ᠰᠠᠩᠮᠠᠢ ᠪᠤᠯᠠᠭ Sambai bulagСамбай булаг ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠩᠮᠠᠢ ᠪᠤᠯᠠᠭ Sambai bulagСамбай булаг

ᠰᠠᠩᠮᠠᠢ ᠪᠤᠯᠠᠭ Sambai bulagСамбай булаг

2026-01-17

213

ᠰᠠᠩᠮᠠᠢ ᠪᠤᠯᠠᠭ


       ᠣᠷᠳᠣᠰ ᠠᠷᠠᠳ ᠤ᠋ᠨ ᠳᠠᠭᠤᠤ 

ᠰᠠᠩᠮᠠᠢ ᠪᠤᠯᠠᠭ ᠰᠠᠷᠠᠭᠤᠯ ᠨᠤᠲᠤᠭ
ᠰᠠᠢᠬᠠᠨ ᠭᠡᠭᠴᠢ ᠠᠷᠭ᠎ᠠ ᠦᠭᠡᠢ 
ᠰᠠᠯᠵᠤ ᠤᠳᠠᠭᠰᠠᠨ ᠲᠤᠩᠭᠠᠯᠠᠭ ᠴᠢᠮ᠎ᠠ ᠲᠠᠢ ᠪᠠᠨ
ᠰᠠᠨᠠᠭ᠎ᠠ ᠳᠤᠷ᠎ᠠ ᠪᠠᠷ ᠶᠠᠷᠢᠯᠴᠠᠶ᠎ᠠ 
ᠠᠭᠤᠯᠠ ᠬᠠᠳᠠ ᠤᠰᠤ ᠪᠠᠯᠠᠷ ᠢ᠋
ᠤᠨᠤᠭ᠎ᠠ ᠪᠠᠷ ᠢ᠋ᠶ᠋ᠠᠨ ᠲᠤᠭᠤᠯᠤᠭᠰᠠᠨ ᠶᠤᠮ ᠠ᠋ 
ᠤᠨᠠᠭᠰᠠᠨ ᠰᠢᠷᠣᠢ ᠣᠷᠳᠣᠰ ᠨᠤᠲᠤᠭ ᠮᠢᠨᠢ
ᠦᠨᠡᠬᠡᠷ ᠰᠠᠢᠬᠠᠨ ᠬᠠᠷᠠᠭᠳᠠᠨ᠎ᠠ᠃

ᠬᠡᠷᠴᠢᠵᠦ ᠬᠤᠪᠢᠶᠠᠭᠰᠠᠨ ᠬᠦᠬᠦᠷ ᠦ᠋ᠨ ᠰᠢᠭᠢᠳᠬᠡᠭᠡᠯ ᠢ᠋ᠶ᠋ᠡᠨ
ᠭᠡᠷᠡᠴᠢ ᠪᠣᠯᠭᠠᠨ ᠠᠪᠤᠭᠰᠠᠨ ᠶᠤᠮ ᠠ᠋ ᠳ᠋ᠣᠣ 
ᠬᠡᠳᠦᠢ ᠤᠳᠠᠭᠠᠨ ᠵᠣᠯᠭᠠᠬᠤ ᠦᠭᠡᠢ ᠪᠣᠯᠪᠠᠴᠤ
ᠲᠠᠨᠢᠯᠴᠠᠬᠤ ᠨᠢ ᠪᠠᠲᠤ ᠪᠠᠢᠨ᠎ᠠ
ᠲᠤᠩ ᠴᠤ᠌ ᠲᠣᠯᠣᠭᠠᠢ ᠶ᠋ᠢᠨ ᠣᠷᠣᠢ ᠳᠡᠭᠡᠷ᠎ᠡ
ᠲᠣᠷᠨᠢᠭᠤᠨ ᠰᠦᠷᠦᠭ ᠪᠡᠯᠴᠢᠨ᠎ᠡ
ᠳᠠᠭᠤᠤ ᠪᠠᠨ ᠳᠠᠭᠤᠯᠠᠭᠠᠳ ᠶᠠᠪᠤᠭᠰᠠᠨ ᠢ᠋ᠶ᠋ᠠᠨ ᠪᠣᠳᠣᠪᠠᠯ
ᠳᠣᠲᠣᠷ᠎ᠠ ᠮᠢᠨᠢ ᠰᠢᠮᠰᠢᠷᠡᠨ᠎ᠡ᠃

        ᠦᠰᠦᠭ ᠠᠮᠢᠯᠠᠭᠤᠯᠤᠭᠴᠢ᠄ ᠤᠤᠭᠠᠨᠵᠢᠳ
        ᠬᠢᠨᠠᠭᠴᠢ᠄ ᠮᠡᠷᠭᠡᠨᠪᠢᠯᠢᠭ