ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-1> Сүлдийн соёлын судлал – Минжуур<дээд-1>
ᠳᠡᠭᠡᠳᠦ ᠪᠦᠯᠦᠭ᠂ᠥᠭᠦᠯᠡᠯ ᠤᠨ ᠡᠮᠬᠢᠳᠬᠡᠯ
ᠶᠡᠬᠡ ᠶᠤᠸᠠᠨ ᠤᠯᠤᠰ ᠤᠨ ᠳᠡᠭᠡᠳᠦ ᠨᠡᠢᠰᠯᠡᠯ ᠤᠨ ᠤᠤᠯ ᠳᠦᠷᠢ ᠶ᠋ᠢ ᠰᠡᠷᠭᠦᠭᠡᠨ ᠪᠠᠢᠭᠤᠯᠬᠤ ᠲᠤᠬᠠᠢ ᠰᠠᠨᠠᠭᠤᠯᠤᠮᠵᠢ
ᠬᠠᠭᠠᠨᠲᠤ ᠲᠥᠷᠥ ᠶ᠋ᠢᠨ ᠳᠡᠭᠡᠳᠦ ᠨᠡᠢᠰᠯᠡᠯ ᠬᠣᠲᠠ ᠶ᠋ᠢ ᠶᠠᠭ ᠰᠢᠯᠢ ᠶ᠋ᠢᠨ ᠭᠣᠣᠯ ᠤ᠋ᠨ ᠲᠠᠯ᠎ᠠ ᠨᠤᠲᠤᠭ ᠳᠡᠭᠡᠷ᠎ᠡ ᠪᠠᠢᠭᠤᠯᠤᠭᠰᠠᠨ ᠨᠢ ᠡᠪᠦᠭᠡ ᠳᠡᠭᠡᠳᠦᠰ ᠡᠴᠡ ᠮᠠᠨ ᠳ᠋ᠤ᠌ ᠬᠠᠢᠷᠠᠯᠠᠭᠰᠠᠨ ᠪᠤᠶᠠᠨ ᠬᠡᠰᠢᠭ ᠮᠥᠨ᠃ ᠡᠢᠮᠦ ᠡᠴᠡ ᠮᠠᠨ ᠤ᠋ ᠤᠯᠤᠰ WTO ᠳ᠋ᠦ᠍ ᠣᠷᠣᠵᠤ᠂ ᠠᠵᠤ ᠠᠬᠤᠢ ᠳᠡᠯᠡᠬᠡᠢ ᠶ᠋ᠢᠨ ᠴᠢᠨᠠᠷ ᠲᠠᠢ ᠪᠣᠯᠵᠤ ᠪᠠᠢᠭ᠎ᠠ ᠥᠨᠥᠳᠥᠷ ᠮᠠᠨ ᠤ᠋ ᠠᠢᠮᠠᠭ ᠡᠨᠡ ᠬᠦ᠌ ᠰᠠᠢᠨ ᠲᠣᠬᠢᠶᠠᠯ ᠢ᠋ ᠠᠰᠢᠭᠯᠠᠵᠤ᠂ ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠤᠤᠯ ᠳᠦᠷᠢ ᠶ᠋ᠢ ᠰᠡᠷᠭᠦᠭᠡᠨ ᠪᠠᠢᠭᠤᠯᠵᠤ᠂ ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠰᠣᠶᠣᠯ ᠢ᠋ ᠤᠯᠠᠮᠵᠢᠯᠠᠨ ᠪᠠᠳᠠᠷᠠᠭᠤᠯᠵᠤ᠂ ᠦᠨᠳᠦᠰᠦᠲᠡᠨ ᠤ ᠰᠣᠶᠣᠯ ᠤ᠋ᠨ ᠲᠣᠮᠣ ᠠᠢᠮᠠᠭ ᠪᠣᠯᠭᠠᠨ ᠪᠦᠲᠦᠭᠡᠨ ᠪᠠᠢᠭᠤᠯᠬᠤ ᠶᠠᠪᠤᠳᠠᠯ ᠢ᠋ ᠠᠵᠤ ᠠᠬᠤᠢ ᠶ᠋ᠢᠨ ᠬᠥᠭᠵᠢᠯᠲᠡ ᠶ᠋ᠢᠨ ᠨᠢᠭᠡ ᠰᠢᠪᠲᠤᠯᠬᠤ ᠴᠢᠭ ᠪᠣᠯᠭᠠᠪᠠᠯ ᠬᠤᠷᠴᠠ ᠰᠢᠷᠦᠭᠦᠨ ᠠᠵᠤ ᠠᠬᠤᠢ ᠶ᠋ᠢᠨ ᠥᠷᠢᠰᠦᠯᠳᠦᠭᠡᠨ ᠤ ᠲᠣᠮᠳᠠ ᠥᠪᠡᠷ ᠤᠨ ᠪᠠᠢᠷᠢ ᠰᠠᠭᠤᠷᠢ ᠪᠠᠨ ᠣᠯᠤᠭᠠᠳ ᠠᠵᠤ ᠠᠬᠤᠢ᠂ ᠢᠯᠠᠩᠭᠤᠶ᠎ᠠ ᠵᠢᠭᠤᠯᠴᠢᠯᠠᠯ ᠤ᠋ᠨ ᠦᠢᠯᠡᠰ ᠤᠨ ᠬᠥᠭᠵᠢᠯᠲᠡ ᠶ᠋ᠢ ᠲᠦᠷᠭᠡᠳᠬᠡᠵᠦ᠂ ᠠᠷᠠᠳ ᠤ᠋ᠨ ᠠᠮᠢᠳᠤᠷᠠᠯ ᠤ᠋ᠨ ᠲᠦᠪᠰᠢᠨ ᠢ᠋ ᠳᠡᠭᠡᠭᠰᠢᠯᠡᠭᠦᠯᠵᠦ ᠴᠢᠳᠠᠨ᠎ᠠ ᠭᠡᠵᠦ ᠦᠵᠡᠨ᠎ᠡ᠃ ᠡᠢᠮᠦ ᠡᠴᠡ ᠳᠣᠣᠷᠠᠬᠢ ᠮᠡᠲᠦ ᠳᠥᠷᠪᠡᠨ ᠲᠠᠯ᠎ᠠ ᠶ᠋ᠢᠨ ᠰᠡᠷᠭᠦᠭᠡᠨ ᠪᠠᠢᠭᠤᠯᠬᠤ ᠠᠭᠤᠯᠭ᠎ᠠ ᠪᠠ ᠠᠷᠭ᠎ᠠ ᠶ᠋ᠢᠨ ᠲᠤᠬᠠᠢ ᠰᠠᠨᠠᠭᠤᠯᠤᠮᠵᠢ ᠶ᠋ᠢ ᠳᠤᠷᠠᠳᠤᠶ᠎ᠠ᠃
(ᠨᠢᠭᠡ) ᠪᠠᠢᠭᠠᠯᠢ ᠶ᠋ᠢᠨ ᠤᠤᠯ ᠤ᠋ᠨ ᠦᠵᠡᠮᠵᠢ ᠶ᠋ᠢ ᠰᠡᠷᠭᠦᠭᠡᠨ ᠪᠠᠢᠭᠤᠯᠬᠤ ᠲᠤᠬᠠᠢ᠃ ᠲᠡᠦᠬᠡᠨ ᠰᠤᠷᠪᠤᠯᠵᠢ ᠪᠢᠴᠢᠭ ᠤᠨ ᠲᠡᠮᠳᠡᠭᠯᠡᠯ ᠢ᠋ ᠦᠨᠳᠦᠰᠦᠯᠡᠪᠡᠯ ᠳᠡᠭᠡᠳᠦ ᠨᠡᠢᠰᠯᠡᠯ ᠤᠨ ᠪᠠᠢᠷᠢᠰᠢᠵᠤ ᠪᠠᠢᠭ᠎ᠠ ᠡᠨᠡ ᠬᠡᠰᠡᠭ ᠭᠠᠵᠠᠷ ᠨᠢ ᠠᠭᠤᠯᠠ ᠲᠠᠯ᠎ᠠ ᠳ᠋ᠠᠭᠠᠨ ᠡᠪᠡᠰᠦ ᠮᠣᠳᠣ ᠢᠭᠴᠤᠷᠠᠨ ᠤᠷᠭᠤᠵᠤ᠂ ᠥᠩᠭᠡ ᠶ᠋ᠢᠨ ᠴᠡᠴᠡᠭ ᠮᠢᠷᠠᠯᠵᠠᠨ ᠳᠡᠯᠭᠡᠷᠡᠵᠦ᠂ ᠠᠷᠢᠶᠠᠲᠠᠨ ᠵᠢᠭᠦᠷᠲᠡᠨ ᠰᠦᠯᠵᠢᠯᠳᠦᠭᠰᠡᠨ᠂ ᠭᠣᠣᠯ ᠭᠣᠷᠣᠬ᠎ᠠ ᠳ᠋ᠠᠭᠠᠨ ᠵᠢᠭᠠᠰᠤ ᠵᠢᠷᠠᠭᠠᠬᠠᠢ ᠱᠤᠩᠪᠠᠨ ᠠᠮᠢᠳᠤᠷᠠᠭᠰᠠᠨ ᠪᠠᠢᠭᠠᠯᠢ ᠶ᠋ᠢᠨ ᠦᠵᠡᠮᠵᠢ ᠪᠡᠷ ᠭᠣᠶᠣ ᠰᠠᠢᠬᠠᠨ ᠤᠷᠤᠨ ᠪᠠᠢᠵᠠᠢ᠃ ᠲᠤᠬᠠᠢᠯᠠᠪᠠᠯ ᠳᠡᠭᠡᠳᠦ ᠨᠡᠢᠰᠯᠡᠯ ᠬᠣᠲᠠ ᠠ᠋ᠴᠠ ᠬᠣᠢᠰᠢ ᠭᠤᠷᠪᠠᠨ ᠭᠠᠵᠠᠷ ᠤ᠋ᠨ ᠵᠠᠢ ᠲᠠᠢ ᠯᠦᠩ ᠭᠠᠩ ᠭᠡᠳᠡᠭ ᠨᠢᠭᠡᠨ ᠠᠭᠤᠯᠠ ᠪᠣᠢ᠃ ᠶᠤᠸᠠᠨ ᠤᠯᠤᠰ ᠤ᠋ᠨ ᠰᠢᠯᠦᠭᠴᠢᠨ ᠡᠦ ᠯᠢᠶᠠᠩ ᠴᠧᠨ ᠡᠨᠡ ᠠᠭᠤᠯᠠ ᠶ᠋ᠢ 《ᠵᠢᠯ ᠪᠦᠷᠢ ᠶ᠋ᠢᠨ ᠲᠠᠪᠤᠨ ᠰᠠᠷ᠎ᠠ ᠨᠡᠢᠰᠯᠡᠯ ᠬᠣᠲᠠᠨ᠎ᠠ ᠢᠷᠡᠬᠦᠶ᠎ᠡ᠂ ᠯᠦᠩ ᠭᠠᠩ ᠤ᠋ᠨ ᠥᠩᠭᠡ ᠭᠠᠯᠪᠢᠷ ᠥᠨᠢᠳᠡ ᠬᠥᠬᠡᠷᠡᠨ ᠨᠣᠭᠣᠭᠠᠷᠠᠮᠤᠢ》① ᠭᠡᠵᠦ ᠮᠠᠭᠲᠠᠨ ᠰᠢᠯᠦᠭᠯᠡᠭᠰᠡᠨ ᠪᠠᠢᠳᠠᠭ᠃ ᠯᠦᠩ ᠭᠠᠩ ᠠᠭᠤᠯᠠ ᠠ᠋ᠴᠠ ᠭᠠᠳᠠᠨ᠎ᠠ ᠪᠠᠰᠠ ᠳᠡᠭᠡᠳᠦ ᠨᠡᠢᠰᠯᠡᠯ ᠬᠣᠲᠠ ᠶ᠋ᠢᠨ ᠳᠥᠷᠪᠡᠨ ᠵᠦᠭ ᠲᠦ᠍ ᠲᠢᠶᠧ ᠹᠠᠨ ᠭᠠᠨ ᠠᠭᠤᠯᠠ (ᠲᠢᠶᠧ ᠹᠠᠨ ᠭᠠᠨ ᠪᠣᠯ ᠨᠢᠭᠡᠨ ᠰᠢᠳᠢᠲᠦ ᠡᠳ᠋ ᠪᠣᠯᠤᠨ᠎ᠠ᠂ ᠲᠤᠬᠠᠢ ᠶ᠋ᠢᠨ ᠦᠶ᠎ᠡ ᠳ᠋ᠦ᠍ ᠲᠡᠭᠦᠨ ᠢ᠋ ᠲᠤᠰ ᠠᠭᠤᠯᠠᠨ ᠳᠡᠭᠡᠷ᠎ᠡ ᠪᠤᠰᠬᠠᠵᠤ ᠪᠠᠢᠭᠰᠠᠨ ᠪᠣᠯᠬᠣᠷ ᠲᠢᠶᠧ ᠹᠠᠨ ᠭᠠᠨ ᠠᠭᠤᠯᠠ ᠭᠡᠵᠦ ᠨᠡᠷᠡᠯᠡᠵᠡᠢ)᠃ ᠨᠠᠨ ᠪᠢᠩ ᠱᠠᠨ ᠠᠭᠤᠯᠠ᠂ ᠨᠢᠦ ᠰᠢᠨ ᠱᠠᠨ ᠠᠭᠤᠯᠠ (ᠣᠳᠣ ᠶ᠋ᠢᠨ ᠪᠠᠶᠠᠨᠵᠢᠷᠦᠬᠡ ᠠᠭᠤᠯᠠ)᠂ ᠮᠠᠨ ᠲᠧᠦ ᠱᠠᠨ ᠠᠭᠤᠯᠠ ᠵᠡᠷᠭᠡ ᠲᠡᠦᠬᠡᠨ ᠰᠤᠳᠤᠯᠤᠭᠳᠠᠬᠤᠨ ᠪᠠ ᠵᠢᠭᠤᠯᠴᠢᠯᠠᠯ ᠤ᠋ᠨ ᠨᠡᠭᠡᠭᠡᠯᠲᠡ ᠲᠡᠢ ᠠᠭᠤᠯᠠ ᠨᠤᠭᠤᠳ ᠪᠣᠢ᠃ ᠠᠯᠲᠠᠩᠬᠤᠤᠠ ᠴᠡᠴᠡᠭᠲᠦ ᠲᠠᠯ᠎ᠠ ᠨᠢ ᠳᠡᠭᠡᠳᠦ ᠨᠡᠢᠰᠯᠡᠯ ᠤᠨ ᠪᠠᠷᠠᠭᠤᠨ ᠡᠮᠦᠨ᠎ᠡ ᠵᠦᠭ ᠲᠦ᠍ ᠨᠡᠯᠦᠢᠨ ᠬᠠᠷᠠᠭᠳᠠᠳᠠᠭ᠃ ᠡᠨᠡ ᠰᠠᠢᠬᠠᠨ ᠨᠡᠯᠦᠭᠡᠷ ᠠᠭᠤᠳᠠᠮ ᠲᠠᠯ᠎ᠠ ᠳ᠋ᠤ᠌ ᠣᠯᠠᠨ ᠵᠦᠢᠯ ᠤᠨ ᠡᠪᠡᠰᠦ ᠮᠣᠳᠣ ᠨᠣᠭᠣᠭᠠᠷᠠᠨ ᠤᠷᠭᠤᠵᠤ᠂ ᠠᠯᠲᠠᠨ ᠰᠢᠷ᠎ᠠ ᠥᠩᠭᠡ ᠲᠡᠢ ᠠᠯᠲᠠᠩᠬᠤᠤᠠ ᠴᠡᠴᠡᠭ᠂ ᠤᠯᠠᠭᠠᠨ ᠴᠠᠭᠠᠨ ᠥᠩᠭᠡ ᠲᠡᠢ ᠭᠣᠶᠣ ᠰᠠᠢᠬᠠᠨ ᠴᠠᠨ᠎ᠠ ᠴᠡᠴᠡᠭ᠂ ᠰᠡᠯᠡᠮ᠎ᠡ ᠨᠠᠪᠴᠢ ᠲᠠᠢ ᠬᠥᠬᠡ ᠴᠡᠴᠡᠭᠲᠦ ᠴᠠᠬᠢᠯᠳᠠᠭ ᠁ ᠵᠡᠷᠭᠡ ᠬᠡᠭᠡᠷ᠎ᠡ ᠶ᠋ᠢᠨ ᠴᠡᠴᠡᠭ ᠥᠩᠭᠡ ᠢᠯᠭᠠᠷᠠᠨ ᠭᠠᠵᠠᠷ ᠰᠠᠢ ᠦᠭᠡᠢ ᠳᠡᠯᠭᠡᠷᠡᠳᠡᠭ᠃ᠪᠠᠰᠠ ᠮᠥᠭᠥ᠂ ᠬᠡᠭᠡᠷ᠎ᠡ ᠶ᠋ᠢᠨ ᠭᠣᠭᠣᠳ᠂ ᠵᠡᠷᠯᠢᠭ ᠵᠣᠷᠭᠣᠳᠠᠰᠤ᠁ ᠵᠡᠷᠭᠡ ᠴᠦ᠍ ᠡᠯᠪᠡᠭ ᠤᠷᠭᠤᠳᠠᠭ ᠪᠠᠢᠨ᠎ᠠ᠃ ᠡᠨᠳᠡ ᠬᠠᠷᠴᠠᠭᠠᠢ᠂ ᠪᠦᠷᠭᠦᠳ᠂ ᠬᠤᠨ ᠭᠠᠯᠠᠭᠤ᠂ ᠬᠠᠳᠠᠨ ᠤ᠋ ᠪᠣᠯᠵᠣᠮᠣᠷ᠂ ᠲᠤᠩ ᠪᠢᠯᠵᠤᠤᠬᠠᠢ᠂ ᠨᠤᠭᠲᠤᠷᠤ᠂ ᠬᠠᠢᠷᠠᠭᠤᠴᠠᠢ ᠁ ᠵᠡᠷᠭᠡ ᠵᠢᠭᠦᠷᠲᠡᠨ ᠰᠢᠪᠠᠭᠤ ᠪᠠᠢᠬᠤ ᠮᠥᠷᠲᠡᠭᠡᠨ ᠲᠡᠮᠡᠭᠡᠨ ᠭᠥᠷᠥᠭᠡᠰᠦ᠂ ᠬᠤᠯᠠᠨ᠂ ᠳᠠᠭᠢ᠂ ᠵᠡᠭᠡᠷ᠎ᠡ᠂ ᠦᠨᠡᠭᠡ᠂ ᠴᠢᠨᠣ᠎ᠠ ᠁ ᠵᠡᠷᠭᠡ ᠵᠡᠷᠯᠢᠭ ᠠᠮᠢᠲᠠᠳ ᠴᠤ᠌ ᠪᠣᠢ᠃ ᠳᠡᠭᠡᠳᠦ ᠨᠡᠢᠰᠯᠡᠯ ᠬᠣᠲᠠ ᠶ᠋ᠢᠨ ᠡᠮᠦᠨ᠎ᠡ ᠲᠠᠯ᠎ᠠ ᠪᠠᠷ ᠪᠠᠷᠠᠭᠤᠨ ᠠ᠋ᠴᠠ ᠵᠡᠭᠦᠨᠰᠢ ᠬᠦᠷᠴᠢᠭᠢᠨᠡᠨ ᠤᠷᠤᠰᠤᠭᠰᠠᠨ ᠯᠤᠸᠠᠨ ᠾᠧ ᠭᠣᠣᠯ (ᠣᠳᠣ ᠶ᠋ᠢᠨ ᠱᠠᠩᠳᠤ ᠶ᠋ᠢᠨ ᠭᠣᠣᠯ) ᠭᠡᠵᠦ ᠪᠣᠢ᠃ ᠡᠨᠡ ᠭᠣᠣᠯ ᠳ᠋ᠤ᠌ ᠰᠢᠶᠠᠩ ᠾᠧ ᠭᠣᠣᠯ᠂ ᠪᠦᠸᠧ ᠴᠢ ᠭᠣᠣᠯ᠂ ᠯᠢᠦᠢ ᠾᠧ ᠭᠣᠣᠯ᠂ ᠲᠠᠤᠯᠠᠢ ᠶ᠋ᠢᠨ ᠭᠣᠣᠯ ᠵᠡᠷᠭᠡ ᠬᠡᠳᠦᠨ ᠭᠣᠣᠯ ᠭᠣᠷᠣᠬ᠎ᠠ ᠤᠷᠤᠰᠤᠨ ᠣᠷᠣᠵᠤ ᠨᠡᠢᠯᠡᠳᠡᠭ᠃ ᠡᠨᠡ ᠲᠤᠬᠠᠢ 《ᠳᠠ ᠮᠢᠩ ᠲᠦᠩ》 ᠤᠨ ᠲᠠᠪᠤᠳᠤᠭᠠᠷ ᠪᠣᠳᠢ ᠳ᠋ᠤ᠌ 《ᠰᠢᠶᠠᠩ ᠾᠧ ᠭᠣᠣᠯ ᠪᠣᠯᠪᠠᠰᠤ ᠺᠠᠢᠫᠢᠩ ᠹᠦ ᠰᠢᠶᠠᠨ ᠤ᠋ ᠵᠡᠭᠦᠨ ᠬᠣᠢᠲᠤᠬᠢ ᠨᠠᠷᠠᠰᠤᠨ ᠮᠣᠳᠣᠨ ᠤ᠋ ᠣᠢ ᠳᠤᠮᠳᠠ ᠠ᠋ᠴᠠ ᠡᠬᠢ ᠠᠪᠴᠤ᠂ ᠡᠮᠦᠨᠡᠰᠢ ᠤᠷᠤᠰᠤᠨ ᠯᠤᠸᠠᠨ ᠾᠧ ᠭᠣᠣᠯ (ᠱᠠᠩᠳᠤ ᠶ᠋ᠢᠨ ᠭᠣᠣᠯ) ᠳ᠋ᠤᠷ ᠨᠡᠢᠯᠡᠮᠦᠢ᠃ ᠪᠦᠸᠧ ᠴᠢ ᠭᠣᠣᠯ᠂ ᠯᠢᠦᠢ ᠾᠧ ᠭᠣᠣᠯ ᠪᠣᠯᠪᠠᠰᠤ ᠮᠥᠨ ᠨᠠᠷᠠᠰᠤᠨ ᠮᠣᠳᠣᠨ ᠤ᠋ ᠣᠢ ᠳᠤᠮᠳᠠ ᠠ᠋ᠴᠠ ᠡᠬᠢ ᠠᠪᠴᠤ᠂ ᠡᠮᠦᠨᠡᠰᠢ ᠤᠷᠤᠰᠤᠨ ᠯᠤᠸᠠᠨ ᠾᠧ ᠭᠣᠣᠯ ᠳ᠋ᠤᠷ ᠨᠡᠢᠯᠡᠮᠦᠢ ᠁ ᠲᠠᠤᠯᠠᠢ ᠶ᠋ᠢᠨ ᠭᠣᠣᠯ ᠪᠣᠯᠪᠠᠰᠤ ᠺᠠᠢᠫᠢᠩ ᠹᠦ ᠰᠢᠶᠠᠨ ᠤ᠋ ᠪᠠᠷᠠᠭᠤᠨ ᠡᠮᠦᠨ᠎ᠡ ᠵᠠᠭᠤᠨ ᠭᠠᠵᠠᠷ ᠤ᠋ᠨ ᠬᠠᠪᠢ ᠠ᠋ᠴᠠ ᠡᠬᠢ ᠠᠪᠴᠤ᠂ ᠳᠡᠭᠡᠳᠦ ᠮᠠᠩᠬᠠᠨ ᠤ᠋ ᠳᠤᠮᠳᠠᠭᠤᠷ ᠵᠡᠭᠦᠨᠰᠢ ᠤᠷᠤᠰᠤᠨ ᠮᠥᠨ ᠯᠤᠸᠠᠨ ᠾᠧ ᠭᠣᠣᠯ ᠳ᠋ᠤᠷ ᠣᠷᠣᠮᠤᠢ》 ᠭᠡᠵᠦ ᠨᠠᠷᠢᠨ ᠪᠢᠴᠢᠭᠰᠡᠨ ᠪᠠᠢᠳᠠᠭ᠃ ᠳᠡᠭᠡᠷ᠎ᠡ ᠵᠠᠭᠤᠨ ᠤ᠋ ᠲᠠᠪᠢᠭᠠᠳ ᠣᠨ ᠤ᠋ ᠦᠶ᠎ᠡ ᠳ᠋ᠦ᠍ ᠱᠠᠩᠳᠤ ᠶ᠋ᠢᠨ ᠭᠣᠣᠯ ᠪᠠᠰᠠ ᠤᠷᠤᠰᠬᠠᠯ ᠲᠠᠢ ᠪᠠᠢᠯ᠎ᠠ ᠭᠡᠵᠦ ᠲᠤᠰ ᠭᠠᠵᠠᠷ ᠤ᠋ᠨ ᠨᠠᠰᠤᠲᠠᠢ ᠬᠥᠮᠦᠰ ᠶᠠᠷᠢᠳᠠᠭ᠃ ᠡᠨᠡ ᠭᠣᠣᠯ ᠭᠣᠷᠣᠬ᠎ᠠ ᠨᠤᠭᠤᠳ ᠢ᠋ᠶ᠋ᠠᠷ ᠮᠥᠷᠭᠥ᠂ ᠵᠢᠪᠡᠬᠡ᠂ ᠬᠡᠯᠲᠡᠭᠡ ᠵᠡᠷᠭᠡ ᠶ᠋ᠢᠨ ᠵᠢᠭᠠᠰᠤ ᠵᠢᠷᠠᠭᠠᠬᠠᠢ ᠠᠮᠢᠳᠤᠷᠠᠨ ᠣᠷᠣᠰᠢᠵᠤ ᠪᠠᠢᠵᠠᠢ᠃
ᠲᠡᠦᠬᠡᠨ ᠴᠠᠭ ᠦᠶ᠎ᠡ ᠶ᠋ᠢᠨ ᠪᠠᠢᠭᠠᠯᠢ ᠶ᠋ᠢᠨ ᠪᠦᠬᠦ ᠦᠵᠡᠮᠵᠢ ᠶ᠋ᠢ ᠲᠡᠷᠡ ᠬᠡᠪ ᠢ᠋ᠶ᠋ᠡᠷ ᠨᠢ ᠰᠡᠷᠭᠦᠭᠡᠬᠦ ᠭᠡᠳᠡᠭ ᠨᠢ ᠬᠡᠯᠡᠯᠭᠡᠨ ᠦᠭᠡᠢ ᠪᠡᠶᠡᠯᠡᠭᠳᠡᠬᠦ ᠪᠣᠯᠤᠯᠴᠠᠭ᠎ᠠ ᠦᠭᠡᠢ᠃ ᠭᠡᠪᠡᠴᠦ ᠰᠡᠷᠭᠦᠭᠡᠵᠦ ᠪᠣᠯᠬᠤ ᠪᠠᠢᠭᠠᠯᠢ ᠶ᠋ᠢᠨ ᠦᠵᠡᠮᠵᠢ ᠶ᠋ᠢ ᠰᠡᠷᠭᠦᠭᠡᠭᠡᠳ ᠴᠢᠳᠠᠴᠢᠬᠠᠪᠠᠯ ᠵᠢᠭᠤᠯᠴᠢᠯᠠᠯ ᠤ᠋ᠨ ᠦᠢᠯᠡᠰ ᠲᠦ᠍ ᠯᠡ ᠠᠰᠢᠭᠲᠠᠢ ᠪᠢᠰᠢ ᠪᠠᠰᠠ ᠠᠮᠢ ᠠᠬᠤᠢ ᠶ᠋ᠢᠨ ᠲᠡᠩᠴᠡᠭᠦᠷᠢ ᠶ᠋ᠢ ᠪᠠᠲᠤᠯᠠᠬᠤ ᠳ᠋ᠤ᠌ ᠨᠡᠩ ᠴᠦ᠍ ᠲᠤᠰᠠᠲᠠᠢ᠃
(ᠬᠣᠶᠠᠷ) ᠭᠣᠣᠯ ᠪᠣᠯᠬᠤ ᠤᠷᠲᠤ᠂ ᠬᠠᠷᠰᠢ᠂ ᠰᠦᠮ᠎ᠡ ᠵᠡᠷᠭᠡ ᠡᠷᠲᠡᠨ ᠤ ᠪᠠᠷᠢᠯᠭ᠎ᠠ ᠶ᠋ᠢ ᠰᠡᠷᠭᠦᠭᠡᠨ ᠪᠠᠢᠭᠤᠯᠬᠤ ᠲᠤᠬᠠᠢ᠃ ᠲᠡᠦᠬᠡᠨ ᠰᠤᠷᠪᠤᠯᠵᠢ ᠪᠢᠴᠢᠭ ᠪᠠ ᠠᠷᠾᠢᠣᠯᠣᠭᠢ ᠮᠠᠲ᠋ᠧᠷᠢᠶᠠᠯ ᠤ᠋ᠨ ᠭᠡᠷᠡᠴᠢᠯᠡᠭᠰᠡᠨ ᠢ᠋ᠶ᠋ᠡᠷ ᠶᠡᠬᠡ ᠶᠤᠸᠠᠨ ᠤᠯᠤᠰ ᠤ᠋ᠨ ᠦᠶ᠎ᠡ ᠳ᠋ᠦ᠍ ᠪᠠᠷᠢᠯᠭ᠎ᠠ ᠶ᠋ᠢᠨ ᠦᠢᠯᠡᠰ ᠴᠦ᠍ ᠶᠡᠬᠡ ᠪᠡᠷ ᠬᠥᠭᠵᠢᠭᠰᠡᠨ ᠪᠠᠢᠵᠠᠢ᠃ ᠲᠤᠬᠠᠢᠯᠠᠪᠠᠯ ᠳᠡᠭᠡᠳᠦ ᠨᠡᠢᠰᠯᠡᠯ ᠬᠣᠲᠠ ᠳ᠋ᠤ᠌ ᠳᠠ ᠠᠨ ᠭᠧ᠂ ᠱᠦᠢ ᠵᠢᠩ ᠳ᠋ᠢᠶᠠᠨ᠂ ᠰᠢᠷ᠎ᠠ ᠤᠷᠲᠤ᠂ ᠰᠠᠷᠠᠪᠴᠢᠨ ᠤᠷᠲᠤ ᠁ ᠭᠡᠬᠦ ᠮᠡᠲᠦ ᠶ᠋ᠢᠨ ᠣᠯᠠᠨ ᠰᠠᠢᠬᠠᠨ ᠤᠷᠲᠤ ᠬᠠᠷᠰᠢ ᠪᠣᠯᠤᠨ ᠬᠤᠸᠠ ᠶᠠᠨ ᠰᠧ᠂ ᠴᠢᠶᠠᠨ ᠶᠤᠸᠠᠨ ᠰᠧ᠂ ᠺᠠᠢ ᠶᠤᠸᠠᠨ ᠰᠧ ᠭᠡᠬᠦ ᠮᠡᠲᠦ ᠶ᠋ᠢᠨ ᠰᠦᠮ᠎ᠡ ᠬᠡᠢᠳ ᠦ᠋ᠳ ᠪᠠᠢᠵᠠᠢ᠃ ᠢᠲ᠋ᠠᠯᠢ ᠶ᠋ᠢᠨ ᠵᠢᠭᠤᠯᠴᠢᠨ ᠮᠠᠷᠺᠣ ᠫᠣᠯᠣ ᠪᠣᠯ ᠶᠠᠭ ᠡᠳᠡᠭᠡᠷ ᠤᠷᠲᠤ ᠬᠠᠷᠰᠢ ᠪᠣᠯᠤᠨ ᠰᠦᠮ᠎ᠡ ᠬᠡᠢᠳ ᠢ ᠨᠢᠳᠦ ᠪᠡᠷ ᠢ᠋ᠶ᠋ᠡᠨ ᠦᠵᠡᠭᠰᠡᠨ ᠬᠥᠮᠦᠨ ᠶᠦᠮ᠃ ᠲᠡᠷᠡ 《ᠠᠶᠠᠯᠠᠯ ᠤ᠋ᠨ ᠲᠡᠮᠳᠡᠭᠯᠡᠯ》 ᠳ᠋ᠡᠭᠡᠨ 《ᠭᠠᠨᠲᠢᠭ ᠴᠢᠯᠠᠭᠤ ᠬᠢᠭᠡᠳ ᠪᠤᠰᠤ ᠣᠯᠠᠨ ᠦᠵᠡᠰᠬᠦᠯᠡᠩᠲᠦ ᠰᠠᠢᠬᠠᠨ ᠴᠢᠯᠠᠭᠤ ᠪᠠᠷ ᠤᠷᠲᠤ ᠬᠠᠷᠰᠢ ᠪᠠᠢᠭᠤᠯᠵᠤᠬᠤᠢ᠃ ᠵᠣᠬᠢᠶᠠᠯᠲᠠ ᠲᠥᠯᠥᠪᠯᠡᠭᠡ ᠶ᠋ᠢᠨ ᠤᠷᠠᠨ ᠨᠠᠷᠢᠨ ᠬᠢᠭᠡᠳ ᠪᠠᠢᠭᠤᠯᠤᠭᠰᠠᠨ ᠤ᠋ ᠰᠦᠷᠯᠢᠭ ᠰᠠᠢᠬᠠᠨ ᠠᠨᠤ ᠬᠥᠮᠦᠨ ᠮᠠᠭᠲᠠᠨ ᠦᠯᠦ ᠳᠠᠭᠤᠰᠤᠮᠤᠢ》② ᠭᠡᠵᠦ ᠲᠡᠮᠳᠡᠭᠯᠡᠭᠰᠡᠨ ᠪᠠᠢᠳᠠᠭ᠃ ᠪᠠᠰᠠ ᠰᠠᠷᠠᠪᠴᠢᠨ ᠣᠷᠳᠣᠨ ᠤ᠋ ᠲᠤᠬᠠᠢ 《ᠶᠡᠬᠡ ᠬᠠᠭᠠᠨ ᠲᠡᠨᠳᠡ ᠨᠢᠭᠡᠨ ᠰᠠᠷᠠᠪᠴᠢᠨ ᠣᠷᠳᠣᠨ ᠪᠠᠢᠭᠤᠯᠵᠤ᠂ ᠦᠵᠡᠰᠬᠦᠯᠡᠩᠲᠦ ᠲᠤᠯᠭᠠᠭᠤᠷ ᠤᠳ ᠢ᠋ᠶ᠋ᠠᠷ ᠬᠡᠯᠬᠢᠨ ᠲᠤᠯᠵᠤᠬᠤᠢ᠃ ᠳᠡᠭᠡᠷ᠎ᠡ ᠢᠨᠦ ᠠᠯᠲᠠ ᠪᠠᠷ ᠰᠢᠷᠲᠡᠵᠦ᠂ ᠪᠠᠰᠠ ᠲᠤᠯᠭᠠᠭᠤᠷ ᠪᠦᠷᠢ ᠶ᠋ᠢᠨ ᠳᠡᠭᠡᠷ᠎ᠡ ᠨᠢ ᠨᠢᠭᠡᠨ ᠯᠤᠤ ᠣᠷᠢᠶᠠᠯᠳᠤᠵᠤ ᠪᠠᠢᠮᠤᠢ᠃ ᠲᠡᠭᠦᠨ ᠤ ᠲᠣᠯᠣᠭᠠᠢ ᠠᠨᠤ ᠭᠡᠷ ᠤᠨ ᠰᠠᠷᠠᠪᠴᠢᠨ ᠤ᠋ ᠦᠵᠦᠭᠦᠷ ᠯᠦ᠍ᠭᠡ ᠨᠡᠢᠯᠡᠵᠦ᠂ ᠬᠢᠮᠤᠰᠤ ᠢᠨᠦ ᠡᠰᠢ ᠳᠠᠰᠢ ᠠᠷᠵᠠᠢᠨ᠂ ᠰᠡᠭᠦᠯ ᠢᠨᠦ ᠳᠣᠷᠣᠭᠰᠢ ᠤᠨᠵᠢᠢᠵᠤ᠂ ᠴᠥᠮ ᠢ᠋ ᠠᠯᠲᠠᠳᠠᠵᠤᠬᠤᠢ᠃ ᠭᠡᠷ ᠤᠨ ᠣᠷᠣᠢ ᠬᠢᠭᠡᠳ ᠪᠤᠰᠤ ᠭᠠᠵᠠᠷ ᠠᠨᠤ ᠴᠥᠮ ᠨᠢᠭᠡᠨ ᠠᠳᠠᠯᠢ ᠬᠤᠯᠤᠰᠤ ᠪᠠᠷ ᠦᠢᠯᠡᠳᠴᠦ᠂ ᠮᠠᠰᠢ ᠰᠠᠢᠬᠠᠨ ᠰᠢᠷᠲᠡᠵᠦᠬᠦᠢ》③ ᠭᠡᠵᠦ ᠨᠠᠷᠢᠯᠢᠭ ᠲᠡᠮᠳᠡᠭᠯᠡᠭᠰᠡᠨ ᠪᠠᠢᠳᠠᠭ᠃《ᠶᠤᠸᠠᠨ ᠤ᠋ ᠳᠡᠭᠡᠳᠦ ᠨᠡᠢᠰᠯᠡᠯ ᠦ᠋ᠨ ᠤᠷᠲᠤ ᠬᠠᠷᠰᠢ ᠠᠰᠠᠷ ᠲᠠᠭᠲᠤ ᠶ᠋ᠢᠨ ᠰᠤᠳᠤᠯᠤᠯ》 ᠭᠡᠬᠦ ᠵᠣᠬᠢᠶᠠᠯ ᠳ᠋ᠤ᠌ 《ᠪᠠᠷᠢᠯᠭ᠎ᠠ ᠶ᠋ᠢᠨ ᠪᠦᠲᠦᠴᠡ ᠪᠠ ᠬᠡᠪ ᠨᠠᠮᠪᠠ ᠠ᠋ᠴᠠ ᠶᠠᠷᠢᠪᠠᠯ ᠬᠣᠶᠠᠷ ᠲᠥᠷᠥᠯ ᠳ᠋ᠦ᠍ ᠬᠤᠪᠢᠶᠠᠵᠤ ᠪᠣᠯᠤᠨ᠎ᠠ᠃ ᠨᠢᠭᠡ ᠲᠥᠷᠥᠯ ᠨᠢ ᠳᠡ ᠠᠨ ᠭᠧ ᠰᠢᠭ ᠳᠤᠮᠳᠠᠳᠤ ᠣᠷᠣᠨ ᠤ᠋ ᠤᠯᠠᠮᠵᠢᠯᠠᠯ ᠢ᠋ᠶ᠋ᠠᠷ ᠭᠣᠣᠯ ᠴᠣᠭᠴᠠ ᠪᠣᠯᠭᠠᠭᠰᠠᠨ ᠬᠡᠪ ᠨᠠᠮᠪᠠ ᠪᠣᠯᠤᠨ᠎ᠠ᠃ ᠨᠥᠭᠦᠭᠡ ᠨᠢᠭᠡ ᠲᠥᠷᠥᠯ ᠨᠢ ᠰᠢᠷ᠎ᠠ ᠣᠷᠳᠣᠨ ᠰᠢᠭ᠋ ᠮᠣᠩᠭᠣᠯ ᠦᠨᠳᠦᠰᠦᠲᠡᠨ ᠤ ᠥᠪᠡᠷᠮᠢᠴᠡ ᠣᠨᠴᠠᠯᠢᠭ ᠢ᠋ᠶ᠋ᠠᠷ ᠭᠣᠣᠯ ᠴᠣᠭᠴᠠ ᠪᠣᠯᠭᠠᠭᠰᠠᠨ ᠬᠡᠪ ᠨᠠᠮᠪᠠ ᠪᠣᠯᠤᠨ᠎ᠠ᠃ ᠡᠨᠡ ᠬᠣᠶᠠᠷ ᠲᠥᠷᠥᠯ ᠤᠨ ᠠᠳᠠᠯᠢ ᠪᠤᠰᠤ ᠪᠠᠷᠢᠯᠭ᠎ᠠ ᠶ᠋ᠢᠨ ᠮᠡᠷᠭᠡᠵᠢᠯ ᠨᠢ ᠬᠠᠷᠢᠯᠴᠠᠨ ᠨᠡᠢᠯᠡᠯᠳᠦᠨ ᠨᠢᠭᠡᠨ ᠪᠡᠶ᠎ᠡ ᠴᠣᠭᠴᠠ ᠪᠣᠯᠤᠭᠠᠳ ᠥᠩᠭᠡ ᠢᠯᠭᠠᠷᠠᠨ ᠦᠵᠡᠮᠵᠢ ᠪᠦᠷᠢᠳᠦᠭᠰᠡᠨ ᠳᠡᠭᠡᠳᠦ ᠨᠡᠢᠰᠯᠡᠯ ᠤᠨ ᠤᠷᠲᠤ ᠬᠠᠷᠰᠢ ᠶ᠋ᠢᠨ ᠪᠠᠷᠢᠯᠭ᠎ᠠ ᠶ᠋ᠢᠨ ᠣᠨᠴᠠ ᠰᠢᠨᠵᠢ ᠲᠡᠮᠳᠡᠭ ᠢ᠋ ᠪᠦᠲᠦᠭᠡᠵᠡᠢ》④ ᠭᠡᠵᠦ ᠥᠭᠦᠯᠡᠭᠰᠡᠨ ᠪᠠᠢᠳᠠᠭ᠃ᠡᠢᠮᠦ ᠡᠴᠡ ᠭᠣᠣᠯ ᠪᠣᠯᠬᠤ ᠤᠷᠲᠤ ᠬᠠᠷᠰᠢ ᠪᠣᠯᠤᠨ ᠰᠦᠮ᠎ᠡ ᠬᠡᠢᠳ ᠢ᠋ ᠤᠤᠯ ᠳᠦᠷᠢ ᠪᠡᠷ ᠨᠢ ᠰᠡᠷᠭᠦᠭᠡᠨ ᠪᠠᠢᠭᠤᠯᠳᠠᠭ ᠶᠤᠮ ᠪᠣᠯ ᠵᠢᠭᠤᠯᠴᠢᠯᠠᠯ ᠤ᠋ᠨ ᠦᠢᠯᠡᠰ ᠤᠨ ᠬᠥᠭᠵᠢᠯᠲᠡ ᠳ᠋ᠦ᠍ ᠴᠢᠬᠤᠯᠠ ᠦᠢᠯᠡᠳᠦᠯ ᠢ᠋ ᠭᠠᠷᠭᠠᠵᠤ ᠴᠢᠳᠠᠨ᠎ᠠ᠃
(ᠭᠤᠷᠪᠠ) ᠵᠠᠷ ᠵᠡᠪᠰᠡᠭ᠂ ᠡᠮᠦᠰᠴᠦ ᠵᠡᠭᠦᠬᠦ ᠪᠠ ᠪᠤᠰᠤᠳ ᠬᠡᠷᠡᠭᠰᠡᠯ ᠢ᠋ ᠳᠠᠬᠢᠨ ᠪᠦᠲᠦᠭᠡᠬᠦ ᠲᠤᠬᠠᠢ᠃ ᠶᠡᠬᠡ ᠬᠠᠭᠠᠳ ᠤ᠋ᠨ ᠲᠤᠬᠠᠢ ᠶ᠋ᠢᠨ ᠦᠶ᠎ᠡ ᠳ᠋ᠦ᠍ ᠬᠡᠷᠡᠭᠯᠡᠵᠦ ᠪᠠᠢᠭᠰᠠᠨ ᠵᠠᠷ ᠵᠡᠪᠰᠡᠭ᠂ ᠡᠮᠦᠰᠴᠦ ᠵᠡᠭᠦᠬᠦ ᠪᠠ ᠪᠤᠰᠤᠳ ᠬᠡᠷᠡᠭᠰᠡᠯ ᠤᠨ ᠵᠠᠷᠢᠮ ᠰᠢᠯᠢᠳᠡᠭ ᠪᠤᠶᠤ ᠳᠤᠷᠠᠰᠬᠠᠯᠲᠤ ᠵᠦᠢᠯ ᠢ᠋ ᠣᠳᠣ ᠬᠡᠳᠦᠢᠪᠡᠷ ᠳᠠᠬᠢᠨ ᠪᠦᠲᠦᠭᠡᠵᠦ ᠪᠠᠢᠭ᠎ᠠ ᠪᠣᠯᠪᠠᠴᠤ ᠨᠠᠷᠢᠨ ᠰᠤᠳᠤᠯᠤᠯᠲᠠ ᠬᠢᠬᠦ ᠠᠵᠢᠯᠯᠠᠭ᠎ᠠ ᠬᠦᠷᠦᠯᠴᠡᠬᠦ ᠦᠭᠡᠢ ᠡᠴᠡ ᠪᠣᠯᠵᠤ᠂ ᠵᠢᠩᠬᠢᠨᠢ ᠬᠡᠪ ᠶᠠᠩᠵᠤ ᠪᠠᠷ ᠪᠦᠲᠦᠭᠡᠵᠦ ᠴᠢᠳᠠᠭᠠᠳᠤᠢ ᠪᠠᠢᠨ᠎ᠠ᠃ ᠡᠢᠮᠦ ᠪᠣᠯᠬᠣᠷ ᠪᠠᠰᠠ ᠳᠠᠬᠢᠨ ᠪᠦᠲᠦᠭᠡᠬᠦ ᠴᠢᠬᠤᠯᠠᠲᠠᠢ ᠭᠡᠵᠦ ᠦᠵᠡᠨ᠎ᠡ᠃ ᠢᠩᠭᠢᠵᠦ ᠬᠢᠪᠡᠯ ᠰᠠᠶᠢ ᠲᠡᠦᠬᠡᠨ ᠳᠡᠭᠡᠷᠡᠬᠢ ᠤᠴᠢᠷ ᠶᠠᠪᠤᠳᠠᠯ ᠢ᠋ ᠦᠨᠡᠨ ᠵᠥᠪ ᠢ᠋ᠶ᠋ᠡᠷ ᠮᠡᠳᠡᠵᠦ ᠠᠪᠬᠤ ᠪᠠ ᠰᠤᠳᠤᠯᠬᠤ ᠳ᠋ᠤ᠌ ᠵᠣᠬᠢᠬᠤ ᠦᠢᠯᠡᠳᠦᠯ ᠲᠡᠢ᠃
(ᠳᠥᠷᠪᠡ) ᠶᠤᠸᠠᠨ ᠤᠯᠤᠰ ᠤ᠋ᠨ ᠦᠶ᠎ᠡ ᠳ᠋ᠡᠬᠢ ᠮᠣᠩᠭᠣᠯ ᠦᠨᠳᠦᠰᠦᠲᠡᠨ ᠤ ᠤᠯᠠᠮᠵᠢᠯᠠᠯᠲᠤ ᠵᠠᠩ ᠦᠢᠯᠡ ᠶ᠋ᠢᠨ ᠠᠵᠢᠯᠯᠠᠭ᠎ᠠ ᠶ᠋ᠢ ᠰᠡᠷᠭᠦᠭᠡᠬᠦ ᠲᠤᠬᠠᠢ᠃ ᠶᠤᠸᠠᠨ ᠤᠯᠤᠰ ᠤ᠋ᠨ ᠦᠶ᠎ᠡ ᠳ᠋ᠦ᠍ ᠶᠠᠪᠤᠭᠳᠠᠵᠤ ᠪᠠᠢᠭᠰᠠᠨ ᠮᠣᠩᠭᠣᠯ ᠦᠨᠳᠦᠰᠦᠲᠡᠨ ᠦ᠌ ᠠᠯᠢ ᠣᠯᠠᠨ ᠤᠯᠠᠮᠵᠢᠯᠠᠯᠲᠤ ᠵᠠᠩ ᠦᠢᠯᠡ ᠪᠣᠯ ᠬᠡᠯᠡᠯᠭᠡᠨ ᠦᠭᠡᠢ ᠳᠡᠭᠡᠳᠦ ᠨᠡᠢᠰᠯᠡᠯ ᠤᠨ ᠰᠣᠶᠣᠯ ᠤ᠋ᠨ ᠴᠢᠬᠤᠯᠠ ᠪᠦᠷᠢᠯᠳᠦᠬᠦᠨ ᠬᠡᠰᠡᠭ ᠮᠥᠨ᠃ ᠡᠨᠡ ᠰᠣᠶᠣᠯ ᠨᠢ ᠲᠤᠬᠠᠢ ᠶ᠋ᠢᠨ ᠦᠶ᠎ᠡ ᠶ᠋ᠢᠨ ᠨᠡᠢᠭᠡᠮ ᠲᠡᠦᠬᠡ ᠶ᠋ᠢᠨ ᠬᠥᠭᠵᠢᠯᠲᠡ ᠳ᠋ᠦ᠍ ᠶᠡᠬᠡ ᠨᠥᠯᠥᠭᠡ ᠦᠵᠡᠭᠦᠯᠦᠭᠰᠡᠨ ᠪᠢᠯᠡ᠃ ᠵᠠᠩ ᠦᠢᠯᠡ ᠶ᠋ᠢᠨ ᠠᠵᠢᠯᠯᠠᠭ᠎ᠠ ᠶ᠋ᠢ ᠰᠡᠷᠭᠦᠭᠡᠬᠦ ᠭᠡᠳᠡᠭ ᠨᠢ ᠳᠠᠷᠤᠢ ᠬᠥᠮᠦᠨ ᠲᠥᠷᠥᠯᠬᠢᠲᠡᠨ ᠤ ᠲᠡᠦᠬᠡᠨ ᠳᠡᠭᠡᠷᠡᠬᠢ ᠡᠨᠡ ᠬᠦ᠌ ᠭᠡᠷᠡᠯ ᠰᠠᠴᠤᠷᠠᠩᠭᠤᠢ ᠰᠣᠶᠣᠯ ᠤ᠋ᠨ ᠥᠪ ᠬᠥᠷᠥᠩᠭᠡ ᠪᠡᠨ ᠰᠠᠢᠲᠤᠷ ᠠᠭᠤᠳᠠᠯᠤᠨ᠂ ᠰᠠᠢᠲᠤᠷ ᠬᠠᠮᠠᠭᠠᠯᠠᠵᠤ᠂ ᠰᠠᠢᠲᠤᠷ ᠠᠰᠢᠭᠯᠠᠬᠤ ᠶᠠᠪᠤᠳᠠᠯ ᠪᠣᠯᠤᠨ᠎ᠠ᠃ ᠡᠢᠮᠦ ᠡᠴᠡ ᠤᠯᠠᠮᠵᠢᠯᠠᠯᠲᠤ ᠰᠢᠯᠢᠳᠡᠭ ᠰᠣᠶᠣᠯ ᠢ᠋ᠶ᠋ᠠᠨ ᠰᠡᠷᠭᠦᠭᠡᠵᠦ ᠴᠢᠳᠠᠪᠠᠯ ᠰᠠᠶᠢ ᠦᠨᠳᠦᠰᠦᠲᠡᠨ ᠤ ᠰᠣᠶᠣᠯ ᠤ᠋ᠨ ᠶᠡᠬᠡ ᠠᠢᠮᠠᠭ ᠢ᠋ ᠪᠦᠲᠦᠭᠡᠨ ᠪᠠᠢᠭᠤᠯᠬᠤ ᠳ᠋ᠤ᠌ ᠵᠣᠬᠢᠬᠤ ᠦᠢᠯᠡᠳᠦᠯ ᠢ᠋ ᠭᠠᠷᠭᠠᠵᠤ ᠴᠢᠳᠠᠨ᠎ᠠ᠃
ᠳᠡᠭᠡᠳᠦ ᠨᠡᠢᠰᠯᠡᠯ ᠤᠨ ᠤᠤᠯ ᠳᠦᠷᠢ ᠶ᠋ᠢ ᠳᠠᠬᠢᠨ ᠰᠡᠷᠭᠦᠭᠡᠨ ᠪᠠᠢᠭᠤᠯᠬᠤ ᠨᠥᠬᠥᠴᠡᠯ ᠪᠠ ᠪᠣᠯᠣᠯᠴᠠᠭᠠᠨ ᠤ᠋ ᠲᠠᠯ᠎ᠠ ᠠ᠋ᠴᠠ ᠬᠡᠯᠡᠪᠡᠯ ᠮᠠᠨ ᠤ᠋ ᠰᠢᠯᠢ ᠶ᠋ᠢᠨ ᠭᠣᠣᠯ ᠠᠢᠮᠠᠭ ᠪᠣᠯ ᠳᠡᠭᠡᠳᠦ ᠨᠡᠢᠰᠯᠡᠯ ᠤᠨ ᠤᠤᠯ ᠳᠦᠷᠢ ᠶ᠋ᠢ ᠳᠠᠬᠢᠨ ᠪᠦᠲᠦᠭᠡᠬᠦ ᠨᠥᠬᠥᠴᠡᠯ ᠪᠣᠯᠤᠯᠴᠠᠭ᠎ᠠ ᠲᠠᠢ ᠭᠠᠵᠠᠷ ᠪᠣᠯᠤᠨ᠎ᠠ᠃ ᠳᠡᠭᠡᠳᠦ ᠨᠡᠢᠰᠯᠡᠯ ᠢ᠋ ᠪᠠᠢᠭᠤᠯᠤᠭᠰᠠᠨ ᠭᠠᠵᠠᠷ ᠨᠢ ᠶᠠᠭ ᠰᠢᠯᠢ ᠶ᠋ᠢᠨ ᠭᠣᠣᠯ ᠠᠢᠮᠠᠭ ᠤᠨ ᠨᠤᠲᠤᠭ ᠳᠡᠪᠢᠰᠬᠡᠷ ᠳᠡᠭᠡᠷ᠎ᠡ ᠪᠠᠢᠬᠤ ᠲᠤᠯᠠ ᠡᠨᠡ ᠬᠦ᠌ ᠬᠡᠨ ᠳ᠋ᠦ᠍ ᠴᠦ᠍ ᠣᠯᠳᠠᠬᠤ ᠦᠭᠡᠢ ᠨᠥᠬᠥᠴᠡᠯ ᠬᠠᠷᠢᠨ ᠪᠢᠳᠡᠨ ᠳ᠋ᠦ᠍ ᠪᠠᠢᠬᠤ ᠶᠤᠮ᠃ ᠡᠨᠡ ᠪᠣᠯ ᠨᠢᠭᠡᠳᠦᠭᠡᠷ ᠨᠥᠬᠥᠴᠡᠯ ᠪᠣᠯᠤᠨ᠎ᠠ᠃ ᠠᠷᠾᠧᠣᠯᠣᠭᠢ ᠶ᠋ᠢᠨ ᠮᠠᠲ᠋ᠧᠷᠢᠶᠠᠯ᠂ ᠰᠤᠷᠪᠤᠯᠵᠢ ᠪᠢᠴᠢᠭ ᠪᠠ ᠳᠡᠭᠡᠳᠦ ᠨᠡᠢᠰᠯᠡᠯ ᠤᠨ ᠲᠡᠦᠬᠡᠨ ᠳᠤᠷᠠᠰᠬᠠᠯᠲᠤ ᠵᠦᠢᠯ ᠦ᠋ᠳ ᠨᠢ ᠮᠠᠨ ᠤ᠋ ᠭᠠᠵᠠᠷ ᠣᠷᠣᠨ ᠳ᠋ᠤ᠌ ᠪᠠᠢᠬᠤ ᠮᠥᠷᠲᠡᠭᠡᠨ ᠲᠡᠭᠦᠨ ᠢ᠋ ᠦᠷᠭᠦᠯᠵᠢᠯᠡᠨ ᠢᠯᠡᠷᠡᠭᠦᠯᠬᠦ ᠪᠣᠯᠤᠯᠴᠠᠭ᠎ᠠ ᠲᠠᠢ᠃ ᠡᠨᠡ ᠪᠣᠯ ᠬᠣᠶᠠᠳᠤᠭᠠᠷ ᠨᠥᠬᠥᠴᠡᠯ ᠪᠣᠯᠤᠨ᠎ᠠ᠃ ᠰᠢᠯᠢ ᠶ᠋ᠢᠨ ᠭᠣᠣᠯ ᠤ᠋ᠨ ᠲᠠᠯ᠎ᠠ ᠨᠤᠲᠤᠭ ᠲᠤ᠌ ᠳᠡᠭᠡᠳᠦ ᠨᠡᠢᠰᠯᠡᠯ ᠬᠣᠲᠠ ᠶ᠋ᠢᠨ ᠲᠤᠬᠠᠢ ᠤᠯᠠᠮᠵᠢᠯᠠᠯ ᠶᠠᠷᠢᠶ᠎ᠠ ᠪᠠ ᠠᠮᠠᠨ ᠶᠠᠷᠢᠶᠠᠨ ᠤ᠋ ᠲᠡᠦᠬᠡᠨ ᠮᠠᠲ᠋ᠧᠷᠢᠶᠠᠯ ᠣᠯᠠᠨ ᠪᠣᠢ᠃ ᠡᠨᠡ ᠪᠣᠯ ᠭᠤᠷᠪᠠᠳᠤᠭᠠᠷ ᠨᠥᠬᠥᠴᠡᠯ ᠪᠣᠯᠤᠨ᠎ᠠ᠃ ᠭᠠᠭᠴᠠ ᠬᠦ᠌ ᠡᠳᠡᠭᠡᠷ ᠨᠥᠬᠥᠴᠡᠯ ᠪᠣᠯᠤᠯᠴᠠᠭ᠎ᠠ ᠪᠠᠨ ᠪᠦᠷᠢᠨ ᠠᠰᠢᠭᠯᠠᠵᠤ᠂ ᠠᠷᠭ᠎ᠠ ᠪᠣᠳᠣᠯᠭ᠎ᠠ ᠪᠠᠨ ᠨᠠᠷᠢᠨ ᠲᠣᠭᠲᠠᠭᠠᠵᠤ᠂ ᠤᠳᠤᠷᠢᠳᠤᠯᠭ᠎ᠠ ᠪᠠ ᠠᠷᠠᠳ ᠣᠯᠠᠨ ᠬᠠᠮᠲᠤ ᠪᠠᠷ ᠵᠣᠷᠢᠭ ᠰᠢᠭᠤᠳᠴᠤ ᠠᠵᠢᠯᠯᠠᠪᠠᠯ ᠳᠡᠭᠡᠳᠦ ᠨᠡᠢᠰᠯᠡᠯ ᠤᠨ ᠤᠤᠯ ᠳᠦᠷᠢ ᠶ᠋ᠢ ᠳᠠᠬᠢᠨ ᠰᠡᠷᠭᠦᠭᠡᠨ ᠪᠦᠲᠦᠭᠡᠵᠦ ᠯᠠᠪ ᠴᠢᠳᠠᠬᠤ ᠶᠤᠮ᠃
ᠮᠢᠨᠦ ᠦᠵᠡᠬᠦ ᠪᠡᠷ ᠨᠢᠭᠡ ᠳ᠋ᠦ᠍᠂ ᠰᠣᠨᠢᠨ ᠮᠡᠳᠡᠭᠡᠨ ᠤ ᠤᠬᠠᠭᠤᠯᠭ᠎ᠠ ᠬᠢᠭᠡᠳ ᠬᠡᠷᠡᠭᠯᠡᠭᠡᠨ ᠤ ᠨᠠᠷᠠ (ᠵᠢᠱ᠌ᠢᠶᠡᠯᠡᠪᠡᠯ 《龙岗大街》᠂ 《大安阁路》) ᠪᠠᠷ ᠤᠬᠠᠭᠤᠯᠬᠤ ᠶ᠋ᠢ ᠤᠶᠠᠯᠳᠤᠭᠤᠯᠤᠭᠰᠠᠨ ᠶᠠᠷᠢᠶ᠎ᠠ ᠬᠡᠯᠡᠯᠴᠡᠭᠡ ᠶ᠋ᠢ ᠶᠡᠬᠡ ᠪᠡᠷ ᠵᠣᠬᠢᠶᠠᠵᠤ᠂ ᠳᠡᠯᠡᠬᠡᠢ ᠨᠡᠢᠲᠡ ᠪᠠ ᠪᠦᠬᠦ ᠤᠯᠤᠰ ᠤ᠋ᠨ ᠡᠯ᠎ᠡ ᠭᠠᠵᠠᠷ ᠲᠤ᠌ ᠶᠤᠸᠠᠨ ᠤ᠋ ᠳᠡᠭᠡᠳᠦ ᠨᠡᠢᠰᠯᠡᠯ ᠤᠨ ᠤᠤᠯ ᠳᠦᠷᠢ ᠶ᠋ᠢ ᠳᠠᠬᠢᠨ ᠪᠦᠲᠦᠭᠡᠵᠦ᠂ ᠵᠢᠭᠤᠯᠴᠢᠯᠠᠯ ᠤ᠋ᠨ ᠦᠵᠡᠮᠵᠢᠲᠦ ᠰᠠᠢᠬᠠᠨ ᠤᠷᠤᠨ ᠪᠠᠢᠭᠤᠯᠵᠤ ᠪᠠᠢᠬᠤ ᠶ᠋ᠢ ᠮᠡᠳᠡᠭᠦᠯᠬᠦ᠃ ᠬᠣᠶᠠᠷ ᠲᠤ᠌᠂ ᠲᠤᠰᠬᠠᠢ ᠰᠤᠳᠤᠯᠭᠠᠨ ᠪᠠ ᠳᠠᠷᠬᠠᠢ ᠰᠤᠳᠤᠯᠭᠠᠨ ᠢ ᠤᠶᠠᠯᠳᠤᠭᠤᠯᠤᠭᠰᠠᠨ ᠰᠦᠷ ᠳᠠᠯᠠᠢᠴᠠ ᠲᠠᠢ ᠰᠤᠳᠤᠯᠭᠠᠨ ᠤ᠋ ᠠᠵᠢᠯ ᠢ᠋ ᠥᠷᠨᠢᠭᠦᠯᠵᠦ᠂ ᠤᠯᠤᠰ ᠤ᠋ᠨ ᠭᠠᠳᠠᠨᠠᠬᠢ ᠶ᠋ᠢ ᠪᠠᠭᠲᠠᠭᠠᠭᠰᠠᠨ ᠳᠡᠭᠡᠳᠦ ᠨᠡᠢᠰᠯᠡᠯ ᠤᠨ ᠤᠤᠯ ᠳᠦᠷᠢ ᠶ᠋ᠢᠨ ᠲᠤᠬᠠᠢ ᠰᠤᠳᠤᠯᠤᠯᠲᠠ ᠶ᠋ᠢᠨ ᠮᠠᠲ᠋ᠧᠷᠢᠶᠠᠯ ᠢ᠋ ᠴᠤᠭᠯᠠᠭᠤᠯᠤᠨ ᠣᠯᠵᠤ᠂ ᠪᠡᠯᠡ ᠣᠷᠣᠭᠤᠯᠤᠨ ᠳᠦᠷᠢ ᠪᠦᠲᠦᠭᠡᠬᠦ ᠪᠠᠷᠢᠯᠭ᠎ᠠ ᠶ᠋ᠢ ᠬᠢᠵᠦ ᠪᠠᠢᠭ᠎ᠠ ᠭᠠᠵᠠᠷ ᠣᠷᠣᠨ᠂ ᠰᠠᠯᠠᠭ᠎ᠠ ᠮᠥᠴᠢᠷ᠂ ᠠᠯᠪᠠᠨ ᠪᠠᠢᠭᠤᠯᠭ᠎ᠠ ᠪᠠ ᠬᠤᠪᠢ ᠬᠥᠮᠦᠨ ᠳ᠋ᠦ᠍ ᠨᠥᠬᠥᠴᠡᠯ ᠬᠠᠩᠭᠠᠨ ᠥᠭᠬᠦ᠃ ᠭᠤᠷᠪᠠ ᠳ᠋ᠤ᠌᠂ ᠤᠯᠤᠰ ᠠ᠋ᠴᠠ ᠪᠡᠯᠡ ᠣᠷᠣᠭᠤᠯᠤᠨ ᠤᠤᠯ ᠳᠦᠷᠰᠦ ᠶ᠋ᠢ ᠳᠠᠬᠢᠨ ᠪᠦᠲᠦᠭᠡᠬᠦ ᠪᠠ ᠬᠤᠪᠢ ᠬᠥᠮᠦᠨ ᠡᠴᠡ ᠪᠡᠯᠡ ᠣᠷᠣᠭᠤᠯᠤᠨ ᠤᠤᠯ ᠳᠦᠷᠰᠦ ᠶ᠋ᠢ ᠳᠠᠬᠢᠨ ᠪᠦᠲᠦᠭᠡᠬᠦ ᠶ᠋ᠢ ᠤᠶᠠᠯᠳᠤᠭᠤᠯᠤᠭᠰᠠᠨ ᠪᠡᠯᠡ ᠣᠷᠣᠭᠤᠯᠬᠤ ᠳᠦᠷᠢᠮ ᠢ᠋ ᠲᠣᠭᠲᠠᠭᠠᠨ ᠬᠡᠷᠡᠭᠵᠢᠭᠦᠯᠵᠦ᠂ ᠡᠯ᠎ᠡ ᠬᠣᠰᠢᠭᠤ ᠰᠢᠶᠠᠨ᠂ ᠰᠠᠯᠠᠭ᠎ᠠ ᠮᠥᠴᠢᠷ ᠪᠠᠢᠭᠤᠯᠭ᠎ᠠ ᠨᠢᠭᠡᠴᠢ ᠪᠠ ᠪᠤᠰᠤᠳ ᠭᠠᠵᠠᠷ ᠣᠷᠣᠨ ᠤ᠋ ᠬᠤᠪᠢ ᠬᠥᠮᠦᠨ ᠢ᠋ ᠪᠠᠭᠲᠠᠭᠠᠭᠰᠠᠨ ᠥᠪᠡᠷ ᠥᠪᠡᠷ ᠤᠨ ᠠᠵᠤ ᠠᠬᠤᠢ ᠶ᠋ᠢᠨ ᠬᠢᠷᠢ ᠴᠢᠳᠠᠯ ᠢ᠋ᠶ᠋ᠠᠷ ᠢ᠋ᠶ᠋ᠠᠨ ᠥᠪᠡᠷ ᠥᠪᠡᠷ ᠤᠨ ᠪᠦᠲᠦᠭᠡᠬᠦ ᠳᠤᠷᠠᠲᠠᠢ ᠪᠥᠭᠡᠳ ᠪᠦᠲᠦᠭᠡᠵᠦ ᠳᠡᠢᠯᠬᠦ ᠲᠥᠷᠥᠯ ᠵᠦᠢᠯ ᠳ᠋ᠡᠭᠡᠨ ᠪᠡᠯᠡ ᠣᠷᠣᠭᠤᠯᠤᠨ ᠤᠤᠯ ᠳᠦᠷᠰᠦ ᠶ᠋ᠢ ᠳᠠᠬᠢᠨ ᠪᠦᠲᠦᠭᠡᠬᠦ ᠶ᠋ᠢ ᠵᠣᠷᠢᠭᠵᠢᠭᠤᠯᠬᠤ᠃ ᠳᠥᠷᠪᠡ ᠳ᠋ᠦ᠍᠂ ᠭᠠᠭᠴᠠ ᠵᠠᠮ ᠢ᠋ᠶ᠋ᠠᠷ ᠪᠡᠯᠡ ᠣᠷᠣᠭᠤᠯᠬᠤ ᠪᠠ ᠣᠯᠠᠨ ᠵᠠᠮ ᠢ᠋ᠶ᠋ᠠᠷ ᠪᠡᠯᠡ ᠣᠷᠣᠭᠤᠯᠬᠤ ᠶ᠋ᠢ ᠤᠶᠠᠯᠳᠤᠭᠤᠯᠤᠭᠰᠠᠨ ᠪᠡᠯᠡ ᠣᠷᠣᠭᠤᠯᠬᠤ ᠳᠦᠷᠢᠮ ᠢ᠋ ᠪᠠᠢᠭᠤᠯᠵᠤ᠂ ᠤᠤᠯ ᠳᠦᠷᠢ ᠶ᠋ᠢ ᠪᠦᠲᠦᠭᠡᠬᠦ ᠪᠡᠯᠡ ᠣᠷᠣᠭᠤᠯᠤᠯᠲᠠ ᠶ᠋ᠢᠨ ᠲᠤᠰᠬᠠᠢ ᠠᠵᠢᠯ ᠢ᠋ ᠳᠡᠭᠡᠷ᠎ᠡ ᠳᠣᠣᠷ᠎ᠠ ᠱᠠᠲᠤ ᠬᠦᠴᠦ ᠬᠠᠮᠲᠤᠷᠠᠨ ᠠᠳᠬᠤᠵᠤ ᠬᠢᠬᠦ ᠶ᠋ᠢᠨ ᠬᠠᠮᠲᠤ ᠠᠮᠢ ᠠᠬᠤᠢ᠂ ᠰᠠᠭᠤᠷᠢ ᠲᠥᠬᠥᠭᠡᠷᠦᠮᠵᠢ ᠵᠡᠷᠭᠡ ᠣᠯᠠᠨ ᠵᠠᠮ ᠤ᠋ᠨ ᠪᠡᠯᠡ ᠣᠷᠣᠭᠤᠯᠤᠯᠲᠠ ᠬᠢᠵᠦ᠂ ᠪᠦᠬᠦ ᠲᠠᠯ᠎ᠠ ᠶ᠋ᠢᠨ ᠬᠦᠴᠦᠨ ᠢ᠋ᠶ᠋ᠡᠷ ᠤᠤᠯ ᠳᠦᠷᠢ ᠶ᠋ᠢ ᠳᠠᠬᠢᠨ ᠪᠦᠲᠦᠭᠡᠬᠦ ᠠᠷᠭ᠎ᠠ ᠪᠣᠳᠣᠯᠭ᠎ᠠ ᠨᠤᠭᠤᠳ ᠢ᠋ ᠠᠪᠤᠪᠠᠯ ᠳᠡᠭᠡᠳᠦ ᠨᠡᠢᠰᠯᠡᠯ ᠤᠨ ᠤᠤᠯ ᠳᠦᠷᠢ ᠶ᠋ᠢ ᠰᠡᠷᠭᠦᠭᠡᠨ ᠦᠵᠡᠮᠵᠢᠲᠦ ᠰᠠᠢᠬᠠᠨ ᠵᠢᠭᠤᠯᠴᠢᠯᠠᠯ ᠤ᠋ᠨ ᠤᠷᠤᠨ ᠪᠣᠯᠭᠠᠭᠠᠳ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠬᠥᠮᠦᠰ ᠲᠦ᠍ ᠰᠣᠨᠢᠷᠬᠠᠭᠤᠯᠤᠨ ᠦᠵᠡᠭᠦᠯᠵᠦ ᠴᠢᠳᠠᠨ᠎ᠠ ᠭᠡᠵᠦ ᠦᠵᠡᠨ᠎ᠡ᠃
ᠵᠡᠭᠦᠯᠲᠡ
① 伍良臣᠃ 《上京》,《永乐大典》,卷七七0二。
②③ ᠰᠠᠢᠰᠢᠶᠠᠯ ᠤ᠋ᠨ ᠣᠷᠴᠢᠭᠤᠯᠤᠭᠰᠠᠨ《ᠮᠠᠷᠺᠣ ᠫᠣᠯᠣ ᠶ᠋ᠢᠨ ᠠᠶᠠᠯᠠᠯ ᠤ᠋ᠨ ᠲᠡᠮᠳᠡᠭᠯᠡᠯ》᠂ ᠬᠢᠷᠢᠨ ᠤ ᠠᠷᠠᠳ ᠤ᠋ᠨ ᠬᠡᠪᠯᠡᠯ ᠤᠨ ᠬᠣᠷᠢᠶ᠎ᠠ᠂1997 ᠣᠨ᠂ 240᠂ 241 ᠳ᠋ᠦ᠍ᠭᠡᠷ ᠨᠢᠭᠤᠷ ᠲᠤ᠌᠃
④ 叶新民᠃《元上都研究》,内蒙古大学出版社,1998年,第36页。
2003 ᠣᠨ ᠤ 5 ᠰᠠᠷ᠎ᠠ
【ᠵᠣᠬᠢᠶᠠᠯ ᠤ᠋ᠨ ᠲᠠᠨᠢᠯᠴᠠᠭᠤᠯᠭ᠎ᠠ】ᠬᠣᠷᠢᠳᠤᠭᠠᠷ ᠵᠠᠭᠤᠨ ᠤ᠋ ᠳᠠᠯᠠᠭᠠᠳ ᠣᠨ ᠤ᠋ ᠦᠶ᠎ᠡ ᠳ᠋ᠦ᠍᠂ ᠠᠵᠢᠯ ᠤ᠋ᠨ ᠴᠢᠯᠥᠭᠡ ᠵᠠᠪ ᠤ᠋ᠨ ᠠᠰᠢᠭᠯᠠᠵᠤ᠂ ᠴᠠᠬᠠᠷ ᠨᠤᠲᠤᠭ ᠤᠨ ᠪᠠᠷᠭᠤ ᠶᠠᠰᠤᠲᠠᠨ ᠤ ᠣᠷᠲᠤ ᠨᠠᠰᠤᠯᠠᠭᠰᠠᠳ ᠤᠨ ᠵᠠᠩ ᠦᠢᠯᠡ ᠶ᠋ᠢ ᠠᠵᠢᠭᠯᠠᠬᠤ ᠪᠠ ᠰᠤᠷᠪᠤᠯᠵᠢᠯᠠᠵᠤ᠂ ᠲᠡᠳᠡᠨ ᠦ ᠵᠠᠩ ᠦᠢᠯᠡ ᠶ᠋ᠢ ᠲᠡᠮᠲᠡᠭᠯᠡᠨ ᠴᠤᠭᠯᠠᠭᠤᠯᠵᠤ ᠪᠠᠢᠵᠠᠢ᠃ ᠭᠡᠪᠡᠴᠦ ᠡᠭᠦᠷᠭᠡ ᠲᠤᠰᠢᠶᠠᠯ ᠤ᠋ᠨ ᠬᠤᠪᠢᠷᠠᠯᠲᠠ ᠠ᠋ᠴᠠ ᠪᠤᠯᠵᠤ ᠵᠣᠬᠢᠶᠠᠯ ᠪᠦᠲᠦᠭᠡᠯ ᠪᠣᠯᠭᠠᠵᠤ ᠴᠢᠳᠠᠭᠰᠠᠨ ᠦᠭᠡᠢ᠃2001 ᠣᠨ ᠳ᠋ᠤ᠌ ᠠᠵᠢᠯ ᠠ᠋ᠴᠠ ᠤᠷᠢᠳᠴᠢᠯᠠᠨ ᠠᠮᠠᠷᠠᠵᠤ᠂ ᠳᠠᠯᠠᠭᠠᠳ ᠣᠨ ᠤ᠋ ᠰᠤᠳᠤᠯᠭᠠᠨ ᠤ᠋ ᠰᠠᠭᠤᠷᠢᠨ ᠳᠡᠭᠡᠷ᠎ᠡ ᠤᠷᠲᠤ ᠨᠠᠰᠤᠯᠠᠭᠰᠠᠳ ᠤ᠋ᠨ ᠵᠠᠩ ᠦᠢᠯᠡ ᠶ᠋ᠢ ᠳᠠᠬᠢᠨ ᠰᠤᠳᠤᠯᠵᠤ᠂ 2006 ᠣᠨ ᠬᠦᠷᠲᠡᠯ᠎ᠡ 《ᠤᠯᠠᠮᠵᠢᠯᠠᠯᠲᠤ ᠪᠢᠯᠢᠭ ᠰᠤᠷᠭᠠᠯ ᠪᠠ ᠤᠷᠲᠤ ᠨᠠᠰᠤᠯᠠᠬᠤ ᠶ᠋ᠢᠨ ᠬᠠᠷᠢᠴᠠᠭ᠎ᠠ 》᠂ 《ᠵᠠᠩ ᠦᠢᠯᠡ ᠪᠠ ᠤᠷᠲᠤ ᠨᠠᠰᠤᠯᠠᠬᠤ ᠶ᠋ᠢᠨ ᠬᠠᠷᠢᠴᠠᠭ᠎ᠠ》᠂ 《ᠵᠠᠩ ᠦᠢᠯᠡ ᠪᠠ ᠲᠡᠭᠦᠨ ᠤ ᠰᠢᠨᠵᠢᠯᠡᠬᠦ ᠤᠬᠠᠭᠠᠨᠴᠢ ᠴᠢᠨᠠᠷ》᠂ 《ᠳᠠᠪᠤᠰᠤ ᠦᠭᠡᠢ ᠴᠠᠢ ᠤᠤᠭᠤᠬᠤ ᠨᠢ ᠡᠷᠡᠭᠦᠯ ᠮᠡᠨᠳᠦ ᠳ᠋ᠦ᠍ ᠲᠤᠰᠠᠲᠠᠶ》᠂ 《ᠬᠠᠷ᠎ᠠ ᠠᠷᠢᠬᠢ ᠶ᠋ᠢ ᠬᠠᠯᠠᠭᠠᠵᠤ ᠤᠤᠭᠤᠳᠠᠭ ᠤᠯᠠᠮᠵᠢᠯᠠᠯᠲᠤ ᠵᠠᠩᠰᠢᠯ ᠤ᠋ᠨ ᠰᠢᠨᠵᠢᠯᠡᠬᠦ ᠤᠬᠠᠭᠠᠨᠴᠢ ᠴᠢᠨᠠᠷ》᠂ 《ᠬᠣᠨᠢᠨ ᠤ᠋ ᠡᠯᠢᠭᠡ ᠶ᠋ᠢ ᠰᠢᠷᠡᠵᠦ ᠢᠳᠡᠬᠦ ᠨᠢ ᠰᠢᠨᠵᠢᠯᠡᠬᠦ ᠤᠬᠠᠭᠠᠨ ᠤ᠋ ᠶᠣᠰᠣ ᠲᠠᠶ 》᠂ 《ᠮᠠᠯᠴᠢᠨ ᠠᠳᠢᠶ᠎ᠠ᠂ ᠭᠠᠷᠮᠠᠰᠤ ᠬᠣᠶᠠᠷ ᠨᠠᠰᠤᠲᠠᠨ ᠤ᠋ ᠤᠷᠲᠤ ᠨᠠᠰᠤᠯᠠᠭᠰᠠᠨ ᠨᠢᠭᠤᠴᠠ》 ᠵᠡᠷᠭᠡ ᠳᠣᠯᠣᠭᠠᠨ ᠬᠤᠪᠢ ᠵᠣᠬᠢᠶᠠᠯ ᠢ᠋ ᠪᠢᠴᠢᠵᠦ ᠰᠣᠨᠢᠨ ᠰᠡᠳᠬᠦᠯ ᠳᠡᠭᠡᠷ᠎ᠡ ᠨᠡᠢᠲᠡᠯᠡᠭᠦᠯᠪᠡ᠃ ᠡᠭᠦᠨ ᠤ ᠵᠡᠷᠭᠡᠴᠡᠭᠡᠪᠡᠷ ᠪᠠᠰᠠ ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠬᠠᠭᠤᠴᠢ ᠪᠠᠭᠤᠷᠢ ᠬᠢᠭᠡᠳ ᠲᠡᠭᠦᠨ ᠦ ᠬᠣᠢᠨᠠᠬᠢ ᠬᠠᠳᠠᠨᠲᠠᠢ ᠠᠭᠤᠯᠠ ᠶᠢ ᠰᠢᠨᠵᠢᠯᠡᠨ ᠪᠠᠢᠴᠠᠭᠠᠵᠤ᠂ ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠳᠤᠬᠠᠢ ᠲᠡᠦᠬᠡᠨ ᠮᠠᠲ᠋ᠧᠷᠢᠶᠠᠯ ᠢ᠋ ᠣᠯᠠᠨᠲᠠ ᠤᠩᠰᠢᠵᠤ᠂ ᠡᠷᠳᠡᠮᠲᠡᠨ ᠢ᠋ ᠡᠷᠢᠨ ᠮᠡᠷᠭᠡᠳ ᠢ᠋ ᠰᠤᠷᠪᠤᠯᠵᠢᠯᠠᠵᠤ᠂ ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠭᠣᠣᠯ ᠪᠣᠯᠬᠤ ᠪᠠᠷᠢᠯᠭ᠎ᠠ ᠶ᠋ᠢᠨ ᠤᠤᠯ ᠳᠦᠷᠢ ᠶ᠋ᠢ ᠰᠡᠷᠭᠦᠭᠡᠨ ᠵᠢᠷᠤᠵᠤ ᠲᠥᠯᠥᠪᠯᠡᠬᠦ ᠪᠡᠷ ᠴᠢᠷᠮᠠᠢᠭᠰᠠᠨ ᠶᠤᠮ᠃ ᠭᠡᠪᠡᠴᠦ ᠨᠥᠬᠥᠴᠡᠯ ᠪᠠ ᠴᠢᠳᠠᠯ ᠤ᠋ᠨ ᠬᠠᠷᠠᠭ᠎ᠠ ᠠ᠋ᠴᠠ ᠪᠣᠯᠵᠤ ᠪᠡᠶᠡᠯᠡᠭᠦᠯᠵᠦ ᠴᠢᠳᠠᠭᠰᠠᠨ ᠦᠭᠡᠢ᠃ ᠢᠩᠭᠢᠬᠦ ᠳ᠋ᠡᠭᠡᠨ ᠡᠨᠡ ᠬᠦ᠌ ᠪᠠᠢᠴᠠᠭᠠᠯᠲᠠ ᠶ᠋ᠢᠨ ᠮᠡᠳᠡᠭᠦᠯᠦᠯᠲᠡ ᠶ᠋ᠢ ᠲᠤᠭᠤᠷᠪᠢᠨ ᠪᠢᠴᠢᠵᠦ ᠦᠵᠡᠯᠲᠡ ᠪᠡᠨ ᠢᠯᠡᠳᠬᠡᠵᠦ ᠰᠠᠨᠠᠭᠤᠯᠤᠮᠵᠢ ᠪᠠᠨ ᠳᠤᠷᠠᠳᠪᠠ᠃
ᠲᠤᠰ ᠵᠣᠬᠢᠶᠠᠯ ᠨᠢ 2003 ᠣᠨ ᠤ᠋ 6 ᠰᠠᠷ᠎ᠠ ᠶ᠋ᠢᠨ 8 ᠤ᠋ ᠡᠳᠦᠷ ᠦ᠋ᠨ 《ᠥᠪᠥᠷ ᠮᠣᠩᠭᠣᠯ ᠤ᠋ᠨ ᠡᠳᠦᠷ ᠤᠨ ᠰᠣᠨᠢᠨ》 ᠳᠡᠭᠡᠷ᠎ᠡ ᠨᠡᠢᠲᠡᠯᠡᠭᠳᠡᠵᠦ᠂ 2003 ᠣᠨ ᠤ᠋5 ᠰᠠᠷ᠎ᠠ ᠶ᠋ᠢᠨ 20 ᠤ᠋ ᠡᠳᠦᠷ ᠦ᠋ᠨ《ᠰᠢᠯᠢ ᠶ᠋ᠢᠨ ᠭᠣᠣᠯ ᠤ᠋ᠨ ᠡᠳᠦᠷ ᠤᠨ ᠰᠣᠨᠢᠨ》 ᠳᠡᠭᠡᠷ᠎ᠡ ᠨᠡᠢᠲᠡᠯᠡᠭᠳᠡᠪᠡ᠃ 2008 ᠣᠨ ᠳ᠋ᠤ᠌ 《ᠳᠡᠭᠡᠳᠦ ᠨᠡᠢᠰᠯᠡᠯ ᠤᠨ ᠰᠣᠶᠣᠯ ᠤ᠋ᠨ ᠰᠤᠳᠤᠯᠤᠯ》 ᠭᠡᠬᠦ ᠨᠣᠮ ᠳ᠋ᠤ᠌ ᠰᠣᠩᠭᠣᠭᠳᠠᠨ ᠣᠷᠣᠵᠠᠢ᠃
ᠵᠣᠬᠢᠶᠠᠭᠴᠢ
