ᠲᠠᠯ᠎ᠠ ᠳ᠋ᠤ᠌ ᠤᠨᠠᠭᠰᠠᠨ ᠵᠢᠪᠠᠷ - ᠠᠯᠢᠮ᠎ᠠ Tald unasan javar-AlimaТалд унасан жавар-Алима
ᠲᠠᠯ᠎ᠠ ᠳ᠋ᠤ᠌ ᠤᠨᠠᠭᠰᠠᠨ ᠵᠢᠪᠠᠷ
ᠠᠷᠠᠳ ᠤ᠋ᠨ ᠳᠠᠭᠤᠤ
ᠳᠠᠭᠤᠴᠢᠨ᠄ ᠠᠯᠢᠮ᠎ᠠ
ᠲᠠᠯ᠎ᠠ ᠳ᠋ᠠᠭᠠᠨ ᠤᠨᠠᠭᠰᠠᠨ ᠵᠢᠪᠠᠷ ᠨᠢ ᠪᠣᠯᠪᠠᠯ
ᠲᠠᠰᠢᠭᠤᠷ ᠠᠯᠳᠠᠮ᠎ᠠ ᠬᠦᠢᠲᠡᠨ ᠵᠢᠪᠠᠷ ᠬᠦ
ᠲᠠᠩᠬᠢᠯ ᠥᠰᠦᠭᠰᠡᠨ ᠨᠠᠮ᠎ᠠ ᠶ᠋ᠢ ᠪᠡᠨ ᠪᠣᠯᠪᠠᠯ
ᠲᠠᠷᠢᠬᠢ ᠨᠢ ᠡᠷᠭᠢᠲᠡᠯ᠎ᠡ ᠵᠠᠩᠨᠠᠭᠠᠳ ᠶᠠᠭᠠᠬᠢᠮᠠ ᠪᠣᠢ ᠬᠦ
ᠠᠭᠤᠯᠠ ᠳ᠋ᠠᠭᠠᠨ ᠤᠨᠠᠭᠰᠠᠨ ᠵᠢᠪᠠᠷ ᠨᠢ ᠪᠣᠯᠪᠠᠯ
ᠤᠷᠭ᠎ᠠ ᠠᠯᠳᠠᠮ᠎ᠠ ᠬᠦᠢᠲᠡᠨ ᠵᠢᠪᠠᠷ ᠬᠦ
ᠤᠬᠠᠭ᠎ᠠ ᠰᠠᠭᠤᠭ᠎ᠠ ᠦᠭᠡᠢ ᠨᠠᠮ᠎ᠠ ᠶ᠋ᠢ ᠪᠡᠨ ᠪᠣᠯᠪᠠᠯ
ᠠᠭᠤᠷᠯᠠᠵᠤ ᠵᠠᠩᠨᠠᠭᠠᠳ ᠶᠠᠭᠤ ᠪᠠᠨ ᠬᠢᠨ᠎ᠡ ᠪᠣᠢ ᠬᠦ
ᠠᠷᠠᠯᠵᠢᠵᠤ ᠰᠤᠷᠤᠭ᠎ᠠ ᠦᠭᠡᠢ ᠮᠣᠷᠢ ᠶ᠋ᠢ ᠪᠡᠨ ᠪᠣᠯᠪᠠᠯ
ᠠᠮᠠ ᠶ᠋ᠢ ᠨᠢ ᠲᠠᠲᠠᠭᠠᠳ ᠶᠠᠭᠤ ᠪᠠᠨ ᠬᠢᠨ᠎ᠡ ᠪᠣᠢ ᠬᠦ
ᠠᠵᠢᠯ ᠰᠤᠷᠤᠭ᠎ᠠ ᠦᠭᠡᠢ ᠨᠠᠮ᠎ᠠ ᠶ᠋ᠢ ᠪᠡᠨ ᠪᠣᠯᠪᠠᠯ
ᠠᠭᠠᠰᠢᠯᠠᠵᠤ ᠵᠠᠩᠨᠠᠭᠠᠳ ᠶᠠᠭᠤ ᠪᠠᠨ ᠬᠢᠨ᠎ᠡ ᠪᠣᠢ ᠬᠦ
ᠵᠢᠷᠣᠭ᠎ᠠ ᠰᠤᠷᠤᠭ᠎ᠠ ᠦᠭᠡᠢ ᠮᠣᠷᠢ ᠶ᠋ᠢ ᠪᠡᠨ ᠪᠣᠯᠪᠠᠯ
ᠵᠢᠯᠣᠭᠣ ᠶ᠋ᠢ ᠨᠢ ᠲᠠᠲᠠᠭᠠᠳ ᠶᠠᠭᠤ ᠪᠠᠨ ᠬᠢᠨ᠎ᠡ ᠪᠣᠢ ᠬᠦ
ᠵᠣᠪᠠᠯᠠᠩ ᠦᠵᠡᠭᠡ ᠦᠭᠡᠢ ᠨᠠᠮ᠎ᠠ ᠶ᠋ᠢ ᠪᠡᠨ ᠪᠣᠯᠪᠠᠯ
ᠵᠣᠳᠣᠵᠤ ᠵᠠᠨᠴᠢᠭᠠᠳ ᠶᠠᠭᠤ ᠪᠠᠨ ᠬᠢᠨ᠎ᠡ ᠪᠣᠢ ᠬᠦ
ᠬᠠᠲᠠᠷᠢᠵᠤ ᠰᠤᠷᠤᠭ᠎ᠠ ᠦᠭᠡᠢ ᠮᠣᠷᠢ ᠶ᠋ᠢ ᠪᠡᠨ ᠪᠣᠯᠪᠠᠯ
ᠬᠠᠵᠠᠭᠠᠷ ᠢ᠋ ᠨᠢ ᠲᠠᠲᠠᠭᠠᠳ ᠶᠠᠭᠤ ᠪᠠᠨ ᠬᠢᠨ᠎ᠡ ᠪᠣᠢ ᠬᠦ
ᠬᠠᠯᠠ ᠦᠵᠡᠭᠡ ᠦᠭᠡᠢ ᠨᠠᠮ᠎ᠠ ᠶ᠋ᠢ ᠪᠡᠨ ᠪᠣᠯᠪᠠᠯ
ᠬᠠᠷᠠᠳᠠᠵᠤ ᠵᠠᠩᠨᠠᠭᠠᠳ ᠶᠠᠭᠤ ᠪᠠᠨ ᠬᠢᠨ᠎ᠡ ᠪᠣᠢ ᠬᠦ
ᠦᠰᠦᠭ ᠬᠠᠲᠠᠵᠤ᠂ ᠠᠮᠢᠯᠠᠭᠤᠯᠤᠭᠰᠠᠨ ᠨᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
