ᠰᠦᠪᠧᠢ ᠮᠣᠩᠭᠣᠯᠴᠤᠳ ᠤ᠋ᠨ ᠢᠷᠦᠭᠡᠯ ᠮᠠᠭᠲᠠᠭᠠᠯ ᠤ᠋ᠨ ᠲᠡᠭᠦᠪᠦᠷᠢ-ᠭᠤᠷᠪᠠ᠂ ᠮᠠᠯ ᠤᠨᠤᠭᠠᠨ ᠤ᠋ ᠢᠷᠦᠭᠡᠯ ᠮᠠᠭᠲᠠᠭᠠᠯ
ᠮᠣᠷᠢᠨ ᠤ᠋ ᠮᠠᠭᠲᠠᠭᠠᠯ
(ᠨᠢᠭᠡ)
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠮᠠᠩᠨᠠᠢ ᠶ᠋ᠢᠨ ᠳᠡᠭᠡᠷ᠎ᠡ ᠡᠴᠡ ᠨᠢ
ᠨᠠᠷᠠᠨ ᠤ᠋ ᠭᠡᠷᠡᠯ ᠮᠠᠨᠳᠤᠭᠰᠠᠨ
ᠰᠡᠭᠡᠷᠡᠨ ᠳᠡᠭᠡᠷ᠎ᠡ ᠡᠴᠡ ᠨᠢ
ᠰᠠᠷᠠᠨ ᠤ᠋ ᠭᠡᠷᠡᠯ ᠮᠠᠨᠳᠤᠭᠰᠠᠨ
ᠲᠥᠭᠡ ᠤᠷᠲᠤ ᠴᠢᠬᠢᠲᠡᠢ
ᠲᠥᠭᠥᠷᠢᠭ ᠬᠠᠷ᠎ᠠ ᠨᠢᠳᠦ ᠲᠡᠢ
ᠲᠤᠯᠪᠤᠷ ᠰᠠᠢᠬᠠᠨ ᠵᠢᠰᠦ ᠲᠡᠢ
ᠲᠤᠰ ᠰᠠᠢᠬᠠᠨ ᠪᠡᠶ᠎ᠡ ᠲᠡᠢ
ᠵᠦᠷᠲᠠᠢ ᠶ᠋ᠢᠨ ᠰᠢᠳᠠᠷ ᠲᠠᠢ
ᠡᠵᠡᠨ ᠬᠠᠭᠠᠨ ᠤ᠋ ᠲᠠᠮᠠᠭ᠎ᠠ ᠲᠠᠢ
ᠦᠶ᠎ᠡ ᠪᠣᠯᠭᠠᠨ ᠳ᠋ᠤ᠌ ᠪᠠᠨ ᠲᠠᠮᠠᠭ᠎ᠠ ᠲᠠᠢ
ᠦᠰᠦᠨ ᠪᠣᠯᠭᠠᠨ ᠳ᠋ᠤ᠌ ᠪᠠᠨ ᠦᠵᠦᠭ ᠲᠡᠢ
ᠮᠠᠭᠤ ᠬᠥᠮᠦᠨ ᠢ᠋ᠶ᠋ᠡᠷ ᠤᠨᠤᠭᠤᠯᠰᠢᠶᠠᠨ ᠦᠭᠡᠢ
ᠮᠣᠯᠵᠢᠷ ᠮᠣᠳᠣᠨ ᠠ᠋ᠴᠠ ᠤᠶᠠᠭᠤᠯᠰᠢᠶᠠᠨ ᠦᠭᠡᠢ
ᠱᠠᠯᠢᠨ ᠬᠥᠮᠦᠨ ᠢ᠋ᠶ᠋ᠡᠷ ᠤᠨᠤᠭᠤᠯᠰᠢᠶᠠᠨ ᠦᠭᠡᠢ
ᠱᠠᠯᠴᠢᠶᠠᠨ ᠤᠰᠤᠨ ᠠ᠋ᠴᠠ ᠤᠰᠤᠯᠠᠰᠢᠶᠠᠨ ᠦᠭᠡᠢ
ᠪᠤᠶᠠᠨᠲᠠᠢ ᠬᠥᠮᠦᠨ ᠤᠨᠠᠵᠤ
ᠪᠤᠯᠠᠭ ᠤ᠋ᠨ ᠤᠰᠤᠨ ᠠ᠋ᠴᠠ ᠤᠰᠤᠯᠠᠵᠤ
ᠵᠠᠶᠠᠭ᠎ᠠ ᠲᠠᠢ ᠬᠥᠮᠦᠨ ᠤᠨᠤᠵᠤ
ᠽᠠᠨᠳᠠᠨ ᠭᠠᠳᠠᠰᠤᠨ ᠠ᠋ᠴᠠ ᠤᠶᠠᠳᠠᠭ
ᠨᠠᠮᠤᠷ ᠤ᠋ᠨ ᠲᠠᠨᠢ ᠨᠠᠮᠤᠷᠵᠠ ᠳ᠋ᠤ᠌
ᠨᠠᠢᠷ ᠨᠠᠭᠠᠳᠤᠮ ᠤ᠋ᠨ ᠳᠤᠮᠳᠠ
ᠨᠠᠴᠢᠨ ᠬᠠᠷᠴᠠᠭᠠᠢ ᠠᠯᠲᠠᠨ ᠳᠡᠭᠳᠡ
ᠴᠣᠭ ᠴᠡᠩᠭᠡᠯ ᠭᠡᠳᠡᠭ ᠮᠣᠷᠢ ᠶ᠋ᠢ ᠲᠠᠨᠢ
ᠴᠢᠩ ᠴᠠᠭᠠᠨ ᠲᠣᠰᠣ ᠪᠠᠷ ᠮᠢᠯᠢᠶᠠᠪᠠ ᠴᠣᠳ!
(ᠬᠣᠶᠠᠷ)
ᠰᠠᠩᠮᠠᠢ ᠳᠡᠯ ᠢ᠋ᠶ᠋ᠡᠷ ᠢ᠋ᠶ᠋ᠡᠨ
ᠰᠠᠷᠠᠨ ᠤ᠋ ᠭᠡᠷᠡᠯ ᠲᠡᠢ ᠨᠠᠭᠠᠳᠤᠳᠠᠭ
ᠰᠠᠭᠠᠨ ᠳᠥᠷᠪᠡᠨ ᠲᠤᠭᠤᠷᠠᠢ ᠪᠠᠷ ᠢ᠋ᠶ᠋ᠠᠨ
ᠰᠠᠷᠢᠳᠠᠭ ᠭᠠᠵᠠᠷ ᠲᠣᠪᠴᠢᠯᠠᠳᠠᠭ
ᠬᠤᠷᠴᠠ ᠬᠣᠶᠠᠷ ᠨᠢᠳᠦᠨ ᠳ᠋ᠡᠭᠡᠨ
ᠬᠣᠷᠸ᠎ᠠ ᠶ᠋ᠢ ᠡᠷᠭᠢᠬᠦ ᠬᠠᠷᠠᠴᠠ ᠲᠠᠢ
ᠬᠠᠰ ᠤ᠋ᠨ ᠰᠠᠢᠨ ᠪᠡᠶ᠎ᠡ ᠳ᠋ᠡᠭᠡᠨ
ᠬᠤᠨ ᠢ᠋ ᠳᠦᠭᠦᠷᠭᠡᠮᠡ ᠵᠣᠷᠢᠭ ᠲᠠᠢ
ᠨᠤᠲᠤᠭ ᠤ᠋ᠨ ᠰᠦᠷᠦᠭ ᠦ᠋ᠨ ᠲᠦᠷᠦᠭᠦᠦ ᠪᠣᠯᠤᠭᠰᠠᠨ
ᠨᠠᠴᠢᠨ ᠱᠣᠩᠬᠣᠷ ᠠᠭᠲᠠ ᠮᠣᠷᠢ ᠶ᠋ᠢ
ᠴᠢᠩ ᠴᠠᠭᠠᠨ ᠬᠠᠳᠠᠭ ᠢ᠋ᠶ᠋ᠠᠷ ᠴᠢᠮᠡᠵᠦ ᠮᠢᠯᠢᠶᠠᠪᠠ ᠴᠣᠳ!
ᠲᠡᠮᠡᠭᠡ ᠮᠢᠯᠢᠶᠠᠬᠤ ᠢᠷᠦᠭᠡᠯ
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠠᠮᠨᠢ ᠠᠭᠤᠯᠠ ᠶ᠋ᠢᠨ ᠪᠡᠶ᠎ᠡ ᠲᠠᠨᠢ
ᠠᠷᠳᠠᠭ ᠵᠠᠭᠠᠨ ᠤ᠋ ᠢᠳᠡ ᠲᠡᠢ
ᠠᠷᠰᠯᠠᠨ ᠬᠦᠴᠦᠲᠡᠨ ᠦ᠌ ᠠᠯᠬᠤᠴᠠ ᠲᠠᠢ
ᠠᠭᠠᠷ ᠤᠨ ᠯᠤᠤ ᠶ᠋ᠢᠨ ᠬᠦᠷᠬᠢᠷ᠎ᠡ ᠲᠡᠢ
ᠡᠷᠳᠡᠨᠢ ᠬᠤᠯᠤᠭᠠᠨ᠎ᠠ ᠶ᠋ᠢᠨ ᠴᠢᠬᠢ ᠲᠡᠢ
ᠦᠷᠡᠵᠢᠭᠡᠯᠲᠦ ᠦᠬᠡᠷ ᠦ᠋ᠨ ᠭᠡᠳᠡᠰᠦ ᠲᠡᠢ
ᠢᠮᠡᠷᠭᠡᠲᠦ ᠪᠠᠷᠰ ᠤ᠋ᠨ ᠲᠠᠪᠠᠭ ᠲᠠᠢ(ᠳᠡᠪᠡᠢ)
ᠴᠢᠨᠳᠠᠭᠠᠨ ᠲᠠᠤᠯᠠᠢ ᠶ᠋ᠢᠨ ᠬᠠᠮᠠᠷ ᠲᠠᠢ
ᠡᠷᠢᠶᠡᠨ ᠯᠤᠤ ᠶ᠋ᠢᠨ ᠬᠦᠵᠦᠭᠦᠦ ᠲᠡᠢ
ᠬᠤᠷᠴᠠ ᠮᠣᠭᠠᠢ ᠶ᠋ᠢᠨ ᠨᠢᠳᠦ ᠲᠡᠢ
ᠣᠩᠭᠣᠨ ᠬᠦᠯᠦᠭ ᠦ᠋ᠨ ᠵᠣᠭᠳᠣᠷ ᠲᠠᠢ
ᠨᠣᠮᠣᠬᠠᠨ ᠬᠣᠨᠢᠨ ᠤ᠋ ᠨᠣᠣᠰᠣ ᠲᠠᠢ
ᠮᠡᠷᠭᠡᠨ ᠮᠡᠴᠢᠨ(ᠪᠡᠴᠢᠨ)ᠦ᠌ ᠪᠡᠬᠢ ᠲᠡᠢ
ᠳᠠᠭᠤᠲᠤ ᠲᠠᠬᠢᠶ᠎ᠠ ᠶ᠋ᠢᠨ ᠦᠬᠦᠭ(ᠥᠪᠥᠭ᠂ᠰᠡᠴᠢᠭ)ᠲᠡᠢ
ᠬᠣᠲᠠᠴᠢ ᠨᠣᠬᠠᠢ ᠶ᠋ᠢᠨ ᠰᠣᠶᠣᠭ᠎ᠠ ᠲᠠᠢ
ᠰᠠᠢᠨ ᠭᠠᠬᠠᠢ ᠶ᠋ᠢᠨ ᠰᠡᠭᠦᠯ ᠲᠡᠢ
ᠪᠠᠷᠬᠢᠷᠠᠵᠤ ᠬᠡᠪᠲᠡᠬᠦ ᠳ᠋ᠡᠭᠡᠨ ᠬᠥᠲᠥᠯ ᠰᠢᠭ
ᠪᠣᠰᠤᠭᠠᠳ ᠵᠣᠭᠰᠣᠬᠤ ᠳ᠋ᠠᠭᠠᠨ ᠬᠠᠳᠠ ᠰᠢᠭ᠋
ᠲᠠᠢᠪᠤᠩ ᠶᠠᠪᠤᠬᠤ ᠳ᠋ᠠᠭᠠᠨ ᠲᠡᠷᠭᠡ ᠰᠢᠭ
ᠲᠡᠰᠢᠭᠡᠳ ᠭᠦᠶᠦᠬᠦ ᠳ᠋ᠡᠭᠡᠨ ᠪᠤᠭᠤ ᠰᠢᠭ᠋
ᠨᠣᠮᠣᠬᠠᠨ ᠵᠠᠩ ᠲᠠᠢ ᠳ᠋ᠠᠭᠠᠨ ᠭᠠᠵᠠᠷ ᠰᠢᠭ᠋
ᠨᠣᠶᠠᠨ ᠵᠠᠩᠨᠠᠬᠤ ᠳ᠋ᠤ᠌ ᠪᠠᠨ ᠠᠶᠤᠩᠭ᠎ᠠ ᠰᠢᠭ᠋
ᠵᠣᠪᠠᠬᠤ ᠴᠠᠭ ᠲᠤ᠌ ᠰᠠᠭᠠᠳ ᠦᠭᠡᠢ
ᠵᠢᠷᠭᠠᠬᠤ ᠴᠠᠭ ᠲᠤ᠌ ᠵᠠᠢᠯᠠᠳᠠᠭ ᠦᠭᠡᠢ
ᠵᠠᠭᠤᠨ ᠤ᠋ ᠭᠠᠵᠠᠷ ᠠ᠋ᠴᠠ ᠨᠤᠲᠤᠭ ᠮᠡᠳᠡᠳᠡᠭ
ᠵᠢᠷᠠᠨ ᠤ᠋ ᠭᠠᠵᠠᠷ ᠠ᠋ᠴᠠ ᠤᠰᠤ ᠮᠡᠳᠡᠳᠡᠭ
ᠤᠰᠤ ᠦᠭᠡᠢ ᠱᠠᠯᠠ ᠳ᠋ᠤ᠌ ᠵᠢᠭᠤᠷᠠᠵᠤ ᠦᠵᠡᠭᠡ ᠦᠭᠡᠢ
ᠡᠵᠡᠭᠦᠢ ᠬᠥᠳᠡᠭᠡ ᠳ᠋ᠦ᠍ ᠲᠥᠭᠡᠷᠢᠵᠦ ᠦᠵᠡᠭᠡ ᠦᠭᠡᠢ
ᠮᠣᠩᠭᠣᠯ ᠨᠤᠲᠤᠭ ᠤ᠋ᠨ ᠴᠢᠮᠡᠭ ᠪᠣᠯᠤᠭᠰᠠᠨ
ᠠᠷᠢᠭᠤᠨ ᠪᠤᠶᠠᠨ ᠢ᠋ ᠳᠡᠯᠭᠡᠷᠡᠭᠦᠯᠵᠦ ᠢᠷᠡᠭᠰᠡᠨ
ᠠᠯᠲᠠᠨ ᠬᠡᠰᠢᠭ ᠢ᠋ ᠳᠡᠯᠭᠡᠷᠡᠭᠦᠯᠵᠦ ᠢᠷᠡᠭᠰᠡᠨ
ᠴᠢᠭᠢᠷᠠᠭ ᠴᠠᠭᠠᠨ ᠠᠳᠠ ᠶ᠋ᠢ ᠲᠠᠨᠢ
ᠴᠢᠩ ᠴᠠᠭᠠᠨ ᠬᠠᠳᠠᠭ ᠢ᠋ᠶ᠋ᠠᠷ ᠴᠢᠮᠡᠵᠦ ᠮᠢᠯᠢᠶᠠᠪᠠ ᠴᠣᠳ!
ᠮᠣᠷᠢᠨ ᠤ᠋ ᠢᠷᠦᠭᠡᠯ
ᠨᠠᠢᠷ ᠪᠣᠯᠭᠠᠨ ᠤ᠋ ᠴᠢᠮᠡᠭ ᠪᠣᠯᠤᠭᠰᠠᠨ
ᠨᠡᠢᠲᠡ ᠣᠯᠠᠨ ᠤ᠋ ᠠᠩᠬᠠᠷᠤᠯ ᠢ᠋ ᠲᠠᠲᠠᠭᠰᠠᠨ
ᠠᠩᠬᠠᠨ ᠤᠷᠢᠳᠤ ᠴᠠᠭ ᠠ᠋ᠴᠠ ᠪᠠᠨ ᠲᠡᠦᠬᠡ ᠲᠡᠢ
ᠠᠭᠲᠠ ᠶ᠋ᠢᠨ ᠮᠠᠩᠯᠠᠢ ᠲᠡᠷᠢᠭᠦᠨ ᠮᠣᠷᠢᠳ ᠤ᠋ᠨ
ᠠᠯᠳᠠᠷ ᠴᠣᠯᠠ ᠶ᠋ᠢ ᠮᠠᠭᠲᠠᠨ ᠢᠷᠥᠭᠡᠶ᠎ᠡ!
ᠲᠦᠮᠡᠨ ᠠᠭᠲᠠ ᠶ᠋ᠢᠨ ᠳᠤᠮᠳᠠ᠎ᠠ᠋ᠴᠠ ᠲᠡᠷᠢᠭᠦᠯᠡᠵᠦ ᠭᠠᠷᠤᠭᠰᠠᠨ
ᠮᠢᠩᠭᠠᠨ ᠠᠭᠲᠠ ᠶ᠋ᠢᠨ ᠳᠤᠮᠳᠠ᠎ᠠ᠋ᠴᠠ ᠮᠠᠩᠯᠠᠢᠯᠠᠨ ᠭᠠᠷᠤᠭᠰᠠᠨ
ᠦᠷ ᠦ᠋ᠨ ᠭᠡᠭᠡ ᠡᠴᠡ ᠡᠮᠦᠨ᠎ᠡ ᠦᠰᠦᠷᠴᠦ ᠭᠠᠷᠤᠭᠰᠠᠨ
ᠣᠭᠲᠠᠷᠭᠤᠢ ᠶ᠋ᠢᠨ ᠴᠣᠯᠮᠣᠨ ᠣᠳᠣ᠌ ᠲᠡᠢ ᠵᠡᠷᠭᠡᠴᠡᠵᠦ ᠭᠠᠷᠤᠭᠰᠠᠨ
ᠬᠣᠯᠠ ᠣᠢᠷ᠎ᠠ ᠳ᠋ᠤ᠌ ᠪᠠᠨ ᠨᠡᠷ᠎ᠡ ᠲᠡᠢ
ᠬᠣᠰᠢᠭᠤ ᠨᠤᠲᠤᠭ ᠲᠠᠭᠠᠨ ᠮᠠᠭᠲᠠᠭᠠᠯᠲᠠᠢ
ᠠᠢᠯ ᠠᠢᠮᠠᠭ ᠲᠠᠭᠠᠨ ᠨᠡᠷ᠎ᠡ ᠲᠡᠢ
ᠠᠵᠢᠨᠠᠢ ᠬᠦᠯᠦᠭ ᠦ᠋ᠨ ᠤᠨᠠᠭ᠎ᠠ ᠪᠢᠯᠡ᠃
ᠡᠨᠡ ᠮᠣᠷᠢ ᠪᠣᠯ᠄
ᠡᠬᠡ ᠪᠡᠨ ᠦᠵᠡᠪᠡᠯ ᠢᠨᠴᠠᠭᠠᠳᠠᠭ ᠮᠣᠷᠢ
ᠡᠵᠡᠨ ᠢ᠋ᠶ᠋ᠡᠨ ᠦᠵᠡᠪᠡᠯ ᠡᠷᠬᠡᠯᠡᠳᠡᠭ ᠮᠣᠷᠢ
ᠨᠠᠭᠤᠷ ᠢ᠋ᠶ᠋ᠠᠨ ᠦᠵᠡᠪᠡᠯ ᠵᠣᠭᠰᠣᠳᠠᠭ ᠮᠣᠷᠢ
ᠨᠤᠲᠤᠭ ᠢ᠋ᠶ᠋ᠠᠨ ᠦᠵᠡᠪᠡᠯ ᠤᠬᠢᠯᠠᠳᠠᠭ ᠮᠣᠷᠢ
ᠡᠪᠡᠰᠦᠨ ᠦ᠌ ᠰᠠᠢᠨ ᠢ᠋ ᠢᠳᠡᠳᠡᠭ ᠮᠣᠷᠢ
ᠤᠰᠤᠨ ᠤ᠋ ᠲᠤᠩᠭᠠᠯᠠᠭ ᠢ᠋ ᠤᠤᠭᠤᠳᠠᠭ ᠮᠣᠷᠢ
ᠠᠷᠠᠰᠤᠨ ᠠ᠋ᠴᠠ ᠪᠢᠰᠢ ᠳ᠋ᠦ᠍ ᠲᠠᠷᠭᠤᠯᠠᠳᠠᠭ ᠮᠣᠷᠢ
ᠠᠵᠢᠷᠭᠠᠠ᠋ᠴᠠ ᠪᠠᠨ ᠪᠢᠰᠢ ᠶ᠋ᠢ ᠳᠠᠪᠠᠳᠠᠭ ᠮᠣᠷᠢ
ᠬᠣᠲᠠᠯᠠ ᠣᠯᠠᠨ ᠳ᠋ᠠᠭᠠᠨ ᠮᠠᠭᠲᠠᠭᠠᠯ ᠲᠠᠢ ᠮᠣᠷᠢ
ᠬᠤᠯᠠᠨ ᠴᠢᠬᠢᠲᠡᠢ ᠶ᠋ᠢᠨ ᠤᠭᠰᠠᠭ᠎ᠠ ᠲᠠᠢ ᠮᠣᠷᠢ
ᠬᠠᠳᠠᠨ ᠳᠡᠭᠡᠭᠦᠷ ᠬᠠᠷᠪᠤᠨ ᠭᠠᠷᠳᠠᠭ
ᠬᠠᠷᠴᠠᠭᠠᠢ ᠰᠢᠪᠠᠭᠤ ᠰᠢᠭ᠋ ᠳᠡᠭᠦᠯᠢᠨ ᠭᠦᠶᠦᠳᠡᠭ
ᠲᠣᠭᠣᠰᠤᠨ ᠠ᠋ᠴᠠ ᠪᠠᠨ ᠪᠤᠯᠭᠢᠨ ᠭᠦᠶᠦᠳᠡᠭ
ᠰᠡᠭᠦᠯ ᠢ᠋ᠶ᠋ᠡᠷ ᠢ᠋ᠶ᠋ᠡᠨ ᠨᠠᠭᠠᠳᠤᠨ ᠭᠦᠶᠦᠳᠡᠭ
ᠰᠡᠭᠦᠳᠡᠷ ᠡᠴᠡ ᠪᠡᠨ ᠦᠷᠭᠦᠨ ᠭᠦᠶᠦᠳᠡᠭ
ᠠᠭᠤᠯᠠᠨ ᠳᠡᠭᠡᠭᠦᠷ ᠦᠰᠦᠷᠦᠨ ᠭᠦᠶᠦᠳᠡᠭ
ᠤᠰᠤᠨ ᠳᠤᠮᠳᠠᠭᠤᠷ ᠰᠤᠪᠤᠳ ᠭᠦᠶᠦᠳᠡᠭ
ᠵᠠᠮ ᠤ᠋ᠨ ᠬᠣᠯᠠ ᠶ᠋ᠢ ᠲᠤᠭᠤᠯᠤᠨ ᠪᠠᠢᠵᠤ ᠭᠦᠶᠦᠳᠡᠭ
ᠵᠠᠭ ᠵᠡᠭᠡᠷᠭᠡᠨ᠎ᠡ ᠮᠣᠳᠣ ᠶ᠋ᠢ ᠴᠠᠪᠴᠢᠯᠠᠨ ᠪᠠᠢᠵᠤ ᠭᠠᠷᠳᠠᠭ
ᠬᠥᠬᠡ ᠲᠣᠷᠭᠠᠨ ᠲᠠᠯ᠎ᠠ ᠳᠡᠭᠡᠷ᠎ᠡ ᠬᠥᠭᠯᠡᠨ ᠪᠠᠢᠵᠤ ᠭᠦᠶᠦᠳᠡᠭ
ᠬᠥᠨᠳᠡᠢ ᠶ᠋ᠢᠨ ᠣᠯᠠᠨ ᠭᠥᠷᠥᠭᠡᠰᠦ ᠲᠡᠢ ᠤᠷᠤᠯᠳᠤᠨ ᠪᠠᠢᠵᠤ ᠨᠠᠭᠠᠳᠳᠠᠭ
ᠤᠨᠠᠭᠠᠨ ᠳ᠋ᠤ᠌ᠨᠢ ᠤᠶᠠᠵᠤ
ᠳᠠᠭ᠎ᠠ ᠳ᠋ᠤᠨᠢ ᠳᠠᠰᠬᠠᠵᠤ
ᠦᠷᠢᠶᠡᠨ ᠳ᠋ᠦ᠍ᠨᠢ ᠬᠠᠭᠠᠷᠢᠵᠤ(ᠠᠭᠳᠠᠯᠠᠵᠤ)
ᠥᠰᠬᠦ ᠳ᠋ᠦ᠍ᠨᠢ ᠰᠤᠷᠭᠠᠭᠰᠠᠨ
ᠱᠠᠯᠠ ᠶ᠋ᠢ ᠲᠤᠭᠤᠯᠪᠠᠯ ᠵᠣᠭᠰᠣᠳᠠᠭ ᠦᠭᠡᠢ
ᠰᠢᠪᠠᠷ ᠲᠠᠢ ᠤᠰᠤᠨ ᠠ᠋ᠴᠠ ᠤᠤᠭᠤᠳᠠᠭ ᠦᠭᠡᠢ
ᠬᠠᠳᠠᠨ ᠳᠡᠭᠡᠭᠦᠷ ᠬᠠᠯᠲᠤᠷᠢᠳᠠᠭ ᠦᠭᠡᠢ
ᠬᠠᠷᠠᠩᠭᠤᠢ ᠰᠥᠨᠢ ᠲᠥᠭᠡᠷᠢᠳᠡᠭ ᠦᠭᠡᠢ
ᠮᠤᠷᠤᠢ ᠭᠠᠳᠠᠰᠤᠨ ᠠ᠋ᠴᠠ ᠣᠶᠣᠭᠤᠯᠳᠠᠭ ᠦᠭᠡᠢ
ᠮᠤᠩᠬᠠᠭ ᠬᠥᠮᠦᠨ ᠢ᠋ᠶ᠋ᠡᠷ ᠣᠨᠣᠭᠤᠯᠳᠠᠭ ᠦᠭᠡᠢ
ᠡᠷᠬᠡ ᠬᠠᠷ᠎ᠠ ᠶ᠋ᠢᠨ ᠤᠨᠠᠭ᠎ᠠ
ᠡᠵᠡᠨ ᠴᠢᠩᠭᠢᠰ ᠦ᠋ᠨ ᠬᠦᠯᠦᠭ
ᠨᠠᠢᠷ ᠪᠣᠯᠭᠠᠨ ᠳ᠋ᠤ᠌ ᠲᠡᠷᠢᠭᠦᠯᠡᠵᠦ
ᠨᠠᠭᠠᠳᠤᠮ ᠪᠣᠯᠭᠠᠨ ᠳ᠋ᠤ᠌ ᠱᠠᠩᠨᠠᠭᠤᠯᠳᠠᠭ
ᠠᠭᠲᠠ ᠶ᠋ᠢᠨ ᠮᠠᠩᠯᠠᠢ ᠬᠦᠯᠦᠭ ᠢ᠋ᠶ᠋ᠡᠷ
ᠠᠷᠢᠬᠢ ᠰᠠᠷᠬᠤᠳ ᠳᠡᠭᠡᠵᠢ
ᠠᠷᠢᠭᠤᠨ ᠴᠠᠭᠠᠨ ᠬᠠᠳᠠᠭ ᠢ᠋ᠶ᠋ᠠᠷ
ᠴᠢᠮᠡᠨ ᠢᠷᠥᠭᠡᠶ᠎ᠡ᠃
ᠤᠤᠭᠠᠲᠠᠢ ᠬᠤᠷᠠᠭ᠎ᠠ ᠮᠢᠯᠢᠶᠠᠬᠤ ᠢᠷᠦᠭᠡᠯ
ᠰᠠᠢᠨ ᠵᠢᠯ ᠤᠭᠲᠤᠵᠤ ᠭᠠᠷᠤᠭᠰᠠᠨ
ᠰᠢᠨᠵᠢ ᠰᠠᠢᠲᠠᠢ ᠤᠤᠭᠠᠲᠠᠢ
ᠣᠯᠠᠨ ᠴᠠᠭ ᠢ᠋ᠶ᠋ᠠᠨ ᠳᠠᠭᠠᠭᠤᠯᠵᠤ ᠭᠠᠷᠤᠭᠰᠠᠨ
ᠥᠯᠵᠡᠢ ᠰᠠᠢᠲᠠᠢ ᠤᠤᠭᠠᠲᠠᠢ
ᠬᠥᠳᠡᠭᠡ ᠶ᠋ᠢᠨ ᠡᠪᠡᠰᠦᠨ ᠦ᠌ ᠰᠤᠷ ᠢ᠋ ᠢᠳᠡᠵᠦ ᠶᠠᠪᠤ
ᠬᠥᠨᠳᠡᠯᠡᠨ ᠭᠣᠣᠯ ᠤ᠋ᠨ ᠡᠬᠢᠨ ᠦ᠌ ᠪᠤᠯᠠᠭ ᠠ᠋ᠴᠠ ᠤᠤᠭᠤᠵᠤ ᠶᠠᠪᠤ
ᠮᠢᠩᠭᠠᠨ ᠬᠣᠨᠢᠨ ᠤ᠋ ᠳᠤᠮᠳᠠ ᠪᠠᠨ ᠮᠠᠩᠯᠠᠢ ᠪᠣᠯᠵᠤ ᠶᠠᠪᠤ
ᠲᠦᠮᠡᠨ ᠬᠣᠨᠢᠨ ᠤ᠋ ᠳᠤᠮᠳᠠ ᠪᠠᠨ ᠲᠦᠷᠦᠭᠦᠦ ᠪᠣᠯᠵᠤ ᠶᠠᠪᠤ !
ᠳᠥᠷᠪᠡ᠂ ᠠᠵᠤ ᠠᠮᠢᠳᠤᠷᠠᠯ ᠤ᠋ᠨ ᠢᠷᠦᠭᠡᠯ
ᠭᠠᠯ ᠴᠠᠬᠢᠬᠤ ᠢᠷᠦᠭᠡᠯ
ᠡᠴᠢᠭᠡ ᠳᠡᠭᠡᠳᠦ ᠡᠵᠡᠨ ᠨᠣᠶᠠᠨ ᠭᠠᠷᠭᠠᠭᠰᠠᠨ
ᠡᠩᠬᠡ ᠦᠷᠡᠨ ᠡᠷᠡᠯᠬᠡᠭ ᠬᠣᠢᠴᠢ ᠶ᠋ᠢ ᠪᠠᠶᠠᠵᠢᠭᠤᠯᠤᠭᠴᠢ ᠴᠠᠭᠠᠨ ᠭᠠᠯ ᠢ᠋
ᠰᠦᠭ ᠨᠡᠷᠡᠲᠡᠢ ᠬᠥᠮᠦᠨ ᠡᠴᠡ ᠰᠠᠢᠷᠢ ᠠᠪᠴᠤ
ᠰᠠᠢᠨ ᠦᠷᠡᠨ ᠡᠴᠡ ᠬᠡ ᠠᠪᠴᠤ
ᠤᠶᠠᠨ ᠨᠡᠷᠡᠲᠡᠢ ᠳᠠᠷᠬᠠᠨ ᠢ᠋ᠶ᠋ᠠᠷ ᠭᠠᠩ ᠰᠠᠭᠤᠯᠭᠠᠵᠤ
ᠣᠢ ᠮᠣᠳᠤᠨ ᠠ᠋ᠴᠠ ᠤᠯᠠ ᠠᠪᠴᠤ
ᠠᠭᠤᠯᠠ ᠬᠠᠳᠠᠠ᠋ᠴᠠ ᠴᠠᠬᠢᠭᠤᠷ ᠠᠪᠴᠤ
ᠲᠣᠭᠲᠠᠮᠠᠯ ᠨᠡᠷᠡᠲᠡᠢ ᠬᠥᠮᠦᠨ
ᠲᠤᠭ ᠭᠡᠵᠦ ᠴᠠᠬᠢᠬᠤ ᠳ᠋ᠤ᠌
ᠳᠣᠯᠣᠭᠠᠨ ᠭᠢᠰ ᠭᠠᠯ
ᠳᠦᠷᠡᠰ ᠭᠡᠵᠦ ᠪᠠᠭᠤᠬᠤ ᠳ᠋ᠤ᠌
ᠴᠠᠭᠠᠨ ᠳ᠋ᠠᠷ᠎ᠠ ᠡᠬᠡ ᠲᠠᠨᠢ
ᠴᠠᠪ ᠠᠪᠴᠤ ᠭᠠᠯᠯᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠰᠠᠷ᠎ᠠ ᠰᠠᠷ᠎ᠠ ᠶ᠋ᠢᠨ ᠡᠬᠢᠨ ᠳ᠋ᠦ᠍ ᠲᠠᠬᠢᠭᠴᠢ ᠴᠠᠭᠠᠨ ᠭᠠᠯ
ᠽᠠᠮᠪᠤᠲᠢᠪ ᠤ᠋ᠨ ᠠᠮᠢᠲᠠᠨ ᠢ᠋ ᠪᠠᠶᠠᠵᠢᠭᠤᠯᠤᠭᠴᠢ ᠴᠠᠭᠠᠨ ᠭᠠᠯ
ᠵᠢᠯ ᠵᠢᠯ ᠦ᠋ᠨ ᠡᠬᠢᠨ ᠳ᠋ᠦ᠍ ᠲᠠᠬᠢᠭᠴᠢ ᠴᠠᠭᠠᠨ ᠭᠠᠯ
ᠵᠢᠭᠦᠷᠲᠡᠨ ᠬᠣᠷᠸ᠎ᠠ ᠶ᠋ᠢᠨ ᠠᠮᠢᠲᠠᠨ ᠢ᠋ ᠵᠢᠷᠭᠠᠭᠤᠯᠤᠭᠴᠢ ᠴᠠᠭᠠᠨ ᠭᠠᠯ
ᠴᠠᠭ ᠴᠠᠭ ᠤ᠋ᠨ ᠬᠠᠨ ᠲᠠᠬᠢᠭᠴᠢ ᠴᠠᠭᠠᠨ ᠭᠠᠯ
ᠴᠣᠭᠴᠠ ᠪᠡᠶ᠎ᠡ ᠶ᠋ᠢᠨ ᠠᠮᠢᠲᠠᠨ ᠢ᠋ ᠪᠠᠶᠠᠰᠤᠭᠤᠯᠤᠭᠴᠢ
ᠴᠠᠭᠠᠨ ᠭᠠᠯ ᠬᠠᠮᠤᠭ ᠢ᠋ ᠬᠠᠩᠭᠠᠭᠴᠢ ᠴᠠᠭᠠᠨ ᠭᠠᠯ
ᠬᠠᠲᠠᠭᠤ ᠶ᠋ᠢ ᠤᠶᠠᠷᠠᠭᠤᠯᠤᠭᠴᠢ ᠴᠠᠭᠠᠨ ᠭᠠᠯ
ᠬᠠᠷᠠᠩᠭᠤᠢ ᠶ᠋ᠢ ᠭᠡᠷᠡᠯᠲᠦᠭᠦᠯᠦᠭᠴᠢ ᠴᠠᠭᠠᠨ ᠭᠠᠯ
ᠪᠠᠳᠠᠷᠠᠨ ᠭᠠᠷᠤᠭᠴᠢ ᠵᠡᠯᠡᠢ ᠪᠤᠷᠬᠠᠨ
ᠵᠢᠷᠭᠤᠭᠠᠨ ᠵᠢᠩ ᠦ᠋ᠨ ᠳᠤᠮᠳᠠ᠎ᠠ᠋ᠴᠠ
ᠳᠥᠷᠪᠡᠨ ᠲᠠᠯᠠᠲᠤ ᠬᠣᠷᠯᠣ ᠶ᠋ᠢᠨ ᠳᠤᠮᠳᠠ᠎ᠠ᠋ᠴᠠ
ᠨᠠᠢ᠍ᠮᠠᠨ ᠲᠠᠯᠠᠲᠤ ᠪᠠᠳᠮ᠎ᠠ ᠶ᠋ᠢᠨ ᠳᠤᠮᠳᠠ᠎ᠠ᠋ᠴᠠ ᠰᠣᠶᠣᠷᠬᠠᠨ ᠥᠷᠥᠰᠢᠶᠡᠨ!
ᠭᠠᠯ ᠤ᠋ᠨ ᠢᠷᠦᠭᠡᠯ
ᠲᠥᠷᠥ ᠡᠵᠡᠨ ᠮᠥᠩᠬᠡᠷᠡᠵᠦ
ᠲᠦᠮᠡᠨ ᠡᠯᠢᠭᠡᠨ ᠡᠩᠬᠡᠵᠢᠬᠦ ᠶ᠋ᠢᠨ ᠲᠤᠯᠠᠳᠠ
ᠬᠠᠨ ᠡᠵᠡᠨ ᠳᠠᠬᠢᠵᠤ ᠶᠠᠪᠤᠭᠰᠠᠨ
ᠬᠠᠲᠤᠨ ᠳᠠᠭᠢᠨᠢ ᠮᠥᠷᠭᠥᠵᠦ ᠶᠠᠪᠤᠭᠰᠠᠨ
ᠬᠠᠷᠠᠩᠭᠤᠢ ᠶ᠋ᠢ ᠭᠡᠢᠭᠦᠯᠦᠭᠴᠢ
ᠬᠠᠲᠠᠭᠤ ᠶ᠋ᠢ ᠤᠶᠠᠷᠠᠭᠤᠯᠤᠭᠴᠢ
ᠬᠠᠮᠤᠭ ᠢ᠋ ᠬᠠᠩᠭᠠᠭᠴᠢ
ᠳᠥᠷᠪᠡᠨ ᠡᠭᠦᠳᠡᠨ ᠳ᠋ᠦ᠍ ᠬᠣᠷᠯᠣ ᠶ᠋ᠢᠨ ᠳᠤᠮᠳᠠ᠎ᠠ᠋ᠴᠠ
ᠨᠠᠢ᠍ᠮᠠᠨ ᠲᠠᠯᠠᠲᠤ ᠪᠠᠳᠮ᠎ᠠ ᠶ᠋ᠢᠨ ᠳᠤᠮᠳᠠ᠎ᠠ᠋ᠴᠠ
ᠠᠯᠲᠠᠨ ᠶᠡᠬᠡ ᠮᠦᠷᠦᠰ ᠪᠠᠬᠠᠷᠤᠭᠰᠠᠨ
ᠠᠭᠤᠤ ᠶᠡᠬᠡ ᠭᠠᠯ ᠤ᠋ᠨ ᠪᠤᠷᠬᠠᠨ ᠳ᠋ᠤ᠌
ᠠᠷᠢᠭᠤᠨ ᠢᠳᠡᠭᠡᠨ ᠦ᠌ ᠳᠡᠭᠡᠵᠢ ᠪᠡᠨ ᠠᠢᠯᠠᠳᠬᠠᠨ ᠰᠠᠴᠤᠵᠤ ᠮᠥᠷᠭᠥᠪᠡ ᠴᠣᠳ!
ᠭᠡᠷ ᠮᠢᠯᠢᠶᠠᠬᠤ ᠢᠷᠦᠭᠡᠯ
(ᠨᠢᠭᠡ)
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠳᠦᠷ ᠦ᠋ᠨ ᠰᠠᠢᠨ ᠢ᠋ ᠥᠷᠥᠵᠦ ᠬᠦᠯᠢᠶᠡᠭᠡᠳ
ᠡᠳᠦᠭᠡ ᠭᠡᠷ ᠪᠠᠷᠢᠵᠤ
ᠳᠤᠮᠳᠠ ᠵᠦᠭ ᠡᠴᠡ ᠨᠢ
ᠳᠣᠷᠵᠢ ᠶ᠋ᠢᠨ ᠴᠠᠩ ᠭᠡᠭᠴᠢ ᠪᠤᠷᠬᠠᠨ ᠲᠠᠨᠢ ᠢᠪᠡᠭᠡᠵᠦ
ᠳᠤᠷᠠᠯᠠᠭᠰᠠᠨ ᠬᠦᠰᠡᠭᠰᠡᠨ ᠬᠣᠶᠠᠷ ᠲᠠᠨᠢ
ᠲᠤᠩ ᠰᠠᠢᠬᠠᠨ ᠨᠡᠮᠡᠭᠳᠡᠬᠦ ᠶ᠋ᠢᠨ ᠲᠤᠯᠠᠳᠠ
ᠸᠴᠢᠷ ᠴᠢᠨᠳᠠᠮᠤᠨᠢ ᠪᠠᠷ ᠪᠦᠲᠦᠭᠡᠭᠰᠡᠨ
ᠠᠭᠤᠳᠠᠮ ᠭᠢᠯᠠᠭᠠᠨ ᠥᠷᠭᠥᠭᠡ ᠶ᠋ᠢ ᠲᠠᠨᠢ
ᠤᠴᠢᠷ ᠲᠠᠢ ᠰᠠᠢᠬᠠᠨ ᠮᠢᠯᠢᠶᠠᠬᠤ ᠶ᠋ᠢᠨ ᠤᠴᠢᠷ ᠠ᠋
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠴᠢᠩᠬ᠎ᠠ ➊ ᠡᠮᠦᠨ᠎ᠡ ᠵᠦᠭ ᠲᠤᠨᠢ
ᠲᠣᠰᠤ ᠲᠦᠷᠬᠢᠵᠦ ᠲᠣᠰᠣ ᠲᠦᠷᠬᠢᠭᠰᠡᠨ ᠬᠦᠴᠦ ᠪᠡᠷ
ᠡᠭᠦᠯᠡ ᠨᠡᠪᠲᠡ ᠲᠩᠷᠢ ᠢᠪᠡᠭᠡᠵᠦ
ᠡᠭᠦᠳᠡᠨ ᠨᠡᠪᠲᠡ ᠡᠵᠡᠨ ᠮᠠᠨᠽᠤᠰᠢᠷᠢ ᠢᠪᠡᠭᠡᠵᠦ
ᠣᠤ ᠭᠡᠷ ᠦ᠋ᠨ ᠬᠣᠢᠮᠣᠷ ᠰᠠᠭᠤᠵᠤ
ᠣᠯᠠᠨ ᠮᠠᠯ ᠤ᠋ᠨ ᠳᠤᠮᠳᠠ
ᠡᠷᠦᠬᠡ ᠲᠠᠨᠢ ᠴᠤᠬᠤᠢᠵᠤ
ᠲᠣᠬᠣᠵᠤ ᠤᠨᠤᠭᠰᠠᠨ ᠴᠢᠨᠢ ᠲᠠᠪᠢᠭᠠᠳ ᠵᠢᠷᠣᠭ᠎ᠠ
ᠲᠣᠪᠴᠢᠯᠠᠵᠤ ᠡᠮᠦᠰᠦᠭᠰᠡᠨ ᠴᠢᠨᠢ ᠲᠣᠷᠭ᠎ᠠ ᠮᠠᠩᠨᠤᠭ
ᠬᠠᠯᠢᠮ ᠥᠭᠡᠬᠦ ᠪᠡᠷ ᠬᠣᠭᠣᠯᠠ ᠬᠢᠵᠦ
ᠬᠠᠮᠪᠤ ᠲᠣᠷᠭ᠎ᠠ ᠪᠠᠷ ᠨᠠᠪᠵᠠ ᠬᠢᠵᠦ
ᠬᠠᠳᠠᠭ ᠬᠡᠪ ᠢ᠋ᠶ᠋ᠡᠷ ᠯᠠᠪᠠᠷᠢ ᠲᠠᠲᠠᠵᠤ
ᠬᠠᠮᠤᠭ ᠨᠡᠢᠲᠡ ᠶ᠋ᠢᠨ ᠳᠤᠮᠳᠠ
ᠵᠤᠯᠠ ᠲᠣᠪᠴᠢ ᠪᠣᠯᠵᠤ ᠶᠠᠪᠤᠬᠤ ᠶ᠋ᠢᠨ ᠲᠤᠯᠠᠳᠠ
ᠴᠢᠩᠬ᠎ᠠ ᠡᠮᠦᠨ᠎ᠡ ᠵᠦᠭ ᠦ᠋ᠨ ᠪᠣᠯᠣᠷ ᠶᠣᠩᠬᠣᠷ
ᠴᠢᠭᠲᠠᠭ᠎ᠠ ᠶ᠋ᠢ ᠲᠠᠨᠢ ᠪᠤᠯᠲᠠᠷᠠᠰᠢᠶᠠᠨ ᠦᠭᠡᠢ
ᠴᠢᠩ ᠴᠠᠭᠠᠨ ᠲᠣᠰᠣ ᠪᠠᠷ ᠴᠢᠮᠡᠵᠦ ᠪᠠᠷᠢᠪᠠᠢ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠴᠢᠩᠬ᠎ᠠ ᠪᠠᠷᠠᠭᠤᠨ ᠵᠦᠭ ᠲᠦ᠍ ᠲᠣᠰᠣ ᠲᠦᠷᠬᠢᠵᠦ
ᠲᠣᠰᠣ ᠲᠦᠷᠬᠢᠭᠰᠡᠨ ᠬᠦᠴᠦ ᠪᠡᠷ
ᠪᠠᠳᠮ᠎ᠠ ᠰᠠᠨᠰᠤ ᠭᠡᠭᠴᠢ ᠪᠤᠷᠬᠠᠨ ᠢᠪᠡᠭᠡᠵᠦ
ᠪᠠᠲᠤ ᠪᠦᠷᠢᠨ ᠪᠠᠷᠠᠭ᠎ᠠ ᠶ᠋ᠢ
ᠪᠠᠷᠠᠯᠠᠭᠴᠢ ᠶ᠋ᠢᠨ ᠠᠷᠠᠰᠤ ᠪᠠᠷ ᠪᠦᠲᠦᠭᠡᠵᠦ
ᠪᠠᠷᠢᠭᠰᠠᠨ ᠲᠠᠯᠪᠢᠭᠰᠠᠨ ᠬᠣᠶᠠᠷ ᠲᠠᠨᠢ
ᠠᠯᠲᠠᠨ ᠮᠥᠩᠭᠥ ᠬᠣᠶᠠᠷ
ᠠᠪᠳᠠᠷ᠎ᠠ ᠪᠠᠷ ᠳᠦᠭᠦᠷᠡᠩ ᠠᠯᠲᠠᠨ ᠮᠥᠩᠭᠥ
ᠲᠠᠪᠳᠠᠩ ᠢ᠋ᠶ᠋ᠠᠷ ᠳᠦᠭᠦᠷᠡᠩ ᠲᠠᠵᠢ ᠲᠣᠷᠭ᠎ᠠ
ᠲᠠᠯ᠎ᠠ ᠳᠦᠭᠦᠷᠡᠩ ᠮᠠᠯ ᠲᠠᠢ
ᠲᠠᠪᠳᠠᠩ ᠢ᠋ᠶ᠋ᠠᠷ ᠳᠦᠭᠦᠷᠡᠩ ᠡᠳ᠋ ᠲᠡᠢ ᠪᠠᠢᠬᠤ ᠶ᠋ᠢᠨ ᠲᠤᠯᠠᠳᠠ
ᠴᠢᠩᠬ᠎ᠠ ᠪᠠᠷᠠᠭᠤᠨ ᠵᠦᠭ ᠦ᠋ᠨ ᠪᠣᠯᠣᠷ ᠶᠣᠩᠬᠣᠷ
ᠴᠢᠭᠲᠠᠭ᠎ᠠ ᠶ᠋ᠢ ᠴᠢᠨᠢ ᠲᠠᠨᠢ ᠪᠣᠯᠲᠠᠷᠠᠰᠢᠶᠠᠨ ᠦᠭᠡᠢ
ᠴᠢᠩ ᠴᠠᠭᠠᠨ ᠲᠣᠰᠣ ᠪᠠᠷ ᠴᠢᠮᠡᠵᠦ ᠪᠠᠷᠢᠪᠠᠢ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠴᠢᠩᠬ᠎ᠠ ᠬᠣᠢᠲᠤ ᠵᠦᠭ ᠲᠦ᠍ᠨᠢ ᠲᠣᠰᠣ ᠲᠦᠷᠬᠢᠵᠦ
ᠲᠣᠰᠣ ᠲᠦᠷᠬᠢᠭᠰᠡᠨ ᠬᠦᠴᠦ ᠪᠡᠷ
ᠬᠤᠮᠰᠢᠨ ᠪᠤᠳᠠᠰᠳᠢᠸᠠ ᠭᠡᠭᠴᠢ ᠪᠤᠷᠬᠠᠨ ᠢᠪᠡᠭᠡᠵᠦ
ᠬᠣᠷᠢᠨ ᠨᠢᠭᠡᠨ ᠨᠣᠭᠣᠭᠠᠨ ᠳ᠋ᠠᠷ᠎ᠠ ᠡᠬᠡ ᠢᠪᠡᠭᠡᠵᠦ
ᠬᠣᠶᠠᠭᠤᠯᠠ ᠶ᠋ᠢᠨ ᠳᠡᠭᠡᠵᠢ ᠶ᠋ᠢ ᠵᠣᠭᠣᠭᠯᠠᠵᠤ
ᠬᠤᠪᠴᠠᠰᠤᠨ ᠤ᠋ ᠰᠢᠨ᠎ᠡ ᠶ᠋ᠢ ᠨᠠᠪᠵᠢᠯᠠᠵᠦ
ᠥᠨᠳᠥᠷ ᠭᠠᠵᠠᠷ ᠥᠷᠭᠥᠭᠡ ᠪᠡᠨ ᠰᠡᠷᠭᠦᠭᠡᠵᠦ
ᠬᠣᠲᠣᠭᠣᠷ ᠭᠠᠵᠠᠷ ᠬᠣᠨᠢ ᠪᠠᠨ ᠬᠣᠲᠠᠯᠠᠵᠤ
ᠬᠣᠮ ᠲᠠᠢ ᠲᠡᠮᠡᠭᠡ ᠬᠣᠲᠠ ᠪᠠᠷ ᠳᠦᠭᠦᠷᠴᠦ
ᠬᠣᠩᠭᠣᠷ ᠠᠳᠤᠭᠤ ᠵᠡᠯ᠎ᠡ ᠪᠡᠷ ᠳᠦᠭᠦᠷᠴᠦ ᠪᠠᠢᠬᠤ ᠶ᠋ᠢᠨ ᠲᠤᠯᠠᠳᠠ
ᠴᠢᠩᠬ᠎ᠠ ᠬᠣᠢᠲᠤ ᠵᠦᠭ ᠦ᠋ᠨ ᠲᠠᠨᠢ ᠪᠣᠯᠣᠷ ᠶᠣᠩᠬᠣᠷ
ᠴᠢᠩ ᠴᠠᠭᠠᠨ ᠲᠣᠰᠣ ᠪᠠᠷ ᠴᠢᠮᠡᠵᠦ ᠪᠠᠷᠢᠪᠠᠢ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠴᠢᠩᠬ᠎ᠠ ᠵᠡᠭᠦᠨ ᠵᠦᠭ ᠲᠤᠨᠢ ᠲᠣᠰᠣ ᠲᠦᠷᠬᠢᠵᠦ
ᠲᠣᠰᠣ ᠲᠦᠷᠬᠢᠭᠰᠡᠨ ᠬᠦᠴᠦ ᠪᠡᠷ
ᠵᠦᠩᠳᠤᠷ ᠨᠠᠮᠵᠢᠮᠠ ᠭᠡᠭᠴᠢ ᠪᠤᠷᠬᠠᠨ ᠢᠪᠡᠭᠡᠵᠦ
ᠵᠦᠭ ᠵᠦᠭ ᠦ᠋ᠨ ᠡᠳ᠋ ᠴᠤᠭᠯᠠᠷᠠᠵᠤ
ᠵᠢᠰᠦᠨ ᠵᠦᠢᠯ ᠦ᠋ᠨ ᠵᠢᠮᠢᠰ ᠴᠢᠳᠬᠤᠷᠠᠵᠤ
ᠵᠡᠭᠦᠨ ᠪᠡᠶ᠎ᠡ ᠶ᠋ᠢᠨ ᠪᠠᠷᠠᠭ᠎ᠠ ᠶ᠋ᠢ ᠵᠦᠷᠯᠡᠭᠴᠢ ᠶ᠋ᠢᠨ ᠠᠷᠠᠰᠤ ᠪᠠᠷ ᠪᠦᠲᠦᠭᠡᠵᠦ
ᠵᠡᠭᠦᠭᠰᠡᠨ ᠲᠠᠯᠪᠢᠭᠰᠠᠨ ᠬᠣᠶᠠᠷ ᠲᠠᠨᠢ ᠠᠯᠲᠠᠨ ᠮᠥᠩᠭᠥ ᠬᠣᠶᠠᠷ
ᠠᠪᠳᠠᠷ᠎ᠠ ᠪᠠᠷ ᠳᠦᠭᠦᠷᠡᠩ ᠠᠯᠲᠠ ᠮᠥᠩᠭᠥ
ᠲᠠᠪᠳᠠᠩ ᠢ᠋ᠶ᠋ᠠᠷ ᠳᠦᠭᠦᠷᠡᠩ ᠲᠠᠵᠢ ᠲᠣᠷᠭ᠎ᠠ
ᠲᠠᠯ᠎ᠠ ᠪᠠᠷ ᠳᠦᠭᠦᠷᠡᠩ ᠮᠠᠯ ᠲᠠᠢ
ᠲᠠᠪᠳᠠᠩ ᠢ᠋ᠶ᠋ᠡᠷ ᠳᠦᠭᠦᠷᠡᠩ ᠡᠳ᠋ ᠲᠡᠢ ᠪᠠᠢᠬᠤ ᠶ᠋ᠢᠨ ᠲᠤᠯᠠᠳᠠ
ᠴᠢᠩᠬ᠎ᠠ ᠵᠡᠭᠦᠨ ᠵᠦᠭ ᠦ᠋ᠨ ᠪᠣᠯᠣᠷ ᠶᠣᠩᠬᠣᠷ
ᠴᠢᠭᠲᠠᠭ᠎ᠠ ᠶ᠋ᠢ ᠲᠠᠨᠢ ᠪᠤᠯᠲᠠᠷᠠᠰᠢᠶᠠᠨ ᠦᠭᠡᠢ
ᠴᠢᠩ ᠴᠠᠭᠠᠨ ᠲᠣᠰᠣ ᠪᠠᠷ ᠴᠢᠮᠡᠨ ᠪᠠᠷᠢᠪᠠᠢ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠤᠭᠠᠢ!
ᠤᠯᠠᠭᠠᠨ ᠽᠠᠨᠳᠠᠨ ᠣᠨᠢ ᠲᠠᠢ
ᠴᠠᠭᠠᠨ ᠽᠠᠨᠳᠠᠨ ᠳᠠᠷᠠᠮ᠎ᠠ ➋ ᠲᠠᠢ
ᠬᠠᠪᠰᠤᠷᠤᠭᠤᠯᠵᠤ ᠵᠠᠰᠠᠭᠰᠠᠨ ᠬᠠᠭᠠᠯᠭ᠎ᠠ ᠲᠠᠢ
ᠽᠠᠨᠳᠠᠨ ᠱᠠᠩᠳ᠋ᠠᠩ ᠬᠣᠶᠠᠷ ᠢ᠋
ᠰᠡᠢᠯᠵᠦ ᠵᠠᠰᠠᠭᠰᠠᠨ ᠬᠠᠷᠠᠭᠠᠴᠠ ➌ ᠲᠠᠢ
ᠠᠷᠰᠯᠠᠨ ᠵᠠᠭᠠᠨ ᠤ᠋ ᠰᠣᠶᠣᠭ᠎ᠠ ᠰᠢᠭ᠋
ᠡᠩ ᠲᠣᠷᠭᠠᠨ ᠡᠭᠦᠳᠡ ᠲᠡᠢ
ᠡᠷᠭᠢᠪᠴᠢ ᠲᠣᠷᠭᠠᠨ ᠡᠷᠦᠬᠡ ᠲᠡᠢ
ᠲᠠᠵᠢ ᠲᠣᠷᠭᠠᠨ ᠬᠥᠰᠢᠭᠡ ᠲᠡᠢ
ᠲᠠᠩᠨᠠᠢ ᠭᠦᠷᠦᠮᠡᠯ ᠣᠭᠣᠰᠣᠷ ᠲᠠᠢ
ᠪᠤᠯᠢᠭᠠᠷᠢ ᠬᠠᠰᠠᠭ ᠪᠦᠷᠢᠶᠡᠰᠦ ᠲᠡᠢ
ᠪᠣᠯᠣᠷ ᠶᠣᠩᠬᠣᠷ ᠴᠢᠭᠲᠠᠭ᠎ᠠ ᠲᠠᠢ
ᠪᠠᠢ ᠮᠣᠳᠣᠨ ᠪᠠᠭᠠᠨ᠎ᠠ ᠲᠠᠢ
ᠪᠡᠭᠡᠵᠢᠩ ᠪᠣᠯᠣᠳ ᠰᠢᠨᠠᠭ᠎ᠠ ᠲᠠᠢ
ᠴᠤᠯᠤ ᠮᠥᠩᠭᠥᠨ ᠲᠤᠯᠭ᠎ᠠ ᠲᠠᠢ
ᠴᠢᠳᠬᠤᠮᠠᠯ ᠮᠥᠩᠭᠥᠨ ᠬᠠᠢᠰᠤ ᠲᠠᠢ
ᠬᠠᠨ ᠽᠠᠨᠳᠠᠨ ᠡᠷᠭᠢᠨᠡᠭ ᠲᠡᠢ
ᠬᠠᠮᠪᠤ ᠲᠣᠷᠭᠠᠨ ᠰᠢᠷᠲᠡᠭ ᠲᠡᠢ
ᠯᠠᠩ ᠮᠥᠩᠭᠥᠨ ᠣᠨᠢᠰᠣ ᠲᠠᠢ
ᠯᠠᠪᠠᠢ ᠭᠢᠯᠠᠭᠠᠨ ᠥᠷᠭᠥᠭᠡ
ᠵᠢᠩ ᠮᠥᠩᠭᠥᠨ ᠣᠨᠢᠰᠣ ᠲᠠᠢ
ᠵᠢᠪ ᠭᠢᠯᠠᠭᠠᠨ ᠥᠷᠭᠥᠭᠡ
ᠲᠠᠯ᠎ᠠ ᠶ᠋ᠢᠨ ᠳᠤᠮᠳᠠ ᠪᠠᠷᠢᠭᠰᠠᠨ
ᠲᠤᠩ ᠴᠠᠭᠠᠨ ᠭᠡᠷ ᠦ᠋ᠨ ᠲᠠᠨᠢ
ᠠᠯᠳᠠᠷᠠᠰᠢ ᠦᠭᠡᠢ ᠠᠯᠲᠠᠨ ᠴᠢᠭᠲᠠᠭ᠎ᠠ
ᠮᠤᠯᠲᠤᠷᠠᠰᠢ ᠦᠭᠡᠢ ᠮᠥᠩᠭᠥᠨ ᠴᠢᠭᠲᠠᠭ᠎ᠠ ᠶ᠋ᠢ ᠲᠠᠨᠢ
ᠴᠢᠩ ᠴᠠᠭᠠᠨ ᠬᠠᠳᠠᠭ ᠢ᠋ᠶ᠋ᠠᠷ ᠢ᠋ᠶ᠋ᠠᠨ
ᠴᠢᠮᠡᠭᠯᠡᠨ ᠠᠢᠯᠠᠳᠬᠠᠵᠤ ᠪᠠᠷᠢᠪᠠᠢ ᠴᠣᠳ!
(ᠬᠣᠶᠠᠷ)
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠰᠠᠷ᠎ᠠ ᠶ᠋ᠢᠨ ᠰᠠᠢᠨ ᠢ᠋ ᠬᠦᠯᠢᠶᠡᠵᠦ
ᠰᠠᠷᠠᠭᠤᠯ ᠥᠷᠭᠥᠭᠡ ᠪᠠᠢᠭᠤᠯᠵᠤ
ᠡᠳᠦᠷ ᠦ᠋ᠨ ᠰᠠᠢᠨ ᠢ᠋ ᠬᠦᠯᠢᠶᠡᠵᠦ
ᠡᠷᠦᠬᠡ ᠭᠡᠷ ᠪᠠᠷᠢᠵᠤ
ᠣᠭᠲᠠᠷᠭᠤᠢ ᠶ᠋ᠢᠨ ᠭᠦᠨ ᠢ᠋ ᠪᠠᠷᠠᠯᠠᠬ᠍ᠴᠢ
ᠡᠷᠦᠬᠡ ᠴᠩᠬᠤᠷᠠ ᠳ᠋ᠤᠨᠢ
ᠲᠣᠰᠣ ᠲᠦᠷᠬᠢᠭᠰᠡᠨ ᠦ᠌ ᠬᠦᠴᠦ ᠪᠡᠷ
ᠳᠤᠮᠳᠠ ᠵᠦᠭ ᠡᠴᠡ
ᠳᠣᠷᠵᠢ ᠶ᠋ᠢᠨ ᠴᠠᠩ ᠪᠤᠷᠬᠠᠨ ᠢᠪᠡᠭᠡᠵᠦ
ᠳᠤᠷᠠᠯᠠᠭᠰᠠᠨ ᠬᠦᠰᠡᠭᠰᠡᠨ ᠬᠣᠶᠠᠷ ᠲᠠᠨᠢ
ᠲᠠᠩᠳᠠ ᠰᠠᠢᠬᠠᠨ ᠪᠦᠷᠢᠳᠬᠦ ᠶ᠋ᠢᠨ ᠲᠤᠯᠠᠳᠠ
ᠸᠴᠢᠷ ᠴᠢᠨᠳᠠᠮᠤᠨᠢ ᠪᠠᠷ ᠪᠦᠲᠦᠭᠡᠭᠰᠡᠨ
ᠠᠭᠤᠳᠠᠮ ᠬᠢᠯᠠᠭᠠᠨ ᠥᠷᠭᠥᠭᠡ ᠶ᠋ᠢ ᠲᠠᠨᠢ ᠮᠢᠯᠢᠶᠠᠬᠤ ᠶ᠋ᠢᠨ ᠤᠴᠢᠷ
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠮᠦᠨ᠎ᠡ ᠵᠦᠭ ᠡᠴᠡ
ᠡᠭᠦᠯᠡ ᠶᠠᠪᠲᠠ ᠲᠩᠷᠢ ᠢᠪᠡᠭᠡᠵᠦ
ᠡᠭᠦᠳᠡ ᠶᠠᠪᠲᠠ ᠡᠵᠡᠨ ᠮᠠᠨᠽᠤᠰᠢᠷᠢ ᠢᠪᠡᠭᠡᠵᠦ
ᠣᠤ ᠭᠡᠷ ᠦ᠋ᠨ ᠬᠣᠢᠮᠣᠷ ᠰᠠᠭᠤᠵᠤ
ᠣᠯᠠᠨ ᠰᠦᠷᠦᠭ ᠦ᠋ᠨ ᠳᠤᠮᠳᠠ
ᠡᠷᠦᠬᠡ ᠲᠠᠨᠢ ᠴᠤᠬᠤᠢᠵᠤ
ᠬᠠᠯᠢᠮ ᠥᠭᠡᠬᠦ ᠪᠡᠷ ᠵᠣᠭᠤᠴᠠ ᠬᠢᠵᠦ
ᠬᠠᠮᠪᠤ ᠲᠣᠷᠭ᠎ᠠ ᠪᠠᠷ ᠨᠠᠪᠵᠠ ᠬᠢᠵᠦ
ᠬᠠᠯᠢᠭᠤ ᠪᠤᠯᠠᠭ ᠢ᠋ᠶ᠋ᠠᠷ ᠦᠴᠡ➍ ᠬᠢᠵᠦ
ᠬᠠᠳᠠᠭ ᠭᠬᠢᠪ ᠢ᠋ᠶ᠋ᠡᠷ ᠯᠠᠪᠠᠷᠢ ᠲᠠᠲᠠᠵᠤ
ᠬᠠᠮᠤᠭ ᠨᠡᠢᠲᠡ ᠶ᠋ᠢᠨ ᠢ᠋ᠶ᠋ᠡᠨ ᠳᠤᠮᠳᠠ
ᠵᠢᠷᠭᠠᠵᠤ ᠴᠡᠩᠭᠡᠵᠦ ᠶᠠᠪᠤᠬᠤ ᠶ᠋ᠢᠨ ᠲᠤᠯᠠᠳᠠ
ᠴᠢᠩᠬ᠎ᠠ ᠡᠮᠦᠨ᠎ᠡ ᠵᠦᠭ ᠦ᠋ᠨ ᠪᠣᠯᠣᠷ ᠶᠣᠩᠬᠣᠷ
ᠴᠢᠭᠲᠠᠭ᠎ᠠ ᠶ᠋ᠢ ᠲᠠᠨᠢ ᠪᠣᠯᠲᠠᠷᠠᠰᠢᠶᠠᠨ ᠦᠭᠡᠢ
ᠴᠢᠩ ᠴᠠᠭᠠᠨ ᠲᠣᠰᠣ ᠪᠠᠷ ᠴᠢᠮᠡᠵᠦ ᠪᠠᠷᠢᠪᠠᠢ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠪᠠᠷᠠᠭᠤᠨ ᠡᠮᠦᠨ᠎ᠡ ᠵᠦᠭ ᠡᠴᠡ
ᠪᠠᠳᠮ᠎ᠠ ᠰᠠᠮᠪᠣ ᠪᠤᠷᠬᠠᠨ ᠢᠪᠡᠭᠡᠵᠦ
ᠪᠠᠳ ᠪᠦᠷᠢᠨ ᠪᠤᠶᠠᠨ ᠳᠡᠯᠭᠡᠷᠡᠵᠦ
ᠪᠠᠷᠠᠭᠤᠨ ᠪᠡᠶ᠎ᠡ ᠶ᠋ᠢᠨ ᠪᠠᠷᠠᠭ᠎ᠠ ᠶ᠋ᠢ
ᠪᠠᠷᠯᠠᠭᠴᠢ ᠪᠠᠷ ᠪᠦᠲᠦᠭᠡᠵᠦ
ᠪᠠᠷᠢᠭᠰᠠᠨ ᠲᠠᠯᠪᠢᠭᠰᠠᠨ ᠬᠣᠶᠠᠷ ᠲᠠᠨᠢ
ᠠᠯᠲᠠᠨ ᠮᠥᠩᠭᠥᠨ ᠬᠣᠶᠠᠷ
ᠠᠪᠳᠠᠷ᠎ᠠ ᠪᠠᠷ ᠳᠦᠭᠦᠷᠡᠩ ᠠᠯᠲᠠᠨ ᠮᠥᠩᠭᠥ
ᠲᠡᠪᠳᠡᠩ ᠢ᠋ᠶ᠋ᠡᠷ ᠳᠦᠭᠦᠷᠡᠩ ᠲᠠᠵᠢ ᠲᠣᠷᠭ᠎ᠠ
ᠲᠠᠯ᠎ᠠ ᠪᠠᠷ ᠳᠦᠭᠦᠷᠡᠩ ᠮᠠᠯ ᠠᠳᠤᠭᠤ ᠲᠠᠢ
ᠰᠠᠪᠠ ᠳᠦᠭᠦᠷᠡᠩ ᠰᠠᠭᠠᠯᠢ ᠢᠳᠡᠭᠡᠨ ᠲᠡᠢ
ᠰᠠᠢᠨ ᠨᠡᠷ᠎ᠡ ᠴᠣᠯᠠ ᠲᠠᠨᠢ
ᠬᠡᠵᠢᠶᠡᠳᠡ ᠳᠡᠯᠭᠡᠷᠡᠵᠦ ᠶᠠᠪᠤᠬᠤ ᠶ᠋ᠢᠨ ᠲᠤᠯᠠᠳᠠ
ᠴᠢᠩᠬ᠎ᠠ ᠪᠠᠷᠠᠭᠤᠨ ᠵᠦᠭ ᠦ᠋ᠨ ᠪᠣᠯᠣᠷ ᠶᠣᠩᠬᠣᠷ
ᠴᠢᠭᠲᠠᠭ᠎ᠠ ᠶ᠋ᠢ ᠲᠠᠨᠢ ᠪᠣᠯᠲᠠᠷᠠᠰᠢᠶᠠᠨ ᠦᠭᠡᠢ
ᠴᠢᠩ ᠴᠠᠭᠠᠨ ᠲᠣᠰᠣ ᠪᠠᠷ ᠴᠢᠮᠡᠵᠦ ᠪᠠᠷᠢᠪᠠᠢ !
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠬᠣᠢᠲᠤ ᠵᠦᠭ ᠡᠴᠡ ᠬᠣᠮᠰᠢᠨ ᠪᠣᠳᠢᠰᠠᠳᠤᠠ ᠪᠤᠷᠬᠠᠨ
ᠬᠣᠷᠢᠨ ᠨᠢᠭᠡᠨ ᠨᠣᠭᠣᠭᠠᠨ ᠳ᠋ᠠᠷ᠎ᠠ ᠡᠬᠡ ᠢᠪᠡᠭᠡᠵᠦ
ᠬᠣᠣᠷᠯᠠᠭᠴᠢ ᠮᠠᠭᠤ ᠳᠠᠢᠰᠤᠨ ᠢ᠋
ᠬᠤᠮᠠᠬᠢ ᠶ᠋ᠢᠨ ᠲᠣᠭᠣᠰᠣ ᠬᠢᠵᠦ
ᠬᠤ᠌ ᠬᠣᠭᠣᠯᠠ ᠶ᠋ᠢᠨ ᠳᠡᠭᠡᠵᠢ ᠶ᠋ᠢ ᠵᠣᠭᠣᠭᠯᠠᠵᠤ
ᠫᠤᠤ ᠬᠤᠪᠴᠠᠰᠤᠨ ᠤ᠋ ᠰᠢᠨ᠎ᠡ ᠶ᠋ᠢ ᠨᠠᠪᠵᠠᠯᠠᠵᠦ
ᠥᠨᠳᠥᠷ ᠭᠠᠵᠠᠷ ᠥᠷᠭᠥᠭᠡ ᠪᠡᠨ ᠪᠠᠷᠢᠵᠤ
ᠬᠣᠲᠣᠭᠣᠷ ᠭᠠᠵᠠᠷ ᠬᠣᠨᠢ ᠪᠠᠨ ᠬᠣᠲᠠᠯᠠᠵᠤ
ᠬᠣᠩᠭᠣᠷ ᠠᠳᠤᠭᠤ ᠵᠡᠯ᠎ᠡ ᠪᠡᠷ ᠳᠦᠭᠦᠷᠴᠦ ᠪᠠᠢᠬᠤ ᠶ᠋ᠢᠨ ᠲᠤᠯᠠᠳᠠ
ᠴᠢᠩᠬ᠎ᠠ ᠬᠣᠢᠲᠤ ᠵᠦᠭ ᠦ᠋ᠨ ᠪᠣᠯᠣᠷ ᠶᠣᠩᠬᠤᠷ
ᠴᠢᠭᠲᠠᠭ᠎ᠠ ᠶ᠋ᠢ ᠲᠠᠨᠢ ᠪᠣᠯᠲᠠᠷᠠᠰᠢᠶᠠᠨ ᠦᠭᠡᠢ
ᠴᠢᠩ ᠴᠠᠭᠠᠨ ᠲᠣᠰᠣ ᠪᠠᠷ ᠴᠢᠮᠡᠵᠦ ᠪᠠᠷᠢᠪᠠᠢ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠵᠡᠭᠦᠨ ᠵᠦᠭ ᠡᠴᠡ
ᠵᠦᠩᠲᠦᠷ ᠨᠠᠮᠵᠢᠯᠠᠮᠠ ᠪᠤᠷᠬᠠᠨ ᠢᠪᠡᠭᠡᠵᠦ
ᠵᠦᠨ ᠵᠦᠭ ᠵᠦᠭ ᠦ᠋ᠨ ᠡᠳ᠋ ᠴᠤᠭᠯᠠᠷᠠᠵᠤ
ᠵᠢᠰᠦᠨ ᠵᠦᠢᠯ ᠦ᠋ᠨ ᠵᠢᠮᠢᠰ ᠴᠢᠳᠬᠤᠷᠠᠵᠤ
ᠵᠡᠭᠦᠨ ᠪᠡᠶ᠎ᠡ ᠶ᠋ᠢᠨ ᠪᠠᠷᠠᠭ᠎ᠠ ᠶ᠋ᠢ ᠵᠥᠷᠯᠡᠭᠴᠢ ᠪᠡᠷ ᠪᠦᠲᠦᠭᠡᠵᠦ
ᠵᠡᠭᠦᠭᠰᠡᠨ ᠲᠠᠯᠪᠢᠭᠰᠠᠨ ᠬᠣᠶᠠᠷ ᠲᠠᠨᠢ
ᠠᠯᠲᠠ ᠮᠥᠩᠭᠥ ᠬᠣᠶᠠᠷ
ᠥᠷᠭᠥᠭᠡ ᠳᠦᠭᠦᠷᠡᠩ ᠦᠷ᠎ᠡ ᠰᠠᠳᠤᠨ
ᠦᠬᠦᠭ ➎ ᠲᠦᠭᠦᠷᠡᠩ ᠡᠷᠳᠡᠨᠢ ᠱᠢᠷᠦ ᠲᠡᠢ ᠪᠠᠢᠬᠤ ᠶ᠋ᠢᠨ ᠲᠤᠯᠠᠳᠠ
ᠴᠢᠩᠬ᠎ᠠ ᠵᠡᠭᠦᠨ ᠵᠦᠭ ᠦ᠋ᠨ ᠪᠣᠯᠣᠷ ᠶᠣᠩᠬᠣᠷ
ᠴᠢᠭᠲᠠᠭ᠎ᠠ ᠶ᠋ᠢ ᠲᠠᠨᠢ ᠪᠣᠯᠲᠠᠷᠠᠰᠢᠶᠠᠨ ᠦᠭᠡᠢ
ᠴᠢᠩ ᠴᠠᠭᠠᠨ ᠲᠣᠰᠣ ᠪᠠᠷ ᠴᠢᠮᠡᠵᠦ ᠪᠠᠷᠢᠪᠠᠢ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠲᠥᠪᠯᠡᠭᠰᠡᠨ ᠬᠠᠷᠠᠭᠠᠴᠠ ᠲᠦᠯᠡᠭᠰᠡᠨ ᠲᠤᠯᠭ᠎ᠠ ᠬᠣᠶᠠᠷ ᠲᠠᠨᠢ
ᠲᠥᠪ ᠪᠠᠲᠤ ᠪᠠᠢᠬᠤ ᠪᠣᠯᠲᠤᠭᠠᠢ!
ᠲᠥᠷᠥᠭᠰᠡᠨ ᠬᠣᠶᠠᠷ ᠪᠡᠶ᠎ᠡ ᠲᠠᠨᠢ
ᠲᠡᠭᠦᠯᠳᠡᠷ ᠮᠥᠩᠬᠡ ᠵᠢᠷᠭᠠᠯ ᠡᠳ᠋ᠯᠡᠬᠦ ᠪᠣᠯᠲᠤᠭᠠᠢ!
ᠤᠯᠠᠭᠠᠨ ᠽᠠᠨᠳᠠᠨ ᠣᠨᠢ ᠲᠠᠢ
ᠴᠠᠭᠠᠨ ᠽᠠᠨᠳᠠᠨ ᠲᠠᠷᠠᠮ᠎ᠠ ᠲᠠᠢ
ᠬᠠᠪᠰᠤᠷᠤᠭᠤᠯᠵᠦ ᠵᠠᠰᠠᠭᠰᠠᠨ ᠬᠠᠭᠠᠯᠭ᠎ᠠ ᠨᠢ
ᠽᠠᠨᠳᠠᠨ ᠰᠡᠩᠳᠡᠩ ᠬᠣᠶᠠᠷ
ᠰᠡᠢᠯᠵᠦ ᠵᠠᠰᠠᠭᠰᠠᠨ ᠬᠠᠷᠠᠭᠠᠴᠨ ᠨᠢ
ᠠᠷᠰᠯᠠᠨ ᠵᠠᠭᠠᠨ ᠤ᠋ ᠰᠣᠶᠣᠭ᠎ᠠ
ᠡᠩ ᠲᠣᠷᠭᠠᠨ ᠡᠭᠦᠳᠡ ᠲᠡᠢ
ᠡᠷᠭᠢᠪᠴᠢ ᠲᠣᠷᠭᠠᠨ ᠡᠷᠦᠬᠡ ᠲᠡᠢ
ᠲᠠᠵᠢ ᠲᠣᠷᠭᠠᠨ ᠬᠥᠰᠢᠭᠡ ᠲᠡᠢ
ᠲᠠᠩᠨᠠᠢ ᠭᠦᠷᠦᠮᠡᠯ ᠣᠭᠣᠰᠣᠷ ᠲᠠᠢ
ᠪᠤᠯᠢᠭᠠᠷᠢ ᠬᠠᠰᠠᠭ ᠪᠦᠷᠢᠶᠡᠰᠦ ᠲᠡᠢ
ᠪᠤᠯᠤ ᠶᠣᠩᠬᠣᠷ ᠴᠢᠭᠲᠠᠭ᠎ᠠ ᠲᠠᠢ
ᠪᠠᠢ ᠮᠣᠳᠣᠨ ᠪᠠᠭᠠᠨ᠎ᠠ ᠲᠠᠢ
ᠴᠤᠯᠤ ᠮᠥᠩᠭᠥᠨ ᠲᠤᠯᠭ᠎ᠠ ᠲᠠᠢ
ᠴᠢᠳᠬᠤᠮᠠᠯ ᠮᠥᠩᠭᠥᠨ ᠬᠠᠢᠰᠤ ᠲᠠᠢ
ᠰᠢᠢᠮᠡᠯ ᠮᠥᠩᠭᠥᠨ ᠲᠦᠩᠬᠦ ᠲᠡᠢ
ᠬᠠᠨ ᠽᠠᠨᠳᠠᠨ ᠡᠷᠭᠢᠨᠡᠭ ᠲᠡᠢ
ᠬᠠᠮᠪᠤ ᠲᠣᠷᠭᠠᠨ ᠬᠥᠰᠢᠭᠡ ᠲᠡᠢ
ᠶᠠᠰᠠᠮᠠᠯ ➏ ᠽᠠᠨᠳᠠᠨ ᠰᠢᠷᠡᠭᠡ ᠲᠡᠢ
ᠶᠠᠩᠵᠤᠲᠤ ᠨᠠᠢ᠍ᠮᠠᠨ ᠰᠢᠷᠲᠡᠭ ᠲᠡᠢ
ᠶᠠᠮᠪᠠᠲᠤ ᠳᠥᠷᠪᠡᠨ ᠳᠡᠷᠡ ᠲᠡᠢ
ᠰᠦᠯᠵᠢᠮᠡᠯ ᠡᠷᠢᠶᠡᠲᠦ ᠰᠢᠷᠳᠡᠭ ᠲᠡᠢ
ᠰᠣᠯᠣᠩᠭᠠᠨ ᠥᠩᠭᠡᠲᠦ ᠬᠡᠪᠢᠰ ᠲᠡᠢ
ᠲᠠᠪᠤᠨ ᠥᠩᠭᠡ ᠶ᠋ᠢᠨ ᠬᠥᠪᠡᠭᠡ ᠲᠡᠢ
ᠲᠠᠵᠢ ᠶ᠋ᠢᠨ ᠠᠷᠬᠠᠨ ᠪᠦᠰᠡ ᠲᠡᠢ
ᠣᠷᠴᠢᠯᠠᠩ ᠤ᠋ᠨ ᠬᠥᠪᠡᠭᠡ ᠮᠡᠲᠦ ᠲᠥᠭᠥᠷᠢᠭ ᠴᠠᠭᠠᠨ
ᠣᠭᠲᠠᠷᠭᠤᠢ ᠶ᠋ᠢᠨ ᠰᠠᠷ᠎ᠠ ᠮᠡᠲᠦ ᠳᠦᠭᠦᠷᠡᠩ ᠴᠠᠭᠠᠨ
ᠠᠭᠠᠷ ᠤ᠋ᠨ ᠡᠭᠦᠯᠡ ᠮᠡᠲᠦ ᠬᠥᠪᠥᠩ ᠴᠠᠭᠠᠨ
ᠠᠳᠤᠭᠤᠯᠠᠭᠰᠠᠨ ᠬᠣᠨᠢᠳ ᠮᠡᠲᠦ ᠪᠥᠮᠪᠥᠭᠡᠷ ᠴᠠᠭᠠᠨ
ᠡᠭᠴᠡ ᠳᠤᠮᠳᠠ ᠠᠰᠠᠭᠰᠠᠨ ᠭᠠᠯ ᠤ᠋ᠨ ᠴᠢᠨᠠᠷ ᠨᠢ ᠴᠠᠭᠠᠨ
ᠡᠵᠡᠨ ᠬᠥᠮᠦᠨ ᠦ᠌ ᠳᠣᠲᠣᠷ᠎ᠠ ᠰᠡᠳᠬᠢᠯ ᠨᠢ ᠴᠠᠭᠠᠨ
ᠢᠳᠡᠵᠦ ᠤᠤᠭᠤᠭᠰᠠᠨ ᠢᠳᠡᠭᠡᠨ ᠨᠢ ᠶᠠᠰᠤ ᠴᠠᠭᠠᠨ
ᠡᠳ᠋ᠯᠡᠵᠦ ᠵᠠᠷᠤᠭᠰᠠᠨ ᠬᠡᠷᠡᠭᠰᠡᠯ ᠦ᠋ᠨ ᠥᠩᠭᠡ ᠨᠢ ᠴᠠᠭᠠᠨ
ᠯᠠᠩ ᠮᠥᠩᠭᠥᠨ ᠣᠨᠢᠰᠣ ᠲᠠᠢ
ᠯᠠᠪᠠᠢ ᠭᠢᠯᠠᠭᠠᠨ ᠥᠷᠭᠥᠭᠡ
ᠵᠢᠩ ᠮᠥᠩᠭᠥᠨ ᠣᠨᠢᠰᠣ ᠲᠠᠢ
ᠵᠢᠪ ᠭᠢᠯᠠᠭᠠᠨ ᠥᠷᠭᠥᠭᠡ
ᠪᠤᠮ ᠡᠷᠳᠡᠨᠢ ᠶ᠋ᠢᠨ ᠰᠢᠨᠵᠢ ᠪᠦᠷᠢᠳᠬᠡᠭᠰᠡᠨ
ᠪᠥᠮᠪᠥᠷ ᠴᠠᠭᠠᠨ ᠥᠷᠭᠥᠭᠡ ᠶ᠋ᠢᠨ ᠲᠠᠨᠢ
ᠠᠯᠳᠠᠷᠠᠰᠢ ᠦᠭᠡᠢ ᠠᠯᠲᠠᠨ ᠭᠠᠯ ᠴᠢᠭᠲᠠᠭ᠎ᠠ
ᠮᠤᠯᠲᠤᠷᠠᠰᠢ ᠦᠭᠡᠢ ᠮᠥᠩᠭᠥᠨ ᠭᠠᠯ ᠴᠢᠭᠲᠠᠭ᠎ᠠ
ᠴᠢᠩ ᠴᠠᠭᠠᠨ ᠬᠠᠳᠠᠭ ᠢ᠋ᠶ᠋ᠠᠷ ᠢ᠋ᠶ᠋ᠠᠨ
ᠴᠢᠮᠡᠭᠯᠡᠨ ᠠᠢᠯᠠᠳᠬᠠᠵᠦ ᠪᠠᠷᠢᠪᠠ ᠴᠣᠳ!
➊ ᠡᠭᠴᠡ ➋ ᠮᠣᠩᠭᠣᠯ ᠭᠡᠷ ᠦ᠋ᠨ ᠬᠠᠨ᠎ᠠ ➌ ᠮᠣᠩᠭᠣᠯ ᠭᠡᠷ ᠦ᠋ᠨ ᠲᠣᠭᠣᠨᠣ ➍ ᠦᠰᠦᠲᠡᠢ ᠳᠡᠪᠡᠯ ➎ ᠠᠪᠳᠠᠷ᠎ᠠ ➏ ᠵᠠᠰᠠᠮᠠᠯ
ᠰᠢᠨ᠎ᠡ ᠴᠠᠭᠠᠨ ᠢᠳᠡᠭᠡ ᠭᠠᠷᠬᠤ ᠳ᠋ᠤ᠌ ᠢᠷᠥᠭᠡᠬᠦ ᠢᠷᠦᠭᠡᠯ
(ᠨᠢᠭᠡ)
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠨᠡ ᠵᠢᠯ ᠡᠷᠲᠡ ᠢᠷᠡᠵᠦ
ᠢᠷᠡᠬᠦ ᠵᠢᠯ ᠥᠯᠵᠡᠢ ᠪᠦᠷᠢᠳᠴᠦ
ᠬᠣᠶᠠᠷ ᠴᠠᠭ᠎ᠠ ᠵᠠᠯᠭᠠᠯᠳᠤᠵᠤ
ᠬᠤᠰᠢᠭᠤᠨ ᠠᠮᠢᠲᠠᠨ ᠪᠠᠶᠠᠰᠤᠯᠳᠤᠬᠤ
ᠠᠷᠠᠳᠴᠢᠯᠠᠭᠰᠠᠨ ᠰᠦᠷᠦᠭ ᠡᠴᠡ ᠰᠢᠮ᠎ᠡ ᠤᠨᠠᠵᠤ
ᠠᠵᠢᠯᠴᠢ ᠭᠠᠷ ᠠ᠋ᠴᠠ ᠰᠠᠭᠠᠯᠢ ᠭᠠᠷᠴᠤ
ᠪᠤᠯᠠᠭ ᠰᠢᠭ᠋ ᠪᠤᠶᠠᠨ ᠳᠡᠯᠭᠡᠷᠡᠵᠦ
ᠪᠠᠲᠤ ᠵᠢᠷᠭᠠᠯ ᠲᠣᠭᠲᠠᠪᠠ ᠴᠣᠳ!
(ᠬᠣᠶᠠᠷ)
ᠬᠣᠶᠠᠷ ᠴᠠᠭ᠎ᠠ ᠨᠡᠢᠯᠡᠵᠦ
ᠬᠣᠣᠰ ᠦᠭᠡᠢ ᠲᠡᠭᠦᠰ ᠪᠣᠯᠵᠤ
ᠠᠢᠷᠠᠭ ᠦᠰᠦ ᠨᠡᠢᠯᠡᠵᠦ
ᠠᠩᠬᠠᠨ ᠤ᠋ ᠢᠳᠡᠭᠡᠨ ᠪᠣᠯᠵᠤ
ᠬᠠᠭᠤᠴᠢᠨ ᠰᠢᠨ᠎ᠡ ᠵᠠᠯᠭᠠᠯᠳᠤᠵᠤ
ᠬᠤᠷᠢᠮ ᠤ᠋ᠨ ᠳᠡᠭᠡᠵᠢ ᠪᠣᠯᠵᠤ
ᠬᠥᠪᠴᠢ ᠣᠯᠠᠨ ᠢ᠋ᠶ᠋ᠠᠷ ᠢ᠋ᠶ᠋ᠠᠨ ᠡᠷᠭᠦᠨ ᠳᠡᠭᠡᠵᠢᠯᠡᠵᠦ
ᠥᠯᠵᠡᠢ ᠬᠤᠲᠤᠭ ᠢ᠋ ᠪᠡᠯᠭᠡᠯᠡᠪᠡ ᠴᠣᠳ!
ᠠᠢᠷᠠᠭ ᠴᠠᠭ᠎ᠠ ᠤᠤᠭᠤᠬᠤ ᠢᠷᠦᠭᠡᠯ
ᠵᠤᠨ ᠲᠠᠨᠢ ᠤᠷᠲᠤ ᠪᠣᠯᠵᠤ
ᠵᠤᠰᠠᠯᠠᠩ ᠲᠠᠨᠢ ᠰᠢᠮ᠎ᠡ ᠪᠣᠯᠵᠤ
ᠳᠡᠭᠡᠳᠦ ᠲᠩᠷᠢ ᠶ᠋ᠢᠨ ᠢᠪᠡᠭᠡᠯ ᠬᠦᠷᠲᠡᠵᠦ
ᠳᠠᠯᠠᠩ ᠲᠠᠢ ᠮᠠᠯ ᠤ᠋ᠨ ᠰᠢᠮ᠎ᠡ ᠡᠳ᠋ᠯᠡᠵᠦ
ᠦᠰᠦᠨ ᠰᠢᠭ ᠴᠠᠭᠠᠨ ᠪᠣᠯᠵᠤ
ᠲᠣᠰᠣᠨ ᠰᠢᠭ᠋ ᠨᠢᠭᠲᠠ ᠪᠣᠯᠵᠤ
ᠰᠦᠷᠦᠭ ᠮᠠᠯ ᠲᠠᠨᠢ ᠥᠰᠴᠦ
ᠰᠠᠢᠬᠠᠨ ᠪᠤᠶᠠᠨ ᠲᠠᠨᠢ ᠳᠡᠯᠭᠡᠷᠡᠬᠦ ᠪᠣᠯᠲᠤᠭᠠᠢ!
ᠪᠦᠬᠦᠯᠢ ᠰᠢᠭᠦᠰᠦᠨ ᠦ᠌ ᠢᠷᠦᠭᠡᠯ
(ᠨᠢᠭᠡ)
ᠬᠦᠷᠢᠶ᠎ᠡ ᠰᠠᠢᠬᠠᠨ ᠡᠪᠡᠷ ᠲᠡᠢ
ᠬᠦᠷᠵᠡ ᠰᠠᠢᠬᠠᠨ ᠰᠢᠳᠦ ᠲᠡᠢ
ᠬᠠᠯᠪᠠᠭ᠎ᠠ ᠰᠠᠢᠬᠠᠨ ᠴᠢᠬᠢ ᠲᠡᠢ
ᠬᠠᠯᠪᠠᠭᠠᠷ ᠰᠠᠢᠬᠠᠨ ᠰᠡᠭᠦᠯ ᠲᠡᠢ
ᠪᠤᠯᠢᠭᠠᠷᠢ ᠰᠢᠭ᠋ ᠠᠷᠠᠰᠤ ᠲᠠᠢ
ᠪᠣᠯᠭᠠᠨ ᠰᠢᠭ᠋ ᠰᠣᠷ ᠲᠡᠢ
ᠪᠣᠳᠣᠭ ᠰᠢᠭ᠋ ᠰᠢᠭᠡᠰᠦ ᠲᠡᠢ
ᠪᠤᠷᠴᠠᠭ ᠰᠢᠭ᠋ ᠬᠣᠷᠭᠣᠯ ᠲᠠᠢ
ᠬᠣᠲᠠ ᠬᠦᠷᠢᠶ᠎ᠡ ᠶ᠋ᠢᠨ ᠴᠢᠮᠡᠭ ᠪᠣᠯᠤᠭᠰᠠᠨ
ᠬᠣᠨᠢ ᠭᠡᠳᠡᠭ ᠨᠢ ᠡᠨᠡ ᠪᠢᠯᠡ
ᠬᠦᠷᠢᠶ᠎ᠡ ᠰᠠᠢᠬᠠᠨ ᠡᠪᠡᠷ ᠲᠡᠢ
ᠬᠤᠷᠴᠠ ᠰᠠᠢᠬᠠᠨ ᠰᠢᠳᠦ ᠲᠡᠢ
ᠬᠠᠯᠪᠠᠭ᠎ᠠ ᠰᠠᠢᠬᠠᠨ ᠴᠢᠬᠢ ᠲᠡᠢ
ᠬᠠᠮᠤᠭ ᠮᠢᠬᠠᠨ ᠤ᠋ ᠳᠡᠭᠡᠵᠢ ᠪᠣᠯᠤᠭᠰᠠᠨ
ᠬᠠᠨ ᠬᠥᠮᠦᠨ ᠦ᠌ ᠡᠮᠦᠨ᠎ᠡ
ᠰᠢᠭᠦᠰᠦᠨ ᠳᠡᠭᠡᠷ᠎ᠡ ᠲᠠᠯᠪᠢᠳᠠᠭ
ᠲᠣᠯᠣᠭᠠᠢ ᠭᠡᠳᠡᠭ ᠮᠢᠬ᠎ᠠ ᠡᠨᠡ ᠪᠢᠯᠡ
ᠠᠮᠠᠨ ᠬᠦᠵᠦᠭᠦᠦ ᠠᠬ᠎ᠠ ᠲᠠᠢ
ᠠᠬ᠎ᠠ ᠳᠡᠭᠦᠦ ᠵᠢᠷᠭᠤᠭᠤᠯᠠ
ᠲᠡᠮᠡᠭᠡᠨ ᠰᠢᠭ ᠴᠥᠷᠬᠦᠯᠡᠭᠡ ᠲᠡᠢ
ᠲᠡᠪᠡᠨᠡ ᠰᠢᠭ ᠰᠦᠪᠡᠯᠭᠡ ᠲᠡᠢ
ᠰᠡᠭᠡᠷ ᠬᠦᠵᠦᠭᠦᠦ ᠭᠡᠳᠡᠭ ᠮᠢᠬ᠎ᠠ ᠡᠨᠡ ᠪᠢᠯᠡ
ᠬᠤᠪᠢᠯᠭᠠᠨ ᠪᠤᠷᠬᠠᠨ ᠤ᠋ ᠰᠢᠩᠰᠢᠲᠡᠢ
ᠬᠣᠯᠠ ᠣᠢᠷ᠎ᠠ ᠶ᠋ᠢ ᠰᠢᠨᠵᠢᠵᠦ ᠮᠡᠳᠡᠳᠡᠭ
ᠬᠤᠨ ᠴᠠᠭᠠᠨ ᠳᠠᠯᠤ ᠪᠠᠨ ᠳᠣᠲᠣᠷ᠎ᠠ ᠪᠠᠨ ᠬᠠᠳᠠᠭᠠᠯᠠᠭᠰᠠᠨ
ᠬᠤᠷᠳᠤᠨ ᠴᠠᠭᠠᠨ ᠬᠠᠪᠢᠰᠤ ᠪᠠᠨ ᠭᠠᠳᠠᠨ᠎ᠠ ᠪᠠᠨ ᠬᠠᠳᠠᠭᠠᠯᠠᠭᠰᠠᠨ
ᠬᠠ ᠭᠡᠳᠡᠭ ᠮᠢᠬ᠎ᠠ ᠡᠨᠡ ᠪᠢᠯᠡ᠃
ᠬᠠᠨ ᠭᠠᠷᠤᠳᠢ ᠰᠢᠭ᠋ ᠬᠠᠷᠴᠠᠭ᠎ᠠ ᠲᠠᠢ
ᠬᠠᠯᠪᠠᠭᠠᠷ ᠰᠠᠢᠬᠠᠨ ᠰᠡᠭᠦᠯ ᠲᠡᠢ
ᠬᠠᠭᠠᠨ ᠬᠥᠮᠦᠨ ᠦ᠌ ᠡᠮᠦᠨ᠎ᠡ ᠲᠠᠯᠪᠢᠳᠠᠭ
ᠤᠭᠤᠴᠠ ᠭᠡᠳᠡᠭ ᠮᠢᠬ᠎ᠠ ᠡᠨᠡ ᠪᠢᠯᠡ
ᠱᠠᠭ᠎ᠠ ᠴᠢᠮᠥᠭᠡ ᠪᠡᠨ ᠠᠳᠬᠤᠭᠤᠯᠳᠠᠭ
ᠰᠢᠷ᠎ᠠ ᠨᠠᠷᠠᠨ ᠳ᠋ᠤ᠌ ᠮᠥᠷᠭᠥᠭᠦᠯᠳᠡᠭ
ᠭᠤᠷᠪᠠᠨ ᠲᠤᠷᠤ(ᠮᠥᠴᠢ) ᠪᠠᠨ ᠳᠣᠲᠣᠷ᠎ᠠ ᠪᠠᠨ ᠬᠠᠳᠠᠭᠠᠯᠠᠭᠰᠠᠨ
ᠭᠤᠶ᠎ᠠ ᠭᠡᠳᠡᠭ ᠮᠢᠬ᠎ᠠ ᠡᠨᠡ ᠪᠢᠯᠡ
ᠬᠠᠮᠤᠭ ᠮᠢᠬᠠᠨ ᠤ᠋ ᠳᠡᠪᠢᠰᠬᠡᠷ ᠪᠣᠯᠤᠭᠰᠠᠨ
ᠬᠠᠮᠤᠭ ᠪᠤᠷᠬᠠᠨ ᠳ᠋ᠤ᠌ ᠴᠣᠩᠬᠣᠷ ᠡᠷᠭᠦᠳᠡᠭ
ᠬᠠᠲᠤᠨ ᠬᠥᠮᠦᠨ ᠦ᠌ ᠡᠮᠦᠨ᠎ᠡ ᠲᠠᠯᠪᠢᠳᠠᠭ
ᠡᠪᠴᠢᠭᠦᠦ ᠭᠡᠳᠡᠭ ᠮᠢᠬ᠎ᠠ ᠡᠨᠡ ᠪᠢᠯᠡ
ᠰᠦᠮᠪᠦᠷ ᠠᠭᠤᠯᠠ ᠶ᠋ᠢᠨ ᠬᠢᠷ᠎ᠠ ᠳ᠋ᠤ᠌ ᠠᠳᠠᠯᠢ
ᠰᠦᠨ ᠳᠠᠯᠠᠢ ᠶ᠋ᠢᠨ ᠬᠥᠪᠡᠭᠡᠨ ᠳ᠋ᠦ᠍ ᠠᠳᠠᠯᠢ
ᠴᠢᠨᠳᠠᠮᠤᠨᠢ ᠡᠷᠳᠡᠨᠢ ᠶ᠋ᠢᠨ ᠬᠡᠯᠪᠡᠷᠢ ᠲᠡᠢ
ᠴᠢᠩ ᠪᠣᠷᠣ ᠵᠢᠷᠦᠬᠡ ᠲᠡᠢ
ᠠᠭᠤᠰᠬᠢ ᠭᠡᠳᠡᠭ ᠮᠢᠬ᠎ᠠ ᠡᠨᠡ ᠪᠢᠯᠡ
ᠡᠯᠢᠭᠡ ᠪᠡᠷ ᠢ᠋ᠶ᠋ᠡᠨ ᠡᠷᠭᠢᠵᠦ ᠰᠠᠭᠤᠭᠠᠳ ᠢᠳᠡᠳᠡᠭ
ᠲᠥᠷᠥᠯ ᠢ᠋ᠶ᠋ᠡᠷ ᠢ᠋ᠶ᠋ᠡᠨ ᠲᠥᠬᠦᠭᠡᠯᠡᠵᠦ ᠰᠠᠭᠤᠭᠠᠳ ᠢᠳᠡᠳᠡᠭ
ᠲᠥᠷᠥᠯ ᠡᠯᠢᠭᠡᠨ ᠦ᠌ ᠰᠣᠳᠣ ᠪᠣᠯᠤᠭᠰᠠᠨ
ᠡᠯᠢᠭᠡ ᠭᠡᠳᠡᠭ ᠮᠢᠬ᠎ᠠ ᠡᠨᠡ ᠪᠢᠯᠡ
ᠲᠣᠰᠣᠨ ᠨᠠᠭᠤᠷ ᠤ᠋ᠨ ᠲᠣᠭᠲᠠᠭᠠᠯ ᠳ᠋ᠤ᠌ ᠠᠳᠠᠯᠢ
ᠲᠣᠭᠣᠷᠢᠨ ᠡᠷᠬᠡᠨ ᠳ᠋ᠡᠭᠡᠨ ᠢᠷᠦᠭᠡᠵᠦ ᠢᠳᠡᠳᠡᠭ
ᠲᠡᠮᠡᠭᠡᠨ ᠡᠰ ᠭᠡᠳᠡᠭ ᠮᠢᠬ᠎ᠠ ᠡᠨᠡ ᠪᠢᠯᠡ
ᠥᠷᠥᠨ ᠭᠠᠷᠤᠭᠰᠠᠨ ᠨᠠᠷᠠ ᠰᠢᠭ᠋
ᠡᠭᠦᠯᠡᠨ ᠡᠴᠡ ᠭᠠᠷᠤᠭᠰᠠᠨ ᠰᠠᠷ᠎ᠠ ᠰᠢᠭ᠋
ᠬᠥᠪᠡᠭᠦᠨ ᠬᠥᠮᠦᠨ ᠬᠤᠪᠢ ᠪᠣᠯᠤᠭᠰᠠᠨ
ᠪᠥᠭᠡᠷ᠎ᠡ ᠭᠡᠳᠡᠭ ᠮᠢᠬ᠎ᠠ ᠡᠨᠡ ᠪᠢᠯᠡ
ᠪᠠᠨᠳᠢ ᠰᠢᠭ᠋ ᠳ᠋ᠠᠭᠠᠮᠠ
ᠪᠠᠷᠰ ᠰᠢᠭ᠋ ᠡᠷᠢᠶ᠎ᠡ ᠲᠡᠢ
ᠲᠡᠮᠡᠭᠡᠨ ᠰᠢᠭ ᠪᠤᠢᠯᠠ ᠲᠠᠢ
ᠲᠡᠷᠭᠡᠨ ᠰᠢᠭ ᠨᠤᠭᠤᠯᠠᠭᠤᠷ ᠲᠠᠢ
ᠬᠣᠲᠣ ᠭᠡᠳᠡᠭ ᠮᠢᠬ᠎ᠠ ᠡᠨᠡ ᠪᠢᠯᠡ
ᠠᠭᠤᠯᠠ ᠰᠢᠭ᠋ ᠳᠠᠪᠠᠭ᠎ᠠ ᠲᠠᠢ
ᠤᠰᠤᠨ ᠰᠢᠭ᠋ ᠡᠷᠢᠶ᠎ᠡ ᠲᠡᠢ
ᠤᠭᠤᠲᠠ ᠰᠢᠭ᠋ ᠬᠡᠯᠪᠡᠷᠢ ᠲᠡᠢ
ᠥᠬᠢᠨ ᠬᠥᠮᠦᠨ ᠦ᠌ ᠬᠤᠪᠢ ᠪᠣᠯᠤᠭᠰᠠᠨ
ᠱᠠᠩᠭᠠᠷᠴᠠᠭ(ᠰᠠᠷᠬᠢᠨᠠᠭ) ᠭᠡᠳᠡᠭ ᠮᠢᠬ᠎ᠠ ᠡᠨᠡ ᠪᠢᠯᠡ᠃
(ᠬᠣᠶᠠᠷ)
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠥᠨᠳᠥᠷ ᠠᠭᠤᠯᠠ ᠶ᠋ᠢᠨ ᠣᠷᠣᠢ ᠳᠡᠭᠡᠷ᠎ᠡ ᠬᠤᠷᠠᠭᠠᠯᠠᠬ᠍ᠰᠠᠨ
ᠥᠩᠭᠡᠲᠦ ᠴᠠᠭᠠᠨ ᠬᠣᠨᠢᠨ ᠤ᠋ ᠲᠠᠨᠢ
ᠥᠨᠳᠡᠭᠡᠨ ᠴᠠᠭᠠᠨ ᠬᠤᠷᠠᠭ᠎ᠠ ᠪᠢᠯᠡ
ᠬᠤᠯᠤᠭᠠᠨ᠎ᠠ ᠵᠢᠯ ᠳ᠋ᠦ᠍ ᠬᠤᠷᠠᠭᠠᠯᠠᠵᠤ ᠭᠡᠨ᠎ᠡ
ᠦᠬᠡᠷ ᠵᠢᠯ ᠳ᠋ᠦ᠍ ᠦᠵᠡᠵᠦ ᠭᠡᠨ᠎ᠡ
ᠪᠠᠷᠰ ᠵᠢᠯ ᠳ᠋ᠦ᠍ ᠪᠠᠷᠢᠵᠤ ᠭᠡᠨ᠎ᠡ
ᠬᠥᠭᠡᠨ᠎ᠡ ᠳ᠋ᠡᠭᠡᠨ ᠬᠥᠭᠡᠨᠡᠭᠰᠡᠨ ᠦᠭᠡᠢ
ᠬᠡᠦᠬᠡᠳ ᠢ᠋ᠶ᠋ᠡᠷ ᠦᠩᠭᠡᠭᠦᠯᠦᠭᠰᠡᠨ ᠦᠭᠡᠢ
ᠪᠤᠮ ᠤ᠋ᠨ ᠳᠣᠲᠣᠭᠠᠳᠤ ᠬᠣᠨᠢᠨ ᠰᠦᠷᠦᠭ ᠦ᠋ᠨ ᠢ᠋ᠶ᠋ᠡᠨ
ᠪᠣᠷᠣ ᠪᠤᠭᠲᠠᠭᠠᠰᠤ ᠲᠠᠢ ᠬᠣᠨᠢ ᠪᠠᠨ ᠪᠠᠷᠢᠨ
ᠮᠥᠩᠬᠡ ᠲᠥᠷᠥ ᠶ᠋ᠢᠨ ᠬᠠᠷ᠎ᠠ ᠬᠥᠮᠦᠨ ᠢ᠋ ᠵᠠᠯᠠᠵᠤ
ᠮᠥᠩᠭᠥᠨ ᠲᠣᠯᠢᠲᠤ ᠬᠢᠲᠤᠭ᠎ᠠ ᠪᠠᠷ ᠢ᠋ᠶ᠋ᠠᠨ ᠡᠰᠬᠡᠵᠦ
ᠭᠦᠨ ᠶᠡᠬᠡ ᠲᠣᠭᠣᠭᠠᠨ ᠳ᠋ᠠᠭᠠᠨ ᠪᠣᠯᠭᠣᠭᠠᠭᠠᠳ
ᠬᠥᠭᠵᠢᠯ ᠶᠡᠬᠡ ᠳᠠᠪᠰᠢᠨ ᠳ᠋ᠤ᠌ ᠵᠠᠯᠠᠵᠤ
ᠠᠷᠪᠠᠨ ᠬᠣᠶᠠᠷ ᠮᠥᠴᠢ ᠶ᠋ᠢ ᠨᠢ ᠠᠮᠢᠳᠤ ᠶᠣᠰᠣᠭᠠᠷ
ᠳᠠᠮᠵᠢᠯᠠᠨ ᠲᠠᠯᠪᠢᠵᠤ ᠳᠠᠪᠬᠤᠷᠯᠠᠨ ᠥᠷᠥᠵᠦ
ᠽᠠᠨᠳᠠᠨ ᠶᠡᠬᠡ ᠰᠢᠷᠡᠭᠡᠨ ᠳᠡᠭᠡᠷ᠎ᠡ ᠪᠡᠨ ᠵᠠᠰᠠᠨ ᠲᠠᠯᠪᠢᠵᠤ
ᠡᠨᠡ ᠡᠳᠦᠷ ᠦ᠋ᠨ ᠥᠯᠵᠡᠢᠲᠦ ᠰᠠᠢᠬᠠᠨ ᠬᠤᠷᠢᠮ ᠳ᠋ᠤ᠌
ᠬᠣᠯᠠ ᠣᠢᠷᠠᠠ᠋ᠴᠠ ᠬᠤᠷᠠᠨ ᠴᠤᠭᠯᠠᠷᠠᠵᠤ ᠰᠠᠭᠠᠲᠠᠭᠰᠠᠨ
ᠬᠣᠲᠠᠯᠠ ᠣᠯᠠᠨ ᠬᠦᠨᠳᠦᠲᠦ ᠠᠪᠤᠭᠠᠢ ᠨᠠᠷ ᠪᠠ
ᠬᠣᠲᠠ ᠬᠤᠳᠠᠭᠠᠢ ᠪᠣᠯᠤᠨ ᠤᠷᠤᠭ ᠲᠥᠷᠥᠯ ᠦ᠋ᠨ
ᠥᠷᠭᠡᠨ ᠣᠯᠠᠨ ᠲᠥᠷᠥᠯ ᠲᠠ ᠨᠠᠷ ᠲᠠᠭᠠᠨ
ᠠᠮᠠᠨ ᠤ᠋ ᠪᠡᠯᠭᠡ ᠲᠡᠢ
ᠠᠰᠢᠳᠠ ᠶ᠋ᠢᠨ ᠵᠢᠷᠭᠠᠯ ᠲᠠᠢ
ᠤᠤᠯ ᠠ᠋ᠴᠠ ᠪᠠᠨ ᠤᠳᠤᠮᠰᠢᠯ ᠲᠠᠢ
ᠤᠷᠠᠨ ᠰᠠᠢᠬᠠᠨ ᠢᠷᠦᠭᠡᠯ ᠢ᠋ᠶ᠋ᠡᠨ ᠮᠠᠭᠲᠠᠨ ᠢᠷᠥᠭᠡᠶ᠎ᠡ !
ᠳᠠᠯᠤ ᠶ᠋ᠢᠨ ᠵᠦᠰᠦᠮ ᠲᠦᠭᠡᠭᠡᠬᠦ ᠢᠷᠦᠭᠡᠯ
ᠲᠠᠭᠠᠨ ᠠᠳᠤᠭᠤ ᠳᠠᠯ᠎ᠠ ᠬᠥᠷ
ᠲᠠᠩᠳᠠ ᠵᠢᠷᠣᠭ᠎ᠠ ᠪᠣᠯ
ᠲᠠᠪᠠ ᠳᠦᠭᠦᠷᠡᠩ ᠴᠣᠬᠣᠷ ᠪᠣᠯ
ᠳᠠᠯᠤ ᠵᠦᠰᠦᠭᠰᠡᠨ ᠡᠵᠡᠨ ᠨᠢ
ᠨᠠᠰᠤ ᠪᠠᠨ ᠨᠠᠰᠤᠯᠠᠵᠤ
ᠪᠤᠶᠠᠨ ᠢ᠋ᠶ᠋ᠠᠨ ᠪᠤᠶᠠᠯᠠᠵᠦ ᠶᠠᠪᠤᠬᠤ ᠪᠣᠯᠲᠤᠭᠠᠢ!
ᠴᠠᠭᠠᠨ ᠳᠠᠯᠤ ᠶ᠋ᠢᠨ ᠢᠷᠦᠭᠡᠯ
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠩᠬᠡ ᠰᠠᠢᠬᠠᠨ ᠵᠢᠷᠭᠠᠯᠠᠩ ᠲᠠᠨ ᠪᠣᠯᠲᠤᠭᠠᠢ
ᠡᠨᠡ ᠳᠠᠯᠤ ᠪᠣᠯᠪᠠᠰᠤ
ᠮᠢᠩᠭᠠᠨ ᠰᠦᠷᠦᠭ ᠦ᠋ᠨ ᠲᠡᠷᠢᠭᠦᠨ ᠳ᠋ᠦ᠍
ᠮᠠᠢᠯᠠᠵᠤ ᠲᠣᠭᠯᠠᠵᠤ ᠥᠰᠦᠭᠰᠡᠨ
ᠮᠠᠩᠬᠠᠷ ᠬᠠᠯᠵᠠᠨ ᠬᠣᠨᠢᠨ ᠤ᠋
ᠪᠠᠷᠠᠭᠤᠨ ᠲᠠᠯ᠎ᠠ ᠶ᠋ᠢᠨ ᠳᠠᠯᠤ ᠪᠠᠢᠯ᠎ᠠ
ᠡᠨᠡ ᠬᠣᠨᠢ ᠪᠣᠯᠪᠠᠰᠤ
ᠤᠷᠭᠤᠮᠠᠯ ᠤ᠋ᠨ ᠰᠤᠷ ᠢ᠋ ᠲᠠᠰᠤᠳᠠᠵᠤ ᠶᠠᠪᠤᠭᠰᠠᠨ
ᠤᠰᠤᠨ ᠤ᠋ ᠲᠤᠩᠭᠠᠯᠠᠭ ᠢ᠋ ᠤᠤᠭᠤᠵᠤ ᠶᠠᠪᠤᠭᠰᠠᠨ
ᠠᠭᠤᠯᠠᠨ ᠤ᠋ ᠬᠢᠷ᠎ᠠ ᠪᠠᠷ ᠵᠤᠰᠠᠵᠤ ᠶᠠᠪᠤᠭᠰᠠᠨ
ᠠᠭᠤᠳᠠᠮ ᠲᠠᠯ᠎ᠠ ᠪᠠᠷ ᠨᠠᠮᠤᠷᠵᠢᠵᠤ ᠶᠠᠪᠤᠭᠰᠠᠨ
ᠨᠥᠮᠥᠷᠢ ᠲᠡᠢ ᠭᠠᠵᠠᠷ ᠲᠤ᠌ ᠡᠪᠦᠯᠵᠢᠵᠦ ᠶᠠᠪᠤᠭᠰᠠᠨ
ᠨᠥᠭᠡᠴᠡ ᠲᠡᠢ ᠭᠠᠵᠠᠷ ᠲᠤ᠌ ᠬᠠᠪᠤᠷᠵᠢᠵᠤ ᠶᠠᠪᠤᠭᠰᠠᠨ
ᠳᠤᠭᠤᠢ ᠴᠠᠭᠠᠨ ᠰᠡᠭᠦᠯ ᠨᠢ ᠲᠤᠷᠠᠵᠤ ᠶᠡᠷᠦ ᠨᠢ ᠦᠵᠡᠭᠡ ᠦᠭᠡᠢ
ᠲᠤᠭ ᠢᠷᠭᠡ ᠨᠣᠣᠰᠣ ᠪᠠᠨ ᠭᠡᠭᠡᠵᠦ ᠶᠡᠷᠦ ᠦᠵᠡᠭᠡ ᠦᠭᠡᠢ
ᠬᠤᠷᠠᠭᠠᠨ ᠤᠭᠤᠷᠠᠭ ᠰᠡᠭᠦᠯ ᠨᠢ
ᠬᠤᠪᠢᠷᠠᠵᠤ ᠶᠡᠷᠦ ᠨᠢ ᠦᠵᠡᠭᠡ ᠦᠭᠡᠢ
ᠬᠤᠨ ᠴᠠᠭᠠᠨ ᠨᠣᠣᠰᠣ ᠨᠢ
ᠬᠠᠮᠠᠭᠤᠷᠠᠵᠦ ᠶᠡᠷᠦ ᠦᠵᠡᠭᠡ ᠦᠭᠡᠢ
ᠮᠢᠨᠳᠠᠰᠤᠨ ᠴᠠᠭᠠᠨ ᠨᠣᠣᠰᠣ ᠪᠠᠷ ᠢ᠋ᠶ᠋ᠠᠨ
ᠮᠠᠯᠴᠢᠨ ᠡᠵᠡᠨ ᠢ᠋ᠶ᠋ᠡᠨ ᠪᠠᠶᠠᠰᠬᠠᠵᠤ
ᠮᠢᠩᠭᠠᠨ ᠰᠦᠷᠦᠭ ᠦ᠋ᠨ ᠳᠣᠲᠣᠷ᠎ᠠ ᠪᠠᠨ
ᠣᠳᠣ ᠨᠢ ᠪᠣᠯᠤᠭᠰᠠᠨ ᠬᠣᠨᠢ ᠶᠤᠮ ᠪᠠᠢᠨ᠎ᠠ
ᠨᠠᠭᠠᠴᠤ ᠶ᠋ᠢᠨ ᠳᠡᠷᠭᠡᠳᠡ ᠪᠠᠷᠢᠳᠠᠭ ᠦᠭᠡᠢ ᠳᠠᠯᠤ
ᠨᠠᠰᠤ ᠪᠠᠭ᠎ᠠ ᠬᠡᠦᠬᠡᠳ ᠬᠥᠨᠳᠡᠳᠡᠭ ᠦᠭᠡᠢ ᠳᠠᠯᠤ
ᠨᠡᠢᠲᠡ ᠠᠷᠪᠢᠨ ᠢᠷᠦᠭᠡᠯ ᠢ᠋ᠶ᠋ᠡᠨ ᠲᠠᠯᠪᠢᠳᠠᠭ ᠳᠠᠯᠤ
ᠨᠠᠢᠷ ᠬᠤᠷᠢᠮ ᠳ᠋ᠤ᠌ ᠬᠦᠨᠳᠦᠲᠡᠢ ᠳᠠᠯᠤ
ᠲᠥᠯᠭᠡ ᠮᠡᠷᠭᠡᠨ ᠳ᠋ᠦ᠍ ᠮᠡᠷᠭᠡᠨ ᠳᠠᠯᠤ
ᠲᠥᠷᠥᠯ ᠦ᠋ᠨ ᠶᠡᠬᠡ ᠶ᠋ᠢ ᠬᠦᠨᠳᠦᠳᠬᠡᠳᠡᠭ ᠳᠠᠯᠤ
ᠲᠦᠮᠡᠨ ᠣᠯᠠᠨ ᠳ᠋ᠠᠭᠠᠨ ᠪᠢᠰᠢᠷᠡᠯᠲᠡᠢ ᠳᠠᠯᠤ
ᠳᠠᠩ ᠭᠠᠭᠴᠠᠭᠠᠷ ᠢᠳᠡᠳᠡᠭ ᠦᠭᠡᠢ ᠳᠠᠯᠤ
ᠳᠠᠯᠠᠨ ᠬᠤᠪᠢ ᠬᠤᠪᠢᠶᠠᠳᠠᠭ ᠳᠠᠯᠤ
ᠳᠠᠶᠠᠭᠠᠷ ᠣᠯᠠᠨ ᠢ᠋ᠶ᠋ᠠᠷ ᠢᠷᠥᠭᠡᠳᠡᠭ ᠳᠠᠯᠤ
ᠳᠠᠷᠬᠠᠨ ᠮᠣᠩᠭᠣᠯ ᠳ᠋ᠠᠭᠠᠨ ᠬᠦᠨᠳᠦᠲᠡᠢ ᠳᠠᠯᠤ
ᠢᠰᠡᠭᠡᠢ ᠶ᠋ᠢᠨ ᠢᠷᠦᠭᠡᠯ
ᠴᠠᠭᠠᠨ ᠽᠠᠨᠳᠠᠨ ᠭᠣᠣᠯ ᠲᠠᠢ
ᠤᠯᠠᠭᠠᠨ ᠽᠠᠨᠳᠠᠨ ᠡᠷᠭᠢᠭᠦᠯᠭᠡ ᠲᠡᠢ
ᠪᠤᠤᠷ᠎ᠠ ᠶ᠋ᠢᠨ ᠠᠷᠠᠰᠤᠨ ᠴᠤᠭᠯᠠᠭ᠎ᠠ ᠲᠠᠢ
ᠪᠤᠬ᠎ᠠ ᠶ᠋ᠢᠨ ᠠᠷᠠᠰᠤᠨ ᠥᠲᠡᠭᠡ ᠲᠡᠢ
ᠢᠷᠭᠡ ᠶ᠋ᠢᠨ ᠨᠣᠣᠰᠣ ᠢᠰᠡᠭᠡᠢ ᠪᠣᠯᠵᠤ
ᠢᠷᠡᠭᠰᠡᠨ ᠪᠢᠳᠡ ᠮᠥᠩᠬᠡ ᠪᠣᠯᠵᠤ
ᠲᠥᠯᠭᠡ ᠶ᠋ᠢᠨ ᠨᠣᠣᠰᠣ ᠲᠡᠮᠦᠷ ᠪᠣᠯᠵᠤ
ᠲᠥᠷᠥᠭᠰᠡᠨ ᠪᠢᠳᠡ ᠮᠥᠩᠬᠡ ᠪᠣᠯᠵᠤ
ᠬᠤᠷᠠᠭᠠᠨ ᠤ᠋ ᠨᠣᠣᠰᠣ ᠬᠤᠶᠠᠭ ᠪᠣᠯᠵᠤ
ᠬᠤᠷᠠᠭᠰᠠᠨ ᠪᠢᠳᠡ ᠮᠥᠩᠬᠡ ᠪᠣᠯᠵᠤ
ᠵᠤᠯᠠᠭᠰᠠᠨ ᠭᠠᠵᠠᠷ ᠡᠵᠡᠨ ᠨᠢ
ᠵᠤᠯᠠ ᠬᠦᠵᠢ ᠪᠣᠯᠵᠤ
ᠲᠠᠯᠪᠢᠭᠰᠠᠨ ᠭᠠᠵᠠᠷ ᠡᠵᠡᠨ ᠨᠢ
ᠲᠠᠷᠢᠶ᠎ᠠ ᠲᠥᠮᠥᠰᠥ ᠤᠷᠭᠤᠵᠤ
ᠶᠠᠰᠤᠨ ᠠ᠋ᠴᠠ ᠬᠠᠲᠠᠭᠤ
ᠴᠠᠰᠤᠨ ᠠ᠋ᠴᠠ ᠴᠠᠭᠠᠨ
ᠤᠰᠤᠨ ᠠᠷᠬᠠᠭ ᠲᠠᠢ
ᠨᠣᠣᠰᠣᠨ ᠰᠢᠷᠬᠡᠭ ᠲᠡᠢ
ᠪᠤᠯᠢᠭᠠᠷᠢ ᠶ᠋ᠢᠨ ᠡᠷᠢᠶ᠎ᠡ ᠰᠢᠭ ᠬᠢᠮᠤᠭᠡᠷ ᠰᠠᠢᠬᠠᠨ
ᠪᠤᠬ᠎ᠠ ᠶ᠋ᠢᠨ ᠮᠠᠩᠨᠠᠢ ᠰᠢᠭ᠋ ᠠᠷᠵᠠᠭᠠᠷ ᠰᠠᠢᠬᠠᠨ
ᠲᠤᠩ ᠴᠠᠭᠠᠨ ᠢᠰᠡᠭᠡᠢ ᠶ᠋ᠢᠨ
ᠲᠠᠭᠤᠷᠢᠰᠬᠠᠯᠲᠤ ᠪᠠᠶᠠᠷ ᠢ᠋ ᠳᠡᠯᠭᠡᠷᠡᠭᠦᠯᠪᠡ ᠴᠣᠳ!
ᠬᠠᠷᠠᠮ ᠤ᠋ᠨ ᠳᠠᠢᠯᠭᠠᠨ ᠤ᠋ ᠢᠷᠦᠭᠡᠯ
ᠯᠣᠣᠰᠠᠠᠳ ᠤ᠋ᠨ ᠡᠯᠢᠭᠡᠨ ᠡᠴᠡ ᠡᠬᠢ ᠠᠪᠴᠤ
ᠯᠤᠤ ᠶ᠋ᠢᠨ ᠳᠠᠭᠤ ᠪᠠᠷ ᠥᠩᠭᠡ ᠠᠪᠴᠤ
ᠪᠤᠷᠵᠠᠩ ᠬᠥᠳᠡᠭᠡ ᠶ᠋ᠢ ᠨᠣᠭᠣᠭᠠᠷᠠᠭᠤᠯᠵᠤ
ᠪᠣᠯᠤᠭᠰᠠᠨ ᠦᠷ᠎ᠡ ᠪᠡᠨ ᠣᠪᠣᠭᠠᠷᠠᠭᠤᠯᠵᠤ
ᠲᠠᠩᠰᠤᠭ ᠢᠳᠡᠭᠡᠨ ᠦ᠌ ᠠᠬ᠎ᠠ ᠪᠣᠯᠤᠭᠰᠠᠨ
ᠲᠠᠪᠤᠨ ᠲᠢᠪ ᠦ᠋ᠨ ᠠᠮᠢᠲᠠᠨ ᠤ᠋ ᠲᠡᠵᠢᠭᠡᠯ ᠪᠣᠯᠤᠭᠰᠠᠨ
ᠠᠯᠲᠠᠨ ᠳᠡᠯᠡᠬᠡᠢ ᠶ᠋ᠢᠨ ᠠᠷᠢᠭᠤᠨ ᠬᠠᠢᠷᠠᠮ
ᠠᠷᠪᠠᠢ ᠲᠠᠷᠢᠶᠠᠨ ᠤ᠋ ᠴᠠᠭᠠᠨ ᠬᠠᠷᠠᠮ
ᠬᠠᠨ ᠲᠩᠷᠢ ᠳ᠋ᠦ᠍ ᠮᠥᠷᠭᠥᠯ ᠡᠷᠭᠦᠪᠡ ᠴᠣᠳ!
ᠠᠰᠣᠮᠠᠨ ᠨᠢᠷᠤᠭᠤ ᠶᠠᠰᠤᠨ ᠤ᠋ ᠠᠰᠠᠭᠤᠯᠲᠠ ᠬᠠᠷᠢᠭᠤᠯᠲᠠ
ᠠ᠄ᠠᠷᠤᠭ ᠶᠠᠰᠤᠨ ᠤ᠋ ᠰᠠᠭᠤᠷᠢ ᠠᠮᠢᠨ ᠨᠤᠭᠤᠰᠤᠨ ᠤ᠋ ᠬᠡᠯᠬᠢᠶ᠎ᠡ ᠠᠯᠢᠪᠠ ᠰᠢᠨᠵᠢ ᠲᠡᠭᠦᠰ ᠠᠰᠤᠮᠠᠨ ᠶᠠᠰᠤᠨ➊ ᠤ᠋ ᠡᠨᠡ ᠶᠠᠭᠤ ᠪᠤᠢ?
ᠠ᠋ ᠄ᠬᠣᠲᠣ ᠪᠦᠷᠭᠦᠳ ᠦ᠋ᠨ ᠵᠢᠭᠦᠷ᠃
ᠠ᠄ᠶᠠᠭᠠᠬᠢᠭᠠᠳ ᠬᠣᠲᠣ ᠪᠦᠷᠭᠦᠳ ᠦ᠋ᠨ ᠵᠢᠭᠦᠷ ᠪᠣᠯᠤᠭᠰᠠᠨ ᠪᠤᠢ?
ᠠ᠋ ᠄ᠰᠠᠯᠬᠢᠨ ᠳ᠋ᠤ᠌ ᠰᠠᠷᠪᠠᠢᠳᠠᠭ ᠦᠭᠡᠢ ᠬᠤᠷ᠎ᠠ ᠳ᠋ᠤ᠌ ᠬᠣᠮᠣᠢᠳᠠᠭ ᠦᠭᠡᠢ
ᠠ᠄ᠡᠨᠡ ᠶᠠᠭᠤ ᠪᠤᠢ?
ᠠ᠋ ᠄ᠰᠠᠢᠨ ᠡᠮᠡᠭᠡᠯ ᠦ᠋ᠨ ᠪᠦᠭᠦᠷᠭᠡ
ᠠ᠄ᠶᠠᠭᠠᠬᠢᠭᠠᠳ ᠰᠠᠢᠨ ᠡᠮᠡᠭᠡᠯ ᠦ᠋ᠨ ᠪᠦᠭᠦᠷᠭᠡ ᠪᠣᠯᠤᠭᠰᠠᠨ ᠪᠤᠢ?
ᠠ᠋ ᠄ᠬᠤᠳᠠᠷᠭ᠎ᠠ ᠦᠭᠡᠢ ᠬᠤᠯᠠᠨ ᠢ᠋ ᠭᠦᠢᠴᠡᠳᠡᠭ ᠣᠯᠣᠩ ᠦᠭᠡᠢ ᠣᠭᠣᠨᠣ ᠶ᠋ᠢ ᠭᠦᠢᠴᠡᠳᠬᠡᠳᠡᠭ᠃
ᠠ᠄ᠡᠨᠡ ᠶᠠᠭᠤ ᠪᠤᠢ?
ᠠ᠋ ᠄ᠬᠤᠨ ᠬᠡᠷᠢᠶ᠎ᠡ ᠶ᠋ᠢᠨ ᠬᠣᠩᠰᠢᠶᠠᠷ
ᠠ᠄ᠶᠠᠭᠠᠬᠢᠭᠠᠳ ᠬᠤᠨ ᠬᠡᠷᠢᠶ᠎ᠡ ᠶ᠋ᠢᠨ ᠬᠣᠩᠰᠢᠶᠠᠷ ᠪᠣᠯᠤᠭᠰᠠᠨ ᠪᠤᠢ?
ᠠ᠋ ᠄ᠠᠭᠤᠯᠠ ᠨᠡᠪᠲᠡ ᠤᠩᠭᠠᠭᠠ ᠮᠡᠳᠡᠳᠡᠭ ᠳᠠᠪᠠᠭ᠎ᠠ ᠨᠡᠪᠲᠡ ᠲᠡᠢᠨ ᠮᠡᠳᠡᠳᠡᠭ
ᠠ᠄ᠡᠨᠡ ᠶᠠᠭᠤ ᠪᠤᠢ?
ᠠ᠋ ᠄ᠠᠯᠲᠠᠨ ᠬᠠᠩᠭᠠᠢ ᠶ᠋ᠢᠨ ᠰᠢᠯᠢ
ᠠ᠄ᠶᠠᠭᠠᠬᠢᠭᠠᠳ ᠠᠯᠲᠠᠨ ᠬᠠᠩᠭᠠᠢ ᠶ᠋ᠢᠨ ᠰᠢᠯᠢ ᠪᠣᠯᠤᠭᠰᠠᠨ ᠪᠤᠢ?
ᠠ᠋ ᠄ᠠᠷᠤ ᠪᠡᠶ᠎ᠡ ᠳ᠋ᠦ᠍ ᠨᠢ ᠠᠢᠷᠠᠭ ᠲᠠᠷᠠᠭ ᠢ᠋ᠶ᠋ᠠᠷ ᠡᠪᠦᠯᠵᠢᠵᠦ᠂ᠦᠯᠭᠡᠨ ᠪᠡᠶ᠎ᠡ ᠳ᠋ᠦ᠍ ᠨᠢ ᠥᠷᠥᠮ᠎ᠡ ᠲᠣᠰᠣ ᠪᠠᠷ ᠬᠠᠪᠤᠷᠵᠢᠳᠠᠭ
ᠠ᠄ᠡᠨᠡ ᠶᠠᠭᠤ ᠪᠤᠢ?
ᠠ᠋ ᠄ᠪᠠᠭᠠᠲᠤᠷ ᠬᠥᠮᠦᠨ ᠦ᠌ ᠮᠠᠩᠨᠠᠢ
ᠠ᠄ᠶᠠᠭᠠᠬᠢᠭᠠᠳ ᠪᠠᠭᠠᠲᠤᠷ ᠬᠥᠮᠦᠨ ᠦ᠌ ᠮᠠᠩᠨᠠᠢ ᠪᠣᠯᠤᠭᠰᠠᠨ ᠪᠤᠢ?
ᠠ᠋ ᠄ᠲᠦᠮᠡᠨ ᠲᠡᠢᠨ ᠦ᠌ ᠡᠮᠦᠨ᠎ᠡ ᠡᠴᠡ ᠳᠤᠲᠠᠯᠲᠠ ᠦᠭᠡᠢ ᠬᠦᠷᠳᠡᠭ ᠮᠢᠩᠭᠠᠨ ᠲᠡᠢᠨ ᠦ᠌ ᠡᠮᠦᠨ᠎ᠡ ᠡᠴᠡ ᠮᠢᠲᠠᠷᠠᠰᠢ ᠦᠭᠡᠢ ᠬᠦᠷᠳᠡᠭ
ᠠ᠄ᠡᠨᠡ ᠶᠠᠭᠤ ᠪᠤᠢ?
ᠠ᠋ ᠄ᠰᠠᠢᠨ ᠨᠣᠬᠠᠢ ᠶ᠋ᠢᠨ ᠴᠢᠬᠢ
ᠠ᠄ᠶᠠᠭᠠᠬᠢᠭᠠᠳ ᠰᠠᠢᠨ ᠨᠣᠬᠠᠢ ᠶ᠋ᠢᠨ ᠴᠢᠬᠢ ᠪᠣᠯᠤᠭᠰᠠᠨ ᠪᠤᠢ?
ᠠ᠋ ᠄ᠡᠳᠦᠷ ᠦ᠋ᠨ ᠭᠠᠵᠠᠷ ᠠ᠋ᠴᠠ ᠦᠵᠡᠭᠡᠳ ᠮᠡᠳᠡᠳᠡᠭ ᠰᠠᠷ᠎ᠠ ᠶ᠋ᠢᠨ ᠭᠠᠵᠠᠷ ᠠ᠋ᠴᠠ ᠰᠣᠨᠣᠰᠤᠭᠠᠳ ᠮᠡᠳᠡᠳᠡᠭ
ᠠ᠄ᠡᠨᠡ ᠶᠠᠭᠤ ᠪᠤᠢ?
ᠠ᠋ ᠄ᠰᠠᠢᠨ ᠠᠭᠲᠠ ᠶ᠋ᠢᠨ ᠰᠣᠶᠣᠭ᠎ᠠ
ᠠ᠄ᠶᠠᠭᠠᠬᠢᠭᠠᠳ ᠰᠠᠢᠨ ᠠᠭᠲᠠ ᠶ᠋ᠢᠨ ᠰᠣᠶᠣᠭ᠎ᠠ ᠪᠣᠯᠤᠭᠰᠠᠨ ᠪᠤᠢ?
ᠠ᠋ ᠄ᠮᠢᠩᠭᠠᠨ ᠴᠢᠨᠣ᠎ᠠ ᠶ᠋ᠢᠨ ᠰᠢᠯᠢ ᠶ᠋ᠢ ᠲᠠᠰᠤ ᠬᠠᠵᠠᠵᠤ ᠲᠦᠮᠡᠨ ᠴᠥᠭᠡᠪᠦᠷᠢ ᠶ᠋ᠢᠨ ᠨᠢᠷᠤᠭᠤ ᠶ᠋ᠢ ᠲᠠᠰᠤ ᠬᠠᠵᠠᠵᠠᠢ᠃
ᠠ᠄ᠡᠨᠡ ᠨᠢ ᠶᠠᠭᠤ ᠪᠤᠢ?
ᠠ᠋ ᠄ᠰᠠᠢᠨ ᠡᠮ᠎ᠡ ᠶ᠋ᠢᠨ ᠰᠠᠭᠤᠷᠢ
ᠠ᠄ᠶᠠᠭᠠᠬᠢᠭᠠᠳ ᠰᠠᠢᠨ ᠡᠮ᠎ᠡ ᠶ᠋ᠢᠨ ᠰᠠᠭᠤᠷᠢ ᠪᠣᠯᠤᠭᠰᠠᠨ ᠪᠤᠢ?
ᠠ᠋ ᠄ᠤᠤᠭᠠᠨ ᠬᠥᠪᠡᠭᠦᠨ ᠨᠢ ᠭᠣᠣᠯᠴᠢ ᠰᠠᠢᠳ ᠪᠣᠯᠵᠤ ᠳᠤᠮᠳᠠ ᠬᠥᠪᠡᠭᠦᠨ ᠨᠢ ᠮᠡᠷᠭᠡᠨ ᠯᠠᠮᠠ ᠪᠣᠯᠵᠤ ᠤᠳᠬᠤᠨ ᠬᠥᠪᠡᠭᠦᠨ ᠨᠢ ᠬᠠᠢᠰᠤ ᠲᠤᠯᠭ᠎ᠠ ᠪᠠᠨ ᠡᠵᠡᠯᠡᠵᠦ
ᠡᠴᠢᠭᠡ ᠡᠬᠡ ᠪᠡᠨ ᠠᠰᠠᠷᠠᠭᠰᠠᠨ ᠭᠡᠨ᠎ᠡ᠃
ᠠ᠄ᠡᠨᠡ ᠶᠠᠭᠤ ᠪᠤᠢ?
ᠠ᠋ ᠄ᠬᠥᠨᠳᠡᠢᠲᠦ ᠶ᠋ᠢᠨ ᠬᠥᠬᠡ ᠭᠣᠣᠯ᠃
ᠠ᠄ᠭᠣᠣᠯ ᠪᠢᠰᠢ ᠱᠠᠯᠴᠢᠶᠠᠭ ᠪᠠᠢᠨ᠎ᠠ᠃
ᠠ᠋ ᠄ᠥᠷᠭᠡᠨ ᠭᠣᠣᠯ ᠶᠤᠮ?ᠤᠰᠤᠨ ᠱᠠᠯᠴᠢᠶᠠᠭ ᠶᠤᠮ ᠦᠦ? ᠭᠠᠷᠬᠤ ᠨᠠᠷᠠ ᠯᠠ ᠡᠨᠡ ᠬᠥᠪᠡᠭᠡᠨ ᠡᠴᠡ ᠨᠢᠰᠦᠭᠰᠡᠨ ᠬᠠᠨ ᠭᠠᠷᠤᠳᠢ᠃ᠨᠢᠭᠤᠬᠤ ᠨᠠᠷᠠ ᠯᠠ ᠭᠠᠳᠤᠰ ᠬᠥᠪᠡᠭᠡ ᠳ᠋ᠦ᠍ᠨᠢ ᠪᠠᠭᠤᠳᠠᠭ ᠭᠡᠯᠡ᠃
ᠠ᠄ᠬᠠᠨ ᠭᠠᠷᠤᠳᠢ ᠪᠢᠰᠢ ᠬᠤ᠌ ᠭᠠᠷᠤᠳᠢ ᠪᠠᠢᠵᠤ ᠭᠡᠯᠡ
ᠠ᠋ ᠄ᠶᠠᠮᠠᠷ ᠭᠠᠷᠤᠳᠢ ᠶ᠋ᠢ ᠨᠢ ᠡᠰᠡ ᠮᠡᠳᠡ ᠳᠤᠮᠳᠠ ᠴᠢᠮᠥᠭᠡ ᠨᠢ ᠪᠠᠢᠰᠢᠩ ᠤ᠋ᠨ ᠭᠠᠢᠷᠢ ➋ ᠪᠣᠯᠳᠠᠭ ᠭᠡᠯᠡ
ᠠ᠄ᠪᠠᠢᠰᠢᠩ ᠪᠢᠰᠢ ᠳᠡᠭᠡᠯᠡᠢ ➌ ᠭᠡᠯᠡ
ᠠ᠋ ᠄ᠤᠨᠠᠨ ᠭᠡᠰᠡᠨ ᠳᠡᠭᠡᠯᠡᠢ ᠶᠦᠮ ᠦᠦ? ᠠᠭᠤᠯᠠ ᠰᠢᠭ᠋ ᠪᠠᠢᠰᠢᠩ ᠶᠤᠮ ᠦᠦ?ᠡᠯᠵᠢᠭᠡᠨ ᠣᠷᠣᠢ ᠳᠡᠭᠡᠷ᠎ᠡ ᠨᠢ ᠣᠷᠬᠢᠷᠠᠬᠤ ᠳ᠋ᠤ᠌ ᠢᠷᠣᠭᠠᠷ ᠲᠤᠨᠢ ᠰᠣᠨᠣᠰᠳᠠᠳᠠᠭ ᠦᠭᠡᠢ ᠪᠠᠢᠵᠤ ᠭᠡᠯᠡ
ᠠ᠄ᠡᠯᠵᠢᠭᠡᠨ ᠪᠢᠰᠢ ᠵᠤᠯᠵᠠᠭᠠᠨ ᠭᠡᠯᠡ
ᠠ᠋ ᠄ᠡᠯᠵᠢᠭᠡᠨ ᠶᠦᠮ ᠦᠦ?ᠵᠤᠯᠵᠠᠭᠠᠨ ᠶᠤᠮ ᠦᠦ?ᠡᠵᠡᠨ ᠦ᠌ ᠪᠡᠨ ᠠᠷᠪᠠᠨ ᠵᠢᠷᠭᠤᠭᠠᠨ ᠱᠤᠤᠳᠠᠢ ᠭᠤᠯᠢᠷ ᠡᠭᠦᠷᠴᠦ ᠳᠠᠭᠠᠭᠠᠳ ᠳᠠᠪᠠᠭ᠎ᠠ ᠳᠠᠪᠠᠳᠠᠭ ᠪᠠᠢᠯ᠎ᠠ ᠭᠡᠯᠡ
ᠠ᠄ᠳᠠᠪᠠᠭ᠎ᠠ ᠪᠢᠰᠢ ᠭᠦᠯᠭᠡᠨ ᠭᠡᠯᠡ
ᠠ᠋ ᠄ᠬᠥᠯᠭᠡᠨ ᠴᠦ᠍ ᠶᠦᠮ ᠤᠤ ?ᠳᠠᠪᠠᠭᠠᠨ ᠴᠤ᠌ ᠶᠤᠮ ᠦᠦ?ᠲᠦᠷᠦᠭᠦᠨ ᠭᠠᠷᠤᠭᠰᠠᠨ ᠠᠴᠢᠶᠠᠲᠠᠢ ᠲᠡᠮᠡᠭᠡᠨ ᠦ᠌ ᠬᠣᠷᠭᠣᠰᠤ ᠰᠡᠭᠦᠯ ᠦ᠋ᠨ ᠬᠥᠮᠦᠨ ᠦ᠌ ᠮᠠᠯᠠᠭᠠᠢ ᠴᠣᠬᠢᠳᠠᠭ ᠪᠠᠢᠵᠤ ᠭᠡᠯᠡ
ᠠ᠄ᠮᠠᠯᠠᠭᠠᠢ ᠪᠢᠰᠢ ᠲᠣᠭᠣᠷᠴᠣᠭ ᠭᠡᠯᠡ
ᠠ᠋ ᠄ᠲᠣᠭᠣᠷᠴᠣᠭ ᠪᠠᠢᠭᠰᠠᠨ ᠶᠤᠮ ᠦᠦ? ᠮᠠᠯᠠᠭᠠᠢ ᠪᠠᠢᠭᠰᠠᠨ ᠶᠤᠮ ᠦᠦ? ᠡᠪᠦᠯ ᠦ᠋ᠨ ᠶᠢᠰᠦᠨ ᠬᠦᠢᠲᠡᠨ ᠳ᠋ᠦ᠍ ᠡᠵᠡᠨ ᠦ᠌ ᠴᠢᠬᠢ ᠬᠥᠯᠳᠡᠭᠡᠳᠡᠭ ᠦᠭᠡᠢ ᠭᠡᠯᠡ
ᠠ᠄ᠡᠪᠦᠯ ᠪᠢᠰᠢ ᠵᠤᠨ ᠪᠠᠢᠯ᠎ᠠ ᠭᠡᠯᠡ
ᠠ᠋ ᠄ ᠵᠤᠨ ᠪᠠᠢᠭᠰᠠᠨ ᠶᠤᠮ ᠦᠦ?ᠡᠪᠦᠯ ᠪᠠᠢᠭᠰᠠᠨ ᠶᠤᠮ ᠦᠦ? ᠬᠣᠶᠠᠷ ᠬᠥᠮᠦᠨ ᠬᠣᠭᠣᠷᠣᠨᠳᠣ ᠪᠠᠨ ᠵᠠᠩᠭᠢ ᠬᠦᠦᠷᠨᠢᠯᠳᠦᠵᠦ ᠪᠠᠢᠭᠠᠳ ᠬᠡᠯᠡ ᠪᠡᠨ ᠬᠥᠯᠳᠡᠭᠡᠭᠰᠡᠨ ᠪᠠᠢᠯ᠎ᠠ ᠭᠡᠳᠡᠭ
ᠠ᠄ᠵᠠᠶᠠᠭᠠᠨ ᠡᠴᠡ ᠪᠠᠨ ᠬᠡᠯᠡ ᠦᠭᠡᠢ ᠶᠦᠮ ᠪᠠᠢᠯ᠎ᠠ ᠭᠡᠳᠡᠭ
ᠠ᠋ ᠄ᠬᠡᠯᠡ ᠲᠡᠢ ᠡᠴᠡ ᠬᠡᠯᠡ ᠲᠡᠢ ᠠᠮᠠ ᠲᠠᠢ ᠠ᠋ᠴᠠ ᠠᠮᠠ ᠲᠠᠢ ᠮᠣᠩᠭᠣᠯ ᠵᠤᠷᠭᠠᠨ ᠤ᠋ ᠬᠡᠷᠡᠭ ᠲᠠᠰᠤᠯᠵᠤ ᠪᠠᠢᠯ᠎ᠠ ᠭᠡᠳᠡᠭ
ᠠ᠄ ᠵᠤᠷᠭ᠎ᠠ ᠪᠢᠰᠢ ᠵᠢᠭᠤᠯᠴᠢᠨ ᠭᠡᠯᠡ
ᠠ᠋᠄ᠵᠢᠭᠤᠯᠴᠢᠨ ᠨᠢ ᠵᠠᠮ ᠢ᠋ᠶ᠋ᠠᠨ ᠳᠠᠭᠠᠯ᠎ᠠ ᠭᠡᠳᠡᠭ᠃ᠵᠠᠮ ᠨᠢ ᠭᠠᠵᠠᠷ ᠢ᠋ᠶ᠋ᠠᠨ ᠳᠠᠭᠠᠯ᠎ᠠ ᠭᠡᠳᠡᠭ᠃
ᠠ᠄ᠠᠷᠤ ᠬᠣᠢᠨ᠎ᠠ ᠨᠢ ᠠᠰᠤᠮᠠᠨ ᠶᠠᠰᠤ ᠶᠠᠭᠤ ᠪᠣᠯᠵᠠᠢ ?ᠬᠠᠮᠤᠭ ᠲᠡᠷᠢᠭᠦᠨ ᠬᠠᠨ ᠤ᠋ ᠵᠣᠭᠣᠭ ᠲᠤ᠌ ᠪᠠᠷᠢᠵᠤ ᠬᠤᠰᠤᠭᠰᠠᠨ ᠤ᠋ ᠬᠣᠢᠨ᠎ᠠ ᠬᠠᠷᠠᠴᠤ ᠶᠢᠨ ᠨᠠᠭᠠᠳᠤᠮ ᠪᠣᠯᠵᠤ ᠬᠠᠮᠤᠭ ᠤ᠋ᠨ ᠰᠡᠭᠦᠯ ᠳ᠋ᠦ᠍ ᠬᠠᠷ᠎ᠠ ᠨᠣᠬᠠᠢ ᠶ᠋ᠢᠨ ᠬᠣᠭᠣᠯᠠ ᠪᠣᠯᠤᠯ᠎ᠠ ᠭᠡᠯᠡ᠃
➊ ᠭᠣᠣᠯ ᠨᠢᠷᠤᠭᠤᠨ ᠤ᠋ ᠠᠳᠠᠭ ᠶᠠᠰᠤ ➋ ᠲᠤᠯᠭᠠᠭᠤᠷᠢ ➌ᠲᠣᠭᠣᠨᠣ᠌ ᠦᠭᠡᠢ ᠮᠣᠩᠭᠤᠯ ᠭᠡᠷ
ᠦᠰᠦᠭ ᠠᠮᠢᠯᠠᠭᠤᠯᠤᠭᠴᠢ᠄ ᠥᠯᠵᠡᠢᠮᠡᠨᠳᠦ
ᠬᠢᠨᠠᠬ᠍ᠴᠢ ᠪᠠᠭᠰᠢ᠄ ᠠᠨᠢᠷ᠂ ᠠᠢ ᠵᠢᠶᠦ᠋ᠨ᠂ ᠰᠡᠴᠡᠩᠭᠡᠷᠡᠯ ᠂ ᠰᠠᠢ•ᠤᠯᠠᠭᠠᠨ᠌ᠣ᠋ᠳᠣ᠌᠂ ᠥᠯᠵᠡᠢᠮᠡᠨᠳᠦ
