ᠠᠭᠲᠠ ᠶ᠋ᠢᠨ ᠴᠡᠩᠬᠡᠷ ᠲᠠᠯ᠎ᠠ -ᠰᠡᠷᠴᠢᠮ᠎ᠠ Agtyn tsenkher tal-SerchmaaАгтын цэнхэр тал-Сэрчмаа
ᠠᠭᠲᠠ ᠶ᠋ᠢᠨ ᠴᠡᠩᠬᠡᠷ ᠲᠠᠯ᠎ᠠ
ᠦᠭᠡ᠄ ᠥ᠊· ᠨᠠᠴᠢᠨ
ᠠᠶ᠎ᠠ᠄ ᠰᠡᠴᠡᠨᠴᠣᠭᠲᠤ
ᠳᠠᠭᠤᠴᠢᠨ᠄ ᠰᠡᠷᠴᠢᠮ᠎ᠠ
ᠡᠷᠬᠡᠲᠦ ᠬᠠᠨ ᠬᠠᠢᠷᠬᠠᠨ ᠮᠢᠨᠢ ᠨᠤᠲᠤᠭ ᠤ᠋ᠨ ᠢ᠋ᠶ᠋ᠠᠨ ᠬᠣᠢᠮᠣᠷ ᠲᠤ᠌ ᠬᠠᠩᠬᠠᠢᠨᠠ
ᠡᠩᠭᠡᠷ ᠳᠦᠭᠦᠷᠡᠩ ᠴᠡᠴᠡᠭᠡᠰ ᠢ᠋ ᠨᠢ ᠴᠡᠩᠬᠡᠷ ᠤᠨᠢᠶᠠᠷ ᠨᠢ ᠢᠯᠪᠢᠭᠡᠳ ᠪᠠᠢᠨ᠎ᠠ
ᠡᠷᠡᠮᠡᠭ ᠬᠥᠪᠴᠢ ᠨᠢ ᠦᠦᠷᠰᠡᠩᠬᠡᠨ ᠮᠣᠷᠢᠨ ᠬᠤᠭᠤᠷ ᠨᠢ ᠬᠦᠩᠭᠢᠨᠡᠭᠡᠳ ᠪᠠᠢᠨ᠎ᠠ
ᠡᠭᠡᠰᠢᠭ ᠰᠡᠪᠢᠬᠦ ᠰᠠᠯᠬᠢᠨ ᠠ᠋ᠴᠠ ᠨᠢ ᠠᠳᠤᠭᠤᠨ ᠤ᠋ ᠬᠥᠯᠥᠰᠥ ᠨᠢ ᠦᠨᠦᠷᠲᠦᠭᠡᠳ ᠪᠠᠢᠨ᠎ᠠ
ᠠᠢ᠂ ᠠᠭᠲᠠ ᠶ᠋ᠢᠨ ᠴᠡᠩᠬᠡᠷ ᠲᠠᠯ᠎ᠠ ᠮᠢᠨᠢ ᠪᠢᠯᠡ
ᠠᠪᠤ ᠳᠡᠭᠡᠳᠦ ᠶ᠋ᠢᠨ ᠨᠤᠲᠤᠭ ᠮᠢᠨᠢ ᠪᠢᠯᠡ
ᠲᠤᠯᠭ᠎ᠠ ᠶ᠋ᠢᠨ ᠴᠢᠯᠠᠭᠤ ᠲᠠᠢ ᠪᠠᠭᠤᠴᠠ ᠮᠢᠨᠢ ᠪᠢᠯᠡ
ᠲᠤᠭᠤᠷᠠᠢ ᠶ᠋ᠢᠨ ᠲᠠᠮᠠᠭ᠎ᠠ ᠲᠠᠢ ᠥᠯᠥᠭᠡᠢ ᠮᠢᠨᠢ ᠪᠢᠯᠡ
ᠵᠢᠷᠤᠬᠠᠢ ᠶ᠋ᠢᠨ ᠬᠥᠬᠡ ᠬᠦᠷᠳᠦᠨ ᠰᠢᠭ ᠨᠠᠭᠠᠳᠤᠮ ᠤ᠋ᠨ ᠲᠣᠭᠣᠷᠢᠭ ᠳᠡᠪᠵᠢᠭᠡ ᠲᠡᠢ
ᠵᠤᠤᠵᠠᠢ ᠬᠣᠯᠪᠣᠭᠰᠠᠨ ᠬᠦᠯᠦᠭ ᠦ᠋ᠳ ᠰᠢᠭ ᠨᠡᠷᠡᠯᠡᠭ ᠪᠣᠷᠣᠬᠠᠨ ᠨᠢᠷᠤᠭᠤᠳ ᠲᠠᠢ
ᠠᠭᠤᠯᠠ ᠶ᠋ᠢᠨ ᠪᠤᠭᠤ ᠨᠢ ᠤᠷᠤᠮᠳᠠᠬᠤ ᠪᠠᠷ ᠨᠠᠪᠴᠢᠰ ᠨᠢ ᠪᠥᠵᠢᠳᠡᠭ ᠰᠢᠭᠤᠢ ᠲᠠᠢ
ᠤᠷᠲᠤ ᠶ᠋ᠢᠨ ᠳᠠᠭᠤᠤ ᠰᠢᠷᠤᠩᠬᠠᠶ᠋ᠢᠯᠠᠬᠤ ᠪᠠᠷ ᠣᠳᠣᠳ ᠨᠢ ᠮᠦᠰᠢᠶᠡᠳᠡᠭ ᠲᠩᠷᠢ ᠲᠡᠢ
ᠠᠢ᠂ ᠠᠭᠲᠠ ᠶ᠋ᠢᠨ ᠴᠡᠩᠬᠡᠷ ᠲᠠᠯ᠎ᠠ ᠮᠢᠨᠢ ᠪᠢᠯᠡ
ᠠᠪᠤ ᠳᠡᠭᠡᠳᠦ ᠶ᠋ᠢᠨ ᠨᠤᠲᠤᠭ ᠮᠢᠨᠢ ᠪᠢᠯᠡ
ᠲᠤᠯᠭ᠎ᠠ ᠶ᠋ᠢᠨ ᠴᠢᠯᠠᠭᠤ ᠲᠠᠢ ᠪᠠᠭᠤᠴᠠ ᠮᠢᠨᠢ ᠪᠢᠯᠡ
ᠲᠤᠭᠤᠷᠠᠢ ᠶ᠋ᠢᠨ ᠲᠠᠮᠠᠭ᠎ᠠ ᠲᠠᠢ ᠥᠯᠥᠭᠡᠢ ᠮᠢᠨᠢ ᠪᠢᠯᠡ
ᠡᠵᠢ ᠶ᠋ᠢ ᠪᠡᠨ ᠲᠣᠰᠴᠤ ᠮᠥᠯᠬᠥᠭᠰᠡᠭᠡᠷ ᠬᠥᠯ ᠳ᠋ᠦ᠍ ᠣᠷᠣᠭᠰᠠᠨ ᠰᠢᠷᠣᠢ ᠮᠢᠨᠢ ᠪᠢᠯᠡ
ᠠᠪᠤ ᠶ᠋ᠢ ᠪᠡᠨ ᠳᠠᠭᠠᠵᠤ ᠳᠡᠷᠪᠡᠭᠰᠡᠭᠡᠷ ᠡᠮᠡᠭᠡᠯ ᠳ᠋ᠦ᠍ ᠪᠡᠨ ᠮᠣᠷᠳᠠᠭᠰᠠᠨ ᠲᠤᠯᠤᠭᠠᠳ ᠮᠢᠨᠢ ᠪᠠᠢᠨ᠎ᠠ
ᠴᠤᠪᠤᠭ᠎ᠠ ᠵᠠᠳᠠᠷᠠᠬᠤ ᠦᠭᠡᠢ ᠰᠢᠪᠠᠭᠤᠳ ᠨᠢ ᠴᠢᠭᠤᠯᠤᠨ ᠴᠢᠭᠤᠯᠤᠨ ᠡᠷᠭᠢᠭᠡᠳ ᠪᠠᠢᠨ᠎ᠠ
ᠤᠳᠤᠮ ᠢ᠋ᠶ᠋ᠠᠨ ᠮᠠᠷᠲᠠᠬᠤ ᠦᠭᠡᠢ ᠦᠷᠡᠰ ᠨᠢ ᠤᠴᠠᠷᠠᠨ ᠵᠣᠯᠭᠠᠨ ᠳᠠᠭᠤᠯᠠᠭᠠᠳ ᠪᠠᠢᠨ᠎ᠠ
ᠠᠢ᠂ ᠠᠭᠲᠠ ᠶ᠋ᠢᠨ ᠴᠡᠩᠬᠡᠷ ᠲᠠᠯ᠎ᠠ ᠮᠢᠨᠢ ᠪᠢᠯᠡ
ᠠᠪᠤ ᠳᠡᠭᠡᠳᠦ ᠶ᠋ᠢᠨ ᠨᠤᠲᠤᠭ ᠮᠢᠨᠢ ᠪᠢᠯᠡ
ᠲᠤᠯᠭ᠎ᠠ ᠶ᠋ᠢᠨ ᠴᠢᠯᠠᠭᠤ ᠲᠠᠢ ᠪᠠᠭᠤᠴᠠ ᠮᠢᠨᠢ ᠪᠢᠯᠡ
ᠲᠤᠭᠤᠷᠠᠢ ᠶ᠋ᠢᠨ ᠲᠠᠮᠠᠭ᠎ᠠ ᠲᠠᠢ ᠥᠯᠥᠭᠡᠢ ᠮᠢᠨᠢ ᠪᠢᠯᠡ
ᠥᠯᠥᠭᠡᠢ ᠮᠢᠨᠢ ᠪᠢᠯᠡ
ᠦᠰᠦᠭ ᠠᠮᠢᠯᠠᠭᠤᠯᠵᠤ᠂ ᠦᠰᠦᠭ ᠬᠠᠲᠠᠭᠰᠠᠨ ᠨᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
