ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠥᠲᠥᠭᠡᠷ ᠪᠦᠯᠦᠭ 1–2> Бүлжхэн хатан– [монгол] Дамбын Төрбат <дөтгөр бүлэг 1–2>
ᠪᠦᠯᠵᠢᠬᠢᠨ ᠬᠠᠲᠤᠨ– < ᠳᠥᠲᠥᠭᠡᠷ ᠪᠦᠯᠦᠭ 1–2>
《ᠴᠠᠭ ᠲᠥᠷᠥ ᠶ᠋ᠢᠨ ᠴᠠᠩᠬ᠎ᠠ ᠲᠠᠲᠠᠵᠤ ᠪᠤᠯᠭᠢᠪᠠ》
᠁ ᠦᠷᠦ ᠶ᠋ᠢ ᠮᠢᠨᠢ ᠡᠪᠡᠳᠬᠡᠪᠡ
ᠡᠪᠦᠷ ᠢ᠋ ᠮᠢᠨᠢ ᠬᠣᠭᠣᠰᠣᠯᠠᠪᠠ
ᠥᠮᠥᠭ ᠲᠦᠰᠢᠭ ᠪᠣᠯᠬᠤ
ᠥᠨᠢᠷ ᠲᠥᠷᠥᠯ ᠦ᠋ᠨ ᠲᠠ ᠨᠠᠷ
ᠥᠰᠢᠶ᠎ᠡ ᠶ᠋ᠢ ᠠᠪᠴᠤ ᠥᠭᠭᠦᠨ᠎ᠡ ᠤᠤ
ᠡᠯᠢᠭᠡ ᠵᠢᠷᠦᠬᠡ ᠮᠢᠨᠢ
ᠡᠮᠲᠡᠷᠡᠵᠦ ᠪᠠᠢᠨ᠎ᠠ
ᠡᠯᠢᠭᠡᠨ ᠰᠠᠳᠤᠨ ᠲᠠ ᠨᠠᠷ
ᠡᠨᠡ ᠥᠰᠢᠶ᠎ᠡ ᠶ᠋ᠢ ᠠᠪᠴᠤ ᠥᠭ!
《ᠮᠣᠩᠭᠣᠯ ᠤ᠋ᠨ ᠨᠢᠭᠤᠴᠠ ᠲᠣᠪᠴᠢᠶᠠᠨ》
1
ᠬᠡᠢ ᠮᠣᠷᠢ ᠯᠤᠨᠳᠠᠭᠠ ᠬᠡᠢᠰᠦᠨ ᠠᠷᠢᠯᠬᠤ ᠴᠠᠭ ᠪᠠᠰᠠ ᠢᠷᠡᠳᠡᠭ ᠠᠵᠢ᠃ ᠶᠸᠯᠢᠦᠢ ᠣᠪᠣᠭᠲᠤ ᠲᠡᠰᠢ ᠶ᠋ᠢ ᠤᠷᠠᠨ ᠨᠡᠭᠦᠳᠡᠯ ᠢ᠋ᠶ᠋ᠡᠷ ᠬᠠᠳᠠᠭ ᠲᠠᠢ ᠬᠥᠭᠡᠭᠡᠵᠦ᠂ ᠠᠯᠲᠠᠨ ᠤᠯᠤᠰ ᠤ᠋ᠨ ᠦᠵᠢᠮᠠᠢ ᠰᠡᠴᠡᠨ ᠬᠠᠭᠠᠨ ᠢ᠋ ᠤᠬᠠᠭᠠᠨ ᠤ᠋ ᠪᠢᠷ᠎ᠠ ᠪᠠᠷ ᠬᠤᠨᠳᠠᠭ᠎ᠠ ᠲᠠᠢ ᠰᠥᠬᠦᠷᠡᠭᠦᠯᠦᠭᠰᠡᠨ ᠶᠡᠬᠡ ᠬᠥᠮᠦᠨ ᠦ᠌ ᠰᠡᠳᠬᠢᠯ ᠡᠵᠡᠭᠦᠢᠷᠡᠵᠦ᠂ ᠭᠠᠳᠠᠭ᠎ᠠ ᠭᠠᠷᠪᠠᠯ ᠭᠣᠣᠯ ᠤ᠋ᠨ ᠤᠰᠤ ᠰᠢᠷᠲᠡᠨ᠂ ᠭᠡᠷ ᠲᠡᠭᠡᠨ ᠣᠷᠣᠪᠠᠯ ᠭᠠᠯ ᠤ᠋ᠨ ᠳᠥᠯᠥ ᠭᠥᠯᠢᠷᠡᠵᠦ ᠰᠠᠭᠤᠬᠤ ᠪᠣᠯᠪᠠ᠃ ᠨᠠᠰᠤᠨ ᠤ᠋ ᠲᠦᠰᠢᠭ ᠬᠠᠷᠯᠢ ᠺᠤ ᠬᠠᠲᠤᠨ ᠤ᠋ ᠦᠷᠭᠦᠭᠡᠨ ᠡᠴᠡ ᠴᠤᠬᠤᠢᠬᠤ ᠶ᠋ᠢ ᠪᠣᠯᠢᠵᠤ᠂ ᠥᠪᠡᠷ ᠢ᠋ᠶ᠋ᠡᠨ ᠪᠤᠷᠤᠭᠤ ᠲᠠᠢ ᠮᠡᠲᠦ ᠡᠪᠦᠭᠡᠨ ᠢ᠋ᠶ᠋ᠡᠨ ᠴᠢᠷᠠᠢᠴᠢᠯᠠᠬᠤ ᠬᠥᠭᠰᠢᠨ ᠳ᠋ᠦ᠍ ᠬᠡᠯᠡᠬᠦ ᠦᠭᠡ ᠦᠯᠦ ᠣᠯᠳᠠᠬᠤ ᠲᠤᠯᠠ ᠬᠡᠢ ᠳᠡᠮᠡᠢ ᠯᠡ ᠴᠠᠢ ᠠᠶᠠᠭᠠᠯᠠᠵᠤ ᠤᠷᠲᠤ ᠨᠢ ᠲᠠᠯᠪᠢᠬᠤ ᠪᠢᠯᠡ᠃ ᠬᠠᠪᠤᠯ ᠬᠠᠭᠠᠨ ᠪᠥᠭᠯᠡᠷᠡᠨ ᠪᠣᠢ ᠴᠡᠭᠡᠵᠢ ᠪᠡᠨ ᠨᠢᠭᠡᠮᠦᠰᠦᠨ ᠣᠩᠭᠣᠢᠯᠭᠠᠬᠤ ᠶ᠋ᠢ ᠬᠦᠰᠡᠬᠦ ᠮᠡᠲᠦ ᠤᠷᠲᠤ ᠪᠠᠷ ᠰᠡᠭᠦᠷᠡᠰᠦ ᠠᠯᠲᠠᠨ ᠶᠡᠬᠡ ᠭᠠᠷ ᠤ᠋ᠨ ᠮᠥᠩᠭᠥᠨ ᠠᠶᠠᠭ᠎ᠠ ᠲᠠᠢ ᠴᠠᠢ ᠶ᠋ᠢ ᠬᠦᠷᠴᠢᠭᠢᠨᠡᠲᠡᠯ᠎ᠡ ᠰᠣᠷᠣᠪᠠ᠃ ᠴᠢᠩᠭᠢᠲᠡᠯ᠎ᠡ ᠬᠣᠯᠠ ᠠ᠋ᠴᠠ ᠠᠢᠰᠤᠬᠤ ᠮᠣᠷᠢᠨ ᠤ᠋ ᠲᠦᠪᠡᠷᠭᠡᠨ ᠰᠣᠨᠣᠰᠳᠠᠵᠤ᠂ ᠲᠡᠭᠡᠭᠰᠡᠨ ᠢ᠋ᠶ᠋ᠡᠨ ᠤᠶᠠᠭᠠᠨ ᠳᠡᠭᠡᠷ᠎ᠡ ᠳᠥᠷᠥᠭᠡ ᠬᠠᠩ ᠬᠢᠨ ᠨᠢᠭᠡ ᠬᠥᠮᠦᠨ ᠪᠠᠭᠤᠵᠤ ᠶᠠᠭᠠᠷᠠᠤ ᠠᠯᠬᠤᠯᠠᠬᠤ᠂ ᠢᠷᠡᠵᠦ ᠶᠠᠪᠤᠭ᠎ᠠ ᠬᠥᠮᠦᠰ ᠬᠣᠭᠣᠷᠣᠨᠳᠣ ᠪᠠᠨ ᠲᠦᠭᠰᠢᠭᠦᠷᠢ ᠲᠡᠢ ᠰᠢᠪᠡᠨᠡᠯᠳᠦᠬᠦ ᠰᠣᠨᠣᠰᠲᠠᠯ᠎ᠠ᠃ ᠬᠠᠪᠤᠯ ᠬᠠᠭᠠᠨ ᠤᠴᠢᠷ ᠪᠢᠲᠡᠭᠦᠯᠢᠭ ᠲᠦᠭᠰᠢᠯ ᠳ᠋ᠦ᠍ ᠠᠪᠲᠠᠵᠤ᠂ ᠬᠠᠷᠯᠢ ᠺᠤ ᠬᠠᠲᠤᠨ ᠢ᠋ᠶ᠋ᠠᠨ ᠬᠠᠷᠠᠪᠠᠯ ᠬᠠᠷᠠᠴᠠ ᠮᠥᠷᠭᠥᠯᠳᠦᠵᠦ ᠬᠡᠨ ᠬᠡᠨ ᠨᠢ ᠶᠣᠣᠵᠠ ᠦᠭᠡᠢ ᠪᠣᠳᠣᠯ ᠳ᠋ᠤ᠌ ᠡᠷᠬᠡ ᠦᠭᠡᠢ ᠡᠵᠡᠯᠡᠭᠳᠡᠪᠡ᠃ ᠥᠯᠵᠡᠢ ᠰᠠᠨᠠᠵᠤ ᠲᠦᠮᠡᠨ ᠨᠠᠰᠤᠨ ᠬᠡ ᠰᠢᠷᠢᠯᠡᠭᠰᠡᠨ ᠢᠰᠡᠭᠡᠢ ᠡᠭᠦᠳᠡ ᠣᠭᠵᠣᠮ ᠣᠩᠭᠣᠢᠵᠤ ᠬᠤᠲᠤᠭᠲᠤ ᠮᠣᠩᠬᠣᠷ ᠠᠮᠢᠰᠬᠤᠭᠠᠳᠠᠨ ᠣᠷᠣᠵᠤ ᠢᠷᠡᠭᠰᠡᠨ ᠢ᠋ᠶ᠋ᠡᠨ ᠦᠭᠡ ᠰᠦᠭ ᠦᠭᠡᠢ ᠰᠥᠬᠥᠷᠡᠨ ᠴᠢᠮᠡᠭᠡ ᠠᠯᠳᠠᠯ᠎ᠠ᠃ ᠬᠠᠪᠤᠯ ᠬᠠᠭᠠᠨ ᠬᠦᠦ ᠶ᠋ᠢᠨ ᠬᠢᠨᠢ ᠲᠣᠯᠣᠭᠠᠢ ᠳ᠋ᠤ᠌ ᠡᠳᠦᠷ ᠦ᠋ᠨ ᠣᠳᠣ ᠰᠢᠭ᠋ ᠴᠠᠭᠠᠨ ᠦᠰᠦ ᠤᠨᠠᠭᠰᠠᠨ ᠢ᠋ ᠠᠵᠢᠵᠤ《᠁ ᠴᠠᠭ ᠭᠡᠵᠦ ᠮᠥᠨ ᠬᠤᠷᠳᠤᠨ ᠠ᠋》 ᠭᠡᠮᠡᠨ ᠭᠤᠨᠢᠭ ᠲᠠᠢ ᠪᠣᠳᠣᠭᠰᠠᠨ ᠢ᠋ᠶ᠋ᠠᠨ᠂
— ᠶᠠᠭᠤ ᠪᠣᠯᠪᠠ᠂ ᠠᠢᠯᠠᠳᠤᠭᠲᠤᠨ! ᠭᠡᠬᠦ ᠳ᠋ᠦ᠍ ᠬᠥᠪᠡᠭᠦᠨ ᠬᠠᠭᠠᠨ ᠠᠪᠤ ᠪᠠᠨ ᠨᠢᠭᠡ ᠬᠠᠷᠠᠭᠰᠠᠨ ᠢ᠋ᠶ᠋ᠠᠨ᠂
— ᠪᠤᠷᠬᠠᠨ ᠪᠢᠳᠡᠨ ᠢ᠋ ᠢᠯᠡᠭᠡᠵᠡᠢ ᠬᠡᠮᠡᠪᠡ᠃ ᠢᠵᠢᠢ ᠬᠠᠲᠤᠨ ᠤ᠋ ᠳᠤᠯᠢᠶ᠎ᠠ ᠲᠠᠢ ᠭᠡᠭᠡᠨ ᠬᠠᠷᠠᠴᠠ ᠳ᠋ᠤ᠌ ᠭᠤᠨᠢᠭ ᠰᠦᠮᠡᠯᠵᠡᠵᠦ᠂
— ᠶᠠᠭᠠᠬᠢᠪᠠ᠂ ᠮᠢᠨᠦ ᠬᠦᠦ? ᠭᠡᠳ ᠰᠠᠭᠤᠳᠠᠯ ᠳᠡᠭᠡᠷ᠎ᠡ ᠪᠡᠨ ᠥᠨᠳᠡᠯᠵᠡᠵᠡᠢ᠃ ᠬᠤᠲᠤᠭᠲᠤ ᠮᠣᠩᠬᠣᠷ ᠰᠢᠳᠦ ᠪᠡᠨ ᠲᠠᠴᠢᠭᠢᠨᠠᠲᠠᠯ᠎ᠠ ᠬᠠᠪᠢᠷᠤᠭᠰᠠᠨ ᠢ᠋ᠶ᠋ᠠᠨ᠂
— ᠬᠠᠭᠠᠨ ᠠᠪᠤ ᠮᠢᠨᠢ ᠲᠠᠲ᠋ᠠᠷ ᠢ᠋ ᠪᠠᠢᠯᠳᠤᠶ᠎ᠠ! ᠭᠡᠯᠡ᠃ ᠴᠠᠭ ᠴᠠᠭ ᠲᠤ᠌ ᠱᠠᠯᠠᠵᠤ᠂ ᠬᠡᠯᠡᠵᠦ ᠶᠠᠪᠤᠳᠠᠭ ᠡᠨᠡ ᠯᠡ ᠦᠭᠡ ᠪᠡᠨ ᠬᠡᠯᠡᠬᠦ ᠭᠡᠵᠦ ᠡᠢᠨ ᠰᠦᠷ ᠵᠠᠷ ᠪᠣᠯᠵᠤ ᠭᠠᠷᠤᠭᠰᠠᠨ ᠬᠡᠷᠡᠭ ᠠᠵᠢ ᠭᠡᠮᠡᠨ ᠪᠤᠳᠤᠲᠠᠯ᠎ᠠ ᠭᠡᠨᠡᠳᠲᠡ ᠶᠡᠬᠡ ᠦᠷᠭᠦᠭᠡᠨ ᠦ᠌ ᠭᠠᠳᠠᠨ᠎ᠠ ᠠ᠋ᠴᠠ᠂
— ᠲᠠᠲ᠋ᠠᠷ ᠢ᠋ ᠪᠠᠢᠯᠳᠤᠶ᠎ᠠ᠂ ᠲᠠᠲ᠋ᠠᠷ ᠢ᠋ ᠪᠠᠢᠯᠳᠤᠶ᠎ᠠ ᠭᠡᠬᠦ ᠳᠠᠭᠤᠨ ᠨᠢᠷ ᠭᠡᠯᠡ᠃ ᠲᠤᠯᠭᠠᠨ ᠳ᠋ᠤ᠌ ᠳᠦᠷᠡᠯᠵᠡᠬᠦ ᠭᠠᠯ ᠳᠦᠷᠡᠰ ᠬᠢᠭᠰᠡᠨ ᠮᠡᠲᠦ ᠬᠠᠷᠯᠢ ᠺᠤ ᠴᠣᠴᠢᠨ ᠤᠤᠯᠭ᠎ᠠ ᠠᠯᠳᠠᠵᠤ᠂
— ᠬᠦᠦ ᠮᠢᠨᠢ᠂ ᠬᠠᠭᠠᠨ ᠠᠪᠤ ᠲᠠᠨᠢ ᠥᠪᠡᠷ ᠦ᠋ᠨ ᠪᠡᠶ᠎ᠡ ᠪᠡᠷ ᠵᠠᠯᠠᠷᠠᠵᠤ ᠠᠯᠲᠠᠨ ᠤᠯᠤᠰ ᠲᠠᠢ ᠡᠪ ᠵᠠᠩᠭᠢᠳᠤᠭᠰᠠᠨ ᠪᠤᠰᠤ ᠤᠤ! ᠭᠡᠵᠦ ᠨᠠᠮᠤᠭᠤᠬᠠᠨ ᠳᠠᠭᠤ ᠪᠠᠷ ᠠᠷᠭᠠᠳᠠᠲᠠᠯᠠ ᠦᠷᠭᠦᠭᠡᠨ ᠦ᠌ ᠭᠠᠳᠠᠭ᠎ᠠ᠂ ᠪᠦᠷ ᠬᠦᠷᠢᠶᠡᠨ ᠦ᠌ ᠴᠠᠭᠠᠨ᠎ᠠ ᠠ᠋ᠴᠠ᠂
— ᠲᠠᠲ᠋ᠠᠷ ᠢ᠋ ᠪᠠᠢᠯᠳᠤᠶ᠎ᠠ! ᠲᠠᠲ᠋ᠠᠷ ᠢ᠋ ᠪᠠᠢᠯᠳᠤᠶ᠎ᠠ! ᠭᠡᠬᠦ ᠶᠡᠬᠡ ᠨᠦᠷᠬᠢᠶᠡᠨ ᠨᠢᠷ ᠨᠢᠷ ᠬᠢᠯ᠎ᠡ ᠃
— ᠴᠢ ᠪᠦᠷ ᠴᠡᠷᠢᠭᠯᠡᠭᠡᠳ ᠢᠷᠡᠭᠡ ᠤᠤ?
— ᠬᠠᠭᠠᠨ ᠠᠪᠤ ᠮᠢᠨᠢ ᠭᠠᠭᠴᠠ ᠪᠢ ᠪᠢᠰᠢ ᠪᠢᠯᠡ᠃
— ᠴᠢᠮ᠎ᠠ ᠲᠠᠢ ᠬᠡᠨ ᠴᠣᠭ ᠪᠠᠢᠨ᠎ᠠ ᠪᠣᠢ?
— ᠬᠤᠲᠤᠭᠲᠤ ᠮᠣᠩᠬᠣᠷ ᠮᠢᠨᠦ ᠪᠡᠶ᠎ᠡ ᠬᠤᠯᠠᠨ ᠳᠡᠭᠦᠦ ᠪᠡᠨ ᠳᠠᠭᠠᠭᠤᠯᠤᠨ ᠢᠷᠡᠪᠡ᠃ ᠡᠭᠡᠳᠡᠮᠡᠭ ᠡᠴᠡ ᠭᠠᠷᠴᠤ ᠡᠰᠦᠭ ᠤᠤᠭᠤᠬᠤ ᠪᠣᠯᠤᠭᠰᠠᠨ ᠪᠤᠷᠢ ᠬᠦᠦ ᠪᠡᠨ ᠴᠦ᠍ ᠪᠦᠷᠢᠨ ᠵᠡᠪᠰᠡᠭᠯᠡᠭᠡᠳ ᠢᠷᠡᠪᠡ᠃
— ᠪᠠᠷᠳᠠᠨ ᠬᠥᠪᠡᠭᠦᠨ ᠬᠠᠮᠢᠭ᠎ᠠ ᠪᠠᠢᠨ᠎ᠠ?
— ᠠᠬ᠎ᠠ ᠳ᠋ᠤ᠌ ᠪᠢ ᠡᠯᠴᠢ ᠮᠡᠳᠡᠭᠦᠯᠵᠦ ᠵᠢᠷᠦᠬᠡᠯᠡᠭᠰᠡᠨ ᠦᠭᠡᠢ᠃ ᠲᠡᠷᠡ ᠮᠢᠨᠦ ᠦᠭᠡ ᠶ᠋ᠢ ᠨᠣᠬᠠᠢ ᠬᠤᠴᠠᠭᠰᠠᠨ ᠴᠢᠨᠡᠭᠡ ᠲᠣᠭᠣᠬᠤ ᠦᠭᠡᠢ ᠪᠢᠵᠡ᠃
— ᠬᠣᠲᠣᠯᠠ ᠨᠣᠶᠠᠨ ᠬᠠᠮᠢᠭ᠎ᠠ ᠪᠠᠢᠨ᠎ᠠ?
— ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠵᠤ ᠶᠠᠪᠤᠭᠰᠠᠨ ᠲᠠᠲ᠋ᠠᠷ ᠡᠮ᠎ᠡ ᠶ᠋ᠢᠨ ᠬᠣᠷᠮᠣᠢ ᠰᠠᠬᠢᠵᠤ ᠰᠠᠭᠤᠭ᠎ᠠ ᠭᠡᠵᠦ ᠬᠡᠯᠡᠵᠦ ᠳᠠᠭᠤᠰᠤᠭ᠎ᠠ ᠦᠭᠡᠢ ᠪᠠᠢᠲᠠᠯ᠎ᠠ ᠬᠠᠪᠤᠯ ᠬᠠᠭᠠᠨ ᠠᠮᠠ ᠶ᠋ᠢ ᠨᠢ ᠠᠷᠤ ᠳ᠋ᠤᠨᠢ ᠭᠠᠷᠲᠠᠯ᠎ᠠ ᠠᠯᠠᠭᠠᠳᠠᠵᠤ ᠣᠷᠬᠢᠯ᠎ᠠ᠃ ᠲᠩᠷᠢ ᠡᠴᠢᠭᠡ ᠶ᠋ᠢᠨ ᠲᠡᠮᠡᠭᠡᠨ ᠲᠠᠪᠠᠭ ᠰᠢᠭ᠋ ᠲᠣᠮᠣ ᠳᠠᠷᠪᠠᠭᠠᠷ ᠭᠠᠷ ᠳᠡᠰ ᠬᠢᠨ ᠪᠠᠭᠤᠬᠤ ᠳ᠋ᠤ᠌ ᠭᠦᠷᠦᠮᠡᠯ ᠭᠡᠵᠢᠭᠡᠨ ᠦ᠌ ᠬᠢᠨᠢ ᠰᠣᠷᠣᠨ ᠤᠶᠠᠭ᠎ᠠ ᠲᠠᠢᠯᠤᠭᠳᠠᠵᠤ᠂ ᠥᠳᠬᠡᠨ ᠬᠠᠷ᠎ᠠ ᠦᠰᠦ ᠨᠢ ᠨᠢᠭᠡ ᠮᠥᠷᠥ ᠤᠷᠤᠭᠤ ᠪᠠᠨ ᠨᠡᠯᠮᠡᠭᠡᠰ ᠬᠢᠨ ᠪᠠᠭᠤᠪᠠ᠃ ᠬᠠᠷᠯᠢ ᠺᠤ ᠬᠠᠲᠤᠨ ᠬᠠᠮᠠᠷ ᠠ᠋ᠴᠠ ᠨᠢ ᠭᠣᠳᠬᠢᠨ ᠴᠢᠰᠤ ᠰᠠᠳᠠᠷᠠᠭᠰᠠᠨ ᠬᠦᠦ ᠪᠡᠨ ᠦᠷᠦ ᠡᠪᠡᠳᠦᠭᠰᠡᠨ ᠬᠡᠳᠦᠢ ᠴᠦ᠍《᠁ ᠬᠠᠭᠠᠨ ᠡᠵᠡᠨ ᠮᠢᠨᠢ ᠭᠠᠷ ᠲᠠᠭᠠᠨ ᠪᠦᠯᠡ ᠲᠠᠢ ᠯᠠ ᠪᠠᠢᠭ᠎ᠠ ᠶᠤᠮ ᠪᠠᠢᠨ᠎ᠠ》 ᠭᠡᠮᠡᠨ ᠲᠠᠢᠪᠤᠰᠢᠷᠠᠵᠤ ᠰᠠᠭᠤᠪᠠ᠃ ᠬᠠᠪᠤᠯ ᠬᠠᠭᠠᠨ᠂
— ᠶᠠᠭᠤ᠂ ᠶᠠᠭᠤ ᠭᠡᠨ᠎ᠡ ᠠ᠋᠃ ᠶᠠᠭᠠᠬᠢᠭᠰᠠᠨ ᠳᠠᠪᠠᠭ᠎ᠠ ᠦᠭᠡᠢ ᠠᠮᠠ ᠲᠠᠢ ᠬᠥᠮᠦᠨ ᠪᠣᠢ ᠴᠢ᠃ ᠬᠣᠲᠣᠯᠠ ᠬᠣᠲᠣᠯᠠ ᠭᠡᠨ᠎ᠡ᠂ ᠵᠤᠯᠠᠢ ᠶ᠋ᠢ ᠴᠢᠨᠢ ᠭᠢᠰᠬᠢᠵᠦ ᠲᠥᠷᠥᠭᠰᠡᠨ ᠠᠬ᠎ᠠ ᠪᠢᠰᠢ ᠪᠢᠯᠡ ᠤᠤ᠂ ᠴᠠᠷ ᠨᠢ ᠴᠡᠭᠡᠵᠢᠨ ᠳ᠋ᠦ᠍᠂ ᠪᠥᠭᠡᠷ᠎ᠡ ᠨᠢ ᠪᠥᠭᠰᠡᠨ ᠳ᠋ᠦ᠍ ᠪᠠᠢᠪᠠᠯ ᠪᠣᠯᠤᠨ᠎ᠠ᠁ ᠭᠡᠰᠡᠨ ᠢ᠋ᠶ᠋ᠡᠨ ᠰᠡᠪᠬᠢᠨ ᠪᠣᠰᠴᠤ ᠣᠳᠣ ᠬᠢᠷᠢ ᠨᠢᠰᠦ ᠪᠡᠨ ᠲᠡᠳᠡᠨ ᠴᠢᠰᠤ ᠪᠠᠨ ᠠᠷᠴᠢᠵᠤ ᠰᠠᠭᠤᠭ᠎ᠠ ᠬᠤᠲᠤᠭᠲᠤ ᠮᠣᠩᠬᠣᠷ ᠤ᠋ᠨ ᠳᠡᠷᠭᠡᠳᠡᠭᠦᠷ ᠰᠠᠯᠬᠢ ᠲᠠᠲᠠᠭᠤᠯᠤᠨ ᠭᠠᠷᠴᠤ ᠣᠳᠤᠯ᠎ᠠ᠃ ᠬᠠᠷᠯᠢ ᠺᠤ ᠬᠠᠲᠤᠨ ᠭᠤᠴᠢ ᠬᠣᠯᠠ ᠭᠠᠷᠤᠭᠰᠠᠨ ᠬᠦᠦ ᠪᠡᠨ ᠦᠷᠦ ᠡᠪᠡᠳᠦᠭᠰᠡᠨ᠂ ᠬᠠᠢᠷᠠᠯᠠᠭᠰᠠᠨ ᠬᠠᠷᠠᠴᠠ ᠪᠠᠷ ᠬᠠᠷᠠᠵᠤ ᠬᠣᠰᠢᠭᠤ ᠴᠣᠷᠪᠣᠢᠨ ᠠᠷᠭᠠᠳᠠᠭᠰᠠᠨ ᠢ᠋ᠶ᠋ᠠᠨ᠂
— ᠮᠢᠨᠦ ᠬᠦᠦ᠂ ᠶᠠᠭᠤ ᠶᠠᠭᠤᠨ ᠤ᠋ ᠲᠦᠷᠦᠭᠦᠨ ᠳ᠋ᠦ᠍ ᠶᠠᠭᠠᠬᠢᠬᠤ ᠭᠡᠵᠦ ᠰᠠᠯᠬᠢᠨ ᠳᠡᠪᠢᠭᠦᠷ ᠰᠢᠭ ᠳᠡᠭᠳᠡᠵᠦ ᠶᠠᠪᠤᠳᠠᠭ ᠶᠤᠮ ᠪᠣᠢ ᠳᠠ ᠭᠡᠳ ᠲᠤᠯᠭᠠᠨ ᠤ᠋ ᠤᠷᠳᠤᠭᠤᠷ ᠮᠥᠯᠬᠥᠵᠦ ᠳᠥᠭᠥᠨ ᠳᠣᠲᠣᠭᠠᠳᠤ ᠬᠣᠷᠮᠣᠢ ᠪᠠᠷ ᠢ᠋ᠶ᠋ᠠᠨ ᠴᠢᠰᠤ ᠨᠢᠰᠦ ᠶ᠋ᠢ ᠨᠢ ᠡᠭᠡᠭᠡ ᠯᠡ ᠪᠠᠭ᠎ᠠ ᠶ᠋ᠢᠨ ᠬᠢ ᠰᠢᠭ ᠨᠢ ᠠᠷᠴᠢᠵᠤ ᠥᠭᠭᠦᠯ᠎ᠡ᠃ ᠭᠡᠲᠡᠯ᠎ᠡ ᠭᠠᠳᠠᠨ᠎ᠠ ᠠ᠋ᠴᠠ᠂
— ᠬᠠᠭᠠᠨ ᠬᠠᠪᠤᠯ ᠮᠥᠩᠬᠡ ᠨᠠᠰᠤᠯᠠᠲᠤᠭᠠᠢ! ᠭᠡᠬᠦ ᠨᠦᠷᠬᠢᠶᠡᠨ ᠰᠣᠨᠣᠰᠳᠠᠵᠤ᠂ ᠠᠯᠤᠰ ᠲᠤ᠌ ᠮᠢᠩᠭ᠎ᠠ ᠮᠢᠩᠭᠠᠨ ᠴᠡᠷᠢᠭ ᠡᠷᠡᠰ ᠬᠡᠢᠮᠣᠷᠢᠯᠢᠭ ᠳᠠᠪᠲᠠᠨ ᠲᠦᠷᠢᠬᠦ ᠲᠤᠭᠤᠯᠳᠠᠭᠰᠠᠨ ᠢ᠋ᠶ᠋ᠠᠨ ᠭᠡᠨᠡᠳᠲᠡ ᠨᠠᠮ ᠭᠦᠮ ᠪᠣᠯᠪᠠ᠃ ᠬᠠᠪᠤᠯ ᠬᠠᠭᠠᠨ ᠣᠯᠠᠨ ᠡᠷ᠎ᠡ ᠶ᠋ᠢᠨ ᠬᠦᠷᠬᠢᠷᠡᠭᠡᠨ ᠨᠠᠮᠳᠠᠭᠠᠨ ᠠᠢᠯᠠᠳᠪᠤᠷᠢ ᠪᠠᠨ ᠰᠣᠨᠣᠰᠬᠠᠬᠤ ᠪᠠᠷ ᠭᠠᠷ ᠢ᠋ᠶ᠋ᠠᠨ ᠡᠷᠭᠦᠭᠰᠡᠨ ᠬᠡᠷᠡᠭ ᠪᠢᠵᠡ ᠠ᠋᠃ ᠡᠪᠦᠭᠡᠨ ᠬᠠᠭᠠᠨ ᠤ᠋ ᠳᠡᠷᠭᠡᠳᠡ ᠡᠮᠡᠭᠡᠯ ᠲᠡᠢ ᠮᠣᠷᠢ ᠪᠠᠷᠢᠭᠰᠠᠨ ᠬᠤᠯᠠᠨ ᠪᠠᠭᠠᠲᠤᠷ ᠵᠣᠭᠰᠣᠬᠤ ᠠᠭᠠᠳ ᠡᠷᠭᠢᠨ ᠬᠠᠷᠠᠬᠤ ᠳ᠋ᠤ᠌ ᠲᠦᠷᠬᠢᠷᠡᠭᠡᠨ ᠪᠦᠷ ᠠᠨᠢᠷ ᠭᠦᠮ ᠪᠣᠯᠤᠯ᠎ᠠ᠃
— ᠴᠡᠷᠢᠭ ᠦ᠋ᠳ ᠠ᠋᠂ ᠪᠠᠭᠠᠲᠤᠷ ᠤ᠋ᠳ ᠠ᠋! ᠲᠠ ᠪᠦᠭᠦᠳᠡ ᠶᠠᠭᠤᠨ ᠤ᠋ ᠲᠤᠯᠠᠳᠠ ᠬᠥᠮᠦᠨ ᠦ᠌ ᠨᠤᠲᠤᠭ ᠤᠷᠤᠭᠤ ᠬᠦᠯᠦᠭ ᠦ᠋ᠨ ᠵᠢᠯᠣᠭᠣ ᠵᠠᠯᠠᠨ᠎ᠠ ᠪᠣᠢ? ᠭᠡᠮᠡᠨ ᠬᠦᠩᠭᠢᠨᠡᠬᠦ ᠳ᠋ᠦ᠍ ᠣᠢᠷᠠᠬᠠᠨ ᠵᠣᠭᠰᠣᠭᠰᠠᠨ ᠴᠡᠷᠢᠭ ᠡᠷ᠎ᠡ ᠶ᠋ᠢᠨ ᠨᠢᠳᠦᠨ ᠳ᠋ᠦ᠍ ᠭᠠᠢᠬᠠᠰᠢᠷᠠᠯ ᠲᠣᠳᠣᠷᠠᠵᠤ ᠪᠡᠶ᠎ᠡ ᠪᠡᠶ᠎ᠡ ᠤᠷᠤᠭᠤ ᠪᠠᠨ ᠠᠰᠠᠭᠤᠭᠰᠠᠨ ᠬᠠᠷᠠᠴᠠ ᠪᠠᠷ ᠬᠠᠷᠠᠬᠤ ᠶ᠋ᠢ ᠬᠠᠪᠤᠯ ᠬᠠᠭᠠᠨ ᠮᠡᠳᠡᠷᠡᠪᠡ᠃ ᠲᠡᠷᠡ ᠪᠡᠷ ᠭᠬᠢᠷ ᠂ ᠬᠥᠯᠥᠰᠥ ᠬᠠᠩᠬᠤᠯᠤᠭᠰᠠᠨ ᠬᠥᠳᠡᠭᠡ ᠬᠢ ᠡᠷᠡᠰ ᠦ᠋ᠨ ᠨᠢᠳᠦᠨ ᠡᠴᠡ ᠳᠠᠢᠳᠤᠬᠤ ᠶᠠᠮᠠᠷ ᠨᠢᠭᠡᠨ ᠰᠢᠯᠲᠠᠭ ᠰᠢᠯᠲᠠᠭᠠᠨ ᠡᠭᠦᠳᠦᠨ ᠭᠠᠷᠤᠭᠰᠠᠨ ᠢ᠋ ᠣᠯᠵᠤ ᠬᠠᠷᠠᠯ᠎ᠠ᠃ ᠡᠪᠦᠭᠡᠨ ᠬᠠᠭᠠᠨ ᠦᠭᠡ ᠪᠡᠨ ᠳᠠᠩᠰᠠᠯᠠᠵᠤ᠂ ᠪᠣᠳᠣᠯ ᠢ᠋ᠶ᠋ᠠᠨ ᠴᠡᠭᠴᠡᠯᠡᠵᠦ ᠶᠠᠳᠠᠨ ᠵᠣᠭᠰᠣᠲᠠᠯ᠎ᠠ ᠬᠤᠲᠤᠭᠲᠤ ᠮᠣᠩᠬᠣᠷ ᠭᠠᠷᠴᠤ ᠢᠷᠡᠨ᠂
— ᠬᠠᠭᠠᠨ ᠠᠪᠤ ᠮᠢᠨᠢ ᠵᠠᠷᠯᠢᠭ ᠢ᠋ᠶ᠋ᠠᠨ ᠬᠠᠢᠷᠠᠯᠠ᠃ ᠨᠢᠭᠡ ᠨᠢᠭᠡ ᠪᠡᠷ ᠮᠢᠨᠢ ᠴᠤᠪᠤᠭᠤᠯᠵᠤ ᠲᠡᠭᠦᠭᠰᠡᠭᠡᠷ ᠪᠢᠳᠡᠨ ᠢ᠋ ᠪᠠᠷᠠᠬᠤ ᠨᠢ ᠪᠠᠢᠨ᠎ᠠ ᠰᠢᠦ ᠳᠡ᠁ ᠭᠡᠬᠦ ᠶ᠋ᠢ ᠰᠣᠨᠣᠰᠤᠭᠠᠳ ᠭᠠᠢᠬᠠᠰᠢᠷᠠᠨ ᠬᠤᠯᠠᠨ ᠢ᠋ ᠬᠠᠷᠠᠵᠤ᠂ ᠳᠠᠷᠠᠭ᠎ᠠ ᠨᠢ ᠴᠡᠷᠢᠭ ᠦ᠋ᠳ ᠢ᠋ᠶ᠋ᠡᠨ ᠤᠳᠠᠭᠠᠨ ᠰᠢᠷᠲᠡᠬᠦ ᠳ᠋ᠦ᠍ ᠪᠠᠯᠴᠢᠷ ᠪᠤᠷᠢ ᠨᠢᠰᠦ ᠪᠡᠨ ᠱᠣᠷ ᠬᠢᠲᠡᠯ᠎ᠡ ᠲᠡᠳᠡᠨ᠂
— ᠥᠬᠢᠨᠪᠠᠷᠬᠠᠭ ᠠᠬ᠎ᠠ ᠶ᠋ᠢ᠁ ᠭᠡᠳ ᠬᠣᠭᠣᠯᠠᠢ ᠨᠢ ᠵᠠᠩᠭᠢᠷᠠᠪᠠ᠃ ᠬᠠᠪᠤᠯ ᠬᠠᠭᠠᠨ ᠤ᠋ ᠬᠥᠯ ᠳᠣᠣᠷ᠎ᠠ ᠬᠥᠷᠥᠰᠥᠲᠦ ᠳᠡᠯᠡᠬᠡᠢ ᠳᠠᠢᠪᠠᠯᠵᠠᠬᠤ ᠰᠢᠭ᠋ ᠪᠣᠯᠤᠯ᠎ᠠ᠃ ᠡᠪᠦᠭᠡᠨ ᠡᠴᠢᠭᠡ ᠶ᠋ᠢᠨ ᠨᠢᠳᠦ ᠶ᠋ᠢ ᠨᠢᠯᠪᠤᠰᠤ ᠪᠦᠷᠬᠦᠵᠦ᠂
— ᠠᠯᠠᠴᠢᠬᠠᠭᠠ ᠤᠤ? ᠭᠡᠪᠡᠯ ᠬᠤᠲᠤᠭᠲᠤ ᠮᠣᠩᠬᠣᠷ ᠨᠠᠮ ᠳᠠᠭᠤ ᠪᠠᠷ᠂
— ᠤᠰᠤᠨ ᠳ᠋ᠤ᠌ ᠬᠠᠶᠠᠭᠰᠠᠨ ᠴᠢᠯᠠᠭᠤ ᠰᠢᠭ᠋ ᠪᠣᠯᠴᠢᠬᠠᠭᠠᠳ ᠪᠠᠢᠨ᠎ᠠ᠁ ᠭᠡᠬᠦ ᠳ᠋ᠦ᠍ ᠬᠤᠯᠠᠨ ᠪᠠᠭᠠᠲᠤᠷ ᠤᠭᠲᠤᠭᠤᠯᠵᠤ᠂
— ᠬᠠᠭᠠᠨ ᠠᠪᠤ ᠮᠢᠨᠢ᠂ ᠲᠠᠨ ᠳ᠋ᠤ᠌ ᠣᠳᠣ ᠠᠢᠯᠠᠳᠬᠠᠵᠤ ᠪᠠᠢᠨ᠎ᠠ ᠪᠤᠰᠤ ᠤᠤ? ᠬᠡᠮᠡᠯ᠎ᠡ᠃ ᠵᠡᠭᠦᠨ ᠭᠠᠷ ᠢ᠋ ᠵᠠᠬᠢᠷᠤᠨ ᠰᠠᠭᠤᠳᠠᠭ ᠤᠤᠭᠠᠨ ᠬᠥᠪᠡᠭᠦᠨ ᠦᠭᠡᠢ ᠪᠣᠯᠵᠠᠢ᠃
— ᠬᠡᠳᠦ ᠬᠣᠨᠣᠵᠤ ᠪᠠᠢᠨ᠎ᠠ?
— ᠨᠠᠢ᠍ᠮᠠ᠃
— ᠪᠤᠢᠷ ᠤᠷᠤᠭᠤ ᠲᠠ ᠨᠠᠷ ᠠᠶᠠᠨ ᠲᠡᠢᠨ ᠳ᠋ᠦ᠍ ᠮᠣᠷᠳᠠᠭ᠎ᠠ ᠤᠤ?
— ᠠᠶᠠᠨ ᠲᠡᠢᠨ ᠳ᠋ᠦ᠍ ᠪᠤᠰᠤ ᠠᠩ ᠠᠪᠠ ᠳ᠋ᠤ᠌ ᠮᠣᠷᠳᠠᠭᠰᠠᠨ ᠪᠢᠯᠡ᠃ ᠮᠡᠨᠡᠩ ᠦ᠋ᠨ ᠶᠡᠬᠡ ᠲᠠᠯ᠎ᠠ ᠳ᠋ᠤ᠌ ᠵᠡᠭᠡᠷ᠎ᠡ ᠬᠥᠭᠡᠭᠡᠵᠦ ᠶᠠᠪᠤᠭᠰᠠᠨ ᠪᠠᠷᠬᠠᠭ ᠠᠬ᠎ᠠ ᠶ᠋ᠢᠨ ᠪᠠᠷ᠎ᠠ ᠲᠠᠰᠤᠷᠠᠵᠤ ᠡᠨᠡ ᠪᠣᠯᠪᠠ᠃ ᠲᠣᠭᠣᠰᠣᠨ ᠳ᠋ᠤ᠌ ᠵᠢᠪᠦᠭᠰᠡᠨ ᠮᠡᠲᠦ ᠪᠢᠯᠡ ᠭᠡᠵᠦ ᠬᠤᠲᠤᠭᠲᠤ ᠮᠣᠩᠬᠣᠷ ᠤᠴᠢᠷᠯᠠᠩᠭᠤᠢ ᠥᠭᠦᠯᠡᠬᠦ ᠳ᠋ᠦ᠍ ᠬᠤᠷᠠᠨ ᠴᠢᠭᠤᠯᠤᠭᠰᠠᠨ ᠮᠣᠷᠢᠲᠠᠨ ᠡᠷᠡᠰ ᠠᠮᠢᠰᠬᠤᠯ ᠳᠠᠷᠤᠨ ᠴᠢᠩᠨᠠᠵᠤ ᠪᠠᠢᠭᠰᠠᠨ ᠢ᠋ᠶ᠋ᠠᠨ᠂
— ᠦᠰ ᠢ᠋ ᠥᠰᠯᠡᠶᠡ! ᠭᠡᠬᠦ ᠶᠡᠬᠡ ᠨᠦᠷᠭᠢᠶᠡᠨ ᠲᠠᠯ᠎ᠠ ᠪᠠᠷ ᠨᠢᠭᠡ ᠨᠦᠷᠭᠢᠯᠡᠯᠡ᠃ ᠬᠤᠲᠤᠭᠲᠤ ᠮᠣᠩᠬᠣᠷ ᠤ᠋ᠨ ᠠᠮᠢᠰᠬᠤᠭ᠎ᠠ ᠳᠡᠭᠡᠭᠰᠢᠯᠡᠵᠦ᠂ ᠲᠣᠭᠲᠠᠵᠤ ᠶᠠᠳᠠᠨ᠂
— ᠬᠠᠭᠠᠨ ᠠᠪᠤ ᠮᠢᠨᠢ᠂ ᠬᠠᠨ ᠠᠬ᠎ᠠ ᠶ᠋ᠢᠨ ᠥᠰᠢᠶ᠎ᠡ ᠶ᠋ᠢ ᠠᠪᠬᠤ ᠡᠷᠬᠡ ᠬᠠᠢᠷᠠᠯᠠ! ᠭᠡᠮᠡᠨ ᠰᠥᠭᠥᠳᠬᠦ ᠳ᠋ᠦ᠍ ᠵᠢᠷᠦᠬᠡ ᠨᠢ ᠬᠥᠭᠡᠷᠴᠦ᠂ ᠴᠢᠰᠤ ᠨᠢ ᠳᠡᠯᠡᠰᠦᠭᠰᠡᠨ ᠬᠦᠯᠦᠭ ᠪᠠᠭᠠᠲᠤᠷ ᠤ᠋ᠳ ᠳᠡᠮᠵᠢᠵᠦ ᠬᠤᠷᠤᠢᠯᠠᠪᠠ᠃ ᠬᠠᠪᠤᠯ ᠬᠠᠭᠠᠨ ᠡᠯ᠎ᠡ ᠰᠦᠷᠯᠢᠭ ᠤᠤᠬᠠᠢ ᠨᠠᠮᠳᠠᠬᠤ ᠶ᠋ᠢ ᠬᠦᠯᠢᠶᠡᠨ ᠠᠬᠤᠢ ᠳ᠋ᠤ᠌ ᠨᠢᠯᠪᠤᠰᠤ ᠴᠢᠢᠯᠡᠬᠦ ᠨᠢᠳᠦ ᠪᠡᠨ ᠠᠨᠢᠵᠤ᠂ ᠬᠠᠮᠠᠷ ᠱᠠᠷᠬᠢᠷᠠᠬᠤ ᠳ᠋ᠤ᠌ ᠠᠮᠢᠰᠬᠤᠭ᠎ᠠ ᠲᠦᠭᠵᠢᠨ ᠵᠣᠭᠰᠣᠯ᠎ᠠ᠃ ᠮᠥᠨᠥᠬᠡᠨ ᠳᠡᠷᠪᠡᠭᠰᠡᠨ ᠡᠷᠡᠰ ᠦ᠋ᠨ ᠲᠦᠷᠬᠢᠷᠡᠭᠡᠨ ᠠᠯᠭᠤᠷ ᠨᠠᠮᠲᠠᠨ ᠨᠠᠮᠳᠠᠭᠰᠠᠭᠠᠷ ᠪᠦᠷ ᠴᠢᠪ ᠴᠢᠮᠡᠭᠡ ᠦᠭᠡᠢ ᠪᠣᠯᠬᠤ ᠳ᠋ᠤ᠌ ᠬᠠᠪᠤᠯ ᠬᠠᠭᠠᠨ ᠤᠷᠲᠤ ᠪᠠᠷ ᠰᠡᠭᠦᠷᠡᠰᠦ ᠠᠯᠳᠠᠭᠰᠠᠨ ᠢ᠋ᠶ᠋ᠠᠨ᠂
— ᠲᠩᠷᠢ ᠲᠠ ᠨᠠᠷ ᠢ᠋ ᠥᠷᠥᠰᠢᠶᠡᠬᠦ ᠪᠣᠯᠲᠤᠭᠠᠢ! ᠭᠡᠪᠡ᠃ ᠭᠠᠭᠴᠠᠬᠠᠨ ᠡᠨᠡ ᠦᠭᠡ ᠶ᠋ᠢ ᠯᠡ ᠬᠦᠯᠢᠶᠡᠵᠦ ᠪᠠᠢᠭᠰᠠᠨ ᠬᠦᠳᠡᠷ ᠴᠢᠬᠢᠷᠡᠭ ᠡᠷᠡᠰ ᠢᠳᠡᠷ ᠬᠤᠷᠳᠤᠨ ᠬᠦᠯᠦᠭ ᠢ᠋ᠶ᠋ᠡᠨ ᠲᠠᠰᠢᠭᠤᠷᠳᠠᠨ ᠤᠬᠤᠰᠬᠢᠵᠦ ᠶᠡᠬᠡ ᠲᠠᠯ᠎ᠠ ᠶ᠋ᠢᠨ ᠳᠡᠭᠡᠭᠦᠷ ᠤᠯᠠᠭᠠᠨ ᠲᠣᠭᠣᠰᠣ ᠲᠠᠢ ᠪᠠᠨ ᠴᠢᠪᠬᠠᠳᠠᠨ ᠣᠳᠴᠠᠢ᠃ ᠭᠦᠨ ᠭᠤᠨᠢᠭ ᠲᠤ᠌ ᠠᠪᠲᠠᠭᠰᠠᠨ ᠡᠪᠦᠭᠡᠨ ᠬᠠᠭᠠᠨ ᠤᠨᠠᠬᠤ ᠦᠭᠡᠢ ᠶ᠋ᠢᠨ ᠲᠤᠯᠠᠳᠠ ᠭᠡᠷ ᠦ᠋ᠨ ᠴᠠᠪᠤᠭ ᠠᠳᠬᠤᠵᠤ ᠵᠣᠭᠰᠣᠪᠠ᠃ ᠡᠨᠡ ᠬᠢᠷᠢ ᠬᠠᠷᠯᠢ ᠺᠤ ᠠᠭᠠᠷᠤ ᠬᠤᠪᠢᠩ ᠲᠠᠢ ᠰᠦ ᠪᠠᠷᠢᠨ ᠭᠠᠷᠴᠤ ᠢᠷᠡᠭᠰᠡᠨ ᠢ᠋ᠶ᠋ᠡᠨ ᠬᠥᠬᠡ ᠲᠩᠷᠢ ᠶ᠋ᠢᠨ ᠤᠯᠠᠭᠠᠨ ᠲᠣᠭᠣᠰᠣ ᠮᠠᠨᠠᠷᠠᠬᠤ ᠬᠠᠶᠠᠭ᠎ᠠ ᠤᠷᠤᠭᠤ ᠰᠠᠴᠤᠯᠢ ᠡᠷᠭᠦᠯ᠎ᠡ᠃ ᠲᠡᠭᠦᠨ ᠦ᠌ ᠲᠤᠩᠭᠠᠯᠠᠭ ᠴᠠᠭᠠᠨ ᠴᠢᠷᠠᠢ ᠵᠦᠰᠦᠨ ᠴᠢᠮᠡᠭᠡ ᠦᠭᠡᠢ ᠬᠠᠷ᠎ᠠ ᠨᠢᠯᠪᠤᠰᠤ ᠵᠤᠭᠤᠤᠬᠠᠨ ᠤᠷᠤᠰᠤᠨ᠎ᠠ᠃ ᠬᠥᠭᠰᠢᠨ ᠬᠠᠲᠤᠨ ᠡᠷᠡᠰ ᠦ᠋ᠨ ᠶᠠᠷᠢᠶ᠎ᠠ ᠶ᠋ᠢ ᠰᠣᠨᠣᠰᠴᠤ᠂ ᠭᠤᠨᠢᠭᠲᠤ ᠤᠴᠢᠷ ᠢ᠋ ᠣᠯᠤᠭᠰᠠᠨ ᠬᠡᠳᠦᠢ ᠴᠦ᠍ ᠡᠪᠦᠭᠡᠨ ᠦ᠌ ᠪᠡᠨ ᠡᠪᠳᠡᠷᠡᠵᠦ ᠡᠮᠲᠡᠷᠡᠭᠰᠡᠨ ᠰᠡᠳᠬᠢᠯ ᠢ᠋ ᠨᠡᠮᠡᠵᠦ ᠨᠡᠷᠮᠡᠭᠡᠳ ᠶᠠᠭᠠᠬᠢᠬᠤ ᠪᠣᠢ ᠳᠠ ᠭᠡᠮᠡᠨ ᠪᠣᠳᠣᠵᠠᠢ᠃
ᠶᠢᠰᠦᠭᠡᠢ ᠬᠥᠪᠡᠭᠦᠨ ᠠᠶᠠᠨ ᠲᠡᠢᠨ ᠳ᠋ᠦ᠍ ᠣᠯᠵᠠ ᠣᠮᠣᠭ ᠲᠠᠢ᠂ ᠬᠥᠯ ᠬᠥᠩᠭᠡᠨ ᠶᠠᠪᠤᠯ᠎ᠠ᠃ ᠪᠠᠷᠳᠠᠨᠪᠠᠭᠠᠲᠤᠷ ᠡᠴᠢᠭᠡ ᠵᠢᠯᠣᠭᠣ ᠶ᠋ᠢ ᠨᠢ ᠠᠳᠬᠤᠭᠤᠯᠤᠭᠠᠳ᠂
— ᠰᠠᠢᠨ ᠶᠠᠪᠤᠭᠠᠷᠠᠢ᠂ ᠶᠢᠰᠦᠭᠡᠢ ᠬᠦᠦ ᠮᠢᠨᠢ! ᠬᠡᠪᠡᠯᠢ ᠨᠢᠭᠡ ᠲᠡᠢ᠂ ᠬᠡᠯᠬᠢᠶ᠎ᠡ ᠪᠦᠬᠦ ᠲᠡᠢ ᠲᠥᠷᠥᠭᠰᠡᠨ ᠠᠬ᠎ᠠ ᠠᠯᠠᠭ᠎ᠠ ᠪᠣᠯᠴᠢᠬᠠᠭᠠᠳ ᠪᠠᠢᠬᠤ ᠳ᠋ᠤ᠌ ᠠᠪᠤ ᠨᠢ ᠶᠠᠭᠠᠬᠢᠵᠤ ᠨᠢᠳᠦᠨ ᠪᠠᠯᠠᠢ᠂ ᠴᠢᠬᠢᠨ ᠳᠦᠯᠢ ᠰᠠᠭᠤᠬᠤ ᠪᠢᠯᠡ᠃ ᠬᠤᠲᠤᠭᠲᠤ ᠮᠣᠩᠬᠣᠷ ᠠᠪᠠᠭ᠎ᠠ ᠶ᠋ᠢᠨ ᠢ᠋ᠶ᠋ᠡᠨ ᠦᠭᠡᠨ ᠳ᠋ᠦ᠍ ᠣᠷᠣᠵᠤ ᠶᠠᠪᠤᠭᠠᠷᠠᠢ᠃ ᠬᠦᠰᠡᠯ ᠨᠢ ᠬᠡᠢᠰᠬᠦᠯᠡᠩ ᠴᠦ᠍ ᠬᠥᠮᠦᠨ ᠨᠢ ᠭᠦᠨᠳᠦᠦ ᠦᠭᠡᠢ ᠶᠦᠮ ᠰᠢᠦ! ᠭᠡᠮᠡᠨ ᠵᠠᠬᠢᠭᠰᠠᠨ ᠨᠢ ᠪᠣᠢ᠃ ᠲᠡᠭᠡᠭᠡᠳ ᠠᠩ ᠬᠣᠮᠣᠷᠭᠠᠨ ᠳ᠋ᠤ᠌ ᠥᠪᠡᠷ ᠦ᠋ᠨ ᠤᠨᠤᠳᠠᠭ ᠰᠡᠷᠪᠡᠩ ᠬᠡᠭᠡᠷ ᠮᠣᠷᠢᠨ ᠳ᠋ᠤ᠌ ᠠᠶᠠᠨ ᠲᠡᠢᠨ ᠦ᠌ ᠡᠮᠡᠭᠡᠯ ᠲᠣᠬᠣᠵᠤ ᠮᠣᠷᠳᠠᠭᠤᠯᠤᠭᠰᠠᠨ ᠠᠪᠠᠢ᠃ ᠪᠠᠷᠠᠳᠠᠨᠪᠠᠭᠠᠲᠤᠷ ᠥᠪᠡᠷ ᠦ᠋ᠨ ᠵᠠᠬᠢᠷᠤᠨ ᠰᠠᠭᠤᠬᠤ ᠲᠦᠩᠬᠡᠯᠢᠭ ᠭᠣᠷᠣᠬᠠᠨ ᠤ᠋ ᠪᠠᠷᠠᠭᠤᠨ ᠭᠠᠷ ᠤ᠋ᠨ ᠠᠯᠪᠠᠲᠤ ᠢᠷᠭᠡᠳ ᠡᠴᠡ ᠪᠡᠨ ᠮᠢᠩᠭᠠᠲᠤ ᠴᠡᠷᠢᠭ ᠵᠢᠭᠰᠠᠭᠠᠨ ᠥᠭᠴᠦ᠂
— ᠮᠢᠨᠦ ᠡᠷᠡᠰ᠂ ᠡᠷᠡᠰ ᠰᠢᠭ ᠡᠷᠡᠰ ᠰᠢᠦ᠃ ᠬᠡᠢ ᠮᠣᠷᠢ ᠶ᠋ᠢ ᠨᠢ ᠪᠦᠦ ᠭᠣᠳᠣᠭᠠ᠂ᠴᠦ! ᠭᠡᠮᠡᠨ ᠮᠣᠷᠢᠨ ᠤ᠋ ᠬᠢᠨᠢ ᠬᠣᠨᠳᠣᠯᠠᠢ ᠳᠡᠭᠡᠷ᠎ᠡ ᠵᠥᠭᠡᠯᠡᠨ ᠠᠯᠠᠭᠠᠳᠠᠬᠤ ᠳ᠋ᠤ᠌ ᠰᠡᠷᠪᠡᠩ ᠬᠡᠭᠡᠷ ᠠᠭᠤᠯᠠᠨ ᠳ᠋ᠤ᠌ ᠴᠣᠷᠣᠢᠵᠤ᠂ ᠡᠭᠦᠯᠡᠨ ᠳ᠋ᠦ᠍ ᠤᠮᠪᠠᠨ ᠠᠯᠲᠠᠨ ᠪᠠᠢᠪᠠ᠃ ᠬᠦᠯᠦᠭ ᠴᠦ᠍ ᠭᠡᠵᠦ ᠬᠦᠯᠦᠭ ᠶᠦᠮ᠃ ᠲᠠᠷᠢᠲᠠᠢ ᠣᠳᠴᠢᠬᠢᠨ ᠡᠵᠢ ᠬᠠᠲᠤᠨ ᠤ᠋ ᠬᠣᠷᠮᠣᠢ ᠠ᠋ᠴᠠ ᠬᠠᠯᠲᠠᠷ ᠭᠠᠷ ᠢ᠋ᠶ᠋ᠠᠷ ᠢ᠋ᠶ᠋ᠠᠨ ᠲᠠᠰᠤ ᠵᠠᠭᠤᠷᠠᠵᠤ᠂
— ᠶᠢᠰᠦᠭᠡᠢ ᠠᠬ᠎ᠠ ᠲᠠ ᠨᠠᠳᠠ ᠳ᠋ᠤ᠌ ᠪᠤᠷᠠᠮ ᠠᠪᠴᠢᠷᠠᠭᠠᠷᠠᠢ᠁ ᠭᠡᠮᠡᠨ ᠴᠠᠩᠭᠢᠨᠠᠬᠤ ᠳ᠋ᠤ᠌ ᠬᠤᠷᠠᠭᠰᠠᠨ ᠴᠡᠷᠢᠭ ᠦ᠋ᠳ ᠨᠢᠷ ᠬᠢᠨ ᠢᠨᠢᠶᠡᠵᠦ᠂ ᠮᠣᠷᠢ ᠪᠠᠨ ᠳᠠᠪᠢᠷᠠᠨ ᠤᠬᠤᠰᠬᠢᠬᠦ ᠶᠢᠰᠦᠭᠡᠢ ᠶ᠋ᠢ ᠳᠠᠭᠠᠨ ᠳᠣᠪᠲᠣᠯᠭᠠᠵᠠᠢ᠃ ᠲᠣᠭᠣᠰᠣᠨ ᠤ᠋ ᠦᠵᠦᠭᠦᠷ ᠲᠦ᠍ ᠢᠵᠢᠢ ᠨᠢ ᠪᠦᠷᠦᠩ ᠪᠠᠷᠤᠩ ᠬᠠᠷᠠᠭᠳᠠᠬᠤ ᠳ᠋ᠤ᠌ ᠲᠣᠮᠣ ᠠᠬ᠎ᠠ ᠮᠡᠩᠭᠢᠲᠦ ᠬᠢᠶᠠᠨ᠂
— ᠡᠷᠭᠢᠵᠦ ᠪᠦᠦ ᠬᠠᠷ᠎ᠠ! ᠡᠷ᠎ᠡ ᠶ᠋ᠢᠨ ᠬᠡᠢ ᠮᠣᠷᠢ ᠭᠤᠨᠳᠠᠳᠠᠭ ᠶᠤᠮ ᠭᠡᠳ ᠰᠡᠷᠪᠡᠩ ᠬᠡᠭᠡᠷ ᠦ᠋ᠨ ᠬᠣᠨᠳᠣᠯᠠᠢ ᠳᠤᠮᠳᠠᠭᠤᠷ ᠭᠤᠪᠤᠷᠤᠤ ᠭᠠᠷᠲᠠᠯ᠎ᠠ ᠣᠷᠢᠶᠠᠯᠭᠠᠪᠠ᠃ ᠨᠡᠭᠦᠨ ᠲᠠᠢᠵᠢ ᠢᠨᠢᠶᠡᠳᠦ ᠠᠯᠲᠠᠨ᠂
— ᠡᠵᠢ ᠶ᠋ᠢᠨ ᠡᠪᠦᠷ ᠡᠴᠡ ᠭᠠᠷᠤᠭ᠎ᠠ ᠦᠭᠡᠢ ᠪᠠᠢᠵᠤ ᠶᠢᠰᠦᠭᠡᠢ ᠳᠡᠭᠦᠦ ᠴᠢ ᠴᠡᠷᠢᠭ ᠲᠣᠯᠣᠭᠠᠢᠯᠠᠪᠠ ᠭᠡᠮᠡᠨ ᠪᠠᠬᠠᠷᠬᠠᠬᠤ᠂ ᠠᠲᠠᠭᠠᠷᠬᠠᠬᠤ ᠶ᠋ᠢᠨ ᠵᠠᠪᠰᠠᠷ ᠥᠭᠦᠯᠡᠭᠰᠡᠨ ᠶᠠᠪᠤᠳᠠᠯ ᠪᠣᠢ ᠪᠠᠷᠠᠳᠠᠨᠪᠠᠭᠠᠲᠤᠷ ᠡᠴᠢᠭᠡ ᠬᠣᠯᠠ ᠶ᠋ᠢᠨ ᠲᠡᠢᠨ ᠳ᠋ᠦ᠍ ᠲᠤᠭ ᠤ᠋ᠨ ᠴᠡᠷᠢᠭ ᠢ᠋ᠶ᠋ᠡᠨ ᠲᠣᠯᠣᠭᠠᠢᠯᠠᠵᠤ ᠭᠠᠷᠤᠭᠰᠠᠨ ᠨᠢ ᠣᠯᠠᠨ ᠶᠤᠮ᠃ ᠬᠠᠷᠢᠨ ᠬᠥᠪᠡᠭᠦᠳ ᠲᠡᠭᠡᠨ ᠵᠠᠩᠵᠤᠨ ᠵᠢᠯᠣᠭᠣ ᠰᠢᠯᠵᠢᠭᠦᠯᠦᠭᠰᠡᠨ ᠨᠢ ᠠᠩᠬᠠᠨ ᠤ᠋ ᠬᠢ ᠪᠢᠯᠡ᠃ ᠡᠢᠨ ᠲᠣᠭᠣᠭᠳᠠᠭᠰᠠᠨ ᠳ᠋ᠠᠭᠠᠨ ᠶᠢᠰᠦᠭᠡᠢ ᠳᠣᠲᠣᠷ᠎ᠠ ᠪᠠᠨ ᠪᠠᠶᠠᠷᠯᠠᠪᠠᠴᠤ ᠵᠤᠯᠠᠢ ᠭᠢᠰᠬᠢᠵᠦ ᠲᠥᠷᠥᠭᠰᠡᠨ ᠬᠣᠶᠠᠷ ᠠᠬ᠎ᠠ ᠠ᠋ᠴᠠ ᠪᠠᠰᠠ ᠬᠦ᠌ ᠡᠮᠢᠶᠡᠨ ᠰᠦᠷᠳᠡᠭᠰᠡᠨ ᠨᠢ ᠪᠣᠢ᠃ ᠡᠢᠨ ᠪᠡᠶ᠎ᠡ ᠪᠡᠨ ᠪᠠᠷᠢᠵᠤ᠂ ᠦᠭᠡ ᠪᠡᠨ ᠴᠡᠨᠡᠵᠦ ᠪᠣᠢ ᠶ᠋ᠢ ᠣᠯᠵᠤ ᠠᠩᠵᠠᠭᠠᠷᠠᠭᠰᠠᠨ ᠨᠡᠭᠦᠨ ᠲᠠᠢᠵᠢ᠂
— ᠠᠪᠤ ᠶ᠋ᠢᠨ ᠵᠠᠷᠯᠢᠭ ᠪᠣᠯ ᠵᠠᠷᠯᠢᠭ! ᠮᠡᠩᠭᠢᠲᠦ ᠠᠬ᠎ᠠ ᠪᠢᠳᠡ ᠬᠣᠶᠠᠷ ᠵᠠᠩᠵᠤᠨ ᠳᠡᠭᠦᠦ ᠶ᠋ᠢᠨ ᠦᠭᠡᠨ ᠡᠴᠡ ᠦᠯᠦ ᠭᠠᠷᠤᠮᠵᠢ! ᠬᠡᠮᠡᠭᠰᠡᠨ ᠢ᠋ᠶ᠋ᠡᠨ ᠬᠥᠮᠥᠰᠬᠡ ᠵᠠᠩᠭᠢᠳᠤᠨ ᠪᠣᠳᠣᠯ ᠳ᠋ᠤ᠌ ᠳᠠᠷᠤᠭᠳᠠᠬᠤ ᠶᠡᠬᠡ ᠠᠬ᠎ᠠ ᠤᠷᠤᠭᠤ ᠬᠠᠷᠠᠵᠤ᠂
— ᠲᠡᠢᠮᠦ ᠪᠢᠵᠡ᠂ ᠮᠡᠩᠭᠢᠲᠦ ᠠᠬᠠᠢ? ᠬᠡᠮᠡᠵᠡᠢ᠃ ᠴᠢᠩᠭᠢᠭᠡᠳ ᠵᠠᠮ ᠰᠢᠯᠤᠭᠤᠳᠴᠤ ᠶᠡᠬᠡ ᠬᠡᠷᠡᠭ ᠢ᠋ ᠪᠦᠲᠦᠭᠡᠭᠡᠳ ᠬᠦᠯᠦᠭ ᠦ᠋ᠨ ᠵᠢᠯᠣᠭᠣ ᠶ᠋ᠢ ᠨᠤᠲᠤᠭ ᠤ᠋ᠨ ᠵᠦᠭ ᠵᠠᠯᠠᠭᠰᠠᠨ ᠨᠢ ᠡᠨᠡ ᠶᠦᠮ᠃ ᠰᠡᠷᠪᠡᠩ ᠬᠡᠭᠡᠷ ᠢᠵᠢᠯᠢ ᠰᠦᠷᠦᠭ ᠦ᠋ᠨ ᠢ᠋ᠶ᠋ᠡᠨ ᠦᠨᠦᠷ ᠠᠪᠤᠭᠰᠠᠨ ᠮᠡᠲᠦ ᠰᠡᠪᠡᠯᠵᠡᠲᠡᠯ᠎ᠡ ᠠᠯᠬᠤᠯᠠᠵᠤ᠂ ᠭᠠᠭᠴᠠ ᠤᠳᠠᠭ᠎ᠠ ᠴᠣ ᠪᠣᠯᠪᠠ ᠦᠰᠲᠡᠨ ᠲᠠᠲ᠋ᠠᠷ ᠭᠡᠨᠡᠳᠡᠭᠦᠯᠦᠨ ᠳᠠᠭᠠᠷᠢᠵᠤ ᠭᠣᠯᠣᠮᠲᠠ ᠶ᠋ᠢ ᠨᠢ ᠰᠠᠮᠤᠷᠤᠭᠰᠠᠨ ᠳ᠋ᠠᠭᠠᠨ ᠴᠡᠷᠢᠭ ᠡᠷᠡᠰ ᠬᠦᠷᠲᠡᠯ᠎ᠡ ᠪᠡᠶᠡᠰᠦᠨ ᠳᠠᠭᠤ ᠱᠣᠣ ᠣᠷᠣᠵᠠᠢ᠃ ᠲᠡᠳᠡ ᠰᠡᠪ ᠯᠠ ᠬᠢᠪᠡᠯ ᠮᠡᠷ ᠮᠡᠷ ᠢᠨᠢᠶᠡᠯᠳᠦᠬᠦ ᠪᠢᠯᠡ᠃ ᠨᠢᠳᠦᠨ ᠦ᠌ ᠬᠢᠨᠢ ᠪᠤᠯᠤᠩ ᠳ᠋ᠤ᠌ ᠪᠥᠷᠲᠦᠩ ᠪᠥᠷᠲᠦᠩ ᠬᠠᠷᠠᠭᠳᠠᠬᠤ ᠵᠢᠷᠠᠨ ᠲᠡᠮᠡᠭᠡ ᠠᠴᠢᠶ᠎ᠠ ᠮᠥᠨᠥ ᠬᠢ ᠪᠠᠶᠠᠷ ᠢ᠋ ᠨᠢ ᠲᠦᠬᠦᠭᠡᠵᠦ᠂ ᠲᠠᠲ᠋ᠠᠷ ᠤ᠋ᠨ ᠵᠠᠬ᠎ᠠ ᠶ᠋ᠢᠨ ᠬᠦᠷᠢᠶ᠎ᠡ ᠶ᠋ᠢ ᠢᠳᠡᠬᠦ ᠳ᠋ᠦ᠍ ᠦᠵᠡᠭᠳᠡᠭᠰᠡᠨ ᠬᠠᠲᠠᠭᠤ ᠡᠳ᠋ᠯᠡᠯ ᠬᠠᠷᠠᠭᠳᠠᠵᠤ᠂ ᠬᠤᠪᠢᠶᠠᠵᠤ ᠠᠪᠤᠨ᠎ᠠ ᠭᠡᠬᠦ ᠡᠴᠡ ᠠᠯᠠᠭ᠎ᠠ ᠵᠠᠭᠠᠲᠤᠨᠠᠨᠠ ᠠᠪᠠᠢ᠃ ᠲᠡᠭᠡᠭᠡᠳ ᠴᠦ᠍ ᠠᠮᠢ ᠳᠦᠢᠭᠰᠡᠨ ᠲᠡᠢᠨ ᠳᠣᠯᠣᠭᠠᠨ ᠳᠤᠮᠳᠠ ᠣᠯᠠᠨ ᠤ᠋ ᠨᠢᠳᠦ ᠬᠠᠷᠢᠭᠤᠯᠤᠨ ᠬᠠᠨᠴᠤᠢᠯᠠᠭᠰᠠᠨ ᠪᠠᠭ᠎ᠠ ᠰᠠᠭ᠎ᠠ ᠶᠠᠭᠤᠮ᠎ᠠ ᠪᠠᠰᠠ ᠪᠣᠢ ᠰᠠᠨᠵᠠᠢ᠃ ᠴᠡᠷᠢᠭ ᠦ᠋ᠳ ᠶᠡᠷᠦ ᠬᠥᠷ ᠬᠥᠭᠵᠢᠶᠡᠨ ᠲᠡᠢ ᠬᠠᠷᠢᠵᠤ ᠶᠠᠪᠤᠯ᠎ᠠ᠃
— ᠢᠯᠠᠭᠰᠠᠨ ᠴᠡᠷᠢᠭ ᠦ᠋ᠳ ᠦ᠋ᠨ ᠬᠡᠢ ᠮᠣᠷᠢ ᠴᠠᠭᠠᠨ᠎ᠠ ᠪᠠᠨ ᠯᠠ ᠥᠭᠡᠷ᠎ᠡ ᠶᠦᠮ᠃
— ᠮᠥᠩᠬᠡ ᠲᠩᠷᠢ ᠢᠪᠡᠭᠡᠭᠰᠡᠨ ᠳ᠋ᠦ᠍ ᠲᠠᠯᠠᠷᠬᠠᠵᠤ ᠶᠠᠪᠤᠭ᠎ᠠ ᠨᠢ ᠡᠨᠡ ᠪᠢᠯᠡ᠃
— ᠲᠠ ᠴᠦ᠍ ᠨᠠᠮᠠᠶ᠋ᠢ ᠲᠩᠷᠢ ᠮᠡᠲᠦ ᠢᠪᠡᠭᠡᠪᠡ᠁ ᠭᠡᠳ ᠲᠣᠷᠯᠣᠭ ᠲᠤᠭᠤᠷᠢᠯ ᠠᠮᠢᠨ ᠳ᠋ᠤᠨᠢ ᠣᠷᠣᠭᠰᠠᠨ ᠴᠡᠷᠢᠭ ᠦ᠋ᠳ ᠢ᠋ ᠳᠥᠯᠭᠡᠨ ᠬᠠᠷᠠᠴᠠ ᠪᠠᠷ ᠲᠣᠭᠣᠷᠢᠭᠤᠯᠤᠨ ᠬᠠᠷᠠᠪᠠ᠃ ᠨᠠᠷᠠᠨ ᠳᠣᠣᠷ᠎ᠠ ᠮᠡᠯᠲᠡᠢᠭᠰᠡᠨ ᠮᠣᠩᠭᠣᠯ ᠤ᠋ᠨ ᠶᠡᠬᠡ ᠬᠡᠭᠡᠷ᠎ᠡ ᠲᠠᠯ᠎ᠠ ᠪᠠᠷ ᠠᠯᠵᠢᠶᠠᠵᠤ ᠰᠤᠯᠠᠳᠠᠭᠰᠠᠨ ᠬᠦᠯᠦᠭ ᠮᠣᠷᠢ ᠲᠠᠢ ᠳᠠᠢᠴᠢᠨ ᠡᠷᠡᠰ ᠨᠠᠮᠤᠭᠤᠬᠠᠨ ᠴᠤᠪᠤᠵᠤ ᠶᠠᠪᠤᠯ᠎ᠠ᠃ ᠠᠶᠠᠨ ᠲᠡᠢᠨ ᠳ᠋ᠦ᠍ ᠬᠦᠷᠯᠢᠢᠵᠦ ᠶᠠᠳᠠᠷᠠᠭᠰᠠᠨ ᠡᠷᠡᠰ ᠦ᠋ᠨ ᠣᠩᠭᠣᠵᠤ ᠭᠠᠩᠳᠠᠭᠰᠠᠨ ᠴᠢᠷᠠᠢ ᠳ᠋ᠤ᠌ ᠪᠠᠶᠠᠷ ᠭᠡᠷᠡᠯᠲᠦᠨ᠎ᠡ᠃ ᠬᠥᠨᠳᠡᠢ ᠳᠦᠭᠦᠷᠡᠩ ᠤᠷᠤᠭᠰᠢᠯᠠᠬᠤ ᠴᠡᠷᠢᠭ ᠦ᠋ᠨ ᠴᠤᠪᠤᠭ᠎ᠠ ᠶ᠋ᠢ ᠪᠠᠷᠠᠳᠠᠵᠤ ᠬᠣᠨᠢ ᠲᠠᠭᠤᠭᠰᠠᠨ᠂ ᠠᠳᠤᠭᠤ ᠬᠥᠭᠡᠭᠡᠭᠰᠡᠨ᠂ ᠮᠥᠨ ᠲᠡᠮᠡᠭᠡᠨ ᠵᠢᠩ ᠬᠥᠲᠥᠯᠦᠭᠰᠡᠨ ᠢᠷᠭᠡᠳ ᠬᠦᠪᠦᠷᠡᠨ᠎ᠡ᠃ ᠲᠣᠭᠣᠰᠣᠨ ᠠ᠋ᠴᠠ ᠵᠠᠢᠳᠠᠭᠤ ᠴᠤᠪᠤᠬᠤ ᠮᠤᠬᠤᠯᠠᠭ ᠲᠡᠷᠭᠡ ᠣᠯᠠᠨ᠃ ᠲᠡᠳᠡᠨ ᠦ᠌ ᠨᠢᠭᠡᠨ ᠳ᠋ᠦ᠍ ᠢᠯᠮ᠎ᠠ ᠬᠠᠲᠤᠨ ᠢᠵᠢᠢ ᠨᠢ ᠮᠣᠷᠢᠯᠠᠨ ᠶᠠᠪᠤᠯ᠎ᠠ᠃ ᠬᠠᠷᠢ ᠶ᠋ᠢᠨ ᠬᠥᠮᠦᠨ ᠳ᠋ᠦ᠍ ᠰᠡᠳᠬᠢᠯ ᠠᠯᠳᠠᠭᠰᠠᠨ ᠬᠠᠲᠤᠨ ᠬᠠᠨᠴᠤᠢ ᠳᠦᠭᠦᠷᠡᠩ ᠨᠢᠯᠪᠤᠰᠤ ᠲᠠᠢ ᠪᠢᠯᠡ᠃ ᠬᠣᠷᠵᠠᠬᠤᠰ ᠡᠴᠢᠭᠡ ᠮᠢᠨᠢ ᠶᠠᠭᠤ ᠭᠡᠨ᠎ᠡ ᠪᠣᠯ ᠳᠠ ᠭᠡᠮᠡᠨ ᠠᠶᠠᠷᠬᠠᠨ ᠰᠠᠨᠠᠭ᠎ᠠ ᠠᠯᠳᠠᠬᠤ ᠳ᠋ᠤ᠌ ᠵᠠᠯᠠᠭᠤ ᠲᠣᠭᠣᠷᠢᠯ ᠤ᠋ᠨ ᠬᠥᠨᠳᠡᠭᠦᠷ ᠰᠡᠳᠬᠢᠯ ᠦ᠋ᠨ ᠰᠢᠨᠠᠯᠤᠩ ᠵᠣᠪᠠᠯᠠᠩ ᠢ᠋ ᠮᠡᠳᠡᠷᠡᠭᠰᠡᠨ ᠶᠢᠰᠦᠭᠡᠢ᠂
— ᠢᠯᠮ᠎ᠠ ᠬᠠᠲᠤᠨ ᠶᠠᠭᠤᠨ ᠳ᠋ᠤ᠌ ᠦᠯᠦ ᠲᠠᠢᠳᠬᠤᠷᠠᠨ᠎ᠠ ᠪᠢᠯᠡ? ᠭᠡᠬᠦ ᠳ᠋ᠦ᠍ ᠣᠯᠵᠠᠨ ᠤ᠋ ᠡᠷᠬᠡᠨ ᠳ᠋ᠦ᠍ ᠤᠳᠠᠭᠰᠠᠨ ᠬᠥᠪᠡᠭᠦᠨ᠂
— ᠲᠠᠨ ᠳ᠋ᠤ᠌ ᠬᠡᠯᠡᠬᠦ ᠨᠢ ᠪᠠᠢᠲᠤᠭᠠᠢ ᠥᠪᠡᠷ ᠢ᠋ᠶ᠋ᠡᠨ ᠴᠦ᠍ ᠮᠡᠳᠡᠬᠦ ᠦᠭᠡᠢ ᠪᠠᠢᠨ᠎ᠠ ᠳᠠ ᠭᠡᠳ ᠰᠠᠨᠠᠭ᠎ᠠ ᠠᠯᠳᠠᠪᠠ᠃ ᠢᠵᠢᠢ ᠶ᠋ᠢᠨ ᠶᠠᠪᠤᠳᠠᠯ ᠬᠦᠦ ᠳ᠋ᠦ᠍ ᠣᠨᠢᠰᠣᠭ᠎ᠠ ᠮᠡᠲᠦ ᠴᠦ᠍ ᠡᠴᠢᠭᠡ ᠪᠣᠶᠣᠷᠤᠭ ᠢ᠋ᠶ᠋ᠠᠨ ᠥᠮᠥᠭᠡᠷᠡᠬᠦ ᠡᠷ᠎ᠡ ᠵᠦᠩ ᠢ᠋ᠶ᠋ᠡᠷ ᠢᠯᠮ᠎ᠠ ᠡᠬᠡ ᠳ᠋ᠦ᠍ ᠵᠥᠪ ᠢ᠋ ᠦᠯᠦ ᠥᠭᠴᠦ ᠴᠢᠳᠠᠨ᠎ᠠ ᠠᠵᠢ᠃ ᠲᠡᠷᠡ ᠪᠡᠷ ᠪᠤᠢᠯᠠᠰᠤ ᠦᠨᠦᠷᠲᠦᠭᠰᠡᠨ ᠬᠠᠭᠠᠨ ᠴᠡᠴᠡᠷᠯᠢᠭ ᠡᠴᠡ ᠢᠵᠢᠢ ᠪᠡᠨ ᠬᠤᠯᠠᠭᠠᠢᠯᠠᠨ ᠭᠠᠷᠴᠤ ᠪᠢᠯᠡ᠃ ᠰᠠᠷ᠎ᠠ ᠬᠥᠪᠦᠭᠰᠡᠨ ᠨᠠᠮ ᠬᠦᠮᠬᠡᠨ ᠰᠥᠨᠢ ᠠᠩᠬᠢᠯᠤᠭᠤᠨ ᠦᠨᠦᠷ ᠲᠡᠭᠡᠨ ᠮᠠᠩᠰᠢᠭᠤᠷᠠᠬᠤ ᠠᠨᠢᠷ ᠦᠭᠡᠢᠬᠡᠨ ᠴᠡᠴᠡᠷᠯᠢᠭ ᠦ᠋ᠨ ᠳᠤᠮᠳᠠ ᠰᠡᠭᠦᠳᠡᠷ ᠰᠢᠭ ᠳᠠᠭᠠᠬᠤ ᠲᠠᠢᠭᠠᠨ ᠡᠷ᠎ᠡ ᠡᠴᠡ ᠰᠡᠮᠬᠡᠨ ᠬᠣᠯᠠᠳᠠᠨ ᠬᠠᠲᠤᠨ ᠢᠵᠢᠢ ᠶ᠋ᠢᠨ ᠰᠡᠭᠦᠳᠡᠷᠡᠪᠴᠢ ᠶ᠋ᠢᠨ ᠳᠡᠭᠡᠪᠦᠷ ᠲᠦ᠍ ᠠᠰᠠᠨ ᠪᠦᠭᠭᠦᠵᠡᠢ᠃ ᠨᠠᠢᠷ ᠴᠡᠩᠭᠡᠯ ᠦᠯᠦ ᠲᠠᠰᠤᠷᠠᠬᠤ ᠬᠠᠭᠠᠨ ᠴᠡᠴᠡᠷᠯᠢᠭ ᠳᠠᠶᠠᠭᠠᠷ ᠬᠥᠯ ᠪᠣᠯᠵᠤ ᠬᠥᠪᠡᠭᠦᠨ ᠢ᠋ ᠡᠷᠢᠭᠰᠡᠨ ᠪᠣᠯᠪᠠᠴᠤ ᠦᠯᠦ ᠣᠯᠪᠠ᠃ ᠪᠤᠲᠠ ᠱᠠᠭᠠᠢᠵᠤ᠂ ᠮᠥᠴᠢᠷ ᠰᠡᠬᠦᠵᠦ᠂ ᠴᠡᠴᠡᠭ ᠣᠩᠭᠢᠴᠢᠵᠤ ᠦᠵᠡᠭᠰᠡᠨ ᠪᠣᠯᠪᠠᠴᠤ ᠥᠭᠡᠳᠡ ᠪᠡᠨ ᠬᠠᠷᠠᠵᠤ ᠡᠷᠢᠬᠦ ᠰᠥᠭᠥᠭᠡ ᠪᠠᠢᠭᠰᠠᠨ ᠦᠭᠡᠢ᠃ ᠶᠡᠷᠦ ᠬᠥᠪᠡᠭᠦᠨ ᠢ᠋ ᠦᠵᠢᠮᠡᠢ ᠬᠠᠭᠠᠨ ᠤ᠋ ᠦᠵᠦᠮ ᠦ᠋ᠨ ᠴᠡᠴᠡᠷᠯᠢᠭ ᠲᠦ᠍ ᠪᠦᠭᠭᠦᠬᠦ ᠶ᠋ᠢᠨ ᠴᠢᠨᠡᠭᠡ ᠪᠣᠳᠣᠭ᠎ᠠ ᠦᠭᠡᠢ ᠶᠦᠮ᠃ ᠬᠡᠭᠡᠷ᠎ᠡ ᠲᠠᠯ᠎ᠠ ᠪᠠᠨ ᠪᠡᠲᠡᠭᠢᠷᠡᠲᠡᠯᠡ ᠰᠠᠨᠠᠭᠰᠠᠨ ᠠᠮᠢᠲᠠᠨ ᠰᠡᠪ ᠬᠢᠬᠦ ᠴᠢᠯᠥᠭᠡ ᠭᠠᠷᠤᠩᠭᠤᠲᠠ ᠯᠠ ᠨᠤᠲᠤᠭ ᠢ᠋ᠶ᠋ᠠᠨ ᠵᠣᠷᠢᠭᠰᠠᠨ ᠬᠡᠷᠡᠭ ᠭᠡᠮᠡᠨ ᠰᠠᠨᠠᠵᠠᠢ᠃ ᠦᠰᠦ ᠪᠡᠨ ᠥᠭᠲᠡᠭᠡᠨ ᠤᠬᠢᠯᠠᠭᠰᠠᠨ ᠢᠯᠮ᠎ᠠ ᠬᠠᠲᠤᠨ ᠤ᠋ ᠣᠢ ᠭᠤᠨᠢᠭ ᠢ᠋ ᠡᠢᠨ ᠪᠣᠳᠣᠬᠤ ᠳ᠋ᠤ᠌ ᠬᠦᠷᠭᠡᠭᠰᠡᠨ ᠪᠠᠢᠵᠤ ᠴᠣ ᠪᠣᠯᠤᠨ᠎ᠠ᠃ ᠡᠯᠵᠢᠭᠡᠳᠡᠢ ᠨᠣᠶᠠᠨ ᠴᠤ᠌ ᠨᠢᠭᠡ ᠳᠠᠭᠤ ᠲᠩᠷᠢ ᠳ᠋ᠦ᠍᠂ ᠨᠥᠭᠦᠭᠡ ᠳᠠᠭᠤ ᠭᠠᠵᠠᠷ ᠲᠤ᠌ ᠬᠠᠲᠠᠭᠠᠨ ᠡᠷᠢᠯ ᠬᠠᠢᠭᠤᠯ ᠳ᠋ᠤ᠌ ᠪᠣᠰᠴᠠᠢ᠃ ᠦᠵᠢᠮᠡᠢ ᠬᠠᠭᠠᠨ ᠤ᠋ ᠣᠷᠳᠣᠨ ᠤ᠋ ᠲᠦᠮᠡᠨ ᠬᠡᠰᠢᠭᠲᠡᠨ ᠴᠡᠷᠢᠭ ᠡᠴᠡ ᠵᠦᠭ ᠵᠦᠭ ᠤᠷᠤᠭᠤ ᠡᠯᠴᠢ᠂ ᠲᠠᠩᠳᠠᠭᠤᠯ ᠢᠯᠡᠬᠡᠨ ᠰᠤᠷᠠᠭ ᠠᠵᠢᠭ ᠲᠠᠯᠪᠢᠭᠰᠠᠨ ᠴᠤ᠌ ᠡᠰᠡ ᠣᠯᠤᠭᠰᠠᠨ ᠪᠥᠯᠥᠭᠡ᠃ ᠬᠥᠪᠡᠭᠦᠨ ᠵᠤᠨ ᠤ᠋ ᠭᠤᠷᠪᠠᠨ ᠡᠳᠦᠷ ᠳᠥᠷᠪᠡᠨ ᠰᠥᠨᠢ ᠶ᠋ᠢ ᠪᠢᠴᠢᠬᠠᠨ ᠰᠡᠭᠦᠳᠡᠷᠡᠪᠴᠢ ᠶ᠋ᠢᠨ ᠬᠥᠮᠦᠨ ᠠᠩᠵᠠᠭᠠᠷᠠᠮᠠ ᠦᠭᠡᠢ ᠰᠡᠷᠡᠯᠵᠢᠨ ᠣᠷᠣᠢ ᠳ᠋ᠤ᠌ ᠪᠦᠭᠭᠦᠵᠦ᠂ ᠵᠢᠮᠢᠰ ᠲᠡᠳᠦᠢ ᠪᠡᠷ ᠠᠮᠢ ᠵᠢᠭᠤᠨ ᠳᠠᠰᠴᠠᠢ᠃ ᠪᠢᠴᠢᠬᠠᠨ ᠲᠤᠭᠤᠷᠢᠯ ᠤ᠋ᠨ ᠨᠤᠲᠤᠭ ᠢ᠋ᠶ᠋ᠠᠨ ᠭᠡᠬᠦ ᠶᠡᠬᠡ ᠲᠡᠮᠡᠦᠯᠦᠯ᠂ ᠡᠴᠢᠭᠡ ᠪᠡᠨ ᠰᠠᠨᠠᠭᠰᠠᠨ ᠡᠷ᠎ᠡ ᠰᠡᠳᠬᠢᠯ ᠲᠡᠭᠦᠨ ᠳ᠋ᠦ᠍ ᠲᠡᠰᠪᠦᠷᠢ ᠲᠡᠪᠴᠢᠶᠡᠷᠢ ᠬᠠᠢᠷᠠᠯᠠᠭᠰᠠᠨ ᠬᠡᠷᠡᠭ ᠪᠣᠯᠠᠢ᠃ ᠡᠨᠡ ᠬᠦ᠌ ᠭᠡᠭᠡᠨ ᠬᠦᠰᠡᠯᠡᠩ ᠲᠡᠭᠦᠨ ᠢ᠋ ᠬᠥᠲᠥᠯᠦᠨ ᠳᠠᠭᠠᠨ᠎ᠠ ᠦᠨᠦᠷᠲᠦᠭᠰᠡᠨ ᠨᠣᠭᠣᠭᠠᠨ ᠲᠠᠯ᠎ᠠ ᠤᠷᠤᠭᠤ ᠪᠠᠨ ᠳᠡᠭᠳᠡᠴᠢᠬᠡᠵᠦ ᠪᠣᠯᠬᠤ ᠪᠠᠢᠭᠰᠠᠨ ᠴᠤ᠌ ᠪᠠᠰᠠ ᠬᠦ᠌ ᠬᠠᠲᠤᠨ ᠢᠵᠢᠢ ᠳ᠋ᠡᠭᠡᠨ ᠬᠣᠷᠭᠣᠳᠠᠭᠠᠳ ᠪᠠᠢᠵᠠᠢ᠃ ᠳᠥᠷᠪᠡᠳᠡᠬᠢ ᠡᠳᠦᠷ ᠦ᠋ᠨ ᠪᠠᠭ᠎ᠠ ᠦᠳᠡ ᠳ᠋ᠦ᠍ ᠰᠡᠷᠢᠭᠦᠨ ᠯᠠᠪᠠᠷᠢᠨ ᠤ᠋ ᠵᠡᠭᠦᠨ ᠵᠢᠭᠦᠷ ᠡᠴᠡ ᠢᠵᠢᠢ ᠬᠠᠲᠤᠨ ᠮᠣᠷᠢᠯᠠᠨ ᠭᠠᠷᠴᠤ ᠢᠷᠡᠪᠡ᠃ ᠰᠢᠪᠠᠭᠤᠨ ᠬᠥᠯᠲᠦ ᠬᠡᠦᠬᠡᠨ ᠨᠦ᠍ᠭᠦᠳ ᠡᠷᠢᠶᠡᠨ ᠳᠡᠪᠢᠭᠦᠷ ᠪᠠᠷᠢᠨ᠂ ᠤᠷᠲᠤ ᠬᠣᠢᠨ᠎ᠠ ᠨᠢ ᠭᠦᠶᠦᠯᠳᠦᠨ ᠪᠠᠢᠭᠰᠠᠨ ᠢ᠋ᠶ᠋ᠠᠨ ᠡᠯᠵᠢᠭᠡᠳᠡᠢ ᠨᠣᠶᠠᠨ ᠢ᠋ ᠭᠠᠷᠴᠤ ᠢᠷᠡᠬᠦ ᠳ᠋ᠦ᠍ ᠪᠥᠬᠥᠯᠵᠡᠨ ᠮᠡᠬᠦᠯᠵᠡᠨ ᠦᠯᠡᠳᠡᠵᠡᠢ᠃ ᠢᠯᠮ᠎ᠠ ᠢᠵᠢᠢ ᠶ᠋ᠢ ᠳᠣᠲᠣᠨᠣᠴᠢᠯᠠᠨ ᠡᠩᠬᠦᠷᠡᠢᠯᠡᠭᠴᠢ ᠪᠤᠭᠤᠷᠤᠯ ᠨᠣᠶᠠᠨ ᠲᠣᠬᠣᠢ ᠲᠦᠰᠢᠨ ᠭᠠᠩᠭᠠᠷ ᠭᠤᠩᠭᠠᠷ ᠭᠡᠮᠡᠨ ᠨᠠᠭᠠᠰᠢᠯᠠᠪᠠ᠃ ᠴᠢᠩᠭᠢᠭᠡᠳ ᠬᠥᠪᠡᠭᠦᠨ ᠦ᠌ ᠪᠦᠭᠭᠦᠭᠰᠡᠨ ᠰᠡᠭᠦᠳᠡᠷᠡᠪᠴᠢ ᠶ᠋ᠢᠨ ᠳᠣᠣᠷ᠎ᠠ ᠢᠷᠡᠵᠦ ᠰᠠᠭᠤᠨ᠂
— ᠬᠥᠭᠡᠷᠦᠬᠦᠢ ᠦᠷ᠎ᠡ ᠮᠢᠨᠢ ᠭᠡᠳ ᠢᠯᠮ᠎ᠠ ᠢᠵᠢᠢ ᠭᠤᠨᠢᠭᠲᠠᠶ᠎ᠠ ᠰᠡᠭᠦᠷᠡᠰᠦ ᠠᠯᠳᠠᠪᠠ᠃ ᠡᠯᠵᠢᠭᠡᠳᠡᠢ ᠨᠣᠶᠠᠨ ᠬᠢᠬᠦ ᠶᠠᠭᠤᠮ᠎ᠠ ᠪᠠᠨ ᠣᠯᠵᠤ ᠶᠠᠳᠠᠨ ᠬᠣᠣᠰ ᠲᠡᠮᠦᠷ ᠦᠷᠢᠯ ᠭᠠᠷ ᠲᠠᠭᠠᠨ ᠡᠷᠭᠢᠭᠦᠯᠵᠦ ᠵᠣᠭᠰᠣᠭᠰᠠᠨ ᠢ᠋ᠶ᠋ᠠᠨ᠂
— ᠬᠠᠲᠤᠨ ᠲᠠ ᠬᠠᠯᠠᠭᠤᠨ ᠴᠠᠢ ᠵᠣᠭᠣᠭᠯᠠ! ᠭᠡᠬᠦ ᠳ᠋ᠦ᠍᠂
— ᠬᠦᠦ ᠶ᠋ᠢ ᠮᠢᠨᠢ ᠦᠵᠢᠮᠡᠢ ᠬᠠᠭᠠᠨ ᠶᠠᠭᠠᠬᠢᠵᠤ ᠰᠢᠢᠳᠬᠡᠨ᠎ᠡ ᠪᠣᠯ᠁ ᠭᠡᠬᠦ ᠳ᠋ᠦ᠍ ᠪᠤᠭᠤᠷᠤᠯ ᠨᠣᠶᠠᠨ ᠲᠠᠢᠰᠠ ᠲᠠᠢ ᠵᠢᠮᠢᠰᠦᠨ ᠡᠴᠡ ᠨᠢᠭᠡ ᠶ᠋ᠢ ᠴᠢᠮᠬᠢᠯᠡᠨ ᠠᠪᠴᠤ ᠤᠳᠠᠭᠠᠨ ᠬᠦᠯᠬᠦᠭᠰᠡᠨ ᠢ᠋ᠶ᠋ᠡᠨ᠂
— ᠬᠠᠲᠤᠨ ᠮᠢᠨᠢ᠂ ᠬᠠᠭᠠᠨ ᠪᠣᠱᠣᠭᠠᠨᠠ ᠬᠠᠷᠢ ᠶ᠋ᠢᠨ ᠬᠥᠮᠦᠨ ᠪᠦᠳᠦᠷᠢᠪᠡᠯ ᠴᠠᠭᠠᠵᠠ ᠪᠠᠷ ᠠᠪᠠᠴᠢᠳᠠᠭ ᠨᠣᠮᠲᠠᠢ ᠶᠤᠮ ᠬᠡᠮᠡᠪᠡᠯ ᠬᠠᠲᠤᠨ ᠢᠵᠢᠢ ᠶ᠋ᠢᠨ ᠭᠠᠷ ᠠᠶᠠᠨᠳᠠᠭᠠᠨ ᠴᠡᠴᠡᠷᠡᠵᠦ ᠳᠦᠭᠦᠷᠡᠩ ᠠᠶᠠᠭ᠎ᠠ ᠲᠠᠢ ᠴᠠᠢ ᠨᠢ ᠴᠠᠯᠭᠢᠯᠠᠨ ᠪᠠᠢᠪᠠ᠃ ᠭᠡᠲᠡᠯ᠎ᠡ ᠠᠰᠬᠠᠬᠤ ᠦᠭᠡᠢ ᠶᠦᠮ ᠰᠠᠨ ᠭᠡᠵᠦ ᠬᠢᠴᠢᠶᠡᠬᠦ ᠬᠠᠯᠠᠭᠤᠨ ᠴᠡᠢᠨ ᠳᠣᠲᠣᠷ᠎ᠠ ᠬᠦᠦ ᠨᠢ ᠲᠠᠤᠯᠠᠢᠴᠢᠯᠠᠨ ᠬᠡᠪᠲᠡᠵᠦ ᠬᠠᠷᠠᠭᠳᠠᠪᠠ᠃ ᠬᠠᠲᠤᠨ ᠴᠣᠴᠢᠨ ᠤᠤᠯᠭ᠎ᠠ ᠠᠯᠳᠠᠯ᠎ᠠ᠃
— ᠶᠠᠭᠠᠬᠢᠪᠠ᠂ ᠢᠯᠮ᠎ᠠ?
— ᠴᠢ ᠶᠠᠪᠤ᠃
— ᠶᠠᠭᠤ?
— ᠴᠢ ᠶᠠᠪᠤ ᠠ᠋! ᠭᠡᠰᠡᠨ ᠢ᠋ᠶ᠋ᠡᠨ ᠦᠵᠢᠮᠡᠢ ᠬᠠᠭᠠᠨ ᠤ᠋ ᠵᠠᠷᠯᠢᠭ ᠤ᠋ᠨ ᠴᠠᠭᠳᠠᠭ᠎ᠠ ᠶ᠋ᠢ ᠬᠥᠭᠡᠭᠡᠭᠰᠡᠨ ᠳ᠋ᠡᠭᠡᠨ ᠪᠠᠬᠠᠨ ᠪᠠᠯᠠᠮᠠᠭᠳᠠᠵᠤ᠂
— ᠪᠢ᠁ ᠪᠢ ᠭᠠᠭᠴᠠᠭᠠᠷ ᠢ᠋ᠶ᠋ᠠᠨ ᠵᠢᠭᠠᠬᠠᠨ ᠰᠠᠭᠤᠮᠠᠷ ᠪᠠᠢᠨ᠎ᠠ᠁ ᠭᠡᠯᠡ᠃ ᠡᠯᠵᠢᠭᠡᠳᠡᠢ ᠬᠠᠲᠤᠨ ᠢ᠋ ᠬᠠᠢᠷ᠎ᠠ ᠰᠢᠩᠭᠡᠭᠰᠡᠨ ᠨᠢᠳᠦ ᠪᠡᠷ ᠤᠳᠠᠭᠠᠨ ᠠᠵᠢᠭᠰᠠᠨ ᠢ᠋ᠶ᠋ᠠᠨ ᠴᠢᠮᠡᠭᠡ ᠦᠭᠡᠢ ᠪᠣᠰᠤᠨ ᠣᠳᠴᠠᠢ᠃ ᠠᠶᠠᠭ᠎ᠠ ᠥᠩᠭᠡᠢᠨ ᠬᠠᠷᠠᠭ᠎ᠠ ᠦᠭᠡᠢ ᠳ᠋ᠦ᠍ᠨᠢ ᠳᠣᠲᠣᠷ᠎ᠠ ᠪᠠᠨ ᠵᠠᠯᠪᠠᠷᠢᠪᠠ᠃ ᠬᠠᠲᠤᠨ ᠢᠵᠢᠢ ᠨᠢ ᠠᠶᠠᠭᠠᠨ ᠳᠣᠲᠣᠷ᠎ᠠ ᠬᠢ ᠳᠦᠷᠰᠦᠨ ᠳ᠋ᠡᠭᠡᠨ ᠢᠲᠡᠭᠡᠵᠦ ᠶᠠᠳᠠᠨ ᠰᠠᠭᠤᠬᠤ ᠳ᠋ᠤ᠌ ᠲᠣᠷᠯᠣᠭ ᠲᠣᠭᠣᠷᠢᠯ᠂
— ᠬᠠᠲᠤᠨ ᠢᠵᠢᠢ ᠠ᠋ ᠭᠡᠪᠡᠯ ᠢᠯᠮ᠎ᠠ ᠪᠣᠨᠲᠤᠭᠤᠰᠬᠢᠲᠠᠯᠠ ᠴᠣᠴᠢᠯ᠎ᠠ᠃ ᠬᠡᠢ ᠳᠦᠷᠰᠦ ᠬᠠᠷᠠᠪᠠ ᠭᠡᠮᠡᠨ ᠪᠣᠳᠣᠭᠰᠠᠨ ᠠᠵᠢ᠃ ᠲᠣᠷᠯᠣᠭ ᠲᠤᠭᠤᠷᠢᠯ ᠨᠠᠮ ᠳᠠᠭᠤ ᠪᠠᠷ᠂
— ᠬᠠᠲᠤᠨ ᠢᠵᠢᠢ ᠠ᠋᠂ ᠨᠠᠳᠠ ᠤᠷᠤᠭᠤ ᠪᠤᠤ ᠬᠠᠷ᠎ᠠ᠃ ᠠᠶᠠᠭ᠎ᠠ ᠤᠷᠤᠭᠤ ᠪᠠᠨ ᠯᠠ ᠬᠠᠷᠠᠵᠤ ᠶᠠᠷᠢ! ᠭᠡᠬᠦ ᠳ᠋ᠦ᠍ ᠢᠵᠢᠢ ᠨᠢ ᠬᠣᠭᠣᠯᠠᠢ ᠵᠠᠩᠭᠢᠷᠠᠨ ᠡᠷᠢᠶᠡᠨᠲᠦᠵᠦ᠂
— ᠴᠢᠮᠠᠶ᠋ᠢ ᠴᠠᠭᠠᠵᠠᠯᠠᠬᠤ ᠨᠢ ᠪᠠᠢᠨ᠎ᠠ ᠰᠢᠦ ᠳᠡ ᠬᠡᠮᠡᠪᠡ᠃ ᠲᠣᠷᠯᠣᠭ ᠲᠣᠭᠣᠷᠢᠯ ᠬᠠᠲᠤᠨ ᠢᠵᠢᠢ ᠶ᠋ᠢᠨ ᠰᠡᠳᠬᠢᠯ ᠦ᠋ᠨ ᠵᠢᠯᠣᠭᠣ ᠶ᠋ᠢ ᠪᠠᠲᠤ ᠠᠳᠬᠤᠬᠤ ᠪᠠᠷ᠂
— ᠲᠡᠷᠡ ᠲᠣᠰᠤᠮ ᠢ᠋ᠶ᠋ᠠᠨ ᠣᠷᠭᠣᠶᠠ ᠭᠡᠵᠦ ᠰᠢᠢᠳᠮᠡᠭ ᠥᠭᠦᠯᠡᠬᠦ ᠳ᠋ᠦ᠍ ᠢᠵᠢᠢ ᠨᠢ᠂
— ᠡᠯᠵᠢᠭᠡᠳᠡᠢ ᠶ᠋ᠢ ᠶᠠᠭᠠᠬᠢᠨ᠎ᠠ ᠪᠢᠯᠡ? ᠭᠡᠪᠡ᠃ ᠲᠣᠭᠣᠷᠢᠯ᠂
— ᠬᠠᠷᠢ ᠶ᠋ᠢᠨ ᠬᠥᠮᠦᠨ ᠭᠡᠷ ᠲᠡᠭᠡᠨ ᠦᠯᠡᠳᠡᠭ! ᠬᠠᠲᠤᠨ ᠢᠵᠢᠢ ᠲᠠ ᠮᠡᠴᠢᠳ ᠭᠤᠳᠤᠢᠬᠤ ᠴᠠᠭ ᠢ᠋ᠶ᠋ᠠᠷ ᠡᠨᠡ ᠰᠡᠭᠦᠳᠡᠷᠡᠪᠴᠢᠨ ᠳ᠋ᠦ᠍ ᠢᠷᠡᠭᠲᠦᠨ! ᠬᠡᠷᠡᠮ ᠦ᠋ᠨ ᠬᠡᠪᠲᠡᠭᠦᠯ ᠰᠣᠯᠢᠭᠳᠠᠬᠤ ᠦᠶ᠎ᠡ ᠲᠡᠷᠡ ᠪᠢᠯᠡ! ᠬᠡᠮᠡᠵᠡᠢ᠃ ᠡᠨᠡ ᠬᠢᠷᠢ ᠡᠯᠵᠢᠭᠡᠳᠡᠢ ᠨᠣᠶᠠᠨ ᠠᠢᠰᠤᠢ ᠪᠠᠷ᠎ᠠ ᠪᠠᠷ ᠢᠵᠢᠢ ᠬᠠᠲᠤᠨ ᠰᠠᠨᠳᠤ ᠮᠡᠩᠳᠡ ᠪᠣᠰᠤᠨ ᠣᠳᠪᠠ᠃ ᠵᠠ ᠴᠣ ᠭᠡᠵᠦ ᠦᠯᠦ ᠴᠢᠳᠠᠬᠤ᠂ ᠦᠭᠡᠢ ᠴᠦ᠍ ᠭᠡᠵᠦ ᠦᠯᠦ ᠴᠢᠳᠠᠬᠤ ᠠᠴᠠᠨ ᠰᠠᠯᠠᠭᠠᠨ ᠳ᠋ᠤ᠌ ᠣᠷᠣᠭᠰᠠᠨ ᠨᠢ ᠲᠡᠷᠡ ᠶᠦᠮ᠃ ᠭᠡᠪᠡᠴᠦ ᠡᠬᠡ ᠬᠥᠮᠦᠨ ᠦ᠌ ᠦᠷ᠎ᠡ ᠪᠡᠨ ᠭᠡᠬᠦ ᠰᠡᠳᠬᠢᠯ ᠲᠠᠢᠯᠤᠨ ᠬᠣᠶᠠᠭᠤᠯᠠ ᠤᠷᠭᠤᠵᠠᠢ᠃ ᠬᠠᠷᠢᠨ ᠵᠠᠮ ᠤ᠋ᠨ ᠡᠷᠬᠡ ᠪᠡᠷ ᠡᠯᠵᠢᠭᠡᠳᠡᠢ ᠨᠣᠶᠠᠨ ᠠ᠋ᠴᠠ ᠬᠣᠯᠠᠳᠬᠤ ᠲᠣᠰᠤᠮ ᠰᠡᠳᠬᠢᠯ ᠨᠢ ᠰᠡᠮᠡᠷᠡᠵᠦ ᠬᠠᠨᠴᠤᠢ ᠨᠣᠷᠭᠠᠨ ᠶᠠᠪᠤᠭ᠎ᠠ ᠪᠥᠯᠥᠭᠡ᠃ ᠶᠡᠬᠡ ᠴᠡᠷᠢᠭ ᠦ᠋ᠨ ᠲᠣᠭᠣᠰᠣᠨ ᠳ᠋ᠤ᠌ ᠳᠠᠷᠤᠭᠳᠠᠭᠰᠠᠨ ᠮᠤᠬᠤᠯᠠᠭ ᠲᠡᠷᠭᠡᠨ ᠳ᠋ᠦ᠍ ᠰᠠᠭᠤᠵᠤ ᠤᠰᠤᠨ ᠨᠢᠳᠦᠯᠡᠵᠦ ᠶᠠᠪᠤᠭ᠎ᠠ ᠢᠵᠢᠢ ᠪᠡᠨ ᠨᠢᠭᠡ ᠦᠷᠦ ᠡᠪᠡᠳᠴᠦ᠂ ᠨᠢᠭᠡ ᠠᠭᠤᠷᠰᠠᠵᠤ ᠶᠠᠪᠤᠯ᠎ᠠ᠃
— ᠢᠯᠮ᠎ᠠ ᠬᠠᠲᠤᠨ ᠲᠠᠢᠳᠬᠤᠷᠠᠬᠤ ᠪᠣᠯᠤᠭ᠎ᠠ ᠦᠭᠡᠢ ᠶᠦᠮ ᠰᠠᠨ ᠤᠤ? ᠭᠡᠵᠦ ᠶᠢᠰᠦᠭᠡᠢ ᠵᠢᠪᠡᠭᠦᠴᠡᠩᠭᠦᠢ ᠠᠰᠠᠭᠤᠬᠤ ᠳ᠋ᠤ᠌ ᠲᠣᠷᠯᠣᠭ ᠲᠣᠭᠣᠷᠢᠯ ᠪᠠᠷᠢᠴᠠ ᠠᠯᠳᠠᠵᠤ᠂
— ᠶᠢᠰᠦᠭᠡᠢ ᠮᠡᠷᠭᠡᠨ ᠮᠢᠨᠢ᠂ ᠲᠥᠷᠥᠭᠦᠯᠵᠦ ᠥᠰᠬᠡᠭᠰᠡᠨ ᠢᠵᠢᠢ ᠳ᠋ᠡᠭᠡᠨ ᠲᠥᠷᠥᠭᠰᠡᠨ ᠦᠷ᠎ᠡ ᠨᠢ ᠰᠤᠷᠭᠠᠯᠲᠠᠢ ᠪᠢᠰᠢ ᠳᠡ ᠬᠡᠮᠡᠭᠰᠡᠨ ᠨᠢ ᠦᠨᠡᠨ ᠦ᠌ ᠬᠤᠪᠢ ᠲᠠᠢ ᠦᠭᠡ ᠪᠠᠢᠪᠠ᠃ ᠶᠢᠰᠦᠭᠡᠢ ᠪᠠᠰᠠ ᠴᠤ᠌ ᠰᠡᠳᠬᠢᠯ ᠰᠡᠷ ᠬᠢᠯᠭᠡᠭᠰᠡᠨ ᠦᠭᠡ ᠬᠡᠯᠡᠭᠰᠡᠨ ᠳ᠋ᠡᠭᠡᠨ ᠭᠡᠮᠰᠢᠰᠬᠢᠵᠦ ᠬᠣᠭᠣᠯᠠᠢ ᠵᠠᠰᠠᠨ ᠬᠣᠯᠠᠬᠢ ᠶ᠋ᠢ ᠰᠢᠷᠳᠡᠲᠡᠯᠡ ᠢᠵᠢᠯᠢ ᠲᠤᠯᠤᠭᠠᠳ ᠤ᠋ᠨ ᠳᠤᠮᠳᠠᠭᠤᠷ ᠲᠣᠰᠤᠭᠤᠯ ᠴᠡᠷᠢᠭ ᠳᠣᠪᠲᠣᠯᠭᠠᠨ ᠠᠢᠰᠤᠢ ᠠᠵᠢ᠃
— ᠵᠣᠭᠰᠣ ᠭᠡᠮᠡᠨ ᠲᠠᠰᠢᠭᠤᠷ ᠪᠠᠷᠢᠭᠰᠠᠨ ᠭᠠᠷ ᠢ᠋ᠶ᠋ᠠᠨ ᠡᠷᠭᠦᠬᠦ ᠳ᠋ᠦ᠍《ᠵᠣᠭᠰᠣ》《ᠵᠣᠭᠰᠣ》 ᠭᠡᠰᠡᠨ ᠦᠭᠡ ᠶᠡᠬᠡ ᠴᠤᠪᠤᠭᠠᠨ ᠤ᠋ ᠡᠬᠢ ᠡᠴᠡ ᠠᠳᠠᠭ ᠬᠦᠷᠲᠡᠯ᠎ᠡ ᠳᠠᠪᠲᠠᠨ ᠳᠠᠭᠤᠷᠢᠰᠴᠤ᠂ ᠢᠯᠠᠭᠰᠠᠨ ᠡᠷᠡᠰ ᠮᠣᠩᠭᠣᠯ ᠤ᠋ᠨ ᠶᠡᠬᠡ ᠬᠡᠭᠡᠷ᠎ᠡ ᠲᠠᠯ᠎ᠠ ᠳ᠋ᠤ᠌ ᠨᠠᠯᠠᠢᠨ ᠰᠠᠭᠠᠳᠠᠪᠠ᠃ ᠶᠢᠰᠦᠭᠡᠢ ᠶ᠋ᠢᠨ ᠤᠨᠤᠭᠰᠠᠨ ᠰᠡᠷᠪᠡᠩ ᠬᠡᠭᠡᠷ ᠮᠣᠷᠢ ᠢᠵᠢᠯᠢ ᠰᠦᠷᠦᠭ ᠢ᠋ᠶ᠋ᠡᠨ ᠲᠠᠨᠢᠵᠤ ᠬᠠᠩᠭᠢᠨᠠᠲᠠᠯ᠎ᠠ ᠦᠦᠷᠰᠡᠬᠦ ᠳ᠋ᠦ᠍ ᠪᠠᠷᠳᠠᠨᠪᠠᠭᠠᠲᠤᠷ ᠡᠴᠢᠭᠡ ᠶ᠋ᠢᠨ ᠤᠨᠤᠭᠰᠠᠨ ᠬᠠᠯᠢᠭᠤᠨ ᠮᠣᠷᠢ ᠬᠠᠷᠢᠭᠤ ᠦᠦᠷᠰᠡᠨ ᠤᠴᠠᠷᠠᠪᠠ᠃ ᠬᠢᠷᠢ ᠪᠠᠷᠤᠭ ᠤ᠋ᠨ ᠶᠠᠭᠤᠮᠠᠨ ᠳ᠋ᠤ᠌ ᠨᠢᠯᠪᠤᠰᠤ ᠦᠵᠡᠭᠦᠯᠳᠡᠭ ᠦᠭᠡᠢ ᠪᠠᠷᠳᠠᠨᠪᠠᠭᠠᠲᠤᠷ ᠯᠠ ᠳᠥᠷᠥᠭᠡ ᠦᠭᠡᠢ ᠰᠢᠬᠠᠮ ᠦᠰᠦᠷᠦᠨ ᠪᠠᠭᠤᠵᠤ ᠶᠢᠰᠦᠭᠡᠢ ᠬᠦᠦ ᠪᠡᠨ ᠦᠨᠦᠰᠦᠭᠰᠡᠨ ᠢ᠋ᠶ᠋ᠡᠨ᠂
— ᠮᠢᠨᠦ ᠬᠦᠦ ᠡᠷ᠎ᠡ ᠪᠣᠯᠵᠠᠢ᠁ ᠭᠡᠮᠡᠨ ᠨᠢᠭᠤᠷ ᠳᠡᠭᠡᠷ᠎ᠡ ᠨᠢ ᠠᠩᠬ᠎ᠠ ᠤᠳᠠᠭ᠎ᠠ ᠬᠡᠯᠡᠵᠦ ᠠᠪᠠᠢ᠃ ᠮᠠᠩᠬᠢᠲᠦ ᠬᠢᠶᠠᠨ᠂ ᠨᠡᠭᠦᠨ ᠲᠠᠢᠵᠢ᠂ ᠪᠦᠷ ᠰᠤᠷᠠᠭ ᠲᠡᠳᠦᠢ ᠲᠠᠨᠢᠬᠤ ᠲᠣᠷᠯᠣᠭ ᠲᠤᠭᠤᠷᠢᠯ ᠢ᠋ ᠬᠦᠷᠲᠡᠯ᠎ᠡ ᠦᠨᠦᠰᠦᠭᠡᠳ᠂
— ᠬᠥᠮᠦᠨ ᠦ᠌ ᠨᠤᠲᠤᠭ᠂ ᠭᠦᠨ ᠦ᠌ ᠭᠠᠵᠠᠷ ᠲᠤ᠌ ᠵᠤᠪᠠᠭ᠎ᠠ ᠪᠢᠵᠡ ᠳᠡ᠃ ᠲᠤᠭᠤᠷᠢᠯ ᠮᠢᠨᠢ᠂ ᠬᠤᠷᠵᠠᠬᠤᠰ ᠨᠣᠶᠠᠨᠲᠠᠨ ᠠᠭᠤᠷ ᠢ᠋ᠶ᠋ᠠᠨ ᠪᠢᠳᠡᠨ ᠳ᠋ᠦ᠍ ᠭᠠᠷᠭᠠᠬᠤ ᠪᠢᠯᠡ᠃ ᠪᠢᠳᠡ ᠭᠡᠲᠡᠯ᠎ᠡ ᠬᠣᠷᠣᠬᠠᠢ ᠳ᠋ᠤ᠌ ᠬᠣᠣᠷ ᠦᠭᠡᠢ ᠠᠮᠢᠲᠠᠰ ᠶᠤᠮ ᠭᠡᠵᠡᠢ᠃ ᠴᠢᠩᠭᠢᠭᠡᠳ ᠬᠦᠯᠦᠭ ᠪᠠᠭᠠᠲᠤᠷ ᠡᠷᠡᠰ ᠢ᠋ ᠬᠣᠷᠣᠮ ᠬᠢᠷᠢ ᠬᠠᠷᠠᠴᠠ ᠭᠦᠶᠦᠯᠭᠡᠨ ᠠᠵᠢᠭᠰᠠᠨ ᠢ᠋ᠶ᠋ᠠᠨ ᠶᠢᠰᠦᠭᠡᠢ ᠳ᠋ᠦ᠍ ᠬᠠᠨᠳᠤᠨ᠂
— ᠡᠷ᠎ᠡ ᠡᠨᠳᠡᠵᠦ᠂ ᠡᠷᠭᠢ ᠨᠤᠷᠠᠳᠠᠭ ᠶᠤᠮ᠃ ᠶᠢᠰᠦᠭᠡᠢ ᠬᠦᠦ ᠮᠢᠨᠢ ᠴᠢ ᠶᠠᠪᠤ! ᠲᠣᠷᠯᠣᠭ ᠲᠣᠭᠣᠷᠢᠯ ᠢ᠋ ᠬᠠᠭᠠᠨ ᠠᠪᠤ ᠳ᠋ᠤᠨᠢ ᠬᠦᠷᠭᠡᠵᠦ ᠥᠭ! ᠭᠡᠬᠦ ᠳ᠋ᠦ᠍ ᠨᠡᠭᠦᠨ ᠲᠠᠢᠵᠢ ᠰᠠᠨᠳᠤᠷᠤᠨ᠂
— ᠵᠣᠪᠠᠭᠠᠳ ᠪᠠᠢᠪᠠᠯ ᠴᠢ ᠴᠣᠭ ᠶᠠᠪᠤ ᠯᠠ ᠳᠠ᠃ ᠬᠠᠷᠢᠨ ᠬᠤᠷᠳᠤᠨ ᠢᠷᠡᠭᠡᠷᠡᠢ᠂ ᠬᠠᠭᠠᠨ ᠠᠪᠤ ᠶ᠋ᠢᠨ ᠪᠡᠶ᠎ᠡ ᠲᠠᠪᠠ ᠦᠭᠡᠢ ᠪᠢᠯᠡ! ᠭᠡᠪᠡ᠃
ᠶᠡᠬᠡ ᠬᠡᠭᠡᠷ᠎ᠡ ᠲᠠᠯ᠎ᠠ ᠳ᠋ᠤ᠌ ᠨᠠᠮ ᠭᠦᠮ ᠪᠣᠯᠤᠯ᠎ᠠ᠃ ᠠᠮᠠᠭᠠᠢ ᠲᠡᠩᠭᠡᠯᠢᠭ ᠬᠠᠩᠭᠢᠨᠠᠬᠤ᠂ ᠳᠥᠷᠥᠭᠡ ᠬᠠᠷᠰᠢᠬᠤ ᠰᠣᠨᠣᠰᠳᠠᠨ ᠪᠠᠢᠭᠰᠠᠨ ᠢ᠋ᠶ᠋ᠠᠨ ᠶᠡᠬᠡ ᠨᠡᠭᠦᠳᠡᠯ ᠠᠯᠭᠤᠷᠬᠠᠨ ᠤᠷᠤᠭᠰᠢᠯᠠᠪᠠ᠃
~ ᠦᠷᠭᠦᠯᠵᠢᠯᠡᠯ ᠪᠣᠢ ~
