ᠵᠠᠷᠠᠭ᠎ᠠ ᠬᠠᠳᠤᠭᠤᠷ ᠪᠣᠳᠣᠵᠤ ᠣᠯᠤᠭᠰᠠᠨ ᠨᠢZaraa khaduur bodoj olson niЗараа хадуур бодож олсон нь ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠷᠠᠭ᠎ᠠ ᠬᠠᠳᠤᠭᠤᠷ ᠪᠣᠳᠣᠵᠤ ᠣᠯᠤᠭᠰᠠᠨ ᠨᠢZaraa khaduur bodoj olson niЗараа хадуур бодож олсон нь

ᠵᠠᠷᠠᠭ᠎ᠠ ᠬᠠᠳᠤᠭᠤᠷ ᠪᠣᠳᠣᠵᠤ ᠣᠯᠤᠭᠰᠠᠨ ᠨᠢZaraa khaduur bodoj olson niЗараа хадуур бодож олсон нь

ᠠᠩᠭᠢᠯᠠᠯ:ᠳᠣᠮᠣᠭ ᠦᠯᠢᠭᠡᠷ
2026-01-25

2205

ᠵᠠᠷᠠᠭ᠎ᠠ ᠬᠠᠳᠤᠭᠤᠷ ᠪᠣᠳᠣᠵᠤ ᠣᠯᠤᠭᠰᠠᠨ ᠨᠢ

      
       ᠳᠣᠮᠣᠭ ᠦᠯᠢᠭᠡᠷ 
       
    ᠡᠷᠲᠡ ᠳᠡᠭᠡᠷ᠎ᠡ ᠦᠶ᠎ᠡ ᠳ᠋ᠦ᠍ ᠬᠥᠮᠦᠰ ᠠᠮᠢᠲᠠᠨ ᠤ᠋ ᠠᠳᠠᠯᠢ ᠡᠪᠡᠰᠦ ᠢᠳᠡᠳᠡᠭ ᠪᠠᠢᠵᠠᠢ ᠭᠡᠨ᠎ᠡ᠃ ᠬᠥᠮᠦᠨ ᠣᠯᠠᠨ ᠪᠣᠯᠵᠤ ᠢᠳᠡᠬᠦ ᠡᠪᠡᠰᠦ ᠨᠢ ᠤᠯᠠᠮ ᠯᠠ ᠪᠠᠭ᠎ᠠ ᠪᠣᠯᠤᠭᠠᠳ ᠪᠠᠢᠬᠤ ᠪᠠᠷ ᠨᠢ ᠨᠢᠭᠡ ᠤᠳᠠᠭ᠎ᠠ  ᠠᠮᠢᠲᠠᠳ ᠲᠣᠮᠣ ᠬᠤᠷᠠᠯ ᠬᠢᠵᠦ᠂ ᠪᠢᠳᠡ ᠥᠯᠥᠰᠴᠦ ᠪᠠᠢᠨ᠎ᠠ᠂ ᠪᠢᠳᠡ ᠥᠯᠥᠰᠴᠦ ᠬᠠᠨᠤᠯ᠎ᠠ᠃ ᠣᠳᠣ ᠠ᠋ᠴᠠ ᠡᠬᠢᠯᠡᠨ ᠬᠥᠮᠦᠨ ᠡᠪᠡᠰᠦ ᠢᠳᠡᠬᠦ ᠶᠣᠰᠣ ᠦᠭᠡᠢ ᠭᠡᠵᠦ ᠰᠢᠢᠳᠴᠡᠢ᠃ ᠢᠩᠭᠢᠭᠡᠳ ᠬᠥᠮᠦᠰ ᠭᠠᠵᠠᠷ ᠬᠠᠭᠠᠯᠤᠨ ᠰᠢᠷ᠎ᠠ᠂ ᠴᠠᠭᠠᠨ ᠪᠤᠳᠠᠭ᠎ᠠ᠂ ᠠᠷᠪᠠᠢ ᠪᠤᠭᠤᠳᠠᠢ ᠲᠠᠷᠢᠵᠠᠢ᠃ ᠭᠡᠲᠡᠯ᠎ᠡ ᠪᠤᠭᠤᠳᠠᠢ ᠤᠷᠭᠤᠭᠰᠠᠨ ᠪᠣᠯᠪᠠᠴᠤ ᠡᠨᠡ ᠶᠡᠬᠡ ᠤᠷᠭᠤᠴᠠ ᠶ᠋ᠢ ᠶᠠᠭᠠᠬᠢᠵᠤ ᠬᠤᠷᠢᠶᠠᠬᠤ ᠪᠠᠨ ᠬᠡᠨ ᠴᠦ᠍ ᠮᠡᠳᠡᠬᠦ ᠦᠭᠡᠢ ᠪᠠᠢᠵᠠᠢ ᠭᠡᠨ᠎ᠡ᠃ ᠲᠡᠷᠡ ᠴᠠᠭ ᠲᠤ᠌ ᠬᠥᠮᠦᠨ ᠪᠠ ᠠᠷᠢᠶᠠᠲᠠᠨ ᠠᠮᠢᠲᠠᠳ ᠨᠢᠭᠡ ᠬᠠᠭᠠᠨ ᠲᠠᠢ ᠪᠠᠢᠵᠠᠢ᠃ ᠨᠢᠭᠡᠨ ᠡᠳᠦᠷ ᠬᠠᠭᠠᠨ᠂ ᠬᠥᠮᠦᠨ᠂ ᠠᠷᠢᠶᠠᠲᠠᠨ ᠠᠮᠢᠲᠠᠳ᠂ ᠵᠢᠭᠦᠷᠲᠡᠨ ᠰᠢᠪᠠᠭᠤ ᠪᠦᠭᠦᠳᠡ ᠶ᠋ᠢ ᠨᠢ ᠣᠷᠳᠣᠨ ᠳ᠋ᠤ᠌ ᠪᠠᠨ ᠴᠤᠭᠯᠠᠭᠤᠯᠤᠨ ᠡᠢᠨᠬᠦ ᠠᠢᠯᠠᠳᠴᠤ ᠭᠡᠨ᠎ᠡ᠃ ᠤᠷᠭᠤᠴᠠ ᠬᠤᠷᠢᠶᠠᠬᠤ ᠴᠠᠭ ᠪᠣᠯᠤᠯ᠎ᠠ᠂ ᠭᠡᠲᠡᠯ᠎ᠡ ᠪᠢᠳᠡ ᠶᠠᠭᠠᠬᠢᠵᠤ ᠬᠤᠷᠢᠶᠠᠬᠤ ᠪᠠᠨ ᠮᠡᠳᠡᠬᠦ ᠦᠭᠡᠢ ᠪᠠᠢᠨ᠎ᠠ᠃ ᠬᠠᠷᠢᠨ ᠲᠠᠨᠠᠷ ᠤ᠋ᠨ ᠨᠢᠭᠡ ᠨᠢ ᠡᠨᠡ ᠠᠷᠪᠠᠢ ᠪᠤᠳᠠᠭ᠎ᠠ ᠶ᠋ᠢ ᠶᠠᠭᠠᠬᠢᠵᠤ ᠬᠤᠷᠢᠶᠠᠬᠤ ᠠᠷᠭ᠎ᠠ ᠶ᠋ᠢ ᠮᠡᠳᠡᠳᠡᠭ ᠪᠣᠯ ᠬᠡᠯᠡᠵᠦ ᠥᠭᠴᠦ ᠪᠣᠯᠤᠨ᠎ᠠ ᠳᠠ ᠭᠡᠵᠡᠢ᠃ ᠭᠡᠪᠡᠴᠦ ᠬᠥᠮᠦᠨ ᠠᠷᠢᠶᠠᠲᠠᠨ ᠵᠢᠭᠦᠷᠲᠡᠨ ᠦ᠌ ᠬᠡᠨ ᠨᠢ ᠴᠦ᠍ ᠶᠠᠭᠤ ᠴᠤ᠌ ᠬᠡᠯᠡᠭᠰᠡᠨ ᠦᠭᠡᠢ᠂ ᠡᠴᠦᠰ ᠲᠦ᠍ ᠨᠢ ᠨᠢᠭᠡ ᠡᠪᠦᠭᠡᠨ ᠤᠷᠤᠭᠰᠢ ᠭᠠᠷᠴᠤ ᠢᠷᠡᠭᠡᠳ᠂
        — ᠪᠢᠳᠡ ᠪᠦᠭᠦᠳᠡᠭᠡᠷ ᠢ᠋ᠶ᠋ᠡᠨ ᠬᠠᠭᠠᠨ ᠲᠠᠨ ᠤ᠋ ᠳᠠᠭᠤᠳᠠᠯᠭ᠎ᠠ ᠪᠠᠷ ᠢᠷᠡᠭᠰᠡᠨ ᠪᠢᠯᠡ᠃ ᠪᠢᠳᠡᠨ ᠦ᠌ ᠳᠤᠮᠳᠠ ᠭᠠᠭᠴᠠ ᠵᠠᠷᠠᠭ᠎ᠠ ᠯᠠ ᠠᠯᠠᠭ᠎ᠠ᠂ ᠲᠡᠷᠡ ᠯᠠᠪ  ᠵᠥᠪᠯᠡᠯᠭᠡ ᠥᠭᠴᠦ ᠴᠢᠳᠠᠬᠤ ᠪᠠᠢᠬ᠎ᠠ ᠭᠡᠵᠦ᠂ ᠵᠠᠷᠠᠭ᠎ᠠ ᠶᠡᠬᠡ ᠠᠮᠠᠷᠬᠠᠨ ᠭᠣᠮᠣᠳᠠᠳᠠᠭ ᠠᠮᠢᠲᠠᠨ ᠭᠡᠳᠡᠭ ᠢ᠋ ᠪᠢᠳᠡᠨ ᠮᠠᠷᠲᠠᠵᠤ ᠪᠣᠯᠬᠤ ᠦᠭᠡᠢ᠃ ᠬᠡᠷᠪᠡ ᠲᠠᠨᠠᠷ ᠲᠡᠭᠦᠨ ᠢ᠋ ᠢᠷᠡᠬᠦ ᠳ᠋ᠦ᠍ ᠱᠣᠣᠯᠠᠵᠤ ᠢᠨᠢᠶᠡᠬᠦ  ᠶᠦᠮ ᠪᠣᠯ ᠲᠡᠷᠡ ᠭᠣᠮᠣᠳᠠᠵᠤ ᠠᠭᠤᠷᠯᠠᠭᠠᠳ ᠪᠢᠳᠡᠨ ᠳ᠋ᠦ᠍ ᠶᠠᠭᠤ ᠴᠤ᠌ ᠬᠡᠯᠡᠵᠦ ᠥᠭᠬᠦ ᠦᠭᠡᠢ᠃
     ᠢᠩᠭᠢᠭᠡᠳ ᠬᠠᠭᠠᠨ ᠵᠠᠷᠠᠭ᠎ᠠ ᠶ᠋ᠢ ᠣᠯᠵᠤ ᠢᠷᠡᠬᠦ ᠶ᠋ᠢ ᠲᠤᠰᠢᠶᠠᠵᠤ ᠡᠯᠴᠢ ᠡᠯᠡᠭᠡᠵᠦ ᠭᠡᠨ᠎ᠡ᠃ ᠡᠯᠴᠢ ᠵᠠᠷᠠᠭ᠎ᠠ ᠶ᠋ᠢ ᠡᠷᠢᠵᠦ ᠣᠯᠤᠭᠠᠳ ᠳᠠᠭᠠᠭᠤᠯᠵᠤ ᠢᠷᠡᠬᠦ ᠵᠠᠮ ᠳ᠋ᠠᠭᠠᠨ ᠬᠠᠭᠠᠨ ᠶᠠᠭᠠᠬᠢᠬᠤ ᠭᠡᠵᠦ ᠳᠠᠭᠤᠳᠠᠭᠰᠠᠨ ᠤᠴᠢᠷ ᠢ᠋ ᠲᠡᠭᠦᠨ ᠳ᠋ᠦ᠍ ᠶᠠᠷᠢᠵᠠᠢ᠃ ᠵᠠᠷᠠᠭ᠎ᠠ ᠣᠷᠳᠣᠨ ᠳ᠋ᠤ᠌ ᠰᠡᠮᠬᠡᠨ ᠣᠷᠣᠵᠤ ᠢᠷᠡᠭᠡᠳ᠂ ᠪᠥᠨᠲᠥᠢᠭᠰᠡᠨ ᠪᠣᠷᠣ ᠶᠠᠭᠤᠮ᠎ᠠ ᠪᠣᠯᠤᠨ ᠠᠲᠤᠷᠢᠵᠤ ᠣᠯᠠᠨ ᠤ᠋ ᠶᠠᠷᠢᠬᠤ ᠶ᠋ᠢ ᠰᠣᠨᠣᠰᠴᠤ ᠡᠬᠢᠯᠡᠯ᠎ᠡ᠃ ᠭᠡᠪᠡᠴᠦ ᠲᠡᠨᠳᠡ ᠪᠠᠢᠭᠰᠠᠨ ᠬᠥᠮᠦᠰ᠂ ᠲᠡᠭᠦᠨ ᠢ᠋ ᠣᠯᠵᠤ ᠬᠠᠷᠠᠭᠠᠳ ᠲᠣᠭᠣᠷᠢᠨ ᠵᠣᠭᠰᠣᠵᠠᠢ᠃ ᠬᠥᠭᠰᠢᠴᠦᠦᠯ ᠨᠢ ᠲᠠᠢᠪᠤᠩ ᠵᠣᠭᠰᠣᠵᠤ᠂ ᠬᠠᠷᠢᠨ ᠵᠠᠯᠠᠭᠤᠴᠤᠳ ᠨᠢ ᠢᠨᠢᠶᠡᠳᠦ ᠪᠡᠨ ᠪᠠᠷᠢᠵᠤ ᠴᠢᠳᠠᠬᠤ ᠦᠭᠡᠢ᠂ ᠴᠢᠩᠭ᠎ᠠ ᠴᠢᠩᠭ᠎ᠠ ᠪᠠᠷ ᠢᠨᠢᠶᠡᠯᠳᠦᠵᠡᠢ᠃ ᠡᠨᠡ ᠬᠥᠮᠦᠰ ᠵᠤᠭ᠎ᠠ ᠪᠠᠨ ᠭᠠᠷᠭᠠᠬᠤ ᠭᠡᠵᠦ ᠨᠠᠮ᠎ᠠ ᠶ᠋ᠢ ᠳᠠᠭᠤᠳᠠᠭᠤᠯᠤᠭᠰᠠᠨ ᠶᠤᠮ ᠪᠠᠢᠨ᠎ᠠ ᠭᠡᠵᠦ ᠪᠣᠳᠣᠬᠤ ᠠ᠋ᠴᠠ ᠵᠠᠷᠠᠭ᠎ᠠ ᠨᠢ ᠠᠭᠤᠷ ᠬᠦᠷᠴᠦ᠂ ᠲᠡᠷᠡ ᠳᠣᠣᠷ᠎ᠠ ᠪᠠᠨ ᠣᠷᠳᠣᠨ ᠠ᠋ᠴᠠ ᠭᠠᠷᠴᠤ ᠶᠠᠪᠤᠯ᠎ᠠ᠃ ᠵᠠᠯᠠᠭᠤᠴᠤᠳ ᠡᠪᠦᠭᠡᠨ ᠦ᠌ ᠬᠡᠯᠡᠭᠰᠡᠨ ᠢ᠋ ᠭᠡᠨᠡᠳᠲᠡ ᠰᠠᠨᠠᠵᠤ ᠢᠨᠢᠶᠡᠬᠦ ᠪᠡᠨ ᠪᠣᠯᠢᠭᠰᠠᠨ ᠪᠣᠯᠪᠠᠴᠤ ᠵᠠᠷᠠᠭ᠎ᠠ ᠠᠯᠢ ᠬᠡᠳᠦᠢ ᠨᠢ ᠣᠷᠳᠣᠨ ᠠ᠋ᠴᠠ ᠭᠠᠷᠴᠤ ᠶᠠᠪᠤᠭᠰᠠᠨ ᠪᠠᠢᠵᠠᠢ᠃ ᠭᠡᠲᠡᠯ᠎ᠡ ᠨᠥᠭᠦᠭᠡ ᠵᠠᠷᠠᠭ᠎ᠠ ᠶ᠋ᠢ ᠠᠪᠴᠢᠷᠠᠭᠤᠯᠬᠤ ᠶ᠋ᠢ ᠰᠠᠨᠠᠯ ᠪᠣᠯᠭᠠᠭᠰᠠᠨ ᠡᠪᠦᠭᠡᠨ ᠭᠠᠷᠴᠤ ᠢᠷᠡᠭᠡᠳ᠂
        — ᠵᠠᠯᠠᠭᠤᠰ ᠤ᠋ᠨ ᠡᠨᠡ ᠠᠯᠳᠠᠭ᠎ᠠ ᠶ᠋ᠢ ᠵᠠᠰᠠᠵᠤ ᠪᠣᠯᠤᠨ᠎ᠠ᠂ ᠵᠠᠷᠠᠭ᠎ᠠ ᠠᠭᠤᠷᠯᠠᠬᠤ ᠪᠠᠷ ᠢ᠋ᠶ᠋ᠠᠨ ᠶᠡᠬᠡ ᠲᠥᠯᠥᠪ ᠥᠪᠡᠷ ᠢ᠋ᠶ᠋ᠡᠨ ᠥᠪᠡᠷᠲᠡᠭᠡᠨ ᠶᠠᠷᠢᠭᠠᠳ ᠪᠠᠢᠳᠠᠭ ᠶᠤᠮ᠃ ᠬᠡᠨ ᠨᠢᠭᠡ ᠨᠢ ᠲᠡᠭᠦᠨ ᠦ᠌ ᠬᠣᠢᠨ᠎ᠠ ᠠ᠋ᠴᠠ ᠶᠠᠪᠤᠵᠤ᠂ ᠶᠠᠭᠤ ᠶᠠᠷᠢᠬᠤ ᠶ᠋ᠢ ᠨᠢ ᠰᠡᠮᠬᠡᠨ ᠴᠢᠩᠨᠠᠭᠠᠳ ᠢᠷ᠎ᠡ ᠭᠡᠵᠡᠢ᠃ ᠭᠡᠲᠡᠯ᠎ᠡ ᠮᠤᠤᠷ᠂
        — ᠬᠠᠭᠠᠨᠲᠠᠨ᠂ ᠨᠠᠮ᠎ᠠ ᠶ᠋ᠢ ᠶᠠᠪᠤᠭᠤᠯᠤᠨ᠎ᠠ ᠤᠤ? ᠨᠠᠳᠠ ᠠ᠋ᠴᠠ ᠢᠯᠡᠭᠦᠦ ᠰᠡᠮᠬᠡᠨ ᠳᠠᠭᠠᠵᠤ ᠴᠢᠳᠠᠬᠤ ᠠᠮᠢᠲᠠᠨ ᠬᠠᠮᠢᠭ᠎ᠠ ᠴᠤ᠌ ᠪᠠᠢᠬᠤ ᠦᠭᠡᠢ ᠭᠡᠬᠦ ᠳ᠋ᠦ᠍᠂
         ᠬᠠᠭᠠᠨ ᠮᠤᠤᠷ ᠲᠤ᠌ ᠵᠠᠷᠠᠭ᠎ᠠ ᠶ᠋ᠢᠨ ᠬᠣᠢᠨ᠎ᠠ ᠠ᠋ᠴᠠ ᠰᠡᠮᠬᠡᠨ ᠳᠠᠭᠠᠬᠤ ᠶ᠋ᠢ ᠲᠤᠰᠢᠶᠠᠬᠤ ᠳ᠋ᠤ᠌᠂ ᠲᠡᠷᠡ ᠵᠠᠷᠠᠭ᠎ᠠ ᠶ᠋ᠢᠨ ᠠᠷᠤ ᠠ᠋ᠴᠠ ᠭᠡᠲᠡᠨ ᠳᠠᠭᠠᠵᠤ ᠶᠠᠭᠤ ᠶᠠᠷᠢᠬᠤ ᠶ᠋ᠢ ᠨᠢ ᠰᠣᠨᠣᠰᠴᠤ ᠭᠡᠨ᠎ᠡ᠃ ᠵᠠᠷᠠᠭ᠎ᠠ ᠵᠠᠮ ᠳ᠋ᠠᠭᠠᠨ᠂
        — ᠡᠢᠮᠦ ᠵᠢᠭᠠᠬᠠᠨ ᠪᠠᠢᠬᠤ ᠭᠡᠵᠦ᠂ ᠮᠤᠩᠬᠠᠭ ᠭᠡᠳᠡᠭ ᠨᠢ ᠠᠯᠠᠭᠠᠨ ᠴᠢᠨᠡᠭᠡ ᠲᠡᠮᠦᠷ ᠠᠪᠤᠭᠠᠳ ᠬᠠᠪᠢᠷᠭᠠᠨ ᠰᠠᠷᠠ ᠰᠢᠭ᠋ ᠪᠣᠯᠲᠠᠯ᠎ᠠ ᠨᠢ ᠠᠳᠬᠤᠭᠠᠳ ᠠᠳᠬᠤᠭᠠᠳ ᠠᠮᠠᠷᠬᠠᠨ ᠶᠠᠭᠤᠮ᠎ᠠ ᠭᠡᠵᠦ ᠪᠠᠢᠬᠤ ᠳᠠ! ᠳᠠᠷᠠᠭ᠎ᠠ ᠨᠢ ᠡᠰᠢᠯᠡᠵᠦ ᠢᠷᠯᠡᠭᠡᠳ ᠯᠡ ᠬᠠᠳᠤᠭᠤᠷ ᠪᠡᠯᠡᠨ ᠰᠢᠦ ᠳᠡ! ᠡᠨᠡ ᠶ᠋ᠢ ᠮᠡᠳᠡᠬᠦ ᠦᠭᠡᠢ ᠶᠣᠰᠣᠲᠠᠢ ᠮᠤᠩᠬᠠᠭ ᠠᠮᠢᠲᠠᠳ ᠶᠤᠮ ᠭᠡᠵᠦ ᠥᠭᠦᠯᠡᠭᠰᠡᠭᠡᠷ ᠶᠠᠪᠤᠵᠤ ᠭᠡᠨ᠎ᠡ᠃
        ᠮᠤᠤᠷ ᠵᠠᠷᠠᠭ᠎ᠠ ᠶ᠋ᠢᠨ ᠶᠠᠷᠢᠭᠰᠠᠨ ᠢ᠋ ᠲᠣᠭᠲᠠᠭᠠᠵᠤ ᠠᠪᠤᠭᠠᠳ ᠣᠷᠳᠣᠨ ᠳ᠋ᠤ᠌ ᠢᠷᠡᠵᠦ᠂ ᠬᠠᠭᠠᠨ ᠳ᠋ᠤ᠌ ᠪᠠᠨ ᠪᠦᠭᠦᠳᠡ ᠶ᠋ᠢ ᠶᠠᠷᠢᠵᠠᠢ᠃ ᠬᠠᠭᠠᠨ ᠲᠡᠷᠡ ᠳᠣᠣᠷ᠎ᠠ ᠨᠢ ᠳᠠᠷᠬᠠᠨ ᠳ᠋ᠤ᠌ ᠵᠠᠷᠠᠭ᠎ᠠ ᠶ᠋ᠢᠨ ᠬᠡᠯᠡᠭᠰᠡᠨ ᠶᠣᠰᠣᠭᠠᠷ ᠣᠯᠠᠨ ᠬᠠᠳᠤᠭᠤᠷ ᠬᠢᠬᠦ ᠶ᠋ᠢ ᠲᠤᠰᠢᠶᠠᠵᠠᠢ᠃ ᠢᠩᠭᠢᠭᠡᠳ ᠬᠥᠮᠦᠨ ᠪᠣᠯᠭᠠᠨ ᠥᠪᠡᠷᠲᠡᠭᠡᠨ ᠬᠠᠳᠤᠭᠤᠷ ᠬᠢᠵᠦ ᠠᠪᠤᠭᠠᠳ ᠤᠷᠭᠤᠭᠤᠯᠤᠭᠰᠠᠨ ᠲᠠᠷᠢᠶ᠎ᠠ ᠪᠠᠨ ᠲᠦᠷᠭᠡᠨ ᠬᠤᠷᠢᠶᠠᠵᠤ ᠠᠪᠴᠤ ᠭᠡᠨ᠎ᠡ᠃ ᠡᠢᠨᠬᠦ ᠵᠠᠷᠠᠭ᠎ᠠ ᠬᠠᠳᠤᠭᠤᠷ ᠢ᠋ ᠬᠢᠬᠦ ᠠᠷᠭ᠎ᠠ ᠶ᠋ᠢ ᠪᠣᠳᠣᠵᠤ ᠣᠯᠤᠭᠰᠠᠨ ᠶᠤᠮ ᠭᠡᠳᠡᠭ᠃

      ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ