ᠪᠣᠷᠣ ᠤᠰᠤᠨ ᠤ᠋ ᠠᠩᠭᠢᠷ-ᠡᠷᠳᠡᠨᠢᠴᠢᠮᠡᠭBor usny angir-ErdenchimgeeБор усны ангир-Эрдэнчимгээ
ᠪᠣᠷᠣ ᠤᠰᠤᠨ ᠤ᠋ ᠠᠩᠭᠢᠷ
ᠦᠭᠡ᠄ ᠨᠠᠰᠤᠨ
ᠠᠶ᠎ᠠ᠄ ᠰᠡᠴᠡᠨᠴᠣᠭᠲᠤ
ᠳᠠᠭᠤᠴᠢᠨ᠄ ᠡᠷᠳᠡᠨᠢᠴᠢᠮᠡᠭ
ᠪᠣᠷᠣ ᠤᠰᠤᠨ ᠤ᠋ ᠠᠩᠭᠢᠷ ᠳ᠋ᠠ ᠬᠦ᠋
ᠪᠤᠴᠠᠨ ᠭᠠᠩᠭᠠᠨᠠᠨ ᠨᠢᠰᠦᠭᠡᠳ ᠢᠷᠡᠳᠡᠭ ᠶᠤᠮ ᠠ᠋
ᠪᠣᠯᠭᠠᠨ ᠲᠠᠯ᠎ᠠ ᠶ᠋ᠢᠨ ᠠᠳᠤᠭᠤᠨ ᠤ᠋ ᠵᠠᠬ᠎ᠠ ᠳ᠋ᠤ᠌ ᠬᠦ᠋
ᠪᠤᠭᠤᠷᠤᠯ ᠠᠪᠤ ᠪᠠᠨ ᠰᠠᠨᠠᠭᠠᠳ ᠪᠢ ᠴᠢᠨᠢ ᠣᠴᠢᠳᠠᠭ ᠶᠤᠮ ᠠ᠋
ᠬᠣᠭᠣᠯᠠᠢ ᠶ᠋ᠢᠨ ᠭᠣᠣᠯ ᠤ᠋ᠨ ᠳᠡᠭᠳᠡᠭᠡᠬᠡᠢ ᠨᠢ ᠬᠦ᠋
ᠬᠣᠷᠭᠣᠳᠠᠨ ᠭᠠᠩᠭᠠᠨᠠᠨ ᠬᠣᠰᠢᠭᠤᠷᠠᠭᠠᠳ ᠢᠷᠡᠳᠡᠭ ᠶᠤᠮ ᠠ᠋
ᠬᠣᠩᠭᠣᠷ ᠬᠥᠨᠳᠡᠢ ᠶ᠋ᠢᠨ ᠬᠣᠨᠢᠳ ᠤ᠋ᠨ ᠳᠡᠷᠭᠡᠳᠡ ᠬᠦ᠋
ᠬᠣᠯᠠ ᠠ᠋ᠴᠠ ᠡᠵᠢ ᠪᠡᠨ ᠰᠠᠨᠠᠭᠠᠳ ᠪᠢ ᠴᠢᠨᠢ ᠣᠴᠢᠳᠠᠭ ᠶᠤᠮ ᠠ᠋
ᠡᠶ᠎ᠡ ᠶᠡᠬᠡ ᠥᠨᠳᠥᠷ ᠦ᠋ᠨ ᠰᠢᠪᠠᠭᠤᠬᠠᠢ ᠨᠢ ᠬᠦ᠋
ᠢᠵᠢᠯᠳᠡᠨ ᠵᠢᠷᠭᠢᠨ ᠡᠷᠭᠢᠭᠡᠳ ᠢᠷᠡᠳᠡᠭ ᠶᠤᠮ ᠠ᠋
ᠡᠷᠬᠡ ᠪᠠᠭ᠎ᠠ ᠶ᠋ᠢᠨ ᠨᠥᠮᠦᠷᠢᠯᠢᠭ ᠨᠤᠲᠤᠭ ᠲᠠᠭᠠᠨ
ᠡᠵᠢ ᠠᠪᠤ ᠪᠠᠨ ᠰᠠᠨᠠᠭᠠᠳ ᠪᠢ ᠴᠢᠨᠢ ᠣᠴᠢᠳᠠᠭ ᠶᠤᠮ ᠠ᠋
ᠪᠣᠷᠣ ᠤᠰᠤᠨ ᠤ᠋ ᠠᠩᠭᠢᠷ ᠳ᠋ᠠ ᠬᠦ᠋
ᠪᠤᠴᠠᠨ ᠭᠠᠩᠭᠠᠨᠠᠨ ᠨᠢᠰᠦᠭᠡᠳ ᠢᠷᠡᠳᠡᠭ ᠶᠤᠮ ᠠ᠋
ᠡᠷᠬᠡ ᠪᠠᠭ᠎ᠠ ᠶ᠋ᠢᠨ ᠨᠥᠮᠦᠷᠢᠯᠢᠭ ᠨᠤᠲᠤᠭ ᠲᠠᠭᠠᠨ
ᠡᠵᠢ ᠠᠪᠤ ᠪᠠᠨ ᠰᠠᠨᠠᠭᠠᠳ ᠪᠢ ᠴᠢᠨᠢ ᠣᠴᠢᠳᠠᠭ ᠶᠤᠮ ᠠ᠋
ᠡᠷᠬᠡ ᠪᠠᠭ᠎ᠠ ᠶ᠋ᠢᠨ ᠨᠥᠮᠦᠷᠢᠯᠢᠭ ᠨᠤᠲᠤᠭ ᠲᠠᠭᠠᠨ
ᠡᠵᠢ ᠠᠪᠤ ᠪᠠᠨ ᠰᠠᠨᠠᠭᠠᠳ ᠪᠢ ᠴᠢᠨᠢ ᠣᠴᠢᠳᠠᠭ ᠶᠤᠮ ᠠ᠋
ᠦᠰᠦᠭ ᠠᠮᠢᠯᠠᠭᠤᠯᠤᠭᠴᠢ᠄ ᠠᠯᠲᠠᠨᠴᠢᠮᠡᠭ
