ᠨᠡᠭᠦᠳᠡᠯ ᠠᠯᠤᠰ - ᠭ ∙ ᠡᠷᠳᠡᠨᠢᠲᠤᠩᠭᠠᠯᠠᠭNuudel als -G.ErdenetungalagНүүдэл алс - Г.Эрдэнэтунгалаг
ᠨᠡᠭᠦᠳᠡᠯ ᠠᠯᠤᠰ
ᠦᠭᠡ᠄ ᠭ · ᠮᠥᠩᠬᠡᠴᠡᠴᠡᠭ
ᠠᠶ᠎ᠠ᠄ ᠴᠠᠠᠢ· ᠡᠷᠳᠡᠨᠢᠪᠠᠲᠤ
ᠳᠠᠭᠤᠴᠢᠨ᠄ ᠡᠷᠳᠡᠨᠢᠲᠤᠩᠭᠠᠯᠠᠭ
ᠭᠠᠩᠬᠤᠭ᠎ᠠ ᠰᠢᠷᠭᠠᠯ ᠡᠪᠡᠰᠦ ᠨᠢ ᠴᠢᠨᠦ ᠯᠡ ᠵᠦᠭ ᠨᠠᠯᠠᠨᠠ
ᠭᠠᠳᠠᠭ᠎ᠠ ᠴᠤ᠌ ᠭᠡᠷ ᠲᠡᠭᠡᠨ ᠴᠦ᠍ ᠴᠢᠨᠦ ᠯᠡ ᠲᠤᠬᠠᠢ ᠪᠣᠳᠣᠨ᠎ᠠ
ᠪᠤᠷᠤᠭᠤ ᠵᠥᠪ ᠬᠣᠶᠠᠷ ᠢ᠋ᠶ᠋ᠠᠨ ᠪᠤᠰᠤᠳ ᠠ᠋ᠴᠠ ᠴᠤ᠌ ᠬᠠᠢᠭᠠᠳ ᠶᠠᠭᠠᠬᠢᠯᠲᠠᠢ
ᠪᠤᠴᠠᠶ᠎ᠠ ᠯᠠ ᠭᠡᠪᠡᠴᠦ ᠰᠡᠳᠬᠢᠯ ᠮᠢᠨᠢ ᠴᠢᠮ᠎ᠠ ᠤᠷᠤᠭᠤ ᠯᠠ ᠨᠡᠭᠦᠨ᠎ᠡ
ᠴᠠᠭ ᠮᠥᠩᠬᠡ ᠶ᠋ᠢᠨ ᠨᠡᠭᠦᠳᠡᠯ ᠳ᠋ᠦ᠍ ᠬᠠᠮᠲᠤ ᠶᠠᠪᠤᠬᠤ ᠶ᠋ᠢᠨ ᠵᠠᠮ ᠦᠭᠡᠢ ᠴᠦ᠍
ᠨᠠᠷᠠ ᠰᠠᠷᠠᠨ ᠤ᠋ ᠭᠡᠭᠡᠬᠡᠨ ᠬᠣᠷᠸ᠎ᠠ ᠳᠡᠭᠡᠷ᠎ᠡ
ᠴᠢᠮ᠎ᠠ ᠲᠠᠢ ᠯᠠ ᠬᠠᠮᠲᠤ ᠪᠠᠢᠬᠤ ᠶ᠋ᠢᠨ ᠤᠴᠢᠷᠲᠠᠢ
ᠬᠠᠯᠢᠶ᠎ᠠ ᠴᠠᠭᠠᠨ ᠮᠠᠨᠠᠨ ᠴᠢᠨᠦ ᠯᠡ ᠵᠦᠭ ᠬᠦᠪᠦᠷᠡᠨ᠎ᠡ
ᠬᠠᠪᠤᠷ ᠴᠤ᠌ ᠨᠠᠮᠤᠷ ᠴᠤ᠌ ᠴᠢᠨᠦ ᠯᠡ ᠡᠩᠭᠡᠷ ᠢ᠋ ᠦᠭᠡᠢᠯᠡᠨ᠎ᠡ
ᠠᠨᠳᠠᠭᠤ ᠡᠨᠳᠡᠭᠦᠦ ᠬᠣᠶᠠᠷ ᠢ᠋ᠶ᠋ᠠᠨ ᠠᠮᠠᠷᠠᠭ ᠠ᠋ᠴᠠ ᠴᠤ᠌ ᠡᠷᠢᠭᠡᠳ ᠶᠠᠭᠠᠬᠢᠯᠲᠠᠢ
ᠠᠮᠰᠠᠶ᠎ᠠ ᠯᠠ ᠭᠡᠪᠡᠴᠦ ᠵᠢᠷᠭᠠᠯ ᠮᠢᠨᠢ ᠴᠢᠮ᠎ᠠ ᠤᠷᠤᠭᠤ ᠯᠠ ᠨᠡᠭᠦᠨ᠎ᠡ ᠠ᠋
ᠴᠠᠭ ᠮᠥᠩᠬᠡ ᠶ᠋ᠢᠨ ᠨᠡᠭᠦᠳᠡᠯ ᠳ᠋ᠦ᠍ ᠬᠠᠮᠲᠤ ᠶᠠᠪᠤᠬᠤ ᠶ᠋ᠢᠨ ᠵᠠᠮ ᠦᠭᠡᠢ ᠴᠦ᠍
ᠨᠠᠷᠠ ᠰᠠᠷᠠᠨ ᠤ᠋ ᠭᠡᠭᠡᠬᠡᠨ ᠬᠣᠷᠸ᠎ᠠ ᠳᠡᠭᠡᠷ᠎ᠡ
ᠴᠢᠮ᠎ᠠ ᠲᠠᠢ ᠯᠠ ᠬᠠᠮᠲᠤ ᠪᠠᠢᠬᠤ ᠶ᠋ᠢᠨ ᠤᠴᠢᠷᠲᠠᠢ
ᠴᠠᠭᠠᠨ ᠪᠠᠰᠠᠷ ᠴᠡᠴᠡᠭᠡᠰ ᠨᠢ ᠴᠢᠨᠦ ᠯᠡ ᠨᠤᠲᠤᠭ ᠲᠤ᠌ ᠤᠷᠭᠤᠨ᠎ᠠ
ᠰᠠᠷ᠎ᠠ ᠲᠠᠢ ᠴᠤ᠌ ᠨᠠᠷᠠᠨ ᠲᠠᠢ ᠴᠦ᠍ ᠴᠢᠨᠦ ᠯᠡ ᠦᠨᠦᠷ ᠢ᠋ ᠰᠠᠨᠠᠨ᠎ᠠ
ᠦᠨᠡᠨ ᠬᠤᠳᠠᠯ ᠬᠣᠶᠠᠷ ᠢ᠋ᠶ᠋ᠠᠨ ᠦᠢᠯᠡ ᠡᠴᠡ ᠴᠦ᠍ ᠨᠢᠭᠤᠭᠠᠳ ᠶᠠᠭᠠᠬᠢᠯᠲᠠᠢ
ᠦᠭᠡᠢ ᠯᠡ ᠭᠡᠪᠡᠴᠦ ᠬᠠᠢᠷ᠎ᠠ ᠮᠢᠨᠢ ᠴᠢᠮ᠎ᠠ ᠤᠷᠤᠭᠤ ᠯᠠ ᠨᠡᠭᠦᠨ᠎ᠡ ᠠ᠋
ᠴᠠᠭ ᠮᠥᠩᠬᠡ ᠶ᠋ᠢᠨ ᠨᠡᠭᠦᠳᠡᠯ ᠳ᠋ᠦ᠍ ᠬᠠᠮᠲᠤ ᠶᠠᠪᠤᠬᠤ ᠶ᠋ᠢᠨ ᠵᠠᠮ ᠦᠭᠡᠢ ᠴᠦ᠍
ᠨᠠᠷᠠ ᠰᠠᠷᠠᠨ ᠤ᠋ ᠭᠡᠭᠡᠬᠡᠨ ᠬᠣᠷᠸ᠎ᠠ ᠳᠡᠭᠡᠷ᠎ᠡ
ᠴᠢᠮ᠎ᠠ ᠲᠠᠢ ᠯᠠ ᠬᠠᠮᠲᠤ ᠪᠠᠢᠬᠤ ᠶ᠋ᠢᠨ ᠤᠴᠢᠷᠲᠠᠢ
ᠦᠰᠦᠭ ᠬᠠᠲᠠᠵᠤ᠂ ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
