ᠰᠣᠯᠣᠩᠭᠠᠨ ᠡᠮᠵᠢᠶᠡᠷᠢ ᠲᠡᠢ ᠭᠠᠨᠳᠠᠷᠢ ᠶ᠋ᠢᠨ ᠴᠢᠯᠠᠭᠤ-ᠬᠣᠨᠢᠴᠢᠨ ᠨᠠ᠊· ᠮᠥᠩᠬᠡᠪᠠᠭᠠᠲᠤᠷСолонгон эмжээртэй гандарийн чулуу-Хоньчин На·Мөнхбаатар
ᠰᠣᠯᠣᠩᠭᠠᠨ ᠡᠮᠵᠢᠶᠡᠷᠢ ᠲᠡᠢ ᠭᠠᠨᠳᠠᠷᠢ ᠶ᠋ᠢᠨ ᠴᠢᠯᠠᠭᠤ
ᠵᠣᠬᠢᠶᠠᠭᠴᠢ᠄ ᠬᠣᠨᠢᠴᠢᠨ ᠨᠠ᠊· ᠮᠥᠩᠬᠡᠪᠠᠭᠠᠲᠤᠷ
ᠤᠶᠠᠩᠭᠠᠯᠠᠭᠴᠢ᠄ ᠬᠣᠨᠢᠴᠢᠨ ᠨᠠ᠊· ᠮᠥᠩᠬᠡᠪᠠᠭᠠᠲᠤᠷ
ᠬᠠᠨ ᠬᠣᠷᠸ᠎ᠠ ᠶ᠋ᠢᠨ ᠥᠷᠥᠴᠡᠨ ᠳ᠋ᠦ᠍ ᠲᠩᠷᠢ ᠶ᠋ᠢᠨ ᠵᠠᠷᠯᠢᠭ ᠲᠠᠮᠠᠭᠠᠯᠠᠨ
ᠬᠠᠭᠠᠨ ᠬᠤᠷᠮᠤᠰᠲᠠ ᠶ᠋ᠢᠨ ᠮᠡᠯᠮᠡᠢ ᠳ᠋ᠦ᠍ ᠵᠠᠭᠤᠨ ᠵᠠᠭᠤᠨ ᠢ᠋ᠶ᠋ᠠᠷ ᠭᠢᠯᠠᠯᠵᠠᠵᠤ
ᠬᠠᠨᠠᠭᠠᠷ ᠠᠭᠤᠳᠠᠮ ᠪᠣᠷᠤᠳᠣᠬᠣᠢ ᠳ᠋ᠤ᠌ ᠬᠠᠭᠤᠴᠢ ᠬᠡᠯᠬᠢᠨ ᠮᠥᠩᠭᠥᠷᠡᠭᠰᠡᠨ
ᠬᠠᠷᠠᠭ᠎ᠠ ᠳᠡᠯᠡᠭᠰᠡᠨ ᠭᠠᠨᠳᠠᠷᠢ ᠶ᠋ᠢᠨ ᠰᠣᠯᠣᠩᠭᠠᠨ ᠡᠮᠵᠢᠶᠡᠷᠢ ᠲᠡᠢ ᠴᠢᠯᠠᠭᠤ
ᠬᠠᠰᠢᠷ ᠨᠡᠭᠦᠳᠡᠯ ᠦ᠋ᠨ ᠬᠠᠷᠭᠤᠢ ᠳ᠋ᠤ᠌ ᠨᠡᠷᠡᠲᠦ ᠶ᠋ᠢᠨ ᠥᠩᠭᠡ ᠪᠡᠷ ᠰᠠᠴᠤᠷᠠᠨ᠎ᠠ
ᠠᠮᠤᠭᠤᠯᠠᠩ ᠰᠠᠢᠬᠠᠨ ᠣᠷᠳᠣᠰ ᠤ᠋ᠨ ᠠᠲᠠᠷ ᠲᠠᠯ᠎ᠠ ᠶ᠋ᠢᠨ ᠬᠥᠷᠥᠰᠥᠨ ᠳᠡᠭᠡᠷ᠎ᠡ
ᠠᠪᠤᠷᠭᠤ ᠡᠵᠡᠨ ᠦ᠌ ᠲᠠᠰᠢᠭᠤᠷ ᠤ᠋ᠨ ᠠᠯᠳᠠᠭᠳᠠᠵᠤ ᠤᠨᠠᠭᠰᠠᠨ ᠣᠷᠣᠨ ᠳᠡᠭᠡᠷ᠎ᠡ
ᠠᠷᠤ ᠬᠠᠩᠭᠠᠢ ᠶ᠋ᠢᠨ ᠠᠳᠤᠭᠤᠨ ᠤ᠋ ᠠᠷᠭᠤᠮᠠᠭ ᠤ᠋ᠨ ᠲᠣᠭᠣᠰᠣ ᠲᠠᠢ ᠴᠢᠯᠠᠭᠤ
ᠠᠯᠤᠰ ᠮᠢᠩᠭᠠᠨ ᠤ᠋ ᠳᠣᠮᠣᠭ ᠤ᠋ᠳ ᠢ᠋ ᠠᠯᠠᠭ ᠳᠡᠯᠡᠬᠡᠢ ᠳ᠋ᠦ᠍ ᠬᠦᠦᠷᠨᠢᠭᠰᠡᠭᠡᠷ
ᠠᠯᠳᠠᠷ ᠴᠣᠯᠠ ᠶ᠋ᠢᠨ ᠬᠠᠭᠤᠳᠠᠰᠤ ᠶ᠋ᠢ ᠳᠠᠶᠠᠩ ᠳ᠋ᠤ᠌ ᠲᠣᠯᠢᠯᠠᠵᠤ ᠰᠢᠵᠢᠷᠳᠡᠨ᠎ᠡ
ᠰᠦᠯᠳᠡ ᠰᠠᠬᠢᠭᠰᠠᠨ ᠡᠵᠡᠨ ᠬᠣᠷᠣᠭᠠᠨ ᠤ᠋ ᠲᠣᠷᠭᠠᠨ ᠰᠢᠯᠢ ᠶ᠋ᠢ ᠭᠤᠶᠤᠵᠤ
ᠰᠦᠨᠡᠰᠦ ᠲᠠᠬᠢᠬᠰᠠᠨ ᠪᠠᠶᠠᠨ ᠴᠠᠩᠬᠤᠭ ᠤ᠋ᠨ ᠲᠣᠭᠣᠭ᠎ᠠ ᠪᠤᠯᠠᠭ ᠢ᠋ ᠮᠠᠨᠠᠵᠤ
ᠰᠦᠷ ᠬᠦᠴᠦᠲᠦ ᠲᠤᠭᠤᠷᠭᠠᠲᠤ ᠶ᠋ᠢᠨ ᠰᠦᠰᠦᠭ ᠠᠷᠭᠠᠮᠵᠢᠭᠰᠠᠨ ᠴᠢᠯᠠᠭᠤ
ᠰᠥᠰᠥ ᠴᠢᠩᠭᠠᠯᠠᠬᠤ ᠳᠡᠭᠡᠳᠦᠰ ᠦ᠋ᠨ ᠲᠤᠤᠯᠢᠰ ᠴᠠᠯᠭᠢᠯᠠᠨ ᠭᠡᠭᠡᠯᠵᠡᠵᠦ
ᠰᠦᠵᠢᠭ ᠦ᠋ᠨ ᠮᠥᠩᠬᠡ ᠰᠢᠲᠦᠭᠡᠨ ᠳ᠋ᠦ᠍ ᠰᠡᠳᠬᠢᠯ ᠰᠦᠯᠡᠨ ᠪᠤᠭᠤᠷᠤᠯᠳᠠᠨᠠ
ᠮᠠᠩᠭᠢᠷ ᠳᠠᠭᠠᠨ᠎ᠠ ᠶ᠋ᠢᠨ ᠬᠠᠩᠬᠤᠯᠭᠠᠨ ᠲᠠᠢ ᠬᠥᠬᠡ ᠬᠡᠭᠡᠷ᠎ᠡ ᠶ᠋ᠢᠨ ᠴᠢᠯᠠᠭᠤ
ᠮᠠᠨᠠᠨ ᠬᠦᠳᠡᠩ ᠳ᠋ᠦ᠍ ᠬᠤᠴᠢᠭᠳᠠᠭᠰᠠᠨ ᠠᠯᠲᠠᠨ ᠭᠠᠨᠳᠠᠷᠢ ᠪᠠᠨ ᠪᠦᠪᠡᠢᠯᠡᠨ
ᠮᠠᠯ ᠰᠦᠷᠦᠭ ᠢ᠋ᠶ᠋ᠡᠨ ᠤᠮᠳᠠᠯᠠᠭᠰᠠᠨ ᠮᠠᠩᠬᠠᠨ ᠪᠤᠯᠠᠭ ᠢ᠋ᠶ᠋ᠠᠨ ᠮᠠᠨᠠᠭᠰᠠᠭᠠᠷ
ᠮᠠᠩᠨᠤᠭ ᠲᠠᠯ᠎ᠠ ᠪᠠᠨ ᠴᠢᠮᠡᠭᠯᠡᠭᠰᠡᠨ ᠮᠠᠲᠠᠷ ᠤ᠋ᠨ ᠪᠦᠷᠢᠳᠦ ᠪᠡᠨ ᠰᠠᠬᠢᠭᠰᠠᠭᠠᠷ
ᠮᠠᠨᠳᠤᠭᠰᠠᠨ ᠲᠡᠦᠬᠡ ᠶ᠋ᠢᠨ ᠤᠯᠪᠠᠭᠠᠨ ᠳ᠋ᠤ᠌ ᠡᠩᠬᠡ ᠬᠡᠬᠡᠷᠡᠨ ᠮᠥᠩᠬᠡᠵᠢᠨ᠎ᠡ
ᠬᠣᠶᠠᠷ ᠵᠠᠭᠠᠯ ᠤ᠋ᠨ ᠣᠩᠭᠣᠨ ᠦᠦᠷᠰᠡᠭᠡ ᠡᠨᠳᠡ ᠴᠠᠩᠭᠢᠨᠠᠭᠰᠠᠨ
ᠬᠣᠯᠪᠣᠭ᠎ᠠ ᠮᠠᠭᠲᠠᠭᠠᠯ ᠤ᠋ᠨ ᠢᠷᠠᠭᠤ ᠡᠬᠡᠰᠢᠭ ᠡᠨᠳᠡ ᠬᠠᠩᠭᠢᠨᠠᠭᠰᠠᠨ
ᠬᠣᠷᠭᠣᠢ ᠵᠣᠳᠣᠭ ᠤ᠋ᠨ ᠮᠥᠩᠭᠥᠨ ᠲᠣᠪᠣᠷᠤᠤ ᠡᠨᠳᠡ ᠭᠢᠯᠠᠯᠵᠠᠭᠰᠠᠨ
ᠬᠤᠪᠢᠯᠭᠠᠨ ᠬᠦᠯᠦᠭ ᠦ᠋ᠨ ᠠᠯᠮᠠᠰ ᠲᠤᠭᠤᠷᠠᠢ ᠡᠨᠳᠡ ᠴᠠᠬᠢᠯᠤᠭᠰᠠᠨ
ᠬᠤᠲᠤᠭᠲᠤ ᠮᠣᠷᠢᠲᠠᠳ ᠦ᠋ᠨ ᠪᠣᠰᠤᠭ᠎ᠠ ᠬᠡᠢᠮᠣᠷᠢ ᠡᠨᠳᠡ ᠪᠠᠳᠠᠷᠠᠭᠰᠠᠨ
ᠤᠷᠲᠤ ᠶ᠋ᠢᠨ ᠳᠠᠭᠤᠨ ᠤ᠋ ᠤᠶᠠᠬᠠᠨ ᠰᠢᠷᠤᠩᠬᠠᠢ ᠡᠨᠳᠡ ᠴᠤᠤᠷᠢᠶᠠᠳᠠᠭᠰᠠᠨ
ᠤᠶᠠᠩᠭ᠎ᠠ ᠨᠠᠢᠷᠠᠭ ᠤ᠋ᠨ ᠰᠣᠳᠣᠨ ᠤᠤᠬᠠᠢ ᠡᠨᠳᠡ ᠤᠶᠠᠩᠭᠠᠷᠠᠭᠰᠠᠨ
ᠤᠤᠭᠠᠨ ᠪᠠᠢᠭᠠᠯᠢ ᠶ᠋ᠢᠨ ᠭᠣᠶᠣ ᠦᠵᠡᠮᠵᠢ ᠡᠨᠳᠡ ᠰᠣᠯᠣᠩᠭᠠᠷᠠᠭᠰᠠᠨ
ᠤᠤᠭᠠᠯ ᠰᠣᠶᠣᠯ ᠤ᠋ᠨ ᠥᠪ ᠬᠥᠷᠥᠩᠭᠡ ᠡᠨᠳᠡ ᠥᠮᠴᠢᠯᠡᠭᠳᠡᠭᠰᠡᠨ
ᠤᠭᠰᠠᠭ᠎ᠠ ᠲᠥᠷᠥᠯ ᠦ᠋ᠨ ᠵᠠᠩ ᠵᠤᠷᠰᠢᠯ ᠡᠨᠳᠡ ᠤᠯᠠᠮᠵᠢᠯᠠᠭᠳᠠᠭᠰᠠᠨ
ᠥᠩᠭᠡᠷᠡᠨ ᠣᠳᠬᠤ ᠪᠥᠮᠪᠥᠷᠴᠡᠭ ᠦ᠋ᠨ ᠬᠦᠷᠳᠦ ᠲᠡᠢ ᠪᠦᠲᠦᠨ ᠡᠷᠭᠢᠭᠰᠡᠨ
ᠥᠯᠥᠭᠡᠢ ᠨᠤᠲᠤᠭ ᠤ᠋ᠨ ᠴᠢᠨᠳᠠᠮᠤᠨᠢ ᠴᠢᠯᠠᠭᠤᠨ ᠳ᠋ᠠᠭᠠᠨ ᠰᠥᠭᠥᠳᠦᠨ ᠮᠥᠷᠭᠥᠵᠦ
ᠥᠷᠭᠡᠨ ᠲᠦᠮᠡᠨ ᠲᠣᠯᠪᠤᠳᠡᠨ ᠦ᠌ ᠥᠷᠨᠢᠨ ᠪᠠᠳᠠᠷᠠᠬᠤ ᠶ᠋ᠢᠨ ᠤᠴᠢᠷ ᠲᠤ᠌
ᠦᠷᠦ ᠵᠢᠷᠦᠬᠡᠨ ᠦ᠌ ᠬᠠᠢᠷ᠎ᠠ ᠪᠠᠷ ᠢ᠋ᠶ᠋ᠠᠨ ᠰᠢᠯᠦᠭ ᠲᠤᠭᠤᠷᠪᠢᠨ ᠳᠡᠭᠡᠵᠢᠯᠡᠵᠦ
ᠥᠷᠯᠥᠭᠡ ᠡᠷᠲᠡ ᠶ᠋ᠢᠨ ᠨᠠᠷᠠᠨ ᠢ᠋ᠶ᠋ᠠᠷ ᠥᠨᠳᠥᠷ ᠲᠩᠷᠢ ᠳ᠋ᠦ᠍ ᠵᠠᠯᠪᠠᠷᠢᠨᠠᠮ᠁
ᠥᠷᠯᠥᠭᠡ ᠡᠷᠲᠡ ᠶ᠋ᠢᠨ ᠨᠠᠷᠠᠨ ᠢ᠋ᠶ᠋ᠠᠷ ᠥᠨᠳᠥᠷ ᠲᠩᠷᠢ ᠳ᠋ᠦ᠍ ᠵᠠᠯᠪᠠᠷᠢᠨᠠᠮ᠁
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠣᠳᠬᠠᠨᠰᠣ᠎ᠠ
