ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠨᠢᠭᠡ〕 Цаг төрийн үймээн – Д ᠂ Намдаг - Цаг төрийн үймээн ᠂ гуравдугаар бүлэг -11 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠨᠢᠭᠡ〕 Цаг төрийн үймээн – Д ᠂ Намдаг - Цаг төрийн үймээн ᠂ гуравдугаар бүлэг -11

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠨᠢᠭᠡ〕 Цаг төрийн үймээн – Д ᠂ Намдаг - Цаг төрийн үймээн ᠂ гуравдугаар бүлэг -11

ᠠᠩᠭᠢᠯᠠᠯ:ᠲᠤᠭᠤᠵᠢ ᠷᠣᠮᠠᠨ
2026-01-27

101

ᠠᠷᠠᠳ ᠤ᠋ᠨ ᠵᠢᠷᠤᠮᠲᠤ ᠴᠡᠷᠢᠭ ᠲᠦ᠍ ᠡᠯᠰᠡᠭᠰᠡᠳ


                             (ᠳᠣᠷᠵᠢ᠂ ᠰᠠᠮᠪᠤᠤ᠂ ᠴᠡᠷᠢᠨᠳᠣᠷᠵᠢ ᠭᠤᠷᠪᠠ ᠶ᠋ᠢᠨ ᠶᠠᠪᠤᠳᠠᠯ)        
       ᠬᠠᠪᠤᠷ ᠤ᠋ᠨ ᠨᠢᠭᠡ ᠰᠠᠢᠬᠠᠨ ᠡᠳᠦᠷ ᠪᠠᠢᠵᠠᠢ᠃ ᠥᠪᠥᠷ ᠬᠢᠶᠠᠭᠲᠤ ᠠ᠋ᠴᠠ ᠪᠠᠷᠠᠭᠤᠨ ᠣᠷᠣᠭᠰᠢ ᠪᠠᠷᠤᠭᠴᠠᠭᠠᠯᠠᠪᠠᠯ ᠥᠷᠲᠡᠭᠡ ᠭᠠᠷᠤᠢ ᠶ᠋ᠢᠨ ᠲᠡᠷᠲᠡᠭᠡ ᠭᠤᠷᠪᠠᠨ ᠶᠠᠪᠠᠭᠠᠨ ᠬᠥᠮᠦᠨ ᠨᠢᠭᠡ ᠪᠣᠯ ᠶᠡᠬᠡ ᠭᠣᠣᠯ ᠤ᠋ᠨ ᠪᠤᠷᠭᠠᠰᠤ ᠳ᠋ᠠᠭᠠᠨ᠂ ᠡᠰᠡᠪᠡᠯ ᠨᠠᠷᠠᠰᠤᠨ ᠣᠢ ᠳᠠᠮᠵᠢᠨ ᠭᠦᠶᠦᠯᠳᠦᠨ᠎ᠡ᠃ ᠡᠳᠡ ᠪᠣᠯ ᠳᠣᠷᠵᠢ᠂ ᠰᠠᠮᠪᠤᠤ᠂ ᠴᠡᠷᠢᠨᠳᠣᠷᠵᠢ ᠭᠤᠷᠪᠠ᠃ ᠠᠩᠬ᠎ᠠ ᠣᠷᠣᠨ ᠭᠡᠷ ᠡᠴᠡ ᠭᠠᠷᠬᠤ ᠳ᠋ᠠᠭᠠᠨ ᠲᠤᠰ ᠪᠦᠷᠢ ᠪᠡᠨ ᠤᠨᠤᠭ᠎ᠠ ᠲᠠᠢ᠂ ᠬᠣᠭᠣᠯᠠ ᠬᠦᠨᠡᠰᠦ ᠲᠡᠢ᠂ ᠲᠣᠭᠣᠭ᠎ᠠ ᠰᠢᠨᠠᠭ᠎ᠠ ᠲᠠᠢ ᠭᠠᠷᠤᠭᠰᠠᠨ ᠪᠣᠯᠪᠠᠴᠤ ᠮᠣᠷᠢᠳ ᠨᠢ ᠲᠤᠩ ᠮᠠᠭᠤ᠂ ᠭᠠᠵᠠᠷ ᠤ᠋ᠨ ᠳᠤᠮᠳᠠ ᠬᠦᠷᠦᠯ ᠦᠭᠡᠢ ᠨᠢᠭᠡ ᠶ᠋ᠢ ᠬᠠᠶᠠᠭᠠᠳ᠂ ᠳᠤᠮᠳᠠ ᠠ᠋ᠴᠠ ᠥᠩᠭᠡᠷᠡᠵᠦ ᠪᠠᠰᠠ ᠨᠢᠭᠡ ᠶ᠋ᠢ ᠬᠠᠶᠠᠭᠠᠳ ᠡᠴᠦᠰ ᠲᠦ᠋ᠨᠢ ᠭᠠᠭᠴᠠ ᠮᠣᠷᠢᠨ ᠳ᠋ᠤ᠌ ᠬᠠᠮᠤᠭ ᠶᠠᠭᠤᠮ᠎ᠠ ᠪᠠᠨ ᠠᠴᠢᠨ ᠣᠪᠣᠭ᠎ᠠ ᠭᠠᠵᠠᠷ ᠠᠪᠴᠤ ᠶᠠᠪᠤᠬᠤ ᠳ᠋ᠤᠨᠢ ᠭᠠᠮᠢᠩ ᠤ᠋ᠳ ᠳᠠᠭᠠᠷᠢᠯᠳᠤᠨ ᠬᠥᠭᠡᠭᠡᠬᠦ ᠳ᠋ᠦ᠍ ᠡᠴᠦᠰ ᠦ᠋ᠨ ᠮᠣᠷᠢ ᠶ᠋ᠢ ᠣᠢ ᠶ᠋ᠢᠨ ᠰᠢᠷᠢᠩᠭᠢᠨ ᠳ᠋ᠦ᠍ ᠬᠠᠶᠠᠨ᠂ ᠥᠪᠡᠷᠰᠡᠳ ᠢ᠋ᠶ᠋ᠡᠨ ᠭᠠᠵᠠᠷ ᠤ᠋ᠨ ᠪᠡᠷᠬᠡ ᠶ᠋ᠢ ᠳᠠᠮᠵᠢᠨ ᠭᠦᠶᠦᠬᠦ ᠶ᠋ᠢᠨ ᠠᠴᠢ ᠪᠠᠷ ᠭᠠᠷᠴᠠᠢ᠃ 
       ᠣᠳᠣ ᠪᠣᠯᠬᠣᠷ ᠭᠠᠵᠠᠷ ᠦᠯᠦ ᠮᠡᠳᠡᠨ᠎ᠡ᠃ ᠬᠥᠮᠦᠨ ᠲᠠᠨᠢᠬᠤ ᠴᠦ᠍ ᠪᠦᠷ ᠪᠠᠢᠳᠠᠭ ᠦᠭᠡᠢ ᠬᠡᠷᠡᠭ᠃ ᠭᠣᠷᠢᠳᠠᠬᠤ ᠨᠢ ᠭᠡᠪᠡᠯ ᠥᠨᠥᠬᠢ ᠠᠷᠠᠳ ᠤ᠋ᠨ ᠨᠠᠮ ᠤ᠋ᠨ ᠬᠢᠨ ᠦ᠌ ᠪᠠᠢᠭ᠎ᠠ ᠭᠠᠵᠠᠷ ᠡᠷᠬᠡ ᠦᠭᠡᠢ ᠢᠷᠡᠭᠰᠡᠨ ᠪᠣᠯ ᠤᠤ ᠭᠡᠵᠦ ᠪᠣᠳᠣᠨ᠎ᠠ᠃ ᠲᠡᠭᠡᠭᠡᠳ ᠲᠡᠷᠲᠡᠭᠡᠬᠢ ᠬᠣᠩᠬᠣᠷ ᠲᠤ ᠬᠠᠷᠠᠭᠳᠠᠬᠤ ᠬᠡᠳᠦᠨ ᠭᠡᠷ ᠢ᠋ ᠴᠢᠭᠯᠡᠪᠡ᠃ ᠲᠡᠨᠳᠡ ᠮᠠᠯ ᠴᠥᠭᠡᠨ ᠲᠡᠢ ᠶᠠᠳᠠᠭᠤᠬᠠᠨ ᠪᠠᠢᠷᠢ ᠶ᠋ᠢᠨ ᠪᠣᠯᠤᠯᠲᠠᠢ ᠭᠡᠷ ᠦ᠋ᠳ ᠬᠠᠷᠠᠭᠳᠠᠨ᠎ᠠ᠃ ᠲᠡᠷᠡ ᠳᠤᠮᠳᠠ ᠠ᠋ᠴᠠ ᠬᠣᠢᠲᠤ ᠵᠠᠬ᠎ᠠ ᠶ᠋ᠢᠨ ᠬᠠᠨ᠎ᠠ ᠶ᠋ᠢᠨ ᠲᠤᠭᠤᠷᠭ᠎ᠠ ᠶ᠋ᠢ ᠬᠠᠷ᠎ᠠ ᠮᠣᠳᠣᠨ ᠤ᠋ ᠬᠣᠯᠲᠣᠰᠣ ᠪᠠᠷ ᠳᠠᠪᠬᠤᠷ ᠪᠦᠷᠢᠨ ᠠᠷᠭᠢᠯᠠᠭᠰᠠᠨ ᠪᠥᠭᠡᠳ ᠳᠡᠭᠡᠪᠦᠷ ᠦ᠋ᠨ ᠢᠰᠡᠭᠡᠢ ᠳᠡᠰ ᠬᠠᠷ᠎ᠠ ᠲᠡᠢᠮᠦ ᠠᠢᠯ ᠢ᠋ ᠲᠡᠷᠡ ᠠᠷᠠᠢ ᠯᠠ ᠠᠶᠤᠯ ᠦᠭᠡᠢ ᠪᠣᠯᠪᠠ ᠤᠤ ᠭᠡᠵᠦ ᠡᠯᠢᠭᠡ ᠪᠠᠷᠢᠨ ᠬᠡᠯᠡᠯᠴᠡᠵᠦ ᠣᠷᠣᠬᠤ ᠪᠠᠷ ᠰᠢᠢᠳᠦᠯ᠎ᠡ᠃ ᠭᠠᠳᠠᠭ᠎ᠠ ᠨᠢ ᠬᠣᠩᠭᠣᠷᠴᠤᠭ ᠢ᠋ᠶ᠋ᠠᠨ ᠳᠠᠭᠠᠭᠠᠵᠤ ᠶᠠᠳᠠᠭᠰᠠᠨ ᠰᠠᠭᠰᠠᠭᠠᠷ ᠰᠡᠭᠦᠯ ᠲᠡᠢ ᠠᠰᠤᠷᠤ ᠲᠣᠮᠣ ᠨᠣᠬᠠᠢ ᠮᠣᠳᠣᠨ ᠲᠡᠷᠭᠡᠨ ᠦ᠌ ᠳᠣᠣᠷ᠎ᠠ ᠠ᠋ᠴᠠ ᠤᠬᠤᠰᠬᠢᠨ ᠭᠠᠷᠴᠤ ᠬᠦᠨᠳᠦ ᠭᠡᠭᠴᠢ ᠶ᠋ᠢᠨ ᠭᠢᠨᠵᠢ ᠪᠡᠨ ᠬᠠᠷᠴᠢᠭᠢᠨᠠᠭᠤᠯᠤᠨ ᠲᠡᠮᠡᠦᠯᠦᠨ᠎ᠡ᠃ ᠡᠭᠦᠪᠡᠷ ᠦᠵᠡᠬᠦ ᠳ᠋ᠦ᠍ ᠡᠵᠡᠨ ᠨᠢ ᠲᠡᠢᠮᠦ ᠴᠦ᠍ ᠬᠠᠷᠢᠭᠤ ᠦᠭᠡᠢ ᠠᠮᠢᠲᠠᠨ ᠪᠠᠢᠮ᠎ᠠ ᠦᠭᠡᠢ ᠠᠵᠢ᠃ ᠭᠡᠲᠡᠯ᠎ᠡ ᠪᠠᠰᠠ ᠨᠣᠬᠠᠢ ᠶ᠋ᠢ ᠬᠥᠷ ᠬᠠᠷ ᠦᠰᠦᠴᠢᠨ ᠰᠦᠢᠳ ᠪᠣᠯᠵᠤ ᠪᠠᠢᠬᠤ ᠳ᠋ᠤ᠌ ᠭᠡᠷ ᠡᠴᠡ ᠬᠥᠮᠦᠨ ᠭᠠᠷᠬᠤ ᠦᠭᠡᠢ ᠪᠠᠢᠬᠤ ᠨᠢ ᠶᠠᠭᠤ ᠪᠣᠢ? ᠭᠡᠷ ᠲᠦ᠋ᠨᠢ ᠪᠠᠰᠠ ᠶᠠᠮᠠᠷ ᠨᠢᠭᠡᠨ ᠬᠦᠴᠦᠷᠬᠡᠭ ᠠᠮᠢᠲᠠᠨ ᠬᠤᠷᠬᠢᠷᠠᠬᠤ ᠠᠳᠠᠯᠢ ᠠᠪᠢᠶ᠎ᠠ ᠭᠠᠷᠬᠤ ᠰᠣᠨᠣᠰᠳᠠᠨ᠎ᠠ᠃ ᠳᠣᠷᠵᠢ ᠲᠦᠷᠦᠭᠦᠯᠡᠨ ᠮᠣᠳᠣᠨ ᠰᠠᠮᠪᠠᠷ᠎ᠠ ᠬᠠᠭᠠᠯᠭ᠎ᠠ ᠶ᠋ᠢ ᠨᠡᠭᠡᠭᠡᠨ ᠣᠷᠣᠪᠠ᠃ ᠡᠮᠦᠨ᠎ᠡ ᠡᠴᠡ ᠨᠢ ᠬᠢᠷᠢ ᠬᠡᠮᠵᠢᠶ᠎ᠡ ᠡᠴᠡ ᠬᠡᠲᠦᠷᠡᠭᠰᠡᠨ ᠬᠠᠯᠠᠭᠤᠨ ᠠᠭᠤᠷ ᠨᠢᠭᠤᠷ ᠴᠣᠷᠭᠢᠨ ᠤᠭᠲᠤᠨ᠎ᠠ᠃ ᠭᠡᠷ ᠦ᠋ᠨ ᠬᠣᠢᠮᠣᠷ ᠪᠠᠳᠠᠷᠠᠭᠰᠠᠨ ᠤᠯᠠᠭᠠᠨ ᠴᠣᠭ ᠤ᠋ᠨ ᠭᠠᠯ ᠤᠷᠤᠭᠤ ᠭᠠᠤᠯᠢᠨ ᠭᠤᠤᠷᠰᠤ ᠦᠯᠢᠶᠡᠭᠦᠷ ᠦᠯᠢᠶᠡᠵᠦ ᠪᠠᠢᠭ᠎ᠠ ᠬᠤᠤᠵᠠ ᠰᠠᠬᠠᠯ᠂ ᠬᠠᠷ᠎ᠠ ᠨᠡᠭᠦᠷᠡᠰᠦᠨ ᠬᠦ ᠬᠣᠶᠠᠷ ᠲᠤ ᠳᠠᠷᠤᠭᠳᠠᠭᠰᠠᠨ ᠡᠪᠦᠭᠡᠨ ᠦᠯᠢᠶᠡᠭᠦᠷ ᠢ᠋ᠶ᠋ᠡᠨ ᠠᠮᠠᠨ ᠠ᠋ᠴᠠ ᠪᠠᠨ ᠲᠦᠷ ᠰᠠᠯᠠᠭᠠᠨ《ᠬᠠᠭᠠᠯᠭ᠎ᠠ ᠬᠠᠭ᠎ᠠ᠂ ᠬᠠᠭ᠎ᠠ》 ᠭᠡᠵᠦ ᠬᠠᠰᠬᠢᠷᠤᠨ᠎ᠠ᠃ ᠪᠠᠷᠠᠭᠤᠨ ᠲᠠᠢ ᠨᠢ ᠪᠦᠲᠦᠭᠡᠨ ᠪᠡᠶ᠎ᠡ ᠲᠡᠢ ᠠᠪᠠᠭᠠᠢ ᠠᠪᠳᠠᠷ᠎ᠠ ᠬᠥᠭᠡᠷᠭᠡ ᠶ᠋ᠢ ᠬᠥᠷ ᠬᠥᠷ ᠳᠤᠤᠭᠠᠷᠭᠠᠨ ᠲᠠᠲᠠᠵᠤ ᠪᠠᠢᠭᠰᠠᠨ ᠠ᠋ᠴᠠ ᠪᠠᠨ ᠠᠮᠤᠷ ᠡᠷᠢᠬᠦ ᠶ᠋ᠢᠨ ᠣᠷᠣᠨ ᠳ᠋ᠤ᠌ ᠠᠭᠤᠷ ᠲᠠᠢ ᠪᠠᠷ ᠭᠢᠯᠠᠯᠵᠠᠨ ᠪᠣᠰᠤᠨ ᠬᠠᠷᠠᠢᠵᠤ ᠭᠡᠷ ᠦ᠋ᠨ ᠢ᠋ᠶ᠋ᠡᠨ ᠬᠠᠭᠠᠯᠭ᠎ᠠ ᠶ᠋ᠢ ᠬᠠᠪ ᠬᠢᠲᠡᠯ᠎ᠡ ᠬᠠᠭᠠᠨ ᠳᠠᠬᠢᠨ ᠰᠠᠭᠤᠵᠤ ᠬᠥᠭᠡᠷᠭᠡ ᠪᠡᠨ ᠲᠠᠲᠠᠨ᠎ᠠ᠃  
       ᠦᠵᠡᠲᠡᠯ᠎ᠡ ᠡᠪᠦᠭᠡᠨ ᠨᠢ ᠳᠠᠷᠬᠠᠨ᠂ ᠠᠪᠠᠭᠠᠢ ᠨᠢ ᠲᠤᠰᠠᠯᠠᠭᠴᠢ ᠨᠢ ᠪᠠᠢᠯ᠎ᠠ᠃ ᠵᠡᠭᠦᠨ ᠪᠠᠷᠠᠭᠤᠨ ᠲᠠᠯ᠎ᠠ ᠪᠠᠷ ᠴᠠᠬᠢᠭᠤᠷ ᠫᠤᠤ᠂ ᠪᠢᠷᠳᠡᠩ ᠫᠤᠤ᠂ ᠣᠷᠣᠰ ᠸᠸᠨ᠋ᠲ᠋ᠤᠸ᠂ ᠬᠢᠲᠠᠳ ᠰᠧ ᠰᠠᠨ ᠯᠢ ᠶᠠᠩᠵᠤ ᠪᠦᠷᠢ ᠶ᠋ᠢᠨ ᠬᠠᠭᠤᠴᠢᠨ ᠰᠡᠯᠡᠮ᠎ᠡ ᠨᠦ᠍ᠭᠦᠳ ᠳᠦᠭᠦᠷᠡᠩ᠃ ᠭᠠᠵᠠᠷ ᠢ᠋ᠶ᠋ᠠᠷ ᠬᠠᠷ᠎ᠠ ᠴᠠᠭᠠᠨ ᠲᠤᠭᠤᠯᠭ᠎ᠠ᠂ ᠭᠠᠤᠯᠢ ᠵᠡᠰ ᠦ᠋ᠨ ᠥᠭᠡᠳᠡᠰᠦ᠂ ᠡᠯᠳᠡᠪ ᠲᠥᠷᠥᠯ ᠦ᠋ᠨ ᠫᠤᠤ ᠰᠤᠮᠤᠨ ᠤ᠋ ᠬᠣᠩᠬᠢᠶ᠎ᠠ ᠡᠮᠬᠢ ᠵᠠᠮᠪᠠᠷᠠᠭ᠎ᠠ ᠦᠭᠡᠢ ᠬᠣᠯᠢᠯᠳᠤᠨ ᠬᠡᠪᠲᠡᠨ᠎ᠡ᠃  
       ᠳᠣᠷᠵᠢ ᠨᠥᠬᠥᠳ ᠦ᠋ᠨ ᠬᠠᠮᠲᠤ ᠵᠡᠭᠦᠨ ᠲᠠᠯ᠎ᠠ ᠳ᠋ᠤ᠌ ᠰᠠᠭᠤᠯ᠎ᠠ᠃ ᠡᠪᠦᠭᠡᠨ ᠶᠠᠮᠠᠷ ᠨᠢᠭᠡᠨ ᠬᠠᠲᠠᠭᠤ ᠡᠳ᠋ᠯᠡᠯ ᠬᠠᠢᠯᠬᠤ ᠭᠡᠵᠦ ᠪᠠᠢᠭ᠎ᠠ ᠪᠣᠯᠤᠯᠲᠠᠢ᠂ ᠡᠬᠡᠨᠡᠷ ᠦ᠋ᠨ ᠢ᠋ᠶ᠋ᠡᠨ ᠬᠠᠷ᠎ᠠ ᠬᠥᠯᠥᠰᠥ ᠪᠡᠨ ᠳᠤᠰᠤᠯᠠᠭᠤᠯᠤᠨ ᠵᠣᠭᠰᠣᠭ᠎ᠠ ᠵᠠᠢ ᠦᠭᠡᠢ ᠬᠥᠭᠡᠷᠭᠡᠳᠡᠨ ᠪᠠᠢᠬᠤ ᠳ᠋ᠤ᠌ ᠥᠪᠡᠷ ᠢ᠋ᠶ᠋ᠡᠨ ᠨᠢᠳᠦ ᠴᠠᠪᠴᠢᠯ ᠦᠭᠡᠢ ᠨᠡᠮᠡᠨ ᠦᠯᠢᠶᠡᠭᠦᠷᠳᠡᠨ᠎ᠠ᠃ ᠳᠠᠭᠤ ᠴᠢᠮᠡᠭᠡ ᠨᠢ ᠰᠣᠨᠢᠨ᠂ ᠬᠠᠯᠠᠭᠤᠨ ᠨᠢ ᠠᠢᠬᠤᠪᠲᠤᠷ ᠬᠤᠰᠤ ᠮᠣᠳᠣᠨ ᠤ᠋ ᠴᠢᠭᠢᠷᠠᠭ ᠨᠡᠭᠦᠷᠡᠰᠦ ᠬᠥᠬᠡ ᠳᠥᠯᠥ ᠣᠪᠣᠯᠵᠠᠭᠤᠯᠤᠨ ᠮᠠᠨᠠᠯᠵᠠᠵᠤ ᠰᠡᠭᠦᠯ ᠦ᠋ᠨ ᠬᠡᠳᠦᠨ ᠬᠣᠨᠣᠭ ᠭᠠᠯ ᠤ᠋ᠨ ᠪᠠᠷ᠎ᠠ ᠬᠠᠷᠠᠭ᠎ᠠ ᠦᠭᠡᠢ ᠬᠥᠮᠦᠰ ᠦ᠋ᠨ ᠨᠢᠭᠤᠷ ᠢ᠋ ᠮᠢᠨᠴᠦᠷᠡᠭᠦᠯᠦᠨ᠎ᠡ᠃ ᠡᠮᠦᠰᠦᠭᠰᠡᠨ ᠳᠡᠪᠡᠯ ᠦ᠋ᠨ ᠦᠰᠦ ᠲᠡᠢ ᠳᠣᠲᠣᠷ᠂ ᠥᠩᠭᠡ ᠨᠡᠪᠲᠡ ᠬᠠᠯᠠᠨ ᠲᠦᠯᠡᠭᠳᠡᠬᠦ ᠦᠨᠦᠷ ᠬᠠᠩᠬᠤᠯᠤᠭᠤᠯᠬᠤ ᠪᠠᠷ ᠦᠯᠦ ᠪᠠᠷᠠᠮ ᠬᠠᠶᠠᠭᠠᠨ ᠳ᠋ᠠᠬᠢ ᠠᠪᠳᠠᠷ᠎ᠠ ᠶ᠋ᠢᠨ ᠨᠢᠷᠤᠭᠤᠨ ᠳ᠋ᠤ᠌ ᠳᠠᠪᠠᠷᠬᠠᠢ ᠳᠠᠭᠠᠪᠤᠷᠢᠯᠠᠨ᠎ᠠ᠃ ᠭᠡᠪᠡᠴᠦ ᠳᠠᠷᠬᠠᠨ ᠤ᠋ ᠠᠵᠢᠯ ᠶᠠᠭᠠᠬᠢᠭ᠎ᠠ ᠴᠦ᠍ ᠦᠭᠡᠢ ᠠᠵᠢ᠃ ᠠᠮᠠᠨ ᠳ᠋ᠠᠬᠢ ᠦᠯᠢᠶᠡᠭᠦᠷ ᠢ᠋ᠶ᠋ᠡᠨ ᠰᠠᠯᠭᠠᠯ ᠦᠭᠡᠢ《ᠬᠥᠭᠡᠷᠭᠡᠳᠡ ᠬᠥᠭᠡᠷᠭᠡᠳᠡ》 ᠭᠡᠵᠦ ᠬᠠᠰᠬᠢᠷᠤᠨ᠎ᠠ᠃ ᠬᠠᠯᠠᠭᠤᠨ ᠤ᠋ ᠢᠯᠴᠢ ᠬᠡᠴᠡᠭᠦᠦ ᠳ᠋ᠦ᠍ ᠭᠡᠷ ᠲᠦ᠋ᠨᠢ ᠴᠦ᠍ ᠭᠡᠨᠡᠳᠲᠡ ᠳᠥᠯᠥ ᠠᠪᠤᠯᠴᠠᠬᠤ ᠪᠠᠷ ᠭᠡᠮᠡᠷ ᠬᠡᠩᠰᠢᠭᠦᠦ ᠬᠢᠷᠪᠤᠰᠤ ᠬᠠᠩᠬᠤᠯᠤᠨ᠎ᠠ᠃ ᠭᠠᠳᠠᠨ᠎ᠠ ᠠ᠋ᠴᠠ ᠢᠷᠡᠭᠰᠡᠳ ᠲᠡᠰᠪᠦᠷᠢᠯᠡᠰᠢ ᠦᠭᠡᠢ ᠳ᠋ᠦ᠍᠂ ᠲᠦᠷᠭᠡᠨ ᠭᠠᠷᠤᠶ᠎ᠠ ᠭᠡᠲᠡᠯ᠎ᠡ ᠬᠠᠭᠠᠯᠭ᠎ᠠ ᠣᠩᠭᠣᠢᠯᠭᠠᠵᠤ ᠦᠯᠦ ᠪᠣᠯᠬᠤ ᠶ᠋ᠢ ᠲᠦᠷᠦᠭᠦᠬᠡᠨ ᠮᠡᠳᠡᠭᠰᠡᠨ᠃ ᠬᠠᠨᠴᠤᠢ ᠪᠠᠷ ᠨᠢᠭᠤᠷ  ᠬᠠᠯᠬᠠᠯᠠᠨ ᠳᠣᠣᠷ᠎ᠠ ᠪᠦᠷᠢᠨ᠎ᠡ ᠠᠭᠠᠬᠢᠯᠠᠯᠳᠤᠨ᠎ᠠ᠃ ᠬᠥᠭᠡᠷᠭᠡ ᠶ᠋ᠢᠨ ᠳᠠᠭᠤ ᠭᠡᠨᠡᠳᠲᠡ ᠵᠣᠭᠰᠣᠪᠠ᠃ ᠳᠠᠷᠬᠠᠨ᠂ ᠴᠣᠭ ᠤ᠋ᠨ ᠳᠣᠣᠷ᠎ᠠ ᠠ᠋ᠴᠠ ᠴᠢᠰᠤ ᠤᠯᠠᠭᠠᠨ ᠶᠠᠭᠤᠮ᠎ᠠ ᠭᠠᠷᠭᠠᠨ ᠲᠡᠮᠦᠷ ᠳᠡᠭᠡᠷ᠎ᠡ ᠲᠠᠯᠪᠢᠩᠭᠤᠲᠠ ᠪᠠᠨ ᠪᠠᠰᠠ ᠪᠢᠴᠢᠬᠠᠨ ᠲᠡᠮᠦᠷ ᠲᠣᠭᠣᠭᠠᠨ ᠳ᠋ᠤ᠌ ᠮᠡᠯᠲᠡᠭᠡᠨᠡᠨ ᠪᠣᠢ ᠨᠢᠭᠡ ᠶᠠᠭᠤᠮ᠎ᠠ ᠭᠠᠷᠭᠠᠨ ᠳᠡᠭᠡᠷ᠎ᠡ ᠡᠴᠡ ᠨᠢ ᠴᠢᠳᠬᠤᠭᠤᠷᠳᠠᠭᠠᠳ《ᠨᠡᠬᠡᠭᠡ᠂ ᠨᠡᠬᠡᠭᠡ》 ᠭᠡᠵᠦ ᠬᠠᠰᠬᠢᠷᠤᠨ᠎ᠠ᠃ ᠣᠳᠣ ᠯᠠ ᠠᠵᠢᠯ ᠳᠠᠭᠤᠰᠴᠤ ᠪᠠᠢᠭ᠎ᠠ ᠪᠠᠢᠵᠤ᠂ ᠠᠪᠠᠭᠠᠢ ᠨᠢ ᠬᠠᠭᠠᠯᠭ᠎ᠠ ᠨᠡᠭᠡᠭᠡᠨ ᠳᠡᠯᠭᠡᠵᠦ ᠬᠠᠯᠠᠭᠤᠨ ᠬᠠᠷ᠎ᠠ ᠴᠠᠢ ᠠᠶᠠᠭᠠᠯᠠᠨ ᠳᠠᠷᠬᠠᠨ ᠳ᠋ᠤ᠌ ᠥᠭᠪᠡ᠃ ᠳᠠᠷᠬᠠᠨ ᠬᠦᠯᠢᠶᠡᠨ ᠠᠪᠴᠤ ᠳᠡᠭᠡᠷ᠎ᠡ ᠡᠴᠡ ᠨᠢ ᠨᠡᠭᠦᠷᠡᠰᠦᠨ ᠦ᠌ ᠴᠣᠭ ᠬᠢᠨ《ᠴᠢᠰ》 ᠭᠡᠰᠡᠨ ᠴᠢᠮᠡᠭᠡ ᠭᠠᠷᠭᠠᠨ ᠳᠡᠭᠡᠭᠰᠢ ᠣᠷᠬᠢᠯᠠᠬᠤ ᠠᠭᠤᠷ ᠢ᠋ᠶ᠋ᠠᠷ ᠨᠢ ᠠᠮᠢᠰᠬᠤᠯ ᠠᠪᠤᠨ ᠤᠳᠠᠭᠰᠠᠨ ᠢ᠋ᠶ᠋ᠠᠨ《ᠸᠴᠢᠷ ᠸᠠᠨᠢ ᠬᠣᠮ ᠫᠠᠳ ᠠ᠋》 ᠭᠡᠳ ᠶᠠᠭᠠᠷᠠᠨ ᠣᠭᠣᠴᠢᠯᠠᠨ᠎ᠠ᠃ ᠠᠪᠠᠭᠠᠢ ᠨᠢ ᠮᠥᠨ ᠲᠡᠷᠡᠴᠢᠯᠡᠨ ᠴᠣᠭ ᠲᠠᠢ ᠴᠠᠢ ᠤᠤᠭᠤᠭᠰᠠᠨ ᠪᠣᠯᠪᠠᠴᠤ《ᠸᠴᠢᠷ ᠸᠠᠨᠢ ᠬᠣᠮ ᠫᠠᠳ ᠠ᠋》 ᠭᠡᠰᠡᠨ ᠦᠭᠡᠢ᠃ ᠡᠨᠡ ᠪᠦᠬᠦ ᠪᠠᠢᠳᠠᠯ ᠢ᠋ ᠳᠣᠷᠵᠢ ᠨᠥᠬᠥᠳ ᠦ᠋ᠨ ᠬᠠᠮᠲᠤ ᠶᠡᠬᠡᠳᠡ ᠭᠠᠢᠬᠠᠨ ᠠᠵᠢᠭᠯᠠᠵᠤ ᠰᠠᠭᠤᠪᠠ᠃ ᠡᠪᠦᠭᠡᠨ ᠲᠡᠳᠡᠨ ᠢ᠋ ᠭᠡᠨᠡᠳᠲᠡ ᠦᠵᠡᠵᠦ ᠪᠠᠢᠭ᠎ᠠ ᠮᠡᠲᠦ ᠰᠣᠴᠢᠨ ᠬᠠᠷᠠᠭᠰᠠᠨ ᠢ᠋ᠶ᠋ᠠᠨ ᠸᠴᠢᠷ ᠸᠠᠨᠢ ᠬᠣᠮ ᠫᠠᠳ ᠠ᠋! ᠭᠡᠵᠦ ᠳᠠᠬᠢᠨ ᠤᠤᠯᠭ᠎ᠠ ᠠᠯᠳᠠᠵᠤ ᠨᠢᠭᠤᠷ ᠲᠣᠯᠣᠭᠠᠢ ᠤᠷᠤᠭᠤ ᠵᠠᠮ ᠲᠠᠲᠠᠭᠤᠯᠤᠨ ᠤᠷᠤᠰᠬᠤ ᠬᠥᠯᠥᠰᠥ ᠪᠡᠨ ᠥᠩᠭᠡ ᠨᠢ ᠠᠯᠢ ᠬᠡᠳᠦᠢᠨ ᠲᠠᠨᠢᠭᠳᠠᠬᠤ ᠪᠠᠨ ᠪᠣᠯᠢᠭᠰᠠᠨ ᠪᠠᠷᠪᠠᠭᠠᠷ ᠠᠯᠴᠢᠭᠤᠷ ᠢ᠋ᠶ᠋ᠠᠷ ᠠᠷᠴᠢᠨ᠄ 
       — ᠬᠥᠶᠢ ᠡᠬᠡᠨᠡᠷ! ᠡᠨᠡ ᠤᠯᠤᠰ ᠲᠤ ᠴᠠᠢ! 
       ᠡᠬᠡᠨᠡᠷ ᠦ᠋ᠨ ᠢ᠋ᠶ᠋ᠡᠨ ᠠᠶᠠᠭ᠎ᠠ ᠠᠪᠤᠨ ᠴᠠᠢ ᠬᠢᠵᠦ ᠥᠭᠬᠦ ᠳ᠋ᠦ᠍᠄  
       — ᠦᠭᠡᠢ ᠪᠠᠢᠵᠠ! ᠲᠠ ᠨᠠᠷ ᠴᠦ᠍ ᠭᠡᠰᠡᠨ ᠣᠲᠣᠬᠤ ᠬᠡᠷᠡᠭᠲᠡᠢ! ᠭᠡᠳ ᠬᠢᠮᠰᠠ ᠬᠠᠢᠴᠢ ᠪᠠᠷ ᠴᠣᠭ ᠠᠪᠠᠴᠢᠨ ᠲᠤᠰ ᠪᠦᠷᠢ ᠶ᠋ᠢᠨ ᠠᠶᠠᠭᠠᠨ ᠳ᠋ᠤ᠌ ᠬᠢᠨ ᠴᠢᠰ ᠴᠢᠰ ᠳᠠᠭᠤ ᠭᠠᠷᠭᠠᠭᠠᠳ᠄ ᠤᠲᠤᠵᠠᠭ᠎ᠠ᠂ ᠤᠲᠤᠵᠠᠭ᠎ᠠ! ᠭᠡᠪᠡ᠃  
       ᠨᠥᠭᠥᠭᠡᠳᠦᠭᠦᠯᠡ᠂ ᠳᠠᠷᠬᠠᠨ ᠤ᠋ ᠬᠡᠯᠡᠭᠰᠡᠨ ᠢ᠋ ᠶᠣᠰᠣᠴᠢᠯᠠᠨ ᠭᠦᠢᠴᠡᠳᠬᠡᠭᠡᠳ ᠴᠣᠭ ᠤ᠋ᠨ ᠨᠡᠭᠦᠷᠡᠰᠦ ᠪᠤᠯᠠᠩᠭᠢᠷᠲᠤᠭᠰᠠᠨ ᠬᠠᠷ᠎ᠠ ᠴᠠᠢ ᠶ᠋ᠢ ᠤᠤᠭᠤᠭᠰᠠᠨ ᠳᠠᠷᠤᠢ ᠲᠣᠯᠣᠭᠠᠢ ᠶ᠋ᠢᠨ ᠮᠠᠩᠰᠢᠭᠤᠷᠠᠯ ᠠᠷᠢᠯᠤᠨ ᠨᠢᠳᠦ ᠰᠡᠷᠭᠦᠬᠦ ᠳ᠋ᠦ᠍ ᠤᠭ ᠬᠡᠷᠡᠭ ᠦ᠋ᠨ ᠠᠴᠢ ᠲᠤᠰᠠ ᠶ᠋ᠢ ᠰᠠᠶᠢ ᠤᠬᠠᠭᠠᠷᠠᠨ ᠮᠡᠳᠡᠪᠡ᠃ ᠭᠡᠲᠡᠯ᠎ᠡ ᠪᠠᠰᠠ ᠨᠢᠭᠡ ᠶᠠᠭᠤᠮ᠎ᠠ ᠴᠢᠰ ᠫᠢᠰᠬᠢᠨ ᠳᠤᠤᠭᠠᠷᠤᠭᠠᠳ ᠳᠠᠷᠠᠭ᠎ᠠ ᠳ᠋ᠤᠨᠢ ᠫᠥᠯ ᠫᠥᠯ ᠪᠤᠴᠠᠯᠤᠭᠰᠠᠨ ᠢ᠋ ᠦᠵᠡᠪᠡᠯ ᠴᠠᠭᠠᠨ ᠰᠢᠷᠭᠠᠯ ᠥᠩᠭᠡ ᠶ᠋ᠢᠨ ᠪᠥᠭᠡᠮ ᠰᠢᠪᠡᠷ ᠲᠦᠩᠫᠦᠩ ᠲᠡᠢ ᠤᠰᠤᠨ ᠳ᠋ᠤ᠌ ᠬᠢᠭᠳᠡᠵᠡᠢ᠃ ᠲᠦᠷᠦᠭᠦᠴᠢ ᠶ᠋ᠢᠨ ᠵᠦᠢᠯ ᠭᠠᠤᠯᠢ ᠴᠢᠳᠬᠤᠭᠰᠠᠨ ᠰᠢᠪᠡᠷ ᠬᠡᠪ ᠪᠠᠢᠭᠰᠠᠨ ᠠᠵᠢ᠃ ᠳᠠᠷᠬᠠᠨ᠂ ᠸᠴᠢᠷ ᠸᠠᠨᠢ ᠬᠣᠮ ᠫᠠᠳ ᠠ᠋ ᠳᠠᠭᠤᠳᠠᠨ ᠰᠢᠪᠡᠷ ᠬᠡᠪ ᠦ᠋ᠨ ᠲᠦᠩᠫᠦᠩ ᠡᠴᠡ ᠭᠠᠷᠭᠠᠨ ᠬᠠᠭ᠎ᠠ ᠬᠠᠭ᠎ᠠ ᠴᠣᠬᠢᠬᠤ ᠳ᠋ᠤ᠌ ᠳᠣᠲᠣᠷ᠎ᠠ ᠠ᠋ᠴᠠ ᠠᠯᠲᠠᠨ ᠰᠢᠷᠭᠠᠯ ᠫᠤᠤ ᠶ᠋ᠢᠨ ᠵᠠᠮᠤᠭ ᠭᠠᠷᠤᠨ᠎ᠠ᠃ 
       — ᠵᠠ ᠲᠡᠭᠡᠭᠡᠳ ᠲᠠ ᠨᠠᠷ ᠮᠢᠨᠢ ᠬᠠᠮᠢᠭᠠᠬᠢ ᠶ᠋ᠢᠨ ᠤᠯᠤᠰ ᠪᠣᠢ? ᠳᠣᠷᠵᠢ᠄ 
       — ᠨᠤᠲᠤᠭ ᠬᠣᠯᠠ ᠠ᠋᠃ ᠠᠯᠲᠠᠨ ᠬᠡᠮᠡᠬᠦ ᠭᠠᠵᠠᠷ ᠬᠦᠷᠬᠦ ᠪᠡᠷ ᠶᠠᠪᠤᠵᠤ ᠪᠠᠢᠨ᠎ᠠ ᠭᠡᠵᠦ ᠲᠦᠭᠳᠡᠷᠡᠨ ᠬᠡᠯᠡᠪᠡ᠃ 
       — ᠦ᠂ ᠸᠴᠢᠷ ᠸᠠᠨᠢ ᠬᠣᠮ ᠫᠠᠳ ᠠ᠋! ᠢᠩᠭᠢᠬᠦ ᠳ᠋ᠦ᠍ ᠲᠠ ᠨᠠᠷ ᠴᠢᠨᠢ ᠪᠠᠭᠠᠲᠤᠷ ᠤ᠋ᠨ ᠴᠡᠷᠢᠭ ᠲᠦ᠍ ᠡᠯᠰᠡᠬᠦ ᠪᠡᠷ ᠶᠠᠪᠤᠬᠤ ᠤᠯᠤᠰ ᠤᠤ? ᠳᠣᠷᠵᠢ ᠵᠣᠷᠢᠭᠯᠠᠨ᠄  
       — ᠲᠡᠢᠮᠦ ᠠ᠋᠂ ᠲᠡᠭᠡᠬᠦ ᠭᠡᠵᠦ ᠶᠠᠪᠤᠭ᠎ᠠ ᠤᠯᠤᠰ ᠪᠢᠯᠡ ᠪᠢᠳᠡ ᠭᠡᠪᠡ᠃  
       — ᠤᠤᠬᠠᠢ! ᠵᠠᠮ ᠵᠠᠭᠤᠷ᠎ᠠ ᠳ᠋ᠤ᠌ ᠴᠢᠨᠢ ᠠᠱᠶ᠋ᠭᠦᠢ ᠡᠯᠳᠡᠪ ᠮᠠᠭᠤ ᠰᠠᠢᠨ ᠶᠠᠭᠤᠮ᠎ᠠ ᠳᠠᠭᠠᠷᠢᠯᠳᠤᠭᠰᠠᠨ ᠦᠭᠡᠢ ᠤᠤ? 
       ᠨᠥᠭᠥᠭᠡᠳᠦᠭᠦᠯᠡ ᠶ᠋ᠢᠨ ᠰᠡᠵᠢᠭ ᠠᠷᠢᠯᠤᠨ ᠰᠡᠳᠬᠢᠯ ᠪᠡᠶᠡᠰᠴᠦ᠂ ᠲᠣᠬᠢᠶᠠᠯᠳᠤᠭᠰᠠᠨ ᠶᠠᠪᠤᠳᠠᠯ ᠢ᠋ᠶ᠋ᠠᠨ ᠶᠠᠷᠢᠵᠤ ᠡᠬᠢᠯᠡᠪᠡ᠃ ᠲᠡᠷᠡ ᠸᠴᠢᠷ ᠸᠠᠨᠢ ᠬᠣᠮ ᠫᠠᠳ ᠭᠡᠵᠦ ᠪᠠᠢᠨ ᠪᠠᠢᠨ ᠥᠭᠦᠯᠡᠨ᠂ 
       — ᠬᠥᠶᠢ ᠡᠬᠡᠨᠡᠷ᠂ ᠡᠨᠡ ᠤᠯᠤᠰ ᠲᠤ ᠢᠳᠡᠭᠡ ᠪᠤᠳᠠᠭ᠎ᠠ! 
       ᠡᠬᠡᠨᠡᠷ ᠨᠢ ᠭᠦᠶᠦᠨ ᠭᠠᠷᠴᠤ ᠨᠢᠳᠤᠨᠤᠨ ᠵᠢᠯ ᠦ᠋ᠨ ᠬᠤᠷᠢᠶᠠᠭᠰᠠᠨ ᠭᠦᠵᠡᠭᠡᠲᠡᠢ ᠥᠷᠥᠮ᠎ᠡ ᠪᠡᠨ ᠲᠡᠪᠡᠷᠢᠨ ᠣᠷᠣᠵᠤ ᠢᠷᠡᠪᠡ᠃ ᠡᠪᠦᠭᠡᠨ ᠲᠡᠭᠦᠨ ᠢ᠋ ᠨᠢ ᠤᠭᠲᠤᠨ ᠠᠪᠴᠤ ᠳᠡᠭᠡᠷ᠎ᠡ ᠨᠢ ᠲᠡᠮᠦᠷ ᠦ᠋ᠨ ᠬᠠᠰᠤᠭᠤᠷ ᠰᠢᠭᠢᠳᠬᠡᠨ ᠠᠯᠤᠬ᠎ᠠ ᠪᠠᠷ ᠴᠣᠬᠢᠨ ᠬᠠᠭᠠᠯᠤᠨ᠎ᠠ᠃ ᠲᠡᠭᠦᠪᠡᠷ ᠢ᠋ᠶ᠋ᠡᠨ ᠲᠠᠪᠠᠭ ᠲᠠᠯᠪᠢᠨ ᠴᠢᠩᠭᠠᠮᠠᠯ ᠪᠤᠳᠠᠭ᠎ᠠ ᠲᠠᠢ ᠢᠳᠡᠬᠦ ᠶ᠋ᠢ ᠱᠠᠭᠠᠷᠳᠠᠬᠤ ᠶ᠋ᠢᠨ ᠳᠡᠯᠢᠮ ᠳ᠋ᠦ᠍ ᠪᠠᠰᠠ ᠯᠠ ᠸᠴᠢᠷ ᠸᠠᠨᠢ ᠬᠣᠮ ᠫᠠᠳ ᠠ᠋ ᠳᠠᠭᠤᠳᠠᠨ ᠶᠡᠬᠡ ᠶᠠᠷᠢᠶ᠎ᠠ ᠳᠡᠯᠭᠡᠵᠦ ᠭᠠᠷᠤᠯ᠎ᠠ᠃ ᠲᠡᠷᠡ ᠪᠡᠷ ᠠᠷᠠᠳ ᠤ᠋ᠨ ᠵᠢᠷᠤᠮᠲᠤ ᠴᠡᠷᠢᠭ ᠦ᠋ᠨ ᠬᠤᠷᠠᠯᠳᠤᠵᠤ ᠪᠠᠢᠭ᠎ᠠ ᠭᠠᠵᠠᠷ ᠢ᠋ ᠮᠡᠳᠡᠬᠦ ᠪᠡᠷ ᠦᠯᠦ ᠪᠠᠷᠠᠮ ᠵᠠᠷ ᠵᠡᠪᠰᠡᠭ ᠢ᠋ ᠨᠢ ᠵᠠᠰᠠᠨ ᠰᠡᠯᠪᠢᠵᠦ ᠪᠠᠢᠭ᠎ᠠ ᠠᠵᠢ᠃ ᠤᠯᠤᠰ ᠣᠷᠣᠨ ᠤ᠋ ᠳᠣᠲᠣᠷ᠎ᠠ ᠥᠪᠡᠷ ᠰᠢᠭ ᠨᠢ ᠵᠠᠭᠤᠨ ᠳᠠᠷᠬᠠᠨ ᠪᠠᠢᠪᠠᠯ ᠨᠢᠭᠡ ᠬᠥᠮᠦᠨ ᠦ᠌ ᠬᠡᠷᠡᠭᠯᠡᠬᠦ ᠶ᠋ᠢ ᠪᠠᠢᠲᠤᠭᠠᠢ ᠮᠢᠩᠭᠠᠨ ᠬᠥᠮᠦᠨ ᠦ᠌ ᠬᠢ ᠶ᠋ᠢ ᠬᠢᠬᠦ ᠳ᠋ᠦ᠍ ᠶᠠᠭᠤᠬᠠᠨ ᠪᠠᠢᠭ᠎ᠠ ᠪᠣᠢ ᠭᠡᠨ᠎ᠡ᠃ ᠶᠡᠷᠦᠨᠢ ᠵᠠᠭᠤᠨ ᠳᠠᠷᠬᠠᠨ ᠶᠣᠰᠣᠲᠠᠢ ᠵᠠᠷ ᠵᠡᠪᠰᠡᠭ ᠬᠢᠳᠡᠭ ᠪᠠᠭᠠᠵᠢ ᠲᠠᠢ ᠪᠣᠯ ᠮᠣᠩᠭᠣᠯ ᠤᠯᠤᠰ ᠭᠠᠳᠠᠭᠠᠳᠤ ᠠ᠋ᠴᠠ ᠲᠤᠰᠠᠯᠠᠮᠵᠢ ᠭᠤᠶᠤᠬᠤ ᠪᠠᠢᠲᠤᠭᠠᠢ ᠭᠠᠳᠠᠭᠠᠳᠤ ᠳ᠋ᠤ᠌ ᠬᠤᠳᠠᠯᠳᠤᠨ ᠶᠡᠬᠡ ᠣᠯᠵᠠ ᠣᠯᠬᠤ ᠶᠤᠮ ᠭᠡᠨ᠎ᠡ᠃  
       — ᠮᠠᠨ ᠤ᠋ ᠪᠠᠭᠠᠲᠤᠷ ᠰᠦᠷᠡᠬᠡᠢ ᠤᠬᠠᠭᠠᠨ ᠲᠠᠢ ᠬᠥᠮᠦᠨ ᠪᠣᠯᠬᠣᠷ ᠢᠷᠡᠭᠡᠳᠦᠢ ᠳ᠋ᠦ᠍ ᠪᠦᠬᠦ ᠬᠠᠯᠬ᠎ᠠ ᠶ᠋ᠢᠨ ᠳᠠᠷᠬᠠᠴᠤᠳ ᠢ᠋ ᠴᠤᠭᠯᠠᠷᠠᠭᠤᠯᠤᠨ ᠵᠠᠷ ᠵᠡᠪᠰᠡᠭ ᠬᠢᠬᠦ ᠲᠣᠮᠣ ᠭᠠᠵᠠᠷ ᠪᠠᠢᠭᠤᠯᠬᠤ ᠨᠢ ᠮᠠᠭᠠᠳ ᠳᠠ ᠭᠡᠳ ᠴᠢᠳᠬᠤᠭᠰᠠᠨ ᠵᠠᠮᠤᠭ ᠢ᠋ᠶ᠋ᠠᠨ ᠲᠤᠰᠬᠠᠢᠯᠠᠨ ᠪᠡᠯᠡᠳᠬᠡᠭᠰᠡᠨ ᠰᠢᠪᠦᠭᠡ ᠲᠡᠮᠦᠷ ᠲᠡᠢ ᠡᠪᠯᠡᠭᠦᠯᠦᠨ ᠤᠭᠰᠠᠷᠠᠬᠤ ᠶ᠋ᠢ ᠣᠷᠣᠯᠳᠣᠪᠠ᠃ ᠲᠤᠰ ᠲᠤᠰ ᠤ᠋ᠨ ᠬᠢᠨᠢ ᠥ ᠰᠡᠪ ᠬᠣᠭᠣᠷᠣ ᠵᠠᠭᠤᠷ᠎ᠠ ᠪᠠᠨ ᠬᠠᠷᠰᠢᠯᠳᠤᠬᠤ ᠶ᠋ᠢ ᠨᠢ ᠬᠠᠭᠤᠷᠠᠢᠳᠠᠨ ᠵᠦᠯᠭᠦᠭᠦᠷᠳᠡᠬᠦ ᠨᠢ ᠴᠢᠳᠠᠮᠠᠭ ᠪᠣᠯᠬᠤ ᠶ᠋ᠢ ᠳᠣᠷᠵᠢ ᠨᠥᠬᠥᠳ ᠲᠡᠢ ᠪᠡᠨ ᠨᠢᠳᠦ ᠪᠦᠯᠲᠡᠢᠯᠭᠡᠨ ᠰᠢᠷᠲᠡᠨ᠎ᠡ᠃ ᠭᠠᠭᠴᠠᠬᠠᠨ ᠬᠠᠷᠠᠮᠰᠠᠯᠲᠠᠢ ᠨᠢ ᠭᠠᠤᠯᠢᠨ ᠵᠠᠮᠤᠭ ᠤᠳᠠᠬᠤ ᠦᠭᠡᠢ ᠡᠯᠡᠭᠳᠡᠨ᠎ᠡ ᠪᠠᠢᠬ᠎ᠠ ᠳᠠ ᠭᠡᠵᠦ ᠪᠣᠳᠣᠭᠰᠠᠨ ᠢ᠋ᠶ᠋ᠠᠨ ᠳᠣᠷᠵᠢ ᠪᠠᠷᠢᠵᠤ ᠴᠢᠳᠠᠯ ᠦᠭᠡᠢ ᠠᠮᠠ ᠨᠡᠭᠡᠭᠡᠨ ᠬᠡᠯᠡᠬᠦ ᠳ᠋ᠦ᠍ ᠳᠠᠷᠬᠠᠨ᠄  
       — ᠲᠡᠷᠡ ᠮᠡᠳᠡᠭᠡᠵᠢ ᠶ᠋ᠢᠨ ᠬᠡᠷᠡᠭ᠂ ᠭᠡᠪᠡᠴᠦ ᠡᠨᠡ ᠪᠣᠯ ᠤᠯᠠᠭᠠᠨ ᠣᠷᠣᠰ ᠤ᠋ᠨ ᠬᠢ ᠡᠴᠡ ᠵᠡᠪᠰᠡᠭ ᠢᠷᠡᠬᠦ ᠶ᠋ᠢᠨ ᠨᠠᠭᠠᠨ᠎ᠠ ᠲᠠ ᠨᠠᠷ ᠢ᠋ ᠰᠤᠷᠭᠠᠭᠤᠯᠢᠯᠠᠬᠤ ᠳ᠋ᠤ᠌ ᠬᠡᠷᠡᠭᠯᠡᠬᠦ ᠵᠦᠢᠯ᠂ ᠶᠠᠭᠤ ᠴᠦ᠍ ᠠᠲᠤᠭᠠᠢ ᠰᠠᠢᠨ ᠳᠤᠰᠤᠯᠠᠵᠤ ᠪᠠᠢᠬᠤ ᠪᠠᠨ ᠮᠡᠳᠡᠭᠡᠷᠡᠢ ᠭᠡᠵᠦ ᠬᠠᠷᠢᠭᠤᠯᠪᠠ᠃ 
       ᠡᠨᠡ ᠳᠠᠷᠬᠠᠨ ᠳ᠋ᠤ᠌᠂ ᠫᠤᠤ ᠶ᠋ᠢᠨ ᠵᠠᠮᠤᠭ ᠤ᠋ᠳ ᠬᠢᠭᠰᠡᠨ ᠡᠴᠡ ᠭᠠᠳᠠᠨ᠎ᠠ᠂ ᠡᠪᠳᠡᠷᠡᠭᠰᠡᠨ ᠬᠡᠮᠬᠡᠷᠡᠭᠰᠡᠨ ᠢ᠋ ᠵᠠᠰᠠᠨ ᠰᠡᠯᠪᠢᠭᠰᠡᠨ ᠨᠢ ᠪᠠᠭ᠎ᠠ ᠦᠭᠡᠢ᠃ ᠲᠡᠷᠡ ᠳᠤᠮᠳᠠ ᠠ᠋ᠴᠠ ᠬᠣᠭᠣᠰᠣᠨ ᠬᠣᠩᠬᠢᠶ᠎ᠠ ᠶ᠋ᠢᠨ ᠪᠥᠭᠰᠡᠨ ᠳ᠋ᠦ᠍ᠨᠢ ᠭᠠᠯ᠂ ᠬᠥᠨᠳᠡᠢ ᠳ᠋ᠦ᠍ᠨᠢ ᠳᠠᠷᠢ᠂ ᠦᠵᠦᠭᠦᠷ ᠲᠤᠨᠢ ᠮᠥᠨ ᠥᠪᠡᠷ ᠦ᠋ᠨ ᠭᠠᠷ ᠢ᠋ᠶ᠋ᠠᠷ ᠨᠢᠮᠭᠡᠨ ᠵᠡᠰ ᠪᠤᠶᠤ ᠭᠠᠤᠯᠢ ᠮᠡᠲᠦ ᠶ᠋ᠢ ᠮᠠᠰᠢ ᠨᠠᠷᠢᠨ ᠢ᠋ᠶ᠋ᠠᠷ ᠬᠤᠢᠯᠠᠨ ᠳᠣᠲᠣᠷ᠎ᠠ ᠨᠢ ᠲᠤᠭᠤᠯᠭ᠎ᠠ ᠴᠢᠳᠬᠤᠭᠠᠳ ᠰᠠᠭᠤᠯᠭᠠᠭᠰᠠᠨ ᠢ᠋ ᠲᠣᠭᠠᠯᠠᠪᠠᠯ ᠬᠡᠳᠦᠨ ᠵᠠᠭᠤ ᠳ᠋ᠤ᠌ ᠬᠦᠷᠬᠦ ᠪᠥᠭᠡᠳ ᠥᠩᠭᠡ ᠦᠵᠡᠮᠵᠢ ᠨᠢ ᠵᠢᠩᠬᠢᠨᠢ ᠦᠢᠯᠡᠳᠪᠦᠷᠢ ᠳ᠋ᠦ᠍ ᠬᠢᠭᠰᠡᠨ ᠡᠴᠡ ᠦᠯᠦ ᠢᠯᠭᠠᠭᠳᠠᠨ᠎ᠠ᠃ ᠲᠡᠭᠦᠨ ᠢ᠋ ᠨᠢ ᠬᠥᠮᠦᠰ ᠦᠵᠡᠨ ᠭᠠᠢᠬᠠᠬᠤ ᠳ᠋ᠤ᠌ ᠳᠠᠷᠬᠠᠨ᠄ 
       — ᠨᠡᠭᠡᠷᠡᠨ ᠪᠢ ᠶᠠᠷᠢ ᠶᠢᠰᠦᠨ ᠰᠠᠢᠨ ᠨᠥᠬᠥᠳ ᠲᠡᠢ ᠰᠠᠨ ᠪᠣᠯ ᠵᠢᠷᠤᠮᠲᠠᠨ ᠴᠡᠷᠢᠭ ᠲᠠ ᠨᠠᠷ ᠢ᠋ᠶ᠋ᠠᠨ ᠵᠢᠮᠰᠡᠭ ᠢ᠋ᠶ᠋ᠡᠷ ᠶᠠᠭᠠᠬᠢᠭᠰᠠᠨ ᠴᠦ᠍ ᠳᠤᠲᠠᠭᠠᠬᠤ ᠦᠭᠡᠢ ᠰᠠᠨ ᠳᠠ ᠭᠡᠬᠦ ᠨᠢ ᠢᠨᠢᠶᠡᠳᠦ ᠬᠦᠷᠦᠮ᠎ᠡ ᠪᠣᠯᠪᠠᠴᠤ᠂ ᠦᠨᠡᠨ ᠰᠠᠨᠠᠭ᠎ᠠ ᠨᠢ ᠲᠡᠢᠮᠦ ᠯᠡ ᠠᠵᠢ᠃ 
       ᠨᠥᠭᠥᠭᠡᠳᠦᠭᠦᠯᠡ ᠠᠷᠠᠳ ᠤ᠋ᠨ ᠵᠢᠷᠤᠮᠲᠤ ᠴᠡᠷᠢᠭ ᠴᠣᠬᠣᠮ ᠬᠠᠮᠢᠭ᠎ᠠ ᠪᠠᠢᠭ᠎ᠠ ᠶ᠋ᠢ ᠰᠤᠷᠠᠭᠯᠠᠭᠰᠠᠨ ᠳ᠋ᠤ᠌ ᠳᠠᠷᠬᠠᠨ᠄  
       — ᠨᠠᠳᠠ ᠴᠦ᠍ ᠭᠡᠰᠡᠨ ᠬᠢᠭᠰᠡᠨ ᠢ᠋ᠶ᠋ᠡᠨ ᠲᠤᠰᠢᠶᠠᠬᠤ᠂ ᠪᠠᠭᠠᠲᠤᠷ ᠲᠠᠢ ᠠᠭᠤᠯᠵᠠᠬᠤ ᠬᠣᠶᠠᠷ ᠵᠦᠢᠯ ᠦ᠋ᠨ ᠴᠢᠬᠤᠯᠠ ᠬᠡᠷᠡᠭ ᠪᠣᠢ᠃ ᠬᠠᠮᠲᠤ ᠶᠠᠪᠤᠪᠠᠯ ᠪᠠᠷᠠᠪᠠ ᠭᠡᠳ ᠭᠠᠵᠠᠷ ᠵᠢᠭᠠᠵᠤ ᠥᠭᠭᠦᠭᠰᠡᠨ ᠦᠭᠡᠢ᠃ ᠦᠬᠡᠷ ᠫᠤᠤ ᠶ᠋ᠢᠨ ᠪᠦᠲᠦᠭᠡᠨ ᠬᠣᠩᠬᠢᠶ᠎ᠠ ᠳ᠋ᠤ᠌ ᠭᠠᠷ ᠨᠢᠭᠤᠷ ᠤᠬᠢᠶᠠᠬᠤ ᠤᠰᠤ ᠬᠢᠨ ᠭᠠᠷ ᠢ᠋ᠶ᠋ᠠᠨ ᠤᠬᠢᠶᠠᠪᠠᠴᠤ ᠤᠭ ᠨᠢ ᠬᠠᠷ᠎ᠠ ᠭᠡᠭᠴᠢ ᠪᠡᠷ ᠨᠡᠭᠦᠷᠡᠰᠦᠨ ᠦ᠌ ᠭᠠᠯ ᠳ᠋ᠤ᠌ ᠣᠯᠠᠨ ᠵᠢᠯ ᠰᠢᠷᠠᠭᠳᠠᠭᠰᠠᠨ ᠠᠷᠠᠰᠤᠨ ᠤ᠋ ᠬᠢᠨᠢ ᠭᠬᠢᠷ ᠬᠡᠪ ᠢ᠋ᠶ᠋ᠡᠷ ᠪᠠᠢᠨ᠎ᠠ᠃ ᠠᠪᠳᠠᠷ᠎ᠠ ᠠ᠋ᠴᠠ ᠪᠠᠨ ᠠᠷᠤ ᠲᠠᠯ᠎ᠠ ᠨᠢ ᠪᠠᠷᠤᠭ ᠰᠢᠨ᠎ᠡ ᠠᠲᠠᠯ᠎ᠠ ᠤᠷᠢᠳ ᠲᠠᠯ᠎ᠠ ᠨᠢ ᠮᠥᠨ ᠨᠡᠭᠦᠷᠡᠰᠦᠨ ᠳ᠋ᠦ᠍ ᠬᠥᠳᠡᠭᠳᠡᠨ ᠬᠠᠭᠤᠴᠢᠷᠠᠭᠰᠠᠨ ᠰᠢᠷ᠎ᠠ ᠨᠡᠬᠡᠢ ᠳᠡᠪᠡᠯ ᠭᠠᠷᠭᠠᠪᠠ᠃ ᠲᠡᠭᠦᠨ ᠢ᠋ ᠲᠣᠯᠣᠭᠠᠢ ᠳᠡᠭᠡᠭᠦᠷ ᠢ᠋ᠶ᠋ᠡᠨ ᠨᠥᠮᠥᠷᠦᠨ ᠶᠡᠬᠡᠩᠬᠢ ᠶ᠋ᠢ ᠨᠢ ᠴᠡᠭᠡᠵᠢᠨ ᠳ᠋ᠡᠭᠡᠨ ᠭᠠᠷᠭᠠᠨ ᠪᠦᠰᠡᠯᠡᠨ᠎ᠡ᠃ ᠶᠠᠪᠤᠬᠤ ᠪᠣᠯᠣᠮᠠᠭᠴᠠ ᠳᠣᠷᠵᠢ᠂ ᠰᠠᠮᠪᠤᠤ᠂ ᠴᠡᠷᠢᠨᠳᠣᠷᠵᠢ ᠭᠤᠷᠪᠠ ᠳ᠋ᠤ᠌ ᠬᠣᠶᠠᠷ ᠬᠣᠶᠠᠷ ᠫᠤᠤ ᠡᠭᠦᠷᠦᠭᠦᠯᠦᠨ ᠡᠪᠦᠷ ᠲᠦ᠋ᠨᠢ ᠬᠡᠳᠦᠨ ᠠᠷᠪᠠᠨ ᠰᠤᠮᠤ ᠬᠢᠪᠡ᠃ ᠥᠪᠡᠷ ᠢ᠋ᠶ᠋ᠡᠨ ᠭᠤᠷᠪᠠᠨ ᠫᠤᠤ ᠳᠠᠪᠬᠤᠷᠯᠠᠨ ᠡᠭᠦᠷᠴᠦ ᠬᠡᠳᠦᠨ ᠵᠠᠭᠤᠨ ᠰᠤᠮᠤᠨ ᠤ᠋ ᠶᠡᠬᠡᠩᠬᠢ ᠶ᠋ᠢ ᠡᠪᠦᠷᠯᠡᠵᠡᠢ᠃ ᠭᠡᠷ ᠡᠴᠡ ᠭᠠᠷᠤᠨ ᠵᠡᠭᠦᠨ ᠵᠦᠭ ᠢ᠋ ᠴᠢᠭᠯᠡᠪᠡ᠃  
       ᠳᠠᠷᠬᠠᠨ ᠤ᠋ ᠶᠠᠪᠤᠯᠲᠠ ᠬᠤᠷᠳᠤᠨ᠃ ᠴᠡᠭᠡᠵᠢᠨ ᠪᠡᠶ᠎ᠡ ᠪᠡᠷ ᠢ᠋ᠶ᠋ᠡᠨ ᠠᠭᠠᠷ ᠰᠡᠯᠡᠭᠦᠷᠳᠡᠨ ᠬᠣᠯᠠ ᠬᠣᠯᠠ ᠭᠢᠰᠬᠢᠯᠡᠬᠦ ᠳ᠋ᠦ᠍ᠨᠢ ᠡᠪᠦᠳᠦᠭ ᠳᠡᠭᠡᠭᠦᠷ ᠨᠢ ᠲᠠᠲᠠᠭᠰᠠᠨ ᠳᠡᠪᠡᠯ ᠦ᠋ᠨ ᠬᠣᠷᠮᠣᠢ ᠤᠭᠲᠤᠨ᠂ ᠳᠡᠭᠳᠡᠨ ᠬᠥᠳᠡᠯᠵᠦ᠂ ᠰᠤᠯᠠ ᠡᠪᠦᠷᠯᠡᠭᠰᠡᠨ ᠰᠤᠮᠤ ᠨᠤᠭᠤᠳ ᠱᠠᠷᠵᠠᠩ ᠱᠠᠷᠵᠠᠩ ᠴᠢᠮᠡᠭᠡ ᠭᠠᠷᠭᠠᠨ᠎ᠠ᠃

            ᠦᠰᠦᠭ ᠠᠮᠢᠯᠠᠭᠤᠯᠤᠭᠰᠠᠨ ᠨᠢ᠄  ᠳᠠᠪᠰᠢᠯᠲᠦ