ᠡᠬᠡ ᠪᠣᠯᠤᠭᠰᠠᠨ ᠵᠢᠷᠭᠤᠭᠠᠨ ᠵᠦᠢᠯ ᠦ᠋ᠨ ᠠᠮᠢᠲᠠᠨЭх болсон зургаан зүйлийн амьтан ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠪᠣᠯᠤᠭᠰᠠᠨ ᠵᠢᠷᠭᠤᠭᠠᠨ ᠵᠦᠢᠯ ᠦ᠋ᠨ ᠠᠮᠢᠲᠠᠨЭх болсон зургаан зүйлийн амьтан

ᠡᠬᠡ ᠪᠣᠯᠤᠭᠰᠠᠨ ᠵᠢᠷᠭᠤᠭᠠᠨ ᠵᠦᠢᠯ ᠦ᠋ᠨ ᠠᠮᠢᠲᠠᠨЭх болсон зургаан зүйлийн амьтан

2026-01-24

451

ᠡᠬᠡ ᠪᠣᠯᠣᠭᠰᠠᠨ ᠵᠢᠷᠭᠤᠭᠠᠨ ᠵᠦᠢᠯ ᠠᠮᠢᠲᠠᠨ


     ᠪᠤᠷᠬᠠᠨ ᠤ᠋ ᠱᠠᠰᠢᠨ ᠳ᠋ᠤ᠌ ᠪᠦᠬᠦᠢᠯᠡ ᠣᠷᠴᠢᠯᠠᠩ ᠶᠢᠷᠲᠢᠨᠴᠦ ᠶ᠋ᠢ《 ᠭᠠᠳᠠᠭᠠᠳᠤ ᠰᠠᠪᠠ ᠶᠢᠷᠲᠢᠨᠴᠦ》᠂《 ᠳᠣᠲᠣᠭᠠᠳᠤ ᠦᠷ᠎ᠡ ᠠᠮᠢᠲᠠᠨ》 ᠭᠡᠵᠦ ᠬᠣᠶᠠᠷ ᠠᠩᠭᠢᠯᠠᠭᠠᠳ᠂ ᠳᠣᠲᠣᠭᠠᠳᠤ ᠦᠷ᠎ᠡ ᠠᠮᠢᠲᠠᠨ ᠢ᠋ ᠲᠠᠮᠤ᠂ ᠪᠢᠷᠢᠳ᠂ ᠠᠳᠤᠭᠤᠰᠤᠨ᠂ ᠬᠥᠮᠦᠨ᠂ ᠠᠰᠤᠷᠢ᠂ ᠲᠩᠷᠢ ᠭᠡᠵᠦ ᠵᠢᠷᠭᠤᠭᠠᠨ ᠵᠦᠢᠯ ᠳ᠋ᠦ᠍ ᠬᠤᠪᠢᠶᠠᠵᠠᠢ᠃ ᠡᠭᠦᠨ ᠢ᠋ᠶ᠋ᠡᠨ ᠪᠠᠰᠠ ᠬᠠᠮᠤᠭ ᠠᠮᠢᠲᠠᠨ ᠵᠢᠷᠭᠤᠭᠠᠨ ᠵᠦᠢᠯ ᠭᠡᠳᠡᠭ᠃ ᠡᠭᠦᠨ ᠳ᠋ᠦ᠍ ᠲᠩᠷᠢ ᠂ᠬᠥᠮᠦᠨ ᠂ᠠᠰᠤᠷᠢ ᠨᠢ ᠭᠤᠷᠪᠠᠨ ᠰᠠᠢᠨ ᠵᠠᠶᠠᠭᠠᠨ ᠤ᠋ ᠠᠮᠢᠲᠠᠨ ᠪᠣᠯᠬᠤ ᠪᠥᠭᠡᠳ ᠲᠠᠮᠤ᠂ ᠪᠢᠷᠢᠳ᠂ ᠠᠳᠤᠭᠤᠰᠤᠨ ᠨᠢ ᠭᠤᠷᠪᠠᠨ ᠮᠠᠭᠤ ᠵᠠᠶᠠᠭᠠᠨ ᠤ᠋ ᠠᠮᠢᠲᠠᠨ ᠪᠣᠯᠤᠨ᠎ᠠ᠃ ᠪᠤᠷᠬᠠᠨ ᠤ᠋ ᠱᠠᠰᠢᠨ ᠤ᠋ ᠨᠣᠮᠯᠠᠬᠤ ᠪᠠᠷ ᠶᠠᠮᠠᠷ ᠨᠢᠭᠡᠨ ᠠᠮᠢᠲᠠᠨ ᠭᠡᠰᠡᠨ ᠦᠭᠡᠢ᠂ ᠣᠷᠴᠢᠯᠠᠩ ᠠ᠋ᠴᠠ ᠲᠣᠨᠢᠯᠬᠤ ᠠ᠋ᠴᠠ ᠡᠮᠦᠨ᠎ᠡ᠂ ᠥᠪᠡᠷ ᠦ᠋ᠨ ᠦᠢᠯᠡᠳᠦᠭᠰᠡᠨ ᠪᠤᠶᠠᠨ ᠨᠢᠭᠦᠯ ᠦ᠋ᠨ ᠡᠷᠬᠡ ᠪᠡᠷ ᠡᠨᠡ ᠵᠢᠷᠭᠤᠭᠠᠨ ᠵᠦᠢᠯ ᠳ᠋ᠦ᠍ ᠲᠠᠰᠤᠷᠠᠯᠲᠠ ᠦᠭᠡᠢ ᠣᠷᠴᠢᠨ᠂ ᠡᠨᠳᠡ ᠡᠴᠡ ᠦᠬᠦᠪᠡᠯ ᠲᠡᠨᠳᠡ ᠨᠢ ᠲᠥᠷᠥᠵᠦ᠂ ᠦᠵᠦᠭᠦᠷ ᠬᠢᠵᠠᠭᠠᠷ ᠦᠭᠡᠢ ᠣᠷᠴᠢᠯᠠᠩ ᠤ᠋ᠨ ᠭᠠᠯ ᠳᠤᠮᠳᠠ ᠡᠨᠡᠯᠦᠨ ᠰᠢᠨᠠᠯᠵᠤ ᠵᠣᠪᠠᠵᠤ ᠪᠠᠢᠳᠠᠭ᠃ ᠪᠤᠶᠠᠨ ᠦᠢᠯᠡᠳᠦᠭᠰᠡᠳ ᠨᠢ ᠦᠬᠦᠪᠡᠯ ᠭᠤᠷᠪᠠᠨ ᠰᠠᠢᠨ ᠵᠠᠶᠠᠭᠠᠨ ᠳ᠋ᠤ᠌ ᠲᠥᠷᠥᠵᠦ᠂ ᠨᠢᠭᠦᠯ ᠦᠢᠯᠡᠳᠦᠭᠰᠡᠳ ᠨᠢ ᠦᠬᠦᠪᠡᠯ ᠭᠤᠷᠪᠠᠨ ᠮᠠᠭᠤ ᠵᠠᠶᠠᠭᠠᠨ ᠳ᠋ᠤ᠌ ᠲᠥᠷᠥᠨ᠎ᠡ᠃ ᠡᠢᠮᠦ ᠪᠣᠯᠬᠣᠷ ᠪᠤᠷᠬᠠᠨ ᠤ᠋ ᠱᠠᠰᠢᠨ ᠨᠢ ᠬᠠᠮᠤᠭ ᠠᠮᠢᠲᠠᠨ ᠵᠢᠷᠭᠤᠭᠠᠨ ᠵᠦᠢᠯ ᠢ᠋ ᠤᠳᠤᠷᠢᠳᠴᠤ ᠨᠢᠭᠦᠯ ᠬᠢᠯᠢᠨᠴᠡ ᠶ᠋ᠢ ᠴᠡᠭᠡᠷᠯᠡᠭᠦᠯᠦᠨ ᠪᠤᠶᠠᠨ ᠤ᠋ ᠮᠥᠷ ᠢ᠋ᠶ᠋ᠡᠷ ᠬᠥᠲᠥᠯᠦᠨ ᠣᠷᠴᠢᠯᠠᠩ ᠤ᠋ᠨ ᠵᠣᠪᠠᠯᠠᠩ ᠠ᠋ᠴᠠ ᠲᠣᠨᠢᠯᠭᠠᠬᠤ ᠪᠠᠷ ᠵᠣᠷᠢᠯᠲᠠ ᠪᠠᠨ ᠪᠣᠯᠭᠠᠳᠠᠭ᠃ ᠵᠢᠷᠭᠤᠭᠠᠨ ᠵᠦᠢᠯ ᠠᠮᠢᠲᠠᠨ ᠵᠢᠴᠢ ᠲᠡᠭᠦᠨ ᠦ᠌ ᠣᠷᠣᠰᠢᠳᠠᠭ ᠣᠷᠣᠨ ᠪᠠᠢᠷᠢ ᠶ᠋ᠢ ᠳᠣᠣᠷ᠎ᠠ ᠠ᠋ᠴᠠ ᠳᠡᠭᠡᠭᠰᠢ ᠳᠠᠷᠠᠭᠠᠯᠠᠵᠤ ᠵᠢᠭᠰᠠᠭᠠᠪᠠᠯ᠄    
     ᠨᠢᠭᠡ᠂ ᠲᠠᠮᠤ᠄ ᠵᠢᠮᠪᠠᠳᠣᠷᠵᠢ ᠶ᠋ᠢᠨ《 ᠪᠣᠯᠣᠷ ᠲᠣᠯᠢ》 ᠳ᠋ᠠᠬᠢ ᠲᠡᠮᠳᠡᠭᠯᠡᠯ  ᠊ᠢ ᠦᠨᠳᠦᠰᠦᠯᠡᠪᠡᠯ ᠡᠮᠦᠨᠡᠲᠦ ᠽᠠᠮᠪᠤᠲᠢᠪ ᠤ᠋ᠨ ᠳᠣᠣᠷ᠎ᠠ《ᠭᠤᠷᠪᠠᠨ ᠲᠦᠮᠡ ᠬᠣᠶᠠᠷ ᠮᠢᠩᠭᠠᠨ ᠪᠠᠷ᠎ᠠ ᠶ᠋ᠢᠨ ᠭᠠᠵᠠᠷ ᠠ᠋ᠴᠠ ᠳᠣᠷᠣᠭᠰᠢ᠂ ᠥᠨᠳᠥᠷ ᠥᠷᠭᠡᠨ ᠢᠨᠦ ᠬᠣᠶᠠᠷ ᠲᠦᠮᠡᠨ ᠪᠠᠷ᠎ᠠ》 ᠶ᠋ᠢᠨ ᠭᠠᠵᠠᠷ ᠢ᠋ ᠲᠠᠮᠤ ᠶ᠋ᠢᠨ ᠣᠷᠣᠨ ᠭᠡᠳᠡᠭ᠃ ᠲᠠᠮᠤ ᠳ᠋ᠤ᠌ ᠨᠠᠢ᠍ᠮᠠᠨ ᠬᠠᠯᠠᠭᠤᠨ ᠲᠠᠮᠤ᠂ ᠨᠠᠢ᠍ᠮᠠᠨ ᠬᠦᠢᠲᠡᠨ ᠲᠠᠮᠤ ᠪᠣᠯᠤᠨ ᠣᠷᠴᠢᠨ ᠲᠣᠭᠣᠷᠢᠨ ᠲᠠᠮᠤ᠂ ᠬᠡᠰᠡᠭ ᠪᠤᠰᠠᠭ ᠲᠠᠮᠤ ᠭᠡᠬᠦ ᠠᠷᠪᠠᠨ ᠨᠠᠢ᠍ᠮᠠᠨ ᠲᠠᠮᠤ ᠪᠠᠢᠳᠠᠭ᠃
     ᠬᠣᠶᠠᠷ᠂ ᠪᠢᠷᠢᠳ᠄ ᠪᠠᠰᠠ ᠥᠯᠥᠨ ᠴᠢᠳᠬᠥᠷ ᠭᠡᠳᠡᠭ᠃ᠪᠢᠷᠢᠳ ᠦ᠋ᠨ ᠣᠷᠣᠨ ᠨᠢ《ᠷᠠᠴᠠᠭ᠌ᠷᠠᠭ᠎ᠠ ᠪᠠᠯᠭᠠᠰᠤᠨ( ᠬᠠᠭᠠᠨ ᠤ᠋ ᠪᠠᠯᠭᠠᠰᠤᠨ᠂ ᠡᠷᠲᠡᠨ ᠦ᠌ ᠡᠨᠡᠳᠬᠡᠭ ᠦ᠋ᠨ ᠨᠡᠢᠰᠯᠡᠯ ᠬᠣᠲᠠ) ᠠ᠋ᠴᠠ ᠳᠣᠷᠣᠭᠰᠢ ᠪᠠᠨ ᠲᠠᠪᠤᠨ ᠵᠠᠭᠤᠨ ᠭᠠᠵᠠᠷ ᠳᠠᠪᠠᠪᠠᠰᠤ ᠠᠨᠤ᠂ ᠬᠡᠪᠡᠯᠢ ᠨᠡᠷᠡᠲᠦ ᠪᠢᠷᠢᠳ ᠦ᠋ᠨ ᠪᠠᠯᠭᠠᠰᠤᠨ ᠪᠥᠯᠥᠭᠡ 》 ᠭᠡᠵᠦ《 ᠴᠢᠬᠤᠯᠠ ᠬᠡᠷᠡᠭᠯᠡᠭᠴᠢ ᠲᠡᠭᠦᠰ ᠤᠳᠬᠠᠲᠤ ᠱᠠᠰᠲᠢᠷ》 ᠲᠤ᠌ ᠲᠡᠮᠳᠡᠭᠯᠡᠵᠦ ᠪᠣᠢ᠃ ᠪᠢᠷᠢᠳ ᠊ᠢ《ᠭᠠᠳᠠᠭᠠᠳᠤ ᠲᠦᠢᠳᠦᠭᠴᠢ ᠪᠢᠷᠢᠳ》᠂《ᠳᠣᠲᠣᠭᠠᠳᠤ ᠲᠦᠢᠳᠦᠭᠴᠢ ᠪᠢᠷᠢᠳ》᠂《ᠲᠦᠢᠳᠦᠭᠴᠢ ᠪᠢᠷᠢᠳ》᠂《ᠲᠠᠷᠬᠠᠭᠰᠠᠨ ᠪᠢᠷᠢᠳ》ᠭᠡᠵᠦ ᠳᠥᠷᠪᠡ ᠬᠤᠪᠢᠶᠠᠳᠠᠭ᠃ ᠭᠠᠳᠠᠭᠠᠳᠤ ᠲᠦᠢᠳᠦᠭᠴᠢ ᠪᠢᠷᠢᠳ ᠨᠢ ᠢᠳᠡᠭᠡᠨ ᠤᠮᠳᠠᠭᠠᠨ ᠤ᠋ ᠴᠢᠮᠡᠭᠡ ᠶ᠋ᠢ ᠦᠯᠦ ᠰᠣᠨᠣᠰᠳᠠᠭ᠃ ᠳᠣᠲᠣᠭᠠᠳᠤ ᠲᠦᠢᠳᠦᠭᠴᠢ ᠪᠢᠷᠢᠳ ᠦ᠋ᠨ ᠠᠮᠠ ᠨᠢ ᠵᠡᠭᠦᠦ ᠶ᠋ᠢᠨ ᠰᠦᠪᠡ ᠶ᠋ᠢᠨ ᠲᠡᠳᠦᠢᠬᠡᠨ ᠲᠤᠯᠠ ᠥᠴᠦᠬᠡᠨ ᠊ᠢ ᠣᠯᠪᠠᠯ ᠠᠮᠠᠨ ᠳ᠋ᠤᠨᠢ ᠦᠯᠦ ᠪᠠᠭᠲᠠᠳᠠᠭ᠃ ᠬᠡᠷᠪᠡ ᠪᠠᠭᠲᠠᠪᠠᠯ ᠬᠣᠭᠣᠯᠠᠢ ᠨᠢ ᠬᠢᠯᠭᠠᠰᠤᠨ ᠮᠡᠲᠦ ᠨᠠᠷᠢᠨ ᠲᠤᠯᠠ ᠬᠣᠭᠣᠯᠠᠢ ᠳ᠋ᠤᠨᠢ ᠦᠯᠦ ᠪᠠᠭᠲᠠᠳᠠᠭ᠃ ᠬᠣᠭᠣᠯᠠᠢ ᠳ᠋ᠤᠨᠢ ᠪᠠᠭᠲᠠᠪᠠᠯ ᠬᠡᠪᠡᠯᠢ ᠨᠢ ᠠᠭᠤᠯᠠ ᠶ᠋ᠢᠨ ᠴᠢᠨᠡᠭᠡᠨ ᠶᠡᠬᠡ ᠲᠤᠯᠠ ᠦᠯᠦ ᠴᠠᠳᠳᠠᠭ᠃ ᠴᠠᠳᠪᠠᠯ ᠬᠥᠯ ᠨᠢ ᠳᠡᠷᠡᠰᠦᠨ ᠮᠡᠲᠦ ᠨᠠᠷᠢᠨ ᠲᠤᠯᠠ ᠳᠠᠭᠠᠭᠠᠵᠤ ᠶᠠᠳᠠᠨ ᠵᠣᠪᠠᠳᠠᠭ ᠭᠡᠳᠡᠭ᠃ᠲᠦᠢᠳᠦᠭᠴᠢ ᠪᠢᠷᠢᠳ ᠨᠢ ᠢᠳᠡᠭᠡᠨ ᠤᠮᠳᠠᠭᠠᠨ ᠢ᠋ ᠡᠳ᠋ᠯᠡᠮᠡᠭᠴᠡ ᠪᠠᠳᠠᠷᠠᠩᠭᠤᠢ ᠰᠢᠷᠡᠮᠦᠨ ᠪᠣᠯᠵᠤ ᠬᠡᠪᠡᠯᠢ ᠨᠢ ᠲᠦᠯᠡᠭᠳᠡᠳᠡᠭ᠃ ᠡᠨᠡ ᠭᠤᠷᠪᠠᠨ ᠵᠦᠢᠯ ᠦ᠋ᠨ ᠪᠢᠷᠢᠳ ᠨᠢ ᠪᠢᠷᠢᠳ ᠦ᠋ᠨ ᠣᠷᠣᠨ ᠳ᠋ᠤ᠌ ᠪᠠᠢᠳᠠᠭ᠃ ᠲᠠᠷᠬᠠᠭᠰᠠᠨ ᠪᠢᠷᠢᠳ ᠨᠢ ᠬᠥᠮᠦᠨ ᠦ᠌ ᠶᠢᠷᠲᠢᠨᠴᠦ ᠳ᠋ᠡᠬᠢ ᠦᠬᠦᠭᠡᠷ ᠲᠦ᠍ ᠪᠠᠢᠭᠰᠠᠨ ᠪᠢᠰᠠᠴᠢ ᠲᠡᠷᠢᠭᠦᠲᠡᠨ ᠪᠣᠯᠤᠨ᠎ᠠ᠃ ᠪᠢᠰᠠᠴᠢ ᠭᠡᠳᠡᠭ ᠨᠢ ᠡᠷᠲᠡᠨ ᠦ᠌ ᠡᠨᠡᠳᠬᠡᠭ ᠦ᠋ᠨ ᠳᠣᠮᠣᠭ ᠶᠠᠷᠢᠶᠠᠨ ᠳ᠋ᠤ᠌ ᠪᠠᠢᠳᠠᠭ ᠨᠢᠭᠡ ᠵᠦᠢᠯ ᠦ᠋ᠨ ᠨᠢᠭᠦᠯᠲᠦ ᠠᠮᠢᠲᠠᠨ ᠶᠤᠮ᠃ ᠲᠤᠰᠬᠠᠢᠯᠠᠨ ᠬᠥᠮᠦᠨ ᠦ᠌ ᠬᠡᠭᠦᠷ ᠢ᠋ ᠢᠳᠡᠳᠡᠭ᠃ ᠣᠷᠣᠢ ᠪᠦᠷᠦᠢ ᠶ᠋ᠢᠨ ᠦᠶ᠎ᠡ ᠪᠡᠷ ᠬᠥᠮᠦᠨ ᠦ᠌ ᠭᠡᠷ ᠳᠣᠲᠣᠷ᠎ᠠ᠂ ᠡᠭᠦᠳᠡᠨ ᠡᠮᠦᠨ᠎ᠡ ᠪᠤᠶᠤ ᠵᠠᠮ ᠳᠡᠭᠡᠷ᠎ᠡ ᠬᠡᠰᠦᠵᠦ ᠶᠠᠪᠤᠳᠠᠭ ᠭᠡᠳᠡᠭ᠃
     ᠭᠤᠷᠪᠠ᠂ ᠠᠳᠤᠭᠤᠰᠤᠨ᠄ ᠠᠳᠤᠭᠤᠰᠤ ᠪᠣᠯ ᠬᠠᠭᠤᠷᠠᠢ ᠭᠠᠵᠠᠷ ᠪᠤᠶᠤ ᠤᠰᠤᠨ ᠳᠣᠲᠣᠷ᠎ᠠ ᠠᠮᠢᠳᠤᠷᠠᠳᠠᠭ᠃《 ᠴᠢᠬᠤᠯᠠ ᠬᠡᠷᠡᠭᠯᠡᠭᠴᠢ ᠲᠡᠭᠦᠰ ᠤᠳᠬᠠᠲᠤ ᠱᠠᠰᠲᠢᠷ》 ᠲᠤ᠌᠄《 ᠣᠯᠠᠩᠬᠢ ᠠᠳᠤᠭᠤᠰᠤ ᠠᠨᠤ ᠲᠢᠪ ᠦ᠋ᠨ ᠵᠠᠪᠰᠠᠷᠤᠨ ᠬᠠᠷᠠᠩᠭᠤᠢ ᠳ᠋ᠤ᠌ ᠭᠠᠳᠠᠭᠠᠳᠤ ᠳᠠᠯᠠᠢ ᠶ᠋ᠢᠨ ᠲᠣᠳᠣᠷᠠ ᠳ᠋ᠠᠷᠠᠰᠤᠨ ᠤ᠋ ᠬᠥᠷᠥᠩᠭᠡ ᠮᠡᠲᠦ ᠭᠠᠷ ᠬᠥᠯ ᠢ᠋ᠶ᠋ᠡᠨ ᠵᠢᠭᠢᠨ ᠬᠤᠷᠢᠶᠠᠬᠤᠢ ᠴᠢᠯᠥᠭᠡ ᠦᠭᠡᠢ ᠵᠣᠪᠠᠭᠤᠯᠤᠶᠤ᠃ ᠲᠡᠳᠡᠭᠡᠷ ᠠᠳᠤᠭᠤᠰᠤᠨ ᠨᠢᠭᠡᠨ ᠨᠢᠭᠡᠨ ᠢ᠋ᠶ᠋ᠡᠨ ᠢᠳᠡᠯᠳᠦᠨ᠂ ᠳᠠᠯᠠᠢ ᠶ᠋ᠢᠨ ᠳᠣᠯᠭᠢᠶᠠᠨ ᠢ᠋ᠶ᠋ᠠᠷ ᠳᠣᠯᠭᠢᠰᠴᠤ᠂ ᠥᠴᠦᠬᠡᠨ ᠢ᠋ᠶ᠋ᠡᠷ ᠠᠮᠠᠷᠠᠬᠤ ᠦᠭᠡᠢ ᠵᠣᠪᠠᠶᠤ᠃ ᠥᠴᠦᠬᠡᠨ ᠲᠠᠷᠬᠠᠭᠰᠠᠨ ᠠᠳᠤᠭᠤᠰᠤᠨ ᠠᠨᠤ ᠬᠥᠮᠦᠨ ᠦ᠌ ᠭᠠᠵᠠᠷ ᠳᠠᠬᠢ ᠡᠳᠡᠭᠡᠷ ᠠᠳᠤᠭᠤᠰᠤᠨ ᠪᠤᠶᠤ᠃ ᠵᠠᠷᠢᠮ ᠠᠳᠤᠭᠤᠰᠤᠨ ᠠᠨᠤ ᠮᠣᠨᠣᠲᠠᠯᠠ ᠠᠴᠢᠵᠤ ᠳ᠋ᠠᠭᠠᠷᠢᠲᠤᠨ ᠵᠣᠪᠠᠭᠠᠶᠤ᠃ ᠵᠠᠷᠢᠮ ᠤ᠋ᠳ ᠠᠨᠤ ᠲᠣᠯᠣᠭᠠᠢ ᠳ᠋ᠤᠷ ᠰᠦᠬᠡᠪᠡᠷ ᠴᠣᠬᠢᠨ ᠠᠯᠠᠵᠤ ᠵᠣᠪᠠᠭᠠᠶᠤ᠃ ᠬᠦᠰᠡᠷ᠎ᠡ ᠲᠥᠷᠥᠭᠰᠡᠨ ᠢᠨᠦ᠂ ᠵᠠᠷᠢᠮ ᠤ᠋ᠳ ᠮᠢᠬᠠᠨ ᠤ᠋ ᠲᠤᠯᠠ ᠪᠠ ᠵᠠᠷᠢᠮ ᠤ᠋ᠳ ᠠᠷᠠᠰᠤᠨ ᠤ᠋ ᠲᠤᠯᠠ ᠪᠠ᠂ ᠵᠠᠷᠢᠮ ᠤ᠋ᠳ ᠰᠤᠪᠤᠳ ᠤ᠋ᠨ ᠲᠤᠯᠠ ᠂ ᠵᠠᠷᠢᠮ ᠤ᠋ᠳ ᠥᠲᠥᠨ ᠦ᠌ ᠲᠤᠯᠠ ᠠᠯᠠᠭᠳᠠᠵᠤ ᠵᠣᠪᠠᠭᠤᠯᠤᠶᠤ᠃ ᠨᠠᠰᠤᠨ ᠤ᠋ ᠴᠢᠨᠡᠭᠡᠨ ᠢᠨᠦ ᠬᠡᠮᠡᠪᠡᠰᠦ᠂ ᠮᠠᠰᠢ ᠤᠷᠲᠤ ᠨᠠᠰᠤᠲᠤ ᠯᠤᠤᠰᠤᠨ ᠬᠠᠳ ᠮᠡᠲᠦ ᠠᠳᠤᠭᠤᠰᠤᠨ ᠠᠨᠤ ᠨᠢᠭᠡᠨ ᠳᠤᠮᠳᠠᠳᠤ ᠭᠠᠯᠪᠠ ᠪᠣᠯᠲᠠᠯᠠ ᠨᠠᠰᠤᠯᠠᠶᠤ᠃ ᠣᠬᠣᠷ ᠨᠠᠰᠤᠲᠤ ᠰᠢᠮᠠᠭᠤᠯ ᠲᠡᠷᠢᠭᠦᠲᠡᠨ ᠢᠨᠦ ᠬᠣᠷᠣᠮᠬᠠᠨ ᠵᠠᠭᠤᠷ᠎ᠠ ᠦᠬᠦᠮᠦᠢ ᠢ᠎ᠠ》ᠭᠡᠵᠦ ᠲᠡᠮᠳᠡᠭᠯᠡᠵᠡᠢ᠃
     ᠳᠥᠷᠪᠡ᠂ ᠬᠥᠮᠦᠨ᠄ ᠬᠥᠮᠦᠨ ᠦ᠌ ᠣᠷᠣᠨ ᠨᠢ ᠳᠥᠷᠪᠡᠨ ᠶᠡᠬᠡ ᠲᠢᠪ ᠪᠣᠯᠤᠨ ᠲᠡᠭᠦᠨ ᠦ᠌ ᠬᠠᠪᠢ ᠳ᠋ᠠᠬᠢ ᠨᠠᠢ᠍ᠮᠠᠨ ᠥᠴᠦᠬᠡᠨ ᠲᠢᠪ ᠲᠦ᠍ ᠣᠷᠣᠰᠢᠨ᠎ᠠ᠃ ᠳᠥᠷᠪᠡᠨ ᠶᠡᠬᠡ ᠲᠢᠪ ᠭᠡᠳᠡᠭ ᠨᠢ ᠡᠮᠦᠨᠡᠲᠦ ᠽᠠᠮᠪᠤᠲᠢᠪ᠂ ᠳᠣᠷᠣᠨ᠎ᠠ ᠦᠯᠡᠮᠵᠢ ᠪᠡᠶᠡᠲᠦ ᠲᠢᠪ᠂ ᠥᠷᠥᠨ᠎ᠡ ᠦᠬᠡᠷᠲᠦ ᠲᠢᠪ᠂ ᠤᠮᠠᠷ᠎ᠠ ᠮᠠᠭᠤ ᠳᠠᠭᠤᠲᠤ ᠲᠢᠪ ᠵᠡᠷᠭᠡ ᠶ᠋ᠢ ᠵᠢᠭᠠᠳᠠᠭ᠃ ᠪᠢᠳᠡᠨ ᠦ᠌ ᠡᠳᠦᠭᠡ ᠶ᠋ᠢᠨ ᠣᠷᠣᠰᠢᠨ ᠰᠠᠭᠤᠵᠤ ᠪᠠᠢᠭ᠎ᠠ ᠳᠡᠯᠡᠬᠡᠢ ᠶ᠋ᠢᠨ ᠪᠥᠮᠪᠥᠷᠴᠡᠭ ᠪᠣᠯ ᠡᠮᠦᠨᠡᠲᠦ ᠽᠠᠮᠪᠤᠲᠢᠪ ᠮᠥᠨ ᠭᠡᠳᠡᠭ᠃
     ᠲᠠᠪᠤ᠂ ᠠᠰᠤᠷᠢ᠄ ᠬᠥᠮᠦᠨ ᠬᠢᠭᠡᠳ ᠲᠩᠷᠢ ᠶ᠋ᠢᠨ ᠬᠣᠭᠣᠷᠣᠨᠳᠣᠬᠢ ᠨᠢᠭᠡ ᠵᠦᠢᠯ ᠦ᠋ᠨ《 ᠠᠮᠢᠲᠠᠨ》᠃《 ᠮᠡᠷᠭᠡᠳ ᠭᠠᠷᠬᠤ ᠶ᠋ᠢᠨ ᠣᠷᠣᠨ》 ᠳ᠋ᠤ᠌᠄《 ᠠᠰᠤᠷᠢ ᠠᠨᠤ ᠲᠩᠷᠢ ᠬᠢᠭᠡᠳ ᠠᠳᠤᠭᠤᠰᠤᠨ ᠪᠢᠷᠢᠳ ᠵᠦᠢᠯ ᠵᠦᠢᠯ ᠳ᠋ᠦ᠍ᠷ ᠪᠠᠭᠲᠠᠬᠤ ᠪᠤᠶᠤ 》ᠭᠡᠵᠡᠢ᠃ ᠠᠰᠤᠷᠢ ᠶ᠋ᠢᠨ ᠬᠦᠴᠦᠨ ᠴᠢᠳᠠᠯ ᠨᠢ ᠲᠩᠷᠢ ᠲᠡᠢ ᠰᠠᠴᠠᠭᠤ ᠪᠣᠯᠪᠠᠴᠤ ᠬᠢᠯᠢᠩᠯᠡᠨ ᠪᠠᠢᠯᠳᠤᠬᠤ ᠳᠤᠷᠠᠲᠠᠢ ᠪᠠᠢᠵᠤ᠂ ᠲᠩᠷᠢ ᠶ᠋ᠢᠨ ᠣᠷᠣᠨ ᠠ᠋ᠴᠠ ᠪᠠᠨ ᠬᠥᠭᠡᠭᠡᠭᠳᠡᠨ ᠭᠠᠷᠴᠤ ᠢᠷᠡᠭᠡᠳ《ᠰᠦᠮᠦᠷ ᠠᠭᠤᠯᠠ ᠶ᠋ᠢᠨ ᠢᠷᠣᠭᠠᠷ ᠤ᠋ᠨ ᠤᠰᠤᠨ ᠠ᠋ᠴᠠ ᠳᠣᠷᠣᠭᠰᠢ ᠨᠠᠢ᠍ᠮᠠᠨ ᠲᠦᠮᠡ ᠨᠢᠭᠡ ᠮᠢᠩᠭᠠᠨ ᠪᠠᠷ᠎ᠠ ᠶ᠋ᠢᠨ ᠭᠠᠵᠠᠷ᠎ᠠ ᠬᠦᠷᠦᠭᠰᠡᠨ ᠳ᠋ᠦ᠍ᠷ᠂ ᠲᠡᠭᠦᠰ ᠡᠷᠬᠡᠲᠦ ᠬᠡᠮᠡᠬᠦ ᠪᠠᠯᠭᠠᠰᠤᠨ ᠪᠥᠯᠥᠭᠡ᠃ ᠲᠡᠷᠡ ᠪᠠᠯᠭᠠᠰᠤᠨ ᠳ᠋ᠤᠷ ᠠᠨᠤ ᠷᠠᠬᠤᠯᠢ ᠨᠡᠷᠡᠲᠦ ᠠᠰᠤᠷᠢ ᠨᠠᠷ ᠤ᠋ᠨ ᠬᠠᠭᠠᠨ ᠨᠥᠬᠥᠳ ᠰᠡᠯᠲᠡ ᠪᠡᠷ ᠰᠠᠭᠤᠨ ᠪᠥᠯᠥᠭᠡ》(《 ᠴᠢᠬᠤᠯᠠ ᠬᠡᠷᠡᠭᠯᠡᠭᠴᠢ ᠲᠡᠭᠦᠰ ᠤᠳᠬᠠᠲᠤ ᠱᠠᠰᠲᠢᠷ》)᠃ᠪᠤᠷᠬᠠᠨ ᠤ᠋ ᠱᠠᠰᠢᠨ ᠤ᠋ ᠵᠠᠷᠢᠮ ᠨᠣᠮ ᠰᠤᠳᠤᠷ ᠲᠤ᠌ ᠬᠠᠮᠤᠭ ᠠᠮᠢᠲᠠᠨ ᠢ᠋ ᠪᠠᠰᠠ ᠲᠠᠪᠤᠨ ᠵᠦᠢᠯ ᠳ᠋ᠦ᠍ ᠬᠤᠪᠢᠶᠠᠨ ᠥᠭᠦᠯᠡᠳᠡᠭ ᠨᠢ《 ᠠᠰᠤᠷᠢ》 ᠶ᠋ᠢ《ᠲᠩᠷᠢ ᠬᠢᠭᠡᠳ ᠠᠳᠤᠭᠤᠰᠤᠨ ᠪᠢᠷᠢᠳ ᠵᠦᠢᠯ ᠵᠦᠢᠯ ᠳ᠋ᠦ᠍ᠷ ᠪᠠᠭᠲᠠᠬᠤ ᠪᠤᠶᠤ 》 ᠭᠡᠵᠦ ᠲᠤᠰᠬᠠᠢᠯᠠᠨ ᠨᠢᠭᠡ ᠵᠦᠢᠯ ᠦ᠋ᠨ《ᠠᠮᠢᠲᠠᠨ》ᠭᠡᠵᠦ ᠦᠵᠡᠭᠰᠡᠨ ᠦᠭᠡᠢ ᠡᠴᠡ ᠪᠣᠯᠵᠠᠢ᠃
     ᠵᠢᠷᠭᠤᠭ᠎ᠠ᠂ ᠲᠩᠷᠢ᠄ ᠪᠤᠷᠬᠠᠨ ᠤ᠋ ᠱᠠᠰᠢᠨ ᠳ᠋ᠤ᠌ ᠥᠭᠦᠯᠡᠳᠡᠭ《ᠲᠩᠷᠢ》 ᠭᠡᠳᠡᠭ ᠤᠬᠠᠭᠳᠠᠬᠤᠨ ᠨᠢ ᠨᠢᠭᠡ ᠵᠦᠢᠯ ᠦ᠋ᠨ ᠳᠡᠭᠡᠳᠦ ᠵᠡᠷᠭᠡ ᠶ᠋ᠢᠨ ᠠᠮᠢᠲᠠᠨ ᠪᠠ ᠲᠡᠳᠡᠨᠦᠰ ᠦ᠋ᠨ ᠣᠷᠣᠰᠢᠨ ᠰᠠᠭᠤᠬᠤ ᠣᠷᠣᠨ ᠪᠠᠢᠷᠢ ᠶ᠋ᠢ ᠵᠢᠭᠠᠳᠠᠭ᠃ ᠲᠩᠷᠢ ᠳ᠋ᠦ᠍ ᠠᠮᠠᠷᠮᠠᠭ ᠤ᠋ᠨ ᠶᠢᠷᠲᠢᠨᠴᠦ ᠶ᠋ᠢᠨ ᠵᠢᠷᠭᠤᠭᠠᠨ ᠲᠩᠷᠢ᠂ ᠥᠩᠭᠡᠲᠦ ᠶᠢᠷᠲᠢᠨᠴᠦ ᠶ᠋ᠢᠨ ᠠᠷᠪᠠᠨ ᠳᠣᠯᠣᠭᠠᠨ ᠲᠩᠷᠢ ᠪᠠ ᠥᠩᠭᠡ ᠦᠭᠡᠢ ᠶᠢᠷᠲᠢᠨᠴᠦ ᠶ᠋ᠢᠨ ᠳᠥᠷᠪᠡᠨ ᠲᠩᠷᠢ ᠪᠠᠭᠲᠠᠨ᠎ᠠ᠃ᠠᠮᠠᠷᠮᠠᠭ ᠤ᠋ᠨ ᠶᠢᠷᠲᠢᠨᠴᠦ ᠶ᠋ᠢᠨ ᠵᠢᠷᠭᠤᠭᠠᠨ ᠲᠩᠷᠢ ᠭᠡᠳᠡᠭ ᠨᠢ ᠰᠦᠮᠪᠦᠷ ᠠᠭᠤᠯᠠ ᠶ᠋ᠢᠨ ᠳᠤᠮᠳᠠᠳᠤ ᠪᠡᠶ᠎ᠡ ᠳ᠋ᠡᠬᠢ ᠳᠥᠷᠪᠡᠨ ᠮᠠᠬᠠᠷᠠᠨᠽᠠ ᠶ᠋ᠢᠨ ᠲᠩᠷᠢ; ᠲᠡᠭᠦᠨ ᠡᠴᠡ ᠳᠡᠭᠡᠭᠰᠢ ᠳᠥᠷᠪᠡᠨ ᠲᠦᠮᠡᠨ ᠪᠠᠷ᠎ᠠ ᠳᠡᠭᠡᠷᠡᠬᠢ ᠰᠦᠮᠪᠦᠷ ᠠᠭᠤᠯᠠ ᠶ᠋ᠢᠨ ᠣᠷᠭᠢᠯ ᠳ᠋ᠠᠬᠢ ᠭᠤᠴᠢᠨ ᠭᠤᠷᠪᠠᠨ ᠲᠩᠷᠢ ᠨᠠᠷ ᠤ᠋ᠨ ᠣᠷᠣᠨ ︔ ᠲᠡᠭᠦᠨ ᠡᠴᠡ ᠳᠡᠭᠡᠭᠰᠢ ᠨᠠᠢ᠍ᠮᠠᠨ ᠲᠦᠮᠡᠨ ᠪᠠᠷ᠎ᠠ ᠥᠨᠳᠥᠷ ᠣᠭᠲᠠᠷᠭᠤᠢ ᠳ᠋ᠠᠬᠢ ᠪᠠᠢᠯᠳᠤᠭᠠᠨ ᠠ᠋ᠴᠠ ᠠᠩᠭᠢᠵᠢᠷᠠᠭᠰᠠᠨ ᠲᠩᠷᠢ ᠨᠠᠷ ᠤ᠋ᠨ ᠣᠷᠣᠨ︔ ᠲᠡᠭᠦᠨ ᠡᠴᠡ ᠳᠡᠭᠡᠭᠰᠢ ᠨᠢᠭᠡ ᠲᠦᠮᠡ ᠵᠢᠷᠭᠤᠭᠠᠨ ᠮᠢᠩᠭᠠᠨ ᠪᠠᠷ᠎ᠠ ᠳᠡᠭᠡᠷ᠎ᠡ ᠪᠠᠢᠬᠤ ᠲᠡᠭᠦᠰ ᠪᠠᠶᠠᠰᠬᠤᠯᠠᠩᠲᠤ ᠣᠷᠣᠨ ᠵᠡᠷᠭᠡ ᠶ᠋ᠢ ᠵᠢᠭᠠᠳᠠᠭ᠃ ᠲᠡᠭᠦᠰ ᠪᠠᠶᠠᠰᠬᠤᠯᠠᠩᠲᠤ ᠶ᠋ᠢᠨ《 ᠲᠡᠷᠡ ᠣᠷᠣᠨ ᠳ᠋ᠤᠷ ᠠᠨᠤ ᠬᠤᠲᠤᠭᠲᠤ ᠮᠠᠢᠳᠠᠷᠢ ᠪᠤᠷᠬᠠᠨ᠂ ᠨᠣᠮ ᠶᠢᠷᠲᠢᠨᠴᠦ ᠬᠣᠶᠠᠷ ᠤ᠋ᠨ ᠲᠥᠷᠥ ᠶ᠋ᠢ ᠦᠨᠡᠨ ᠶᠣᠰᠣᠭᠠᠷ ᠬᠦ᠌ ᠠᠷᠪᠢᠵᠢᠭᠤᠯᠵᠤ᠂ ᠶᠡᠬᠡ ᠬᠥᠯᠭᠡᠨ ᠦ᠌ ᠨᠣᠮ ᠤ᠋ᠨ ᠪᠠᠶᠠᠰᠬᠤᠯᠠᠩ ᠯᠤᠭ᠎ᠠ ᠲᠡᠭᠦᠰᠦᠭᠰᠡᠨ ᠦ᠌ ᠲᠤᠯᠠ ᠲᠡᠭᠦᠰ ᠪᠠᠶᠠᠰᠬᠤᠯᠠᠩᠲᠤ ᠣᠷᠣᠨ ᠬᠡᠮᠡᠶᠦ》(《 ᠴᠢᠬᠤᠯᠠ ᠬᠡᠷᠡᠭᠯᠡᠭᠴᠢ ᠲᠡᠭᠦᠰ ᠤᠳᠬᠠᠲᠤ ᠱᠠᠰᠲᠢᠷ》)᠂ ᠪᠤᠷᠬᠠᠨ ᠤ᠋ ᠱᠠᠰᠢᠨ ᠤ᠋ ᠤᠯᠠᠮᠵᠢᠯᠠᠯᠲᠤ ᠶᠠᠷᠢᠶᠠᠨ ᠳ᠋ᠤ᠌ ᠱᠠᠭᠵᠠᠮᠤᠨᠢ ᠪᠤᠷᠬᠠᠨ ᠤ᠋ ᠡᠬᠡ ᠮᠠᠾᠠᠮᠠᠶ᠎ᠠ ᠬᠠᠲᠤᠨ ᠨᠢᠷᠸᠠᠨ ᠪᠣᠯᠤᠭᠰᠠᠨ ᠤ᠋ ᠬᠣᠢᠨ᠎ᠠ ᠲᠡᠭᠦᠰ ᠪᠠᠶᠠᠰᠬᠤᠯᠠᠩᠲᠤ ᠣᠷᠣᠨ ᠳ᠋ᠤ᠌ ᠲᠥᠷᠥᠪᠡ ᠭᠡᠳᠡᠭ᠃ ᠮᠣᠩᠭᠣᠯ ᠣᠷᠣᠨ ᠳ᠋ᠤ᠌ ᠳᠡᠯᠭᠡᠷᠡᠭᠰᠡᠨ ᠪᠤᠷᠬᠠᠨ ᠤ᠋ ᠱᠠᠰᠢᠨ ᠳ᠋ᠤ᠌ ᠶᠡᠬᠡᠰ ᠯᠠᠮᠠ ᠨᠠᠷ ᠨᠢᠷᠸᠠᠨ ᠪᠣᠯᠤᠭᠰᠠᠨ ᠤ᠋ ᠬᠣᠢᠨ᠎ᠠ ᠲᠦᠰᠢᠳ ᠦ᠋ᠨ ᠣᠷᠣᠨ (ᠲᠡᠭᠦᠰ ᠪᠠᠶᠠᠰᠬᠤᠯᠠᠩᠲᠤ ᠣᠷᠣᠨ ) ᠳ᠋ᠤ᠌ ᠲᠥᠷᠥᠨ᠎ᠡ ᠭᠡᠵᠦ ᠦᠵᠡᠳᠡᠭ᠃ ᠲᠡᠭᠦᠰ ᠪᠠᠶᠠᠰᠬᠤᠯᠠᠩᠲᠤ ᠣᠷᠣᠨ ᠠ᠋ᠴᠠ ᠳᠡᠭᠡᠭᠰᠢ ᠭᠤᠴᠢᠨ ᠭᠤᠷᠪᠠᠨ ᠲᠦᠮᠡᠨ ᠪᠠᠷ᠎ᠠ ᠳᠡᠭᠡᠷᠡᠬᠢ ᠣᠭᠲᠠᠷᠭᠤᠢ ᠳ᠋ᠤ᠌ ᠬᠤᠪᠢᠯᠭᠠᠨ ᠳ᠋ᠤ᠌ ᠪᠠᠶᠠᠰᠤᠭᠴᠢ ᠲᠩᠷᠢ ᠨᠠᠷ ᠤ᠋ᠨ ᠣᠷᠣᠨ ᠪᠠᠢᠳᠠᠭ᠃ ᠲᠡᠭᠦᠨ ᠡᠴᠡ ᠳᠡᠭᠡᠭᠰᠢ ᠵᠢᠷᠠᠨ ᠳᠥᠷᠪᠡᠨ ᠲᠦᠮᠡᠨ ᠪᠠᠷ᠎ᠠ ᠳᠡᠭᠡᠷᠡᠬᠢ ᠣᠭᠲᠠᠷᠭᠤᠢ ᠳ᠋ᠤ᠌ ᠪᠤᠰᠤᠳ ᠤ᠋ᠨ ᠬᠤᠪᠢᠯᠭᠠᠨ ᠢ᠋ ᠡᠷᠬᠡ ᠪᠡᠷ ᠦᠢᠯᠡᠳᠦᠭᠴᠢ ᠲᠩᠷᠢ ᠨᠠᠷ ᠤ᠋ᠨ ᠣᠷᠣᠨ ᠪᠠᠢᠳᠠᠭ᠃ ᠳᠥᠷᠪᠡᠨ ᠲᠢᠪ ᠦ᠋ᠨ ᠬᠥᠮᠦᠨ ᠠᠮᠤ ᠲᠠᠷᠢᠶ᠎ᠠ ᠪᠤᠶᠤ ᠮᠢᠬᠠᠨ ᠤ᠋ ᠵᠦᠢᠯ ᠢ᠋ ᠢᠳᠡᠵᠦ《ᠠᠮᠠᠷᠮᠠᠭ ᠤ᠋ᠨ ᠵᠢᠷᠭᠤᠭᠠᠨ ᠵᠦᠢᠯ ᠦ᠋ᠨ ᠲᠩᠷᠢ ᠨᠠᠷ ᠦᠨᠦᠷ ᠬᠢᠭᠡᠳ ᠷᠠᠰᠢᠶᠠᠨ ᠢ᠋ ᠢᠳᠡᠮᠦᠢ᠃ ᠲᠡᠭᠦᠨ ᠡᠴᠡ ᠳᠡᠭᠡᠳᠦ ᠲᠩᠷᠢ ᠨᠠᠷ ᠢᠳᠡᠭᠡᠨ ᠦᠯᠦ ᠢᠳᠡᠮᠦᠢ》(《 ᠴᠢᠬᠤᠯᠠ ᠬᠡᠷᠡᠭᠯᠡᠭᠴᠢ ᠲᠡᠭᠦᠰ ᠤᠳᠬᠠᠲᠤ ᠱᠠᠰᠲᠢᠷ》)᠃ᠠᠮᠠᠷᠮᠠᠭ ᠤ᠋ᠨ ᠲᠩᠷᠢ ᠨᠠᠷ ᠲᠤ᠌ ᠡᠷ᠎ᠡ ᠡᠮ᠎ᠡ ᠶ᠋ᠢᠨ ᠢᠯᠭᠠᠯ ᠲᠠᠢ᠂ ᠲᠡᠭᠦᠨ ᠡᠴᠡ ᠳᠡᠭᠡᠭᠰᠢᠬᠢ ᠶ᠋ᠢᠨ ᠲᠩᠷᠢ ᠨᠠᠷ ᠲᠤ᠌ ᠡᠷ᠎ᠡ ᠡᠮ᠎ᠡ ᠶ᠋ᠢᠨ ᠢᠯᠭᠠᠯ ᠭᠡᠵᠦ ᠪᠠᠢᠬᠤ ᠦᠭᠡᠢ᠃ ᠪᠠᠰᠠ《 ᠳᠥᠷᠪᠡᠨ ᠲᠢᠪ᠂ ᠳᠥᠷᠪᠡᠨ ᠮᠠᠬᠠᠷᠠᠨᠽᠠ᠂ ᠭᠤᠴᠢᠨ ᠭᠤᠷᠪᠠᠨ ᠳ᠋ᠠᠬᠢ ᠲᠩᠷᠢ ᠨᠠᠷ ᠬᠣᠶᠠᠷ ᠪᠦᠷᠢ ᠬᠠᠮᠲᠤᠳ ᠤ᠋ᠨ ᠡᠪᠦᠴᠡᠯᠳᠦᠭᠰᠡᠨ ᠢ᠋ᠶ᠋ᠡᠷ ᠲᠠᠴᠢᠶᠠᠩᠭᠤᠢ ᠬᠠᠨᠤᠶᠤ᠃ ᠢᠬᠡᠷᠲᠡ ᠶ᠋ᠢᠨ ᠲᠩᠷᠢ ᠨᠠᠷ( ᠪᠠᠢᠯᠳᠤᠭᠠᠨ ᠠ᠋ᠴᠠ ᠠᠩᠭᠢᠵᠢᠷᠠᠭᠰᠠᠨ ᠲᠩᠷᠢ ᠨᠠᠷ) ᠲᠡᠪᠡᠷᠢᠯᠳᠦᠭᠡᠳ ᠰᠡᠴᠡ ᠲᠠᠴᠢᠶᠠᠩᠭᠤᠢ ᠬᠠᠨᠤᠶᠤ᠃ ᠲᠡᠭᠦᠰ ᠪᠠᠶᠠᠰᠬᠤᠯᠠᠩ ᠤ᠋ᠨ ᠲᠩᠷᠢ ᠨᠠᠷ ᠭᠠᠷ ᠭᠠᠷ ᠢ᠋ᠶ᠋ᠠᠨ ᠪᠠᠷᠢᠭᠠᠳ ᠰᠡᠴᠡ ᠲᠠᠴᠢᠶᠠᠩᠭᠤᠢ ᠬᠠᠨᠤᠶᠤ᠃ ᠬᠤᠪᠢᠯᠭᠠᠨ ᠳ᠋ᠤᠷ ᠪᠠᠶᠠᠰᠤᠭᠴᠢ ᠲᠩᠷᠢ ᠨᠠᠷ ᠢᠨᠢᠶᠡᠯᠳᠦᠭᠡᠳ ᠰᠡᠴᠡ ᠲᠠᠴᠢᠶᠠᠩᠭᠤᠢ ᠬᠠᠨᠤᠶᠤ᠃ ᠪᠤᠰᠤᠳ ᠤ᠋ᠨ ᠬᠤᠪᠢᠯᠭᠠᠨ ᠢ᠋ ᠡᠷᠬᠡ ᠪᠡᠷ ᠦᠢᠯᠡᠳᠦᠭᠴᠢ ᠲᠩᠷᠢ ᠨᠠᠷ ᠴᠢᠨᠠᠭᠰᠢ ᠢᠨᠠᠭᠰᠢ ᠬᠠᠷᠢᠯᠴᠠᠭᠠᠳ ᠰᠡᠴᠡ ᠲᠠᠴᠢᠶᠠᠩᠭᠤᠢ ᠬᠠᠨᠤᠶᠤ᠃ ᠥᠩᠭᠡᠲᠦ ᠶᠢᠷᠲᠢᠨᠴᠦ ᠶ᠋ᠢᠨ ᠲᠩᠷᠢ ᠨᠠᠷ ᠲᠤᠷ ᠲᠡᠢᠮᠦ ᠦᠭᠡᠢ ᠪᠤᠶᠤ》 ᠭᠡᠵᠦ 《 ᠴᠢᠬᠤᠯᠠ ᠬᠡᠷᠡᠭᠯᠡᠭᠴᠢ ᠲᠡᠭᠦᠰ ᠤᠳᠬᠠᠲᠤ ᠱᠠᠰᠲᠢᠷ》 ᠲᠤ᠌ ᠲᠡᠮᠳᠡᠭᠯᠡᠵᠦ ᠪᠠᠢᠳᠠᠭ᠃ ᠥᠩᠭᠡᠲᠦ ᠶᠢᠷᠲᠢᠨᠴᠦ ᠭᠡᠳᠡᠭ ᠨᠢ ᠠᠮᠠᠷᠮᠠᠭ ᠤ᠋ᠨ ᠶᠢᠷᠲᠢᠨᠴᠦ ᠶ᠋ᠢᠨ ᠳᠡᠭᠡᠷ᠎ᠡ ᠣᠷᠣᠰᠢᠳᠠᠭ ᠲᠩᠷᠢ ᠨᠠᠷ ᠤ᠋ᠨ ᠣᠷᠣᠨ ᠢ᠋ ᠬᠡᠯᠡᠨ᠎ᠡ᠃《 ᠥᠩᠭᠡ》 ᠭᠡᠳᠡᠭ ᠨᠢ ᠪᠣᠳᠠᠰ ᠤ᠋ᠨ ᠦᠵᠡᠭᠳᠡᠯ ᠢ᠋ ᠵᠢᠭᠠᠵᠤ ᠪᠣᠢ᠃ ᠮᠣᠩᠭᠣᠯ ᠣᠷᠴᠢᠭᠤᠯᠭ᠎ᠠ ᠳ᠋ᠤ᠌ ᠪᠠᠰᠠ《 ᠳᠦᠷᠰᠦ》ᠭᠡᠵᠦ ᠣᠷᠴᠢᠭᠤᠯᠳᠠᠭ᠃ ᠶᠠᠭᠤᠨ ᠳ᠋ᠤ᠌ ᠥᠩᠭᠡᠲᠦ ᠶᠢᠷᠲᠢᠨᠴᠦ ᠭᠡᠳᠡᠭ ᠪᠣᠢ ᠭᠡᠪᠡᠯ《ᠠᠮᠠᠷᠮᠠᠭ ᠤ᠋ᠨ ᠲᠠᠴᠢᠶᠠᠩᠭᠤᠢ ᠠ᠋ᠴᠠ ᠠᠩᠭᠢᠵᠢᠷᠠᠭᠰᠠᠨ᠂ ᠥᠩᠭᠡᠲᠦ ᠲᠠᠴᠢᠶᠠᠩᠭᠤᠢ ᠠ᠋ᠴᠠ ᠡᠰᠡ ᠠᠩᠭᠢᠵᠢᠷᠠᠭᠰᠠᠨ ᠤ᠋ ᠲᠤᠯᠠ ᠲᠡᠢᠨ ᠬᠡᠮᠡᠶᠦ》(《 ᠴᠢᠬᠤᠯᠠ ᠬᠡᠷᠡᠭᠯᠡᠭᠴᠢ ᠲᠡᠭᠦᠰ ᠤᠳᠬᠠᠲᠤ ᠱᠠᠰᠲᠢᠷ》)᠃ᠥᠩᠭᠡᠲᠦ ᠶᠢᠷᠲᠢᠨᠴᠦ ᠶ᠋ᠢᠨ ᠲᠩᠷᠢ ᠨᠠᠷ ᠨᠢ ᠠᠮᠠᠷᠮᠠᠭ ᠤ᠋ᠨ ᠶᠢᠷᠲᠢᠨᠴᠦ ᠶ᠋ᠢᠨ ᠬᠦᠰᠡᠯ ᠲᠠᠴᠢᠶᠠᠯ ᠦᠭᠡᠢ ᠪᠣᠯᠪᠠᠴᠤ ᠳᠦᠷᠢ ᠪᠠᠢᠳᠠᠯ᠂ ᠪᠡᠶ᠎ᠡ ᠪᠠᠢᠳᠠᠭ ᠪᠥᠭᠡᠳ ᠣᠷᠣᠰᠢᠨ ᠰᠠᠭᠤᠬᠤ ᠤᠷᠲᠤ ᠬᠠᠷᠰᠢ᠂ ᠣᠷᠣᠨ ᠳᠡᠪᠢᠰᠬᠡᠷ ᠪᠠᠢᠳᠠᠭ ᠠ᠋ᠴᠠ ᠪᠣᠯᠵᠤ ᠥᠩᠭᠡᠲᠦ ᠶᠢᠷᠲᠢᠨᠴᠦ ᠭᠡᠵᠡᠢ᠃ ᠥᠩᠭᠡᠲᠦ ᠶᠢᠷᠲᠢᠨᠴᠦ ᠶ᠋ᠢᠨ ᠲᠩᠷᠢ ᠨᠠᠷ ᠤ᠋ᠨ ᠣᠷᠣᠨ ᠳ᠋ᠤ᠌ ᠨᠢᠭᠡᠳᠦᠭᠡᠷ ᠲᠢᠶᠠᠨ ᠤ᠋ ᠭᠤᠷᠪᠠᠨ ᠣᠷᠣᠨ᠂ ᠬᠣᠶᠠᠳᠤᠭᠠᠷ ᠲᠢᠶᠠᠨ ᠤ᠋ ᠭᠤᠷᠪᠠᠨ ᠣᠷᠣᠨ᠂ ᠭᠤᠲᠠᠭᠠᠷ ᠲᠢᠶᠠᠨ ᠤ᠋ ᠭᠤᠷᠪᠠᠨ ᠣᠷᠣᠨ᠂ ᠳᠥᠲᠥᠭᠡᠷ ᠲᠢᠶᠠᠨ ᠤ᠋ ᠨᠠᠢ᠍ᠮᠠᠨ ᠣᠷᠣᠨ ᠭᠡᠵᠦ ᠨᠡᠢᠲᠡ ᠠᠷᠪᠠᠨ ᠳᠣᠯᠣᠭᠠᠨ ᠲᠩᠷᠢ ᠨᠠᠷ ᠤ᠋ᠨ ᠣᠷᠣᠨ ᠪᠠᠭᠲᠠᠨ᠎ᠠ᠃ ᠡᠭᠦᠨ ᠢ᠋《 ᠮᠡᠷᠭᠡᠳ ᠭᠠᠷᠬᠤ ᠶ᠋ᠢᠨ ᠣᠷᠣᠨ 》 ᠳ᠋ᠤ᠌᠄《 ᠳᠦᠷᠰᠦᠲᠦ ᠶ᠋ᠢᠨ ᠠᠷᠪᠠᠨ ᠳᠣᠯᠣᠭᠠᠨ ᠣᠷᠣᠨ ᠤ᠋ ᠲᠩᠷᠢ ᠨᠠᠷ ᠤ᠋ᠨ ᠠᠢᠮᠠᠭ》 ᠭᠡᠵᠦ ᠨᠡᠷᠡᠯᠡᠵᠡᠢ᠃ ᠥᠩᠭᠡᠲᠦ ᠦᠭᠡᠢ ᠶᠢᠷᠲᠢᠨᠴᠦ ᠶ᠋ᠢᠨ ᠳᠥᠷᠪᠡᠨ ᠠᠢᠮᠠᠭ ᠲᠩᠷᠢ ᠨᠠᠷ ᠤ᠋ᠨ ᠣᠷᠣᠨ᠃ ᠥᠩᠭᠡ ᠦᠭᠡᠢ ᠶᠢᠷᠲᠢᠨᠴᠦ ᠪᠣᠯᠪᠠᠰᠤ ᠭᠤᠷᠪᠠᠨ ᠶᠢᠷᠲᠢᠨᠴᠦ ᠶ᠋ᠢᠨ ᠬᠠᠮᠤᠭ ᠤ᠋ᠨ ᠳᠡᠭᠡᠳᠦ ᠣᠷᠣᠨ ᠪᠣᠯᠤᠨ᠎ᠠ᠃《 ᠥᠩᠭᠡ ᠦᠭᠡᠢ ᠶᠢᠷᠲᠢᠨᠴᠦ ᠳ᠋ᠦ᠍ᠷ ᠠᠨᠤ ᠪᠡᠶ᠎ᠡ᠂ ᠥᠩᠭᠡ᠂ ᠳᠠᠭᠤᠨ ᠲᠡᠷᠢᠭᠦᠲᠡᠨ ᠦᠭᠡᠢ ᠪᠤᠶᠤ》 ᠭᠡᠵᠦ《 ᠴᠢᠬᠤᠯᠠ ᠬᠡᠷᠡᠭᠯᠡᠭᠴᠢ ᠲᠡᠭᠦᠰ ᠤᠳᠬᠠᠲᠤ ᠱᠠᠰᠲᠢᠷ》 ᠲᠤ᠌ ᠲᠡᠮᠳᠡᠭᠯᠡᠵᠦ ᠪᠠᠢᠳᠠᠭ᠃ ᠡᠨᠡ ᠨᠢ ᠬᠦᠰᠡᠯ ᠲᠠᠴᠢᠶᠠᠯ ᠦᠭᠡᠢ ᠪᠡᠷ ᠦᠯᠦ ᠪᠠᠷᠠᠮ ᠪᠡᠶ᠎ᠡ ᠳᠦᠷᠰᠦ ᠴᠦ᠍ ᠦᠭᠡᠢ᠂ ᠶᠠᠮᠠᠷ ᠴᠤ᠌ ᠪᠣᠳᠠᠰ ᠤ᠋ᠨ ᠦᠵᠡᠭᠳᠡᠯ ᠭᠡᠵᠦ ᠪᠠᠢᠬᠤ ᠦᠭᠡᠢ《 ᠠᠮᠢᠲᠠᠳ》 ᠪᠣᠯᠤᠨ ᠲᠡᠳᠡᠨ ᠦ᠌ ᠣᠷᠣᠰᠢᠨ ᠰᠠᠭᠤᠬᠤ ᠣᠷᠣᠨ ᠪᠣᠯᠤᠨ᠎ᠠ᠃ ᠥᠩᠭᠡ ᠦᠭᠡᠢ ᠶᠢᠷᠲᠢᠨᠴᠦ ᠶ᠋ᠢᠨ ᠳᠥᠷᠪᠡᠨ ᠣᠷᠣᠨ ᠳ᠋ᠤ᠌ ᠬᠢᠵᠠᠭᠠᠷᠯᠠᠯ ᠦᠭᠡᠢ ᠣᠭᠲᠠᠷᠭᠤᠢ ᠶ᠋ᠢᠨ ᠣᠷᠣᠨ᠂ ᠬᠢᠵᠠᠭᠠᠷᠯᠠᠯ ᠦᠭᠡᠢ ᠮᠡᠳᠡᠬᠦᠢ ᠶ᠋ᠢᠨ ᠣᠷᠣᠨ᠂ ᠶᠠᠭᠤᠨ ᠢ᠋ᠶ᠋ᠠᠷ ᠦᠭᠡᠢ ᠶ᠋ᠢᠨ ᠣᠷᠣᠨ᠂ ᠰᠠᠨᠰᠠᠷ ᠤ᠋ᠨ ᠦᠵᠦᠭᠦᠷ ᠦ᠋ᠨ ᠣᠷᠣᠨ ᠵᠡᠷᠭᠡ ᠪᠠᠭᠲᠠᠨ᠎ᠠ᠃ ᠪᠤᠷᠬᠠᠨ ᠤ᠋ ᠱᠠᠰᠢᠨ ᠳ᠋ᠤ᠌ ᠡᠨᠡ ᠵᠢᠷᠭᠤᠭᠠᠨ ᠵᠦᠢᠯ ᠠᠮᠢᠲᠠᠨ ᠢ᠋《 ᠡᠬᠡ ᠪᠣᠯᠤᠭᠰᠠᠨ ᠵᠢᠷᠭᠤᠭᠠᠨ ᠵᠦᠢᠯ ᠠᠮᠢᠲᠠᠨ》 ᠭᠡᠵᠦ ᠦᠵᠡᠳᠡᠭ ᠦ᠋ᠨ ᠤᠴᠢᠷ ᠨᠢ ᠶᠠᠮᠠᠷ ᠨᠢᠭᠡᠨ ᠠᠮᠢᠲᠠᠨ ᠣᠷᠴᠢᠯᠠᠩ ᠠ᠋ᠴᠠ ᠲᠣᠨᠢᠯᠬᠤ ᠠ᠋ᠴᠠ ᠡᠮᠦᠨ᠎ᠡ ᠥᠪᠡᠷ ᠦ᠋ᠨ ᠦᠢᠯᠡᠳᠦᠭᠰᠡᠨ ᠪᠤᠶᠠᠨ ᠨᠢᠭᠦᠯ ᠦ᠋ᠨ ᠡᠷᠬᠡ ᠪᠡᠷ ᠡᠨᠡ ᠵᠢᠷᠭᠤᠭᠠᠨ ᠵᠦᠢᠯ ᠠᠮᠢᠲᠠᠨ ᠳ᠋ᠤ᠌ ᠡᠭᠡᠯᠵᠢᠯᠡᠨ ᠲᠥᠷᠥᠳᠡᠭ᠃ ᠪᠤᠶᠠᠨ ᠦᠢᠯᠡᠳᠪᠡᠯ ᠮᠠᠭᠤ ᠵᠠᠶᠠᠭᠠᠨ ᠠ᠋ᠴᠠ ᠰᠠᠢᠨ ᠵᠠᠶᠠᠭᠠᠨ ᠳ᠋ᠤ᠌ ᠲᠥᠷᠥᠵᠦ ᠪᠣᠯᠬᠤ ᠪᠥᠭᠡᠳ ᠨᠢᠭᠦᠯ ᠦᠢᠯᠡᠳᠪᠡᠯ ᠰᠠᠢᠨ ᠵᠠᠶᠠᠭᠠᠨ ᠠ᠋ᠴᠠ ᠪᠠᠨ ᠮᠠᠭᠤ ᠵᠠᠶᠠᠭᠠᠨ ᠳ᠋ᠤ᠌ ᠲᠥᠷᠥᠳᠡᠭ᠃ ᠡᠨᠡ ᠲᠥᠷᠥᠯ ᠳ᠋ᠡᠭᠡᠨ ᠬᠥᠮᠦᠨ ᠦ᠌ ᠪᠡᠶ᠎ᠡ ᠶ᠋ᠢ ᠪᠠᠷᠢᠵᠤ ᠲᠥᠷᠥᠭᠰᠡᠨ ᠪᠣᠯᠪᠠᠴᠤ ᠲᠣᠭᠠᠯᠠᠰᠢ ᠦᠭᠡᠢ ᠤᠷᠢᠳᠤ ᠲᠥᠷᠥᠯ ᠦ᠋ᠳ ᠲᠡᠭᠡᠨ ᠶᠠᠮᠠᠷ ᠨᠢᠭᠡᠨ ᠠᠮᠢᠲᠠᠨ ᠳ᠋ᠤ᠌ ᠣᠷᠣᠵᠤ ᠲᠥᠷᠥᠵᠦ ᠥᠩᠭᠡᠷᠡᠭᠰᠡᠨ ᠪᠠᠢᠵᠤ ᠮᠡᠳᠡᠬᠦ ᠶᠦᠮ᠃ ᠡᠢᠮᠦ ᠡᠴᠡ ᠬᠠᠮᠤᠭ ᠠᠮᠢᠲᠠᠨ ᠵᠢᠷᠭᠤᠭᠠᠨ ᠵᠦᠢᠯ ᠢ᠋ ᠴᠥᠮ ᠥᠪᠡᠷ ᠦ᠋ᠨ ᠡᠬᠡ ᠭᠡᠵᠦ ᠡᠨᠡᠷᠢᠨ ᠬᠠᠢᠷᠠᠯᠠᠵᠤ᠂ ᠠᠮᠢᠲᠠᠨ ᠤ᠋ ᠠᠮᠢᠨ ᠢ᠋ ᠲᠠᠰᠤᠯᠬᠤ ᠨᠢᠭᠦᠯ ᠬᠢᠯᠢᠨᠴᠡ ᠶ᠋ᠢ ᠣᠭᠲᠣ ᠦᠢᠯᠡᠳᠴᠦ ᠪᠣᠯᠬᠤ ᠦᠭᠡᠢ ᠭᠡᠳᠡᠭ᠃ 
   
     ᠲᠤᠰ ᠵᠣᠬᠢᠶᠠᠯ ᠤ᠋ᠨ ᠡᠬᠡ ᠮᠠᠲ᠋ᠧᠷᠢᠶᠠᠯ《ᠮᠣᠩᠭᠣᠯ ᠤ᠋ᠨ ᠪᠤᠷᠬᠠᠨ ᠤ᠋ ᠱᠠᠰᠢᠨ(ᠳᠡᠭᠡᠳᠦ ᠳᠡᠪᠲᠡᠷ)》᠂ ᠪᠠᠶᠠᠨᠰᠠᠩ ᠨᠠᠢᠷᠠᠭᠤᠯᠪᠠ᠃ ᠥᠪᠥᠢ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2008 ᠣᠨ᠃

  ᠦᠰᠦᠭ ᠠᠮᠢᠯᠠᠭᠤᠯᠤᠭᠴᠢ᠄ ᠠᠯᠲᠠᠨᠨᠠᠪᠴᠢ  
  ᠬᠢᠨᠠᠭᠴᠢ᠄ ᠣᠳᠬᠠᠨᠰᠣ᠎ᠠ