ᠴᠠᠰᠤᠨ ᠡᠷᠪᠡᠬᠡᠢTsasan erveekhiiЦасан эрвээхий ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠰᠤᠨ ᠡᠷᠪᠡᠬᠡᠢTsasan erveekhiiЦасан эрвээхий

ᠴᠠᠰᠤᠨ ᠡᠷᠪᠡᠬᠡᠢTsasan erveekhiiЦасан эрвээхий

2026-01-20

510

ᠴᠠᠰᠤᠨ ᠡᠷᠪᠡᠬᠡᠢ


   ᠰᠢᠯᠦᠭ᠄ ᠶᠣ᠊᠂ ᠡᠷᠳᠡᠨᠢᠲᠣᠭᠲᠠᠬᠤ 
   ᠠᠶᠠᠯᠭᠤ᠄ ᠡᠩᠬᠡᠲᠤᠯᠭ᠎ᠠ 
   ᠵᠢᠯᠣᠭᠣᠳᠤᠭᠰᠠᠨ ᠪᠠᠭᠰᠢ᠄ ᠨᠠᠷᠠᠩᠭᠤᠸ᠎ᠠ 
   ᠬᠥᠭᠵᠢᠮ ᠦ᠋ᠨ ᠨᠠᠢᠷᠠᠭᠤᠯᠭ᠎ᠠ᠄ ᠡᠩᠬᠡᠲᠤᠯᠭ᠎ᠠ 
   ᠤᠷᠠᠨ ᠪᠢᠴᠢᠯᠭᠡ᠄ ᠭᠦᠭᠵᠢᠯᠪᠠᠶᠠᠷ  
   ᠳᠠᠭᠤᠴᠢᠨ᠄ ᠨᠢᠩᠵᠢᠨᠬᠤᠷ᠎ᠠ  ᠨᠢᠩᠵᠢᠨᠬᠠᠢᠷ᠎ᠠ᠂ ᠡᠩᠬᠡᠵᠢᠨ᠂ ᠠᠭᠢᠮ᠎ᠠ᠂ ᠳᠤᠤᠯᠢᠶᠠᠨ 

ᠴᠠᠪ ᠴᠠᠭᠠᠨ ᠴᠠᠰᠤ ᠴᠠᠭ ᠤ᠋ᠨ ᠮᠥᠩᠭᠥᠨ ᠡᠷᠪᠡᠬᠡᠢ 
ᠴᠠᠪ ᠴᠠᠭᠠᠨ ᠴᠠᠰᠤ ᠴᠠᠢᠯᠭᠠᠨ ᠰᠡᠳᠬᠢᠯ ᠦ᠋ᠨ ᠳᠡᠷᠪᠡᠬᠡᠢ 
ᠬᠥᠬᠡᠭᠡ ᠡᠪᠦᠯ ᠦ᠋ᠨ ᠵᠢᠪᠠᠷ ᠲᠤ᠌ ᠲᠠᠭᠠᠷᠠᠬᠤ ᠶ᠋ᠢ ᠲᠣᠭᠣᠬᠤ ᠦᠭᠡᠢ 
ᠬᠦᠢᠲᠡᠨ ᠶᠢᠰᠦ ᠶ᠋ᠢᠨ ᠵᠢᠩ ᠳ᠋ᠦ᠍ ᠪᠡᠭᠡᠷᠡᠬᠦ ᠶ᠋ᠢ ᠮᠡᠳᠡᠬᠦ ᠦᠭᠡᠢ 
ᠰᠡᠢᠮᠡᠬᠡᠢ ᠴᠠᠰᠤᠨ ᠡᠷᠪᠡᠬᠡᠢ 
ᠰᠠᠮ ᠰᠡᠮᠬᠡᠨ᠂ ᠰᠠᠮ ᠰᠡᠮᠬᠡᠨ ᠨᠢᠰᠦᠨ᠎ᠡ
ᠬᠥᠪᠥᠩ ᠴᠠᠰᠤᠨ ᠳᠡᠷᠪᠡᠬᠡᠢ
ᠬᠥᠪ ᠬᠥᠩᠭᠡᠨ᠂ ᠬᠥᠪ ᠬᠥᠩᠭᠡᠨ ᠪᠥᠵᠢᠨ᠎ᠡ

ᠪᠣᠯᠵᠣᠮᠣᠷ ᠰᠢᠪᠠᠭᠤᠳ ᠱᠠᠭᠠᠭᠢᠯᠳᠤᠨ ᠳᠠᠯᠠᠪᠴᠢ ᠪᠠᠨ ᠳᠡᠪᠢᠵᠦ ᠤᠭᠲᠤᠨ᠎ᠠ
ᠪᠤᠯᠪᠠᠷᠠᠢ ᠬᠡᠦᠬᠡᠳ ᠦ᠋ᠳ ᠱᠤᠤᠭᠢᠯᠳᠤᠨ ᠠᠯᠠᠭ᠎ᠠ ᠪᠠᠨ ᠳᠡᠯᠭᠡᠵᠦ ᠥᠬᠥᠭᠡᠷᠳᠡᠨ᠎ᠡ
ᠠᠯᠠᠭᠠᠨ ᠳᠡᠭᠡᠷ᠎ᠡ ᠪᠠᠭᠤᠬᠤ ᠳ᠋ᠤ᠌ ᠪᠠᠨ ᠠᠨᠢᠷ ᠠᠪᠤᠮᠠᠭᠴᠠ ᠬᠠᠢᠯᠤᠨ᠎ᠠ 
ᠰᠣᠷᠮᠤᠰᠤᠨ ᠳᠡᠭᠡᠷ᠎ᠡ ᠰᠠᠭᠤᠬᠤ ᠳ᠋ᠤ᠌ ᠪᠠᠨ ᠰᠣᠨᠣᠷ ᠠᠪᠤᠮᠠᠭᠴᠠ ᠦᠷᠭᠦᠨ᠎ᠡ
   ( ᠳᠠᠬᠢᠯᠲᠠ)
ᠳᠡᠪᠡᠯ ᠳᠡᠭᠡᠷ᠎ᠡ ᠤᠨᠠᠬᠤ ᠳ᠋ᠤ᠌ ᠪᠠᠨ ᠤᠰᠤ ᠪᠣᠯᠤᠭᠠᠳ ᠰᠢᠩᠭᠡᠨ᠎ᠡ
ᠳᠡᠯᠡᠬᠡᠢ ᠳᠡᠭᠡᠷ᠎ᠡ ᠰᠠᠭᠠᠲᠠᠬᠤ ᠳ᠋ᠤ᠌ ᠪᠠᠨ ᠲᠣᠰᠣ ᠪᠣᠯᠤᠭᠠᠳ ᠰᠢᠮᠡᠵᠢᠨ᠎ᠡ
ᠬᠠᠪᠤᠷ ᠤ᠋ᠨ ᠳᠤᠯᠠᠭᠠᠨ ᠨᠠᠷᠠᠨ ᠳ᠋ᠤ᠌ ᠴᠡᠴᠡᠭ ᠪᠣᠯᠤᠭᠠᠳ ᠤᠷᠭᠤᠨ᠎ᠠ
ᠬᠠᠷᠠᠵᠤ ᠪᠠᠢᠲᠠᠯ᠎ᠠ ᠬᠠᠷᠢᠶᠠᠴᠠᠢ ᠬᠤᠪᠢᠷᠠᠭᠠᠳ ᠳᠡᠷᠪᠡᠵᠦ ᠢᠷᠡᠨ᠎ᠡ
   ( ᠳᠠᠬᠢᠯᠲᠠ)

   ᠦᠰᠦᠭ ᠠᠮᠢᠯᠠᠭᠤᠯᠵᠤ᠂ ᠬᠠᠲᠠᠭᠰᠠᠨ ᠨᠢ᠄ ᠰᠣᠳᠣ