ ᠨᠡᠷ᠎ᠡ ᠦᠭᠡ ᠶᠦᠮ᠃ ᠲᠢᠶᠧ ᠹᠠᠨ ᠭᠠᠨ ᠪᠣᠯ ᠶᠤᠸᠠᠨ ᠤᠯᠤᠰ ᠤ᠋ᠨ ᠰᠡᠭᠦᠯ ᠦᠶ᠎ᠡ ᠶ᠋ᠢᠨ ᠬᠢᠲᠠᠳ ᠪᠢᠴᠢᠭᠲᠡᠨ ᠡᠴᠡ ᠠᠯᠠᠭ ᠰᠦᠯᠳᠡ (ᠲᠤᠭ)  ᠳᠤ ᠥᠭᠭᠦᠭᠰᠡᠨ ᠥᠭᠡᠷ᠎ᠡ ᠨᠡᠷ᠎ᠡ ᠨᠢ ᠪᠣᠯᠤᠨ᠎ᠠ᠃ ᠡᠨᠡ ᠨᠡᠷ᠎ᠡ ᠦᠭᠡ ᠶ᠋ᠢ ᠴᠢᠨᠠᠭᠰᠢ ᠵᠠᠳᠠᠯᠪᠠᠯ ᠲᠡᠭᠦᠨ ᠦ᠌ ᠨᠠᠷᠢᠨ ᠤᠳᠬ᠎ᠠ ᠶ᠋ᠢ ᠮᠡᠳᠡᠵᠦ ᠪᠣᠯᠤᠨ᠎ᠠ᠃ ᠠᠯᠠᠭ ᠰᠦᠯᠳᠡ ᠶ᠋ᠢᠨ ᠣᠷᠣᠢ ᠶ᠋ᠢᠨ ᠬᠡᠯᠪᠡᠷᠢ ᠮᠠᠶᠢᠭ ᠨᠢ 《ᠵᠢᠳᠠ ᠶᠢᠨ ᠬᠡᠯᠪᠡᠷᠢ ᠲᠠᠢ᠂ ᠨᠢᠭᠡ ᠳᠣᠬᠣᠢ ᠰᠢᠬᠠᠮ ᠤᠷᠲᠤ᠂ ᠬᠣᠶᠠᠷ ᠲᠠᠯ᠎ᠠ ᠳ᠋ᠠᠭᠠᠨ ᠢᠷ ᠲᠠᠢ ᠭᠣᠣᠯ ᠢᠶᠠᠷ ᠢᠶᠠᠨ ᠵᠤᠵᠠᠭᠠᠨ᠂ ᠳᠣᠣᠷ᠎ᠠ ᠪᠠᠨ ᠣᠩᠭᠢ ᠲᠠᠢ ᠲᠡᠮᠦᠷ ᠡᠳ᠋ ᠶᠦᠮ》①᠂ ᠪᠠᠰᠠ 《ᠣᠷᠣᠢ ᠶ᠋ᠢᠨ ᠬᠢᠯᠣᠪᠠᠷ ᠲᠤ᠌ ᠨᠢ ᠳᠣᠬᠢᠭᠤᠷ ᠳᠣᠯᠣᠭᠠᠨ ᠣᠳᠣᠨ ᠤ᠋ ᠳᠦᠷᠰᠦ ᠶ᠋ᠢ ᠰᠢᠭᠢᠳᠬᠡᠨ ᠤᠷᠠᠯᠠᠭᠰᠠᠨ ᠪᠠᠢᠳᠠᠭ》②᠂ ᠡᠢᠮᠦ ᠡᠴᠡ ᠶᠤᠸᠠᠨ ᠤᠯᠤᠰ ᠤ᠋ᠨ ᠰᠡᠭᠦᠯᠴᠢ ᠶ᠋ᠢᠨ ᠦᠶ᠎ᠡ ᠶ᠋ᠢᠨ ᠬᠢᠲᠠᠳ ᠪᠢᠴᠢᠭᠲᠡᠨ ᠡᠨᠡ ᠬᠦ᠌ ᠠᠯᠠᠭ ᠰᠦᠯᠳᠡ ᠶ᠋ᠢᠨ ᠣᠷᠣᠢ ᠶ᠋ᠢᠨ ᠬᠡᠰᠡᠭ ᠤᠨ ᠲᠡᠮᠦᠷ ᠡᠳ᠋ ᠢ᠋ ᠦᠵᠡᠭᠡᠳ 《ᠲᠢᠶᠧ》 ᠭᠡᠵᠦ ᠨᠡᠷᠡᠯᠡᠭᠰᠡᠨ ᠢ᠋ ᠵᠦᠢᠴᠢᠯᠡᠨ ᠮᠡᠳᠡᠵᠦ ᠪᠣᠯᠤᠨ᠎ᠠ᠃ ᠠᠯᠠᠭ ᠰᠦᠯᠳᠡ ᠶ᠋ᠢᠨ ᠳᠤᠮᠳᠠ ᠬᠡᠰᠡᠭ ᠤᠨ ᠬᠡᠯᠪᠡᠷᠢ ᠮᠠᠶᠢᠭ ᠨᠢ ᠲᠡᠮᠦᠷ ᠣᠩᠭᠢᠨ ᠤ᠋ ᠳᠡᠭᠡᠷ᠎ᠡ ᠬᠥᠪᠡᠭᠡᠨ ᠳ᠋ᠦ᠍ ᠮᠥᠩᠭᠥ ᠪᠡᠷ ᠴᠠᠷ᠎ᠠ ᠬᠢᠵᠦ᠂ ᠴᠠᠷ᠎ᠠ ᠶ᠋ᠢᠨ ᠬᠥᠪᠡᠭᠡ ᠪᠡᠷ ᠶᠢᠰᠦ ᠶᠢᠰᠦ ᠨᠠᠶᠠᠨ ᠨᠢᠭᠡᠨ ᠨᠦᠬᠡ ᠴᠣᠭᠣᠯᠵᠤ᠂ ᠲᠡᠭᠦᠨ ᠦ᠌ ᠳᠡᠭᠡᠷ᠎ᠡ ᠲᠠᠰᠠᠮ᠎ᠠ ᠪᠠᠷ ᠵᠣᠭᠣᠨᠠᠯᠠᠭᠤᠯᠵᠤ ᠲᠣᠭᠲᠠᠭᠠᠭᠰᠠᠨ 《ᠦᠰᠦᠨ ᠮᠠᠨᠵᠢᠯᠭ᠎ᠠ ᠨᠢ ᠬᠠᠷ᠎ᠠ ᠴᠠᠭᠠᠨ ᠢ᠋ᠶ᠋ᠠᠷ ᠠᠯᠠᠭᠯᠠᠭᠰᠠᠨ ᠪᠠᠢᠳᠠᠭ》③᠃ ᠡᠢᠮᠦ ᠡᠴᠡ ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠬᠢᠲᠠᠳ ᠪᠢᠴᠢᠭᠲᠡᠨ ᠠᠯᠠᠭ ᠰᠦᠯᠳᠡ ᠶ᠋ᠢᠨ ᠳᠤᠮᠳᠠ ᠬᠡᠰᠡᠭ ᠤᠨ ᠳᠠᠯᠪᠠᠭ᠎ᠠ ᠰᠢᠭ᠋ ᠶᠠᠭᠤᠮ᠎ᠠ ᠶ᠋ᠢ ᠦᠵᠡᠭᠡᠳ 《ᠹᠠᠨ》 ᠭᠡᠵᠦ ᠨᠡᠷᠡᠯᠡᠭᠰᠡᠨ ᠢ᠋ ᠵᠦᠢᠴᠢᠯᠡᠨ ᠮᠡᠳᠡᠵᠦ ᠪᠣᠯᠤᠨ᠎ᠠ᠃ ᠠᠯᠠᠭ ᠰᠦᠯᠳᠡ ᠶ᠋ᠢᠨ ᠳᠣᠣᠷ᠎ᠠ ᠬᠡᠰᠡᠭ ᠭᠡᠪᠡᠯ ᠳᠠᠷᠤᠢ ᠰᠢᠯᠪᠢ ᠮᠣᠳᠣ ᠪᠣᠯᠤᠨ᠎ᠠ᠃ ᠰᠦᠯᠳᠡ ᠶ᠋ᠢᠨ ᠡᠰᠢ ᠨᠢ ᠰᠢᠯᠪᠢ ᠭᠡᠰᠡᠨ ᠲᠤᠰᠬᠠᠢ ᠨᠡᠷ᠎ᠡ ᠲᠡᠢ᠂ ᠲᠡᠭᠦᠨ ᠢ᠋ ᠠᠰᠬᠠᠨ ᠬᠤᠰᠤ ᠮᠣᠳᠣ ᠪᠠᠷ ᠲᠤᠩᠭᠠᠵᠤ ᠬᠢᠳᠡᠭ᠃ ᠡᠢᠮᠦ ᠡᠴᠡ ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠬᠢᠲᠠᠳ ᠪᠢᠴᠢᠭᠲᠡᠨ ᠠᠯᠠᠭ ᠰᠦᠯᠳᠡ ᠶ᠋ᠢᠨ ᠥᠨᠳᠥᠷ ᠮᠤᠳᠤᠨ ᠰᠢᠯᠪᠢ ᠶ᠋ᠢ ᠦᠵᠡᠭᠡᠳ 《ᠭᠠᠨ》 ᠭᠡᠵᠦ ᠨᠡᠷᠡᠯᠡᠭᠰᠡᠨ ᠢ᠋ ᠵᠦᠢᠴᠢᠯᠡᠨ ᠮᠡᠳᠡᠵᠦ ᠪᠣᠯᠤᠨ᠎ᠠ᠃ ᠳᠠᠷᠠᠭ᠎ᠠ ᠨᠢ 《ᠲᠢᠶᠧ》᠂ 《ᠹᠠᠨ》᠂ 《ᠭᠠᠨ》 ᠭᠡᠰᠡᠨ ᠭᠤᠷᠪᠠᠨ ᠦᠭᠡ ᠶ᠋ᠢ ᠨᠡᠢᠯᠡᠭᠦᠯᠪᠡᠯ ᠳᠠᠷᠤᠢ ᠠᠯᠠᠭ ᠰᠦᠯᠳᠡ ᠶ᠋ᠢᠨ ᠥᠭᠡᠷ᠎ᠡ ᠨᠢᠭᠡ ᠨᠡᠷ᠎ᠡ ᠨᠢ ᠪᠦᠲᠦᠴᠢᠬᠡᠨ᠎ᠡ᠃ ᠳᠡᠭᠡᠷᠡᠬᠢ ᠵᠠᠳᠠᠯᠤᠯᠲᠠ ᠶ᠋ᠢ ᠦᠨᠳᠦᠰᠦᠯᠡᠪᠡᠯ ᠳᠡᠭᠡᠳᠦ ᠨᠡᠢᠰᠯᠡᠯ ᠤᠨ ᠪᠠᠷᠠᠭᠤᠨ ᠬᠣᠢᠨᠠᠬᠢ ᠠᠭᠤᠯᠠᠨ ᠳᠡᠭᠡᠷ᠎ᠡ ᠪᠣᠰᠬᠠᠵᠤ ᠪᠠᠢᠭᠰᠠᠨ ᠲᠢᠶᠧ ᠹᠠᠨ ᠭᠠᠨ ᠪᠣᠯ ᠳᠠᠷᠤᠢ ᠮᠣᠩᠭᠣᠯᠴᠤᠳ ᠤ᠋ᠨ ᠰᠢᠲᠦᠵᠦ ᠪᠠᠢᠭᠰᠠᠨ ᠠᠯᠠᠭ ᠰᠦᠯᠳᠡ ᠮᠥᠨ ᠭᠡᠵᠦ ᠮᠠᠭᠠᠳᠯᠠᠵᠤ ᠪᠣᠯᠤᠨ᠎ᠠ᠃  

             ᠬᠣᠶᠠᠷ᠂ ᠰᠡᠳᠬᠢᠴᠡ ᠡᠴᠡ ᠵᠦᠢᠴᠢᠯᠡᠨ ᠮᠠᠭᠠᠳᠯᠠᠬᠤ ᠨᠢ  

      《ᠲᠢᠶᠧ ᠹᠠᠨ ᠭᠠᠨ ᠰᠡᠬᠦᠢᠨ ᠰᠦᠨᠳᠡᠷᠯᠡᠭᠡᠳ ᠳᠠᠯᠠᠢ ᠶ᠋ᠢᠨ ᠤᠰᠤ ᠶ᠋ᠢ ᠰᠢᠷᠭᠢᠭᠡᠬᠦᠶ᠎ᠡ᠂ ᠠᠶᠤᠯᠲᠤ ᠯᠤᠤ ᠨᠢᠰᠦᠨ ᠣᠳᠤᠭᠠᠳ ᠲᠡᠭᠷᠢ ᠶ᠋ᠢᠨ ᠭᠦᠨ᠎ᠡ ᠪᠠᠯᠠᠷᠠᠵᠤᠬᠤᠢ》④ ᠭᠡᠰᠡᠨ ᠶᠤᠸᠠᠨ ᠤᠯᠤᠰ ᠤ᠋ᠨ ᠰᠢᠯᠦᠭᠴᠢᠨ ᠦ᠌ ᠡᠨᠡ ᠬᠦ᠌ ᠰᠢᠯᠦᠭ ᠨᠢ ᠬᠡᠳᠦᠢᠪᠡᠷ ᠬᠡᠳᠦ ᠳᠠᠪᠠᠭᠤᠯᠤᠯ ᠢ᠋ ᠬᠡᠷᠡᠭᠯᠡᠭᠰᠡᠨ ᠪᠣᠯᠪᠠᠴᠤ ᠲᠡᠷᠡ ᠨᠢ ᠬᠠᠷᠢᠨ ᠶᠤᠸᠠᠨ ᠤᠯᠤᠰ ᠤ᠋ᠨ ᠬᠥᠮᠦᠰ ᠤᠨ ᠲᠢᠶᠧ ᠹᠠᠨ ᠭᠠᠨ ᠢ ᠪᠢᠰᠢᠷᠡᠨ ᠰᠢᠲᠦᠳᠡᠭ ᠰᠡᠳᠬᠢᠴᠡ ᠶ᠋ᠢ ᠳᠤᠰᠬᠠᠵᠠᠢ᠃ ᠡᠭᠦᠨ ᠡᠴᠡ ᠶᠤᠸᠠᠨ ᠤᠯᠤᠰ ᠤ᠋ᠨ ᠬᠥᠮᠦᠰ ᠲᠢᠶᠧ ᠹᠠᠨ ᠭᠠᠨ ᠢ᠋ ᠷᠢᠳᠢ ᠰᠢᠳᠢ ᠲᠡᠢ ᠶᠠᠭᠤᠮ᠎ᠠ ᠪᠠᠷ ᠦᠵᠡᠵᠦ᠂ ᠲᠡᠭᠦᠨ ᠳ᠋ᠦ᠍ ᠰᠠᠢᠨ ᠰᠠᠢᠬᠠᠨ ᠢ᠋ᠶ᠋ᠠᠷ ᠠᠮᠢᠳᠤᠷᠠᠬᠤ ᠬᠦᠰᠡᠯ ᠢ᠋ᠶ᠋ᠡᠨ ᠨᠠᠢᠳᠠᠵᠤ ᠪᠠᠢᠭᠰᠠᠨ ᠢ᠋ ᠵᠦᠢᠴᠢᠯᠡᠨ ᠮᠡᠳᠡᠵᠦ ᠪᠣᠯᠤᠨ᠎ᠠ᠃ ᠡᠨᠡ ᠨᠢ ᠶᠠᠭ ᠯᠠ ᠮᠣᠩᠭᠣᠯᠴᠤᠳ ᠤ᠋ᠨ ᠠᠯᠠᠭ ᠰᠦᠯᠳᠡ ᠶ᠋ᠢ ᠪᠢᠰᠢᠷᠡᠨ ᠰᠢᠲᠦᠳᠡᠭ ᠰᠡᠳᠬᠢᠴᠡ ᠲᠡᠢ ᠨᠢᠭᠡ ᠠᠳᠠᠯᠢ ᠪᠠᠢᠨ᠎ᠠ᠃ ᠠᠯᠠᠭ ᠰᠦᠯᠳᠡ ᠶ᠋ᠢᠨ ᠲᠤᠬᠠᠢ 《ᠮᠣᠩᠭᠣᠯ ᠬᠡᠯᠡᠨ᠎ᠡ ᠰᠦᠯᠳᠡ ᠭᠡᠳᠡᠭ ᠨᠢ ᠰᠦᠷ ᠵᠢᠪᠬᠤᠯᠠᠩ᠂ ᠬᠦᠴᠦᠨ ᠴᠢᠳᠠᠯ᠂ ᠠᠮᠢᠨ ᠭᠣᠣᠯ ᠭᠡᠰᠡᠨ ᠤᠳᠬ᠎ᠠ ᠲᠠᠢ ᠦᠭᠡ ᠶᠦᠮ᠃ ᠡᠷᠲᠡᠨ ᠦ᠌ ᠴᠠᠭ ᠲᠤ᠌ ᠲᠤᠭ᠂ ᠰᠦᠯᠳᠡ ᠬᠣᠶᠠᠷ ᠪᠠᠷᠤᠭ ᠨᠢᠭᠡ ᠤᠳᠬ᠎ᠠ ᠲᠠᠢ᠃ ᠠᠳᠤᠭᠤ ᠮᠠᠯ ᠤ᠋ᠨ ᠦᠰᠦ ᠬᠢᠯᠭᠠᠰᠤ ᠪᠠᠷ ᠦᠢᠯᠡᠳᠦᠭᠰᠡᠨ ᠲᠤᠭ ᠤ᠋ᠨ ᠨᠡᠷ᠎ᠡ ᠪᠠᠢᠪᠠ᠃ ᠮᠣᠩᠭᠣᠯ ᠲᠥᠷᠥ ᠶ᠋ᠢᠨ ᠤᠯᠠᠮᠵᠢᠯᠠᠯᠲᠤ ᠰᠦᠯᠳᠡ ᠲᠤᠭ ᠢ᠋ ᠢᠯᠠᠭᠤᠬᠤ ᠰᠦᠯᠳᠡ ᠭᠡᠬᠦ ᠪᠥᠭᠡᠳ ᠲᠡᠷᠡ ᠨᠢ ᠴᠠᠭᠠᠨ᠂ ᠬᠠᠷ᠎ᠠ᠂ ᠠᠯᠠᠭ ᠰᠦᠯᠳᠡ ᠭᠡᠰᠡᠨ ᠢᠯᠭᠠᠪᠤᠷᠢ ᠲᠠᠢ ᠪᠠᠢᠳᠠᠭ》⑤ ᠭᠡᠰᠡᠨ ᠲᠡᠮᠳᠡᠭᠯᠡᠯ ᠢ᠋ ᠦᠨᠳᠦᠰᠦᠯᠡᠪᠡᠯ ᠠᠯᠠᠭ ᠰᠦᠯᠳᠡ ᠪᠣᠯ ᠨᠢᠭᠡ ᠢᠯᠠᠭᠤᠬᠤ ᠰᠦᠯᠳᠡ ᠮᠥᠨ᠃ ᠤᠮᠠᠮᠵᠢᠯᠠᠯᠳᠤ ᠦᠵᠡᠯᠲᠡ ᠪᠡᠷ ᠬᠡᠯᠡᠪᠡᠯ ᠷᠢᠳᠢ ᠰᠢᠳᠢᠲᠦ ᠡᠳ᠋ ᠪᠣᠯᠤᠨ᠎ᠠ᠃ ᠡᠢᠮᠦ ᠡᠴᠡ ᠬᠠᠮᠢᠭ᠎ᠠ ᠬᠡᠷᠡᠭᠯᠡᠪᠡᠯ ᠲᠡᠨᠳᠡ ᠢᠯᠠᠯᠲᠠ ᠣᠯᠵᠤ ᠲᠡᠨᠳᠡ ᠠᠮᠤᠷ ᠲᠠᠢᠪᠤᠩ ᠪᠣᠯᠳᠠᠭ᠃ ᠨᠢᠭᠡ ᠬᠦᠨᠳᠦᠳᠬᠡᠯ ᠪᠢᠰᠢᠷᠡᠯ ᠢ᠋ ᠣᠯᠤᠭᠰᠠᠨ ᠰᠦᠯᠳᠡ ᠪᠣᠯᠤᠨ᠎ᠠ᠃ ᠡᠨᠡ ᠬᠦ᠌ ᠪᠢᠰᠢᠷᠡᠨ ᠰᠢᠲᠦᠳᠡᠭ ᠰᠡᠳᠬᠢᠴᠡ ᠶ᠋ᠢᠨ ᠠᠳᠠᠯᠢ ᠲᠠᠯ᠎ᠠ ᠠ᠋ᠴᠠ ᠳᠡᠭᠡᠳᠦ ᠨᠡᠢᠰᠯᠡᠯ ᠤᠨ ᠪᠠᠷᠠᠭᠤᠨ ᠬᠣᠢᠨ᠎ᠠ ᠠᠭᠤᠯᠠᠨ ᠳᠡᠭᠡᠷ᠎ᠡ ᠪᠣᠰᠬᠠᠵᠤ ᠪᠠᠢᠭᠰᠠᠨ ᠲᠢᠶᠧ ᠹᠠᠨ ᠭᠠᠨ ᠭᠡᠳᠡᠭ ᠶᠠᠭᠤᠮ᠎ᠠ ᠪᠣᠯ ᠳᠠᠷᠤᠢ ᠡᠷᠲᠡᠨ ᠦ᠌ ᠮᠣᠩᠭᠣᠯᠴᠤᠳ ᠤ᠋ᠨ ᠰᠢᠲᠦᠳᠡᠭ ᠠᠯᠠᠭ ᠰᠦᠯᠳᠡ ᠮᠥᠨ ᠭᠡᠵᠦ ᠵᠦᠢᠴᠢᠯᠡᠨ ᠮᠠᠭᠠᠳᠯᠠᠵᠤ ᠪᠣᠯᠤᠨ᠎ᠠ᠃  

              ᠭᠤᠷᠪᠠ᠂ ᠬᠡᠷᠡᠭᠯᠡᠭᠳᠡᠬᠦᠨ ᠡᠴᠡ ᠵᠦᠢᠴᠢᠯᠡᠨ ᠮᠠᠭᠠᠳᠯᠠᠬᠤ ᠨᠢ 
 
       ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠬᠢᠲᠠᠳ ᠨᠣᠶᠠᠨ ᠵᠧᠦ ᠪᠦᠸᠧ ᠴᠢ ᠶ᠋ᠢᠨ《ᠵᠢᠨ ᠭᠤᠸᠠᠩ ᠵᠢᠢ》 ᠶ᠋ᠢᠨ ᠬᠣᠶᠠᠳᠤᠭᠠᠷ ᠪᠣᠳᠢ ᠳ᠋ᠤ᠌ 《ᠳᠡᠭᠡᠳᠦ ᠨᠡᠢᠰᠯᠡᠯ ᠤᠨ ᠪᠠᠷᠠᠭᠤᠨ ᠠᠭᠤᠯᠠᠨ᠎ᠠ ᠲᠢᠶᠧ ᠹᠠᠨ ᠭᠠᠨ ᠢ᠋ ᠪᠣᠰᠬᠠᠵᠤᠬᠤᠢ᠂ ᠥᠨᠳᠥᠷ ᠢᠨᠦ ᠬᠡᠳᠦᠨ ᠠᠷᠪᠠᠨ ᠵᠠᠩ ᠪᠠᠢᠮᠤᠢ᠂ ᠲᠡᠭᠦᠨ ᠢ᠋ ᠳᠠᠯᠠᠢ ᠳ᠋ᠤᠷ ᠪᠠᠭᠤᠯᠭᠠᠨ ᠬᠡᠪᠲᠡᠭᠡ ᠯᠤᠤ ᠶ᠋ᠢ ᠣᠨᠣᠭᠠᠵᠤᠬᠤᠢ᠃ ᠰᠠᠨᠰᠺᠷᠢᠲ ᠨᠣᠮᠯᠠᠯ ᠤ᠋ᠨ ᠡᠷᠳᠡᠮᠲᠡᠨ ᠦ᠌ ᠥᠭᠦᠯᠡᠬᠦ ᠪᠡᠷ ᠡᠭᠦᠨ ᠢ᠋ᠶ᠋ᠡᠷ ᠳᠠᠷᠤᠯᠭ᠎ᠠ ᠪᠣᠯᠭᠠᠶᠤ》 ᠭᠡᠵᠦ ᠲᠡᠮᠳᠡᠭᠯᠡᠭᠰᠡᠨ ᠪᠠᠢᠳᠠᠭ᠃ ᠲᠤᠰ ᠲᠡᠮᠳᠡᠭᠯᠡᠯ ᠡᠴᠡ ᠲᠢᠶᠧ ᠹᠠᠨ ᠭᠠᠨ ᠭᠡᠳᠡᠭ ᠨᠢ ᠨᠢᠭᠡ ᠰᠦᠰᠦᠭ ᠪᠢᠰᠢᠷᠡᠯ ᠤᠨ ᠬᠡᠷᠡᠭᠯᠡᠭᠳᠡᠬᠦᠨ ᠲᠡᠢ ᠡᠳ᠋ ᠪᠣᠯᠬᠤ ᠶ᠋ᠢ ᠮᠡᠳᠡᠵᠦ ᠪᠣᠯᠤᠨ᠎ᠠ᠃ ᠰᠡᠳᠬᠢᠯᠴᠢ ᠦᠵᠡᠯ ᠢ᠋ᠶ᠋ᠡᠷ ᠵᠦᠢᠴᠢᠯᠡᠨ ᠵᠠᠳᠠᠯᠪᠠᠯ ᠲᠤᠬᠠᠢ ᠶ᠋ᠢᠨ ᠦᠶ᠎ᠡ ᠳᠡᠭᠡᠳᠦ ᠨᠡᠢᠰᠯᠡᠯ ᠢ᠋ ᠪᠠᠢᠭᠤᠯᠬᠤ ᠭᠡᠰᠡᠨ ᠭᠠᠵᠠᠷ ᠲᠤ᠌ ᠨᠢ ᠠᠭᠤᠯᠠ ᠤᠰᠤᠨ ᠤ᠋ ᠳᠣᠭᠰᠢᠳ ᠣᠷᠣᠰᠢᠵᠤ ᠪᠠᠢᠵᠠᠢ᠃ ᠡᠨᠡ ᠬᠦ᠌ ᠠᠭᠤᠯᠠ ᠤᠰᠤᠨ ᠤ᠋ ᠳᠣᠭᠰᠢᠳ ᠠ᠋ᠴᠠ ᠢᠷᠡᠬᠦ ᠭᠠᠢ ᠭᠠᠮᠰᠢᠭ ᠢ᠋ ᠠᠷᠢᠯᠭᠠᠨ ᠰᠠᠢᠨ ᠰᠠᠢᠬᠠᠨ ᠠᠮᠢᠳᠤᠷᠠᠬᠤ ᠬᠦᠰᠡᠯ ᠢ᠋ᠶ᠋ᠡᠨ ᠪᠡᠶᠡᠯᠡᠭᠦᠯᠬᠦ ᠭᠡᠰᠡᠨ ᠰᠠᠨᠠᠭᠠᠨ ᠠ᠋ᠴᠠ ᠲᠢᠶᠧ ᠹᠠᠨ ᠭᠠᠨ ᠭᠡᠳᠡᠭ ᠶᠠᠭᠤᠮ᠎ᠠ ᠶ᠋ᠢ ᠳᠡᠭᠡᠳᠦ ᠨᠡᠢᠰᠯᠡᠯ ᠤᠨ ᠪᠠᠷᠠᠭᠤᠨ ᠬᠣᠢᠨᠠᠬᠢ ᠠᠭᠤᠯᠠ(ᠡᠨᠡ ᠨᠢ ᠣᠳᠣ ᠶ᠋ᠢᠨ ᠬᠠᠲᠠᠨᠲᠠᠶ ᠠᠭᠤᠯᠠ ᠪᠣᠯᠤᠨ᠎ᠠ) ᠶ᠋ᠢᠨ ᠣᠷᠣᠢ ᠳᠡᠭᠡᠷ᠎ᠡ ᠪᠤᠰᠬᠠᠭᠰᠠᠨ ᠪᠠᠢᠨ᠎ᠠ ᠭᠡᠳᠡᠭ ᠢ᠋ ᠵᠦᠢᠴᠢᠯᠡᠨ ᠮᠡᠳᠡᠵᠦ ᠪᠣᠯᠤᠨ᠎ᠠ᠃ ᠡᠨᠡ ᠨᠢ ᠪᠠᠰᠠ ᠠᠯᠠᠭ ᠰᠦᠯᠳᠡ ᠲᠡᠢ ᠠᠳᠠᠯᠢ ᠨᠢᠭᠡ ᠲᠠᠯ᠎ᠠ ᠪᠣᠯᠤᠨ᠎ᠠ᠃ ᠰᠤᠳᠤᠷ ᠪᠢᠴᠢᠭ ᠤᠨ ᠲᠡᠮᠳᠡᠭᠯᠡᠯ ᠢ᠋  ᠦᠨᠳᠦᠰᠦᠯᠡᠪᠡᠯ ᠡᠷᠲᠡᠨ ᠤ ᠮᠣᠩᠭᠣᠯᠴᠤᠳ ᠰᠦᠯᠳᠡ ᠲᠤᠭ ᠢ᠋ ᠥᠨᠳᠥᠷ ᠭᠠᠵᠠᠷ ᠲᠤ᠌ ᠪᠤᠰᠬᠠᠵᠤ ᠳᠠᠬᠢᠳᠠᠭ ᠵᠠᠩᠰᠢᠯ ᠲᠠᠢ᠃《ᠠᠯᠠᠭ ᠰᠦᠯᠳᠡ ᠶ᠋ᠢ ᠡᠩᠬᠡᠵᠢᠨ ᠪᠠ ᠴᠡᠷᠢᠭ ᠤᠨ ᠠᠯᠢ ᠠᠯᠢᠨ ᠳ᠋ᠤ᠌ ᠨᠢ ᠴᠦ᠍ ᠬᠡᠷᠡᠭᠯᠡᠳᠡᠭ》⑥᠃ ᠡᠨᠡ ᠬᠦ᠌ ᠰᠦᠰᠦᠭ ᠪᠢᠰᠢᠷᠡᠯ ᠤᠨ ᠬᠡᠷᠡᠭᠯᠡᠭᠳᠡᠬᠦᠨ ᠦ᠌ ᠠᠳᠠᠯᠢ ᠲᠠᠯ᠎ᠠ ᠠ᠋ᠴᠠ ᠳᠡᠭᠡᠳᠦ ᠨᠡᠢᠰᠯᠡᠯ ᠤᠨ ᠪᠠᠷᠠᠭᠤᠨ ᠬᠣᠢᠨᠠᠬᠢ ᠠᠭᠤᠯᠠ ᠶ᠋ᠢᠨ ᠣᠷᠣᠢ ᠳᠡᠭᠡᠷ᠎ᠡ ᠪᠣᠰᠬᠠᠵᠤ ᠪᠠᠢᠭᠰᠠᠨ ᠲᠡᠷᠡ ᠳᠠᠷᠤᠯᠭ᠎ᠠ ᠶ᠋ᠢᠨ ᠡᠳ᠋ ᠪᠣᠯ ᠳᠠᠷᠤᠢ ᠡᠷᠲᠡᠨ ᠦ᠌ ᠮᠣᠩᠭᠣᠯᠴᠤᠳ ᠤ᠋ᠨ ᠠᠯᠠᠭ ᠰᠦᠯᠳᠡ ᠮᠥᠨ ᠭᠡᠵᠦ ᠵᠦᠢᠴᠢᠯᠡᠨ ᠮᠠᠭᠠᠳᠯᠠᠵᠤ ᠪᠣᠯᠤᠨ᠎ᠠ᠃ 

              ᠳᠥᠷᠪᠡ᠂ ᠲᠠᠬᠢᠯᠭ᠎ᠠ ᠠ᠋ᠴᠠ ᠵᠦᠴᠢᠯᠡᠨ ᠮᠠᠭᠠᠳᠯᠠᠬᠤ ᠨᠢ 

       ᠶᠤᠸᠠᠨ ᠤᠯᠤᠰ ᠤ᠋ᠨ ᠦᠶ᠎ᠡ ᠳ᠋ᠦ᠍ ᠲᠢᠶᠧ ᠹᠠᠨ ᠭᠠᠨ ᠢ᠋ ᠲᠠᠬᠢᠵᠤ ᠪᠠᠢᠵᠠᠢ᠃ ᠡᠭᠦᠨ ᠢ᠋ ᠸᠠᠩ ᠢ(ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠬᠢᠲᠠᠳ ᠨᠣᠶᠠᠨ)  ᠶᠢᠨ《ᠲᠢᠶᠧ ᠹᠠᠨ ᠭᠠᠨ ᠤ᠋ ᠲᠠᠬᠢᠯᠭ᠎ᠠ ᠶ᠋ᠢᠨ ᠰᠢᠷᠡᠭᠡᠨ᠎ᠡ ᠵᠤᠯᠠ ᠶ᠋ᠢᠨ ᠭᠡᠷᠡᠯ ᠰᠠᠴᠤᠷᠠᠬᠤᠶ᠎ᠠ᠂ ᠨᠣᠮ ᠤ᠋ᠨ ᠳᠡᠪᠡᠯᠲᠦ ᠭᠡᠭᠡᠨ ᠯᠠᠮᠠ ᠰᠥᠨᠢ ᠲᠤᠵᠢ ᠲᠠᠷᠨᠢᠳᠠᠮᠤᠢ᠃ ᠰᠡᠴᠡᠨ ᠮᠡᠷᠭᠡᠨ ᠬᠠᠭᠠᠨ ᠤ᠋ ᠤᠭᠰᠠᠭᠠᠲᠠᠨ ᠬᠡᠰᠢᠭ ᠤᠨ ᠳᠠᠢᠯᠠᠯᠭ᠎ᠠ ᠬᠠᠢᠷᠠᠯᠠᠬᠤᠶ᠎ᠠ᠂ ᠰᠡᠷᠢᠭᠦᠨ ᠨᠠᠮᠤᠷ ᠤ᠋ᠨ ᠲᠤᠨᠤᠷᠠᠭᠰᠠᠨ ᠡᠭᠦᠯᠡ ᠦᠷ ᠤᠨ ᠭᠡᠭᠡ ᠶ᠋ᠢ ᠮᠡᠳᠡᠭᠡᠯᠡᠮᠦᠢ》(《ᠢ ᠪᠢᠩ ᠵᠢᠢ》 ᠶ᠋ᠢᠨ ᠠᠷᠪᠠᠨ ᠬᠣᠶᠠᠳᠤᠭᠠᠷ ᠪᠣᠳᠢ ᠶ᠋ᠢᠨ 《ᠳᠡᠭᠡᠳᠦ ᠨᠡᠢᠰᠯᠡᠯ》 ᠬᠡᠰᠡᠭ ᠲᠦ᠍ ᠪᠣᠢ) ᠭᠡᠰᠡᠨ ᠰᠢᠯᠦᠭ ᠪᠦᠷᠢᠨ ᠭᠡᠷᠡᠴᠢᠯᠡᠨ᠎ᠡ᠃ ᠡᠨᠡ ᠨᠢ ᠠᠯᠠᠭ ᠰᠦᠯᠳᠡ ᠲᠡᠢ ᠨᠢᠭᠡ ᠠᠳᠠᠯᠢ ᠪᠠᠢᠨ᠎ᠠ᠃ ᠲᠡᠦᠬᠡᠨ ᠪᠢᠴᠢᠭ ᠲᠡᠮᠳᠡᠭᠯᠡᠯ ᠢ ᠦᠨᠳᠦᠰᠦᠯᠡᠪᠡᠯ ᠮᠣᠩᠭᠣᠯᠴᠤᠳ ᠠᠯᠠᠭ ᠰᠦᠯᠳᠡ ᠶ᠋ᠢ ᠳᠠᠬᠢᠳᠠᠭ ᠮᠥᠷᠲᠡᠭᠡᠨ ᠡᠨᠡ ᠬᠦ᠌ ᠵᠠᠩᠰᠢᠯ ᠨᠢ ᠵᠠᠷᠢᠮ ᠭᠠᠵᠠᠷ ᠣᠷᠣᠨ ᠢ᠋ᠶ᠋ᠠᠷ ᠣᠳᠣ ᠦᠶ᠎ᠡ ᠬᠦᠷᠲᠡᠯ᠎ᠡ ᠦᠷᠭᠦᠯᠵᠢᠯᠡᠵᠦ ᠪᠠᠢᠨ᠎ᠠ᠃ ᠡᠨᠡ ᠬᠦ᠌ ᠲᠠᠬᠢᠯᠭ᠎ᠠ ᠶ᠋ᠢᠨ ᠠᠳᠠᠯᠢ ᠲᠠᠯ᠎ᠠ ᠠ᠋ᠴᠠ ᠲᠢᠶᠧ ᠹᠠᠨ ᠭᠠᠨ ᠭᠡᠳᠡᠭ ᠨᠢ ᠡᠷᠲᠡᠨ ᠤ ᠮᠣᠩᠭᠣᠯᠴᠤᠳ ᠤ᠋ᠨ ᠠᠯᠠᠭ ᠰᠦᠯᠳᠡ ᠮᠥᠨ ᠭᠡᠵᠦ ᠵᠦᠢᠴᠢᠯᠡᠨ ᠮᠠᠭᠠᠳᠯᠠᠵᠤ ᠪᠣᠯᠤᠨ᠎ᠠ᠃ 
       ᠣᠯᠠᠨ ᠡᠷᠳᠡᠮᠲᠡᠨ ᠰᠤᠳᠤᠯᠭᠠᠲᠠᠨ ᠤ᠋ ᠠᠩᠬᠠᠷᠤᠯ ᠢ᠋ ᠲᠠᠲᠠᠵᠤ ᠴᠢᠨᠠᠭᠰᠢᠳᠠ ᠰᠤᠳᠤᠯᠤᠨ ᠮᠠᠭᠠᠳᠯᠠᠬᠤ ᠶ᠋ᠢ ᠬᠦᠰᠡᠨ᠎ᠡ᠃ 

ᠵᠡᠭᠦᠯᠲᠡ 
①②③⑤⑥ ᠡᠷᠳᠡᠨᠢᠰᠤᠪᠤᠳ ᠤ᠋ᠨ ᠪᠠᠭᠤᠯᠭᠠᠭᠰᠠᠨ᠂ ᠮᠣᠩᠭᠣᠯ ᠤᠯᠤᠰ ᠤ᠋ᠨ ᠰ᠂ ᠵᠠᠮᠪᠠᠯᠳᠣᠷᠵᠢ ᠶ᠋ᠢᠨ《ᠮᠣᠩᠭᠣᠯ ᠨᠢᠭᠤᠴᠠ ᠶ᠋ᠢᠨ ᠬᠡᠯᠬᠢᠶ᠎ᠡ》᠂ ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠣᠷᠢᠶ᠎ᠠ᠂2000 ᠣᠨ᠂ 67᠂ 67᠂ 67᠂ 67᠂ 68 ᠳ᠋ᠤᠭᠠᠷ ᠨᠢᠭᠤᠷ ᠲᠤ᠌᠃ 
④ 伍良臣᠃ 《上京》,《永乐大典》,卷七七0二。

                                      2004 ᠣᠨ ᠤ 12 ᠰᠠᠷ᠎ᠠ 

       【ᠵᠣᠬᠢᠶᠠᠯ ᠤ᠋ᠨ ᠲᠠᠨᠢᠯᠴᠠᠭᠤᠯᠭ᠎ᠠ】 2003 ᠣᠨ ᠳ᠋ᠤ᠌ ᠶᠤᠸᠠᠨ ᠤᠯᠤᠰ ᠤ᠋ᠨ ᠳᠡᠭᠡᠳᠦ ᠨᠡᠢᠰᠡᠯᠠᠯ ᠤᠨ ᠰᠣᠶᠣᠯ ᠲᠡᠦᠬᠡ ᠶ᠋ᠢ ᠰᠤᠳᠤᠯᠬᠤ ᠳᠤᠷ᠎ᠠ ᠪᠠᠬᠠᠲᠠᠢ ᠬᠥᠮᠦᠰ ᠬᠠᠮᠲᠤᠷᠠᠵᠤ᠂ ᠠᠢᠮᠠᠭ ᠤ᠋ᠨ ᠠᠷᠠᠳ ᠤ᠋ᠨ ᠶᠠᠪᠤᠳᠠᠯ ᠤ᠋ᠨ ᠲᠣᠪᠴᠢᠶ᠎ᠠ ᠪᠠᠷ ᠵᠥᠪᠰᠢᠶᠡᠷᠡᠭᠦᠯᠦᠨ᠂ ᠶᠤᠸᠠᠨ ᠤᠯᠤᠰ ᠤ᠋ᠨ ᠳᠡᠭᠡᠳᠦ  ᠨᠡᠢᠰᠠᠯᠡᠯ ᠦ᠋ᠨ ᠰᠣᠶᠣᠯ ᠲᠡᠦᠬᠡ ᠶ᠋ᠢ ᠰᠤᠳᠤᠯᠬᠤ ᠨᠡᠢᠭᠡᠮᠯᠢᠭ ᠢ ᠪᠠᠢᠭᠤᠯᠵᠤ᠂ ᠪᠢ ᠬᠡᠷᠡᠭ ᠡᠷᠬᠢᠯᠡᠭᠴᠢ ᠪᠡᠷ ᠰᠣᠩᠭᠣᠭᠳᠠᠪᠠ᠃ 《ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠤᠤᠯ ᠳᠦᠷᠢ ᠶ᠋ᠢ ᠰᠡᠷᠭᠦᠭᠡᠨ ᠪᠠᠢᠭᠤᠯᠬᠤ ᠲᠤᠬᠠᠢ ᠰᠠᠨᠠᠭᠤᠯᠤᠮᠵᠢ》 ᠨᠢ 《ᠥᠪᠥᠷ ᠮᠣᠩᠭᠣᠯ ᠤ᠋ᠨ ᠡᠳᠦᠷ ᠤᠨ ᠰᠣᠨᠢᠨ》 ᠳ᠋ᠤ᠌ ᠬᠦᠨᠳᠦᠲᠡᠢ ᠬᠡᠷᠡᠭᠯᠡᠭᠳᠡᠵᠦ᠂ ᠪᠠᠰᠠ ᠨᠡᠢᠬᠡᠮ ᠨᠡᠢᠲᠡ ᠶ᠋ᠢᠨ ᠮᠠᠭᠲᠠᠭᠠᠯ ᠢ᠋ ᠣᠯᠪᠠ᠃ ᠡᠭᠦᠨ ᠡᠴᠡ ᠵᠣᠷᠢᠭᠵᠢᠯ ᠣᠯᠵᠤ᠂ ᠳᠣᠣᠷ᠎ᠠ ᠬᠠᠭᠠᠰ ᠵᠢᠯ ᠡᠴᠡ ᠡᠬᠢᠯᠡᠨ ᠲᠢᠶᠧ ᠹᠠᠨ ᠭᠠᠨ ᠭᠡᠳᠡᠭ ᠶᠠᠭᠤᠮ᠎ᠠ ᠳ᠋ᠤ᠌ ᠮᠠᠭᠠᠳᠯᠠᠯᠲᠠ ᠬᠢᠬᠦ ᠪᠡᠷ ᠣᠷᠣᠯᠳᠣᠪᠠ᠃ ᠤᠴᠢᠷ ᠨᠢ ᠬᠠᠳᠠᠨᠲᠠᠶ ᠠᠭᠤᠯᠠ ᠶ᠋ᠢᠨ ᠣᠷᠣᠢ ᠳᠡᠭᠡᠷᠡᠬᠢ ᠤᠷᠲᠤ ᠳᠥᠷᠪᠡᠯᠵᠢᠨ ᠴᠠᠭᠠᠨ ᠴᠢᠯᠠᠭᠤ ᠪᠣᠯ ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠰᠣᠶᠣᠯ ᠤ᠋ᠨ ᠨᠢᠭᠡ ᠤᠯᠠ ᠮᠥᠷ ᠮᠥᠨ᠂ ᠡᠨᠡ ᠬᠦ᠌ ᠰᠣᠶᠣᠯ ᠤ᠋ᠨ ᠤᠯᠠ ᠮᠥᠷ ᠢ᠋ ᠠᠪᠤᠷᠠᠨ ᠬᠠᠮᠠᠭᠠᠯᠠᠬᠤ ᠵᠣᠷᠢᠯᠭ᠎ᠠ ᠠ᠋ᠴᠠ ᠲᠢᠶᠧ ᠹᠠᠨ ᠭᠠᠨ ᠭᠡᠳᠡᠭ ᠶᠠᠭᠤᠮ᠎ᠠ ᠶ᠋ᠢ ᠰᠣᠩᠭᠣᠵᠤ᠂ ᠰᠤᠳᠤᠯᠬᠤ ᠰᠡᠳᠦᠪ ᠢ᠋ᠶ᠋ᠡᠨ ᠪᠣᠯᠭᠠᠭᠰᠠᠨ ᠶᠤᠮ᠃ ᠮᠠᠭᠠᠳᠯᠠᠯᠲᠠᠨ ᠤ᠋ ᠨᠢᠭᠡᠳᠦᠭᠡᠷ ᠠᠯᠬᠤᠮ ᠳ᠋ᠤ᠌ ᠲᠢᠶᠧ ᠹᠠᠨ ᠭᠠᠨ ᠢ᠋ ᠣᠢᠯᠠᠭᠠᠪᠠ᠃ ᠬᠣᠶᠠᠳᠤᠭᠠᠷ ᠠᠯᠬᠤᠮ ᠳ᠋ᠤ᠌ ᠮᠣᠩᠭᠣᠯᠴᠤᠳ ᠤ᠋ᠨ ᠴᠠᠭᠠᠨ᠂ ᠬᠠᠷ᠎ᠠ᠂ ᠠᠯᠠᠭ ᠭᠤᠷᠪᠠᠨ ᠢᠯᠠᠭᠤᠬᠤ ᠰᠦᠯᠳᠡ ᠶ᠋ᠢ ᠣᠢᠯᠠᠭᠠᠪᠠ᠃  ᠭᠤᠷᠪᠠᠳᠤᠭᠠᠷ ᠠᠯᠬᠤᠮ ᠳ᠋ᠤ᠌ ᠲᠢᠶᠧ ᠹᠠᠨ ᠭᠠᠨ ᠪᠣᠯᠤᠨ ᠠᠯᠠᠭ ᠰᠦᠯᠲᠠᠨ ᠳ᠋ᠤ᠌ ᠬᠠᠷᠢᠴᠠᠭᠤᠯᠤᠭᠰᠠᠨ ᠵᠠᠳᠠᠯᠤᠯᠲᠠ ᠪᠠ ᠵᠦᠢᠴᠢᠯᠡᠭᠰᠡᠨ ᠮᠠᠭᠠᠳᠯᠠᠯᠲᠠ ᠬᠢᠵᠡᠢ᠃ ᠳᠡᠭᠡᠷᠡᠬᠢ ᠭᠤᠷᠪᠠᠨ ᠠᠯᠬᠤᠮ ᠢ᠋ ᠳᠠᠮᠵᠢᠨ᠂ 2004 ᠣᠨ ᠳ᠋ᠤ᠌ ᠲᠢᠶᠧ ᠹᠠᠨ ᠭᠠᠨ ᠪᠣᠯ ᠮᠣᠩᠭᠣᠯᠴᠤᠳ ᠤ᠋ᠨ ᠠᠯᠠᠭ ᠰᠦᠯᠳᠡ ᠮᠥᠨ ᠭᠡᠰᠡᠨ ᠮᠠᠭᠠᠳᠯᠠᠯᠲᠠ ᠶ᠋ᠢ ᠭᠠᠷᠭᠠᠵᠠᠢ᠃ ᠮᠠᠨ ᠤ᠋ ᠨᠡᠢᠭᠡᠮᠯᠢᠭ ᠨᠢ ᠮᠢᠨᠦ ᠮᠠᠭᠠᠳᠯᠠᠯᠲᠠ ᠶ᠋ᠢ ᠮᠡᠳᠡᠷᠡᠭᠰᠡᠨ ᠢ᠋ᠶ᠋ᠡᠷ ᠦᠯᠦ ᠪᠠᠷᠠᠨ ᠪᠠᠰᠠ ᠳᠡᠭᠡᠳᠦ ᠱᠠᠲᠤᠨ ᠤ᠋ ᠤᠳᠤᠷᠢᠳᠤᠯᠭ᠎ᠠ ᠳ᠋ᠤ᠌ ᠬᠠᠷᠢᠭᠤ ᠮᠡᠳᠡᠭᠦᠯᠬᠦ᠂ ᠬᠤᠷᠠᠯ ᠴᠤᠭᠯᠠᠭᠠᠨ ᠬᠢᠬᠦ ᠪᠠ ᠠᠵᠢᠯ ᠤ᠋ᠨ ᠳ᠋ᠦᠩᠨᠡᠯᠲᠡ ᠪᠢᠴᠢᠬᠦ ᠪᠦᠷᠢ ᠳ᠋ᠦ᠍ ᠤᠬᠠᠭᠤᠯᠵᠤ ᠥᠩᠭᠡᠷᠡᠵᠡᠢ᠃ ᠮᠠᠭᠠᠳᠯᠠᠯᠲᠠ ᠶ᠋ᠢᠨ ᠦᠷ᠎ᠡ ᠪᠦᠲᠦᠭᠡᠯ ᠨᠢ 《ᠰᠢᠯᠢ ᠶ᠋ᠢᠨ ᠭᠣᠣᠯ ᠠᠢᠮᠠᠭ ᠤ᠋ᠨ ᠤᠨ ᠳᠠᠷᠠᠭᠠᠯᠠᠭᠰᠠᠨ ᠪᠢᠴᠢᠭ》 (2006 ᠣᠨ)  ᠲᠤ ᠣᠷᠣᠵᠠᠢ᠃ ᠶᠤᠸᠠᠨ ᠤᠯᠤᠰ ᠤ᠋ᠨ ᠰᠢᠯᠦᠭᠴᠢ ᠡᠦ ᠯᠢᠶᠠᠩ ᠴᠧᠨ ᠤ ᠨᠢᠭᠡ ᠪᠠᠳᠠᠭ ᠰᠢᠯᠦᠭ᠂ ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠬᠢᠲᠠᠳ ᠨᠣᠶᠠᠨ ᠵᠧᠦ ᠪᠦᠸᠧ ᠴᠢ ᠶ᠋ᠢᠨ ᠬᠣᠶᠠᠷ ᠥᠭᠦᠯᠡᠪᠦᠷᠢ ᠪᠣᠯᠤᠨ ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠬᠢᠲᠠᠳ ᠨᠣᠶᠠᠨ ᠸᠠᠩ ᠢ ᠶ᠋ᠢᠨ ᠬᠣᠶᠠᠷ ᠪᠠᠳᠠᠭ ᠰᠢᠯᠦᠭ ᠢ᠋ ᠵᠣᠬᠢᠶᠠᠭᠴᠢ ᠥᠪᠡᠷᠲᠡᠭᠡᠨ ᠮᠣᠩᠭᠣᠯᠴᠢᠯᠠᠪᠠ᠃  
       ᠲᠤᠰ ᠮᠠᠭᠠᠳᠯᠠᠯᠲᠠ ᠶ᠋ᠢᠨ ᠥᠭᠦᠯᠡᠯ ᠨᠢ 《ᠰᠢᠯᠢ ᠶ᠋ᠢᠨ ᠭᠣᠣᠯ ᠤ᠋ᠨ ᠡᠳᠦᠷ ᠤᠨ ᠰᠣᠨᠢᠨ》 ᠤ᠋ 2005 ᠣᠨ ᠤ᠋ 3 ᠰᠠᠷ᠎ᠠ ᠶ᠋ᠢᠨ 11 ᠤ ᠡᠳᠦᠷ ᠤᠨ ᠰᠣᠨᠢᠨ᠂ 《ᠥᠪᠥᠷ ᠮᠣᠩᠭᠣᠯ ᠤ᠋ᠨ ᠡᠳᠦᠷ ᠤᠨ ᠰᠣᠨᠢᠨ》 ᠤ᠋ 2005 ᠣᠨ ᠤ᠋ 11 ᠰᠠᠷ᠎ᠠ ᠶ᠋ᠢᠨ 20 ᠤ᠋ ᠡᠳᠦᠷ ᠤᠨ ᠰᠣᠨᠢᠨ ᠳᠡᠭᠡᠷ᠎ᠡ ᠨᠡᠢᠲᠡᠯᠡᠭᠳᠡᠵᠦ ᠥᠩᠭᠡᠷᠡᠵᠡᠢ᠃ 2008 ᠣᠨ ᠳ᠋ᠤ᠌ 《ᠳᠡᠭᠡᠳᠦ ᠨᠡᠢᠰᠯᠡᠯ ᠤᠨ ᠰᠣᠶᠣᠯ ᠤ᠋ᠨ ᠰᠤᠳᠤᠯᠤᠯ》 ᠭᠡᠬᠦ ᠨᠣᠮ ᠳ᠋ᠤ᠌ ᠰᠣᠩᠭᠣᠭᠳᠠᠨ ᠣᠷᠣᠵᠠᠢ᠃  
                                             ᠵᠣᠬᠢᠶᠠᠭᠴᠢ