ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠ〕 Цаг төрийн үймээн – Д ᠂ Намдаг - Цаг төрийн үймээн ᠂ гуравдугаар бүлэг -10 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠ〕 Цаг төрийн үймээн – Д ᠂ Намдаг - Цаг төрийн үймээн ᠂ гуравдугаар бүлэг -10

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠ〕 Цаг төрийн үймээн – Д ᠂ Намдаг - Цаг төрийн үймээн ᠂ гуравдугаар бүлэг -10

ᠠᠩᠭᠢᠯᠠᠯ:ᠲᠤᠭᠤᠵᠢ ᠷᠣᠮᠠᠨ
2026-01-20

154

ᠬᠢᠯᠢ ᠶᠢᠨ ᠴᠠᠭᠠᠨ᠎ᠠ


                                   (ᠪᠠᠯᠳᠠᠨᠴᠢᠷᠢᠩ ᠤ᠋ᠨ ᠶᠠᠪᠤᠳᠠᠯ)     
       ᠮᠣᠩᠭᠣᠯ ᠤ᠋ᠨ ᠬᠣᠢᠲᠤ ᠬᠢᠯᠢ ᠳᠡᠭᠡᠷ᠎ᠡ ᠥᠪᠥᠷ ᠬᠢᠶᠠᠭᠲᠤ ᠲᠡᠭᠦᠨ ᠦ᠌ ᠴᠠᠭᠠᠨᠠᠬᠠᠨ ᠲᠠᠢ ᠣᠷᠣᠰ ᠤ᠋ᠨ ᠠᠷᠤ ᠬᠢᠶᠠᠭᠲᠤ ᠬᠣᠲᠠ ᠰᠠᠭᠠᠬᠠᠯᠲᠠ ᠮᠡᠲᠦ ᠬᠠᠷᠠᠯ ᠳ᠋ᠠᠭᠠᠨ ᠪᠠᠢᠳᠠᠭ ᠪᠢᠯᠡ᠃ ᠲᠡᠨᠳᠡ ᠠᠷᠪᠠᠭᠠᠢ ᠳᠡᠭᠡᠷ᠎ᠡ ᠴᠠᠭ ᠲᠤ ᠮᠣᠷᠢᠨ ᠤ᠋ ᠮᠠᠢᠮᠠᠢ ᠥᠰᠥᠷᠬᠡᠳᠡᠭ ᠨᠢᠭᠡ ᠬᠥᠮᠦᠨ ᠳ᠋ᠦ᠍ ᠬᠥᠲᠥᠯᠴᠢᠨ ᠢ᠋ᠶ᠋ᠡᠷ ᠣᠯᠠᠨ ᠤᠳᠠᠭ᠎ᠠ ᠢᠷᠡᠭᠰᠡᠨ ᠪᠥᠭᠡᠳ ᠣᠢᠷ᠎ᠠ ᠣᠷᠴᠢᠮ ᠤ᠋ᠨ ᠭᠠᠵᠠᠷ ᠢ᠋ ᠰᠠᠢᠨ ᠮᠡᠳᠡᠬᠦ ᠪᠣᠯᠤᠭᠰᠠᠨ ᠲᠤᠯᠠ ᠰᠥᠨᠢ ᠬᠢᠯᠢ ᠨᠡᠪᠲᠡᠷᠡᠵᠦ ᠥᠷᠯᠥᠭᠡ ᠵᠡᠭᠦᠨ ᠬᠣᠢᠨ᠎ᠠ ᠠ᠋ᠴᠠ ᠨᠢ ᠣᠷᠣᠵᠤ ᠢᠷᠡᠪᠡ᠃ ᠰᠠᠨᠠᠭᠰᠠᠨ ᠠ᠋ᠴᠠ ᠲᠡᠷᠡ ᠬᠣᠶᠠᠷ ᠵᠠᠮ ᠳ᠋ᠤ᠌ ᠥᠯᠵᠡᠢ ᠲᠡᠢ ᠰᠠᠢᠨ ᠶᠠᠪᠤᠵᠤ ᠤᠨᠤᠭ᠎ᠠ ᠮᠣᠷᠢᠳ ᠢ᠋ᠶ᠋ᠠᠨ ᠴᠤ᠌ ᠡᠴᠡᠭᠡᠵᠦ ᠵᠦᠳᠡᠷᠡᠭᠡᠯ ᠦᠭᠡᠢ᠂ ᠭᠠᠮᠢᠩ᠂ ᠪᠠᠷᠤᠨ ᠤ᠋ ᠬᠢᠨ ᠲᠡᠢ ᠴᠤ᠌ ᠳᠠᠭᠠᠷᠢᠯᠳᠤᠭᠰᠠᠨ ᠦᠭᠡᠢ᠃ 
       ᠪᠠᠯᠳᠠᠨᠴᠢᠷᠢᠩ ᠴᠤ᠌ ᠭᠤᠷᠪᠠᠨ ᠤᠯᠤᠰ ᠤ᠋ᠨ ᠬᠡᠯᠡᠯᠴᠡᠭᠡᠷ ᠢ᠋ᠶ᠋ᠡᠷ ᠡᠨᠳᠡ ᠢᠷᠡᠵᠦ ᠪᠠᠢᠭᠰᠠᠨ ᠤᠴᠢᠷ ᠤᠭ ᠬᠣᠲᠠ ᠶ᠋ᠢ ᠮᠥᠨ ᠰᠠᠢᠨ ᠮᠡᠳᠡᠨ᠎ᠡ᠃ ᠬᠠᠭᠤᠴᠢᠨ ᠲᠠᠨᠢᠯ ᠣᠷᠣᠨ ᠪᠠᠢᠰᠢᠩ᠂ ᠬᠠᠰᠢᠶ᠎ᠠ ᠭᠤᠳᠤᠮᠵᠢ ᠨᠢᠳᠦᠨ ᠳ᠋ᠦ᠍ ᠲᠣᠰᠴᠤ ᠥᠩᠭᠡᠷᠡᠭᠰᠡᠨ ᠶᠠᠪᠤᠳᠠᠯ ᠢ᠋ ᠰᠠᠨᠠᠭᠳᠠᠭᠤᠯᠤᠨ᠎ᠠ᠃ ᠡᠨᠳᠡ ᠨᠡᠮᠡᠭᠳᠡᠭᠰᠡᠨ ᠵᠦᠢᠯ ᠦᠭᠡᠢ᠂ ᠬᠠᠷᠢᠨ ᠪᠠᠢᠰᠢᠩ ᠤ᠋ᠳ ᠤ᠋ᠨ ᠰᠢᠪᠡᠷ ᠴᠣᠬᠣᠢ ᠬᠣᠯᠴᠣᠷᠠᠵᠤ ᠥᠩᠭᠡ ᠵᠢᠰᠦ ᠠᠯᠳᠠᠭᠳᠠᠵᠤ᠂ ᠬᠥᠮᠦᠨ ᠠᠮᠢᠲᠠᠨ ᠴᠠᠭ ᠦᠷᠭᠦᠯᠵᠢ ᠪᠠᠢᠭᠰᠠᠨ ᠬᠡᠳᠦ ᠬᠡᠳᠦᠨ ᠫᠦᠰᠡ ᠬᠠᠭᠠᠭᠳᠠᠭᠰᠠᠨ ᠪᠣᠯᠤᠯᠲᠠᠢ᠂ ᠡᠭᠦᠳᠡ ᠬᠠᠭᠠᠯᠭ᠎ᠠ ᠨᠢ ᠲᠦᠭᠵᠢᠭᠡᠰᠦᠲᠡᠢ᠃ ᠵᠠᠷᠢᠮ ᠤ᠋ᠨ ᠬᠢᠨᠢ ᠴᠣᠩᠬᠣᠨ ᠳ᠋ᠤ᠌ ᠪᠠᠩᠵᠠ ᠪᠠᠷᠢᠨ ᠬᠠᠳᠠᠵᠠᠢ᠃ ᠥᠷᠯᠥᠭᠡ ᠡᠴᠡ ᠠᠪᠤᠭᠠᠳ ᠦᠳᠡᠰᠢ ᠪᠣᠯᠲᠠᠯ᠎ᠠ ᠦᠷᠭᠦᠯᠵᠢᠯᠡᠨ ᠬᠦᠪᠦᠷᠡᠯᠳᠦᠳᠡᠭ ᠮᠣᠩᠭᠣᠯ ᠵᠢᠩᠴᠢᠳ ᠴᠦ᠍ ᠠᠯᠠᠭ᠎ᠠ᠃ ᠭᠤᠳᠤᠮᠵᠢ ᠪᠠᠷ ᠮᠢᠨᠵᠢ᠂ ᠬᠠᠯᠢᠭᠤ᠂ ᠪᠤᠯᠠᠭ᠎ᠠ ᠵᠠᠬ᠎ᠠ ᠲᠠᠢ ᠬᠦᠷᠮ᠎ᠡ ᠡᠮᠦᠰᠦᠭᠰᠡᠨ ᠲᠣᠷᠭᠠᠪ ᠬᠤᠳᠠᠯᠳᠤᠭᠠᠴᠢᠳ᠂ ᠭᠠᠢᠯᠢ ᠶ᠋ᠢᠨ ᠲᠦᠰᠢᠮᠡᠳ᠂ ᠬᠢᠯᠢ ᠬᠢᠵᠠᠭᠠᠷ ᠤ᠋ᠨ ᠨᠣᠶᠠᠳ ᠪᠠ ᠲᠡᠳᠡᠨ ᠦ᠌ ᠶᠠᠩᠵᠤ ᠮᠠᠶᠢᠭ ᠢ᠋ᠶ᠋ᠠᠷ ᠶᠠᠩᠭᠤᠴᠠ ᠰᠠᠨᠠᠭ᠎ᠠ ᠪᠣᠳᠣᠯ ᠢ᠋ᠶ᠋ᠠᠷ ᠢ᠋ᠶ᠋ᠠᠨ ᠳᠡᠭᠡᠷᠡᠩᠭᠦᠢ ᠬᠠᠲᠤᠳ᠂ ᠥᠬᠢᠳ ᠳᠠᠭᠠᠷᠢᠯᠳᠤᠳᠠᠭ ᠨᠢ ᠴᠦ᠍ ᠠᠯᠠᠭ᠎ᠠ ᠪᠣᠯᠵᠤ᠂ ᠳᠠᠩ ᠠᠵᠢᠯ ᠲᠥᠷᠥᠯ ᠦ᠋ᠨ ᠪᠣᠯᠪᠠ ᠤᠤ ᠭᠡᠯᠲᠡᠢ ᠬᠥᠮᠦᠰ᠂ ᠲᠠᠷᠢᠶ᠎ᠠ ᠪᠤᠳᠠᠭᠠᠨ ᠤ᠋ ᠪᠣᠯᠪᠠ ᠤᠤ ᠭᠡᠯᠲᠡᠢ ᠡᠷᠡᠦ ᠳᠦᠭᠦᠷᠡᠩ ᠪᠠᠪᠤᠭᠠᠷ ᠰᠠᠬᠠᠯ ᠲᠠᠢ᠂ ᠬᠤᠪᠴᠠᠰᠤ ᠬᠤᠨᠠᠷ ᠢ᠋ᠶ᠋ᠠᠷ ᠳᠣᠷᠣᠢ ᠪᠣᠯᠣᠳ ᠲᠣᠯᠣᠭᠠᠢ ᠶ᠋ᠢᠨ ᠦᠰᠦ ᠨᠢ ᠵᠥᠩᠳᠡᠭᠡᠨ ᠤᠷᠭᠤᠭᠰᠠᠨ ᠬᠥᠮᠦᠰ ᠰᠢᠷᠦᠭᠦᠨ ᠳᠣᠷᠢᠭᠤᠨ ᠳᠤᠤᠭᠠᠷᠤᠯᠴᠠᠬᠤ ᠶ᠋ᠢ ᠨᠢ ᠦᠵᠡᠬᠦ ᠳ᠋ᠦ᠍ ᠲᠡᠢᠨ᠂ ᠤᠳᠠᠭᠠᠨ ᠵᠢᠯ ᠦ᠋ᠨ ᠶᠠᠳᠠᠷᠠᠯ! ᠬᠠᠭᠤᠴᠢᠨ ᠬᠠᠭᠠᠨᠲᠤ ᠲᠥᠷᠥ ᠨᠢ ᠬᠠᠵᠠᠭᠤ ᠬᠠᠪᠢᠷᠭ᠎ᠠ ᠶ᠋ᠢᠨ ᠢ᠋ᠶ᠋ᠡᠨ ᠡᠵᠡᠷᠬᠡᠭ ᠲᠦᠷᠢᠮᠡᠬᠡᠢ ᠨᠠᠷ ᠲᠠᠢ ᠭᠠᠵᠠᠷ ᠳᠡᠯᠡᠬᠡᠢ ᠶ᠋ᠢ ᠪᠤᠯᠢᠶᠠᠯᠳᠤᠨ ᠲᠡᠮᠡᠴᠡᠯᠳᠦᠵᠦ᠂ ᠠᠷᠠᠳ ᠲᠦᠮᠡᠨ ᠳ᠋ᠡᠭᠡᠨ ᠬᠡᠴᠢᠨᠡᠭᠡᠨ ᠭᠠᠢ ᠭᠠᠮᠰᠢᠭ ᠤᠴᠠᠷᠠᠭᠤᠯᠤᠭᠰᠠᠨ ᠨᠢ ᠢᠯᠡᠷᠬᠡᠢ᠃ 
       ᠮᠠᠢᠮᠠᠢ ᠬᠤᠳᠠᠯᠳᠤᠭ᠎ᠠ ᠬᠢᠬᠦ ᠡᠴᠡ ᠣᠷᠣᠢ ᠳᠥᠷᠪᠡᠯᠵᠢᠨ ᠡᠷᠢᠶᠡᠨ ᠳᠠᠪᠤᠤ ᠪᠠᠷ ᠲᠣᠯᠣᠭᠠᠢ ᠪᠠᠨ ᠡᠷᠡᠦᠪᠴᠢᠯᠡᠨ ᠪᠣᠭᠣᠭᠰᠠᠨ ᠡᠭᠡᠳᠡᠩ ᠬᠠᠮᠠᠷ ᠲᠠᠢ ᠵᠠᠯᠠᠭᠤ ᠡᠬᠡᠨᠡᠷ ᠯᠧᠫᠤᠱᠺᠢ᠂ ᠯᠧᠫᠤᠱᠺᠢ ᠭᠣᠷᠶᠠᠴᠢ ᠯᠧᠫᠤᠱᠺᠢ ᠭᠡᠵᠦ ᠰᠢᠮᠳᠠᠭᠠᠢᠯᠠᠨ ᠬᠠᠰᠬᠢᠷᠤᠨ ᠶᠠᠪᠤᠨ᠎ᠠ᠃ 
       ᠪᠠᠯᠳᠠᠨᠴᠢᠷᠢᠩ ᠠᠷᠪᠠᠭᠠᠢ ᠬᠣᠶᠠᠷ ᠲᠡᠷᠡ ᠠᠪᠠᠭᠠᠢ ᠲᠠᠢ ᠳᠠᠭᠠᠷᠢᠯᠳᠤᠵᠤ᠂ ᠭᠠᠷ ᠤ᠋ᠨ ᠳᠣᠬᠢᠶ᠎ᠠ ᠪᠠᠷ ᠬᠠᠷᠢᠯᠴᠠᠨ ᠬᠠᠯᠠᠭᠤᠨ ᠪᠢᠩ ᠮᠠᠶᠢᠭ ᠤ᠋ᠨ ᠶᠠᠭᠤᠮ᠎ᠠ ᠶ᠋ᠢ ᠬᠡᠳᠦ ᠶ᠋ᠢ ᠠᠪᠤᠪᠠ᠃ ᠭᠤᠯᠢᠷ ᠤ᠋ᠨ ᠥᠩᠭᠡ ᠬᠠᠷ᠎ᠠ᠂ ᠠᠮᠲᠠ ᠭᠠᠰᠢᠭᠤᠨ᠂ ᠠᠩᠬ᠎ᠠ ᠢᠳᠡᠵᠦ ᠪᠠᠢᠭ᠎ᠠ ᠬᠥᠮᠦᠨ ᠦ᠌ ᠬᠣᠭᠣᠯᠠᠢ ᠠᠷᠭᠠᠨ᠎ᠠ᠃ ᠣᠷᠣᠰ ᠡᠬᠡᠨᠡᠷ ᠠᠷᠪᠠᠭᠠᠢ ᠶ᠋ᠢᠨ ᠫᠤᠤ ᠶ᠋ᠢ ᠵᠢᠭᠠᠨ ᠣᠯᠠᠨ ᠢ᠋ ᠥᠭᠦᠯᠡᠨ᠎ᠡ᠃ ᠲᠡᠷᠡ ᠨᠢ ᠬᠡᠯᠡ ᠮᠡᠳᠡᠬᠦ ᠦᠭᠡᠢ ᠬᠥᠮᠦᠨ ᠳ᠋ᠦ᠍ ᠤᠴᠢᠷ ᠨᠠᠴᠢᠷ ᠱᠠᠭᠰᠢᠨ ᠱᠣᠭᠰᠢᠷᠠᠬᠤ ᠰᠢᠭ᠋᠂ ᠲᠡᠭᠦᠨ ᠳ᠋ᠦ᠍ᠨᠢ ᠰᠦᠬᠡᠪᠠᠭᠠᠲᠤᠷ ᠤ᠋ᠨ ᠨᠡᠷ᠎ᠡ ᠬᠣᠶᠠᠷ ᠳᠠᠬᠢᠨ ᠰᠣᠨᠣᠰᠳᠠᠬᠤ ᠨᠢ ᠥᠪᠡᠷ ᠦ᠋ᠨ ᠡᠷᠬᠡ ᠦᠭᠡᠢ ᠰᠣᠴᠢᠭᠠᠨ᠎ᠠ᠃ ᠬᠠᠷᠢᠭᠤ ᠳ᠋ᠤᠨᠢ ᠪᠠᠯᠳᠠᠨᠴᠢᠷᠢᠩ ᠮᠢᠩᠭᠠᠨ ᠦᠭᠡᠨ ᠦ᠌ ᠲᠣᠪᠴᠢ ᠲᠠᠭᠯᠠᠭ᠎ᠠ ᠪᠣᠯᠬᠤ《ᠮᠡᠳᠡᠬᠦ ᠦᠭᠡᠢ》 ᠭᠡᠳᠡᠭ ᠦᠭᠡ ᠶ᠋ᠢ ᠥᠭᠦᠯᠡᠨ ᠲᠣᠯᠣᠭᠠᠢ ᠰᠡᠭᠰᠦᠷᠪᠡ᠃ ᠣᠷᠣᠰ ᠡᠬᠡᠨᠡᠷ ᠴᠠᠭᠠᠰᠢ ᠨᠢ ᠤᠯᠠᠮ ᠢ᠋ᠶ᠋ᠠᠷ ᠰᠢᠮᠳᠠᠭᠠᠢᠯᠠᠨ ᠪᠠᠰᠠ ᠯᠠ ᠪᠠᠬᠠᠨ ᠦᠭᠡ ᠥᠭᠦᠯᠡᠪᠡ᠃ ᠲᠡᠭᠦᠨ ᠳ᠋ᠦ᠍ᠨᠢ《ᠯᠧᠨᠢᠨ》 ᠭᠡᠳᠡᠭ ᠦᠭᠡ ᠣᠷᠣᠬᠤ ᠨᠢ ᠪᠠᠯᠳᠠᠨᠴᠢᠷᠢᠩ ᠤ᠋ᠨ ᠰᠡᠳᠬᠢᠯ ᠢ᠋ ᠲᠠᠢᠪᠤᠰᠢᠷᠠᠭᠤᠯᠤᠨ ᠪᠠᠶᠠᠰᠬᠠᠨ᠎ᠠ᠃ 
       ᠡᠨᠳᠡ ᠭᠠᠮᠢᠩ ᠤ᠋ᠨ ᠨᠣᠶᠠᠳ ᠠ᠋ᠴᠠ ᠮᠥᠨ ᠯᠡ ᠶᠠᠪᠤᠳᠠᠭ ᠪᠠᠢᠵᠠᠢ᠃ ᠳᠡᠭᠡᠳᠦ ᠲᠤᠰᠢᠶᠠᠯ ᠤ᠋ᠨ ᠳᠠᠷᠤᠭ᠎ᠠ ᠨᠠᠷ ᠤ᠋ᠨ ᠨᠢᠭᠡ ᠨᠢ ᠶᠠᠭ ᠴᠤ᠌ ᠦᠭᠡᠢ ᠪᠠᠶᠠᠷ ᠶᠣᠰᠣᠯᠠᠯ ᠤ᠋ᠨ ᠬᠤᠪᠴᠠᠰᠤ ᠲᠠᠢ ᠠᠷᠤ ᠳ᠋ᠠᠭᠠᠨ ᠬᠣᠶᠠᠷ ᠬᠥᠮᠦᠨ ᠳᠠᠭᠠᠭᠤᠯᠤᠨ ᠶᠠᠪᠤᠨ᠎ᠠ᠃ ᠬᠠᠵᠠᠭᠤ ᠪᠠᠷ ᠥᠩᠭᠡᠷᠡᠬᠦ ᠳ᠋ᠡᠭᠡᠨ ᠨᠢᠳᠦᠨ ᠦ᠌ ᠪᠡᠨ ᠪᠤᠯᠤᠩ ᠢ᠋ᠶ᠋ᠠᠷ ᠵᠢᠪᠡᠭᠦᠦ ᠲᠡᠢ ᠨᠢ ᠠᠷᠭ᠎ᠠ ᠦᠭᠡᠢ ᠠᠵᠢᠭᠯᠠᠪᠠ᠃ ᠬᠠᠷᠢᠭᠤ ᠳ᠋ᠤᠨᠢ ᠰᠠᠮ ᠲᠣᠬᠢᠯᠴᠠᠨ ᠬᠦᠢᠲᠡᠨ ᠬᠠᠷᠠᠴᠠ ᠲᠠᠯᠪᠢᠭᠰᠠᠨ ᠶᠠᠪᠤᠳᠠᠯ ᠴᠤ᠌ ᠲᠡᠭᠦᠨ ᠳ᠋ᠦ᠍ ᠠᠶᠠᠲᠠᠢ ᠪᠠᠢᠭ᠎ᠠ ᠦᠭᠡᠢ ᠨᠢ ᠮᠠᠭᠠᠳ᠃《ᠬᠠᠮᠤᠭ ᠭᠠᠢ ᠢᠨᠠᠳᠤ ᠫᠤᠤ ᠠ᠋ᠴᠠ ᠴᠢᠨᠢ ᠪᠣᠯᠵᠤ ᠮᠠᠭᠠᠳ ᠦᠭᠡᠢ ᠶᠦᠮ ᠰᠢᠦ》 ᠭᠡᠵᠦ ᠪᠠᠯᠳᠠᠨᠴᠢᠷᠢᠩ ᠰᠢᠪᠡᠨᠡᠨ ᠥᠭᠦᠯᠡᠵᠦ ᠪᠠᠢᠲᠠᠯ᠎ᠠ ᠨᠢᠭᠡ ᠪᠤᠷᠢᠶᠠᠳ ᠬᠠᠮᠢᠭ᠎ᠠ ᠠ᠋ᠴᠠ ᠶᠠᠮᠠᠷ ᠬᠡᠷᠡᠭ ᠢ᠋ᠶ᠋ᠡᠷ ᠶᠠᠪᠤᠭ᠎ᠠ ᠶ᠋ᠢ ᠰᠢᠯᠭᠠᠬᠤ ᠨᠢ ᠮᠥᠨ ᠯᠡ ᠰᠡᠵᠢᠭᠯᠡᠯᠲᠡᠢ᠃ ᠬᠠᠷᠢᠭᠤ ᠳ᠋ᠤᠨᠢ ᠪᠠᠯᠳᠠᠨᠴᠢᠷᠢᠩ ᠣᠷᠣᠨ ᠨᠤᠲᠤᠭ ᠢ᠋ᠶ᠋ᠠᠨ ᠡᠨᠡᠬᠡᠨ ᠤᠷᠢᠳ ᠭᠡᠳ ᠲᠡᠮᠦᠷ ᠲᠡᠷᠭᠡ ᠬᠤᠳᠠᠯᠳᠤᠨ ᠠᠪᠬᠤ ᠪᠠᠷ ᠢᠷᠡᠪᠡ ᠭᠡᠬᠦ ᠳ᠋ᠦ᠍ ᠪᠤᠷᠢᠶᠠᠳ ᠲᠡᠮᠦᠷ ᠲᠡᠷᠭᠡ ᠮᠠᠨ ᠤ᠋ ᠳ᠋ᠤ᠌ ᠪᠣᠢ᠂ ᠲᠡᠭᠦᠨ ᠡᠴᠡ ᠦᠵᠡᠵᠦ ᠪᠠᠢᠭᠠᠳ ᠠᠪ ᠭᠡᠵᠦ ᠱᠠᠭᠠᠷᠳᠠᠨ ᠳᠠᠭᠠᠭᠤᠯᠤᠨ ᠶᠠᠪᠤᠪᠠ᠃ ᠲᠡᠳᠡ ᠲᠡᠮᠦᠷ ᠲᠡᠷᠭᠡ ᠪᠠᠢᠲᠤᠭᠠᠢ ᠮᠣᠳᠣᠨ ᠲᠡᠷᠭᠡ ᠴᠦ᠍ ᠬᠠᠰᠢᠶᠠᠨ ᠳ᠋ᠤ᠌ ᠢᠷᠡᠵᠦ ᠪᠠᠢᠰᠢᠩ ᠳ᠋ᠤ᠌ ᠣᠷᠣᠪᠠ᠃ ᠪᠢᠴᠢᠬᠠᠨ ᠬᠣᠩᠭᠢᠯ ᠳ᠋ᠤ᠌᠄  
       — ᠲᠠ ᠫᠤᠤ ᠪᠠᠨ ᠡᠨᠳᠡ ᠳᠡᠯᠪᠢ! ᠭᠡᠳ ᠠᠷᠪᠠᠭᠠᠢ ᠶ᠋ᠢᠨ ᠫᠤᠤ ᠶ᠋ᠢ ᠪᠠᠷᠤᠭ ᠪᠤᠯᠢᠶᠠᠬᠤ ᠰᠢᠬᠠᠮ ᠠᠪᠬᠤ ᠨᠢ ᠪᠦᠷ ᠴᠦ᠍ ᠰᠡᠵᠢᠭᠯᠡᠯᠲᠡᠢ ᠪᠣᠯᠵᠤ ᠢᠷᠡᠪᠡ᠃《ᠡᠰᠢ ᠪᠡᠨ ᠣᠷᠣ》 ᠭᠡᠳ ᠲᠠᠰᠤᠯᠭᠠᠨ ᠳ᠋ᠤ᠌ ᠣᠷᠣᠭᠤᠯᠤᠨ ᠰᠠᠨᠳᠠᠯᠢ ᠲᠠᠯᠪᠢᠨ ᠥᠭᠴᠦ ᠰᠠᠭᠤᠯᠭᠠᠭᠠᠳ ᠡᠵᠡᠨ ᠢ᠋ ᠠᠪᠴᠢᠷᠠᠵᠤ ᠠᠭᠤᠯᠵᠠᠭᠤᠯᠤᠨ᠎ᠠ ᠭᠡᠳ ᠭᠠᠷᠪᠠ᠃ ᠭᠠᠮᠢᠩ ᠤ᠋ᠳ ᠡᠨᠳᠡ ᠴᠢᠯᠥᠭᠡ ᠲᠡᠢ ᠶᠠᠪᠤᠵᠤ ᠪᠠᠢᠭ᠎ᠠ ᠪᠣᠯᠬᠣᠷ ᠬᠠᠨᠢ ᠬᠠᠮᠰᠠᠭᠠᠲᠠᠨ ᠨᠢ ᠮᠥᠨ ᠴᠢᠯᠥᠭᠡ ᠲᠡᠢ ᠪᠠᠢᠵᠤ ᠪᠣᠯᠬᠤ ᠶᠤᠮ ᠭᠡᠵᠦ ᠨᠥᠭᠦᠭᠡ ᠬᠣᠶᠠᠷ ᠤ᠋ᠨ ᠰᠡᠳᠬᠢᠯ ᠳ᠋ᠦ᠍ ᠪᠠᠭᠤᠯ᠎ᠠ᠃ ᠪᠢᠴᠢᠬᠠᠨ ᠬᠣᠩᠭᠢᠯ ᠳ᠋ᠤ᠌ ᠬᠥᠮᠦᠰ ᠦ᠋ᠨ ᠬᠥᠯ ᠦ᠋ᠨ ᠴᠢᠮᠡᠭᠡ ᠭᠠᠷᠬᠤ ᠳ᠋ᠤ᠌ ᠠᠷᠪᠠᠭᠠᠢ ᠬᠠᠭᠠᠯᠭ᠎ᠠ ᠶ᠋ᠢᠨ ᠵᠠᠪᠰᠠᠷ ᠢ᠋ᠶ᠋ᠠᠷ ᠱᠠᠭᠠᠢᠨ ᠫᠤᠤ ᠲᠠᠢ ᠬᠥᠮᠦᠰ ᠥᠭᠡᠷ᠎ᠡ ᠲᠠᠰᠤᠯᠭᠠᠨ ᠳ᠋ᠤ᠌ ᠣᠷᠣᠬᠤ ᠶ᠋ᠢ ᠣᠯᠵᠤ ᠬᠠᠷᠠᠨ ᠡᠷᠭᠢᠪᠡ᠃ ᠪᠠᠯᠳᠠᠨᠴᠢᠷᠢᠩ ᠵᠣᠷᠢᠭ ᠰᠢᠢᠳᠴᠦ ᠡᠪᠦᠷ ᠡᠴᠡ ᠪᠡᠨ ᠫᠤᠤ ᠪᠠᠨ ᠭᠠᠷᠭᠠᠵᠤ ᠬᠤᠢ ᠠ᠋ᠴᠠ ᠨᠢ ᠰᠠᠯᠭᠠᠨ ᠪᠤᠴᠠᠭᠠᠨ ᠡᠪᠦᠷᠯᠡᠪᠡ᠃ ᠫᠠᠯᠢᠮ᠎ᠠ ᠶ᠋ᠢᠨ ᠥᠭᠭᠦᠭᠰᠡᠨ ᠵᠠᠬᠢᠳᠠᠯ ᠮᠡᠳᠡᠭᠡ ᠰᠡᠯᠲᠡ ᠶ᠋ᠢ ᠭᠤᠲᠤᠯ ᠲᠠᠢᠯᠤᠨ ᠣᠯᠠᠨ ᠳ᠋ᠤᠨᠢ ᠬᠢᠪᠡ᠃ ᠠᠷᠪᠠᠭᠠᠢ ᠠᠷᠤ ᠳ᠋ᠠᠭᠠᠨ ᠬᠠᠪᠴᠢᠭᠤᠯᠤᠭᠰᠠᠨ ᠬᠢᠲᠤᠭ᠎ᠠ ᠪᠠᠨ ᠤᠷᠢᠳ ᠢ᠋ᠶ᠋ᠠᠨ ᠠᠪᠴᠢᠷᠠᠨ ᠰᠤᠭᠤᠯᠬᠤ ᠳ᠋ᠤ᠌ ᠪᠡᠯᠡᠨ ᠪᠣᠯᠭᠠᠵᠠᠢ᠃ ᠢᠩᠭᠢᠭᠰᠡᠨ ᠢ᠋ᠶ᠋ᠡᠷ ᠲᠡᠷᠡ ᠬᠣᠶᠠᠷ ᠭᠠᠳᠠᠭᠠᠳᠤ ᠪᠠᠢᠳᠠᠯ ᠲᠥᠪ ᠨᠣᠮᠣᠬᠠᠨ ᠳᠣᠲᠣᠭᠠᠳᠤ ᠰᠡᠳᠬᠢᠯ ᠮᠠᠰᠢ ᠲᠦᠭᠰᠢᠨ ᠰᠠᠭᠤᠯ᠎ᠠ᠃ 
       ᠬᠥᠮᠦᠰ ᠦ᠋ᠨ ᠬᠥᠯ ᠦ᠋ᠨ ᠴᠢᠮᠡᠭᠡ ᠳᠠᠬᠢᠨ ᠭᠠᠷᠴᠤ ᠬᠠᠭᠠᠯᠭ᠎ᠠ ᠶ᠋ᠢᠨ ᠪᠠᠷᠢᠭᠤᠯ ᠡᠷᠭᠢᠯᠳᠦᠨ ᠬᠥᠳᠡᠯᠬᠦ ᠳ᠋ᠦ᠍ ᠨᠥᠭᠦᠭᠡ ᠬᠣᠶᠠᠷ ᠶᠠᠭᠠᠬᠢᠬᠤ ᠠ᠋ᠴᠠ ᠪᠠᠨ ᠴᠤ᠌ ᠪᠤᠴᠠᠬᠤ ᠦᠭᠡᠢ ᠪᠣᠯᠤᠨ ᠰᠢᠷᠲᠡᠪᠡ᠃ ᠲᠦᠷᠦᠭᠦᠴᠢ ᠶ᠋ᠢᠨ ᠪᠤᠷᠢᠶᠠᠳ ᠣᠷᠣᠵᠤ ᠢᠷᠡᠯ᠎ᠡ᠃ ᠠᠷᠤ ᠠ᠋ᠴᠠ ᠨᠢ ᠰᠦᠬᠡᠪᠠᠭᠠᠲᠤᠷ ᠳᠠᠭᠠᠵᠤ ᠶᠠᠪᠤᠨ᠎ᠠ᠃ ᠡᠨᠡ ᠪᠣᠯ ᠪᠠᠶᠠᠷ! ᠰᠦᠬᠡᠪᠠᠭᠠᠲᠤᠷ ᠤ᠋ᠨ ᠭᠤᠸᠠᠯᠢᠭ ᠪᠡᠶ᠎ᠡ ᠶᠡᠷᠦ ᠪᠤᠰᠤ ᠰᠢᠭ᠋ ᠨᠢᠳᠦᠨ ᠳ᠋ᠦ᠍ ᠲᠣᠰᠣᠨ᠂ ᠬᠡᠭᠡᠨᠴᠢᠷ ᠬᠦᠷᠡᠩ ᠴᠢᠷᠠᠢ ᠬᠦᠷᠡᠯ ᠦ᠋ᠨ ᠴᠢᠳᠬᠤᠮᠠᠯ ᠰᠢᠭ᠋ ᠰᠠᠨᠠᠭᠳᠠᠨ᠎ᠠ᠃ 
       — ᠦᠭᠡᠢ᠂ ᠡᠨᠡ ᠴᠢᠨᠢ ᠲᠠ ᠪᠠᠢᠭᠰᠠᠨ ᠶᠤᠮ ᠤᠤ?  
       — ᠲᠡᠢᠮᠦ ᠪᠣᠢ! 
       — ᠬᠠᠮᠢᠭ᠎ᠠ ᠠ᠋ᠴᠠ ᠬᠠᠮᠢᠭᠠᠰᠢ ᠪᠠᠨ ᠶᠠᠪᠤᠵᠤ ᠪᠠᠢᠭ᠎ᠠ ᠨᠢ ᠡᠨᠡ ᠪᠣᠢ? 
       — ᠬᠦᠷᠢᠶᠡᠨ ᠡᠴᠡ ᠨᠠᠭᠠᠰᠢ ᠪᠠᠨ!  
       — ᠶᠠᠭᠤᠨ ᠲᠤᠬᠠᠢ?  
       — ᠴᠢᠮ᠎ᠠ ᠲᠠᠢ ᠨᠡᠢᠯᠡᠬᠦ ᠪᠡᠷ᠃  
       ᠢᠨᠢᠶᠡᠬᠦ ᠪᠠᠶᠠᠷᠯᠠᠬᠤ ᠬᠣᠶᠠᠷ ᠡᠨᠳᠡ ᠡᠴᠡ ᠡᠬᠢᠯᠡᠯ᠎ᠡ᠃ 
       — ᠦᠭᠡᠢ ᠶᠡᠷᠦ᠂ ᠢᠩᠭᠢᠬᠦ ᠳ᠋ᠦ᠍ ᠲᠠᠨ ᠤ᠋ ᠥᠨᠥᠬᠢ ᠳᠣᠲᠣᠷ ᠤ᠋ᠨ ᠡᠪᠡᠳᠴᠢᠨ ᠠᠱ᠌ᠢᠭᠦᠢ ᠵᠦᠭᠡᠷ ᠪᠣᠯᠤᠭᠰᠠᠨ ᠤᠤ? 
       — ᠪᠠᠭᠠᠲᠤᠷ ᠮᠢᠨᠢ ᠲᠡᠷᠡ ᠴᠢᠨᠢ ᠵᠢᠩᠬᠢᠨᠢ ᠡᠪᠡᠳᠴᠢᠨ ᠪᠢᠰᠢ᠂ ᠲᠥᠭᠡᠷᠢᠭᠳᠡᠯ ᠦ᠋ᠨ ᠡᠪᠡᠳᠴᠢᠨ᠃ 
       ᠳᠠᠬᠢᠨ ᠪᠠᠶᠠᠷ᠂ ᠳᠠᠬᠢᠨ ᠢᠨᠢᠶᠡᠳᠦᠮ᠃ 
       — ᠬᠦᠷᠢᠶ᠎ᠡ ᠵᠦᠭ ᠦ᠋ᠨ ᠰᠣᠨᠢᠨ ᠶᠠᠭᠤ ᠪᠣᠢ? ᠭᠡᠬᠦ ᠳ᠋ᠦ᠍᠄ 
       ᠪᠠᠯᠳᠠᠨᠴᠢᠷᠢᠩ ᠣᠳᠣ ᠭᠤᠲᠤᠯ ᠲᠠᠢᠯᠬᠤ ᠬᠡᠷᠡᠭᠲᠡᠢ ᠪᠣᠯᠪᠠ᠃ ᠲᠡᠷᠡ ᠵᠠᠭᠤᠷ᠎ᠠ ᠰᠠᠶᠢ ᠪᠠᠢᠰᠢᠩ ᠳ᠋ᠤ᠌ ᠥᠪᠡᠷ ᠦ᠋ᠨ ᠡᠷᠬᠡ ᠦᠭᠡᠢ ᠬᠥᠲᠥᠯᠦᠭᠳᠡᠨ ᠣᠷᠣᠵᠤ ᠢᠷᠡᠬᠦ ᠳ᠋ᠡᠭᠡᠨ ᠡᠯᠳᠡᠪ ᠢ᠋ ᠰᠠᠨᠠᠨ ᠰᠠᠨᠳᠤᠷᠤᠭᠰᠠᠨ ᠢ᠋ᠶ᠋ᠠᠨ ᠶᠠᠷᠢᠪᠠ᠃ ᠰᠦᠬᠡᠪᠠᠭᠠᠲᠤᠷ ᠲᠡᠷᠡ ᠬᠣᠶᠠᠷ ᠢ᠋ ᠲᠦᠷᠦᠭᠦᠨ ᠭᠤᠳᠤᠮᠵᠢ ᠤᠷᠤᠭᠤᠳᠠᠨ ᠶᠠᠪᠤᠬᠤ ᠶ᠋ᠢ ᠪᠠᠩᠵᠠ ᠬᠠᠲᠠᠭᠠᠨ ᠴᠣᠩᠬᠣᠨ ᠤ᠋ ᠵᠠᠪᠰᠠᠷ ᠢ᠋ᠶ᠋ᠠᠷ ᠣᠯᠵᠤ ᠬᠠᠷᠠᠨ ᠪᠤᠷᠢᠶᠠᠳ ᠨᠥᠬᠥᠷ ᠢ᠋ ᠶᠠᠪᠤᠭᠤᠯᠤᠭᠰᠠᠨ ᠶᠤᠮ ᠰᠠᠨᠵᠢ᠃ 
       ᠫᠠᠯᠢᠮ᠎ᠠ ᠶ᠋ᠢᠨ ᠶᠠᠪᠤᠭᠤᠯᠤᠭᠰᠠᠨ ᠮᠡᠳᠡᠭᠡ ᠰᠡᠯᠲᠡ ᠶ᠋ᠢ ᠭᠠᠷᠭᠠᠭᠤᠯᠤᠨ ᠥᠭᠬᠦ ᠳ᠋ᠦ᠍ ᠰᠦᠬᠡᠪᠠᠭᠠᠲᠤᠷ ᠦᠵᠡᠭᠡᠳ ᠪᠤᠰᠤᠳ ᠨᠥᠬᠥᠳ ᠲᠡᠭᠡᠨ ᠮᠡᠳᠡᠭᠳᠡᠬᠦ ᠪᠣᠯᠪᠠ᠃ ᠨᠢᠭᠡᠳᠦᠭᠡᠷ ᠲᠦ᠍ ᠥᠨᠳᠥᠷᠬᠡᠨ ᠪᠡᠶ᠎ᠡ ᠲᠡᠢ ᠨᠢᠮᠭᠡᠨ ᠴᠠᠭᠠᠨ ᠴᠢᠷᠠᠢ ᠲᠠᠢ ᠬᠠᠷ᠎ᠠ ᠬᠥᠮᠦᠨ ᠦ᠌ ᠬᠤᠪᠴᠠᠰᠤ ᠲᠠᠢ ᠪᠣᠯᠪᠠᠴᠤ ᠮᠤᠬᠤᠷ ᠲᠣᠯᠣᠭᠠᠢ ᠲᠠᠢ ᠰᠦᠷᠡᠬᠡᠢ ᠰᠡᠷᠭᠦᠯᠡᠩ ᠪᠠᠢᠷᠢ ᠶ᠋ᠢᠨ ᠠᠬᠢᠮᠠᠭ ᠨᠠᠰᠤᠲᠠᠢ ᠬᠥᠮᠦᠨ ᠣᠷᠣᠵᠤ ᠢᠷᠡᠪᠡ᠃ ᠡᠨᠡ ᠬᠡᠨ ᠪᠣᠢ? ᠪᠤᠳᠤᠤ᠃ ᠪᠠᠯᠳᠠᠨᠴᠢᠷᠢᠩ ᠬᠠᠭᠤᠴᠢᠨ ᠵᠢᠰᠦ ᠲᠠᠨᠢᠨ᠎ᠠ᠃ ᠬᠣᠢᠨ᠎ᠠ ᠠ᠋ᠴᠠ ᠨᠢ ᠳᠤᠮᠳᠠ ᠵᠡᠷᠭᠡ ᠶ᠋ᠢᠨ ᠨᠢᠷᠤᠭᠤ ᠲᠠᠢ ᠤᠶᠠᠨ ᠬᠠᠳᠠᠨ ᠬᠥᠳᠡᠯᠭᠡᠭᠡᠨ ᠲᠡᠢ ᠪᠠᠯᠳᠠᠨᠴᠢᠷᠢᠩ ᠤ᠋ᠨ ᠬᠠᠭᠤᠴᠢᠨ ᠰᠠᠢᠨ ᠲᠠᠨᠢᠯ ᠱᠠᠭᠳᠠᠷᠵᠠᠪ ᠣᠷᠣᠵᠤ ᠢᠷᠡᠪᠡ᠃ ᠭᠤᠷᠪᠠᠳᠤᠭᠠᠷ ᠲᠤ᠂ ᠤᠷᠢᠳ ᠡᠮᠦᠨ᠎ᠡ ᠨᠡᠷ᠎ᠡ ᠶ᠋ᠢ ᠨᠢ ᠲᠣᠭᠣᠯᠤᠭ᠎ᠠ ᠴᠤ᠌ ᠦᠭᠡᠢ ᠨᠠᠮᠬᠠᠨ ᠪᠡᠶ᠎ᠡ ᠲᠡᠢ ᠥᠷᠭᠡᠨ ᠴᠡᠭᠡᠵᠢ ᠲᠡᠢ ᠬᠥᠳᠡᠭᠡ ᠮᠠᠶᠢᠭ ᠤ᠋ᠨ ᠬᠠᠷ᠎ᠠ ᠬᠥᠮᠦᠨ ᠣᠷᠣᠵᠤ ᠢᠷᠡᠪᠡ᠃ ᠲᠡᠭᠦᠨ ᠦ᠌ ᠨᠡᠷ᠎ᠡ ᠨᠢ ᠳ᠋ᠠᠨᠽᠠᠨ᠃ ᠳᠥᠷᠪᠡᠳᠦᠭᠡᠷ ᠲᠦ᠍᠂ ᠴᠡᠪᠡᠷᠬᠡᠨ ᠴᠠᠭᠠᠨ ᠴᠢᠷᠠᠢ ᠲᠠᠢ ᠵᠠᠯᠠᠭᠤ ᠯᠠᠮᠠ ᠯᠣᠰᠣᠯ ᠣᠷᠣᠵᠤ ᠢᠷᠡᠪᠡ᠃ ᠡᠳᠡ ᠪᠦᠬᠦᠨ ᠲᠡᠢ ᠪᠠᠯᠳᠠᠨᠴᠢᠷᠢᠩ ᠠᠮᠤᠷ ᠮᠡᠨᠳᠦ ᠮᠡᠳᠡᠨ ᠶᠠᠷᠢᠯᠴᠠᠬᠤ ᠳᠡᠯᠢᠮ ᠳ᠋ᠦ᠍᠂ ᠪᠢ ᠲᠠ ᠪᠦᠬᠦᠨ ᠢ᠋ ᠳᠣᠯᠣᠭᠤᠯᠠ ᠭᠡᠵᠦ ᠰᠣᠨᠣᠰᠤᠭᠰᠠᠨ᠂ ᠪᠤᠰᠤᠳ ᠨᠥᠬᠥᠳ ᠴᠢᠨᠢ ᠶᠠᠭᠠᠬᠢᠭᠰᠠᠨ ᠪᠣᠢ? ᠭᠡᠵᠦ ᠠᠰᠠᠭᠤᠬᠤ ᠳ᠋ᠤ᠌᠄ 
       ᠰᠦᠬᠡᠪᠠᠭᠠᠲᠤᠷ ᠲᠡᠢᠮᠦ ᠠ᠋᠂ ᠳᠣᠯᠣᠭᠤᠯᠠ᠂ ᠴᠣᠢᠪᠠᠯᠰᠠᠩ᠂ ᠲᠣᠭᠰᠣᠮ ᠬᠣᠶᠠᠷ ᠡᠷᠳᠡᠨᠢ ᠸᠠᠩ ᠤ᠋ᠨ ᠬᠡᠢᠳ ᠣᠷᠣᠵᠤ ᠪᠢᠯᠢᠭ᠌᠌ᠰᠠᠢᠬᠠᠨ ᠬᠦᠩ ᠲᠡᠢ ᠠᠭᠤᠯᠵᠠᠬᠤ᠂ ᠴᠡᠷᠢᠭ ᠡᠷ᠎ᠡ ᠴᠤᠭᠯᠠᠷᠠᠭᠤᠯᠬᠤ ᠠᠵᠢᠯ ᠢ᠋ᠶ᠋ᠠᠷ ᠶᠠᠪᠤᠭᠰᠠᠨ ᠭᠡᠵᠦ ᠬᠠᠷᠢᠭᠤᠯᠪᠠ᠃ ᠲᠡᠳᠡᠨ ᠦ᠌ ᠳᠡᠷᠭᠡᠳᠡ ᠰᠠᠨᠳᠠᠯᠢ ᠪᠠᠢᠬᠤ ᠪᠣᠯᠪᠠᠴᠤ ᠥᠪᠡᠷᠰᠡᠳ ᠦ᠋ᠨ ᠵᠠᠩᠰᠢᠯ ᠢ᠋ᠶ᠋ᠠᠷ ᠱᠠᠯᠠ ᠳᠡᠭᠡᠷ᠎ᠡ ᠲᠣᠭᠣᠷᠢᠨ ᠰᠠᠭᠤᠵᠠᠭᠠᠵᠤ ᠫᠠᠯᠢᠮ᠎ᠠ ᠶ᠋ᠢᠨ ᠶᠠᠪᠤᠭᠤᠯᠤᠭᠰᠠᠨ ᠵᠦᠢᠯ ᠢ᠋ ᠰᠣᠨᠢᠷᠬᠠᠨ ᠬᠡᠯᠡᠯᠴᠡᠭᠡᠳ ᠳᠠᠷᠠᠭ᠎ᠠ ᠨᠢ ᠪᠠᠯᠳᠠᠨᠴᠢᠷᠢᠩ ᠠ᠋ᠴᠠ ᠳᠠᠷᠢ ᠡᠬᠡ ᠯᠠᠮᠠ ᠶ᠋ᠢᠨ ᠶᠠᠪᠤᠳᠠᠯ᠂ ᠲᠡᠭᠦᠨ ᠦ᠌ ᠰᠠᠨᠠᠭ᠎ᠠ ᠪᠣᠳᠣᠯ ᠢ᠋ ᠨᠢ ᠣᠯᠵᠤ ᠮᠡᠳᠡᠨ ᠢᠨᠢᠶᠡᠳᠦᠮ ᠱᠤᠤᠭᠢᠶᠠᠨ ᠪᠣᠯᠪᠠ᠃ ᠶᠡᠷᠦ ᠡᠳᠡᠨ ᠳ᠋ᠦ᠍ ᠰᠣᠨᠢᠷᠬᠠᠭᠳᠠᠬᠤ ᠦᠭᠡᠢ ᠶᠠᠭᠤᠮ᠎ᠠ ᠨᠢᠭᠡ ᠴᠦ᠍ ᠦᠭᠡᠢ᠃ ᠭᠠᠮᠢᠩ ᠤ᠋ᠨ ᠱᠣᠷᠣᠩ᠂ ᠬᠥᠮᠦᠰ ᠢ᠋ ᠬᠡᠷᠬᠢᠨ ᠪᠠᠢᠴᠠᠭᠠᠭᠰᠠᠨ ᠪᠠ ᠪᠠᠷᠤᠨ ᠤᠩᠭᠧᠷᠡᠨ ᠦ᠌ ᠶᠠᠪᠤᠳᠠᠯ᠂ ᠭᠤᠳᠤᠮᠵᠢ ᠳ᠋ᠤ᠌ ᠪᠣᠯᠤᠭᠰᠠᠨ ᠶᠠᠪᠤᠳᠠᠯ ᠤ᠋ᠳ᠂ ᠡᠪᠦᠭᠡᠳ ᠡᠮᠡᠭᠡᠳ ᠦ᠋ᠨ ᠶᠠᠷᠢᠶ᠎ᠠ ᠶ᠋ᠢ ᠪᠣᠯᠪᠠᠴᠤ ᠰᠣᠨᠢᠷᠬᠠᠨ ᠰᠤᠳᠤᠯᠬᠤ ᠠᠵᠢ᠃ 
       ᠡᠴᠦᠰ ᠲᠦ᠋ᠨᠢ ᠪᠠᠯᠳᠠᠨᠴᠢᠷᠢᠩ᠄ 
       — ᠢᠩᠭᠢᠬᠦ ᠳ᠋ᠦ᠍ ᠡᠨᠳᠡ ᠮᠢᠨᠦ ᠬᠡᠷᠡᠭ ᠪᠠᠢᠨ᠎ᠠ ᠤᠤ? ᠭᠡᠵᠦ ᠠᠰᠠᠭᠤᠬᠤ ᠳ᠋ᠤ᠌ ᠰᠦᠬᠡᠪᠠᠭᠠᠲᠤᠷ᠄ 
       — ᠪᠠᠢᠬᠤ ᠪᠠᠷ ᠪᠠᠷᠠᠬᠤ ᠤᠤ᠂ ᠪᠦᠷ ᠶᠠᠭᠠᠷᠠᠯᠲᠠᠢ ᠭᠡᠳ ᠭᠠᠷ ᠠ᠋ᠴᠠ ᠨᠢ ᠰᠢᠭᠦᠷᠦᠨ ᠠᠪᠴᠤ ᠭᠠᠷᠪᠠ᠃ ᠲᠡᠨᠳᠡ ᠡᠴᠡ ᠥᠭᠡᠷ᠎ᠡ ᠪᠠᠢᠰᠢᠩ ᠤ᠋ᠨ ᠡᠭᠦᠳᠡᠨ ᠳ᠋ᠦ᠍ ᠣᠴᠢᠬᠤ ᠳ᠋ᠤ᠌ ᠭᠤᠷᠪᠠᠨ ᠤᠯᠤᠰ ᠤ᠋ᠨ ᠭᠡᠷ᠎ᠡ ᠬᠡᠯᠡᠯᠴᠡᠭᠡᠷ ᠪᠣᠯᠵᠤ ᠪᠠᠢᠭᠰᠠᠨ ᠪᠠᠢᠰᠢᠩ ᠰᠢᠭ᠋ ᠰᠠᠨᠠᠭᠳᠠᠪᠠ᠃ ᠳᠣᠲᠣᠭᠰᠢ ᠣᠷᠣᠨ ᠨᠢᠭᠡ ᠲᠣᠮᠣ ᠥᠷᠥᠭᠡᠨ ᠳ᠋ᠦ᠍ ᠣᠷᠣᠪᠠᠯ ᠶᠠᠭ ᠮᠥᠨ᠃ ᠭᠣᠣᠯ ᠳᠤᠮᠳᠠ ᠨᠢ ᠣᠯᠠᠨ ᠰᠠᠨᠳᠠᠯᠢ ᠲᠣᠭᠣᠷᠢᠭᠤᠯᠤᠨ ᠲᠠᠯᠪᠢᠭᠰᠠᠨ ᠤᠷᠲᠤ ᠰᠢᠷᠡᠭᠡ ᠨᠢ ᠬᠡᠪ ᠢ᠋ᠶ᠋ᠡᠷ ᠬᠠᠷᠢᠨ ᠬᠠᠭᠠᠯᠭ᠎ᠠ ᠶ᠋ᠢ ᠲᠠᠲᠠᠮᠠᠭᠴᠠ ᠨᠢᠳᠦᠨ ᠳ᠋ᠦ᠍ ᠶᠡᠬᠡ ᠬᠠᠨ᠎ᠠ ᠶ᠋ᠢ ᠪᠣᠰᠤᠭ᠎ᠠ ᠬᠥᠮᠦᠨ ᠦ᠌ ᠬᠡᠮᠵᠢᠶ᠎ᠡ ᠪᠡᠷ ᠰᠦᠷ ᠪᠠᠳᠠᠷᠠᠭᠤᠯᠤᠨ ᠵᠢᠷᠤᠭᠰᠠᠨ ᠲᠣᠰᠣᠨ ᠵᠢᠷᠤᠭ ᠪᠠᠢᠳᠠᠭ ᠨᠢ ᠦᠭᠡᠢ ᠪᠣᠯᠵᠤ ᠣᠷᠣᠨ ᠳ᠋ᠤᠨᠢ ᠠᠷᠠᠳ ᠤ᠋ᠨ ᠨᠠᠮ ᠤ᠋ᠨ ᠬᠦᠰᠡᠯ ᠪᠣᠳᠣᠯ ᠤ᠋ᠨ ᠢᠯᠡᠷᠬᠡᠢᠯᠡᠯ ᠦ᠋ᠳ ᠢ᠋ ᠤᠯᠠᠭᠠᠨ ᠳᠠᠪᠤᠤ ᠳᠡᠭᠡᠷ᠎ᠡ ᠴᠠᠭᠠᠨ ᠴᠣᠬᠣᠢ ᠪᠠᠷ ᠪᠢᠴᠢᠨ ᠬᠠᠳᠠᠵᠠᠢ᠃  
       ᠵᠡᠭᠦᠨ ᠪᠤᠯᠤᠩ ᠳ᠋ᠤ᠌ ᠣᠨᠴᠠᠭᠠᠢ ᠲᠠᠯᠪᠢᠭᠰᠠᠨ ᠪᠢᠴᠢᠬᠠᠨ ᠰᠢᠷᠡᠭᠡᠨ᠎ᠡ ᠪᠥᠬᠥᠢᠨ ᠰᠠᠭᠤᠵᠤ ᠶᠠᠭᠤᠮ᠎ᠠ ᠪᠢᠴᠢᠵᠦ ᠪᠠᠢᠭ᠎ᠠ ᠥᠷᠭᠡᠨ ᠬᠠᠷ᠎ᠠ ᠡᠮᠵᠢᠶᠡᠷᠢ ᠲᠡᠢ᠂ ᠳᠥᠷᠪᠡᠯᠵᠢᠨ ᠥᠨᠴᠥᠭ ᠡᠩᠭᠡᠷ ᠲᠡᠢ ᠳᠡᠪᠡᠯ ᠲᠡᠢ᠂ ᠳᠡᠭᠡᠳᠦ ᠤᠷᠤᠭᠤᠯ ᠳ᠋ᠠᠭᠠᠨ ᠥᠳᠬᠡᠨ ᠬᠠᠷ᠎ᠠ ᠰᠠᠬᠠᠯ ᠲᠠᠢ᠂ ᠲᠤᠷᠠᠩᠬᠠᠢᠪᠲᠤᠷ ᠪᠡᠶ᠎ᠡ ᠲᠡᠢ ᠳᠥᠴᠢ ᠭᠠᠷᠤᠢ ᠨᠠᠰᠤᠲᠠᠢ ᠬᠥᠮᠦᠨ ᠪᠣᠰᠤᠨ ᠤᠭᠲᠤᠨ ᠠᠪᠤᠨ᠎ᠠ᠃ ᠦᠵᠡᠲᠡᠯ᠎ᠡ ᠡᠨᠡ ᠬᠥᠮᠦᠨ ᠪᠤᠷᠢᠶᠠᠳ᠃ ᠪᠤᠷᠢᠶᠠᠳ ᠳᠡᠪᠡᠯ ᠢ᠋ᠶ᠋ᠡᠨ ᠣᠷᠣᠰ ᠰᠤᠷ ᠤ᠋ᠨ ᠪᠦᠰᠡ ᠪᠡᠷ ᠰᠤᠯᠠᠬᠠᠨ ᠪᠦᠰᠡᠯᠡᠵᠦ᠂ ᠭᠤᠷ᠎ᠠ ᠶ᠋ᠢᠨ ᠠᠷᠠᠰᠤᠨ ᠪᠣᠢᠲᠣᠭ ᠭᠤᠲᠤᠯ ᠬᠥᠯ ᠳ᠋ᠡᠭᠡᠨ ᠡᠮᠦᠰᠦᠭᠰᠡᠨ ᠪᠥᠭᠡᠳ ᠬᠥᠮᠦᠨ ᠠᠮᠢᠲᠠᠨ ᠢ᠋ ᠰᠣᠴᠢᠭᠠᠬᠤ ᠦᠭᠡᠢ ᠶ᠋ᠢ ᠬᠢᠴᠢᠶᠡᠬᠦ ᠮᠡᠲᠦ ᠵᠥᠭᠡᠯᠡᠨ ᠭᠢᠰᠬᠢᠯᠡᠵᠦ ᠢᠷᠡᠬᠦ ᠳ᠋ᠦ᠍ᠨᠢ ᠰᠦᠬᠡᠪᠠᠭᠠᠲᠤᠷ᠂《ᠪᠠᠭᠰᠢ》 ᠭᠡᠵᠦ ᠬᠦᠨᠳᠦᠳᠬᠡᠨ ᠳᠠᠭᠤᠳᠠᠨ᠎ᠠ᠃ ᠬᠠᠷᠢᠭᠤ ᠳ᠋ᠤᠨᠢ ᠲᠡᠷᠡ ᠬᠥᠮᠦᠨ《ᠵᠠᠩᠵᠤᠨ ᠲᠠ ᠨᠠᠮ᠎ᠠ ᠳ᠋ᠠᠭᠠᠨ ᠶᠠᠭᠤ ᠠᠢᠯᠠᠳᠬᠤ ᠬᠡ ᠰᠢᠪ?》 ᠭᠡᠬᠦ ᠳ᠋ᠦ᠍ᠨᠢ ᠨᠢᠭᠡ ᠬᠠᠴᠢᠨ᠃ ᠰᠦᠬᠡᠪᠠᠭᠠᠲᠤᠷ ᠪᠠᠯᠳᠠᠨᠴᠢᠷᠢᠩ ᠢ᠋ ᠲᠠᠨᠢᠯᠴᠠᠭᠤᠯᠤᠨ ᠦᠢᠯᠡ ᠶᠠᠪᠤᠳᠠᠯ ᠢ᠋ ᠨᠢ ᠲᠠᠨᠢᠯᠴᠠᠭᠤᠯᠬᠤ ᠳ᠋ᠤ᠌ ᠪᠤᠷᠢᠶᠠᠳ《ᠾᠡᠢᠨ ᠾᠡᠢᠨ》 ᠭᠡᠵᠦ ᠨᠢᠳᠦᠨ ᠰᠡᠷᠭᠦᠨ ᠪᠡᠶᠡᠰᠦᠨ᠎ᠡ᠃  
       ᠡᠨᠡ ᠬᠥᠮᠦᠨ ᠠᠭᠤᠯᠠ ᠶ᠋ᠢᠨ ᠬᠦᠦ ᠭᠡᠵᠦ ᠠᠯᠳᠠᠷᠰᠢᠭᠰᠠᠨ ᠡᠷᠳᠡᠮᠲᠡᠨ ᠪᠠᠢᠵᠠᠢ᠃ ᠣᠳᠣ ᠪᠠᠷ ᠨᠠᠰᠤ ᠠᠬᠢᠨ ᠮᠠᠩᠨᠠᠢ ᠦᠷᠴᠢᠢᠵᠦ ᠡᠬᠢᠯᠡᠭᠰᠡᠨ ᠤᠴᠢᠷ ᠠᠭᠤᠯᠠ ᠶ᠋ᠢᠨ ᠬᠦᠦ ᠪᠢᠰᠢ᠂ ᠠᠭᠤᠯᠠ ᠶ᠋ᠢᠨ ᠡᠪᠦᠭᠡᠨ ᠭᠡᠵᠦ ᠨᠡᠷᠡᠯᠡᠭᠳᠡᠬᠦ ᠶᠣᠰᠣᠲᠠᠢ ᠪᠣᠯᠵᠠᠢ᠃ ᠰᠦᠬᠡᠪᠠᠭᠠᠲᠤᠷ ᠪᠤᠴᠠᠵᠤ ᠭᠠᠷᠤᠮᠠᠭᠴᠠ ᠠᠭᠤᠯᠠ ᠶ᠋ᠢᠨ ᠡᠪᠦᠭᠡᠨ ᠬᠦᠷᠢᠶᠡᠨ ᠦ᠌ ᠰᠣᠨᠢᠨ ᠢ᠋ ᠯᠠᠪᠯᠠᠨ ᠠᠰᠠᠭᠤᠨ᠎ᠠ᠃ ᠪᠠᠯᠳᠠᠨᠴᠢᠷᠢᠩ ᠤ᠋ᠨ ᠳᠡᠯᠭᠡᠷᠡᠩᠭᠦᠢ ᠶᠠᠷᠢᠵᠤ ᠡᠬᠢᠯᠡᠬᠦ ᠳ᠋ᠦ᠍ ᠴᠠᠭ ᠦᠷᠭᠦᠯᠵᠢ《ᠾᠡᠢᠨ᠂ ᠾᠡᠢᠨ》 ᠭᠡᠬᠦ ᠨᠢ ᠪᠠᠰᠠ ᠯᠠ ᠬᠠᠴᠢᠨ《ᠪᠠᠷᠤᠨ ᠤᠩᠭᠧᠷᠠᠨ ᠤ᠋ ᠳᠤᠷ᠎ᠠ ᠵᠣᠷᠢᠭ ᠢ᠋ᠶ᠋ᠠᠷ ᠠᠭᠠᠰᠢᠯᠠᠬᠤ ᠨᠢ ᠰᠠᠨᠠᠭᠠᠨ ᠳ᠋ᠤ᠌ ᠪᠠᠭᠲᠠᠰᠢ ᠦᠭᠡᠢ ᠪᠣᠯᠪᠠ》 ᠭᠡᠬᠦ ᠳ᠋ᠦ᠍ ᠪᠠᠰᠠ ᠯᠠ《ᠾᠡᠢᠨ᠂ ᠾᠡᠢᠨ》 ᠭᠡᠬᠦ ᠳ᠋ᠦ᠍ᠨᠢ ᠪᠠᠯᠳᠠᠨᠴᠢᠷᠢᠩ ᠦᠭᠡᠢ᠂ ᠡᠭᠦᠨ ᠳ᠋ᠦ᠍ ᠰᠠᠢᠨ ᠶᠠᠭᠤᠮ᠎ᠠ ᠶᠠᠭᠤ ᠪᠠᠢᠬᠤ ᠪᠢᠯᠡ? ᠭᠡᠵᠦ ᠭᠠᠢᠬᠠᠨ ᠥᠭᠦᠯᠡᠪᠡ᠃ ᠠᠭᠤᠯᠠ ᠶ᠋ᠢᠨ ᠡᠪᠦᠭᠡᠨ᠄  
       — ᠳᠠᠢᠰᠤᠨ ᠡᠲᠡᠭᠡᠳ ᠰᠠᠨᠠᠭ᠎ᠠ ᠪᠣᠳᠣᠯ ᠢ᠋ᠶ᠋ᠠᠨ ᠬᠡᠴᠢᠨᠡᠭᠡᠨ ᠢᠯᠡ ᠶᠠᠪᠤᠭᠤᠯᠬᠤ ᠳᠣᠳᠣᠮ ᠠᠷᠠᠳ ᠲᠦᠮᠡᠨ ᠲᠠᠨᠢᠨ ᠰᠢᠢᠳᠮᠡᠭᠡᠢ ᠡᠰᠡᠷᠭᠦᠴᠡᠬᠦ ᠲᠤᠯᠠ ᠰᠠᠢᠨ ᠭᠡᠵᠦ ᠲᠠᠢᠯᠪᠤᠷᠢᠯᠠᠭᠠᠳ ᠮᠠᠨᠵᠤ ᠶ᠋ᠢᠨ ᠪᠣᠳᠣᠯ ᠮᠠᠰᠢ ᠢᠷᠠᠭᠤᠬᠠᠨ ᠪᠠᠢᠭᠰᠠᠨ ᠢ᠋ᠶ᠋ᠠᠷ ᠢ᠋ᠶ᠋ᠠᠨ ᠮᠣᠩᠭᠣᠯ ᠣᠷᠣᠨ ᠢ᠋ ᠬᠣᠶᠠᠷ ᠵᠠᠭᠤ ᠭᠠᠷᠤᠢ ᠵᠢᠯ ᠳᠠᠷᠤᠯᠠᠨ ᠲᠣᠨᠣᠵᠤ ᠴᠢᠳᠠᠭᠰᠠᠨ ᠢ᠋ ᠳᠤᠷᠠᠳᠤᠨ᠎ᠠ᠃ 
       — ᠵᠠ ᠲᠠ ᠪᠢᠳᠡᠨ ᠦ᠌ ᠠᠵᠢᠯ ᠲᠤᠩ ᠶᠡᠬᠡ᠃ ᠣᠳᠣ ᠠᠵᠢᠯ ᠳ᠋ᠠᠭᠠᠨ ᠣᠷᠣᠶ᠎ᠠ ᠭᠡᠳ ᠠᠭᠤᠯᠠ ᠶ᠋ᠢᠨ ᠡᠪᠦᠭᠡᠨ ᠭᠤᠴᠢ ᠳᠥᠴᠢ ᠶ᠋ᠢᠨ ᠣᠷᠴᠢᠮ ᠤ᠋ᠨ ᠬᠠᠭᠤᠳᠠᠰᠤ ᠲᠠᠢ ᠳᠡᠪᠲᠡᠷ ᠭᠠᠷᠭᠠᠨ ᠢᠷᠡᠵᠦ᠂ ᠲᠠ ᠶᠠᠭᠤᠨ ᠤ᠋ ᠡᠮᠦᠨ᠎ᠡ ᠡᠨᠡ ᠵᠦᠢᠯ ᠢ᠋ ᠬᠠᠭᠤᠯᠤᠨ ᠪᠢᠴᠢᠭᠦᠰᠢᠲᠡᠢ ᠪᠠᠢᠨ᠎ᠠ ᠭᠡᠪᠡ᠃  
       ᠪᠠᠯᠳᠠᠨᠴᠢᠷᠢᠩ ᠡᠪᠦᠷ ᠡᠴᠡ ᠬᠣᠣᠰ ᠪᠢᠷ᠂ ᠬᠥᠮᠦᠨ ᠬᠥᠮᠦᠨ ᠦ᠌ ᠡᠴᠡ ᠳᠠᠪᠠᠭᠤ ᠲᠣᠮᠣ ᠬᠡᠮᠵᠢᠶ᠎ᠡ ᠲᠡᠢ ᠶᠠᠩᠲ᠋ᠠᠢ ᠬᠣᠶᠠᠷ ᠭᠠᠷᠭᠠᠨ ᠳᠡᠪᠲᠡᠷ ᠢ᠋ ᠨᠢ ᠬᠦᠯᠢᠶᠡᠨ ᠠᠪᠴᠤ᠄ 
       — ᠴᠣᠬᠣᠮ ᠬᠡᠳᠦᠨ ᠬᠤᠪᠢ ᠪᠢᠴᠢᠬᠦ ᠪᠣᠢ? ᠭᠡᠬᠦ ᠳ᠋ᠦ᠍᠂ 
       — ᠮᠢᠩᠭᠠᠨ ᠬᠤᠪᠢ ᠴᠤ᠌ ᠢᠯᠡᠭᠦᠳᠡᠬᠦ ᠦᠭᠡᠢ ᠭᠡᠳ ᠢᠨᠢᠶᠡᠮᠰᠦᠭᠯᠡᠨ ᠣᠷᠣᠰ ᠭᠥᠯᠢᠭᠡᠷ ᠴᠠᠭᠠᠨ ᠴᠠᠭᠠᠰᠤ ᠪᠠᠬᠠᠨ ᠢ᠋ ᠨᠡᠮᠡᠨ ᠥᠭᠪᠡ᠃ ᠳᠡᠪᠲᠡᠷ ᠦ᠋ᠨ ᠨᠢᠭᠤᠷᠤᠨ ᠳ᠋ᠤ᠌《ᠡᠷᠡᠮᠡᠯᠵᠡᠬᠦ ᠠᠷᠪᠠᠨ ᠵᠦᠢᠯ》 ᠭᠡᠵᠦ ᠪᠢᠷ ᠳᠠᠷᠤᠨ ᠲᠣᠮᠣ ᠪᠢᠴᠢᠭᠰᠡᠨ ᠪᠠᠢᠯ᠎ᠠ᠃ ᠨᠢᠭᠡᠳᠦᠭᠡᠷ ᠬᠠᠭᠤᠳᠠᠰᠤ ᠶ᠋ᠢ ᠡᠷᠭᠢᠭᠦᠯᠦᠮᠡᠭᠴᠡ ᠲᠡᠮᠦᠷ ᠦᠵᠦᠭ ᠢ᠋ᠶ᠋ᠡᠷ ᠪᠤᠷᠢᠶᠠᠳ ᠨᠠᠷ ᠤ᠋ᠨ ᠪᠢᠴᠢᠬᠦ ᠵᠢᠷᠤᠮ ᠢ᠋ᠶ᠋ᠠᠷ ᠤᠨᠵᠢᠷᠠᠯᠳᠤᠭᠤᠯᠤᠨ ᠠᠢᠬᠤᠪᠲᠤᠷ ᠲᠠᠲᠠᠯᠠᠨ ᠪᠢᠴᠢᠭᠰᠡᠨ ᠵᠦᠢᠯ ᠭᠠᠷᠤᠨ᠎ᠠ᠃ ᠭᠡᠪᠡᠴᠦ ᠦᠰᠦᠭ ᠲᠦ᠍ ᠠᠯᠳᠠᠭ᠎ᠠ ᠦᠭᠡᠢ᠂ ᠦᠭᠡ ᠥᠭᠦᠯᠡᠪᠦᠷᠢ ᠪᠦᠬᠦᠨ ᠣᠢᠯᠠᠭᠠᠮᠵᠢ ᠲᠠᠢ ᠠᠵᠢ᠃ 
       ᠪᠠᠯᠳᠠᠨᠴᠢᠷᠢᠩ ᠶᠠᠩᠲ᠋ᠠᠢ ᠶ᠋ᠢᠨ ᠢ᠋ᠶ᠋ᠡᠨ ᠪᠡᠬᠡ ᠶ᠋ᠢ ᠰᠢᠩᠭᠡᠯᠡᠨ ᠪᠢᠷ ᠢ᠋ᠶ᠋ᠡᠨ ᠰᠠᠢᠲᠤᠷ ᠨᠡᠢᠯᠡᠵᠦ ᠠᠪᠤᠭᠠᠳ《ᠮᠢᠩᠭᠠᠨ ᠬᠤᠪᠢ ᠴᠤ᠌ ᠢᠯᠡᠭᠦᠳᠡᠬᠦ ᠦᠭᠡᠢ》 ᠭᠡᠰᠡᠨ ᠰᠢᠦ ᠳᠡ ᠭᠡᠵᠦ ᠪᠣᠳᠣᠨ ᠭᠦᠶᠦᠯᠭᠡᠨ ᠪᠢᠴᠢᠵᠦ ᠭᠠᠷᠪᠠ᠃ ᠦᠰᠦᠭ ᠦ᠋ᠨ ᠬᠡᠯᠪᠡᠷᠢ ᠭᠣᠶᠣᠮᠰᠣᠭ᠂ ᠬᠡᠪᠯᠡᠯ ᠠᠳᠠᠯᠢ ᠳᠤᠷᠠᠢᠨ᠎ᠠ᠃ ᠡᠬᠢᠨ ᠦ᠌ ᠮᠥᠷ ᠬᠠᠷᠠᠬᠠᠨ ᠬᠠᠲᠠᠵᠤ ᠠᠮᠵᠢᠭ᠎ᠠ ᠦᠭᠡᠢ ᠪᠠᠢᠬᠤ ᠳ᠋ᠤ᠌ ᠪᠦᠲᠦᠨ ᠬᠠᠭᠤᠳᠠᠰᠤ ᠳᠠᠭᠤᠰᠴᠤ ᠲᠦᠷ ᠵᠣᠭᠰᠣᠨ᠎ᠠ᠃ ᠪᠦᠬᠦ ᠳᠡᠪᠲᠡᠷ ᠢ᠋ ᠬᠡᠳᠦᠨ ᠳᠠᠬᠢᠨ ᠬᠠᠭᠤᠯᠵᠤ ᠪᠢᠴᠢᠭᠰᠡᠨ ᠦ᠌ ᠳᠠᠷᠠᠭ᠎ᠠ ᠤᠴᠢᠷ ᠤᠳᠬ᠎ᠠ ᠨᠢ ᠴᠡᠭᠡᠵᠢᠨ ᠳ᠋ᠦ᠍ ᠬᠣᠨᠣᠭᠰᠢᠨ ᠡᠷᠭᠢᠯᠳᠦᠵᠦ ᠦᠨᠡᠭᠡᠨ ᠬᠠᠷᠠᠩᠭᠤᠢ ᠠ᠋ᠴᠠ ᠦᠷ ᠦ᠋ᠨ ᠲᠤᠶᠠᠭ᠎ᠠ ᠲᠠᠢ ᠵᠣᠯᠭᠠᠬᠤ ᠮᠡᠲᠦ ᠪᠣᠯᠵᠤ ᠢᠷᠡᠬᠦ ᠠᠵᠢ᠃ ᠲᠡᠷᠡ ᠳᠤᠮᠳᠠ ᠠ᠋ᠴᠠ《ᠣᠯᠠᠨ ᠳ᠋ᠤ᠌ ᠲᠤᠰᠠ ᠲᠠᠢ ᠠᠭᠠᠳ᠂ ᠬᠣᠣᠷᠯᠠᠯᠲᠠᠢ ᠪᠤᠶᠤ᠂ ᠣᠳᠣ ᠴᠠᠭ ᠤ᠋ᠨ ᠤᠯᠠᠷᠢᠯ ᠳ᠋ᠤ᠌ ᠦᠯᠦ ᠨᠡᠢᠴᠡᠬᠦ ᠪᠥᠭᠡᠳ ᠬᠠᠭᠤᠴᠢᠷᠠᠵᠤ ᠨᠢᠭᠡᠨᠲᠡ ᠬᠣᠴᠣᠷᠤᠭᠰᠠᠨ ᠵᠡᠷᠭᠡ ᠬᠠᠷᠰᠢ ᠲᠠᠢ ᠵᠦᠢᠯᠡᠰ ᠪᠤᠶᠤ᠂ ᠢᠵᠠᠭᠤᠷᠲᠠᠨ ᠤ᠋ ᠶᠣᠰᠣ ᠶ᠋ᠢ ᠤᠰᠠᠳᠬᠠᠨ ᠬᠠᠯᠠᠵᠤ ᠡᠴᠦᠰ ᠪᠣᠯᠭᠠᠨ᠎ᠠ》 ᠭᠡᠰᠡᠨ ᠨᠢᠭᠡ ᠵᠦᠢᠯ《ᠮᠠᠨ ᠤ᠋ ᠮᠣᠩᠭᠣᠯ ᠠᠷᠠᠳ ᠤ᠋ᠨ ᠨᠠᠮ ᠲᠠᠢ ᠠᠳᠠᠯᠢ ᠬᠠᠷᠭᠢᠰ ᠢ᠋ ᠬᠠᠯᠠᠬᠤ᠂ ᠪᠣᠯᠪᠠᠰᠤᠷᠠᠨ ᠣᠷᠣᠭᠰᠢ ᠳᠠᠪᠰᠢᠬᠤ ᠶ᠋ᠢ ᠡᠷᠡᠮᠡᠯᠵᠡᠬᠦ᠂ ᠠᠷᠠᠳ ᠢᠷᠭᠡᠨ ᠦ᠌ ᠡᠷᠬᠡ ᠶ᠋ᠢ ᠨᠡᠢᠲᠡ ᠳ᠋ᠦ᠍ ᠳᠡᠪᠰᠢᠭᠦᠯᠬᠦ᠂ ᠡᠷᠡᠮᠡᠯᠵᠡᠬᠦ᠂ ᠠᠷᠠᠳ ᠢᠷᠭᠡᠨ ᠦ᠌ ᠡᠷᠬᠡ ᠶ᠋ᠢ ᠨᠡᠢᠲᠡ ᠳ᠋ᠦ᠍ ᠳᠡᠪᠰᠢᠭᠦᠯᠦᠨ ᠵᠠᠰᠠᠬᠤ ᠭᠡᠰᠡᠨ ᠬᠢᠲᠠᠳ᠂ ᠣᠷᠣᠰ ᠤ᠋ᠨ ᠵᠡᠷᠭᠡ ᠭᠠᠳᠠᠭᠠᠳᠤ ᠣᠯᠠᠨ ᠤᠯᠤᠰ ᠤ᠋ᠨ ᠨᠠᠮ ᠤ᠋ᠳ ᠲᠠᠢ ᠨᠡᠪᠲᠡᠷᠡᠯᠴᠡᠨ ᠨᠠᠢᠷᠠᠮᠳᠠᠵᠤ᠂ ᠬᠠᠷᠢᠯᠴᠠᠨ ᠲᠤᠰᠠᠯᠠᠯᠴᠠᠬᠤ ᠶ᠋ᠢ ᠬᠦᠰᠡᠨ᠎ᠡ》 ᠭᠡᠰᠡᠨ ᠪᠠᠰᠠ ᠨᠢᠭᠡ ᠵᠦᠢᠯ ᠦᠰᠦᠭᠴᠢᠯᠡᠨ ᠲᠣᠭᠲᠠᠭᠠᠭᠳᠠᠵᠤ ᠮᠠᠰᠢ ᠣᠯᠠᠨ ᠶᠠᠭᠤᠮ᠎ᠠ ᠪᠣᠳᠣᠭᠤᠯᠪᠠ᠃


          ᠦᠰᠦᠭ ᠠᠮᠢᠯᠠᠭᠤᠯᠤᠭᠰᠠᠨ ᠨᠢ᠄  ᠭᠠᠷᠮ᠎ᠠ