ᠦᠨᠡᠭᠡ ᠠᠷᠰᠯᠠᠨ ᠬᠣᠶᠠᠷ,Üneg Arslankhoyor Үнэг Арслан хоёр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠨᠡᠭᠡ ᠠᠷᠰᠯᠠᠨ ᠬᠣᠶᠠᠷ,Üneg Arslankhoyor Үнэг Арслан хоёр

ᠦᠨᠡᠭᠡ ᠠᠷᠰᠯᠠᠨ ᠬᠣᠶᠠᠷ,Üneg Arslankhoyor Үнэг Арслан хоёр

ᠠᠩᠭᠢᠯᠠᠯ:ᠳᠣᠮᠣᠭ ᠦᠯᠢᠭᠡᠷ
2026-01-24

1487

ᠦᠨᠡᠭᠡ ᠠᠷᠰᠯᠠᠨ ᠬᠣᠶᠠᠷ

     
             ᠮᠣᠩᠭᠣᠯ ᠠᠷᠠᠳ ᠤ᠋ᠨ ᠦᠯᠢᠭᠡᠷ 

         ᠡᠷᠲᠡ ᠤᠷᠢᠳᠤ ᠴᠠᠭ ᠲᠤ᠌᠂ ᠦᠨᠡᠭᠡ ᠠᠷᠰᠯᠠᠨ ᠬᠣᠶᠠᠷ ᠬᠠᠮᠲᠤᠷᠠᠵᠤ᠂ ᠠᠩ ᠬᠦᠷᠦᠭᠡ ᠪᠠᠷᠢᠵᠤ ᠢᠳᠡᠳᠡᠭ ᠪᠠᠢᠯ᠎ᠠ᠃ ᠡᠨᠡ ᠪᠠᠷᠢᠭᠰᠠᠨ ᠶᠠᠭᠤᠮ᠎ᠠ ᠪᠠᠨ ᠢᠮᠠᠭᠲᠠ ᠠᠷᠰᠯᠠᠨ ᠡᠭᠦᠷᠳᠡᠭ ᠪᠠᠢᠵᠠᠢ᠃
         ᠭᠡᠲᠡᠯ᠎ᠡ ᠨᠢᠭᠡ ᠡᠳᠦᠷ ᠪᠤᠭᠤ ᠪᠠᠷᠢᠭᠠᠳ ᠦᠨᠡᠭᠡ ᠶ᠋ᠢ ᠴᠢ ᠡᠭᠦᠷ ᠭᠡᠵᠦ ᠠᠷᠰᠯᠠᠨ ᠢ᠋ ᠬᠡᠯᠡᠬᠦ ᠳ᠋ᠦ᠍᠂
        — ᠪᠢ ᠡᠭᠦᠷᠬᠦ ᠳ᠋ᠦ᠍ ᠴᠦ᠍ ᠡᠭᠦᠷᠦᠶ᠎ᠡ᠂ ᠬᠠᠷᠢᠨ ᠢᠨᠴᠠᠭᠯᠠᠬᠤ ᠭᠡᠵᠦ ᠨᠢᠭᠡ ᠬᠡᠴᠡᠭᠦᠦ ᠠᠵᠢᠯ ᠪᠣᠢ ᠰᠢᠦ! ᠲᠡᠭᠦᠨ ᠢ᠋ ᠴᠢ ᠴᠢᠳᠠᠬᠤ ᠤᠤ? ᠭᠡᠵᠦ ᠦᠨᠡᠭᠡ ᠬᠡᠯᠡᠪᠡ᠃
         ᠲᠡᠭᠡᠬᠦ ᠳ᠋ᠦ᠍ ᠠᠷᠰᠯᠠᠨ ᠪᠢ ᠠᠷᠢᠶᠠᠲᠠᠨ ᠤ᠋ ᠬᠠᠭᠠᠨ ᠪᠠᠢᠲᠠᠯ᠎ᠠ ᠡᠨᠡ ᠮᠠᠭᠤ ᠦᠨᠡᠭᠡᠨ ᠦ᠌ ᠬᠣᠢᠨ᠎ᠠ ᠠ᠋ᠴᠠ ᠳᠠᠭᠠᠭᠠᠳ ᠢᠨᠴᠠᠭᠯᠠᠵᠤ ᠶᠠᠪᠤᠬᠤ ᠭᠡᠳᠡᠭ ᠨᠢ ᠢᠴᠢᠭᠦᠷᠢᠲᠡᠢ ᠬᠡᠷᠡᠭ ᠭᠡᠵᠦ ᠪᠣᠳᠣᠭᠠᠳ᠂
        — ᠬᠦᠢ᠂ ᠪᠢ ᠢᠨᠴᠠᠭᠯᠠᠵᠤ ᠴᠢᠳᠠᠬᠤ ᠦᠭᠡᠢ᠂ ᠡᠭᠦᠷᠬᠦ  ᠶ᠋ᠢ ᠨᠢ ᠪᠢ ᠡᠭᠦᠷᠦᠶ᠎ᠡ᠂ ᠢᠨᠴᠠᠭᠯᠠᠬᠤ ᠶ᠋ᠢ ᠨᠢ ᠴᠢ ᠢᠨᠴᠠᠭᠯᠠ ᠭᠡᠳ ᠪᠤᠭᠤ ᠪᠠᠨ ᠵᠣ ᠳᠡᠭᠡᠭᠦᠷ ᠢ᠋ᠶ᠋ᠡᠨ ᠲᠠᠯᠪᠢᠵᠤ᠂ ᠬᠥᠯ ᠡᠴᠡ ᠨᠢ ᠵᠠᠭᠤᠭᠠᠳ ᠶᠡᠬᠡ ᠵᠠᠩ ᠲᠠᠢ ᠠᠯᠬᠤᠯᠠᠯ᠎ᠠ᠃ ᠦᠨᠡᠭᠡ ᠬᠣᠢᠨ᠎ᠠ ᠠ᠋ᠴᠠ ᠨᠢ ᠢᠨᠴᠠᠭᠯᠠᠭᠠᠳ ᠳᠠᠭᠠᠪᠠ᠃ ᠳᠠᠭᠠᠭᠰᠠᠭᠠᠷ ᠤᠭ ᠭᠠᠵᠠᠷ ᠲᠠᠭᠠᠨ ᠬᠦᠷᠴᠦ ᠨᠥᠭᠦᠭᠡ ᠮᠢᠬᠠᠨ ᠠ᠋ᠴᠠ ᠨᠢ ᠳᠠᠴᠢᠭᠦᠢ ᠢᠳᠡᠯᠴᠡᠵᠦ ᠭᠡᠨ᠎ᠡ᠃

   ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
   ᠬᠢᠨᠠᠭᠴᠢ᠄ ᠤᠤᠭᠠᠨᠵᠢᠳ