ᠵᠢᠷᠦᠬᠡᠨ ᠦ᠌ ᠴᠡᠩᠬᠡᠷ ᠲᠠᠯ᠎ᠠ -ᠡᠷᠳᠡᠨᠢᠴᠢᠮᠡᠭZürkhnii tsenkher tal-ErdenchimgeeЗүрхний цэнхэр тал-Эрдэнчимгээ
ᠵᠢᠷᠦᠬᠡᠨ ᠦ᠌ ᠴᠡᠩᠬᠡᠷ ᠲᠠᠯ᠎ᠠ
ᠦᠭᠡ᠄ ᠨᠠᠰᠤᠨ
ᠠᠶ᠎ᠠ᠄ ᠰ·ᠡᠩᠬᠡᠪᠠᠶᠠᠷ
ᠳᠠᠭᠤᠴᠢᠨ᠄ ᠡᠷᠳᠡᠨᠢᠴᠢᠮᠡᠭ
ᠭᠠᠵᠠᠷ ᠲᠩᠷᠢ ᠬᠠᠢᠯᠵᠤ ᠲᠡᠨᠢᠢᠭᠰᠡᠨ
ᠭᠠᠯᠪᠠ ᠶ᠋ᠢᠨ ᠪᠤᠭᠤᠷᠤᠯ ᠲᠤᠤᠯᠢ ᠶᠤᠮ ᠤᠤ ᠳᠠ
ᠭᠠᠩᠭᠠᠩ ᠬᠠᠩᠭᠠᠢ ᠬᠦᠦᠷᠨᠢᠵᠦ ᠨᠠᠯᠠᠢᠭᠰᠠᠨ
ᠭᠠᠢᠬᠠᠮ᠎ᠠ ᠪᠠᠶᠠᠨ ᠳᠣᠮᠣᠭ ᠴᠤ᠌ ᠶᠤᠮ ᠤᠤ ᠳᠠ
ᠴᠡᠴᠡᠭ ᠦ᠋ᠨ ᠰᠠᠯᠬᠢ ᠨᠢ ᠰᠡᠳᠬᠢᠯ ᠳ᠋ᠦ᠍ ᠰᠢᠪᠡᠨᠡᠭᠡᠳ ᠠᠢ ᠬᠦ
ᠴᠡᠭᠡᠵᠢ ᠠᠭᠤᠵᠢᠷᠠᠬᠤ ᠵᠢᠷᠦᠬᠡᠨ ᠦ᠌ ᠮᠢᠨᠢ ᠴᠡᠩᠬᠡᠷ ᠲᠠᠯ᠎ᠠ ᠠ᠋ ᠬᠦ
ᠠᠭᠤᠳᠠᠮ ᠬᠣᠷᠸ᠎ᠠ ᠶ᠋ᠢ ᠪᠦᠪᠡᠢᠯᠡᠵᠦ ᠲᠡᠯᠡᠭᠰᠡᠨ
ᠤᠴᠠᠷᠠᠯ ᠵᠠᠶᠠᠭᠠᠨ ᠤ᠋ ᠬᠣᠢᠮᠣᠷ ᠶᠤᠮ ᠤᠤ ᠳᠠ
ᠤᠬᠠᠭᠠᠨᠲᠤ ᠬᠦᠯᠦᠭ ᠨᠢ ᠦᠦᠷᠰᠡᠵᠦ ᠳᠡᠭᠦᠯᠢᠭᠰᠡᠨ
ᠤᠳᠤᠮ ᠰᠤᠳᠤᠷ ᠤ᠋ᠨ ᠬᠡᠢᠮᠣᠷᠢ ᠴᠤ᠌ ᠶᠤᠮ ᠤᠤ ᠳᠠ
ᠳᠡᠩᠳᠡᠭᠦᠦ ᠰᠠᠢᠬᠠᠨ ᠨᠢ ᠪᠣᠳᠣᠯ ᠳ᠋ᠤ᠌ ᠡᠭᠡᠰᠢᠭᠯᠡᠭᠡᠳ ᠠᠢ ᠬᠦ
ᠳᠡᠯᠡᠬᠡᠢ ᠪᠠᠶᠠᠰᠬᠠᠬᠤ ᠵᠢᠷᠦᠬᠡᠨ ᠦ᠌ ᠴᠡᠩᠬᠡᠷ ᠲᠠᠯ᠎ᠠ ᠠ᠋ ᠬᠦ
ᠵᠠᠭᠤᠨ ᠵᠠᠭᠤᠨ ᠤ᠋ ᠵᠤᠰᠠᠯᠠᠩ ᠵᠢᠷᠭᠠᠭᠰᠠᠨ
ᠵᠤᠨ ᠤ᠋ ᠳᠡᠯᠭᠡᠷ ᠪᠤᠶᠠᠨ ᠶᠤᠮ ᠤᠤ ᠳᠠ
ᠮᠢᠩᠭ᠎ᠠ ᠮᠢᠩᠭᠠᠨ ᠤ᠋ ᠨᠡᠭᠦᠳᠡᠯ ᠲᠤᠰᠤᠭᠰᠠᠨ
ᠮᠡᠨᠳᠦ ᠶ᠋ᠢᠨ ᠲᠡᠨᠢᠭᠡᠷ ᠢᠷᠦᠭᠡᠯ ᠴᠦ᠍ ᠶᠤᠮ ᠤᠤ ᠳᠠ
ᠰᠦᠷᠦᠭ ᠦ᠋ᠨ ᠪᠠᠷ᠎ᠠ ᠨᠢ ᠬᠦᠰᠡᠯ ᠮᠢᠯᠢᠶᠠᠭᠠᠳ ᠠᠢ ᠬᠦ
ᠰᠦᠵᠢᠷᠡᠵᠦ ᠬᠠᠢᠷᠠᠯᠠᠬᠤ ᠵᠢᠷᠦᠬᠡᠨ ᠦ᠌ ᠮᠢᠨᠢ ᠴᠡᠩᠬᠡᠷ ᠲᠠᠯ᠎ᠠ ᠠ᠋ ᠬᠦ
ᠰᠦᠵᠢᠷᠡᠵᠦ ᠬᠠᠢᠷᠠᠯᠠᠬᠤ ᠵᠢᠷᠦᠬᠡᠨ ᠦ᠌ ᠮᠢᠨᠢ ᠴᠡᠩᠬᠡᠷ ᠲᠠᠯ᠎ᠠ ᠠ᠋ ᠬᠦ
ᠴᠡᠩᠬᠡᠷ ᠲᠠᠯ᠎ᠠ ᠠ᠋ ᠬᠦ
ᠦᠰᠦᠭ ᠬᠠᠲᠠᠵᠤ᠂ ᠦᠰᠦᠭ ᠠᠮᠢᠯᠠᠭᠤᠯᠤᠭᠰᠠᠨ ᠨᠢ᠄ ᠪᠠᠢ᠂ ᠰᠠᠷᠠᠨ᠎ᠠ
