ᠴᠠᠰᠤᠲᠤ ᠴᠠᠭᠠᠨ ᠠᠭᠤᠯᠠ- ᠨᠡᠪᠴᠢᠮ᠎ᠡ Tsast tsagaan uul-NevchimaЦаст цагаан уул-Нэвчима
ᠴᠠᠰᠤᠲᠤ ᠴᠠᠭᠠᠨ ᠠᠭᠤᠯᠠ
ᠠᠷᠠᠳ ᠤ᠋ᠨ ᠳᠠᠭᠤᠤ
ᠳᠠᠭᠤᠴᠢᠨ᠄ ᠨᠡᠪᠴᠢᠮ᠎ᠡ
ᠴᠠᠰᠤᠲᠤ ᠴᠠᠭᠠᠨ ᠠᠭᠤᠯᠠᠨ ᠤ᠋ ᠪᠠᠨ ᠣᠷᠣᠢ ᠳᠡᠭᠡᠷ᠎ᠡ ᠬᠦ᠋
ᠴᠠᠭᠠᠨ ᠠᠷᠰᠯᠠᠨ ᠰᠦᠷ ᠲᠡᠢ ᠪᠥᠭᠡᠳ ᠵᠢᠪᠬᠤᠯᠠᠩᠲᠠᠢ ᠳ᠋ᠠ ᠬᠦ᠋
ᠴᠠᠭ ᠤ᠋ᠨ ᠢᠷᠦᠭᠡᠯ ᠢ᠋ᠶ᠋ᠡᠷ ᠤᠴᠠᠷᠠᠭᠰᠠᠨ ᠠᠬ᠎ᠠ ᠳᠡᠭᠦᠦ ᠲᠠ ᠨᠠᠷ ᠮᠢᠨᠢ
ᠴᠠᠢ ᠶ᠋ᠢᠨ ᠢ᠋ᠶ᠋ᠡᠨ ᠳᠡᠭᠡᠵᠢ ᠪᠡᠨ ᠪᠠᠷᠢᠨ ᠪᠠᠷᠢᠭᠰᠠᠭᠠᠷ ᠵᠣᠭᠣᠭᠯᠠᠭᠠᠷᠠᠢ ᠬᠦ᠋
ᠪᠠᠷᠠᠭᠤᠨ ᠠᠭᠤᠯᠠ ᠶ᠋ᠢᠨ ᠤᠰᠤᠨ ᠨᠢ ᠮᠡᠲᠦ ᠲᠤᠩᠭᠠᠯᠠᠭ
ᠪᠠᠳᠮ᠎ᠠ ᠯᠢᠩᠬᠤ᠎ᠠ ᠴᠡᠴᠡᠭ ᠮᠡᠲᠦ ᠰᠡᠷᠭᠦᠯᠡᠩ ᠳ᠋ᠠ ᠬᠦ᠋
ᠪᠠᠭ᠎ᠠ ᠶ᠋ᠢᠨ ᠢᠷᠦᠭᠡᠯ ᠢ᠋ᠶ᠋ᠡᠷ ᠪᠠᠷᠢᠯᠳᠤᠭᠰᠠᠨ ᠠᠬ᠎ᠠ ᠳᠡᠭᠦᠦ ᠲᠠ ᠨᠠᠷ ᠮᠢᠨᠢ
ᠪᠠᠶᠠᠷ ᠤ᠋ᠨ ᠭᠡᠮ ᠢ᠋ᠶ᠋ᠡᠨ ᠪᠠᠷᠢᠨ ᠪᠠᠷᠢᠭᠰᠠᠭᠠᠷ ᠵᠣᠭᠣᠭᠯᠠᠭᠠᠷᠠᠢ ᠬᠦ᠋
ᠬᠣᠢᠲᠤ ᠠᠭᠤᠯᠠ ᠶ᠋ᠢᠨ ᠪᠤᠯᠠᠭ ᠮᠡᠲᠦ ᠲᠤᠩᠭᠠᠯᠠᠭ
ᠬᠣᠩᠭᠣᠷ ᠵᠤᠯᠠ ᠴᠡᠴᠡᠭ ᠮᠡᠲᠦ ᠰᠡᠷᠭᠦᠯᠡᠩ ᠳ᠋ᠠ ᠬᠦ᠋
ᠬᠤᠪᠢ ᠶ᠋ᠢᠨ ᠢᠷᠦᠭᠡᠯ ᠢ᠋ᠶ᠋ᠡᠷ ᠪᠠᠷᠢᠯᠳᠤᠭᠰᠠᠨ ᠠᠬ᠎ᠠ ᠳᠡᠭᠦᠦ ᠲᠠ ᠨᠠᠷ ᠮᠢᠨᠢ
ᠬᠤᠨᠳᠠᠭ᠎ᠠ ᠲᠠᠢ ᠳᠡᠭᠡᠵᠢ ᠪᠡᠨ ᠪᠠᠷᠢᠨ ᠪᠠᠷᠢᠭᠰᠠᠭᠠᠷ ᠵᠣᠭᠣᠭᠯᠠᠭᠠᠷᠠᠢ ᠬᠦ᠋
ᠵᠡᠭᠦᠨ ᠠᠭᠤᠯᠠ ᠶ᠋ᠢᠨ ᠭᠣᠣᠯ ᠮᠡᠲᠦ ᠲᠤᠩᠭᠠᠯᠠᠭ
ᠵᠦᠯᠭᠡᠨ ᠳ᠋ᠡᠭᠡᠨ ᠤᠷᠭᠤᠭᠰᠠᠨ ᠴᠡᠴᠡᠭ ᠮᠡᠲᠦ ᠰᠡᠷᠭᠦᠯᠡᠩ ᠳ᠋ᠠ ᠬᠦ᠋
ᠵᠥᠪ ᠦ᠋ᠨ ᠢᠷᠦᠭᠡᠯ ᠢ᠋ᠶ᠋ᠡᠷ ᠤᠴᠠᠷᠠᠭᠰᠠᠨ ᠠᠬ᠎ᠠ ᠳᠡᠭᠦᠦ ᠲᠠ ᠨᠠᠷ ᠮᠢᠨᠢ
ᠵᠥᠭᠡᠯᠡᠨ ᠭᠡᠮ ᠢ᠋ᠶ᠋ᠡᠨ ᠪᠠᠷᠢᠨ ᠪᠠᠷᠢᠭᠰᠠᠭᠠᠷ ᠵᠣᠭᠣᠭᠯᠠᠭᠠᠷᠠᠢ ᠬᠦ᠋
ᠤᠷᠲᠤ ᠠᠭᠤᠯᠠ ᠶ᠋ᠢᠨ ᠮᠥᠷᠡᠨ ᠮᠡᠲᠦ ᠲᠤᠩᠭᠠᠯᠠᠭ
ᠤᠯᠠᠭᠠᠨ ᠶᠠᠭᠠᠨ ᠴᠡᠴᠡᠭ ᠮᠡᠲᠦ ᠰᠡᠷᠭᠦᠯᠡᠩ ᠳ᠋ᠠ ᠬᠦ᠋
ᠤᠷᠤᠭ ᠤ᠋ᠨ ᠲᠠᠯ᠎ᠠ ᠠ᠋ᠴᠠ ᠢᠷᠡᠭᠰᠡᠨ ᠠᠬ᠎ᠠ ᠳᠡᠭᠦᠦ ᠲᠠ ᠨᠠᠷ ᠮᠢᠨᠢ
ᠤᠴᠠᠷᠠᠭᠰᠠᠨ ᠤ᠋ ᠢᠷᠦᠭᠡᠯ ᠢ᠋ ᠪᠣᠳᠣᠨ ᠪᠣᠳᠣᠵᠤ ᠬᠥᠨᠲᠥᠷᠦᠭᠡᠷᠡᠢ ᠬᠦ᠋
ᠤᠴᠠᠷᠠᠭᠰᠠᠨ ᠤ᠋ ᠢᠷᠦᠭᠡᠯ ᠢ᠋ ᠪᠣᠳᠣᠨ ᠪᠣᠳᠣᠵᠤ ᠬᠥᠨᠲᠥᠷᠦᠭᠡᠷᠡᠢ ᠬᠦ᠋!
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
