ᠮᠠᠨᠢ ᠶ᠋ᠢᠨ ᠵᠢᠷᠭᠤᠭᠠᠨ ᠦᠰᠦᠭ ᠦ᠋ᠨ ᠲᠠᠢᠯᠪᠤᠷᠢМаанийн зургаан өсгийн тайлбар ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨᠢ ᠶ᠋ᠢᠨ ᠵᠢᠷᠭᠤᠭᠠᠨ ᠦᠰᠦᠭ ᠦ᠋ᠨ ᠲᠠᠢᠯᠪᠤᠷᠢМаанийн зургаан өсгийн тайлбар

ᠮᠠᠨᠢ ᠶ᠋ᠢᠨ ᠵᠢᠷᠭᠤᠭᠠᠨ ᠦᠰᠦᠭ ᠦ᠋ᠨ ᠲᠠᠢᠯᠪᠤᠷᠢМаанийн зургаан өсгийн тайлбар

2026-01-20

1289

ᠮᠠᠨᠢ ᠶ᠋ᠢᠨ ᠵᠢᠷᠭᠤᠭᠠᠨ ᠦᠰᠦᠭ ᠦ᠋ᠨ ᠲᠠᠢᠯᠪᠤᠷᠢ 


    ᠮᠠᠨᠢ ᠭᠡᠳᠡᠭ ᠨᠢ ᠰᠡᠳᠬᠢᠯᠴᠢᠯᠡᠨ ᠪᠦᠲᠦᠭᠡᠬᠦ ᠡᠷᠳᠡᠨᠢ ᠭᠡᠰᠡᠨ ᠰᠠᠨᠰᠺᠷᠢᠲ ᠦᠭᠡ᠂ ᠡᠬᠡ ᠨᠢᠭᠦᠯᠡᠰᠬᠦᠢ ᠪᠣᠳᠢᠰᠠᠳ᠋ᠸ᠎ᠠ ᠠᠷᠢᠶᠠᠪᠠᠯᠤ ᠵᠢᠷᠭᠤᠭᠠᠨ ᠶᠡᠬᠡ ᠶᠢᠷᠲᠢᠨᠴᠦ ᠶ᠋ᠢᠨ ᠠᠮᠢᠲᠠᠨ ᠤ᠋ ᠵᠣᠪᠠᠯᠠᠩ ᠢ᠋ ᠠᠷᠢᠯᠭᠠᠬᠤ ᠶ᠋ᠢᠨ ᠲᠤᠰᠠ ᠳ᠋ᠤ᠌ ᠮᠠᠨᠢ ᠶ᠋ᠢᠨ ᠵᠢᠷᠭᠤᠭᠠᠨ ᠦᠰᠦᠭ 《 ᠤᠸᠮ ᠮᠠ ᠨᠢ ᠪᠠᠳ ᠮᠧᠢ ᠾᠦᠩ》 ᠢ᠋ ᠪᠦᠲᠦᠭᠡᠨ ᠵᠣᠬᠢᠶᠠᠵᠠᠢ᠃ ᠡᠢᠮᠦ ᠡᠴᠡ ᠡᠨᠡ ᠬᠦ᠌ ᠮᠠᠨᠢ ᠶ᠋ᠢᠨ ᠵᠢᠷᠭᠤᠭᠠᠨ ᠦᠰᠦᠭ ᠊ᠢ《ᠠᠷᠢᠶᠠᠪᠠᠯᠤ ᠶ᠋ᠢᠨ ᠵᠢᠷᠦᠬᠡᠨ ᠲᠠᠷᠨᠢ》 ᠭᠡᠳᠡᠭ᠃ ᠡᠭᠦᠨ ᠳ᠋ᠦ᠍《 ᠡᠬᠡ ᠪᠣᠯᠤᠭᠰᠠᠨ ᠵᠢᠷᠭᠤᠭᠠᠨ ᠵᠦᠢᠯ ᠦ᠋ᠨ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ》 ᠬᠡᠮᠡᠬᠦ ᠤᠳᠬ᠎ᠠ ᠪᠠᠭᠲᠠᠵᠤ ᠪᠣᠢ᠃《 ᠡᠬᠡ ᠪᠣᠯᠤᠭᠰᠠᠨ ᠵᠢᠷᠭᠤᠭᠠᠨ ᠵᠦᠢᠯ ᠦ᠋ᠨ ᠬᠠᠮᠤᠭ ᠠᠮᠢᠲᠠᠨ》 ᠭᠡᠳᠡᠭ ᠨᠢ ᠵᠢᠷᠭᠤᠭᠠᠨ ᠡᠬᠡ ᠶᠢᠷᠲᠢᠨᠴᠦ ᠶ᠋ᠢ ᠵᠢᠭᠠᠵᠤ ᠪᠣᠢ᠃ ᠡᠨᠡ ᠨᠢ 《ᠲᠩᠷᠢ ᠶ᠋ᠢᠨ ᠶᠢᠷᠲᠢᠨᠴᠦ᠂ ᠠᠰᠤᠷᠢ ᠶ᠋ᠢᠨ ᠶᠢᠷᠲᠢᠨᠴᠦ᠂ ᠬᠥᠮᠦᠨ ᠦ᠌ ᠶᠢᠷᠲᠢᠨᠴᠦ᠂ ᠠᠳᠤᠭᠤᠰᠤᠨ ᠤ᠋ ᠶᠢᠷᠲᠢᠨᠴᠦ᠂ ᠪᠢᠷᠢᠳ ᠦ᠋ᠨ ᠶᠢᠷᠲᠢᠨᠴᠦ᠂ ᠲᠠᠮᠤ ᠶ᠋ᠢᠨ ᠶᠢᠷᠲᠢᠨᠴᠦ》 ᠪᠣᠯᠤᠨ᠎ᠠ᠃ ᠲᠣᠳᠣᠷᠬᠠᠢᠯᠠᠨ ᠳᠤᠷᠠᠳᠪᠠᠰᠤ᠄
《ᠤᠸᠮ》 ᠠ᠋ᠴᠠ ᠭᠡᠷᠡᠯ ᠰᠠᠴᠤᠷᠠᠨ ᠲᠩᠷᠢ ᠶ᠋ᠢᠨ ᠶᠢᠷᠲᠢᠨᠴᠦ ᠳ᠋ᠦ᠍ ᠲᠣᠰᠤᠭᠠᠳ ᠲᠩᠷᠢ ᠨᠠᠷ ᠦᠬᠦᠨ ᠶᠡᠭᠦᠳᠬᠡᠬᠦ ᠵᠣᠪᠠᠯᠠᠩ ᠊ᠢ ᠠᠷᠢᠯᠭᠠᠨ ᠠᠷᠢᠶᠠᠪᠠᠯᠤ ᠶ᠋ᠢᠨ ᠬᠤᠲᠤᠭ ᠴᠣᠭ ᠲᠤᠷ ᠵᠣᠬᠢᠶᠠ᠃
《ᠮᠠ》 ᠠ᠋ᠴᠠ ᠭᠡᠷᠡᠯ ᠰᠠᠴᠤᠷᠠᠨ ᠠᠰᠤᠷᠢ ᠶ᠋ᠢᠨ ᠶᠢᠷᠲᠢᠨᠴᠦ ᠳ᠋ᠦ᠍ ᠲᠣᠰᠤᠭᠠᠳ ᠠᠰᠤᠷᠢ ᠨᠠᠷ ᠬᠡᠷᠡᠯᠳᠦᠬᠦ ᠲᠡᠮᠡᠴᠡᠬᠦ ᠵᠣᠪᠠᠯᠠᠩ ᠢ᠋ ᠠᠷᠢᠯᠭᠠᠨ ᠠᠷᠢᠶᠠᠪᠠᠯᠤ ᠶ᠋ᠢᠨ ᠬᠤᠲᠤᠭ ᠴᠣᠭ ᠲᠤᠷ ᠵᠣᠬᠢᠶᠠ᠃
《ᠨᠢ》 ᠡᠴᠡ ᠭᠡᠷᠡᠯ ᠰᠠᠴᠤᠷᠠᠨ ᠬᠥᠮᠦᠨ ᠦ᠌ ᠶᠢᠷᠲᠢᠨᠴᠦ ᠳ᠋ᠦ᠍ ᠲᠣᠰᠤᠭᠠᠳ ᠬᠥᠮᠦᠨ ᠨᠦ᠍ᠭᠦᠳ ᠲᠥᠷᠥᠬᠦ ᠪᠠ ᠥᠲᠡᠯᠬᠦ᠂ ᠡᠪᠡᠳᠬᠦ ᠪᠠ ᠦᠬᠦᠯ ᠪᠣᠯᠬᠤ ᠵᠣᠪᠠᠯᠠᠩ ᠢ᠋ ᠠᠷᠢᠯᠭᠠᠨ ᠠᠷᠢᠶᠠᠪᠠᠯᠤ ᠶ᠋ᠢᠨ ᠬᠤᠲᠤᠭ ᠴᠣᠭ ᠲᠤᠷ ᠵᠣᠬᠢᠶᠠ᠃
《ᠪᠠᠳ》 ᠠ᠋ᠴᠠ ᠭᠡᠷᠡᠯ ᠰᠠᠴᠤᠷᠠᠨ ᠠᠳᠤᠭᠤᠰᠤᠨ ᠤ᠋ ᠶᠢᠷᠲᠢᠨᠴᠦ ᠳ᠋ᠦ᠍ ᠲᠣᠰᠤᠭᠠᠳ ᠠᠳᠤᠭᠤᠰᠤᠨ ᠨᠤᠭᠤᠳ ᠲᠡᠨᠡᠭ ᠬᠡᠯᠡᠭᠡᠢᠲᠦ ᠵᠣᠪᠠᠯᠠᠩ ᠢ᠋ ᠠᠷᠢᠯᠭᠠᠨ ᠠᠷᠢᠶᠠᠪᠠᠯᠤ ᠶ᠋ᠢᠨ ᠬᠤᠲᠤᠭ ᠴᠣᠭ ᠲᠤᠷ ᠵᠣᠬᠢᠶᠠ᠃
《 ᠮᠧᠢ》 ᠡᠴᠡ ᠭᠡᠷᠡᠯ ᠰᠠᠴᠤᠷᠠᠨ ᠪᠢᠷᠢᠳ ᠦ᠋ᠨ ᠶᠢᠷᠲᠢᠨᠴᠦ ᠳ᠋ᠦ᠍ ᠲᠣᠰᠤᠭᠠᠳ ᠪᠢᠷᠢᠳ ᠦ᠋ᠳ ᠥᠯᠥᠰᠬᠦ ᠪᠠ ᠤᠮᠳᠠᠭᠠᠰᠬᠤ ᠵᠣᠪᠠᠯᠠᠩ ᠢ᠋ ᠠᠷᠢᠯᠭᠠᠨ ᠠᠷᠢᠶᠠᠪᠠᠯᠤ ᠶ᠋ᠢᠨ ᠬᠤᠲᠤᠭ ᠴᠣᠭ ᠲᠤᠷ ᠵᠣᠬᠢᠶᠠ᠃
《ᠾᠦᠩ》 ᠡᠴᠡ ᠭᠡᠷᠡᠯ ᠰᠠᠴᠤᠷᠠᠨ ᠲᠠᠮᠤ ᠶ᠋ᠢᠨ ᠶᠢᠷᠲᠢᠨᠴᠦ ᠳ᠋ᠦ᠍ ᠲᠣᠰᠤᠭᠠᠳ ᠲᠠᠮᠤ ᠨᠤᠭᠤᠳ ᠬᠠᠯᠠᠭᠤᠨ ᠪᠠ ᠬᠦᠢᠲᠡᠨ ᠴᠢᠨᠠᠭᠳᠠᠬᠤ ᠲᠦᠯᠡᠭᠳᠡᠬᠦ ᠵᠣᠪᠠᠯᠠᠩ ᠢ᠋ ᠠᠷᠢᠯᠭᠠᠨ ᠠᠷᠢᠶᠠᠪᠠᠯᠤ ᠶ᠋ᠢᠨ ᠬᠤᠲᠤᠭ ᠴᠣᠭ ᠲᠤᠷ ᠵᠣᠬᠢᠶᠠ᠂ ᠭᠡᠷᠡᠯ ᠢᠨᠠᠭᠰᠢ ᠪᠠᠨ ᠬᠤᠷᠢᠶᠠᠵᠤ ᠲᠠᠷᠨᠢ ᠶ᠋ᠢᠨ ᠡᠷᠢᠬᠡᠰ ᠲᠣᠷ ᠰᠢᠩᠭᠡᠬᠦ ᠪᠡᠷ ᠰᠠᠴᠤᠷᠠᠬᠤ ᠬᠤᠷᠢᠶᠠᠬᠤ ᠵᠣᠬᠢᠶᠠᠯᠲᠠᠨ ᠪᠣᠯᠪᠠᠢ᠃
ᠤᠸᠮ ᠮᠠ ᠨᠢ ᠪᠠᠳ ᠮᠧᠢ ᠾᠦᠩ᠃ ᠡᠭᠦᠨ ᠢ᠋ ᠣᠯᠠᠨᠲᠠ ᠤᠩᠰᠢᠮᠤᠢ᠃ ᠢᠩᠭᠢᠵᠦ ᠴᠢᠳᠠᠪᠠᠰᠤ ᠠᠯᠢᠪᠠ ᠠᠶᠤᠯ ᠵᠣᠪᠠᠯᠠᠩ ᠠᠷᠢᠯᠵᠤ ᠰᠠᠨᠠᠭᠰᠠᠨ ᠦᠢᠯᠡᠰ ᠰᠡᠳᠬᠢᠯᠴᠢᠯᠡᠨ ᠪᠦᠲᠦᠬᠦ ᠢᠨᠦ ᠮᠠᠭᠠᠳ ᠪᠣᠯᠠᠢ᠃
ᠠᠳᠬᠠᠭ ᠨᠢᠰᠸᠠᠨᠢᠰ ᠤ᠋ᠨ ᠭᠡᠮ ᠡᠰᠡ ᠬᠠᠯᠳᠠᠭᠰᠠᠨ ᠮᠠᠰᠢ ᠴᠠᠭᠠᠨ ᠪᠡᠶᠡᠲᠦ᠂ ᠠᠪᠢᠳᠠ ᠪᠤᠷᠬᠠᠨ ᠢ᠋ᠶ᠋ᠠᠷ ᠣᠷᠣᠢ ᠪᠠᠨ ᠴᠢᠮᠡᠵᠦ᠂ ᠠᠰᠠᠷᠠᠨ ᠨᠢᠭᠦᠯᠡᠰᠦᠩᠭᠦᠢ ᠶ᠋ᠢᠨ ᠨᠢᠳᠦᠨ ᠢ᠋ᠶ᠋ᠡᠷ ᠠᠮᠢᠲᠠᠨ ᠢ᠋ ᠦᠵᠡᠭᠴᠢ᠂ ᠠᠯᠳᠠᠷᠲᠤ ᠬᠣᠮᠰᠢᠮ ᠪᠣᠳᠢᠰᠠᠳ᠋ᠸ᠎ᠠ ᠳ᠋ᠤᠷ ᠮᠥᠷᠭᠥᠮᠦᠢ᠃ ᠠᠰᠤᠷᠢ ᠳᠡᠭᠡᠷᠡᠬᠢ ᠮᠢᠩᠭᠠᠨ ᠮᠣᠳᠣᠷ( ᠭᠠᠷ) ᠠᠨᠤ ᠠᠷᠢᠭᠤᠨ ᠨᠣᠮ ᠤ᠋ᠨ ᠬᠦᠷᠳᠦᠨ ᠢ᠋ ᠡᠷᠭᠢᠭᠦᠯᠦᠭᠴᠢ ᠽᠠᠭᠷᠠᠸᠠᠷᠳᠢ ᠶ᠋ᠢᠨ ᠬᠠᠭᠠᠨ᠂ ᠠᠰᠢᠳᠠ ᠶ᠋ᠢᠨ ᠮᠢᠩᠭᠠᠨ ᠮᠡᠯᠮᠡᠢ( ᠨᠢᠳᠦᠨ) ᠢᠨᠦ ᠰᠠᠢᠨ ᠴᠠᠭ ᠤ᠋ᠨ ᠮᠢᠩᠭᠠᠨ ᠪᠤᠷᠬᠠᠨ᠂ ᠠᠪᠤᠷᠠᠵᠤ ᠠᠮᠢᠲᠠᠨ ᠢ᠋ ᠨᠣᠮᠣᠬᠠᠳᠬᠠᠭᠴᠢ ᠠᠯᠢᠪᠠ ᠲᠡᠢᠮᠦ ᠲᠥᠷᠥᠯ ᠢ᠋ ᠭᠡᠢᠭᠦᠯᠦᠭᠰᠡᠨ ᠨᠢ ᠠᠰᠠᠷᠠᠨ ᠨᠢᠭᠦᠯᠡᠰᠦᠩᠭᠦᠢ ᠬᠣᠮᠰᠢᠮ ᠪᠣᠳᠢᠰᠠᠳ᠋ᠸ᠎ᠠ ᠳ᠋ᠤ᠌ ᠮᠥᠷᠭᠥᠨ ᠮᠠᠭᠲᠠᠮᠤᠢ᠃ ᠤᠸᠮ ᠮᠠ᠋ ᠨᠢ ᠪᠠᠳ ᠮᠧᠢ ᠾᠦᠩ᠃
ᠡᠳᠦᠭᠡ ᠠᠷᠢᠶᠠᠪᠠᠯᠤ ᠶ᠋ᠢᠨ ᠵᠢᠷᠦᠬᠡᠨ ᠲᠠᠷᠨᠢ ᠳ᠋ᠤ᠌ ᠤᠳᠬ᠎ᠠ ᠶ᠋ᠢᠨ ᠲᠠᠢᠯᠪᠤᠷᠢ ᠬᠢᠰᠦᠭᠡᠢ᠃ ᠲᠡᠭᠦᠰ ᠬᠤᠪᠢᠳᠠᠨ ᠲᠠ ᠡᠭᠦᠨ ᠢ᠋ ᠰᠣᠨᠣᠰᠤᠭᠲᠤᠨ᠃ ᠲᠡᠭᠦᠪᠡᠷ ᠵᠢᠷᠦᠬᠡᠨ ᠵᠢᠷᠭᠤᠭᠠᠨ ᠦᠰᠦᠭ ᠦ᠋ᠨ ᠤᠳᠬ᠎ᠠ ᠶ᠋ᠢ ᠠᠨᠤ ᠨᠢᠵᠡᠭᠡᠳ ᠲᠣᠭᠠᠯᠠᠨ ᠳᠡᠢᠯᠪᠡᠰᠦ ᠡᠢᠨ ᠪᠤᠶᠤ᠃
ᠡᠩ ᠲᠡᠷᠢᠭᠦᠨ ᠤᠷᠢᠳᠠ ᠵᠢᠷᠭᠤᠭᠠᠨ ᠢᠵᠠᠭᠤᠷ ᠲᠤᠷ ᠨᠡᠢᠯᠡᠭᠦᠯᠪᠡᠰᠦ᠄
ᠤᠸᠮ ᠦᠰᠦᠭ ᠰᠡᠳᠬᠢᠯ ᠦ᠋ᠨ ᠢᠵᠠᠭᠤᠷ
ᠮᠠ ᠦᠰᠦᠭ ᠪᠡᠶ᠎ᠡ ᠶ᠋ᠢᠨ ᠢᠵᠠᠭᠤᠷ
ᠨᠢ ᠦᠰᠦᠭ ᠵᠠᠷᠯᠢᠭ ᠤ᠋ᠨ ᠢᠵᠠᠭᠤᠷ
ᠪᠠᠳ ᠦᠰᠦᠭ ᠦᠢᠯᠡᠰ ᠦ᠋ᠨ ᠢᠵᠠᠭᠤᠷ
ᠮᠧᠢ ᠦᠰᠦᠭ ᠡᠷᠳᠡᠮ ᠦ᠋ᠨ ᠢᠵᠠᠭᠤᠷ
ᠾᠦᠩ ᠦᠰᠦᠭ ᠲᠠᠪᠤᠨ ᠪᠦᠷᠢ ᠲᠡᠭᠦᠰᠦᠭᠰᠡᠨ ᠦ᠌ ᠢᠵᠠᠭᠤᠷ ᠪᠤᠶᠤ᠃

ᠵᠢᠷᠭᠤᠭᠠᠨ ᠮᠠᠬᠠᠪᠣᠳ ᠤ᠋ᠨ ᠭᠡᠮ ᠢ᠋ ᠠᠷᠢᠯᠭᠠᠬᠤᠢ ᠳ᠋ᠤᠷ ᠨᠡᠢᠯᠡᠭᠦᠯᠪᠡᠰᠦ᠄
ᠤᠸᠮ ᠦᠰᠦᠭ ᠰᠢᠷᠣᠢ ᠮᠠᠬᠠᠪᠣᠳ ᠤ᠋ᠨ ᠭᠡᠮ ᠢ᠋ ᠠᠷᠢᠯᠭᠠᠶᠤ
ᠮᠠ ᠦᠰᠦᠭ ᠤᠰᠤᠨ ᠮᠠᠬᠠᠪᠣᠳ ᠤ᠋ᠨ ᠭᠡᠮ ᠢ᠋ ᠠᠷᠢᠯᠭᠠᠶᠤ
ᠨᠢ ᠦᠰᠦᠭ ᠭᠠᠯ ᠮᠠᠬᠠᠪᠣᠳ ᠤ᠋ᠨ ᠭᠡᠮ ᠢ᠋ ᠠᠷᠢᠯᠭᠠᠶᠤ
ᠪᠠᠳ ᠦᠰᠦᠭ ᠬᠡᠢ ᠮᠠᠬᠠᠪᠣᠳ ᠤ᠋ᠨ ᠭᠡᠮ ᠢ᠋ ᠠᠷᠢᠯᠭᠠᠶᠤ
ᠮᠧᠢ ᠦᠰᠦᠭ ᠮᠣᠳᠣᠨ ᠮᠠᠬᠠᠪᠣᠳ ᠤ᠋ᠨ ᠭᠡᠮ ᠢ᠋ ᠠᠷᠢᠯᠭᠠᠶᠤ
ᠾᠦᠩ ᠦᠰᠦᠭ ᠣᠭᠲᠠᠷᠭᠤᠢ ᠮᠠᠬᠠᠪᠣᠳ ᠤ᠋ᠨ ᠭᠡᠮ ᠢ᠋ ᠠᠷᠢᠯᠭᠠᠶᠤ᠃

ᠵᠢᠷᠭᠤᠭᠠᠨ ᠢᠵᠠᠭᠤᠷᠲᠤ ᠪᠤᠷᠬᠠᠨ ᠳ᠋ᠤᠷ ᠨᠡᠢᠯᠡᠭᠦᠯᠪᠡᠰᠦ᠄
ᠤᠸᠮ ᠦᠰᠦᠭ ᠸᠸᠷᠤᠽᠠᠨ᠎ᠠ ᠪᠤᠷᠬᠠᠨ ᠤ᠋ ᠴᠢᠨᠠᠷ
ᠮᠠ ᠦᠰᠦᠭ ᠠᠭᠴᠤᠪᠠᠢ ᠪᠤᠷᠬᠠᠨ ᠤ᠋ ᠴᠢᠨᠠᠷ
ᠨᠢ ᠦᠰᠦᠭ ᠠᠪᠢᠳᠠ ᠪᠤᠷᠬᠠᠨ ᠤ᠋ ᠴᠢᠨᠠᠷ
ᠪᠠᠳ ᠦᠰᠦᠭ ᠠᠮᠤᠺᠠᠰᠢᠳᠢ ᠪᠤᠷᠬᠠᠨ ᠤ᠋ ᠴᠢᠨᠠᠷ
ᠮᠧᠢ ᠦᠰᠦᠭ ᠷᠠᠳᠨᠠᠰᠠᠮᠪᠠᠸ᠎ᠠ ᠪᠤᠷᠬᠠᠨ ᠤ᠋ ᠴᠢᠨᠠᠷ
ᠾᠦᠩ ᠦᠰᠦᠭ ᠸᠴᠢᠷᠳᠠᠷ᠎ᠠ ᠪᠤᠷᠬᠠᠨ ᠤ᠋ ᠴᠢᠨᠠᠷ ᠪᠤᠶᠤ᠃

ᠵᠢᠷᠭᠤᠭᠠᠨ ᠪᠡᠶ᠎ᠡ ᠳ᠋ᠦ᠍ᠷ ᠨᠡᠢᠯᠡᠭᠦᠯᠪᠡᠰᠦ᠄
ᠤᠸᠮ ᠦᠰᠦᠭ ᠢᠯᠡᠳᠲᠡ ᠲᠤᠭᠤᠯᠤᠭᠰᠠᠨ ᠪᠤᠷᠬᠠᠨ ᠤ᠋ ᠪᠡᠶ᠎ᠡ 
ᠮᠠ ᠦᠰᠦᠭ ᠨᠣᠮ ᠤ᠋ᠨ ᠪᠡᠶ᠎ᠡ
ᠨᠢ ᠦᠰᠦᠭ ᠮᠥᠨ ᠴᠢᠨᠠᠷ ᠤ᠋ᠨ ᠪᠡᠶ᠎ᠡ
ᠪᠠᠳ ᠦᠰᠦᠭ ᠬᠤᠪᠢᠯᠭᠠᠨ ᠤ᠋ ᠪᠡᠶ᠎ᠡ
ᠮᠧᠢ ᠦᠰᠦᠭ ᠲᠡᠭᠦᠰ ᠵᠢᠷᠭᠠᠯᠠᠩ ᠤ᠋ᠨ ᠪᠡᠶ᠎ᠡ
ᠾᠦᠩ ᠦᠰᠦᠭ ᠸᠴᠢᠷ ᠮᠡᠲᠦ ᠪᠡᠶ᠎ᠡ ᠪᠤᠶᠤ᠃

ᠵᠢᠷᠭᠤᠭᠠᠨ ᠴᠢᠳᠠᠭᠴᠢ ᠳ᠋ᠤᠷ ᠨᠡᠢᠯᠡᠭᠦᠯᠪᠡᠰᠦ᠄
ᠤᠸᠮ ᠦᠰᠦᠭ ᠲᠩᠷᠢ ᠶ᠋ᠢ ᠴᠢᠳᠠᠭᠴᠢ 
ᠮᠠ ᠦᠰᠦᠭ ᠠᠰᠤᠷᠢ ᠶ᠋ᠢ ᠴᠢᠳᠠᠭᠴᠢ
ᠪᠢᠮᠠᠽᠠᠳᠠᠷᠢ ᠬᠠᠭᠠᠨ
ᠨᠢ ᠦᠰᠦᠭ ᠬᠥᠮᠦᠨ ᠢ᠋ ᠴᠢᠳᠠᠭᠴᠢ
ᠱᠠᠭᠵᠠᠮᠤᠨᠢ ᠪᠤᠷᠬᠠᠨ
ᠪᠠᠳ ᠦᠰᠦᠭ ᠠᠳᠤᠭᠤᠰᠤᠨ ᠢ᠋ ᠴᠢᠳᠠᠭᠴᠢ
ᠠᠷᠰᠯᠠᠨ ᠤ᠋ ᠳᠠᠭᠤᠨ ᠢ᠋ ᠳᠠᠭᠤᠷᠢᠰᠬᠠᠭᠴᠢ
ᠮᠧᠢ ᠦᠰᠦᠭ ᠪᠢᠷᠢᠳ ᠢ᠋ ᠴᠢᠳᠠᠭᠴᠢ
ᠣᠭᠲᠠᠷᠭᠤᠢ ᠶ᠋ᠢᠨ ᠶᠡᠬᠡ ᠰᠠᠩ
ᠾᠦᠩ ᠦᠰᠦᠭ ᠲᠠᠮᠤ ᠶ᠋ᠢ ᠴᠢᠳᠠᠭᠴᠢ
ᠡᠷᠯᠢᠭ ᠨᠣᠮ ᠤ᠋ᠨ ᠬᠠᠭᠠᠨ ᠪᠤᠶᠤ᠃

ᠵᠢᠷᠭᠤᠭᠠᠨ ᠲᠦᠢᠳᠬᠡᠷ ᠢ᠋ ᠠᠷᠢᠯᠭᠠᠭᠴᠢ ᠳ᠋ᠤᠷ ᠨᠡᠢᠯᠡᠭᠦᠯᠪᠡᠰᠦ᠄
ᠤᠸᠮ ᠦᠰᠦᠭ ᠮᠤᠩᠬᠠᠭ ᠨᠢᠰᠸᠠᠨᠢᠰ ᠢ᠋ ᠠᠷᠢᠯᠭᠠᠶᠤ  
ᠮᠠ ᠦᠰᠦᠭ ᠠᠭᠤᠷ ᠤ᠋ᠨ ᠨᠢᠰᠸᠠᠨᠢᠰ ᠢ᠋ ᠠᠷᠢᠯᠭᠠᠶᠤ
ᠨᠢ ᠦᠰᠦᠭ ᠲᠠᠴᠢᠶᠠᠩᠭᠤᠢ ᠨᠢᠰᠸᠠᠨᠢᠰ ᠢ᠋ ᠠᠷᠢᠯᠭᠠᠶᠤ
ᠪᠠᠳ ᠦᠰᠦᠭ ᠨᠠᠢᠳᠠᠩᠭᠤᠢ ᠨᠢᠰᠸᠠᠨᠢᠰ ᠢ᠋ ᠠᠷᠢᠯᠭᠠᠶᠤ
ᠮᠧᠢ ᠦᠰᠦᠭ ᠬᠠᠷᠠᠮ ᠨᠢᠰᠸᠠᠨᠢᠰ ᠢ᠋ ᠠᠷᠢᠯᠭᠠᠶᠤ
ᠾᠦᠩ ᠦᠰᠦᠭ ᠣᠮᠣᠭ ᠨᠢᠰᠸᠠᠨᠢᠰ ᠢ᠋ ᠠᠷᠢᠯᠭᠠᠶᠤ᠃

ᠵᠢᠷᠭᠤᠭᠠᠨ ᠪᠡᠯᠭᠡ ᠪᠢᠯᠢᠭ ᠲᠣᠷ ᠨᠡᠢᠯᠡᠭᠦᠯᠪᠡᠰᠦ᠄
ᠤᠸᠮ ᠦᠰᠦᠭ ᠲᠣᠯᠢ ᠮᠡᠲᠦ ᠪᠡᠯᠭᠡ ᠪᠢᠯᠢᠭ  
ᠮᠠ ᠦᠰᠦᠭ ᠨᠣᠮ ᠤ᠋ᠨ ᠴᠢᠨᠠᠷ ᠤ᠋ᠨ ᠪᠡᠯᠭᠡ ᠪᠢᠯᠢᠭ
ᠨᠢ ᠦᠰᠦᠭ ᠲᠤᠰ ᠲᠤᠰ ᠲᠤᠨᠢ ᠤᠨᠤᠬᠤ ᠶ᠋ᠢᠨ ᠪᠡᠯᠭᠡ ᠪᠢᠯᠢᠭ
ᠪᠠᠳ ᠦᠰᠦᠭ ᠦᠢᠯᠡ ᠪᠦᠲᠦᠭᠡᠬᠦ ᠶ᠋ᠢᠨ ᠪᠡᠯᠭᠡ ᠪᠢᠯᠢᠭ
ᠮᠧᠢ ᠦᠰᠦᠭ ᠲᠡᠭᠰᠢ ᠠᠭᠤᠯᠬᠤ ᠶ᠋ᠢᠨ ᠪᠡᠯᠭᠡ ᠪᠢᠯᠢᠭ
ᠾᠦᠩ ᠦᠰᠦᠭ ᠬᠠᠮᠲᠤ ᠲᠥᠷᠥᠬᠦ ᠶ᠋ᠢᠨ ᠪᠡᠯᠭᠡ ᠪᠢᠯᠢᠭ ᠪᠤᠶᠤ᠃

ᠵᠢᠷᠭᠤᠭᠠᠨ ᠪᠠᠷᠠᠮᠢᠳ ᠲᠤᠷ ᠨᠡᠢᠯᠡᠭᠦᠯᠪᠡᠰᠦ᠄
ᠤᠸᠮ ᠦᠰᠦᠭ ᠪᠢᠯᠢᠭ ᠦ᠋ᠨ ᠪᠠᠷᠠᠮᠢᠳ 
ᠮᠠ ᠦᠰᠦᠭ ᠬᠦᠯᠢᠴᠡᠩᠭᠦᠢ ᠶ᠋ᠢᠨ ᠪᠠᠷᠠᠮᠢᠳ
ᠨᠢ ᠦᠰᠦᠭ ᠱᠠᠭᠱᠠᠪᠠᠳ ᠤ᠋ᠨ ᠪᠠᠷᠠᠮᠢᠳ
ᠪᠠᠳ ᠦᠰᠦᠭ ᠬᠢᠴᠢᠶᠡᠩᠭᠦᠢ ᠶ᠋ᠢᠨ ᠪᠠᠷᠠᠮᠢᠳ
ᠮᠧᠢ ᠦᠰᠦᠭ ᠥᠭᠯᠢᠭᠡ ᠶ᠋ᠢᠨ ᠪᠠᠷᠠᠮᠢᠳ
ᠾᠦᠩ ᠦᠰᠦᠭ ᠲᠢᠶᠠᠨ ᠤ᠋ ᠪᠠᠷᠠᠮᠢᠳ ᠪᠤᠶᠤ᠃

ᠵᠢᠷᠭᠤᠭᠠᠨ ᠵᠦᠢᠯ ᠦ᠋ᠨ ᠠᠮᠢᠲᠠᠨ ᠤ᠋ ᠲᠤᠰᠠ ᠳ᠋ᠤᠷ ᠨᠡᠢᠯᠡᠭᠦᠯᠪᠡᠰᠦ᠄
ᠤᠸᠮ ᠦᠰᠦᠭ ᠲᠩᠷᠢ ᠨᠠᠷ ᠤ᠋ᠨ ᠤᠨᠠᠬᠤᠢ ᠪᠠᠭᠤᠷᠠᠬᠤᠢ ᠵᠣᠪᠠᠯᠠᠩ ᠢ᠋ ᠤᠰᠠᠳᠬᠠᠶᠤ
ᠮᠠ ᠦᠰᠦᠭ ᠠᠰᠤᠷᠢ ᠨᠠᠷ ᠤ᠋ᠨ ᠬᠠᠳᠬᠤᠯᠳᠠᠬᠤᠢ ᠲᠡᠮᠡᠴᠡᠯᠳᠦᠬᠦᠢ ᠵᠣᠪᠠᠯᠠᠩ ᠢ᠋ ᠤᠰᠠᠳᠬᠠᠶᠤ
ᠨᠢ ᠦᠰᠦᠭ ᠬᠥᠮᠦᠨ ᠦ᠌ ᠲᠥᠷᠥᠬᠦ᠂ᠥᠲᠡᠯᠬᠦ᠂ ᠡᠪᠡᠳᠬᠦ᠂ ᠦᠬᠦᠬᠦ ᠵᠣᠪᠠᠯᠠᠩ ᠢ᠋ ᠤᠰᠠᠳᠬᠠᠶᠤ
ᠪᠠᠳ ᠦᠰᠦᠭ ᠠᠳᠤᠭᠤᠰᠤᠨ ᠤ᠋ ᠮᠤᠩᠬᠠᠭ ᠬᠡᠯᠡᠭᠡᠢ ᠵᠣᠪᠠᠯᠠᠩ ᠢ᠋ ᠤᠰᠠᠳᠬᠠᠶᠤ
ᠮᠧᠢ ᠦᠰᠦᠭ ᠪᠢᠷᠢᠳ ᠦ᠋ᠨ ᠥᠯᠥᠰᠬᠦᠢ ᠤᠮᠳᠠᠭᠠᠰᠬᠤᠢ ᠵᠣᠪᠠᠯᠠᠩ ᠢ᠋ ᠤᠰᠠᠳᠬᠠᠶᠤ
ᠾᠦᠩ ᠦᠰᠦᠭ ᠲᠠᠮᠤ ᠶ᠋ᠢᠨ ᠬᠠᠯᠠᠭᠤᠨ ᠬᠦᠢᠲᠡᠨ ᠵᠣᠪᠠᠯᠠᠩ ᠢ᠋ ᠤᠰᠠᠳᠬᠠᠶᠤ᠃

ᠵᠢᠷᠭᠤᠭᠠᠨ ᠳᠣᠣᠷᠠᠲᠤ ᠲᠥᠷᠥᠯ ᠦ᠋ᠨ ᠣᠷᠣᠨ ᠳ᠋ᠤᠷ ᠨᠡᠢᠯᠡᠭᠦᠯᠪᠡᠰᠦ᠄
ᠤᠸᠮ ᠦᠰᠦᠭ ᠲᠩᠷᠢ ᠳ᠋ᠦ᠍ᠷ ᠲᠥᠷᠥᠬᠦ ᠶ᠋ᠢᠨ ᠬᠠᠭᠠᠯᠭ᠎ᠠ ᠶ᠋ᠢ ᠬᠠᠭᠠᠶᠤ 
ᠮᠠ ᠦᠰᠦᠭ ᠠᠰᠤᠷᠢ ᠳ᠋ᠤᠷ ᠲᠥᠷᠥᠬᠦ ᠶ᠋ᠢᠨ ᠬᠠᠭᠠᠯᠭ᠎ᠠ ᠶ᠋ᠢ ᠬᠠᠭᠠᠶᠤ
ᠨᠢ ᠦᠰᠦᠭ ᠬᠥᠮᠦᠨ ᠳ᠋ᠦ᠍ᠷ ᠲᠥᠷᠥᠬᠦ ᠶ᠋ᠢᠨ ᠬᠠᠭᠠᠯᠭ᠎ᠠ ᠶ᠋ᠢ ᠬᠠᠭᠠᠶᠤ
ᠪᠠᠳ ᠦᠰᠦᠭ ᠠᠳᠤᠭᠤᠰᠤᠨ ᠳ᠋ᠤᠷ ᠲᠥᠷᠥᠬᠦ ᠶ᠋ᠢᠨ ᠬᠠᠭᠠᠯᠭ᠎ᠠ ᠶ᠋ᠢ ᠬᠠᠭᠠᠶᠤ
ᠮᠧᠢ ᠦᠰᠦᠭ ᠪᠢᠷᠢᠳ ᠲᠣᠷ ᠲᠥᠷᠥᠬᠦ ᠶ᠋ᠢᠨ ᠬᠠᠭᠠᠯᠭ᠎ᠠ ᠶ᠋ᠢ ᠬᠠᠭᠠᠶᠤ
ᠾᠦᠩ ᠦᠰᠦᠭ ᠲᠠᠮᠤ ᠳ᠋ᠤᠷ ᠲᠥᠷᠥᠬᠦ ᠶ᠋ᠢᠨ ᠬᠠᠭᠠᠯᠭ᠎ᠠ ᠶ᠋ᠢ ᠬᠠᠭᠠᠶᠤ ᠃

ᠵᠢᠷᠭᠤᠭᠠᠨ ᠭᠡᠲᠦᠯᠭᠡᠬᠦ ᠶ᠋ᠢᠨ ᠣᠷᠣᠨ ᠳ᠋ᠤᠷ ᠨᠡᠢᠯᠡᠭᠦᠯᠪᠡᠰᠦ᠄
ᠤᠸᠮ ᠦᠰᠦᠭ ᠠᠭᠢᠨᠠᠰᠳᠠ ᠶ᠋ᠢᠨ ᠣᠷᠣᠨ ᠳ᠋ᠤᠷ ᠤᠳᠤᠷᠢᠳᠤᠶᠤ 
ᠮᠠ ᠦᠰᠦᠭ ᠢᠯᠡᠳᠲᠡ ᠪᠠᠶᠠᠰᠬᠤᠯᠠᠩᠲᠤ ᠣᠷᠣᠨ ᠳ᠋ᠤᠷ ᠤᠳᠤᠷᠢᠳᠤᠶᠤ
ᠨᠢ ᠦᠰᠦᠭ ᠲᠦᠰᠢᠳ ᠦᠨ ᠣᠷᠣᠨ ᠳ᠋ᠤᠷ ᠤᠳᠤᠷᠢᠳᠤᠶᠤ
ᠪᠠᠳ ᠦᠰᠦᠭ ᠲᠡᠢᠨ ᠠᠷᠢᠯᠤᠭᠰᠠᠨ ᠣᠷᠣᠨ ᠳ᠋ᠤᠷ ᠤᠳᠤᠷᠢᠳᠤᠶᠤ
ᠮᠧᠢ ᠦᠰᠦᠭ ᠲᠡᠭᠦᠯᠳᠡᠷ ᠦᠵᠡᠰᠬᠦᠯᠡᠩᠲᠦ ᠣᠷᠣᠨ ᠳ᠋ᠤᠷ ᠤᠳᠤᠷᠢᠳᠤᠶᠤ
ᠾᠦᠩ ᠦᠰᠦᠭ ᠮᠥᠨ ᠴᠢᠨᠠᠷ ᠤ᠋ᠨ ᠣᠷᠣᠨ ᠳ᠋ᠤᠷ ᠤᠳᠤᠷᠢᠳᠤᠶᠤ᠃

ᠵᠢᠷᠭᠤᠭᠠᠨ ᠢᠵᠠᠭᠤᠷ ᠲᠤᠷ ᠠᠳᠠᠯᠢᠳᠬᠠᠪᠠᠰᠤ᠄
ᠤᠸᠮ ᠦᠰᠦᠭ ᠪᠣᠳᠠᠲᠤ ᠪᠤᠷᠬᠠᠨ ᠤ᠋ ᠢᠵᠠᠭᠤᠷᠲᠤ 
ᠮᠠ ᠦᠰᠦᠭ ᠸᠴᠢᠷ ᠢᠵᠠᠭᠤᠷᠲᠤ ᠪᠤᠷᠬᠠᠨ
ᠨᠢ ᠦᠰᠦᠭ ᠪᠠᠳᠮ᠎ᠠ ᠢᠵᠠᠭᠤᠷᠲᠤ ᠪᠤᠷᠬᠠᠨ
ᠪᠠᠳ ᠦᠰᠦᠭ ᠭᠠᠷᠮ᠎ᠠ ᠢᠵᠠᠭᠤᠷᠲᠤ ᠪᠤᠷᠬᠠᠨ
ᠮᠧᠢ ᠦᠰᠦᠭ ᠷᠠᠳᠨ᠎ᠠ ᠢᠵᠠᠭᠤᠷᠲᠤ ᠪᠤᠷᠬᠠᠨ
ᠾᠦᠩ ᠦᠰᠦᠭ ᠭᠠᠭᠴᠠ ᠢᠵᠠᠭᠤᠷᠲᠤ ᠪᠤᠷᠬᠠᠨ ᠪᠣᠯᠠᠢ᠃

ᠵᠢᠷᠭᠤᠭᠠᠨ ᠨᠢᠭᠤᠴᠠ ᠲᠠᠷᠨᠢ ᠶ᠋ᠢᠨ ᠪᠢᠰᠢᠯᠭᠠᠯ ᠳ᠋ᠤᠷ ᠠᠳᠠᠯᠢᠳᠬᠠᠪᠠᠰᠤ᠄
ᠤᠸᠮ ᠦᠰᠦᠭ ᠤᠷᠲᠤ ᠬᠠᠷᠰᠢ ᠡᠭᠦᠰᠬᠡᠬᠦ ᠶ᠋ᠢᠨ ᠪᠢᠰᠢᠯᠭᠠᠯ 
ᠮᠠ ᠦᠰᠦᠭ ᠠᠪᠢᠰᠢᠭ᠌ ᠥᠭᠬᠦ ᠶ᠋ᠢᠨ ᠪᠢᠰᠢᠯᠭᠠᠯ
ᠨᠢ ᠦᠰᠦᠭ ᠷᠠᠰᠢᠶᠠᠨ ᠠᠮᠰᠠᠬᠤ ᠶ᠋ᠢᠨ ᠪᠢᠰᠢᠯᠭᠠᠯ
ᠪᠠᠳ ᠦᠰᠦᠭ ᠲᠠᠬᠢᠯ ᠡᠷᠭᠦᠬᠦ ᠶ᠋ᠢᠨ ᠪᠢᠰᠢᠯᠭᠠᠯ
ᠮᠧᠢ ᠦᠰᠦᠭ ᠮᠠᠭᠲᠠᠭᠠᠯ ᠢ᠋ᠶ᠋ᠠᠷ ᠨᠣᠮᠯᠠᠬᠤ ᠶ᠋ᠢᠨ ᠪᠢᠰᠢᠯᠭᠠᠯ
ᠾᠦᠩ ᠦᠰᠦᠭ  ᠳᠠᠭᠠᠨ ᠬᠢᠴᠢᠶᠡᠬᠦ ᠶ᠋ᠢᠨ ᠪᠢᠰᠢᠯᠭᠠᠯ ᠪᠤᠶᠤ᠃

ᠮᠠᠨᠢ ᠶ᠋ᠢᠨ ᠵᠢᠷᠭᠤᠭᠠᠨ ᠦᠰᠦᠭ ᠢ᠋ ᠬᠤᠲᠤᠭᠲᠤ ᠠᠷᠢᠶᠠᠪᠠᠯᠤ ᠶ᠋ᠢᠨ ᠠᠢᠯᠠᠳᠤᠯ ᠤ᠋ᠨ ᠶᠣᠰᠤᠨ᠎ᠠ ᠵᠢᠭᠰᠠᠭᠠᠪᠠᠰᠤ᠄
ᠠᠳᠠ ᠶ᠋ᠢ ᠴᠢᠳᠠᠬᠤ ᠶᠣᠰᠣᠨ᠄
ᠤᠸᠮ ᠦᠰᠦᠭ ᠲᠩᠷᠢ ᠶ᠋ᠢᠨ ᠠᠳᠠ ᠶ᠋ᠢ ᠴᠢᠳᠠᠬᠤ 
ᠮᠠ ᠦᠰᠦᠭ ᠮᠠᠮᠤ ᠶ᠋ᠢᠨ ᠠᠳᠠ ᠶ᠋ᠢ ᠴᠢᠳᠠᠬᠤ
ᠨᠢ ᠦᠰᠦᠭ ᠬᠠᠭᠠᠨ ᠠᠳᠠ ᠶ᠋ᠢ ᠴᠢᠳᠠᠬᠤ
ᠪᠠᠳ ᠦᠰᠦᠭ ᠭᠠᠵᠠᠷ ᠤ᠋ᠨ ᠡᠵᠡᠨ ᠦ᠌ ᠠᠳᠠ ᠶ᠋ᠢ ᠴᠢᠳᠠᠬᠤ
ᠮᠧᠢ ᠦᠰᠦᠭ ᠰᠢᠮᠨᠤᠰ ᠬᠢᠭᠡᠳ ᠡᠷᠯᠢᠭ ᠦ᠋ᠨ ᠠᠳᠠ ᠶ᠋ᠢ ᠴᠢᠳᠠᠬᠤ
ᠾᠦᠩ ᠦᠰᠦᠭ ᠶᠠᠭᠴᠠᠰ ᠬᠢᠭᠡᠳ ᠭᠠᠷᠠᠭ ᠤ᠋ᠨ ᠠᠳᠠ ᠶ᠋ᠢ ᠲᠤᠰ ᠲᠤᠰ ᠴᠢᠳᠠᠬᠤ᠃

ᠬᠣᠣᠷᠯᠠᠯ ᠢ᠋ ᠠᠮᠤᠷᠵᠢᠭᠤᠯᠬᠤ ᠶᠣᠰᠣᠨ᠄
ᠤᠸᠮ ᠦᠰᠦᠭ ᠭᠠᠷᠠᠭ ᠤ᠋ᠨ ᠬᠣᠣᠷᠯᠠᠯ ᠢ᠋ ᠠᠮᠤᠷᠵᠢᠭᠤᠯᠬᠤ 
ᠮᠠ ᠦᠰᠦᠭ ᠮᠠᠮᠤ ᠶ᠋ᠢᠨ ᠬᠣᠣᠷᠯᠠᠯ ᠢ᠋ ᠠᠮᠤᠷᠵᠢᠭᠤᠯᠬᠤ
ᠨᠢ ᠦᠰᠦᠭ ᠯᠤᠤᠰ ᠤ᠋ᠨ ᠬᠣᠣᠷᠯᠠᠯ ᠢ᠋ ᠠᠮᠤᠷᠵᠢᠭᠤᠯᠬᠤ
ᠪᠠᠳ ᠦᠰᠦᠭ ᠭᠠᠵᠠᠷ ᠤ᠋ᠨ ᠡᠵᠡᠨ ᠦ᠌ ᠬᠣᠣᠷᠯᠠᠯ ᠢ᠋ ᠠᠮᠤᠷᠵᠢᠭᠤᠯᠬᠤ
ᠮᠧᠢ ᠦᠰᠦᠭ ᠰᠢᠮᠨᠤᠰ ᠬᠢᠭᠡᠳ ᠡᠷᠯᠢᠭ ᠦ᠋ᠨ ᠬᠣᠣᠷᠯᠠᠯ ᠢ᠋ ᠠᠮᠤᠷᠵᠢᠭᠤᠯᠬᠤ
ᠾᠦᠩ ᠦᠰᠦᠭ ᠶᠠᠭᠴᠠᠰ ᠤ᠋ᠨ ᠬᠣᠣᠷᠯᠠᠯ ᠢ᠋ ᠠᠮᠤᠷᠵᠢᠭᠤᠯᠬᠤ ᠪᠣᠯᠠᠢ᠃

ᠡᠪᠡᠳᠴᠢᠨ ᠢ᠋ ᠳᠠᠷᠤᠬᠤ ᠶᠣᠰᠣᠨ᠄
ᠤᠸᠮ ᠦᠰᠦᠭ ᠬᠤᠷᠠᠮᠠᠯ ᠡᠪᠡᠳᠴᠢᠨ ᠢ᠋ ᠳᠠᠷᠤᠬᠤ 
ᠮᠠ ᠦᠰᠦᠭ ᠬᠠᠯᠠᠭᠤᠨ ᠡᠪᠡᠳᠴᠢᠨ ᠢ᠋ ᠳᠠᠷᠤᠬᠤ
ᠨᠢ ᠦᠰᠦᠭ ᠬᠡᠢ ᠡᠪᠡᠳᠴᠢᠨ ᠢ᠋ ᠳᠠᠷᠤᠬᠤ
ᠪᠠᠳ ᠦᠰᠦᠭ ᠪᠠᠳᠭ᠋ᠠᠨ ᠡᠪᠡᠳᠴᠢᠨ ᠢ᠋ ᠳᠠᠷᠤᠬᠤ
ᠮᠧᠢ ᠦᠰᠦᠭ ᠬᠦᠢᠲᠡᠨ ᠡᠪᠡᠳᠴᠢᠨ ᠢ᠋ ᠳᠠᠷᠤᠬᠤ
ᠾᠦᠩ ᠦᠰᠦᠭ ᠰᠢᠷ᠎ᠠ ᠡᠪᠡᠳᠴᠢᠨ ᠢ᠋ ᠳᠠᠷᠤᠬᠤ ᠪᠣᠯᠠᠢ ᠃

ᠮᠠᠭᠤ ᠭᠠᠯᠪᠠ ᠠ᠋ᠴᠠ ᠭᠡᠲᠦᠯᠬᠦ ᠶᠣᠰᠣᠨ᠄
ᠤᠸᠮ ᠦᠰᠦᠭ ᠡᠪᠡᠳᠴᠢᠨ ᠦ᠌ ᠭᠠᠯᠪᠠ ᠠ᠋ᠴᠠ ᠭᠡᠲᠦᠯᠭᠡᠬᠦ  
ᠮᠠ ᠦᠰᠦᠭ ᠭᠠᠯ ᠤ᠋ᠨ ᠭᠠᠯᠪᠠ ᠠ᠋ᠴᠠ ᠭᠡᠲᠦᠯᠭᠡᠬᠦ
ᠨᠢ ᠦᠰᠦᠭ ᠵᠤᠳ ᠤ᠋ᠨ ᠭᠠᠯᠪᠠ ᠠ᠋ᠴᠠ ᠭᠡᠲᠦᠯᠭᠡᠬᠦ
ᠪᠠᠳ ᠦᠰᠦᠭ ᠬᠣᠣᠷ ᠤ᠋ᠨ ᠭᠠᠯᠪᠠ ᠠ᠋ᠴᠠ ᠭᠡᠲᠦᠯᠭᠡᠬᠦ
ᠮᠧᠢ ᠦᠰᠦᠭ ᠮᠡᠰᠡ ᠶ᠋ᠢᠨ ᠭᠠᠯᠪᠠ ᠠ᠋ᠴᠠ ᠭᠡᠲᠦᠯᠭᠡᠬᠦ
ᠾᠦᠩ ᠦᠰᠦᠭ ᠴᠠᠭ ᠪᠤᠰᠤ ᠶ᠋ᠢᠨ ᠦᠬᠦᠯ ᠦ᠋ᠨ ᠭᠠᠯᠪᠠ ᠠ᠋ᠴᠠ ᠭᠡᠲᠦᠯᠭᠡᠬᠦ ᠪᠣᠯᠠᠢ ᠃

ᠬᠠᠷᠰᠢ ᠭᠠᠢ ᠶ᠋ᠢ ᠠᠮᠤᠷᠵᠢᠭᠤᠯᠬᠤ ᠶᠣᠰᠣᠨ᠄
ᠤᠸᠮ ᠦᠰᠦᠭ ᠵᠢᠯ ᠦ᠋ᠨ ᠭᠠᠢ ᠶ᠋ᠢ ᠠᠮᠤᠷᠵᠢᠭᠤᠯᠬᠤ 
ᠮᠠ ᠦᠰᠦᠭ ᠰᠠᠷ᠎ᠠ ᠶ᠋ᠢᠨ ᠭᠠᠢ ᠶ᠋ᠢ ᠠᠮᠤᠷᠵᠢᠭᠤᠯᠬᠤ
ᠨᠢ ᠦᠰᠦᠭ ᠬᠣᠨᠣᠭ ᠤ᠋ᠨ ᠭᠠᠢ ᠶ᠋ᠢ ᠠᠮᠤᠷᠵᠢᠭᠤᠯᠬᠤ
ᠪᠠᠳ ᠦᠰᠦᠭ ᠢᠳᠡᠭᠡᠨ ᠦ᠌ ᠭᠠᠢ ᠶ᠋ᠢ ᠠᠮᠤᠷᠵᠢᠭᠤᠯᠬᠤ
ᠮᠧᠢ ᠦᠰᠦᠭ ᠬᠣᠷᠣᠮᠬᠠᠨ ᠵᠠᠭᠤᠷ᠎ᠠ ᠶ᠋ᠢᠨ ᠭᠠᠢ ᠶ᠋ᠢ ᠠᠮᠤᠷᠵᠢᠭᠤᠯᠬᠤ
ᠾᠦᠩ ᠦᠰᠦᠭ ᠭᠠᠢ ᠪᠦᠬᠦᠨ ᠢ᠋ ᠠᠮᠤᠷᠵᠢᠭᠤᠯᠬᠤ ᠪᠣᠯᠠᠢ᠃

ᠰᠢᠳᠢ ᠶ᠋ᠢ ᠣᠯᠬᠤ ᠶᠣᠰᠣᠨ᠄
ᠤᠸᠮ ᠦᠰᠦᠭ ᠨᠠᠰᠤᠨ ᠤ᠋ ᠰᠢᠳᠢ ᠶ᠋ᠢ ᠣᠯᠭᠣᠬᠤ 
ᠮᠠ ᠦᠰᠦᠭ ᠡᠪᠡᠳᠴᠢᠨ ᠦᠭᠡᠢ ᠶ᠋ᠢᠨ ᠰᠢᠳᠢ ᠶ᠋ᠢ ᠣᠯᠭᠣᠬᠤ
ᠨᠢ ᠦᠰᠦᠭ ᠴᠣᠭ ᠵᠣᠯᠢ ᠶ᠋ᠢᠨ ᠰᠢᠳᠢ ᠶ᠋ᠢ ᠣᠯᠭᠣᠬᠤ
ᠪᠠᠳ ᠦᠰᠦᠭ ᠬᠦᠴᠦᠨ ᠴᠢᠳᠠᠯ ᠤ᠋ᠨ ᠰᠢᠳᠢ ᠶ᠋ᠢ ᠣᠯᠭᠣᠬᠤ
ᠮᠧᠢ ᠦᠰᠦᠭ ᠰᠤᠷ ᠲᠤᠩᠭᠠᠯᠠᠭ ᠤ᠋ᠨ ᠰᠢᠳᠢ ᠶ᠋ᠢ ᠣᠯᠭᠣᠬᠤ
ᠾᠦᠩ ᠦᠰᠦᠭ ᠰᠠᠨᠠᠭᠰᠠᠨ ᠪᠦᠬᠦᠨ ᠦ᠌ ᠰᠢᠳᠢ ᠶ᠋ᠢ ᠣᠯᠭᠣᠬᠤ᠃

ᠲᠥᠷᠥᠬᠦ ᠡᠭᠦᠳᠡ ᠶ᠋ᠢ ᠲᠠᠰᠤᠯᠬᠤ ᠶᠣᠰᠣᠨ᠄
ᠤᠸᠮ ᠦᠰᠦᠭ ᠲᠩᠷᠢ ᠶ᠋ᠢᠨ ᠲᠥᠷᠥᠯ ᠦ᠋ᠨ ᠡᠭᠦᠳᠡ ᠶ᠋ᠢ ᠲᠠᠰᠤᠯᠬᠤ 
ᠮᠠ ᠦᠰᠦᠭ ᠠᠰᠤᠷᠢ ᠶ᠋ᠢᠨ ᠲᠥᠷᠥᠯ ᠦ᠋ᠨ ᠡᠭᠦᠳᠡ ᠶ᠋ᠢ ᠲᠠᠰᠤᠯᠬᠤ
ᠨᠢ ᠦᠰᠦᠭ ᠬᠥᠮᠦᠨ ᠦ᠌ ᠲᠥᠷᠥᠯ ᠦ᠋ᠨ ᠡᠭᠦᠳᠡ ᠶ᠋ᠢ ᠲᠠᠰᠤᠯᠬᠤ
ᠪᠠᠳ ᠦᠰᠦᠭ ᠠᠳᠤᠭᠤᠰᠤᠨ ᠤ᠋ ᠲᠥᠷᠥᠯ ᠦ᠋ᠨ ᠡᠭᠦᠳᠡ ᠶ᠋ᠢ ᠲᠠᠰᠤᠯᠬᠤ
ᠮᠧᠢ ᠦᠰᠦᠭ ᠪᠢᠷᠢᠳ ᠦ᠋ᠨ ᠲᠥᠷᠥᠯ ᠦ᠋ᠨ ᠡᠭᠦᠳᠡ ᠶ᠋ᠢ ᠲᠠᠰᠤᠯᠬᠤ
ᠾᠦᠩ ᠦᠰᠦᠭ ᠲᠠᠮᠤ ᠶ᠋ᠢᠨ ᠲᠥᠷᠥᠯ ᠦ᠋ᠨ ᠡᠭᠦᠳᠡ ᠶ᠋ᠢ ᠲᠠᠰᠤᠯᠬᠤ᠃

ᠲᠦᠢᠳᠬᠡᠷ ᠢ᠋ ᠠᠷᠢᠭᠤᠳᠬᠠᠬᠤ ᠶᠣᠰᠣᠨ᠄
ᠤᠸᠮ ᠦᠰᠦᠭ ᠪᠡᠶ᠎ᠡ ᠶ᠋ᠢᠨ ᠲᠦᠢᠳᠬᠡᠷ ᠢ᠋ ᠠᠷᠢᠭᠤᠳᠬᠠᠬᠤ 
ᠮᠠ ᠦᠰᠦᠭ ᠬᠡᠯᠡᠨ ᠦ᠌ ᠲᠦᠢᠳᠬᠡᠷ ᠢ᠋ ᠠᠷᠢᠭᠤᠳᠬᠠᠬᠤ
ᠨᠢ ᠦᠰᠦᠭ ᠰᠡᠳᠬᠢᠯ ᠦ᠋ᠨ ᠲᠦᠢᠳᠬᠡᠷ ᠢ᠋ ᠠᠷᠢᠭᠤᠳᠬᠠᠬᠤ
ᠪᠠᠳ ᠦᠰᠦᠭ ᠨᠢᠰᠸᠠᠨᠢᠰ ᠤ᠋ᠨ ᠲᠦᠢᠳᠬᠡᠷ ᠢ᠋ ᠠᠷᠢᠭᠤᠳᠬᠠᠬᠤ
ᠮᠧᠢ ᠦᠰᠦᠭ ᠠᠪᠢᠶᠠᠰ ᠤ᠋ᠨ ᠲᠦᠢᠳᠬᠡᠷ ᠢ᠋ ᠠᠷᠢᠭᠤᠳᠬᠠᠬᠤ
ᠾᠦᠩ ᠦᠰᠦᠭ ᠲᠦᠢᠳᠬᠡᠷ ᠪᠦᠬᠦᠨ ᠢ᠋ ᠠᠷᠢᠭᠤᠳᠬᠠᠬᠤ ᠃

ᠭᠤᠷᠪᠠᠨ ᠬᠣᠣᠷ ᠢ᠋ ᠳᠠᠷᠤᠬᠤ ᠶᠣᠰᠣᠨ᠄
ᠤᠸᠮ ᠦᠰᠦᠭ ᠮᠤᠩᠬᠠᠭ ᠤ᠋ᠨ ᠬᠣᠣᠷ ᠢ᠋ ᠳᠠᠷᠤᠬᠤ 
ᠮᠠ ᠦᠰᠦᠭ ᠠᠭᠤᠷ ᠤ᠋ᠨ ᠬᠣᠣᠷ ᠢ᠋ ᠳᠠᠷᠤᠬᠤ
ᠨᠢ ᠦᠰᠦᠭ ᠣᠮᠣᠭ ᠤ᠋ᠨ ᠬᠣᠣᠷ ᠢ᠋ ᠳᠠᠷᠤᠬᠤ
ᠪᠠᠳ ᠦᠰᠦᠭ ᠲᠠᠴᠢᠶᠠᠩᠭᠤᠢ ᠶ᠋ᠢᠨ ᠬᠣᠣᠷ ᠢ᠋ ᠳᠠᠷᠤᠬᠤ
ᠮᠧᠢ ᠦᠰᠦᠭ ᠪᠤᠷᠤᠭᠤ ᠰᠡᠳᠬᠢᠯ ᠦ᠋ᠨ ᠬᠣᠣᠷ ᠢ᠋ ᠳᠠᠷᠤᠬᠤ
ᠾᠦᠩ ᠦᠰᠦᠭ ᠨᠢᠰᠸᠠᠨᠢᠰ ᠪᠦᠭᠦᠳᠡ ᠶ᠋ᠢᠨ ᠬᠣᠣᠷ ᠢ᠋ ᠳᠠᠷᠤᠬᠤ᠃

ᠲᠠᠩᠭᠠᠷᠢᠭ ᠰᠠᠨᠸᠠᠷ ᠪᠠᠭᠤᠷᠠᠭᠰᠠᠨ ᠢ᠋ ᠠᠷᠢᠯᠭᠠᠬᠤ ᠶᠣᠰᠣᠨ᠄
ᠤᠸᠮ ᠦᠰᠦᠭ ᠪᠡᠶ᠎ᠡ ᠶ᠋ᠢᠨ ᠲᠠᠩᠭᠠᠷᠢᠭ ᠪᠠᠭᠤᠷᠠᠭᠰᠠᠨ ᠢ᠋ ᠠᠷᠢᠯᠭᠠᠬᠤ 
ᠮᠠ ᠦᠰᠦᠭ ᠵᠠᠷᠯᠢᠭ ᠤ᠋ᠨ ᠲᠠᠩᠭᠠᠷᠢᠭ ᠪᠠᠭᠤᠷᠠᠭᠰᠠᠨ ᠢ᠋ ᠠᠷᠢᠯᠭᠠᠬᠤ
ᠨᠢ ᠦᠰᠦᠭ ᠲᠠᠭᠠᠯᠠᠯ ᠤ᠋ᠨ ᠲᠠᠩᠭᠠᠷᠢᠭ ᠪᠠᠭᠤᠷᠠᠭᠰᠠᠨ ᠢ᠋ ᠠᠷᠢᠯᠭᠠᠬᠤ
ᠪᠠᠳ ᠦᠰᠦᠭ ᠢᠵᠠᠭᠤᠷ ᠤ᠋ᠨ ᠲᠠᠩᠭᠠᠷᠢᠭ ᠪᠠᠭᠤᠷᠠᠭᠰᠠᠨ ᠢ᠋ ᠠᠷᠢᠯᠭᠠᠬᠤ
ᠮᠧᠢ ᠦᠰᠦᠭ ᠭᠡᠰᠢᠭᠦᠨ ᠦ᠌ ᠲᠠᠩᠭᠠᠷᠢᠭ ᠪᠠᠭᠤᠷᠠᠭᠰᠠᠨ ᠢ᠋ ᠠᠷᠢᠯᠭᠠᠬᠤ
ᠾᠦᠩ ᠦᠰᠦᠭ ᠲᠠᠩᠭᠠᠷᠢᠭ ᠪᠠᠭᠤᠷᠠᠭᠰᠠᠨ ᠪᠦᠭᠦᠳᠡ ᠶ᠋ᠢ ᠠᠷᠢᠯᠭᠠᠬᠤ ᠪᠣᠯᠠᠢ᠃

ᠮᠥᠷ ᠦ᠋ᠨ ᠵᠡᠷᠭᠡ ᠶ᠋ᠢ ᠣᠯᠬᠤ ᠶᠣᠰᠣᠨ᠄
ᠤᠸᠮ ᠦᠰᠦᠭ ᠴᠢᠭᠤᠯᠭᠠᠨ ᠤ᠋ ᠮᠥᠷ ᠢ᠋ ᠣᠯᠬᠤ 
ᠮᠠ ᠦᠰᠦᠭ ᠨᠠᠢᠷᠠᠭᠤᠯᠬᠤ ᠮᠥᠷ ᠢ᠋ ᠣᠯᠬᠤ
ᠨᠢ ᠦᠰᠦᠭ ᠦᠵᠡᠬᠦ ᠮᠥᠷ ᠢ᠋ ᠣᠯᠬᠤ
ᠪᠠᠳ ᠦᠰᠦᠭ ᠪᠢᠰᠢᠯᠭᠠᠬᠤ ᠮᠥᠷ ᠢ᠋ ᠣᠯᠬᠤ
ᠮᠧᠢ ᠦᠰᠦᠭ ᠦᠯᠦ ᠰᠤᠷᠬᠤ ᠮᠥᠷ ᠢ᠋ ᠣᠯᠬᠤ
ᠾᠦᠩ ᠦᠰᠦᠭ ᠬᠣᠣᠰᠯᠠᠨ ᠣᠷᠣᠬᠤ ᠮᠥᠷ ᠢ᠋ ᠣᠯᠬᠤ ᠪᠣᠯᠠᠢ᠃

ᠶᠡᠬᠡ ᠳᠠᠭᠤᠨ ᠢ᠋ᠶ᠋ᠠᠷ ᠤᠩᠰᠢᠪᠠᠰᠤ᠄
ᠤᠸᠮ ᠦᠰᠦᠭ ᠲᠡᠷᠢᠭᠦᠨ ᠬᠡᠰᠡᠭ ᠲᠦ᠍ ᠴᠤᠤᠷᠢᠶᠠᠲᠤᠨ᠎ᠠ 
ᠮᠠ ᠦᠰᠦᠭ ᠬᠣᠭᠣᠯᠠᠢ ᠶ᠋ᠢᠨ ᠬᠡᠰᠡᠭ ᠲᠦ᠍ ᠴᠤᠤᠷᠢᠶᠠᠲᠤᠨ᠎ᠠ
ᠨᠢ ᠦᠰᠦᠭ ᠴᠡᠭᠡᠵᠢᠨ ᠦ᠌ ᠬᠡᠰᠡᠭ ᠲᠦ᠍ ᠴᠤᠤᠷᠢᠶᠠᠲᠤᠨ᠎ᠠ
ᠪᠠᠳ ᠦᠰᠦᠭ ᠬᠡᠪᠡᠯᠢ ᠶ᠋ᠢᠨ ᠬᠡᠰᠡᠭ ᠲᠦ᠍ ᠴᠤᠤᠷᠢᠶᠠᠲᠤᠨ᠎ᠠ
ᠮᠧᠢ ᠦᠰᠦᠭ ᠳᠥᠷᠪᠡᠨ ᠮᠥᠴᠢ ᠳ᠋ᠦ᠍ ᠴᠤᠤᠷᠢᠶᠠᠲᠤᠨ᠎ᠠ
ᠾᠦᠩ ᠦᠰᠦᠭ ᠪᠦᠬᠦ ᠪᠠᠶᠠᠨ ᠳ᠋ᠤ᠌ ᠴᠤᠤᠷᠢᠶᠠᠲᠤᠵᠤ ᠰᠤᠳᠠᠯ ᠰᠢᠷᠪᠥᠰᠥ ᠶ᠋ᠢ ᠴᠢᠩᠭᠠᠷᠠᠭᠤᠯᠤᠨ ᠪᠡᠶ᠎ᠡ ᠶ᠋ᠢ ᠴᠢᠭᠢᠷᠠᠭᠵᠢᠭᠤᠯᠤᠨ᠎ᠠ᠃
    ᠤᠸᠮ ᠮᠠ ᠨᠢ ᠪᠠᠳ ᠮᠧᠢ ᠾᠦᠩ ᠬᠡᠮᠡᠬᠦ ᠡᠨᠡ ᠵᠢᠷᠭᠤᠭᠠᠨ ᠦᠰᠦᠭ ᠦ᠋ᠨ《ᠨᠢ》 ᠦᠰᠦᠭ ᠪᠤᠷᠤᠭᠤ ᠬᠠᠨᠳᠤᠭᠰᠠᠨ ᠨᠢ ᠶᠡᠭᠦᠳᠬᠡᠯ ᠤᠷᠪᠠᠯ ᠦᠭᠡᠢ ᠨᠣᠮ ᠤ᠋ᠨ ᠴᠢᠨᠠᠷ ᠤ᠋ᠨ ᠪᠡᠯᠭᠡ ᠪᠤᠶᠤ᠃ ᠪᠠᠰᠠ ᠠᠯᠲᠠᠨ ᠳᠡᠯᠡᠬᠡᠢ ᠶ᠋ᠢᠨ ᠰᠢᠷᠣᠢ ᠶ᠋ᠢ ᠨᠢᠭᠡ ᠨᠢᠭᠡ ᠪᠣᠯᠭᠠᠨ ᠲᠣᠭᠠᠯᠠᠪᠠᠰᠤ ᠪᠣᠯᠤᠶᠤ᠂ ᠡᠨᠡ ᠮᠠᠨᠢ ᠶ᠋ᠢᠨ ᠠᠴᠢ ᠲᠤᠰᠠ ᠶ᠋ᠢ ᠲᠣᠭᠠᠯᠠᠵᠤ ᠦᠯᠦ ᠪᠣᠯᠤᠮᠤᠢ᠃ ᠳᠠᠯᠠᠢ ᠶ᠋ᠢᠨ ᠤᠰᠤ ᠶ᠋ᠢ ᠭᠦᠨ ᠨᠠᠷᠢᠨ ᠴᠤᠪᠤᠷᠠᠯ ᠢ᠋ᠶ᠋ᠠᠷ ᠬᠡᠮᠵᠢᠵᠦ ᠪᠣᠯᠤᠶᠤ᠂ ᠡᠨᠡ ᠮᠠᠨᠢ ᠶ᠋ᠢᠨ ᠠᠴᠢ ᠲᠤᠰᠠ ᠶ᠋ᠢ ᠬᠡᠮᠵᠢᠵᠦ ᠦᠯᠦ ᠪᠣᠯᠤᠮᠤᠢ᠃ ᠰᠦᠮᠪᠦᠷ ᠠᠭᠤᠯᠠ ᠶ᠋ᠢ ᠰᠡᠮᠢᠷ ᠲᠣᠭᠠᠯᠠᠵᠤ ᠪᠣᠯᠤᠶᠤ᠂ ᠡᠨᠡ ᠮᠠᠨᠢ ᠶ᠋ᠢᠨ ᠠᠴᠢ ᠲᠤᠰᠠ ᠶ᠋ᠢ ᠲᠣᠭᠠᠯᠠᠵᠤ ᠦᠯᠦ ᠪᠣᠯᠤᠮᠤᠢ᠃ ᠣᠭᠲᠠᠷᠭᠤᠢ ᠶ᠋ᠢᠨ ᠣᠳᠣᠳ᠎ ᠢ᠋ ᠷᠢᠳᠢ ᠬᠦᠴᠦᠨ ᠢ᠋ᠶ᠋ᠡᠷ ᠲᠣᠭᠠᠯᠠᠵᠤ ᠪᠣᠯᠤᠶᠤ᠂ ᠡᠨᠡ ᠮᠠᠨᠢ ᠶ᠋ᠢᠨ ᠠᠴᠢ ᠲᠤᠰᠠ ᠶ᠋ᠢ ᠲᠣᠭᠠᠯᠠᠵᠤ ᠦᠯᠦ ᠪᠣᠯᠤᠮᠤᠢ᠃ ᠲᠡᠷᠡ ᠪᠡᠷ ᠶᠡᠬᠡ ᠵᠣᠪᠠᠯᠠᠩ ᠤ᠋ᠨ ᠳᠠᠯᠠᠢ ᠶ᠋ᠢ ᠰᠢᠷᠭᠢᠭᠡᠭᠴᠢ ᠭᠡᠭᠡᠨ ᠴᠡᠯᠡᠭᠡᠷ ᠨᠠᠷᠠ᠂ ᠬᠠᠮᠤᠭ ᠵᠢᠷᠭᠠᠯᠠᠩ ᠤ᠋ᠨ ᠵᠢᠮᠢᠰ ᠢ᠋ ᠤᠷᠭᠤᠭᠤᠯᠤᠭᠴᠢ ᠭᠠᠯᠪᠠᠷ ᠽᠠᠨᠳᠠᠨ ᠮᠣᠳᠣ᠂ ᠮᠠᠭᠤ ᠵᠠᠶᠠᠭᠠᠨ ᠳ᠋ᠤ᠌ ᠣᠷᠣᠬᠤ ᠵᠠᠮ ᠢ᠋ ᠲᠠᠰᠤᠯᠤᠭᠴᠢ ᠬᠦᠴᠦᠲᠦ ᠶᠡᠬᠡ ᠸᠴᠢᠷ ᠮᠡᠲᠦ᠂ ᠲᠣᠨᠢᠯᠬᠤ ᠶ᠋ᠢᠨ ᠬᠤᠲᠤᠭ ᠲᠤᠷ ᠥᠭᠡᠳᠡ ᠠᠪᠠᠷᠢᠭᠤᠯᠤᠭᠴᠢ ᠠᠯᠲᠠᠨ ᠶᠡᠬᠡ ᠱᠠᠲᠤ ᠮᠡᠲᠦ᠂ ᠣᠷᠴᠢᠯᠠᠩ ᠤ᠋ᠨ ᠳᠠᠯᠠᠢ ᠠ᠋ᠴᠠ ᠭᠡᠲᠦᠯᠭᠡᠭᠴᠢ ᠪᠠᠲᠤ ᠴᠠᠭᠠᠨ ᠣᠩᠭᠣᠴᠠ ᠮᠡᠲᠦ᠂ ᠳᠡᠭᠡᠳᠦ ᠪᠤᠷᠬᠠᠨ ᠤ᠋ ᠣᠷᠣᠨ᠎ᠠ ᠤᠳᠤᠷᠢᠳᠤᠭᠴᠢ ᠰᠠᠢᠨ ᠵᠠᠮᠴᠢ ᠮᠡᠲᠦ ᠪᠣᠢ᠃ ᠡᠨᠡ ᠵᠢᠷᠭᠤᠭᠠᠨ ᠦᠰᠦᠭ ᠦ᠋ᠨ ᠠᠴᠢ ᠲᠤᠰᠠ ᠠᠨᠤ ᠮᠠᠰᠢ ᠶᠡᠬᠡ᠂ ᠡᠢᠮᠦ ᠶ᠋ᠢᠨ ᠲᠤᠯᠠᠳᠠ ᠡᠭᠡᠨᠡᠭᠲᠡ ᠮᠠᠰᠢ ᠲᠦᠷᠭᠡᠨ ᠪᠢᠰᠢᠷᠡᠵᠦ᠂ ᠬᠠᠮᠤᠭ ᠠᠮᠢᠲᠠᠨ ᠳ᠋ᠤᠷ ᠰᠠᠢᠲᠤᠷ ᠳᠡᠯᠭᠡᠷᠡᠭᠦᠯᠦᠭᠡᠳ᠂ ᠡᠭᠦᠷᠢᠳᠡ ᠲᠡᠭᠦᠰ ᠬᠤᠪᠢᠳᠠᠨ ᠬᠢᠴᠢᠶᠡᠨ ᠤᠩᠰᠢᠭᠲᠤᠨ᠃ᠤᠸᠮ ᠮᠠ ᠨᠢ ᠪᠠᠳ ᠮᠧᠢ ᠾᠦᠩ᠃
ᠭᠤᠷᠪᠠᠨ ᠡᠷᠳᠡᠨᠢ ᠶ᠋ᠢ ᠦᠯᠦ ᠪᠢᠰᠢᠷᠡᠨ᠂ ᠡᠨᠡ ᠵᠢᠷᠭᠤᠭᠠᠨ ᠦᠰᠦᠭ ᠦ᠋ᠨ ᠠᠴᠢ ᠲᠤᠰᠠ ᠶ᠋ᠢ ᠬᠤᠳᠠᠯ ᠭᠡᠮᠡᠨ ᠰᠡᠳᠬᠢᠭᠡᠳ ᠠᠷᠪᠠᠨ ᠬᠠᠷ᠎ᠠ ᠨᠢᠭᠦᠯ ᠢ᠋ᠶ᠋ᠡᠷ ᠶᠠᠪᠤᠪᠠᠰᠤ ᠣᠷᠴᠢᠯᠠᠩ ᠤ᠋ᠨ ᠣᠷᠣᠨ᠎ᠠ ᠮᠠᠭᠠᠳ ᠲᠥᠭᠡᠷᠢᠮᠦᠢ᠃ ᠲᠡᠭᠦᠪᠡᠷ ᠤᠷᠢᠳᠠ ᠣᠷᠴᠢᠯᠠᠩ ᠤ᠋ᠨ ᠮᠠᠭᠤ ᠭᠡᠮ ᠢᠨᠦ ᠶᠠᠮᠠᠷ ᠪᠣᠢ ᠬᠡᠮᠡᠪᠡᠰᠦ ᠲᠠᠮᠤ ᠳ᠋ᠤ᠌ ᠲᠦᠷᠦᠪᠡᠰᠦ ᠮᠠᠰᠢ ᠶᠡᠬᠡ ᠵᠣᠪᠠᠯᠠᠩᠲᠠᠨ ᠪᠣᠯᠵᠤ᠂ ᠪᠤᠴᠠᠯᠤᠭᠰᠠᠨ ᠰᠢᠷᠡᠮᠦᠨ ᠲᠣᠭᠣᠭ᠎ᠠ ᠳ᠋ᠤᠷ ᠴᠢᠨᠠᠬᠤ ᠪᠠ ᠶᠡᠬᠡ ᠬᠦᠢᠲᠡᠨ ᠬᠠᠯᠠᠭᠤᠨ ᠢ᠋ᠶ᠋ᠠᠷ ᠮᠢᠩᠭᠠᠨ ᠠᠩᠭᠢ ᠳᠡᠯᠪᠡᠷᠡᠬᠦᠢ ᠪᠠ ᠬᠢᠲᠤᠭ᠎ᠠ ᠰᠦᠬᠡᠨ ᠢ᠋ᠶ᠋ᠡᠷ ᠬᠡᠷᠴᠢᠬᠦᠢ ᠬᠢᠭᠡᠳ ᠪᠤᠯᠤ ᠴᠢᠯᠠᠭᠤᠨ ᠢ᠋ᠶ᠋ᠠᠷ ᠲᠡᠭᠡᠷᠮᠡᠳᠡᠬᠦᠢ ᠪᠠ ᠲᠡᠷᠢᠭᠦᠨ ᠡᠴᠡ ᠬᠥᠯ ᠳ᠋ᠦ᠍ᠷ ᠬᠦᠷᠲᠡᠯ᠎ᠡ ᠬᠢᠷᠥᠭᠡ ᠪᠡᠷ ᠵᠦᠰᠦᠬᠦᠢ ᠪᠠ ᠳᠡᠯᠡᠬᠦᠢ᠂ ᠣᠭᠲᠣᠯᠬᠤᠢ᠂ ᠬᠠᠲᠠᠬᠤᠢ ᠵᠡᠷᠭᠡ ᠳ᠋ᠦ᠍ ᠲᠡᠰᠬᠦᠶ᠎ᠡ ᠪᠡᠷᠬᠡ ᠣᠯᠠᠨ ᠵᠣᠪᠠᠯᠠᠩᠲᠤ ᠵᠠᠰᠠᠭ ᠢ᠋ᠶ᠋ᠠᠷ ᠮᠢᠩᠭᠠᠨ ᠭᠠᠯᠪᠠ ᠶ᠋ᠢᠨ ᠳᠣᠣᠷ᠎ᠠ ᠬᠦᠷᠲᠡᠯ᠎ᠡ ᠵᠠᠰᠠᠭᠯᠠᠮᠤᠢ᠃ ᠲᠠᠮᠤ ᠠ᠋ᠴᠠ ᠲᠣᠨᠢᠯᠵᠤ᠂ ᠪᠢᠷᠢᠳ ᠲᠦ᠍ ᠲᠥᠷᠥᠪᠡᠰᠦ ᠬᠠᠷᠠᠮ ᠨᠢᠭᠦᠯ ᠦ᠋ᠨ ᠬᠦᠴᠦᠨ ᠢ᠋ᠶ᠋ᠡᠷ ᠠᠰᠤᠷᠤ ᠮᠠᠰᠢᠳᠠ ᠵᠣᠪᠠᠮᠤᠢ᠃ ᠥᠯᠦᠰᠬᠦᠢ ᠤᠮᠳᠠᠭᠠᠰᠬᠤᠢ ᠬᠢᠭᠡᠳ ᠬᠡᠷᠪᠡ ᠥᠴᠦᠬᠡᠨ ᠢᠳᠡᠭᠡᠨ ᠣᠯᠪᠠᠰᠤ ᠬᠠᠯᠠᠭᠤᠨ ᠭᠠᠯ ᠪᠣᠯᠤᠨ ᠠᠮᠠᠨ ᠳ᠋ᠤᠷ ᠬᠦᠷᠭᠡᠵᠦ ᠦᠯᠦ ᠪᠣᠯᠤᠮᠤᠢ᠃ ᠬᠡᠳᠦᠢ ᠪᠡᠷ ᠥᠴᠦᠬᠡᠨ ᠡᠮᠬᠦᠵᠦ ᠴᠢᠳᠠᠪᠠᠰᠤ ᠪᠠᠷ ᠬᠣᠭᠣᠯᠠᠢ ᠠᠨᠤ ᠬᠢᠯᠭᠠᠰᠤᠨ ᠤ᠋ ᠲᠡᠳᠦᠢᠬᠡᠨ ᠲᠤᠯᠠᠳᠠ ᠵᠠᠯᠭᠢᠵᠤ ᠦᠯᠦ ᠴᠢᠳᠠᠬᠤ᠂ ᠵᠠᠯᠭᠢᠵᠤ ᠴᠢᠳᠠᠪᠠᠰᠤ ᠬᠡᠪᠡᠯᠢ ᠢᠨᠦ ᠠᠤᠭ᠎ᠠ ᠶᠡᠬᠡ ᠶ᠋ᠢᠨ ᠲᠤᠯᠠᠳᠠ ᠭᠡᠳᠡᠰᠦ ᠢᠨᠦ ᠦᠯᠦ ᠴᠠᠳᠤᠮᠤᠢ᠃ ᠪᠠᠰᠠ ᠭᠠᠳᠠᠭᠠᠳᠤ ᠳᠣᠲᠣᠭᠠᠳᠤ ᠲᠦᠢᠳᠬᠡᠷ ᠢ᠋ᠶ᠋ᠡᠷ ᠶᠡᠬᠡᠳᠡ ᠵᠣᠪᠠᠮᠤᠢ᠃ ᠪᠢᠷᠢᠳ ᠡᠴᠡ ᠲᠣᠨᠢᠯᠵᠤ᠂ ᠠᠳᠤᠭᠤᠰᠤᠨ ᠳ᠋ᠤ᠌ ᠲᠥᠷᠥᠪᠡᠰᠦ ᠠᠭᠤᠷ᠂ ᠮᠤᠩᠬᠠᠭ ᠤ᠋ᠨ ᠬᠦᠴᠦᠨ ᠢ᠋ᠶ᠋ᠡᠷ ᠮᠠᠰᠢ ᠶᠡᠬᠡ ᠵᠣᠪᠠᠮᠤᠢ᠃ ᠬᠠᠨᠢ ᠮᠤᠩᠬᠠᠭ ᠤ᠋ᠳ ᠨᠢ ᠬᠡᠯᠡ ᠦᠭᠡᠢ ᠪᠥᠭᠡᠳ ᠤᠬᠠᠭᠠᠨ ᠦᠭᠡᠢ ᠪᠣᠯᠬᠣᠷ ᠬᠠᠷᠢᠯᠴᠠᠨ ᠥᠭᠦᠯᠡᠨ ᠶᠠᠳᠠᠮᠤᠢ᠂ ᠬᠠᠨᠢ  ᠢᠵᠢᠯ᠎   ᠢ ᠨᠢ ᠠᠯᠠᠵᠤ ᠢᠳᠡᠵᠦ ᠪᠠᠢᠲᠠᠯ᠎ᠠ ᠦᠯᠦ ᠮᠡᠳᠡᠨ᠂ ᠮᠢᠬ᠎ᠠ᠂ ᠠᠷᠠᠰᠤᠨ ᠤ᠋ ᠲᠤᠯᠠᠳᠠ ᠬᠥᠮᠦᠨ ᠪᠠ ᠠᠷᠢᠶᠠᠲᠠᠨ᠎ᠠ ᠠᠯᠠᠭᠳᠠᠮᠤᠢ᠃ ᠪᠠᠰᠠ ᠠᠴᠢᠭᠤᠯᠵᠤ ᠤᠨᠤᠭᠤᠯᠵᠤ᠂ ᠲᠠᠭᠠᠷᠢ ᠶᠠᠷ᠎ᠠ ᠭᠠᠷᠭᠠᠭᠤᠯᠵᠤ᠂ ᠠᠮᠤᠷ ᠴᠢᠯᠥᠭᠡ ᠣᠯᠭᠣᠯ ᠦᠭᠡᠢ ᠦᠷᠭᠦᠯᠵᠢ ᠵᠣᠪᠠᠭᠠᠮᠤᠢ᠃ ᠪᠤᠷᠬᠠᠨ ᠤ᠋ ᠵᠠᠷᠯᠢᠭ᠋᠎ ᠊ᠢ ᠵᠥᠷᠢᠴᠡᠪᠡᠰᠦ ᠡᠢᠮᠦ ᠵᠣᠪᠠᠯᠠᠩ ᠠᠮᠰᠠᠮᠤᠢ᠃ᠤᠸᠮ ᠮᠠ ᠨᠢ ᠪᠠᠳ ᠮᠧᠢ ᠾᠦᠩ᠃
ᠠᠳᠤᠭᠤᠰᠤᠨ ᠠ᠋ᠴᠠ ᠲᠣᠨᠢᠯᠵᠤ᠂ ᠬᠥᠮᠦᠨ ᠳ᠋ᠦ᠍ ᠲᠥᠷᠥᠪᠡᠰᠦ ᠳᠥᠷᠪᠡᠨ ᠵᠦᠢᠯ ᠦ᠋ᠨ ᠵᠣᠪᠠᠯᠠᠩ ᠢ᠋ ᠡᠳ᠋ᠯᠡᠮᠦᠢ᠃ ᠡᠩ ᠤᠷᠢᠳᠠ ᠲᠥᠷᠥᠬᠦᠢ ᠴᠠᠭ ᠲᠤᠷ ᠡᠷ᠎ᠡ ᠡᠮ᠎ᠡ ᠬᠠᠮᠲᠤᠳᠬᠠᠭᠰᠠᠨ ᠤ᠋ ᠴᠠᠭᠠᠨ ᠤᠯᠠᠭᠠᠨ ᠳᠤᠰᠤᠯ ᠨᠡᠢᠯᠡᠭᠰᠡᠨ ᠡᠴᠡ ᠨᠢᠭᠡᠨ ᠰᠠᠷ᠎ᠠ ᠳ᠋ᠤ᠌ ᠵᠢᠭᠤᠷᠠᠭᠰᠠᠨ ᠪᠠᠯ ᠮᠡᠲᠦ ᠤᠰᠤᠨ ᠳ᠋ᠤ᠌ ᠲᠣᠭᠲᠠᠵᠤ᠂ ᠬᠣᠶᠠᠷ ᠰᠠᠷ᠎ᠠ ᠳ᠋ᠤ᠌ ᠨᠢᠭᠡᠨ ᠬᠡᠰᠡᠭ ᠮᠥᠭᠡᠷᠰᠦᠨ ᠪᠣᠯᠵᠤ᠂ ᠭᠤᠷᠪᠠᠨ ᠰᠠᠷ᠎ᠠ ᠳ᠋ᠤ᠌ ᠲᠡᠷᠡ ᠮᠥᠬᠡᠷᠰᠦᠨ᠎ᠡ ᠮᠢᠬ᠎ᠠ ᠪᠦᠷᠢᠯᠳᠦᠵᠦ᠂ ᠳᠥᠷᠪᠡᠨ ᠰᠠᠷ᠎ᠠ ᠳ᠋ᠤ᠌ ᠬᠡᠭᠦᠷ ᠦ᠋ᠨ ᠬᠡᠪ ᠮᠡᠲᠦ ᠪᠣᠯᠵᠤ᠂ ᠲᠠᠪᠤᠨ ᠰᠠᠷ᠎ᠠ ᠳ᠋ᠤ᠌ ᠬᠥᠪᠡᠭᠦᠨ ᠥᠬᠢᠨ ᠢᠯᠭᠠᠷᠠᠵᠤ᠂ ᠵᠢᠷᠭᠤᠭᠠᠨ ᠰᠠᠷ᠎ᠠ ᠳ᠋ᠤ᠌ ᠶᠠᠰᠤ ᠮᠥᠴᠢ ᠤᠷᠭᠤᠵᠤ᠂ ᠳᠣᠯᠣᠭᠠᠨ ᠰᠠᠷ᠎ᠠ ᠳ᠋ᠤ᠌ ᠡᠷᠬᠡᠲᠡᠨ ᠲᠡᠭᠦᠰᠴᠦ᠂ ᠨᠠᠢ᠍ᠮᠠᠨ ᠰᠠᠷ᠎ᠠ ᠳ᠋ᠤ᠌ ᠦᠰᠦᠨ ᠤᠷᠭᠤᠵᠤ᠂ ᠶᠢᠰᠦᠨ ᠰᠠᠷ᠎ᠠ ᠳ᠋ᠤ᠌ ᠨᠢᠳᠦᠨ ᠨᠡᠭᠡᠭᠡᠵᠦ᠂ ᠠᠷᠪᠠᠨ ᠰᠠᠷ᠎ᠠ ᠳ᠋ᠤ᠌ ᠲᠥᠷᠥᠮᠦᠢ᠃ᠡᠬᠡ ᠢᠨᠦ ᠥᠯᠥᠰᠪᠡᠰᠦ ᠬᠡᠦᠬᠡᠳ ᠢᠨᠦ ᠢᠳᠡᠭᠡᠨ ᠢ᠋ᠶ᠋ᠡᠷ ᠳᠤᠲᠠᠭᠳᠠᠮᠤᠢ᠃ ᠲᠥᠷᠥᠬᠦ ᠶ᠋ᠢᠨ ᠵᠣᠪᠠᠯᠠᠩ ᠠᠨᠤ ᠲᠡᠷᠢᠭᠦᠨ ᠡᠴᠡ ᠪᠤᠰᠤ ᠦᠶ᠎ᠡ ᠭᠡᠰᠢᠭᠦᠦ ᠪᠦᠭᠦᠳᠡ ᠵᠠᠭᠠᠷᠠᠵᠤ᠂ ᠪᠡᠶ᠎ᠡ ᠢᠨᠦ ᠡᠪᠡᠳᠴᠦ᠂ ᠶᠣᠢᠯᠠᠨ ᠬᠠᠢᠯᠠᠨ ᠵᠣᠪᠠᠮᠤᠢ᠃ ᠬᠡᠦᠬᠡᠳ ᠨᠢ ᠭᠡᠱᠠᠮᠡᠷᠢ ᠮᠣᠳᠣᠨ᠎ᠠ ᠰᠢᠪᠲᠤᠷᠠᠭᠰᠠᠨ ᠮᠡᠲᠦ ᠡᠪᠡᠳᠴᠦ ᠬᠥᠰᠡᠷ ᠲᠣᠷ ᠤᠨᠠᠪᠠᠰᠤ ᠭᠠᠵᠠᠷ ᠲᠤᠷ ᠭᠣᠯᠣᠭᠳᠠᠭᠰᠠᠨ ᠮᠡᠲᠦ᠂ ᠵᠥᠭᠡᠯᠡᠨ ᠬᠤᠪᠴᠠᠰᠤ ᠥᠷᠭᠡᠰᠦᠨ᠎ᠡ ᠬᠠᠳᠬᠤᠭᠳᠠᠭᠰᠠᠨ ᠮᠡᠲᠦ ᠮᠠᠰᠢ ᠡᠪᠡᠳᠴᠦ ᠵᠣᠪᠠᠮᠤᠢ᠃ ᠬᠣᠶᠠᠷ ᠲᠤ᠌᠂ ᠲᠥᠷᠥᠭᠰᠡᠨ ᠡᠴᠡ ᠬᠣᠢᠰᠢ ᠡᠪᠡᠳᠴᠢᠨ ᠣᠯᠬᠤ ᠴᠠᠭ ᠲᠤ᠌ ᠬᠠᠯᠠᠭᠤᠨ ᠬᠦᠢᠲᠡᠨ ᠡᠪᠡᠳᠴᠢᠨ ᠢ᠋ᠶ᠋ᠡᠷ ᠡᠨᠡᠯᠭᠡᠭᠳᠡᠨ ᠭᠠᠰᠠᠯᠤᠮᠤᠢ᠃ ᠪᠣᠰᠴᠤ ᠶᠠᠳᠠᠨ᠂ ᠵᠣᠪᠠᠨ ᠵᠦᠳᠡᠵᠦ᠂ ᠢᠳᠡᠭᠡᠨ ᠳ᠋ᠦ᠍ᠷ ᠦᠯᠦ ᠳᠤᠷᠠᠯᠠᠨ᠂ ᠥᠴᠦᠬᠡᠨ ᠢᠳᠡᠪᠡᠰᠦ ᠪᠥᠭᠡᠯᠵᠢᠵᠦ᠂ ᠭᠠᠭᠴᠠ ᠪᠠᠷ ᠬᠡᠪᠲᠡᠪᠡᠰᠦ ᠤᠢᠳᠬᠠᠷ ᠬᠦᠷᠴᠦ᠂ ᠣᠯᠠᠨ ᠴᠤᠭᠯᠠᠪᠠᠰᠤ ᠲᠠᠪᠠ ᠦᠭᠡᠢᠳᠡᠬᠦ ᠪᠠ ᠳᠤᠯᠠᠭᠠᠨ ᠬᠤᠴᠢᠪᠠᠰᠤ ᠬᠦᠢᠲᠡᠨ ᠢ᠋ ᠬᠦᠰᠡᠵᠦ᠂ ᠨᠢᠮᠭᠡᠨ ᠬᠤᠴᠢᠪᠠᠰᠤ ᠬᠠᠯᠠᠭᠤᠨ ᠢ᠋ ᠲᠠᠭᠠᠯᠯᠠᠬᠤᠢ ᠪᠠ ᠨᠣᠮ ᠳ᠋ᠤᠷ ᠬᠠᠢᠷᠠᠯᠠᠭᠴᠢ ᠡᠳ᠋ ᠲᠠᠸᠠᠷ ᠢ᠋ᠶ᠋ᠠᠨ ᠡᠮᠴᠢ ᠣᠲᠠᠴᠢ᠂ ᠪᠥᠬᠡ ᠢᠳᠤᠭᠠᠨ ᠢ᠋ ᠠᠷᠭᠠᠳᠠᠬᠤ ᠶ᠋ᠢᠨ ᠲᠤᠯᠠ ᠬᠠᠢᠷᠠᠯᠠᠯ ᠦᠭᠡᠢ ᠥᠪᠡᠷ ᠦ᠋ᠨ ᠲᠤᠯᠠᠳᠠ ᠥᠭᠭᠦᠮᠦᠢ᠃ ᠵᠠᠷᠢᠮ ᠨᠢ ᠠᠳᠠ ᠳ᠋ᠤᠷ ᠪᠠᠷᠢᠭᠳᠠᠨ ᠡᠪᠡᠳᠴᠦ᠂ ᠵᠠᠷᠢᠮ ᠨᠢ ᠦᠷ᠎ᠡ ᠲᠥᠯᠥᠭᠡᠰᠦᠨ ᠢ᠋ᠶ᠋ᠡᠷ ᠳᠥᠷᠪᠡᠨ ᠵᠠᠭᠤᠨ ᠳᠥᠷᠪᠡᠨ ᠵᠦᠢᠯ ᠦ᠋ᠨ ᠡᠪᠡᠳᠴᠢᠨ ᠢ᠋ᠶ᠋ᠡᠷ ᠡᠨᠡᠯᠦᠨ ᠵᠣᠪᠠᠮᠤᠢ᠃ ᠭᠤᠷᠪᠠ ᠳ᠋ᠤ᠌᠂ ᠦᠳᠡᠯᠭᠦᠢ ᠴᠠᠭ ᠲᠤ᠌ ᠮᠠᠬᠠᠪᠣᠳ ᠤ᠋ᠨ ᠬᠦᠴᠦᠨ ᠪᠠᠭᠤᠷᠠᠵᠤ᠂ ᠬᠦᠢᠲᠡᠨ ᠬᠠᠯᠠᠭᠤᠨ ᠢᠳᠡᠭᠡᠨ ᠢ᠋ ᠰᠢᠩᠭᠡᠬᠡᠨ ᠦᠯᠦ ᠴᠢᠳᠠᠵᠤ᠂ ᠰᠠᠬᠠᠯ ᠦᠰᠦᠨ ᠢᠨᠦ ᠴᠠᠢᠭᠠᠳ ᠨᠢᠷᠤᠭᠤ ᠬᠤᠷᠤᠭᠤ ᠠᠨᠤ ᠮᠤᠷᠤᠢᠵᠤ᠂ ᠴᠢᠰᠤᠨ ᠠᠨᠤ ᠰᠢᠩᠭᠡᠷᠡᠭᠡᠳ ᠬᠢᠮᠤᠰᠤᠨ ᠠᠨᠤ ᠨᠢᠮᠭᠡᠷᠡᠭᠡᠳ ᠨᠢᠳᠦ ᠢᠨᠦ ᠪᠠᠯᠠᠷᠠᠨ ᠴᠢᠬᠢ ᠢᠨᠦ ᠦᠯᠦ ᠰᠣᠨᠣᠰᠤᠨ᠂ ᠬᠤᠷᠴᠠ ᠴᠠᠭᠠᠨ ᠰᠢᠳᠦ ᠢᠨᠦ ᠤᠨᠠᠭᠠᠳ᠂ ᠴᠢᠷᠠᠢ ᠠᠨᠤ ᠦᠷᠴᠡᠢᠨ᠂ ᠪᠡᠶ᠎ᠡ ᠢᠨᠦ ᠪᠥᠭᠲᠥᠷ ᠪᠣᠯᠵᠤ᠂ ᠪᠣᠰᠴᠤ ᠰᠠᠭᠤᠬᠤ ᠳ᠋ᠠᠭᠠᠨ ᠴᠤ᠌ ᠶᠣᠣ ᠬᠠᠯᠠᠭ ᠲᠡᠳᠡᠨ ᠵᠣᠪᠠᠮᠤᠢ᠃ ᠵᠥᠪ ᠭᠡᠮᠡᠨ ᠥᠭᠦᠯᠡᠪᠡᠰᠦ ᠪᠤᠷᠤᠭᠤ ᠮᠡᠲᠦ ᠪᠣᠯᠵᠣᠨ᠂ ᠵᠥᠨᠥᠭ ᠮᠤᠨᠤᠭ ᠪᠣᠯᠤᠭᠠᠳ ᠪᠡᠶ᠎ᠡ ᠪᠡᠨ ᠭᠣᠯᠣᠵᠤ ᠭᠠᠰᠠᠯᠤᠮᠤᠢ᠃ ᠪᠤᠷᠤᠭᠤ ᠶᠠᠷᠢᠪᠠᠰᠤ ᠡᠨᠡ ᠪᠡᠷ ᠵᠥᠨᠥᠵᠦ ᠠᠮᠤᠢ ᠬᠡᠮᠡᠯᠳᠦᠮᠦᠢ ᠃ ᠬᠥᠪᠡᠭᠦᠨ ᠠᠴᠢ ᠶᠠᠭᠤ ᠪᠠᠨ ᠲᠠᠨᠢᠨ ᠶᠠᠳᠠᠪᠠᠰᠤ ᠬᠣᠲᠠᠯᠠ ᠪᠦᠭᠦᠳᠡᠭᠡᠷ ᠢᠨᠢᠶᠡᠯᠳᠦᠨ ᠳᠣᠭᠣᠭᠢᠯᠠᠮᠤᠢ᠃ ᠤᠷᠢᠳᠤᠬᠢ ᠤᠬᠠᠭᠠᠨ ᠠᠨᠤ ᠮᠤᠩᠬᠠᠷᠠᠨ ᠤᠮᠠᠷᠲᠠᠵᠤ᠂ ᠤᠷᠤᠭ ᠡᠯᠢᠭᠡᠨ ᠳ᠋ᠡᠭᠡᠨ ᠳᠣᠭᠣᠭᠢᠯᠠᠭᠳᠠᠬᠤᠢ ᠳ᠋ᠤᠷ ᠢ᠋ᠶ᠋ᠠᠨ ᠭᠤᠲᠤᠵᠤ᠂ ᠦᠬᠦᠬᠦ ᠶ᠋ᠢ ᠬᠦᠷᠬᠦ ᠦᠭᠡᠢ ᠬᠡᠮᠡᠮᠦᠢ᠃ ᠢᠩᠭᠢᠭᠡᠳ ᠡᠷᠳᠡᠨᠢᠲᠦ ᠬᠥᠮᠦᠨ ᠦ᠌ ᠪᠡᠶ᠎ᠡ ᠠᠮᠢᠳᠤ ᠴᠠᠭ ᠲᠠᠭᠠᠨ ᠬᠡᠷᠡᠭ ᠦᠭᠡᠢ ᠪᠣᠯᠤᠮᠤᠢ᠃ ᠬᠣᠲᠠᠯᠠ ᠦᠷ᠎ᠡ ᠰᠠᠳᠤᠨ ᠳ᠋ᠠᠭᠠᠨ ᠤᠢᠳᠴᠤ ᠡᠯᠳᠡᠪ ᠢ᠋ᠶ᠋ᠡᠷ ᠵᠣᠪᠠᠮᠤᠢ᠃ ᠳᠥᠷᠪᠡ ᠳ᠋ᠦ᠍᠂ ᠦᠬᠦᠬᠦ ᠴᠠᠭ ᠲᠠᠭᠠᠨ ᠵᠠᠷᠢᠮ ᠠᠨᠤ ᠬᠡᠪᠡᠯᠢ ᠶ᠋ᠢᠨ ᠳᠣᠲᠣᠷ᠎ᠠ ᠦᠬᠦᠮᠦᠢ᠃ ᠵᠠᠷᠢᠮ ᠨᠢ ᠲᠦᠷᠦᠮᠡᠭᠴᠡ ᠦᠬᠦᠮᠦᠢ᠃ ᠵᠠᠷᠢᠮ ᠨᠢ ᠬᠡᠦᠬᠡᠳ ᠪᠦᠬᠦᠢ ᠳ᠋ᠡᠭᠡᠨ ᠦᠬᠦᠮᠦᠢ᠃ ᠵᠠᠷᠢᠮ ᠨᠢ ᠢᠳᠡᠷ ᠨᠠᠰᠤᠨ ᠳ᠋ᠠᠭᠠᠨ ᠦᠬᠦᠮᠦᠢ᠃ ᠵᠠᠷᠢᠮ ᠨᠢ ᠥᠷᠢ ᠲᠥᠯᠥᠭᠡᠰᠦᠨ ᠢ᠋ᠶ᠋ᠡᠷ ᠦᠬᠦᠮᠦᠢ᠃ ᠵᠠᠷᠢᠮ ᠨᠢ ᠥᠲᠡᠯᠵᠦ ᠦᠬᠦᠮᠦᠢ᠃ ᠵᠠᠷᠢᠮ ᠨᠢ ᠵᠠᠭᠤᠷᠠᠳᠤ ᠶ᠋ᠢᠨ ᠦᠬᠦᠯ ᠢ᠋ᠶ᠋ᠡᠷ ᠦᠬᠦᠮᠦᠢ᠃ ᠵᠠᠷᠢᠮ ᠨᠢ ᠴᠠᠭ ᠪᠤᠰᠤ ᠶ᠋ᠢᠨ ᠦᠬᠦᠯ ᠢ᠋ᠶ᠋ᠡᠷ ᠦᠬᠦᠮᠦᠢ᠃ ᠵᠠᠷᠢᠮ ᠨᠢ ᠵᠠᠶᠠᠭᠠᠨ ᠳ᠋ᠠᠭᠠᠨ ᠬᠦᠷᠴᠦ ᠦᠬᠦᠮᠦᠢ᠃ ᠬᠡᠵᠢᠶ᠎ᠡ ᠦᠬᠦᠬᠦ ᠭᠡᠳᠡᠭ ᠢ᠋ ᠥᠪᠡᠷ ᠢ᠋ᠶ᠋ᠡᠨ ᠬᠡᠮᠵᠢᠵᠦ ᠡᠰᠡ ᠴᠢᠳᠠᠮᠤᠢ᠃ ᠦᠬᠦᠯ ᠦ᠋ᠨ ᠡᠵᠡᠨ ᠡᠴᠡ ᠮᠤᠯᠲᠤᠷᠠᠵᠤ ᠦᠯᠦ ᠪᠣᠯᠬᠤ ᠬᠡᠨ ᠴᠦ᠍ ᠪᠡᠷ ᠮᠠᠭᠠᠳ ᠦᠬᠦᠮᠦᠢ᠃ ᠬᠥᠮᠦᠨ ᠡᠴᠡ ᠲᠣᠨᠢᠯᠵᠤ ᠂ᠠᠰᠤᠷᠢ ᠳ᠋ᠤᠷ ᠲᠥᠷᠥᠪᠡᠰᠦ ᠠᠭᠤᠷ ᠬᠢᠯᠢᠩ ᠦ᠋ᠨ ᠰᠢᠯᠲᠠᠭ ᠢ᠋ᠶ᠋ᠠᠷ ᠡᠯᠳᠡᠪᠴᠢᠯᠡᠨ ᠵᠣᠪᠠᠮᠤᠢ᠃ ᠰᠡᠳᠬᠢᠯ ᠦ᠋ᠨ ᠣᠮᠣᠭ ᠢ᠋ᠶ᠋ᠠᠷ ᠲᠩᠷᠢ ᠨᠠᠷ ᠤ᠋ᠨ  ᠵᠢᠷᠭᠠᠯᠠᠩ ᠊ᠢ ᠬᠦᠰᠡᠵᠦ᠂ ᠦᠷᠭᠦᠯᠵᠢᠳᠡ ᠬᠠᠳᠬᠤᠯᠳᠠᠨ ᠦᠬᠦᠯᠳᠦᠮᠦᠢ᠃ ᠴᠡᠭᠡᠵᠢ ᠪᠥᠭᠰᠡ ᠪᠡᠨ ᠥᠪᠡᠷ ᠢ᠋ᠶ᠋ᠡᠨ ᠴᠠᠪᠴᠢᠵᠤ᠂ ᠦᠬᠦᠳᠬᠡᠵᠦ ᠤᠨᠠᠮᠤᠢ᠃ ᠮᠠᠰᠢ ᠶᠡᠬᠡ ᠬᠢᠯᠢᠩᠴᠡᠲᠦ ᠦᠢᠯᠡᠰ ᠢ᠋ᠶ᠋ᠡᠷ ᠵᠣᠪᠠᠮᠤᠢ᠃ ᠠᠰᠤᠷᠢ ᠠ᠋ᠴᠠ ᠲᠣᠨᠢᠯᠵᠤ᠂ ᠲᠩᠷᠢ ᠨᠠᠷ ᠲᠤ᠌ ᠲᠥᠷᠥᠪᠡᠰᠦ ᠶᠢᠰᠦᠨ ᠬᠦᠰᠡᠯ ᠦ᠋ᠨ ᠵᠢᠷᠭᠠᠯᠠᠩ ᠳ᠋ᠤ᠌ ᠲᠠᠰᠢᠭᠤᠷᠠᠵᠤ᠂ ᠮᠥᠩᠬᠡ ᠪᠤᠰᠤ ᠶ᠋ᠢ ᠮᠥᠩᠬᠡ ᠭᠡᠮᠡᠨ ᠰᠡᠳᠬᠢᠭᠡᠳ᠂ ᠳᠡᠭᠡᠳᠦ ᠨᠣᠮ᠎ ᠊ᠢ ᠦᠯᠦ ᠳᠤᠷᠠᠳᠤᠨ᠂ ᠲᠡᠩᠰᠡᠯ ᠦᠭᠡᠢ ᠤᠨᠠᠬᠤᠢ ᠪᠠᠭᠤᠷᠠᠬᠤᠢ ᠪᠠᠷ ᠵᠣᠪᠠᠮᠤᠢ᠃ ᠲᠡᠭᠦᠪᠡᠷ ᠡᠨᠡ ᠮᠡᠲᠦ ᠵᠢᠷᠭᠤᠭᠠᠨ ᠵᠦᠢᠯ ᠦ᠋ᠨ ᠠᠶᠤᠯᠲᠤ ᠲᠥᠷᠥᠯ ᠡᠴᠡ ᠲᠣᠨᠢᠯᠰᠤᠭᠠᠢ ᠭᠡᠮᠡᠨ ᠬᠦᠰᠡᠭᠴᠢᠳ ᠡᠨᠡ ᠮᠠᠨᠢ ᠶ᠋ᠢ ᠬᠢᠴᠢᠶᠡᠨ ᠤᠩᠰᠢᠲᠤᠭᠠᠢ᠃ᠤᠸᠮ ᠮᠠ ᠨᠢ ᠪᠠᠳ ᠮᠧᠢ ᠾᠦᠩ᠃
ᠬᠥᠮᠦᠨ ᠦ᠌ ᠪᠡᠶ᠎ᠡ ᠶ᠋ᠢ ᠣᠯᠬᠤᠶ᠎ᠠ ᠪᠡᠷᠬᠡ ᠪᠤᠶᠤ᠃ ᠶᠠᠭᠤᠨ ᠳ᠋ᠤᠷ ᠠᠳᠠᠯᠢ ᠪᠣᠢ ᠬᠡᠮᠡᠪᠡᠰᠦ ᠡᠢᠨ ᠪᠤᠶᠤ᠃ ᠵᠡᠭᠦᠦ ᠶ᠋ᠢᠨ ᠦᠵᠦᠭᠦᠷ ᠲᠦ᠍ ᠲᠣᠭᠲᠠᠭᠰᠠᠨ ᠰᠤᠪᠤᠳ ᠮᠡᠲᠦ᠂ ᠦᠬᠡᠷ ᠦ᠋ᠨ ᠡᠪᠡᠷ ᠲᠦ᠍ ᠲᠣᠭᠲᠠᠭᠰᠠᠨ ᠠᠷᠪᠠᠢ ᠮᠡᠲᠦ᠂ ᠲᠠᠤᠯᠠᠢ ᠶ᠋ᠢᠨ ᠡᠪᠡᠷ ᠮᠡᠲᠦ᠂ ᠡᠳᠦᠷ ᠦ᠋ᠨ ᠣᠳᠣᠨ ᠮᠡᠲᠦ᠂ ᠤᠳᠤᠮᠪᠠᠷᠠ ᠴᠡᠴᠡᠭ ᠮᠡᠲᠦ᠂ ᠭᠠᠯᠪᠠᠷ ᠽᠠᠨᠳᠠᠨ ᠮᠣᠳᠣᠨ ᠮᠡᠲᠦ᠂ ᠴᠢᠨᠳᠠᠮᠤᠨᠢ ᠡᠷᠳᠡᠨᠢ ᠮᠡᠲᠦ᠂ ᠽᠠᠭᠷᠠᠸᠠᠷᠳᠢ ᠶ᠋ᠢᠨ ᠬᠠᠭᠠᠨ ᠮᠡᠲᠦ ᠴᠤᠬᠠᠭ ᠪᠣᠯᠬᠤ ᠪᠤᠶᠤ᠃ ᠡᠳᠦᠭᠡ ᠣᠯᠬᠤᠶ᠎ᠠ ᠲᠡᠢᠮᠦ ᠪᠡᠷᠬᠡ ᠪᠣᠯᠤᠭᠠᠳ ᠡᠪᠳᠡᠷᠡᠬᠦᠶ᠎ᠡ ᠬᠢᠯᠪᠠᠷ ᠠᠨᠤ ᠶᠠᠭᠤᠨ ᠳ᠋ᠤᠷ ᠠᠳᠠᠯᠢ ᠪᠣᠢ ᠬᠡᠮᠡᠪᠡᠰᠦ ᠡᠢᠨ ᠬᠦ᠌ ᠤᠬᠠᠭᠳᠠᠬᠤᠢ᠃ ᠣᠭᠲᠠᠷᠭᠤᠢ ᠳ᠋ᠤᠷ ᠤᠷᠭᠤᠭᠰᠠᠨ ᠰᠣᠯᠣᠩᠭ᠎ᠠ ᠮᠡᠲᠦ᠂ ᠠᠭᠤᠯᠠᠨ ᠠ᠋ᠴᠠ ᠪᠠᠭᠤᠬᠤ ᠦᠶᠡᠷ ᠮᠡᠲᠦ᠂ ᠬᠠᠳᠠᠨ ᠠ᠋ᠴᠠ ᠤᠷᠤᠰᠬᠤᠢ ᠤᠰᠤᠨ ᠮᠡᠲᠦ᠂ ᠡᠪᠡᠰᠦᠨ ᠦ᠌ ᠦᠵᠦᠭᠦᠷ ᠲᠡᠬᠢ ᠰᠢᠭᠦᠳᠡᠷᠢ ᠮᠡᠲᠦ᠂ ᠨᠠᠮᠤᠷ ᠤ᠋ᠨ ᠴᠡᠴᠡᠭ ᠮᠡᠲᠦ᠂ ᠣᠭᠲᠠᠷᠭᠤᠢ ᠶ᠋ᠢᠨ ᠴᠠᠬᠢᠯᠭᠠᠨ ᠮᠡᠲᠦ ᠲᠦᠷᠭᠡᠨ ᠪᠤᠶᠤ᠂ ᠲᠡᠷᠡ ᠮᠡᠲᠦ ᠮᠥᠩᠬᠡ ᠪᠤᠰᠤ ᠶ᠋ᠢᠨ ᠪᠡᠶ᠎ᠡ ᠶ᠋ᠢ ᠮᠥᠩᠬᠡ ᠭᠡᠮᠡᠨ ᠰᠡᠳᠬᠢᠪᠡᠰᠦ ᠠᠯᠵᠢᠶᠠᠰ ᠪᠣᠯᠠᠢ᠃ ᠤᠷᠢᠳᠤ ᠵᠠᠶᠠᠭᠠᠨ ᠳ᠋ᠤᠷ ᠠᠮᠢᠲᠠᠨ ᠤ᠋  ᠡᠳ᠋ ᠊ᠢ ᠪᠤᠯᠢᠶᠠᠭᠰᠠᠨ ᠪᠠ ᠬᠤᠯᠠᠭᠤᠭᠰᠠᠨ ᠢ᠋ᠶ᠋ᠠᠷ ᠡᠳᠦᠭᠡ ᠡᠨᠳᠡ ᠦᠭᠡᠭᠦᠦ ᠳᠤᠲᠠᠭᠤ ᠪᠣᠯᠤᠭᠠᠳ ᠥᠯᠥᠰᠬᠦᠢ ᠤᠮᠳᠠᠭᠠᠰᠬᠤᠢ ᠵᠣᠪᠠᠯᠠᠩᠲᠤ ᠪᠣᠯᠤᠶᠤ᠃ ᠬᠡᠳᠦᠢ ᠪᠡᠷ ᠥᠴᠦᠬᠡᠨ ᠣᠯᠪᠠᠰᠤ ᠬᠣᠷᠢᠶᠠᠨ ᠶᠠᠳᠠᠮᠤᠢ᠃ ᠳᠡᠭᠡᠳᠦ ᠠᠷᠠᠳ ᠤ᠋ᠨ  ᠰᠡᠳᠬᠢᠯ᠎ ᠊ᠢ ᠵᠣᠪᠠᠭᠠᠮᠤᠢ᠃ᠡᠳ᠋ ᠡᠴᠡ ᠬᠠᠭᠠᠴᠠᠵᠤ᠂ ᠳᠠᠢᠰᠤᠨ ᠢ᠋ᠶ᠋ᠠᠷ ᠪᠠᠭᠤᠷᠠᠬᠤ ᠬᠥᠮᠦᠨ ᠦ᠌ ᠮᠠᠲᠠᠯ ᠪᠤᠯᠬᠤᠢ ᠪᠠ ᠳᠣᠣᠷᠠᠳᠤᠰ ᠢ᠋ᠶ᠋ᠠᠷ ᠬᠠᠭᠠᠨ ᠬᠥᠮᠦᠨ ᠦ᠌ ᠵᠠᠰᠠᠭ ᠢ᠋ᠶ᠋ᠠᠷ ᠬᠦᠷᠲᠡᠬᠦᠢ ᠬᠢᠭᠡᠳ ᠠᠯᠢᠪᠠ ᠮᠠᠭᠤ ᠦᠢᠯᠡᠰ ᠲᠡᠷᠢᠭᠦᠲᠡᠨ ᠣᠷᠴᠢᠯᠠᠩ ᠤ᠋ᠨ ᠰᠢᠯᠲᠠᠭᠠᠨ ᠠᠨᠤ ᠥᠪᠡᠷ ᠦ᠋ᠨ ᠭᠠᠭᠴᠠ ᠰᠡᠳᠬᠢᠯ ᠡᠴᠡ ᠪᠣᠯᠪᠠᠢ᠂ ᠲᠡᠷᠢᠭᠦᠨ ᠳ᠋ᠦ᠍ᠷ ᠰᠡᠳᠬᠢᠯ ᠳ᠋ᠡᠭᠡᠨ ᠨᠢᠭᠦᠯᠲᠦ ᠦᠢᠯᠡᠰ ᠲᠣᠷ ᠳᠤᠷᠠᠯᠠᠬᠤ ᠦᠨᠡᠨ ᠳᠡᠭᠡᠳᠦ  ᠨᠣᠮ᠎ ᠊ᠢ ᠲᠡᠪᠴᠢᠭᠴᠢᠳ ᠦᠷᠭᠦᠯᠵᠢ ᠪᠤᠷᠬᠠᠨ ᠤ᠋ ᠵᠠᠷᠯᠢᠭ᠋᠎ ᠊ᠢ ᠬᠤᠳᠠᠯ ᠭᠡᠮᠡᠨ ᠰᠡᠳᠬᠢᠭᠡᠳ᠂ ᠨᠢᠰᠸᠠᠨᠢᠰ ᠤ᠋ᠨ ᠲᠠᠪᠤᠨ  ᠬᠣᠣᠷ᠎ ᠊ᠢ ᠡᠰᠡ ᠲᠡᠪᠴᠢᠭᠰᠡᠨ ᠡᠴᠡ ᠪᠣᠯᠪᠠᠢ᠃ ᠪᠠᠰᠠ ᠤᠷᠢᠳᠤ ᠲᠥᠷᠥᠯ ᠎ ᠳᠦ  ᠠᠮᠢᠲᠠᠨ ᠊ᠢ ᠣᠯᠠᠨᠲᠠ ᠵᠠᠨᠴᠢᠭᠰᠠᠨ ᠢ᠋ᠶ᠋ᠠᠷ ᠡᠳᠦᠭᠡ ᠦᠷᠭᠦᠯᠵᠢ ᠡᠪᠡᠳᠴᠢᠲᠦ ᠪᠣᠯᠤᠮᠤᠢ᠃ ᠤᠷᠢᠳᠤ ᠲᠥᠷᠥᠯ ᠳ᠋ᠦ᠍ᠷ ᠠᠮᠢᠲᠠᠨ ᠤ᠋  ᠠᠮᠢᠨ ᠎ ᠊ᠢ ᠣᠯᠠᠨᠲᠠ ᠲᠠᠰᠤᠯᠤᠭᠰᠠᠨ ᠢ᠋ᠶ᠋ᠠᠷ ᠡᠳᠦᠭᠡ ᠨᠠᠰᠤᠨ ᠠᠨᠤ ᠣᠬᠣᠷ ᠪᠣᠯᠤᠮᠤᠢ᠂ ᠶᠡᠷᠦ ᠣᠯᠬᠤᠶ᠎ᠠ ᠴᠤᠬᠠᠭ ᠡᠨᠡ ᠪᠡᠶ᠎ᠡ ᠡᠪᠳᠡᠷᠡᠬᠦᠶ᠎ᠡ ᠮᠠᠰᠢ ᠲᠦᠷᠭᠡᠨ ᠠᠵᠤᠭᠤ ᠭᠡᠮᠡᠨ ᠰᠡᠳᠬᠢᠵᠦ᠂ ᠥᠪᠡᠷ ᠦ᠋ᠨ ᠦᠰᠦᠨ ᠳ᠋ᠦ᠍ᠷ ᠰᠢᠲᠠᠭᠰᠠᠨ  ᠭᠠᠯ᠎ ᠊ᠢ ᠭᠠᠷ ᠢ᠋ᠶ᠋ᠠᠷ ᠤᠨᠲᠠᠷᠠᠭᠠᠬᠤᠢ ᠮᠡᠲᠦ᠂  ᠨᠣᠮ᠎ ᠊ᠢ ᠦᠢᠯᠡᠳᠬᠦᠢ ᠳ᠋ᠦ᠍ᠷ ᠮᠠᠰᠢ ᠲᠦᠷᠭᠡᠨ ᠶᠠᠭᠠᠷᠠᠭᠳᠠᠬᠤᠢ ᠬᠡᠷᠡᠭ᠃ ᠲᠡᠭᠦᠪᠡᠷ ᠡᠨᠡ ᠵᠢᠷᠭᠤᠭᠠᠨ ᠦᠰᠦᠭ ᠢ᠋ ᠬᠢᠴᠢᠶᠡᠨ ᠤᠩᠰᠢᠲᠤᠭᠠᠢ᠃ ᠦᠯᠡᠮᠵᠢ ᠪᠠᠶᠠᠵᠢᠵᠤ ᠨᠣᠮ ᠦᠢᠯᠡᠳᠰᠦᠭᠡᠢ ᠬᠡᠮᠡᠲᠡᠯ᠎ᠡ ᠭᠠᠷ ᠳᠠᠬᠢ ᠡᠳ᠋ ᠢ᠋ᠶ᠋ᠡᠨ ᠠᠯᠳᠠᠬᠤᠢ ᠶ᠋ᠢ ᠮᠡᠳᠡᠬᠦᠶ᠎ᠡ ᠦᠭᠡᠢ᠃ ᠪᠠᠶᠠᠨ ᠴᠠᠭ ᠲᠠᠭᠠᠨ ᠡᠨᠡ ᠮᠠᠨᠢ ᠶ᠋ᠢ ᠬᠢᠴᠢᠶᠡᠨ ᠤᠩᠰᠢᠲᠤᠭᠠᠢ᠃ ᠦᠬᠦᠬᠦᠢ ᠴᠠᠭ ᠲᠤᠷ ᠨᠣᠮ ᠦᠢᠯᠡᠳᠰᠦᠭᠡᠢ ᠭᠡᠮᠡᠨ ᠠᠲᠠᠯ᠎ᠠ ᠦᠬᠦᠯ ᠦ᠋ᠨ ᠡᠵᠡᠨ ᠢ᠋ ᠢᠷᠡᠬᠦᠢ ᠳ᠋ᠦ᠍ᠷ ᠪᠣᠯᠵᠣᠭ᠎ᠠ ᠦᠭᠡᠢ ᠮᠡᠲᠦ ᠴᠠᠭ ᠲᠠᠭᠠᠨ ᠡᠨᠡ ᠮᠠᠨᠢ ᠶ᠋ᠢ ᠬᠢᠴᠢᠶᠡᠨ ᠤᠩᠰᠢᠲᠤᠭᠠᠢ᠃ ᠦᠬᠦᠬᠦᠢ ᠳ᠋ᠦ᠍ᠷ ᠠᠷᠭ᠎ᠠ ᠦᠭᠡᠢ ᠦᠬᠦᠮᠦᠢ᠃ ᠪᠠᠭᠠᠲᠤᠷ ᠬᠦᠴᠦᠨ ᠢ᠋ᠶ᠋ᠡᠷ ᠵᠥᠷᠢᠵᠦ ᠦᠯᠦ ᠪᠣᠯᠤᠮᠤᠢ᠂ ᠰᠡᠴᠡᠨ ᠬᠥᠮᠦᠨ ᠦ᠌ ᠦᠭᠡᠰ ᠢ᠋ᠶ᠋ᠡᠷ ᠬᠠᠷᠢᠭᠤᠯᠵᠤ ᠦᠯᠦ ᠴᠢᠳᠠᠮᠤᠢ᠃ ᠶᠠᠮᠠᠷ ᠴᠤ᠌ ᠬᠤᠷᠳᠤᠨ ᠢ᠋ᠶ᠋ᠠᠷ ᠳᠤᠲᠠᠭᠠᠵᠤ ᠦᠯᠦ ᠭᠠᠷᠬᠤ᠂ ᠪᠠᠨᠳᠢ ᠪᠣᠮᠪᠣ ᠶ᠋ᠢᠨ ᠵᠠᠷᠯᠢᠭ ᠢ᠋ᠶ᠋ᠠᠷ ᠠᠷᠠᠯᠵᠢᠵᠤ ᠦᠯᠦ ᠴᠢᠳᠠᠮᠤᠢ᠃ ᠮᠠᠨᠽᠤᠰᠢᠷᠢ ᠶ᠋ᠢᠨ ᠤᠷᠠᠨ ᠠᠷᠭ᠎ᠠ ᠪᠠᠷ ᠠᠪᠤᠷᠠᠨ ᠦᠯᠦ ᠪᠣᠯᠤᠮᠤᠢ᠃ ᠬᠣᠮᠰᠢᠮ ᠪᠣᠳᠢᠰᠠᠳ᠋ᠸ᠎ᠠ ᠶ᠋ᠢᠨ ᠨᠢᠭᠦᠯᠡᠰᠦᠩᠭᠦᠢ ᠰᠡᠳᠬᠢᠯ ᠢ᠋ᠶ᠋ᠡᠷ ᠠᠰᠠᠷᠠᠨ ᠦᠯᠦ ᠴᠢᠳᠠᠮᠤᠢ᠃ ᠪᠠᠭᠠᠲᠤᠷ ᠸᠴᠢᠷᠪᠠᠨᠢ ᠶ᠋ᠢᠨ ᠬᠦᠴᠦᠨ ᠢ᠋ᠶ᠋ᠡᠷ ᠠᠶᠤᠯᠭᠠᠨ ᠦᠯᠦ ᠴᠢᠳᠠᠮᠤᠢ᠃ ᠪᠠᠭᠰᠢ ᠱᠠᠭᠵᠠᠮᠤᠨᠢ ᠪᠤᠷᠬᠠᠨ ᠤ᠋ ᠠᠳᠢᠰᠲᠠᠳ ᠢ᠋ᠶ᠋ᠠᠷ ᠥᠷᠥᠰᠢᠶᠡᠨ ᠦᠯᠦ ᠴᠢᠳᠠᠮᠤᠢ᠃ ᠡᠷᠬᠡ ᠦᠭᠡᠢ ᠦᠬᠦᠯ ᠦ᠋ᠨ ᠡᠵᠡᠨ ᠦ᠌ ᠬᠣᠢᠨ᠎ᠠ ᠠ᠋ᠴᠠ ᠭᠠᠭᠴᠠᠭᠠᠷ ᠣᠳᠬᠤᠢ ᠴᠠᠭ ᠲᠤᠷ ᠪᠤᠴᠠᠯᠤᠭᠰᠠᠨ ᠲᠣᠰᠣᠨ ᠤ᠋ ᠳᠣᠲᠣᠷ᠎ᠠ ᠠ᠋ᠴᠠ ᠭᠠᠭᠴᠠ ᠬᠢᠯᠭᠠᠰᠤᠨ ᠢ᠋ ᠰᠢᠪᠲᠤᠷᠠᠵᠤ ᠠᠪᠬᠤᠢ ᠳ᠋ᠤᠷ ᠠᠳᠠᠯᠢ ᠤᠷᠤᠭ ᠡᠯᠢᠭᠡᠨ᠂ ᠡᠮ᠎ᠡ ᠬᠥᠪᠡᠭᠦᠨ᠂ ᠠᠮᠠᠷᠠᠭ ᠳᠠᠭᠠᠯᠠᠬᠤᠢ ᠨᠥᠬᠥᠷ ᠰᠡᠯᠲᠡ ᠲᠡᠷᠢᠭᠦᠲᠡᠨ ᠠᠬᠤᠢ ᠭᠡᠷ ᠪᠠᠷᠠᠭ᠎ᠠ ᠪᠠᠨ ᠭᠡᠭᠡᠵᠦ ᠭᠠᠨᠢ ᠭᠠᠭᠴᠠᠭᠠᠷ ᠣᠳᠬᠤᠢ ᠴᠠᠭ ᠲᠤ᠌ ᠬᠡᠨ ᠢ᠋ᠶ᠋ᠡᠷ ᠴᠦ᠍ ᠨᠥᠬᠥᠷ ᠦᠯᠦ ᠪᠣᠯᠤᠮᠤᠢ᠃ ᠲᠡᠷᠡ ᠴᠠᠭ ᠲᠤᠷ ᠨᠥᠬᠥᠴᠡᠭᠴᠢ ᠡᠨᠡ ᠮᠠᠨᠢ ᠶ᠋ᠢᠨ ᠵᠢᠷᠭᠤᠭᠠᠨ ᠦᠰᠦᠭ ᠢ᠋ ᠲᠡᠭᠦᠰ ᠬᠤᠪᠢᠳᠠᠨ ᠬᠢᠴᠢᠶᠡᠨ ᠤᠩᠰᠢᠲᠤᠭᠠᠢ᠃
ᠠᠮᠠᠷᠠᠭ ᠨᠥᠬᠥᠷ᠂ ᠤᠷᠤᠭ ᠰᠠᠳᠤᠨ᠂ ᠬᠥᠪᠡᠭᠦᠳ ᠥᠬᠢᠳ ᠲᠡᠷᠢᠭᠦᠲᠡᠨ ᠢ᠋ ᠠᠳᠠᠯᠢᠳᠬᠠᠪᠠᠰᠤ᠂ ᠬᠤᠳᠠᠯᠳᠤᠭᠠᠨ ᠤ᠋ ᠭᠠᠵᠠᠷ ᠬᠤᠷᠠᠭᠰᠠᠨ ᠣᠯᠠᠨ ᠬᠥᠮᠦᠰ ᠭᠡᠷ ᠭᠡᠷ ᠲᠡᠭᠡᠨ ᠬᠠᠷᠢᠬᠤᠢ ᠳ᠋ᠤᠷ ᠠᠳᠠᠯᠢ ᠵᠥᠭᠡᠭᠡᠭᠰᠡᠨ ᠬᠤᠷᠢᠶᠠᠭᠰᠠᠨ ᠡᠳ᠋ ᠲᠠᠸᠠᠷ ᠪᠠ ᠭᠡᠷᠭᠡᠢ ᠬᠡᠦᠬᠡᠳ᠂ ᠤᠯᠤᠰ ᠢᠷᠭᠡᠨ ᠪᠦᠭᠦᠳᠡᠭᠡᠷ ᠨᠠᠮᠤᠷ ᠤ᠋ᠨ ᠡᠭᠦᠯᠡ ᠮᠡᠲᠦ ᠮᠠᠭᠠᠳ ᠲᠠᠷᠬᠠᠬᠤᠢ ᠮᠡᠲᠦ᠃ ᠲᠡᠭᠦᠪᠡᠷ ᠠᠮᠢᠳᠤ ᠪᠦᠬᠦᠢ ᠴᠠᠭ ᠲᠠᠭᠠᠨ ᠡᠨᠡ ᠮᠠᠨᠢ ᠶ᠋ᠢ ᠬᠢᠴᠢᠶᠡᠨ ᠤᠩᠰᠢᠲᠤᠭᠠᠢ᠃ ᠡᠨᠡ ᠬᠦ᠌ ᠶᠢᠷᠲᠢᠨᠴᠦ ᠶ᠋ᠢᠨ ᠵᠢᠷᠭᠠᠯᠠᠩ ᠰᠥᠨᠢ ᠶ᠋ᠢᠨ ᠵᠡᠭᠦᠳᠦᠨ ᠳ᠋ᠦ᠍ᠷ ᠠᠳᠠᠯᠢ᠂ ᠡᠪᠳᠡᠷᠡᠬᠦᠢ ᠡᠨᠡ ᠣᠷᠴᠢᠯᠠᠩ ᠤ᠋ᠨ ᠭᠡᠷ ᠲᠦ᠍ ᠢᠷᠡᠬᠦ ᠨᠢ ᠬᠣᠣᠷᠲᠤ ᠮᠣᠭᠠᠢ ᠶ᠋ᠢᠨ ᠡᠭᠦᠷ ᠲᠦ᠍ ᠰᠠᠭᠤᠬᠤ ᠠᠳᠠᠯᠢ ᠵᠣᠪᠠᠭᠠᠮᠤᠢ᠃ ᠵᠢᠷᠭᠠᠬᠤᠢ ᠪᠦᠭᠦᠳᠡ ᠡᠳᠦᠷ ᠰᠥᠨᠢ ᠶ᠋ᠢᠨ ᠤᠯᠠᠷᠢᠬᠤᠢ ᠠᠳᠠᠯᠢ ᠡᠳᠦᠷ ᠰᠥᠨᠢ ᠬᠦᠨᠳᠦᠳᠬᠡᠬᠦ ᠪᠠᠭᠤᠷᠠᠬᠤᠢ ᠠᠨᠤ ᠡᠪᠦᠯ ᠵᠤᠨ ᠤ᠋ ᠤᠷᠪᠠᠬᠤᠢ ᠮᠡᠲᠦ᠃ ᠲᠡᠭᠦᠪᠡᠷ ᠰᠠᠢᠨ ᠵᠠᠶᠠᠭᠠᠲᠠᠨ ᠠᠷᠠᠳ᠂ ᠡᠨᠡ ᠮᠠᠨᠢ ᠶ᠋ᠢᠨ ᠵᠢᠷᠭᠤᠭᠠᠨ ᠦᠰᠦᠭ ᠢ᠋ ᠰᠠᠭᠠᠲᠠᠯ ᠦᠭᠡᠢ ᠬᠢᠴᠢᠶᠡᠨ ᠤᠩᠰᠢᠲᠤᠭᠠᠢ᠃ ᠪᠠᠰᠠ ᠴᠢᠯᠥᠭᠡ ᠤᠴᠠᠷᠠᠯᠲᠤ ᠡᠷᠳᠡᠨᠢᠲᠦ ᠬᠥᠮᠦᠨ ᠦ᠌  ᠲᠥᠷᠥᠯ᠎ ᠊ᠢ ᠠᠳᠠᠯᠢᠳᠬᠠᠪᠠᠰᠤ᠂ ᠰᠣᠬᠣᠷ ᠬᠥᠮᠦᠨ ᠴᠢᠨᠳᠠᠮᠤᠨᠢ ᠡᠷᠳᠡᠨᠢ ᠣᠯᠤᠭᠰᠠᠨ ᠳ᠋ᠤᠷ ᠠᠳᠠᠯᠢ᠂ ᠬᠡᠷᠪᠡ ᠪᠤᠶᠠᠨ ᠢ᠋ ᠲᠡᠪᠴᠢᠵᠦ ᠨᠢᠭᠦᠯ ᠢ᠋ ᠦᠢᠯᠡᠳᠪᠡᠰᠦ᠂ ᠪᠠᠰᠠ ᠰᠣᠬᠣᠷ ᠬᠥᠮᠦᠨ ᠴᠢᠨᠳᠠᠮᠤᠨᠢ ᠡᠷᠳᠡᠨᠢ ᠶ᠋ᠢ ᠬᠥᠰᠡᠷ ᠠᠯᠳᠠᠪᠠᠰᠤ ᠣᠯᠬᠤᠶ᠎ᠠ ᠮᠠᠰᠢ ᠪᠡᠷᠬᠡ ᠳ᠋ᠦ᠍ᠷ ᠠᠳᠠᠯᠢ ᠪᠣᠢ᠃ ᠤᠸᠮ ᠮᠠ ᠨᠢ ᠪᠠᠳ ᠮᠧᠢ ᠾᠦᠩ᠃
ᠪᠤᠶᠠᠨᠲᠤ ᠰᠡᠳᠬᠢᠯ ᠢ᠋ᠶ᠋ᠡᠷ ᠶᠠᠪᠤᠵᠤ ᠂ᠡᠨᠡ ᠮᠠᠨᠢ ᠶ᠋ᠢᠨ ᠵᠢᠷᠭᠤᠭᠠᠨ ᠦᠰᠦᠭ ᠢ᠋ ᠬᠢᠴᠢᠶᠡᠨ ᠤᠩᠰᠢᠪᠠᠰᠤ ᠪᠤᠷᠬᠠᠨ ᠤ᠋ ᠬᠤᠲᠤᠭ ᠢ᠋ ᠣᠯᠬᠤᠶ᠎ᠠ ᠰᠡᠵᠢᠭ ᠦᠭᠡᠢ ᠪᠣᠯᠤᠮᠤᠢ᠃ ᠠᠳᠠᠯᠢᠳᠬᠠᠪᠠᠰᠤ ᠴᠢᠨᠳᠠᠮᠤᠨᠢ ᠡᠷᠳᠡᠨᠢ ᠣᠯᠤᠭᠰᠠᠨ ᠬᠦᠴᠦᠨ ᠢ᠋ᠶ᠋ᠡᠷ ᠵᠢᠷᠭᠠᠬᠤᠢ ᠳ᠋ᠤᠷ ᠠᠳᠠᠯᠢ ᠪᠣᠯᠠᠢ᠃ ᠡᠭᠦᠪᠡᠷ ᠡᠷᠳᠡᠨᠢᠲᠦ ᠬᠥᠮᠦᠨ ᠦ᠌ ᠪᠡᠶ᠎ᠡ ᠶ᠋ᠢ ᠣᠯᠤᠭᠰᠠᠨ ᠡᠨᠡ ᠴᠠᠭ ᠲᠤᠷ ᠲᠡᠭᠦᠰ ᠵᠠᠶᠠᠭᠠᠳᠠᠨ ᠬᠢᠴᠢᠶᠡᠨ ᠤᠩᠰᠢᠲᠤᠭᠠᠢ᠃ᠤᠸᠮ ᠮᠠ᠋ ᠨᠢ ᠪᠠᠳ ᠮᠧᠢ ᠾᠦᠩ ᠬᠡᠮᠡᠬᠦ ᠵᠢᠷᠭᠤᠭᠠᠨ ᠦᠰᠦᠭ ᠢᠨᠦ ᠠᠴᠢᠲᠤ ᠪᠯᠠᠮ᠎ᠠ ᠭᠡᠮᠡᠨ ᠰᠡᠳᠬᠢᠪᠡᠰᠦ ᠤᠳᠤᠷᠢᠳᠤᠭᠴᠢ᠂ ᠢᠳᠠᠮ ᠪᠯᠠᠮ᠎ᠠ ᠭᠡᠮᠡᠨ ᠰᠡᠳᠬᠢᠪᠡᠰᠦ ᠦᠵᠡᠭᠦᠯᠦᠭᠴᠢ᠂ ᠳᠡᠭᠡᠳᠦ ᠨᠣᠮ ᠭᠡᠮᠡᠨ ᠰᠡᠳᠬᠢᠪᠡᠰᠦ  ᠮᠥᠷ᠎ ᠊ᠢ ᠵᠢᠭᠠᠭᠴᠢ᠂ ᠬᠤᠲᠤᠭᠲᠠᠨ ᠬᠤᠸᠠᠷᠠᠭ ᠭᠡᠮᠡᠨ ᠰᠡᠳᠬᠢᠪᠡᠰᠦ ᠨᠥᠬᠥᠷ ᠪᠣᠯᠤᠨ᠎ᠠ᠃ ᠲᠡᠭᠦᠪᠡᠷ ᠬᠠᠮᠤᠭ ᠨᠣᠮ ᠤ᠋ᠳ ᠤ᠋ᠨ ᠭᠦᠨ ᠨᠠᠷᠢᠨ ᠤᠳᠬ᠎ᠠ ᠬᠠᠲᠠᠭᠤ ᠲᠣᠭᠰᠢᠨ ᠰᠢᠮᠨᠤᠰ᠎ ᠊ᠢ ᠨᠣᠮᠣᠬᠠᠳᠬᠠᠭᠴᠢ ᠴᠢᠬᠤᠯᠠ ᠨᠢᠭᠤᠴᠠ ᠲᠠᠷᠨᠢ᠂ ᠶᠡᠬᠡ ᠨᠢᠭᠦᠯᠡᠰᠦᠭᠴᠢ ᠪᠡᠷ ᠭᠣᠣᠯ ᠵᠢᠷᠦᠬᠡ ᠬᠠᠷᠠᠩᠭᠤᠢ ᠠᠷᠪᠠᠨ ᠨᠠᠢ᠍ᠮᠠᠨ ᠲᠠᠮᠤ ᠶ᠋ᠢ ᠭᠡᠢᠭᠦᠯᠦᠭᠴᠢ ᠠᠷᠢᠭᠤᠨ ᠭᠡᠭᠡᠨ ᠵᠤᠯᠠ ᠮᠡᠲᠦ ᠪᠣᠢ᠃ ᠲᠦᠭᠡᠮᠡᠯ ᠡᠨᠡ ᠵᠢᠷᠦᠬᠡᠨ ᠵᠢᠷᠭᠤᠭᠠᠨ ᠦᠰᠦᠭ ᠢ᠋ ᠴᠥᠪ ᠦ᠋ᠨ ᠴᠠᠭ ᠤ᠋ᠨ ᠳᠣᠭᠰᠢᠨ ᠪᠤᠷᠤᠭᠤ ᠦᠵᠡᠯᠲᠡ᠂ ᠥᠲᠡᠯᠦᠭᠰᠡᠨ ᠡᠪᠦᠭᠡᠳ ᠡᠮᠡᠭᠡᠳ ᠨᠢᠯᠬ᠎ᠠ ᠬᠡᠦᠬᠡᠳ ᠤᠩᠰᠢᠨ ᠴᠢᠳᠠᠭᠴᠢ ᠨᠣᠮ ᠪᠤᠶᠤ ᠭᠡᠮᠡᠨ ᠳᠣᠷᠣᠮᠵᠢᠯᠠᠬᠤ ᠴᠠᠭ ᠪᠣᠯᠤᠮᠤᠢ᠃ ᠲᠡᠷᠡ ᠴᠠᠭ ᠲᠤᠷ ᠡᠨᠡ ᠵᠢᠷᠭᠤᠭᠠᠨ ᠦᠰᠦᠭ ᠦ᠋ᠨ ᠭᠦᠨ ᠨᠠᠷᠢᠨ ᠤᠳᠬ᠎ᠠ ᠲᠠᠢᠯᠪᠤᠷᠢ ᠶ᠋ᠢ ᠠᠨᠤ ᠤᠬᠠᠵᠤ᠂ ᠠᠭᠤᠤ ᠶᠡᠬᠡ ᠠᠴᠢ ᠲᠤᠰᠠ ᠶ᠋ᠢ ᠠᠨᠤ ᠪᠤᠰᠤᠳ ᠲᠤ᠌ ᠳᠡᠯᠭᠡᠷᠡᠭᠦᠯᠪᠡᠰᠦ ᠰᠤᠺᠠᠸᠠᠳᠢ ᠶ᠋ᠢᠨ ᠣᠷᠣᠨ ᠳ᠋ᠤᠷ ᠲᠥᠷᠥᠬᠦᠢ ᠢᠨᠦ ᠬᠠᠪᠤᠲᠤ ᠬᠥᠮᠦᠨ ᠦ᠌ ᠬᠠᠷᠪᠤᠭᠰᠠᠨ ᠰᠤᠮᠤ ᠮᠡᠲᠦ ᠰᠢᠳᠤᠷᠭᠤ ᠵᠣᠷᠢᠵᠤ ᠣᠳᠬᠤ ᠪᠤᠶᠤ᠃ ᠲᠡᠭᠦᠪᠡᠷ ᠠᠷᠢᠭᠤᠨ ᠰᠦᠰᠦᠭᠲᠡᠨ ᠡᠨᠡ ᠵᠢᠷᠭᠤᠭᠠᠨ ᠦᠰᠦᠭ ᠢ᠋ ᠬᠢᠴᠢᠶᠡᠨ ᠤᠩᠰᠢᠲᠤᠭᠠᠢ᠃ ᠪᠠᠰᠠ ᠲᠣᠨᠢᠯᠬᠤᠢ ᠮᠥᠷ ᠦ᠋ᠨ ᠠᠴᠢ ᠲᠤᠰᠠ ᠠᠨᠤ ᠶᠠᠮᠪᠠᠷ ᠪᠣᠢ ᠬᠡᠮᠡᠪᠡᠰᠦ ᠲᠡᠷᠡ ᠵᠢᠷᠭᠠᠯᠠᠩᠲᠤ ᠰᠤᠺᠠᠸᠠᠳᠢ ᠶ᠋ᠢᠨ ᠣᠷᠣᠨ ᠳ᠋ᠤᠷ ᠬᠦᠷᠦᠭᠰᠡᠨ ᠬᠥᠮᠦᠨ ᠲᠥᠷᠥᠬᠦᠢ᠂ ᠡᠪᠡᠳᠬᠦᠢ᠂ ᠦᠳᠡᠯᠭᠦᠢ᠂ ᠦᠬᠦᠬᠦᠢ ᠶᠠᠪᠤᠳᠠᠯ ᠦᠭᠡᠢ᠂ ᠥᠯᠥᠰᠬᠦᠢ ᠤᠮᠳᠠᠭᠠᠰᠬᠤᠢ ᠪᠠᠷ ᠦᠭᠡᠢ᠂ ᠨᠠᠷᠠ ᠰᠠᠷᠠᠨ ᠤ᠋  ᠭᠡᠷᠡᠯ᠎ ᠊ᠢ ᠦᠯᠦ ᠬᠡᠷᠡᠭᠯᠡᠨ ᠥᠪᠡᠷ ᠦ᠋ᠨ ᠭᠡᠷᠡᠯ ᠢ᠋ᠶ᠋ᠡᠷ ᠶᠠᠪᠤᠮᠤᠢ ᠃ ᠴᠤᠪᠤᠷᠠᠯᠲᠠ ᠢᠳᠡᠭᠡᠨ ᠦᠯᠦ ᠢᠳᠡᠨ᠂ ᠰᠠᠮᠠᠳᠢ ᠶ᠋ᠢᠨ ᠲᠢᠶᠠᠨ ᠤ᠋ ᠢᠳᠡᠭᠡᠨ ᠢ᠋ ᠢᠳᠡᠵᠦ ᠬᠣᠷᠢᠴᠠᠯᠳᠠᠬᠤᠢ ᠡᠳ᠋᠎ ᠊ᠢ ᠦᠯᠦ ᠬᠡᠷᠡᠭᠯᠡᠨ ᠲᠠᠪᠤᠨ ᠬᠦᠰᠡᠯ ᠦ᠋ᠨ ᠡᠳ᠋ ᠢ᠋ᠶ᠋ᠡᠷ ᠵᠢᠷᠭᠠᠮᠤᠢ᠃ ᠳᠣᠣᠷᠠᠲᠤ ᠭᠦᠯᠭᠡᠨ ᠢ᠋ ᠦᠯᠦ ᠬᠡᠷᠡᠭᠯᠡᠨ ᠳᠡᠭᠡᠳᠦ ᠠᠵᠢᠨᠠᠢ ᠶ᠋ᠢᠨ ᠮᠣᠷᠢᠨ ᠡᠷᠳᠡᠨᠢ ᠶ᠋ᠢ ᠬᠥᠯᠭᠡᠯᠡᠮᠦᠢ᠃ ᠶᠢᠷᠲᠢᠨᠴᠦ ᠶ᠋ᠢᠨ ᠬᠤᠷᠢᠮ ᠢ᠋ᠶ᠋ᠠᠷ ᠦᠯᠦ ᠬᠤᠷᠢᠮᠯᠠᠨ ᠨᠣᠮ ᠤ᠋ᠨ ᠴᠡᠩᠭᠡᠯᠳᠦᠬᠦᠢ ᠬᠤᠷᠢᠮ ᠢ᠋ᠶ᠋ᠠᠷ ᠬᠦᠷᠢᠶᠡᠯᠡᠨ ᠵᠢᠷᠭᠠᠮᠤᠢ᠃ ᠶᠢᠷᠲᠢᠨᠴᠦ ᠶ᠋ᠢᠨ ᠡᠷ᠎ᠡ ᠡᠮ᠎ᠡ ᠳ᠋ᠦ᠍ᠷ ᠦᠯᠦ ᠲᠠᠴᠢᠶᠠᠨ ᠪᠠᠭᠠᠲᠤᠳ ᠡᠬᠡ ᠷᠠᠭᠢᠨᠢᠰ ᠤ᠋ᠨ ᠪᠠᠶᠠᠰᠬᠤᠯᠠᠩ ᠢ᠋ᠶ᠋ᠠᠷ ᠴᠡᠩᠭᠡᠮᠦᠢ᠃ ᠶᠢᠷᠲᠢᠨᠴᠦ ᠶ᠋ᠢᠨ ᠨᠥᠬᠥᠷ ᠰᠡᠯᠲᠡ ᠯᠦ᠍ᠭᠡ ᠦᠯᠦ ᠬᠠᠨᠢᠯᠠᠨ ᠲᠣᠭᠠᠯᠠᠰᠢ ᠦᠭᠡᠢ ᠪᠣᠳᠢᠰᠠᠳ᠋ᠸ᠎ᠠ ᠯᠤᠭ᠎ᠠ ᠨᠥᠬᠥᠴᠡᠵᠦ᠂ ᠡᠪᠳᠡᠷᠡᠰᠢ ᠦᠭᠡᠢ ᠸᠴᠢᠷ ᠪᠡᠶ᠎ᠡ ᠶ᠋ᠢ ᠣᠯᠤᠭᠠᠳ ᠠᠳᠠᠯᠢᠳᠬᠠᠰᠢ ᠦᠭᠡᠢ ᠬᠦᠰᠡᠭᠳᠡᠬᠦ ᠮᠡᠲᠦ ᠵᠢᠷᠭᠠᠯ ᠢ᠋ᠶ᠋ᠠᠷ ᠵᠢᠷᠭᠠᠶᠤ᠃ ᠰᠤᠺᠠᠸᠠᠳᠢ ᠣᠷᠣᠨ ᠤ᠋ ᠠᠮᠢᠨᠳᠠᠸ᠎ᠠ ᠪᠤᠷᠬᠠᠨ ᠤ᠋ ᠳᠡᠷᠭᠡᠳᠡ ᠣᠳᠴᠤ᠂ ᠡᠳᠦᠷ ᠰᠥᠨᠢ ᠶ᠋ᠢᠨ ᠲᠤᠷᠰᠢ ᠨᠣᠮ ᠰᠣᠨᠣᠰᠤᠨ ᠰᠠᠭᠤᠮᠤᠢ᠃ ᠲᠡᠷᠡ ᠮᠡᠲᠦ ᠵᠢᠷᠭᠠᠯᠠᠩᠲᠤ ᠣᠷᠣᠨ ᠳ᠋ᠤᠷ ᠲᠦᠷᠦᠰᠦᠭᠡᠢ ᠬᠡᠮᠡᠪᠡᠰᠦ ᠲᠡᠨᠳᠡ ᠤᠳᠤᠷᠢᠳᠤᠭᠴᠢ ᠳᠡᠭᠡᠳᠦ ᠨᠣᠮ ᠠᠨᠤ ᠤᠸᠮ ᠮᠠ ᠨᠢ ᠪᠠᠳ ᠮᠧᠢ ᠾᠦᠩ ᠡᠨᠡ ᠵᠢᠷᠭᠤᠭᠠᠨ ᠦᠰᠦᠭ ᠪᠣᠯᠠᠢ᠃ ᠲᠡᠭᠦᠰ ᠬᠤᠪᠢᠳᠠᠨ ᠬᠢᠴᠢᠶᠡᠨ ᠤᠩᠰᠢᠲᠤᠭᠠᠢ᠃ ᠡᠨᠡ ᠮᠠᠨᠢ ᠶ᠋ᠢᠨ ᠥᠴᠦᠬᠡᠨ ᠬᠤᠷᠢᠶᠠᠩᠭᠤᠢ ᠶ᠋ᠢ ᠢᠨᠦ ᠨᠢᠭᠡᠨ ᠲᠡᠳᠦᠢᠬᠡᠨ ᠥᠭᠦᠯᠡᠪᠡᠢ᠃
ᠬᠦᠰᠡᠭᠰᠡᠨ ᠪᠦᠬᠦᠨ ᠰᠡᠳᠬᠢᠯᠴᠢᠯᠡᠨ ᠪᠦᠲᠦᠬᠦ ᠶ᠋ᠢᠨ ᠥᠯᠵᠡᠢ ᠬᠤᠲᠤᠭ ᠣᠷᠣᠰᠢᠬᠤ ᠪᠣᠯᠲᠤᠭᠠᠢ!
ᠠᠷᠢᠶᠠᠪᠠᠯᠤ ᠶ᠋ᠢᠨ ᠵᠢᠷᠦᠬᠡᠨ ᠲᠠᠷᠨᠢ ᠮᠠᠨᠢ ᠶ᠋ᠢᠨ ᠵᠢᠷᠭᠤᠭᠠᠨ ᠦᠰᠦᠭ ᠢ᠋ ᠲᠣᠭᠠᠯᠠᠬᠤ ᠳ᠋ᠠᠭᠠᠨ ᠤᠴᠢᠷ ᠶᠣᠰᠣ ᠶ᠋ᠢ ᠨᠢ ᠭᠦᠨ ᠨᠢᠭᠲᠠ ᠣᠢᠯᠠᠭᠠᠵᠤ ᠰᠡᠳᠬᠢᠯ ᠳ᠋ᠡᠭᠡᠨ ᠪᠠᠷᠢᠯᠳᠤᠭᠤᠯᠤᠨ ᠪᠢᠰᠢᠯᠭᠠᠨ ᠲᠣᠭᠠᠯᠠᠪᠠᠰᠤ ᠠᠴᠢ ᠲᠤᠰᠠ ᠨᠢ ᠮᠠᠰᠢ ᠶᠡᠬᠡ ᠶᠦᠮ᠃
ᠡᠨᠡ ᠬᠦ᠌ ᠮᠠᠨᠢ ᠶ᠋ᠢᠨ ᠵᠢᠷᠭᠤᠭᠠᠨ ᠦᠰᠦᠭ ᠢ᠋ ᠴᠢᠩ ᠰᠡᠳᠬᠢᠯ ᠡᠴᠡ ᠪᠡᠨ ᠤᠷᠢᠪᠠᠰᠤ ᠦᠭᠡᠢᠷᠡᠵᠦ ᠶᠠᠳᠠᠭᠤᠷᠠᠭᠰᠠᠳ ᠡᠳ᠋ ᠢᠳᠡᠭᠡᠨ ᠣᠯᠬᠤ᠂ ᠡᠪᠡᠳᠴᠦ ᠵᠣᠪᠠᠭᠰᠠᠳ ᠡᠷᠡᠭᠦᠯ ᠲᠡᠩᠬᠡᠯᠡᠭᠦᠨ ᠪᠣᠯᠬᠤ ᠪᠣᠯᠤᠨ᠎ᠠ᠃ ᠵᠢᠷᠭᠤᠭᠠᠨ ᠦᠰᠦᠭ ᠢ᠋ ᠨᠢᠭᠡ ᠪᠤᠶᠤ ᠳᠣᠯᠣᠭ᠎ᠠ ᠤᠷᠢᠪᠠᠰᠤ ᠪᠤᠮ ᠲᠣᠭᠠᠲᠠᠢ ᠵᠠᠭᠤ ᠮᠢᠩᠭᠠᠨ ᠭᠠᠯᠪᠠ ᠳ᠋ᠤᠷ ᠬᠤᠷᠢᠶᠠᠭᠰᠠᠨ ᠬᠢᠯᠢᠨᠴᠡᠲᠦ ᠲᠦᠢᠳᠬᠡᠷ ᠠᠷᠢᠯᠬᠤ ᠪᠣᠯᠠᠢ᠃ ᠵᠢᠷᠭᠤᠭᠠᠨ ᠦᠰᠦᠭ ᠢ᠋ ᠵᠠᠭᠤ ᠪᠤᠶᠤ ᠮᠢᠩᠭ᠎ᠠ ᠤᠷᠢᠪᠠᠰᠤ《 ᠭᠠᠨᠵᠤᠤᠷ》 ᠊ᠢ ᠨᠢᠭᠡ ᠤᠩᠰᠢᠭᠰᠠᠨ ᠯᠤᠭ᠎ᠠ ᠠᠳᠠᠯᠢ ᠪᠤᠶᠠᠨ ᠬᠤᠷᠢᠶᠠᠬᠤ ᠪᠣᠯᠠᠢ᠃ ᠵᠢᠷᠭᠤᠭᠠᠨ ᠦᠰᠦᠭ ᠢ᠋ ᠲᠦᠮᠡ ᠶ᠋ᠢᠨ ᠲᠣᠭ᠎ᠠ ᠪᠠᠷ ᠤᠷᠢᠪᠠᠰᠤ ᠭᠤᠷᠪᠠᠨ ᠮᠠᠭᠤ ᠵᠠᠶᠠᠭᠠᠨ ᠤ᠋ ᠲᠥᠷᠥᠯ ᠦ᠋ᠨ ᠡᠭᠦᠳᠡ ᠶ᠋ᠢ ᠲᠠᠰᠤᠯᠬᠤ ᠪᠣᠯᠠᠢ᠃ ᠵᠢᠷᠭᠤᠭᠠᠨ ᠦᠰᠦᠭ ᠢ᠋ ᠵᠢᠸ᠎ᠠ ᠲᠣᠭ᠎ᠠ ᠪᠠᠷ ᠤᠷᠢᠪᠠᠰᠤ ᠨᠣᠮ ᠤ᠋ᠨ ᠪᠡᠶ᠎ᠡ᠂ ᠲᠡᠭᠦᠰ ᠪᠡᠶ᠎ᠡ᠂ ᠬᠤᠪᠢᠯᠭᠠᠨ ᠪᠡᠶ᠎ᠡ᠂ ᠮᠥᠨ ᠴᠢᠨᠠᠷ ᠤ᠋ᠨ ᠪᠡᠶ᠎ᠡ᠂ ᠢᠯᠡᠳᠲᠡ ᠪᠣᠳᠢ ᠶ᠋ᠢᠨ ᠬᠤᠲᠤᠭ ᠤ᠋ᠨ ᠪᠡᠶ᠎ᠡ᠂ ᠪᠤᠷᠬᠠᠨ ᠤ᠋ ᠪᠡᠶ᠎ᠡ ᠶ᠋ᠢ ᠣᠯᠬᠤ ᠪᠣᠯᠠᠢ᠃ 
ᠤᠸᠮ ᠮᠠ ᠨᠢ ᠪᠠᠳ ᠮᠧᠢ ᠾᠦᠩ  
ᠤᠸᠮ ᠮᠠ ᠨᠢ ᠪᠠᠳ ᠮᠧᠢ ᠾᠦᠩ
ᠤᠸᠮ ᠮᠠ ᠨᠢ ᠪᠠᠳ ᠮᠧᠢ ᠾᠦᠩ
ᠤᠸᠮ ᠮᠠ ᠨᠢ ᠪᠠᠳ ᠮᠧᠢ ᠾᠦᠩ
ᠤᠸᠮ ᠮᠠ ᠨᠢ ᠪᠠᠳ ᠮᠧᠢ ᠾᠦᠩ
ᠤᠸᠮ ᠮᠠ ᠨᠢ ᠪᠠᠳ ᠮᠧᠢ ᠾᠦᠩ
ᠲᠤᠰ ᠵᠣᠬᠢᠶᠠᠯ ᠤ᠋ᠨ ᠡᠬᠡ ᠮᠠᠲ᠋ᠧᠷᠢᠶᠠᠯ《 ᠮᠣᠩᠭᠣᠯ ᠤ᠋ᠨ ᠪᠤᠷᠬᠠᠨ ᠤ᠋ ᠱᠠᠰᠢᠨ( ᠳᠡᠭᠡᠳᠦ ᠳᠡᠪᠲᠡᠷ) 》᠂ ᠪᠠᠶᠠᠨᠰᠠᠩ ᠨᠠᠢᠷᠠᠭᠤᠯᠪᠠ᠃ ᠥᠪᠥᠢ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2008 ᠣᠨ᠃

  ᠦᠰᠦᠭ ᠠᠮᠢᠯᠠᠭᠤᠯᠤᠭᠴᠢ᠄ ᠠᠯᠲᠠᠨᠨᠠᠪᠴᠢ
  ᠬᠢᠨᠠᠭᠴᠢ᠄ ᠣᠳᠬᠠᠨᠰᠣ᠎ᠠ