ᠮᠢᠨᠦ ᠡᠬᠡ ᠣᠷᠣᠨ -ᠲᠤᠭᠴᠢ ᠯᠤᠪᠰᠠᠩ Minii ekh oron-Tugch LuvsanМиний эх орон-Тугч Лувсан ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠡᠬᠡ ᠣᠷᠣᠨ -ᠲᠤᠭᠴᠢ ᠯᠤᠪᠰᠠᠩ Minii ekh oron-Tugch LuvsanМиний эх орон-Тугч Лувсан

ᠮᠢᠨᠦ ᠡᠬᠡ ᠣᠷᠣᠨ -ᠲᠤᠭᠴᠢ ᠯᠤᠪᠰᠠᠩ Minii ekh oron-Tugch LuvsanМиний эх орон-Тугч Лувсан

2026-02-01

13806

ᠮᠢᠨᠦ ᠡᠬᠡ ᠣᠷᠣᠨ

   
     ᠦᠭᠡ᠄ ᠲᠤᠭᠴᠢ ᠯᠤᠪᠰᠠᠩ 
     ᠠᠶ᠎ᠠ᠄ ᠪᠤᠶᠠᠨᠬᠡᠰᠢᠭ 
     ᠳᠠᠭᠤᠴᠢᠨ᠄ ᠡᠩᠬᠡᠲᠥ᠋ᠷᠦ᠂ ᠠᠨᠳᠠᠬᠦᠦ 

 ᠮᠢᠨᠦ ᠡᠬᠡ ᠣᠷᠣᠨ  
 ᠠᠯᠲᠠᠢ ᠬᠠᠩᠭᠠᠢ ᠨᠢᠷᠤᠭᠤ ᠲᠠᠢ 
 ᠠᠮᠢᠨ ᠭᠣᠣᠯ ᠤ᠋ᠨ ᠤᠷᠤᠰᠬᠠᠯ ᠲᠠᠢ 
 ᠠᠯᠤᠩᠭᠤᠸ᠎ᠠ ᠡᠬᠡ ᠶ᠋ᠢᠨ ᠰᠤᠷᠭᠠᠯ ᠲᠠᠢ 
 ᠠᠷᠭᠠᠰᠤᠨ ᠬᠣᠷᠴᠢ ᠶ᠋ᠢᠨ ᠳᠣᠮᠣᠭ ᠲᠠᠢ 
 ᠡᠬᠡ ᠣᠷᠣᠨ 

 ᠮᠢᠨᠦ ᠡᠬᠡ ᠣᠷᠣᠨ 
 ᠠᠷᠭᠠᠯ ᠤ᠋ᠨ ᠴᠡᠩᠬᠡᠷ ᠰᠤᠭᠤᠨᠠᠭ ᠲᠠᠢ 
 ᠠᠷᠠᠳ ᠤ᠋ᠨ ᠳᠠᠭᠤᠤ ᠶ᠋ᠢᠨ ᠰᠢᠷᠤᠩᠬᠠᠢ ᠲᠠᠢ 
 ᠠᠩᠭᠢᠷ ᠰᠢᠪᠠᠭᠤᠳ ᠤ᠋ᠨ ᠵᠢᠷᠭᠢᠭᠡᠨ ᠲᠡᠢ
 ᠠᠷᠭᠤᠮᠠᠭ ᠬᠦᠯᠦᠭ ᠦ᠋ᠨ ᠦᠤᠷᠰᠡᠭᠡᠨ ᠲᠡᠢ
 ᠡᠬᠡ ᠣᠷᠣᠨ
 ᠮᠢᠨᠦ ᠨᠤᠲᠤᠭ ᠮᠥᠩᠬᠡ ᠶ᠋ᠢᠨ ᠣᠷᠣᠨ
 ᠮᠢᠨᠦ ᠨᠤᠲᠤᠭ ᠮᠥᠩᠬᠡ ᠶ᠋ᠢᠨ ᠣᠷᠣᠨ

 ᠮᠢᠨᠦ ᠡᠬᠡ ᠣᠷᠣᠨ
 ᠠᠷᠭᠠᠯᠢ ᠶᠠᠩᠬᠢᠷ ᠤ᠋ᠨ ᠰᠦᠷᠦᠭ ᠲᠡᠢ
 ᠠᠷᠢᠭᠤᠨ ᠰᠦ ᠶ᠋ᠢᠨ ᠰᠠᠴᠤᠯᠢ ᠲᠠᠢ
 ᠠᠮᠢᠳᠤᠷᠠᠯ ᠵᠢᠷᠭᠠᠯ ᠤ᠋ᠨ ᠵᠥᠩᠨᠡᠯ ᠲᠡᠢ
 ᠠᠯᠲᠠᠨ ᠤᠳᠤᠮ ᠤ᠋ᠨ ᠬᠡᠯᠬᠢᠶ᠎ᠡ ᠲᠡᠢ
 ᠡᠬᠡ ᠣᠷᠣᠨ
 ᠮᠢᠨᠦ ᠨᠤᠲᠤᠭ ᠮᠥᠩᠬᠡ ᠶ᠋ᠢᠨ ᠣᠷᠣᠨ
 ᠮᠢᠨᠦ ᠨᠤᠲᠤᠭ ᠮᠥᠩᠬᠡ ᠶ᠋ᠢᠨ ᠣᠷᠣᠨ

         ᠦᠰᠦᠭ ᠠᠮᠢᠯᠠᠭᠤᠯᠤᠭᠴᠢ᠄ ᠲᠤᠭᠴᠢ ᠯᠤᠪᠰᠠᠩ
         ᠦᠰᠦᠭ ᠬᠠᠳᠠᠭᠴᠢ᠄ ᠪᠠᠢ ᠰᠠᠷᠠᠨ᠎ᠠ
         ᠬᠢᠨᠠᠭᠴᠢ ᠪᠠᠭᠰᠢ᠄ ᠲᠤᠭᠴᠢ ᠯᠤᠪᠰᠠᠩ