ᠰᠡᠴᠡᠨ-ᠮᠣᠩᠭᠣᠯ ᠠᠷᠠᠳ ᠤ᠋ᠨ ᠵᠦᠢᠷ ᠰᠡᠴᠡᠨ ᠦᠭᠡᠰЦэцэн-Монгол ардын зүйр цэцэн үгс ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠴᠡᠨ-ᠮᠣᠩᠭᠣᠯ ᠠᠷᠠᠳ ᠤ᠋ᠨ ᠵᠦᠢᠷ ᠰᠡᠴᠡᠨ ᠦᠭᠡᠰЦэцэн-Монгол ардын зүйр цэцэн үгс

ᠰᠡᠴᠡᠨ-ᠮᠣᠩᠭᠣᠯ ᠠᠷᠠᠳ ᠤ᠋ᠨ ᠵᠦᠢᠷ ᠰᠡᠴᠡᠨ ᠦᠭᠡᠰЦэцэн-Монгол ардын зүйр цэцэн үгс

2026-01-17

1339

ᠰᠡᠴᠡᠨ-ᠮᠣᠩᠭᠣᠯ ᠠᠷᠠᠳ ᠤ᠋ᠨ ᠵᠦᠢᠷ ᠰᠡᠴᠡᠨ ᠦᠭᠡᠰ


  ᠳᠠᠭᠤᠴᠢᠨ:ᠬᠥᠭᠵᠢᠮ᠎ᠡ ᠂ ᠠᠷᠠᠨᠵᠢᠷᠠᠭ᠎ᠠ 
 
ᠰᠠᠨᠠᠵᠤ ᠶᠠᠪᠤᠪᠠᠯ ᠪᠦᠲᠦᠨ᠎ᠡ 
ᠰᠠᠵᠢᠯᠠᠵᠤ ᠶᠠᠪᠤᠪᠠᠯ ᠬᠥᠷᠥᠨ᠎ᠡ  
ᠰᠠᠢᠨ ᠢ᠋ ᠳᠠᠭᠠᠪᠠᠯ ᠰᠠᠷᠠᠨ ᠤ᠋ ᠭᠡᠷᠡᠯ 
ᠮᠠᠭᠤ ᠶ᠋ᠢ ᠳᠠᠭᠠᠪᠠᠯ ᠮᠣᠭᠠᠢ ᠶ᠋ᠢᠨ ᠬᠣᠣᠷᠯᠠᠯ 
ᠵᠠᠮ ᠤ᠋ᠨ ᠨᠣᠬᠠᠳ ᠬᠤᠴᠠᠵᠤ ᠯᠠ ᠪᠠᠢᠳᠠᠭ 
ᠵᠢᠩ ᠦ᠋ᠨ ᠴᠤᠪᠤᠭ᠎ᠠ ᠶᠠᠪᠤᠵᠤ ᠯᠠ ᠪᠠᠢᠳᠠᠭ 

ᠠᠵᠢᠯ ᠬᠢᠪᠡᠯ ᠳᠠᠭᠤᠰᠲᠠᠯ᠎ᠠ 
ᠳᠠᠪᠤᠰᠤ ᠬᠢᠪᠡᠯ ᠠᠭᠤᠰᠲᠠᠯ᠎ᠠ 
ᠠᠶᠠᠭᠠᠨ ᠤ᠋ ᠬᠠᠷᠢᠭᠤ ᠡᠳᠦᠷ ᠲᠦ᠍ ᠪᠡᠨ 
ᠠᠭᠲᠠᠨ ᠤ᠋ ᠬᠠᠷᠢᠭᠤ ᠵᠢᠯ ᠳ᠋ᠦ᠍ ᠪᠡᠨ 
ᠠᠮᠢᠳᠤ ᠶᠠᠪᠤᠪᠠᠯ 
ᠠᠯᠲᠠᠨ ᠠᠶᠠᠭᠠᠨ ᠠ᠋ᠴᠠ ᠷᠠᠰᠢᠶᠠᠨ ᠤᠤᠭᠤᠨ᠎ᠠ

ᠵᠢᠭᠡᠯ ᠶᠡᠬᠡᠳᠪᠡᠯ  ᠥᠷᠢᠨ ᠳ᠋ᠦ᠍ ᠤᠨᠠᠨ᠎ᠠ
ᠵᠠᠯᠢ ᠶᠡᠬᠡᠳᠡᠪᠡᠯ ᠬᠡᠷᠡᠭ ᠲᠦ᠍ ᠤᠨᠠᠨ᠎ᠠ
ᠪᠡᠯᠡᠨ ᠶᠠᠭᠤᠮᠠᠨ ᠳ᠋ᠤ᠌ ᠤᠬᠤᠰᠬᠢᠨ᠎ᠡ
ᠪᠡᠷᠬᠡ ᠶᠠᠭᠤᠮᠠᠨ ᠳ᠋ᠤ᠌ ᠭᠡᠳᠡᠢᠰᠬᠢᠨ᠎ᠡ
ᠪᠠᠯᠠᠮᠠᠳ ᠶᠠᠪᠤᠳᠠᠯ ᠢ᠋ᠶ᠋ᠠᠷ ᠪᠠᠭᠠᠲᠤᠷ ᠪᠣᠯᠬᠤ ᠦᠭᠡᠢ
ᠪᠠᠷᠳᠠᠮ ᠦᠭᠡ ᠪᠡᠷ ᠰᠡᠴᠡᠨ ᠪᠣᠯᠬᠤ ᠦᠭᠡᠢ᠃

ᠰᠠᠨᠠᠭ᠎ᠠ ᠮᠠᠭᠤ ᠳ᠋ᠤ᠌ ᠶᠠᠪᠤᠨ ᠬᠠᠳᠠᠨ᠎ᠠ
ᠰᠠᠷᠢᠰᠤᠨ ᠪᠠᠭᠪᠠᠬᠠᠢ ᠨᠠᠷᠠᠨ ᠳ᠋ᠤ᠌ ᠬᠠᠳᠠᠨ᠎ᠠ
ᠰᠠᠢᠨ ᠨᠡᠷ᠎ᠡ ᠶ᠋ᠢ ᠬᠦᠰᠡᠪᠡᠴᠦ ᠣᠯᠬᠤ ᠦᠭᠡᠢ
ᠮᠠᠭᠤ ᠨᠡᠷ᠎ᠡ ᠶ᠋ᠢ ᠬᠤᠰᠤᠪᠠᠴᠤ ᠠᠷᠢᠯᠬᠤ ᠦᠭᠡᠢ
ᠬᠥᠮᠦᠨ ᠦ᠌ ᠰᠠᠢᠨ ᠢ᠋ ᠬᠠᠨᠢᠯᠠᠵᠤ ᠮᠡᠳᠡᠨ᠎ᠡ
ᠬᠥᠯᠥᠭ ᠦ᠋ᠨ ᠰᠠᠢᠨ ᠢ᠋ ᠤᠨᠤᠵᠤ ᠮᠡᠳᠡᠨ᠎ᠡ

ᠡᠳ᠋ ᠢ᠋ᠶ᠋ᠡᠷ ᠪᠡᠶ᠎ᠡ ᠪᠡᠨ ᠴᠢᠮᠡᠬᠦ ᠪᠡᠷ
ᠡᠷᠳᠡᠮ ᠢ᠋ᠶ᠋ᠡᠷ ᠪᠡᠶ᠎ᠡ ᠪᠡᠨ ᠴᠢᠮᠡᠭᠡᠷᠡᠢ
ᠪᠡᠶ᠎ᠡ ᠪᠡᠨ ᠵᠠᠰᠠᠭᠠᠳ ᠭᠡᠷ ᠢ᠋ᠶ᠋ᠡᠨ ᠵᠠᠰᠠ
ᠭᠡᠷ ᠢ᠋ᠶ᠋ᠡᠨ ᠵᠠᠰᠠᠭᠠᠳ ᠲᠥᠷᠥ ᠪᠡᠨ ᠵᠠᠰᠠ
ᠵᠣᠷᠢᠭ ᠪᠠᠢᠪᠠᠯ ᠬᠡᠷᠡᠭ ᠪᠦᠲᠦᠨ᠎ᠡ
ᠵᠢᠳᠬᠦᠯ ᠪᠠᠢᠪᠠᠯ ᠵᠢᠷᠭᠠᠯ ᠢᠷᠡᠨ᠎ᠡ

ᠠᠶᠤᠪᠠᠯ ᠪᠤᠤ ᠬᠢ 
ᠬᠢᠪᠡᠯ ᠪᠤᠤ ᠠᠶᠤ
ᠠᠶᠤᠪᠠᠯ ᠪᠤᠤ ᠬᠢ
ᠬᠢᠪᠡᠯ ᠪᠤᠤ ᠠᠶᠤ
ᠠᠶᠤᠪᠠᠯ ᠪᠤᠤ ᠬᠢ
ᠬᠢᠪᠡᠯ ᠪᠤᠤ ᠠᠶᠤ

 ᠦᠰᠦᠭ ᠠᠮᠢᠯᠠᠭᠤᠯᠤᠭᠴᠢ ᠄ ᠨᠤᠮᠤᠴᠢᠨ ᠪᠢᠯᠢᠭ  
 ᠦᠰᠦᠭ ᠬᠠᠳᠠᠭᠴᠢ᠄ ᠮᠣᠳᠣᠲᠤ ᠬᠠᠪᠤᠷᠵᠢᠶ᠎ᠠ
 ᠬᠢᠨᠠᠭᠴᠢ ᠄ ᠨᠤᠮᠤᠴᠢᠨ ᠪᠢᠯᠢᠭ  



Цэцэн-Монгол ардын зүйр цэцэн үгс

Дуучин:Хөгжим, Аранжиргаа

Санаж явбал бүтнэ
Сажилж явбал хүрнэ
Сайныг дагавал сарны гэрэл
Мууг дагавал могойн хорлол
Замын ноход хуцаж л байдаг
Жингийн цуваа явжил байдаг

Ажил хийвэл дуустал
Давс хийвэл уустал
Аяганы хариу өдөртөө
Агтны хариу жилдээ
Амьд явбал
Алтан аяганаас рашаан ууна аа

Зээл ихэдвэл өрөнд унана
Заль ихэдвэл хэрэгт унана

Бэлэн юманд ухасхийнэ
Бэрх юманд гэдийсхийнэ

Балмад явдалаар баатар болохгүй
Бардам үгээр цэцэн болохгүй.
Санаа муут яван хатна
Сарьсан багваахай наранд хатна
Сайн нэрийг хүсэвч олохгүй
Муу нэрийг хусавч арилахгүй

Хүний сайныг ханилж мэднэ
Хүлгийн сайныг унаж мэднээ

Эдээр биеэ чимэхээр
Эрдмээр биеэ чимээрэй
Биеэ засаад гэрээ зас
Гэрээ засаад төрөө зас
Зориг байвал хэрэг бүтнэ
Зүтгэл байвал жаргал ирнэ

Айвал бүү хий
Хийвэл бүү ай