ᠣᠷᠴᠢᠨ ᠴᠠᠭ ᠤᠨ ᠮᠣᠩᠭᠣᠯ ᠬᠡᠯᠡ – ᠠᠪᠢᠶ᠎ᠠ ᠵᠦᠢ(ᠨᠢᠭᠡᠳᠦᠭᠡᠷ ᠪᠥᠯᠥᠭ-3) Орчин цагийн монгол хэл - Авиа зүй 1-р бүлэг<3> ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠨ ᠴᠠᠭ ᠤᠨ ᠮᠣᠩᠭᠣᠯ ᠬᠡᠯᠡ – ᠠᠪᠢᠶ᠎ᠠ ᠵᠦᠢ(ᠨᠢᠭᠡᠳᠦᠭᠡᠷ ᠪᠥᠯᠥᠭ-3) Орчин цагийн монгол хэл - Авиа зүй 1-р бүлэг<3>

ᠣᠷᠴᠢᠨ ᠴᠠᠭ ᠤᠨ ᠮᠣᠩᠭᠣᠯ ᠬᠡᠯᠡ – ᠠᠪᠢᠶ᠎ᠠ ᠵᠦᠢ(ᠨᠢᠭᠡᠳᠦᠭᠡᠷ ᠪᠥᠯᠥᠭ-3) Орчин цагийн монгол хэл - Авиа зүй 1-р бүлэг<3>

ᠠᠩᠭᠢᠯᠠᠯ:ᠬᠡᠯᠡ ᠪᠢᠴᠢᠭ
2026-01-22

415

ᠭᠤᠷᠪᠠᠳᠤᠭᠠᠷ ᠵᠦᠢᠯ ᠂ ᠠᠪᠢᠶᠠᠯᠠᠪᠤᠷᠢ ᠵᠢᠴᠢ ᠲᠡᠭᠦᠨ ᠦ᠌ ᠬᠤᠪᠢᠯᠪᠤᠷᠢ

ᠨᠢᠭᠡ ᠂ ᠠᠪᠢᠶᠠᠯᠠᠪᠤᠷᠢ


       ᠬᠡᠯᠡᠨ ᠦ᠌ ᠨᠢᠭᠡᠴᠢ ᠳᠣᠲᠣᠷ᠎ᠠ ᠠ᠋ᠴᠠ ᠬᠡᠯᠡ ᠵᠦᠢ᠂ ᠦᠭᠡ ᠶ᠋ᠢᠨ ᠰᠠᠩ ᠤ᠋ᠨ ᠨᠢᠭᠡᠴᠢ ᠨᠦ᠍ᠭᠦᠳ ᠪᠣᠯ ᠤᠳᠬ᠎ᠠ ᠢᠯᠡᠳᠬᠡᠬᠦ ᠴᠢᠳᠠᠮᠵᠢ ᠲᠠᠢ ᠪᠠᠢᠳᠠᠭ᠃ ᠠᠪᠢᠶ᠎ᠠ ᠵᠦᠢ ᠶᠢᠨ ᠨᠢᠭᠡᠴᠢ ᠨᠢ ᠬᠠᠷᠢᠨ ᠤᠳᠬ᠎ᠠ ᠶᠢ ᠢᠯᠭᠠᠨ ᠲᠣᠳᠣᠷᠠᠭᠤᠯᠬᠤ ᠡᠭᠦᠷᠭᠡ ᠴᠢᠳᠠᠮᠵᠢ ᠲᠠᠢ ᠪᠠᠢᠳᠠᠭ᠃ ᠭᠡᠬᠦ ᠳ᠋ᠡᠭᠡᠨ ᠠᠪᠢᠶᠠᠨ ᠤ᠋ ᠠᠯᠢ ᠨᠢᠭᠡᠴᠢ ᠪᠦᠷᠢᠯᠳᠦᠬᠦᠨ ᠨᠢ ᠤᠳᠬ᠎ᠠ ᠢᠯᠭᠠᠬᠤ ᠡᠭᠦᠷᠭᠡ ᠭᠦᠢᠴᠡᠳᠬᠡᠬᠦ ᠵᠢᠴᠢ ᠲᠣᠳᠣᠷᠬᠠᠢ ᠠᠯᠢ ᠨᠢᠭᠡ ᠠᠪᠢᠶ᠎ᠠ ᠨᠢ ᠤᠳᠬ᠎ᠠ ᠢᠯᠭᠠᠬᠤ ᠡᠭᠦᠷᠭᠡ ᠭᠦᠢᠴᠡᠳᠬᠡᠬᠦ ᠨᠢ ᠲᠤᠬᠠᠢ ᠶ᠋ᠢᠨ ᠨᠡᠢᠭᠡᠮ ᠦ᠋ᠨ ᠵᠠᠩᠰᠢᠯ ᠠ᠋ᠴᠠ ᠲᠣᠭᠲᠠᠭᠠᠭᠳᠠᠳᠠᠭ ᠪᠢᠯᠡ᠃ ᠣᠷᠴᠢᠨ ᠴᠠᠭ ᠤ᠋ᠨ ᠮᠣᠩᠭᠣᠯ ᠬᠡᠯᠡᠨ ᠳ᠋ᠦ᠍ ᠪᠣᠭᠣᠨᠢ ᠤᠷᠲᠤ ᠡᠬᠡᠰᠢᠭ ᠨᠢ[ ɔʧ′ ](ᠣᠴᠢ) ᠪᠠ[ ɔ:ʧ′ ](ᠣᠭᠣᠴᠢ) ᠭᠡᠬᠦ ᠮᠡᠲᠦ ᠪᠡᠷ ᠤᠳᠬ᠎ᠠ ᠢᠯᠭᠠᠬᠤ ᠴᠢᠳᠠᠮᠵᠢ ᠲᠠᠢ᠃[ p ] [ p′ ] ᠬᠣᠶᠠᠷ ᠭᠡᠢᠭᠦᠯᠦᠭᠴᠢ ᠨᠢ[pαs](ᠪᠠᠰᠠ)[p′αs](ᠫᠠᠰ) ᠭᠡᠬᠦ ᠮᠡᠲᠦ ᠪᠡᠷ ᠲᠦᠷᠢᠯᠲᠡ ᠲᠡᠢ᠂ ᠲᠦᠷᠢᠯᠲᠡ ᠦᠭᠡᠢ ᠪᠡᠷ ᠢ᠋ᠶ᠋ᠡᠨ ᠤᠳᠬ᠎ᠠ ᠢᠯᠭᠠᠨ᠎ᠠ᠃ ᠡᠢᠮᠦ ᠡᠴᠡ ᠡᠨᠳᠡᠬᠢ[ ɔ ] ᠪᠠ[ ɔ:]᠂[ p ] ᠪᠠ[ p′ ]ᠪᠣᠯ ᠠᠪᠢᠶᠠᠯᠠᠪᠤᠷᠢ ᠪᠣᠯᠤᠨ᠎ᠠ᠃ ᠡᠨᠡ ᠮᠡᠲᠦᠴᠢᠯᠡᠨ ᠲᠤᠬᠠᠢ ᠶ᠋ᠢᠨ  ᠬᠡᠯᠡᠨ ᠳ᠋ᠡᠭᠡᠨ ᠪᠤᠰᠤᠳ ᠠᠪᠢᠶ᠎ᠠ ᠲᠠᠢ ᠠᠯᠢ ᠨᠢᠭᠡ ᠪᠤᠶᠤ ᠬᠡᠳᠦᠨ ᠣᠨᠴᠠᠯᠢᠭ ᠢ᠋ᠶ᠋ᠠᠷ ᠢ᠋ᠶ᠋ᠠᠨ ᠡᠰᠡᠷᠭᠦᠴᠡᠯᠳᠦᠨ ᠣᠷᠣᠰᠢᠵᠤ᠂ ᠤᠳᠬ᠎ᠠ ᠢᠯᠭᠠᠬᠤ ᠡᠭᠦᠷᠭᠡ ᠭᠦᠢᠴᠡᠳᠬᠡᠳᠡᠭ ᠠᠪᠢᠶᠠᠨ ᠤ᠋ ᠬᠠᠮᠤᠭ ᠪᠠᠭ᠎ᠠ ᠨᠢᠭᠡᠴᠢ ᠶ᠋ᠢ ᠠᠪᠢᠶᠠᠯᠠᠪᠤᠷᠢ ᠭᠡᠨ᠎ᠡ᠃ ᠠᠪᠢᠶᠠᠯᠠᠪᠤᠷᠢ ᠶ᠋ᠢ ᠬᠣᠶᠠᠷ ᠵᠢᠰᠢᠭᠦᠦ ᠵᠢᠷᠣᠭ᠎ᠠ ᠳ᠋ᠤ᠌ ᠪᠢᠴᠢᠵᠦ ᠢᠯᠡᠳᠬᠡᠬᠦ ᠪᠥᠭᠡᠳ ᠡᠮᠦᠨ᠎ᠡ ᠦᠵᠡᠭᠦᠯᠦᠭᠰᠡᠨ ᠠᠪᠢᠶᠠᠯᠠᠪᠤᠷᠢ ᠶ᠋ᠢ  /ɔ /  /ɔ:/ / p / / p′ /  ᠭᠡᠵᠦ ᠲᠤᠰ ᠲᠤᠰ ᠲᠡᠮᠳᠡᠭᠯᠡᠨ᠎ᠡ᠃   
       ᠠᠪᠢᠶᠠᠯᠠᠪᠤᠷᠢ ᠨᠢ ᠪᠣᠳᠠᠲᠠᠢ ᠨᠢᠭᠡ ᠬᠡᠯᠡ ᠪᠡᠷ ᠬᠢᠵᠠᠭᠠᠷᠯᠠᠭᠳᠠᠳᠠᠭ ᠪᠥᠭᠡᠳ ᠴᠠᠭᠠᠰᠢᠳᠠ ᠨᠢᠭᠡ ᠬᠡᠯᠡᠨ ᠦ᠌ ᠳᠣᠲᠣᠷᠠᠬᠢ ᠨᠤᠲᠤᠭ ᠤ᠋ᠨ ᠠᠶᠠᠯᠭᠤ ᠪᠠᠷ ᠴᠦ᠍ ᠬᠢᠵᠠᠭᠠᠷᠯᠠᠭᠳᠠᠳᠠᠭ ᠶᠤᠮ᠃ ᠵᠢᠱ᠌ᠢᠶᠡᠯᠡᠪᠡᠯ᠂ ᠮᠣᠩᠭᠣᠯ ᠬᠡᠯᠡᠨ ᠦ᠌ ᠣᠯᠠᠩᠬᠢ ᠠᠶᠠᠯᠭᠤ ᠠᠮᠠᠨ ᠠᠶᠠᠯᠭᠤᠨ ᠳ᠋ᠤ᠌/ө/ ᠨᠢ ᠠᠪᠢᠶᠠᠯᠠᠪᠤᠷᠢ ᠪᠣᠯᠵᠤ ᠪᠠᠢᠬᠤ ᠳ᠋ᠤ᠌ ᠬᠣᠷᠴᠢᠨ ᠬᠠᠷᠠᠴᠢᠨ ᠠᠮᠠᠨ ᠠᠶᠠᠯᠭᠤᠨ ᠳ᠋ᠤ᠌ ᠤᠤᠯ ᠠᠪᠢᠶ᠎ᠠ ᠠᠪᠢᠶᠠᠯᠠᠪᠤᠷᠢ ᠪᠣᠯᠬᠤ ᠦᠭᠡᠢ ᠪᠠᠢᠨ᠎ᠠ᠃  
       ᠠᠪᠢᠶᠠᠯᠠᠪᠤᠷᠢ ᠪᠣᠯᠳᠠᠭ ᠠᠪᠢᠶ᠎ᠠ ᠨᠢ ᠲᠤᠬᠠᠢ ᠶ᠋ᠢᠨ ᠬᠡᠯᠡ ᠪᠤᠶᠤ ᠠᠶᠠᠯᠭᠤᠨ ᠳ᠋ᠠᠭᠠᠨ ᠠᠯᠢ ᠨᠢᠭᠡ ᠣᠨᠴᠠᠯᠢᠭ ᠡᠰᠡᠪᠡᠯ ᠬᠡᠳᠦ ᠬᠡᠳᠦᠨ ᠣᠨᠴᠠᠯᠢᠭ ᠰᠢᠨᠵᠢ ᠪᠡᠷ ᠢ᠋ᠶ᠋ᠡᠨ ᠬᠠᠷᠢᠯᠴᠠᠨ ᠡᠰᠡᠷᠭᠦᠴᠡᠯᠳᠦᠨ ᠣᠷᠣᠰᠢᠵᠤ᠂ ᠦᠭᠡ ᠪᠤᠶᠤ ᠬᠡᠯᠡ ᠵᠦᠢ ᠶ᠋ᠢᠨ ᠤᠳᠬ᠎ᠠ ᠶ᠋ᠢ ᠢᠯᠭᠠᠨ ᠲᠣᠳᠣᠷᠠᠭᠤᠯᠵᠤ ᠪᠠᠢᠳᠠᠭ᠃ ᠮᠣᠩᠭᠣᠯ ᠬᠡᠯᠡᠨ ᠦ᠌[ t′] [ t ] ᠬᠣᠶᠠᠷ ᠭᠡᠢᠭᠦᠯᠦᠭᠴᠢ ᠨᠢ [t'a:rax - ta:rax]  ᠭᠡᠬᠦ ᠮᠡᠲᠦᠴᠢᠯᠡᠨ ᠵᠥᠪᠬᠡᠨ ᠬᠡᠢ ᠶ᠋ᠢᠨ ᠲᠦᠷᠢᠯᠲᠡ ᠨᠢ ᠴᠢᠩᠭ᠎ᠠ ᠪᠠ ᠰᠤᠯᠠ ᠪᠠᠢᠳᠠᠭ ᠨᠢᠭᠡ ᠯᠡ ᠵᠦᠢᠯ ᠦ᠋ᠨ ᠣᠨᠴᠠᠯᠢᠭ ᠢ᠋ᠶ᠋ᠠᠷ ᠢ᠋ᠶ᠋ᠠᠨ ᠬᠠᠷᠢᠯᠴᠠᠨ ᠡᠰᠡᠷᠭᠦᠴᠡᠯᠳᠦᠨ ᠦᠭᠡ ᠶ᠋ᠢᠨ ᠤᠳᠬ᠎ᠠ ᠶ᠋ᠢ ᠢᠯᠭᠠᠵᠤ᠂ [t'][ tʃ ] ᠬᠣᠶᠠᠷ ᠠᠪᠢᠶ᠎ᠠ ᠨᠢ ᠬᠡᠢ ᠶ᠋ᠢᠨ ᠲᠦᠷᠢᠯᠲᠡ ᠶ᠋ᠢᠨ ᠴᠢᠩᠭ᠎ᠠ ᠪᠠ ᠰᠤᠯᠠ ᠶ᠋ᠢᠨ ᠢᠯᠭᠠᠭ᠎ᠠ᠂ ᠥᠭᠦᠯᠡᠬᠦ ᠠᠷᠭ᠎ᠠ ᠶ᠋ᠢᠨ ᠲᠠᠯ᠎ᠠ ᠪᠠᠷ ᠬᠢ ᠬᠠᠮᠵᠢᠬᠤ ᠪᠠ ᠬᠠᠮᠵᠢᠨ ᠱᠦᠷᠭᠦᠬᠦ ᠶ᠋ᠢᠨ ᠢᠯᠭᠠᠭ᠎ᠠ᠂ ᠥᠭᠦᠯᠡᠬᠦ ᠪᠠᠢᠷᠢ ᠶ᠋ᠢᠨ ᠲᠠᠯ᠎ᠠ ᠪᠠᠷ ᠬᠢ ᠬᠡᠯᠡᠨ ᠦ᠌ ᠦᠵᠦᠭᠦᠷ ᠬᠡᠰᠡᠭ ᠪᠠ ᠬᠡᠯᠡᠨ ᠦ᠌ ᠡᠮᠦᠨᠡᠬᠢ ᠬᠡᠰᠡᠭ ᠦ᠋ᠨ ᠢᠯᠭᠠᠭ᠎ᠠ ᠭᠡᠬᠦ ᠬᠡᠳᠦᠨ ᠣᠨᠴᠠᠯᠢᠭ ᠢ᠋ᠶ᠋ᠠᠷ ᠢ᠋ᠶ᠋ᠠᠨ ᠬᠠᠷᠢᠯᠴᠠᠨ ᠡᠰᠡᠷᠭᠦᠴᠡᠯᠳᠦᠨ ᠤᠳᠬ᠎ᠠ ᠢᠯᠭᠠᠵᠤ ᠲᠤᠰ ᠲᠤᠰ ᠠᠪᠢᠶᠠᠯᠠᠪᠤᠷᠢ ᠪᠣᠯᠵᠤ ᠪᠠᠢᠨ᠎ᠠ᠃ 
       ᠠᠪᠢᠶᠠᠯᠠᠪᠤᠷᠢ ᠪᠣᠯᠵᠤ ᠪᠠᠢᠭ᠎ᠠ ᠠᠪᠢᠶ᠎ᠠ ᠨᠢ ᠪᠡᠶ᠎ᠡ ᠮᠠᠬᠠᠪᠣᠳ ᠪᠣᠯᠤᠨ ᠹᠢᠽᠢᠺ ᠦ᠋ᠨ ᠣᠨᠴᠠᠯᠢᠭ ᠲᠤ᠌ ᠰᠠᠭᠤᠷᠢᠯᠠᠭᠳᠠᠭᠰᠠᠨ ᠥᠭᠦᠯᠡᠬᠦ ᠪᠠᠢᠷᠢ ᠪᠠ ᠥᠭᠦᠯᠡᠬᠦ ᠠᠷᠭ᠎ᠠ ᠶ᠋ᠢᠨ ᠲᠠᠯ᠎ᠠ ᠪᠠᠷ ᠬᠢ ᠬᠡᠳᠦ ᠬᠡᠳᠦᠨ ᠣᠨᠴᠠᠯᠢᠭ ᠲᠠᠢ ᠪᠠᠢᠳᠠᠭ᠃ ᠡᠳᠡᠭᠡᠷ ᠣᠨᠴᠠᠯᠢᠭ ᠢ᠋ ᠠᠪᠢᠶᠠᠯᠠᠪᠤᠷᠢ ᠵᠦᠢ ᠳ᠋ᠦ᠍ ᠠᠪᠢᠶᠠᠯᠠᠪᠤᠷᠢ ᠶ᠋ᠢᠨ ᠢᠯᠭᠠᠭᠳᠠᠬᠤ ᠣᠨᠴᠠᠯᠢᠭ ᠭᠡᠳᠡᠭ᠃ ᠠᠪᠢᠶᠠᠯᠠᠪᠤᠷᠢ ᠶ᠋ᠢᠨ ᠢᠯᠭᠠᠭᠳᠠᠬᠤ ᠣᠨᠴᠠᠯᠢᠭ ᠪᠣᠯ ᠬᠠᠷᠢᠯᠴᠠᠨ ᠪᠡᠶ᠎ᠡ ᠪᠡᠶ᠎ᠡ ᠡᠴᠡ ᠪᠡᠨ ᠲᠤᠰᠠᠭᠠᠷᠯᠠᠨ ᠢᠯᠭᠠᠭᠳᠠᠬᠤ ᠰᠢᠨᠵᠢ ᠲᠡᠮᠳᠡᠭ ᠪᠣᠯᠬᠤ ᠪᠥᠭᠡᠳ ᠮᠥᠨ ᠴᠦ᠍ ᠵᠣᠬᠢᠬᠤ ᠬᠡᠪᠴᠢᠶᠡᠨ ᠳ᠋ᠦ᠍ ᠪᠡᠶ᠎ᠡ ᠪᠡᠶ᠎ᠡ ᠲᠡᠢ ᠪᠡᠨ ᠨᠢᠭᠡᠳᠦᠯᠴᠡᠨ᠂ ᠠᠪᠢᠶᠠᠯᠠᠪᠤᠷᠢ ᠶ᠋ᠢᠨ ᠰᠢᠰᠲ᠋ᠧᠮ ᠢ᠋ ᠪᠦᠷᠢᠯᠳᠦᠭᠦᠯᠬᠦ ᠶ᠋ᠢᠨ ᠦᠨᠳᠦᠰᠦ ᠪᠣᠯᠵᠤ ᠪᠠᠢᠳᠠᠭ᠃ ᠡᠮᠦᠨ᠎ᠡ ᠵᠢᠱ᠌ᠢᠶᠡᠯᠡᠭᠰᠡᠨ [ t′] [ t ]  ᠬᠣᠶᠠᠷ ᠭᠡᠢᠭᠦᠯᠦᠭᠴᠢ ᠨᠢ ᠲᠦᠷᠢᠯᠲᠡ ᠲᠠᠢ᠂ ᠲᠦᠷᠢᠯᠲᠡ ᠦᠭᠡᠢ ᠭᠡᠬᠦ ᠨᠢᠭᠡ ᠵᠦᠢᠯ ᠦᠨ ᠢᠯᠭᠠᠭᠳᠠᠬᠤ ᠣᠨᠴᠠᠯᠢᠭ ᠢᠶᠠᠷ ᠢᠶᠠᠨ ᠡᠰᠡᠷᠭᠦᠴᠡᠯᠳᠦᠵᠦ ᠪᠠᠢᠪᠠᠴᠤ ᠬᠠᠮᠵᠢᠬᠤ ᠪᠤᠶᠤ ᠲᠡᠰᠦᠷᠡᠬᠦ᠂ ᠬᠡᠯᠡᠨ ᠦ᠌ ᠦᠵᠦᠭᠦᠷ ᠦ᠋ᠨ᠂ ᠳᠠᠭᠤᠨ ᠦᠭᠡᠢ ᠭᠡᠬᠦ ᠭᠤᠷᠪᠠᠨ ᠢᠯᠭᠠᠭᠳᠠᠬᠤ ᠣᠨᠴᠠᠯᠢᠭ ᠢ᠋ᠶ᠋ᠠᠷ ᠢ᠋ᠶ᠋ᠠᠨ ᠨᠡᠢᠯᠡᠨ ᠨᠢᠭᠡᠳᠦᠯᠴᠡᠨ᠂ ᠡᠨᠡ ᠮᠡᠲᠦ ᠶ᠋ᠢᠨ ᠣᠨᠴᠠᠯᠢᠭ ᠪᠦᠬᠦᠢ ᠭᠡᠢᠭᠦᠯᠦᠭᠴᠢ ᠶ᠋ᠢᠨ ᠪᠥᠭᠡᠮ ᠢ᠋ ᠪᠦᠷᠢᠯᠳᠦᠭᠦᠯᠵᠦ ᠪᠠᠢᠳᠠᠭ᠃[n][t']  ᠬᠣᠶᠠᠷ ᠭᠡᠢᠭᠦᠯᠦᠭᠴᠢ ᠨᠢ ᠬᠡᠳᠦᠢᠪᠡᠷ ᠲᠦᠷᠢᠯᠲᠡ ᠦᠭᠡᠢ ᠪᠠ ᠲᠦᠷᠢᠯᠲᠡ ᠲᠡᠢ᠂ ᠬᠠᠮᠠᠷ ᠤ᠋ᠨ ᠪᠠ ᠬᠠᠮᠠᠷ ᠤ᠋ᠨ ᠪᠤᠰᠤ᠂ ᠳᠠᠭᠤᠨ ᠲᠠᠢ ᠪᠠ ᠳᠠᠭᠤᠨ ᠦᠭᠡᠢ ᠵᠡᠷᠭᠡ ᠭᠤᠷᠪᠠᠨ ᠵᠦᠢᠯ ᠦ᠋ᠨ ᠢᠯᠭᠠᠭᠳᠠᠬᠤ ᠣᠨᠴᠠᠯᠢᠭ ᠢ᠋ᠶ᠋ᠠᠷ ᠢ᠋ᠶ᠋ᠠᠨ ᠡᠰᠡᠷᠭᠦᠴᠡᠯᠳᠦᠵᠦ ᠪᠠᠢᠪᠠᠴᠤ᠂ ᠬᠡᠯᠡᠨ ᠦ᠌ ᠦᠵᠦᠭᠦᠷ ᠦ᠋ᠨ᠂ ᠬᠠᠮᠵᠢᠬᠤ ᠵᠡᠷᠭᠡ ᠬᠣᠶᠠᠷ ᠵᠦᠢᠯ ᠦ᠋ᠨ ᠢᠯᠭᠠᠭᠳᠠᠬᠤ ᠣᠨᠴᠠᠯᠢᠭ ᠢ᠋ᠶ᠋ᠠᠷ ᠢ᠋ᠶ᠋ᠠᠨ ᠬᠠᠷᠢᠯᠴᠠᠨ ᠨᠢᠭᠡᠳᠦᠯᠴᠡᠨ ᠬᠡᠯᠡᠨ ᠤ ᠦᠵᠦᠭᠦᠷ ᠦ᠋ᠨ ᠬᠠᠮᠵᠢᠬᠤ ᠭᠡᠢᠭᠦᠯᠦᠭᠴᠢ ᠶ᠋ᠢᠨ ᠪᠥᠭᠡᠮ ᠢ᠋ ᠪᠦᠷᠢᠯᠳᠦᠭᠦᠯᠵᠦ ᠪᠠᠢᠨ᠎ᠠ᠃ ᠪᠣᠳᠠᠲᠠᠢ ᠨᠢᠭᠡ ᠬᠡᠯᠡᠨ ᠦ᠌ ᠠᠪᠢᠶᠠᠯᠠᠪᠤᠷᠢ ᠶ᠋ᠢᠨ ᠰᠢᠰᠲ᠋ᠧᠮ ᠳ᠋ᠡᠬᠢ ᠠᠪᠢᠶᠠᠯᠠᠪᠤᠷᠢ ᠪᠦᠷᠢ ᠨᠢ ᠡᠮᠦᠨ᠎ᠡ ᠲᠣᠳᠣᠷᠬᠠᠢᠯᠠᠭᠰᠠᠨ ᠰᠢᠭ᠋ ᠪᠤᠰᠤᠳ ᠠᠯᠢ ᠨᠢᠭᠡ ᠠᠪᠢᠶᠠᠯᠠᠪᠤᠷᠢ ᠠ᠋ᠴᠠ ᠪᠠᠨ ᠨᠠᠭᠠᠳᠤ ᠵᠠᠭ᠎ᠠ ᠳ᠋ᠠᠭᠠᠨ ᠨᠢᠭᠡ ᠵᠦᠢᠯ ᠦ᠋ᠨ ᠡᠰᠡᠷᠭᠦᠴᠡᠯᠳᠦᠭᠰᠡᠨ ᠬᠠᠷᠢᠴᠠᠭ᠎ᠠ ᠪᠦᠬᠦᠢ ᠢᠯᠭᠠᠭᠳᠠᠬᠤ ᠣᠨᠴᠠᠯᠢᠭ ᠪᠠᠢᠬᠤ ᠬᠡᠷᠡᠭᠲᠡᠢ ᠪᠥᠭᠡᠳ ᠲᠡᠷᠡ ᠬᠦ᠌ ᠡᠰᠡᠷᠭᠦᠴᠡᠯᠳᠦᠭᠰᠡᠨ ᠬᠠᠷᠢᠴᠠᠭ᠎ᠠ ᠪᠦᠬᠦᠢ ᠢᠯᠭᠠᠭᠳᠠᠬᠤ ᠣᠨᠴᠠᠯᠢᠭ ᠨᠢ ᠵᠠᠪᠠᠯ ᠤᠳᠬ᠎ᠠ ᠢᠯᠭᠠᠬᠤ ᠴᠢᠳᠠᠮᠵᠢ ᠪᠠᠢᠬᠤ ᠬᠡᠷᠡᠭᠲᠡᠢ᠃ ᠡᠭᠦᠪᠡᠷ ᠦᠵᠡᠪᠡᠯ ᠠᠪᠢᠶᠠᠯᠠᠪᠤᠷᠢ ᠨᠢ ᠳᠠᠷᠠᠭᠠᠬᠢ ᠬᠡᠳᠦᠨ ᠦᠨᠳᠦᠰᠦᠨ ᠣᠨᠴᠠᠯᠢᠭ ᠲᠠᠢ ᠪᠠᠢᠨ᠎ᠠ᠄
       1. ᠠᠪᠢᠶᠠᠯᠠᠪᠤᠷᠢ ᠪᠣᠯ ᠦᠭᠡ ᠶ᠋ᠢᠨ ᠤᠳᠬ᠎ᠠ ᠪᠣᠯᠤᠨ ᠬᠡᠯᠡ ᠵᠦᠢ ᠶ᠋ᠢᠨ ᠤᠳᠬ᠎ᠠ ᠢᠯᠭᠠᠬᠤ ᠴᠢᠳᠠᠮᠵᠢ ᠲᠠᠢ ᠠᠪᠢᠶᠠᠨ ᠤ᠋ ᠨᠢᠭᠡᠴᠢ ᠪᠣᠯᠤᠨ᠎ᠠ;
       2. ᠠᠪᠢᠶᠠᠯᠠᠪᠤᠷᠢ ᠪᠣᠯ ᠬᠡᠯᠡᠨ ᠦ ᠤᠳᠬ᠎ᠠ ᠢᠯᠭᠠᠬᠤ ᠨᠢᠭᠡᠴᠢ ᠶᠢᠨ ᠳᠣᠲᠣᠷᠠᠬᠢ ᠬᠠᠮᠤᠭ ᠤᠨ ᠪᠠᠭ᠎ᠠ ᠨᠢᠭᠡᠴᠢ ᠪᠣᠯᠤᠨ᠎ᠠ;
       3. ᠠᠪᠢᠶᠠᠯᠠᠪᠤᠷᠢ ᠪᠣᠯ ᠥᠪᠡᠷ ᠬᠣᠭᠣᠷᠣᠨᠳᠣ ᠪᠠᠨ ᠨᠢᠭᠡ ᠪᠤᠶᠤ ᠬᠡᠳᠦᠨ ᠢᠯᠭᠠᠭᠳᠠᠬᠤ ᠣᠨᠴᠠᠯᠢᠭ ᠢᠶᠠᠷ ᠢᠶᠠᠨ ᠡᠰᠡᠷᠭᠦᠴᠡᠯᠳᠦᠵᠦ᠂ ᠨᠢᠭᠡ ᠪᠤᠶᠤ ᠬᠡᠳᠦᠨ ᠢᠯᠭᠠᠭᠳᠠᠬᠤ ᠣᠨᠴᠠᠯᠢᠭ ᠢᠶᠠᠷ ᠢᠶᠠᠨ ᠨᠢᠭᠡᠳᠦᠯᠴᠡᠬᠦ ᠬᠠᠷᠢᠴᠠᠭ᠎ᠠ ᠲᠠᠶ ᠪᠠᠷ ᠣᠷᠣᠰᠢᠳᠠᠭ ᠰᠢᠰᠲ᠋ᠧᠮ ᠪᠣᠯᠤᠨ᠎ᠠ;
       4. ᠠᠪᠢᠶᠠᠯᠠᠪᠤᠷᠢ ᠪᠣᠯ ᠪᠣᠳᠠᠲᠠᠶ ᠨᠢᠭᠡᠨ ᠬᠡᠯᠡ ᠪᠤᠶᠤ ᠠᠶᠠᠯᠭᠤᠨ ᠳᠤ ᠬᠠᠷᠢᠶᠠᠯᠠᠭᠳᠠᠬᠤ ᠦᠵᠡᠭᠳᠡᠯ ᠪᠥᠭᠡᠳ ᠲᠤᠬᠠᠶ ᠶᠢᠨ ᠬᠡᠯᠡ ᠪᠤᠶᠤ ᠠᠶᠠᠯᠭᠤᠨ ᠳ᠋ᠠᠭᠠᠨ ᠠᠳᠠᠯᠢ ᠪᠤᠰᠤ ᠬᠤᠪᠢᠯᠪᠤᠷᠢ ᠪᠠᠷ ᠢᠯᠡᠷᠡᠵᠦ ᠣᠷᠣᠰᠢᠵᠤ ᠪᠣᠯᠳᠠᠭ᠃

ᠬᠣᠶᠠᠷ᠂ ᠠᠪᠢᠶᠠᠯᠠᠪᠤᠷᠢ ᠶᠢᠨ ᠬᠤᠪᠢᠯᠪᠤᠷᠢ


       ᠨᠢᠭᠡ ᠠᠪᠢᠶᠠᠯᠠᠪᠤᠷᠢ ᠶᠢᠨ ᠠᠳᠠᠯᠢ ᠪᠤᠰᠤ ᠨᠥᠬᠥᠴᠡᠯ ᠳᠦ ᠢᠯᠡᠷᠡᠬᠦ ᠠᠳᠠᠯᠢ ᠪᠤᠰᠤ ᠶᠢᠨ ᠠᠪᠢᠶ᠎ᠠ ᠶᠢ ᠲᠤᠬᠠᠶ ᠶᠢᠨ ᠠᠪᠢᠶᠠᠯᠠᠪᠤᠷᠢ ᠶᠢᠨ ᠬᠤᠪᠢᠯᠪᠤᠷᠢ ᠭᠡᠨ᠎ᠡ᠃  ᠠᠪᠢᠶᠠᠯᠠᠪᠤᠷᠢ ᠨᠢ ᠲᠤᠬᠠᠶ ᠶᠢᠨ ᠬᠡᠯᠡ ᠠᠶᠠᠯᠭᠤᠨ ᠳ᠋ᠠᠭᠠᠨ ᠠᠳᠠᠯᠢ ᠪᠤᠰᠤ ᠨᠥᠬᠥᠴᠡᠯ ᠳᠤ ᠠᠳᠠᠯᠢ ᠪᠤᠰᠤ ᠶᠢᠨ ᠠᠪᠢᠶ᠎ᠠ ᠪᠠᠷ ᠣᠷᠣᠰᠢᠵᠤ ᠪᠠᠢᠳᠠᠭ᠃ ᠣᠷᠴᠢᠨ ᠴᠠᠭ ᠤᠨ ᠮᠣᠩᠭᠣᠯ ᠬᠡᠯᠡᠨ ᠦ [p] ᠠᠪᠢᠶᠠᠯᠠᠪᠤᠷᠢ ᠨᠢ ᠦᠭᠡ ᠶᠢᠨ ᠡᠬᠢᠨ ᠳᠦ ᠣᠯᠠᠩᠬᠢ ᠳ᠋ᠠᠭᠠᠨ [p] ᠠᠪᠢᠶ᠎ᠠ ([pɔlɔr] ᠪᠣᠯᠣᠷ) ᠪᠠᠷ᠂ ᠵᠠᠷᠢᠮ ᠦᠭᠡ  ᠶᠢᠨ ᠡᠬᠢᠨ ᠪᠤᠶᠤ ᠳᠤᠮᠳᠠ [b] ᠠᠪᠢᠶ᠎ᠠ ( [ bөmbөk ] ᠪᠥᠮᠪᠥᠭᠡ) ᠪᠠᠷ᠂ ᠡᠭᠡᠰᠢᠭ  ᠦᠨ ᠳᠤᠮᠳᠠ [w] ᠠᠪᠢᠶ᠎ᠠ ([tawa:t] ᠳᠠᠪᠠᠭᠠᠳ)ᠪᠠᠷ ᠂ ᠵᠠᠷᠢᠮ ᠦᠭᠡ  ᠶᠢᠨ ᠳᠤᠮᠳᠠ ᠪᠠᠰᠠ [ф] ᠠᠪᠢᠶ᠎ᠠ(tǝфt'ǝr ] ᠳᠡᠪᠲᠡᠷ) ᠪᠠᠷ ᠲᠤᠰ ᠲᠤᠰ ᠠᠪᠢᠶᠠᠯᠠᠭᠳᠠᠨ᠂ ᠠᠳᠠᠯᠢ ᠪᠤᠰᠤ ᠲᠣᠬᠢᠶᠠᠯᠳᠤᠯ ᠳᠤ ᠠᠳᠠᠯᠢ ᠪᠤᠰᠤ ᠠᠪᠢᠶ᠎ᠠ ᠪᠠᠷ ᠢᠯᠡᠷᠡᠵᠦ ᠪᠠᠢᠳᠠᠭ᠃ ᠮᠣᠩᠭᠣᠯ ᠬᠡᠯᠡᠨ ᠦ /a/ ᠠᠪᠢᠶᠠᠯᠠᠪᠤᠷᠢ ᠨᠢ ᠪᠣᠳᠠᠲᠠᠶ ᠬᠡᠯᠡ ᠶᠠᠷᠢᠶᠠᠨ ᠳᠤ ᠮᠥᠨ [a]([akt' ] ᠠᠭᠲᠠ)᠂ [A](nAntin ]ᠨᠠᠨᠳᠢᠨ )᠂ [a]([xʊrak] ᠬᠤᠷᠠᠭ᠎ᠠ) ᠭᠡᠬᠦ ᠮᠡᠲᠦ ᠶᠢᠨ ᠬᠡᠳᠦᠨ ᠵᠦᠢᠯ ᠦᠨ ᠬᠤᠪᠢᠯᠪᠤᠷᠢ ᠠᠪᠢᠶ᠎ᠠ ᠪᠠᠷ ᠢᠯᠡᠷᠡᠨ ᠣᠷᠣᠰᠢᠵᠤ ᠪᠠᠢᠳᠠᠭ᠃ ᠲᠡᠷᠡ ᠨᠢ ᠪᠣᠳᠠᠲᠠᠶ ᠳᠡᠭᠡᠷ᠎ᠡ ᠪᠡᠨ ᠬᠡᠳᠦᠢᠪᠡᠷ ᠠᠳᠠᠯᠢ ᠪᠤᠰᠤ ᠬᠡᠳᠦᠨ ᠠᠪᠢᠶ᠎ᠠ ᠪᠡᠷ ᠢᠯᠡᠷᠡᠨ ᠣᠷᠣᠰᠢᠵᠤ ᠪᠠᠢᠪᠠᠴᠤ ᠬᠡᠢᠰᠪᠦᠷᠢᠵᠢᠭᠦᠯᠦᠨ ᠬᠤᠷᠢᠶᠠᠩᠭᠤᠢᠯᠠᠵᠤ ᠦᠵᠡᠪᠡᠯ᠂ ᠭᠤᠤᠯ ᠪᠣᠯᠬᠤ ᠨᠡᠢᠲᠡᠯᠢᠭ ᠨᠢᠭᠡ ᠪᠤᠶᠤ ᠬᠡᠳᠦᠨ ᠣᠨᠴᠠᠯᠢᠭ ᠲᠠᠶ ᠪᠠᠢᠵᠤ᠂ ᠪᠤᠰᠤᠳ ᠠᠪᠢᠶᠠᠯᠠᠪᠤᠷᠢ ᠲᠠᠶ ᠢᠯᠭᠠᠭᠳᠠᠵᠤ ᠦᠭᠡ ᠶᠢᠨ ᠤᠳᠬ᠎ᠠ ᠢᠯᠭᠠᠬᠤ ᠡᠭᠦᠷᠭᠡ ᠲᠡᠶ ᠪᠠᠢᠨ᠎ᠠ᠃ ᠡᠮᠦᠨ᠎ᠡ ᠦᠵᠡᠭᠦᠯᠦᠭᠰᠡᠨ ᠮᠡᠲᠦ ᠪᠡᠷ/p/ ᠠᠪᠢᠶᠠᠯᠠᠪᠤᠷᠢ ᠬᠡᠳᠦᠢᠪᠡᠷ ᠠᠳᠠᠯᠢ ᠪᠤᠰᠤ ᠬᠡᠳᠦᠨ ᠬᠤᠪᠢᠯᠪᠤᠷᠢ ᠪᠠᠷ ᠬᠡᠯᠡᠭᠳᠡᠵᠦ ᠪᠠᠢᠪᠡᠴᠤ ᠬᠣᠶᠠᠷ ᠤᠷᠤᠭᠤᠯ ᠤᠨ᠂ ᠲᠦᠷᠢᠯᠲᠡ ᠦᠭᠡᠢ ᠵᠡᠷᠭᠡ ᠨᠡᠢᠲᠡᠯᠢᠭ ᠣᠨᠴᠠᠯᠢᠭ ᠲᠠᠶ᠃ ᠲᠡᠳᠡᠭᠡᠷ ᠨᠠᠷᠢᠨ ᠢᠯᠭᠠᠭ᠎ᠠ ᠪᠦᠬᠦᠢ ᠬᠤᠪᠢᠯᠪᠤᠷᠢ ᠬᠡᠯᠪᠡᠷᠢ ᠨᠢ ᠭᠤᠤᠯᠳᠠᠭᠤ ᠬᠡᠯᠡ ᠰᠢᠨᠵᠢᠯᠡᠭᠡᠲᠡᠳ ᠪᠤᠶᠤ ᠮᠠᠰᠢᠨ ᠤ᠋ ᠲᠤᠷᠰᠢᠯᠲᠠ ᠳ᠋ᠤ᠌ ᠰᠠᠶᠢ ᠲᠣᠳᠣᠷᠬᠠᠢ ᠮᠡᠳᠡᠭᠳᠡᠬᠦ ᠡᠴᠡ ᠪᠢᠰᠢ ᠡᠩ ᠦ᠋ᠨ ᠪᠠᠢᠳᠠᠯ ᠳ᠋ᠤ᠌ ᠬᠥᠮᠦᠰ ᠲᠦ᠍ ᠣᠨᠳᠣᠣ ᠠᠪᠢᠶ᠎ᠠ᠎ ᠭᠡᠵᠦ ᠮᠡᠳᠡᠷᠡᠭᠳᠡᠬᠦ ᠦᠭᠡᠢ ᠪᠠᠢᠳᠠᠭ᠃ 
       ᠨᠢᠭᠡ ᠠᠪᠢᠶᠠᠯᠠᠪᠤᠷᠢ ᠶ᠋ᠢᠨ ᠣᠯᠠᠨ ᠬᠤᠪᠢᠯᠪᠤᠷᠢ ᠪᠣᠯᠵᠤ ᠬᠡᠯᠡᠨ ᠳ᠋ᠦ᠍ ᠣᠷᠣᠰᠢᠳᠠᠭ ᠲᠡᠳᠡᠭᠡᠷ ᠣᠯᠠᠨ ᠠᠪᠢᠶ᠎ᠠ ᠶ᠋ᠢ ᠠᠪᠢᠶ᠎ᠠ ᠵᠦᠢ ᠳ᠋ᠦ᠍ ᠠᠪᠢᠶᠠᠯᠠᠰᠤ ᠭᠡᠳᠡᠭ᠃ ᠲᠡᠷᠡ ᠨᠢ ᠬᠡᠯᠡᠨ ᠦ᠌ ᠠᠪᠢᠶᠠᠨ ᠤ᠋ ᠰᠢᠰᠲ᠋ᠧᠮ ᠳ᠋ᠦ᠍ ᠠᠪᠢᠶᠠᠯᠠᠴᠠ ᠪᠠᠷ ᠢ᠋ᠶ᠋ᠠᠨ ᠢᠯᠭᠠᠷᠠᠨ ᠣᠷᠣᠰᠢᠵᠤ ᠪᠠᠢᠳᠠᠭ ᠠᠪᠢᠶᠠᠨ ᠤ᠋ ᠬᠠᠮᠤᠭ ᠪᠠᠭ᠎ᠠ ᠨᠢᠭᠡᠴᠢ ᠪᠣᠯᠤᠨ᠎ᠠ᠃ ᠨᠢᠭᠡ ᠬᠡᠯᠡᠨ ᠳ᠋ᠦ᠍ ᠠᠪᠢᠶᠠᠯᠠᠰᠤ ᠶ᠋ᠢᠨ ᠲᠣᠭ᠎ᠠ ᠨᠢ ᠣᠯᠠᠨ ᠪᠠᠢᠳᠠᠭ᠂ ᠭᠡᠲᠡᠯ᠎ᠡ ᠠᠪᠢᠶᠠᠯᠠᠪᠤᠷᠢ ᠶ᠋ᠢᠨ ᠲᠣᠭ᠎ᠠ ᠨᠢ ᠬᠢᠵᠠᠭᠠᠷ ᠲᠠᠢ ᠴᠥᠭᠡᠨ ᠪᠠᠢᠳᠠᠭ᠃ ᠠᠪᠢᠶᠠᠯᠠᠰᠤ ᠶ᠋ᠢᠨ ᠵᠠᠷᠢᠮ ᠨᠢ ᠤᠳᠬ᠎ᠠ ᠢᠯᠭᠠᠬᠤ ᠴᠢᠳᠠᠮᠵᠢ ᠲᠠᠢ ᠪᠠᠢᠬᠤ ᠳ᠋ᠤ᠌ ᠵᠠᠷᠢᠮ ᠨᠢ ᠡᠢᠮᠦᠷᠬᠦ ᠴᠢᠳᠠᠮᠵᠢ ᠦᠭᠡᠢ᠂ ᠭᠡᠲᠡᠯ᠎ᠡ ᠠᠪᠢᠶᠠᠯᠠᠪᠤᠷᠢ ᠪᠣᠯ ᠪᠦᠷ ᠤᠳᠬ᠎ᠠ ᠢᠯᠭᠠᠬᠤ ᠴᠢᠳᠠᠮᠵᠢ ᠲᠠᠢ ᠪᠠᠢᠳᠠᠭ᠂ ᠬᠡᠳᠦᠨ ᠠᠪᠢᠶᠠᠯᠠᠰᠤ ᠨᠢ ᠬᠣᠭᠣᠷᠣᠨᠳᠣ ᠪᠠᠨ ᠬᠠᠷᠢᠯᠴᠠᠨ ᠨᠥᠬᠥᠬᠦ ᠬᠠᠷᠢᠴᠠᠭᠠᠨ ᠳ᠋ᠤ᠌ ᠪᠠᠢᠪᠠᠯ ᠲᠡᠳᠡᠭᠡᠷ ᠨᠢ ᠠᠳᠠᠯᠢ ᠨᠢᠭᠡ ᠠᠪᠢᠶᠠᠯᠠᠪᠤᠷᠢ ᠶ᠋ᠢᠨ ᠠᠳᠠᠯᠢ ᠪᠤᠰᠤ ᠬᠤᠪᠢᠯᠪᠤᠷᠢ ᠪᠣᠯᠤᠨ᠎ᠠ᠃ ᠬᠡᠷᠪᠡ ᠬᠠᠷᠢᠯᠴᠠᠨ ᠡᠰᠡᠷᠭᠦᠴᠡᠯᠳᠦᠬᠦ ᠬᠠᠷᠢᠴᠠᠭᠠᠨ ᠳ᠋ᠤ᠌ ᠪᠠᠢᠪᠠᠯ ᠲᠡᠳᠡᠭᠡᠷ ᠨᠢ ᠲᠤᠰ ᠲᠤᠰ ᠪᠡᠶ᠎ᠡ ᠪᠡᠨ ᠳᠠᠭᠠᠭᠠᠭᠰᠠᠨ ᠬᠡᠳᠦᠨ ᠠᠪᠢᠶᠠᠯᠠᠪᠤᠷᠢ ᠪᠣᠯᠳᠠᠭ᠂  ᠵᠢᠱ᠌ᠢᠶᠠᠯᠠᠪᠠᠯ᠂ [t'ʊt'ax ](ᠳᠤᠲᠠᠬᠤ) ᠭᠡᠳᠡᠭ ᠦᠭᠡᠨ ᠳ᠋ᠡᠬᠢ [a]ᠶᠢ [a] ᠪᠠᠷ ᠬᠡᠯᠡᠪᠡᠯ᠂ ᠬᠥᠮᠦᠰ ᠲᠦ᠍ ᠥᠭᠦᠯᠡᠭᠴᠢ ᠨᠢ ᠡᠬᠢᠨ ᠦ᠌ ᠪᠤᠰᠤ ᠦᠶ᠎ᠡ ᠶ᠋ᠢᠨ ᠪᠣᠭᠣᠨᠢ [a]ᠡᠭᠡᠰᠢᠭ ᠢ᠋ ᠪᠤᠷᠤᠭᠤ ᠠᠪᠢᠶᠠᠯᠠᠭᠰᠠᠨ ᠭᠡᠬᠦ ᠲᠥᠷᠥᠭᠳᠡᠯ ᠥᠭᠬᠦ ᠡᠴᠡ ᠪᠢᠰᠢ [ t'ʊt'a:x ](ᠳᠤᠲᠠᠭᠠᠬᠤ) ᠭᠡᠳᠡᠭ ᠦᠭᠡ ᠶ᠋ᠢ ᠬᠡᠯᠡᠬᠦ ᠰᠢᠭ ᠣᠨᠳᠣᠣ ᠤᠳᠬ᠎ᠠ ᠶ᠋ᠢ ᠰᠡᠳᠬᠢᠭᠳᠡᠭᠦᠯᠬᠦ ᠦᠭᠡᠢ ᠪᠠᠢᠳᠠᠭ᠃ ᠤᠴᠢᠷ ᠨᠢ [a] ᠪᠣᠯᠤᠨ [a]ᠨᠢ ᠬᠠᠷᠢᠯᠴᠠᠨ ᠨᠥᠬᠥᠬᠦ ᠬᠠᠷᠢᠴᠠᠭ᠎ᠠ ᠲᠠᠢ ᠪᠠᠷ ᠣᠷᠣᠰᠢᠵᠤ᠂ [a] ᠶᠢᠨ ᠢᠯᠡᠷᠡᠬᠦ ᠦᠭᠡᠢ ᠪᠠᠢᠷᠢᠨ ᠳ᠋ᠤ᠌[a] ᠠᠪᠢᠶ᠎ᠠ ᠨᠥᠬᠥᠪᠥᠷᠢᠯᠡᠨ ᠣᠷᠣᠵᠤ ᠪᠠᠢᠳᠠᠭ᠃ ᠭᠡᠲᠡᠯ᠎ᠡ[a: ] ᠪᠣᠯᠤᠨ[a~a]  ᠶᠢᠨ ᠬᠠᠷᠢᠴᠠᠭ᠎ᠠ ᠪᠣᠯ ᠬᠠᠷᠢᠯᠴᠠᠨ ᠡᠰᠡᠷᠭᠦᠴᠡᠯᠳᠦᠭᠰᠡᠨ ᠰᠢᠨᠵᠢ ᠲᠡᠢ ᠤᠴᠢᠷ ᠬᠠᠷᠢᠯᠴᠠᠨ ᠰᠣᠯᠢᠨ ᠬᠡᠯᠡᠪᠡᠯ ᠬᠡᠯᠡᠨ ᠦ᠌ ᠤᠳᠬ᠎ᠠ ᠶ᠋ᠢ ᠥᠭᠡᠷᠡᠳᠡᠭᠦᠯᠦᠨ᠎ᠡ᠃ 
       ᠠᠪᠢᠶᠠᠨ ᠤ᠋ ᠰᠢᠨᠵᠢᠯᠡᠯ ᠳ᠋ᠦ᠍ ᠠᠪᠢᠶᠠᠯᠠᠪᠤᠷᠢ ᠶ᠋ᠢ ᠪᠠᠰᠠ ᠳᠠᠭᠤᠳᠠᠯᠭᠠᠲᠤ ᠠᠪᠢᠶᠠᠯᠠᠪᠤᠷᠢ (ᠠᠪᠢᠶᠠᠨ ᠤ᠋ ᠥᠩᠭᠡ ᠶ᠋ᠢᠨ)᠂ ᠳᠠᠭᠠᠯᠳᠤᠬᠤ ᠠᠪᠢᠶᠠᠯᠠᠪᠤᠷᠢ(ᠠᠪᠢᠶᠠᠨ ᠤ᠋ ᠥᠩᠭᠡ ᠶ᠋ᠢᠨ ᠪᠤᠰᠤ)ᠭᠡᠵᠦ ᠲᠥᠷᠥᠯᠴᠢᠯᠡᠨ ᠨᠢᠭᠲᠠᠯᠠᠵᠤ ᠪᠠᠢᠳᠠᠭ᠃ ᠳᠠᠭᠤᠨ ᠤ᠋ ᠥᠨᠳᠥᠷ ᠨᠠᠮ᠂ ᠤᠷᠲᠤ ᠪᠣᠭᠣᠨᠢ᠂ ᠴᠢᠩᠭ᠎ᠠ ᠰᠤᠯᠠ ᠶ᠋ᠢᠨ ᠣᠨᠴᠠᠯᠢᠭ ᠨᠢ ᠳᠠᠭᠠᠯᠳᠤᠬᠤ ᠠᠪᠢᠶᠠᠯᠠᠪᠤᠷᠢ ᠳ᠋ᠤ᠌ ᠬᠠᠷᠢᠶᠠᠯᠠᠭᠳᠠᠨ᠎ᠠ᠃ ᠮᠣᠩᠭᠣᠯ ᠬᠡᠯᠡᠨ ᠦ᠌ ᠤᠷᠲᠤ ᠡᠬᠡᠰᠢᠭ ᠪᠣᠯ ᠳᠠᠭᠠᠯᠳᠤᠬᠤ ᠠᠪᠢᠶᠠᠯᠠᠪᠤᠷᠢ ᠪᠣᠯᠤᠨ᠎ᠠ᠃ 
       ᠣᠷᠴᠢᠨ ᠴᠠᠭ ᠤ᠋ᠨ ᠮᠣᠩᠭᠣᠯ ᠬᠡᠯᠡᠨ ᠳ᠋ᠦ᠍ ᠪᠢᠴᠢᠭ ᠦ᠋ᠨ ᠬᠡᠯᠡ ᠪᠠ ᠪᠠᠷᠢᠮᠵᠢᠶ᠎ᠠ ᠠᠪᠢᠶᠠᠨ ᠤ᠋ ᠠᠪᠢᠶᠠᠯᠠᠪᠤᠷᠢ ᠨᠢ ᠲᠣᠳᠣᠷᠬᠠᠢ ᠪᠠᠢᠨ᠎ᠠ᠃ ᠪᠠᠷᠢᠮᠵᠢᠶ᠎ᠠ ᠠᠪᠢᠶᠠᠨ ᠳ᠋ᠤ᠌ 7 ᠪᠣᠭᠣᠨᠢ ᠪᠠ ᠤᠷᠲᠤ ᠡᠬᠡᠰᠢᠭ᠂ 6 ᠬᠣᠣᠰ ᠡᠬᠡᠰᠢᠭ᠂ ᠨᠡᠢᠲᠡ20 ᠡᠭᠡᠰᠢᠭ ᠠᠪᠢᠶᠠᠯᠠᠪᠤᠷᠢ ᠲᠠᠢ᠂ ᠦᠨᠳᠦᠰᠦᠨ ᠭᠡᠢᠭᠦᠯᠦᠭᠴᠢ17᠂ ᠵᠢᠭᠡᠯᠡᠭᠡ ᠦᠭᠡᠨ ᠦ᠌ ᠭᠡᠢᠭᠦᠯᠦᠭᠴᠢ8᠂ ᠨᠡᠢᠲᠡ25 ᠭᠡᠢᠭᠦᠯᠦᠭᠴᠢ ᠠᠪᠢᠶᠠᠯᠠᠪᠤᠷᠢ ᠪᠠᠢᠳᠠᠭ᠃ ᠡᠨᠳᠡ ᠪᠢᠳᠡ ᠪᠠᠷᠢᠮᠵᠢᠶ᠎ᠠ ᠠᠪᠢᠶᠠᠨ ᠤ᠋ ᠠᠪᠢᠶᠠᠯᠠᠪᠤᠷᠢ ᠶ᠋ᠢ ᠭᠣᠣᠯᠯᠠᠨ ᠲᠠᠨᠢᠯᠴᠠᠭᠤᠯᠬᠤ ᠪᠥᠭᠡᠳ ᠤᠯᠠᠮᠵᠢᠯᠠᠯ ᠢ ᠪᠠᠷᠢᠮᠲᠠᠯᠠᠨ ᠮᠥᠨ ᠯᠠ ᠠᠪᠢᠶ᠎ᠠ ᠭᠡᠳᠡᠭ ᠨᠡᠷ᠎ᠡ ᠶᠢ ᠬᠡᠷᠡᠭᠯᠡᠨ᠎ᠡ᠃