ᠰᠦᠪᠧᠢ ᠮᠣᠩᠭᠣᠯᠴᠤᠳ ᠤ᠋ᠨ ᠢᠷᠦᠭᠡᠯ ᠮᠠᠭᠲᠠᠭᠠᠯ ᠤ᠋ᠨ ᠲᠡᠭᠦᠪᠦᠷᠢ - ᠬᠣᠶᠠᠷ᠂ ᠬᠡᠦᠬᠡᠳ ᠨᠠᠰᠤᠲᠠᠢᠴᠤᠳ ᠤ᠋ᠨ ᠪᠠᠶᠠᠷ ᠨᠠᠢᠷ ᠤ᠋ᠨ ᠢᠷᠦᠭᠡᠯ ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠪᠧᠢ ᠮᠣᠩᠭᠣᠯᠴᠤᠳ ᠤ᠋ᠨ ᠢᠷᠦᠭᠡᠯ ᠮᠠᠭᠲᠠᠭᠠᠯ ᠤ᠋ᠨ ᠲᠡᠭᠦᠪᠦᠷᠢ - ᠬᠣᠶᠠᠷ᠂ ᠬᠡᠦᠬᠡᠳ ᠨᠠᠰᠤᠲᠠᠢᠴᠤᠳ ᠤ᠋ᠨ ᠪᠠᠶᠠᠷ ᠨᠠᠢᠷ ᠤ᠋ᠨ ᠢᠷᠦᠭᠡᠯ

ᠰᠦᠪᠧᠢ ᠮᠣᠩᠭᠣᠯᠴᠤᠳ ᠤ᠋ᠨ ᠢᠷᠦᠭᠡᠯ ᠮᠠᠭᠲᠠᠭᠠᠯ ᠤ᠋ᠨ ᠲᠡᠭᠦᠪᠦᠷᠢ - ᠬᠣᠶᠠᠷ᠂ ᠬᠡᠦᠬᠡᠳ ᠨᠠᠰᠤᠲᠠᠢᠴᠤᠳ ᠤ᠋ᠨ ᠪᠠᠶᠠᠷ ᠨᠠᠢᠷ ᠤ᠋ᠨ ᠢᠷᠦᠭᠡᠯ

2026-01-16

361

ᠥᠷᠪᠥᠭᠡ ᠶ᠋ᠢᠨ ᠢᠷᠦᠭᠡᠯ


(ᠨᠢᠭᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ! 
ᠠᠯᠲᠠᠨ ᠬᠠᠢᠴᠢ ᠶ᠋ᠢᠨ ᠲᠡᠩᠭᠡᠯᠢᠭ ᠨᠡᠭᠡᠭᠡᠵᠦ 
ᠠᠩᠭᠢᠷ ᠬᠣᠩᠭᠣᠷ ᠥᠷᠪᠥᠭᠡ ᠥᠷᠪᠦᠭᠡᠵᠦ 
ᠮᠥᠩᠭᠥᠨ ᠬᠠᠢᠴᠢ ᠶ᠋ᠢᠨ ᠲᠡᠩᠭᠡᠯᠢᠭ ᠨᠡᠭᠡᠭᠡᠵᠦ 
ᠮᠥᠩᠬᠡ ᠰᠠᠢᠬᠠᠨ ᠨᠠᠰᠤ ᠶ᠋ᠢ ᠨᠠᠰᠤᠯᠠᠵᠤ 
ᠭᠠᠯᠪᠠᠰ ᠽᠠᠨᠳᠠᠨ ᠤ᠋ ᠰᠠᠯᠠᠭ᠎ᠠ ᠨᠠᠪᠴᠢ ᠮᠡᠲᠦ 
ᠬᠡᠰᠢᠭ ᠪᠤᠶᠠᠨ ᠲᠠᠨᠢ ᠳᠡᠯᠭᠡᠷᠡᠵᠦ 
ᠲᠠᠭᠤᠭᠰᠠᠨ ᠮᠠᠯ ᠲᠠᠨᠢ ᠪᠤᠮᠠᠨ ᠴᠠᠭᠠᠨ 
ᠲᠣᠯᠣᠭᠠᠢ ᠶ᠋ᠢᠨ ᠦᠰᠦᠨ ᠲᠠᠨᠢ ᠲᠤᠩ ᠴᠠᠭᠠᠨ ᠪᠣᠯᠵᠤ 
ᠵᠢᠷᠭᠠᠵᠤ ᠴᠡᠩᠭᠡᠵᠦ ᠶᠠᠪᠤᠬᠤ ᠶ᠋ᠢᠨ ᠢᠷᠦᠭᠡᠯ ᠲᠣᠭᠲᠠᠬᠤ ᠪᠣᠯᠲᠤᠭᠠᠢ!
(ᠬᠣᠶᠠᠷ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠰᠠᠷ᠎ᠠ ᠶ᠋ᠢᠨ ᠰᠠᠢᠨ ᠢ᠋ ᠬᠦᠯᠢᠶᠡᠵᠦ
ᠰᠠᠳᠤᠨ ᠡᠯᠢᠭᠡᠨ ᠴᠤᠭᠯᠠᠷᠠᠭᠰᠠᠨ
ᠡᠳᠦᠷ ᠡᠳᠦᠷ ᠦ᠋ᠨ ᠰᠠᠢᠨ ᠢ᠋ ᠬᠦᠯᠢᠶᠡᠵᠦ
ᠥᠯᠵᠡᠢ ᠪᠡᠯᠭᠡ ᠪᠦᠷᠢᠳᠦᠭᠰᠡᠨ ᠡᠳᠦᠷ
ᠠᠯᠲᠠᠨ ᠬᠠᠢᠴᠢ ᠶ᠋ᠢᠨ ᠲᠡᠩᠭᠡᠯᠢᠭ ᠨᠡᠭᠡᠭᠡᠵᠦ
ᠠᠭᠠᠷ ᠤ᠋ᠨ ᠰᠠᠷᠠ ᠮᠡᠲᠦ ᠲᠤᠩᠭᠠᠯᠠᠭ
ᠠᠭᠤᠯᠠ ᠶ᠋ᠢᠨ ᠴᠡᠴᠡᠭ ᠮᠡᠲᠦ ᠰᠡᠷᠭᠦᠯᠡᠩ
ᠠᠩᠭᠢᠷ ᠬᠣᠩᠭᠣᠷ ᠪᠥᠮᠪᠥᠭᠡ ᠶ᠋ᠢ ᠴᠢᠨᠢ ᠥᠷᠪᠦᠭᠡᠪᠡ ᠴᠣᠳ!
(ᠭᠤᠷᠪᠠ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠥᠷᠦᠭᠦᠨ➊ ᠦ᠌ ᠨᠠᠷᠠᠨ ᠤ᠋ ᠲᠤᠩᠭᠠᠯᠠᠭ ᠲᠤ᠌
ᠡᠩᠬᠡ ᠲᠥᠷᠥ ᠶ᠋ᠢᠨ ᠲᠦᠪᠰᠢᠨ ᠳ᠋ᠦ᠍
ᠮᠠᠩᠨᠠᠢ ᠳᠡᠭᠡᠷ᠎ᠡ ᠡᠴᠡ ᠴᠢᠨᠢ
ᠮᠠᠨᠽᠤᠰᠢᠷᠢ ᠪᠤᠷᠬᠠᠨ ᠢᠪᠡᠭᠡᠵᠦ
ᠮᠥᠩᠭᠥᠨ ᠬᠠᠢᠴᠢ ᠶ᠋ᠢᠨ ᠲᠡᠩᠭᠡᠯᠢᠭ ᠨᠡᠭᠡᠭᠡᠵᠦ
ᠮᠥᠩᠬᠡ ᠰᠠᠢᠬᠠᠨ ᠨᠠᠰᠤ ᠨᠠᠰᠤᠯᠠᠵᠤ ᠶᠠᠪᠤᠬᠤ ᠪᠣᠯᠲᠤᠭᠠᠢ!
(ᠳᠥᠷᠪᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠲᠩᠷᠢ ᠯᠤᠭ᠎ᠠ ᠲᠡᠭᠰᠢ ᠰᠠᠢᠬᠠᠨ ᠵᠠᠶᠠᠭ᠎ᠠ ᠲᠠᠢ
ᠲᠡᠩᠴᠡᠯᠳᠦᠬᠦ ᠬᠥᠮᠦᠨ ᠡᠴᠡ ᠦᠯᠡᠮᠵᠢ ᠶᠡᠬᠡ ᠪᠤᠶᠠᠨ ᠲᠠᠢ
ᠨᠠᠷᠠᠨ ᠰᠠᠷᠠᠨ ᠤ᠋ ᠭᠡᠷᠡᠯ ᠮᠡᠲᠦ
ᠰᠠᠷᠠᠭᠤᠯ ᠰᠠᠢᠬᠠᠨ ᠤᠬᠠᠭᠠᠨ ᠲᠠᠢ
ᠬᠠᠭᠠᠨ ᠳ᠋ᠠᠭᠠᠨ ᠬᠠᠢᠷᠠᠲᠠᠢ
ᠡᠵᠡᠨ ᠳ᠋ᠡᠭᠡᠨ ᠡᠷᠬᠡᠲᠡᠢ
ᠣᠯᠠᠨ ᠨᠡᠢᠲᠡ ᠶ᠋ᠢᠨ ᠳᠤᠮᠳᠠ
ᠵᠣᠯᠢ ᠲᠣᠪᠴᠢ ᠪᠣᠯᠵᠤ ᠶᠠᠪᠤᠬᠤ ᠶ᠋ᠢᠨ ᠲᠠᠨᠢ
ᠪᠡᠯᠡᠭ ᠢᠷᠦᠭᠡᠯ ᠲᠣᠭᠲᠠᠬᠤ ᠪᠣᠯᠲᠤᠭᠠᠢ!
(ᠲᠠᠪᠤ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠭᠠᠩᠭ᠎ᠠ ᠮᠥᠷᠡᠳ ᠦ᠋ᠨ ᠴᠠᠭᠠᠨ ᠠᠷᠰᠯᠠᠨ ᠮᠡᠲᠦ
ᠭᠠᠳᠤᠰ ᠬᠣᠯᠠ ᠨᠡᠷ᠎ᠡ ᠴᠣᠯᠠ ᠴᠢᠨᠢ ᠳᠠᠭᠤᠷᠢᠰᠴᠤ
ᠭᠠᠯᠪᠠᠷᠠᠭᠴᠢ ᠽᠠᠨᠳᠠᠨ ᠮᠣᠳᠣᠨ ᠤ᠋ ᠰᠠᠯᠠᠭ᠎ᠠ ᠨᠠᠪᠴᠢ ᠮᠡᠲᠦ
ᠬᠡᠰᠢᠭ ᠪᠤᠶᠠᠨ ᠲᠠᠨᠢ ᠳᠡᠯᠭᠡᠷᠡᠵᠦ
ᠬᠡᠵᠢᠶᠡᠳᠡ ᠬᠡᠯᠪᠡᠷᠡᠰᠢ ᠦᠭᠡᠢ ᠣᠭᠲᠣ ᠥᠯᠪᠡᠷᠡᠰᠢ ᠦᠭᠡᠢ
ᠬᠠᠭᠠᠨ ᠬᠥᠮᠦᠨ ᠬᠠᠷᠠᠵᠤ ᠪᠠᠭᠤᠬᠤ ᠶ᠋ᠢᠨ ᠴᠠᠭ ᠲᠤ᠌
ᠬᠠᠵᠠᠭᠤ ᠭᠠᠵᠠᠷ ᠤ᠋ᠨ ᠴᠡᠴᠡᠭ ᠮᠡᠲᠦ ᠳᠡᠯᠭᠡᠷᠡᠩᠭᠦᠢ
ᠡᠵᠡᠨ ᠬᠥᠮᠦᠨ ᠡᠷᠭᠢᠵᠦ ᠪᠠᠭᠤᠬᠤ ᠶ᠋ᠢᠨ ᠴᠠᠭ ᠲᠤ᠌
ᠡᠭᠡᠪᠦᠷ ᠭᠠᠵᠠᠷ ᠤ᠋ᠨ ᠴᠡᠴᠡᠭ ᠮᠡᠲᠦ ᠳᠡᠯᠭᠡᠷᠡᠩᠭᠦᠢ
ᠥᠨᠳᠥᠷ ᠬᠥᠬᠡ ᠣᠭᠲᠠᠷᠭᠤᠢ ᠮᠡᠲᠦ
ᠣᠷᠴᠢᠯᠠᠩ ᠳ᠋ᠤ᠌ ᠲᠣᠳᠣᠷᠬᠠᠢ
ᠲᠦᠭᠡᠮᠡᠯ ᠨᠠᠷᠠᠨ ᠤ᠋ ᠭᠡᠷᠡᠯ ᠮᠡᠲᠦ
ᠲᠥᠪ ᠰᠠᠢᠬᠠᠨ ᠵᠢᠷᠭᠠᠵᠤ ᠶᠠᠪᠤᠬᠤ ᠶ᠋ᠢᠨ ᠪᠡᠯᠭᠡ ᠢᠷᠦᠭᠡᠯ ᠲᠣᠭᠲᠠᠬᠤ ᠪᠣᠯᠲᠤᠭᠠᠢ!
➊ᠥᠷᠯᠥᠭᠡ

ᠦᠷ᠎ᠡ ᠳᠡᠭᠦᠦᠨᠠᠷ ᠲᠦ᠍ ᠠᠷᠢᠬᠢ ᠥᠭᠬᠦ ᠢᠷᠦᠭᠡᠯ

(ᠨᠢᠭᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠬᠠᠷ᠎ᠠ ᠠᠷᠢᠬᠢ ᠪᠠᠷ ᠤᠮᠳᠠ ᠬᠢᠵᠦ
ᠬᠠᠮᠪᠤ ᠲᠣᠷᠭ᠎ᠠ ᠪᠠᠷ ᠨᠠᠪᠵᠡ ᠬᠢᠵᠦ
ᠬᠠᠯᠢᠮ ᠥᠭᠡᠬᠦ ᠪᠡᠷ ᠵᠣᠭᠣᠭ ᠬᠢᠵᠦ
ᠬᠠᠮᠤᠭ ᠨᠡᠢᠲᠡ ᠶ᠋ᠢᠨ ᠢ᠋ᠶ᠋ᠡᠨ ᠳᠤᠮᠳᠠ
ᠵᠣᠯᠢ ᠲᠣᠪᠴᠢ ᠪᠣᠯᠵᠤ ᠶᠠᠪᠤᠬᠤ ᠶ᠋ᠢᠨ ᠢᠷᠦᠭᠡᠯ ᠲᠣᠭᠲᠠᠬᠤ ᠪᠣᠯᠲᠤᠭᠠᠢ!
(ᠬᠣᠶᠠᠷ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠠᠮᠲᠠᠯᠠᠵᠤ ᠤᠤᠭᠤᠭᠰᠠᠨ ᠴᠢᠨᠢ ᠠᠷᠢᠬᠢ ᠴᠡᠭᠡ ᠬᠣᠶᠠᠷ
ᠪᠠᠯᠪᠠᠯᠠᠵᠤ ᠢᠳᠡᠭᠰᠡᠨ ᠴᠢᠨᠢ ᠪᠠᠯ ᠪᠤᠷᠠᠮ ᠬᠣᠶᠠᠷ
ᠲᠣᠪᠴᠢᠯᠠᠵᠤ ᠡᠮᠦᠰᠦᠭᠰᠡᠨ ᠴᠢᠨᠢ ᠲᠣᠷᠭ᠎ᠠ ᠮᠠᠩᠨᠤᠭ
ᠲᠣᠬᠣᠭᠠᠳ ᠤᠨᠠᠭᠰᠠᠨ ᠴᠢᠨᠢ ᠲᠠᠯᠪᠢᠭᠠᠳ ᠵᠢᠷᠣᠭ᠎ᠠ
ᠲᠠᠭᠤᠭᠰᠠᠨ ᠮᠠᠯ ᠴᠢᠨᠢ ᠪᠤᠮ ᠴᠠᠭᠠᠨ
ᠲᠣᠯᠣᠭᠠᠢ ᠶ᠋ᠢᠨ ᠦᠰᠦ ᠴᠢᠨᠢ ᠲᠣᠬᠣᠢ  ᠴᠠᠭᠠᠨ ᠪᠣᠯᠬᠤ ᠪᠣᠯᠲᠤᠭᠠᠢ!
ᠮᠢᠩᠭᠠᠨ ᠵᠢᠯ ᠦ᠋ᠨ ᠮᠥᠷ 
ᠲᠦᠮᠡᠨ ᠵᠢᠯ ᠦ᠋ᠨ ᠲᠡᠦᠬᠡ ᠦᠯᠡᠳᠡᠬᠦ ᠪᠣᠯᠲᠤᠭᠠᠢ!
ᠠᠬᠠᠮᠠᠳ ᠤ᠋ᠨ ᠠᠷᠢᠬᠢ ᠲᠣᠭᠲᠠᠭᠠᠬᠤ ᠢᠷᠦᠭᠡᠯ
(ᠨᠢᠭᠡ)
ᠲᠠᠪᠤᠨ ᠬᠣᠰᠢᠭᠤ ᠮᠠᠯ ᠤ᠋ᠨ ᠰᠢᠮ᠎ᠡ ᠪᠦᠷᠢᠳᠦᠭᠰᠡᠨ
ᠲᠠᠪᠤᠨ ᠲᠠᠷᠢᠶᠠᠨ ᠤ᠋ ᠠᠭᠠᠭ ᠰᠢᠩᠭᠡᠭᠰᠡᠨ
ᠲᠠᠪᠤᠨ ᠲᠩᠷᠢ ᠶ᠋ᠢᠨ ᠲᠠᠬᠢᠯᠭ᠎ᠠ ᠪᠣᠯᠤᠭᠰᠠᠨ
ᠲᠠᠪᠤᠨ ᠲᠢᠪ ᠦ᠋ᠨ ᠠᠮᠢᠲᠠᠨ ᠤ᠋ ᠴᠡᠩᠭᠡᠯ ᠪᠣᠯᠤᠭᠰᠠᠨ
ᠬᠠᠮᠤᠭ ᠢᠳᠡᠭᠡᠨ ᠦ᠌ ᠳᠡᠭᠡᠵᠢ ᠪᠣᠯᠤᠭᠰᠠᠨ
ᠬᠠᠮᠤᠭ ᠰᠡᠳᠬᠢᠯ ᠦ᠋ᠨ ᠰᠢᠩᠭᠡᠭᠡᠰᠦ ᠪᠣᠯᠤᠭᠰᠠᠨ
ᠬᠠᠨ ᠲᠩᠷᠢ ᠳ᠋ᠦ᠍ ᠮᠥᠷᠭᠥᠨ ᠬᠦᠷᠲᠡᠭᠡᠪᠡ  ᠴᠣᠳ!
(ᠬᠣᠶᠠᠷ)
ᠪᠠᠯ ᠠᠷᠢᠬᠢ ᠴᠡᠩᠭᠡᠯ ᠪᠣᠯᠵᠤ
ᠪᠦᠭᠦᠳᠡ ᠬᠤᠰᠢᠭᠤᠨ ᠨᠠᠢᠷ ᠪᠣᠯᠵᠤ
ᠰᠠᠨᠠᠭᠰᠠᠨ ᠨᠢ ᠪᠦᠲᠦᠵᠦ
ᠰᠠᠬᠢᠭᠰᠠᠨ ᠨᠢ ᠥᠷᠥᠰᠢᠶᠡᠵᠦ
ᠰᠠᠢᠨ ᠶᠠᠪᠤᠳᠠᠯ ᠲᠡᠭᠦᠰ ᠪᠣᠯᠵᠤ
ᠰᠠᠢᠬᠠᠨ ᠪᠦᠬᠦᠨ ᠪᠦᠷᠢᠳᠬᠦ ᠪᠣᠯᠲᠤᠭᠠᠢ!
(ᠭᠤᠷᠪᠠ)
ᠠᠷᠢᠬᠢ ᠶ᠋ᠢᠨ ᠰᠠᠴᠤᠯᠢ ᠶ᠋ᠢᠨ ᠢᠷᠦᠭᠡᠯ
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠴᠠᠭᠠᠨ ᠨᠢ ᠪᠠᠳᠠᠷᠠᠵᠤ
ᠰᠠᠴᠤᠯᠭ᠎ᠠ ᠨᠢ ᠳᠡᠯᠭᠡᠷᠡᠵᠦ   
ᠬᠡᠢᠮᠣᠷᠢ ᠨᠢ ᠭᠦᠶᠦᠵᠦ
ᠬᠡᠰᠢᠭ ᠪᠤᠶᠠᠨ ᠨᠢ ᠨᠡᠮᠡᠭᠳᠡᠵᠦ
ᠨᠠᠭᠤᠷ ᠰᠢᠭ᠋ ᠣᠯᠠᠨ ᠨᠡᠢᠲᠡ ᠲᠦᠪᠰᠢᠨ
ᠨᠤᠭᠤᠰᠤᠨ ᠰᠢᠭ᠋ ᠡᠵᠡᠨ ᠠᠢᠯ ᠡᠩᠬᠡ ᠪᠠᠢᠬᠤ ᠪᠣᠯᠲᠤᠭᠠᠢ!
(ᠰᠢᠨ᠎ᠡ ᠠᠷᠢᠬᠢ ᠭᠠᠷᠭᠠᠬᠤ ᠳ᠋ᠤ᠌ ᠨᠠᠰᠤᠲᠠᠨ ᠲᠣᠮᠣᠭᠠᠲᠠᠨ ᠠ᠋ᠴᠠ ᠵᠢᠷᠦᠬᠡᠨ ᠰᠠᠴᠤᠯᠢ ᠰᠠᠴᠤᠨ᠎ᠠ)

ᠦᠷ᠎ᠡ ᠳᠡᠭᠦᠦᠨᠡᠷ ᠲᠦ᠍ ᠬᠠᠳᠠᠭ ᠪᠡᠯᠡᠭ ᠥᠭᠬᠦ ᠢᠷᠦᠭᠡᠯ

(ᠨᠢᠭᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠡᠷᠳᠡᠨᠢ ᠶ᠋ᠢᠨ ᠪᠣᠮᠪᠣ ᠶ᠋ᠢᠨ ᠷᠠᠰᠢᠶᠠᠨ ᠮᠡᠲᠦ ᠲᠤᠩᠭᠠᠯᠠᠭ ᠰᠠᠢᠬᠠᠨ
ᠡᠭᠡᠪᠦᠷ ᠭᠠᠵᠠᠷ ᠤ᠋ᠨ ᠴᠡᠴᠡᠭ ᠮᠡᠲᠦ ᠳᠡᠯᠭᠡᠷᠡᠩᠭᠦᠢ ᠰᠠᠢᠬᠠᠨ
ᠤᠷᠲᠤ ᠠᠷᠬᠠᠭ ᠤ᠋ᠨ ᠲᠣᠭ᠎ᠠ ᠪᠠᠷ
ᠤᠷᠲᠤ ᠰᠠᠢᠬᠠᠨ ᠨᠠᠰᠤ ᠶ᠋ᠢ ᠨᠠᠰᠤᠯᠠᠵᠤ
ᠬᠥᠨᠳᠡᠯᠡᠨ ᠠᠷᠬᠠᠭ ᠤ᠋ᠨ ᠲᠣᠭ᠎ᠠ ᠪᠠᠷ 
ᠬᠥᠳᠡᠭᠡ ᠳᠦᠭᠦᠷᠡᠩ ᠮᠠᠯ ᠢ᠋ ᠮᠠᠯᠵᠢᠬᠤ ᠪᠣᠯᠲᠤᠭᠠᠢ!
(ᠬᠣᠶᠠᠷ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠡᠭᠦᠯᠡᠨ ᠶᠠᠪᠲᠡ ᠲᠩᠷᠢ ᠥᠷᠥᠰᠢᠶᠡᠵᠦ
ᠡᠭᠦᠳᠡᠨ ᠶᠠᠪᠲᠠ ᠮᠠᠨᠽᠤᠰᠢᠷᠢ ᠢᠪᠡᠭᠡᠵᠦ
ᠲᠩᠷᠢ ᠯᠤᠭ᠎ᠠ ᠲᠡᠭᠰᠢ ᠰᠠᠢᠬᠠᠨ ᠵᠠᠶᠠᠭ᠎ᠠ ᠲᠠᠢ
ᠲᠡᠩᠴᠡᠯᠳᠦᠭᠴᠢ ᠬᠥᠮᠦᠨ ᠡᠴᠡ ᠦᠯᠡᠮᠵᠢ ᠶᠡᠬᠡ ᠴᠢᠳᠠᠯ ᠲᠠᠢ
ᠬᠦᠷᠯᠥᠭ ᠬᠤᠰᠢᠭᠤᠨ ᠳ᠋ᠤ᠌ ᠮᠠᠯ ᠴᠢᠨᠢ ᠳᠦᠭᠦᠷᠴᠦ
ᠬᠥᠬᠡᠨᠠᠭᠤᠷ ᠲᠤ᠌ ᠨᠡᠷ᠎ᠡ ᠴᠣᠯᠠ ᠴᠢᠨᠢ ᠳᠠᠭᠤᠷᠢᠰᠴᠤ
ᠨᠠᠢ᠍ᠮᠠᠨ ᠴᠠᠭᠠᠨ ᠬᠡᠢᠮᠣᠷᠢ ᠴᠢᠨᠢ
ᠨᠠᠰᠤᠨ ᠦᠷᠭᠦᠯᠵᠢ ᠪᠦᠳᠦᠷᠢᠭᠡᠨ ᠦᠭᠡᠢ ᠭᠦᠶᠦᠬᠦ ᠪᠣᠯᠲᠤᠭᠠᠢ!
(ᠭᠤᠷᠪᠠ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠣᠭᠲᠠᠷᠭᠤᠢ ᠳᠡᠭᠡᠷ᠎ᠡ ᠡᠴᠡ ᠳᠣᠯᠣᠭᠠᠨ ᠪᠤᠷᠬᠠᠨ ᠥᠷᠥᠰᠢᠶᠡᠵᠦ
ᠣᠷᠣᠢ ᠳᠡᠭᠡᠷ᠎ᠡ ᠡᠴᠡ ᠮᠠᠨᠽᠤᠰᠢᠷᠢ ᠪᠤᠷᠬᠠᠨ ᠢᠪᠡᠭᠡᠵᠦ
ᠤᠤᠭᠠᠨ ᠬᠥᠪᠡᠭᠦᠨ ᠴᠢᠨᠢ ᠪᠥᠬᠡ ᠳ᠋ᠦ᠍ ᠭᠠᠷᠴᠤ
ᠦᠷᠢᠶ᠎ᠡ ᠮᠣᠷᠢ ᠴᠢᠨᠢ ᠤᠷᠤᠯᠳᠤᠭᠠᠨ ᠳ᠋ᠤ᠌ ᠭᠠᠷᠴᠤ
ᠦᠵᠦᠭᠦᠷ ᠶᠡᠬᠡ ᠳᠠᠩᠰᠠ ᠶ᠋ᠢ ᠳᠠᠭᠤᠷᠢᠰᠴᠤ
ᠦᠽᠥᠩ ᠶᠡᠬᠡ ᠴᠣᠯᠠ ᠶ᠋ᠢ ᠳᠠᠭᠤᠷᠢᠰᠴᠤ
ᠤᠷᠲᠤ ᠰᠠᠢᠬᠠᠨ ᠨᠠᠰᠤᠲᠠᠢ
ᠤᠳᠠᠭᠠᠨ ᠰᠠᠢᠬᠠᠨ ᠵᠢᠷᠭᠠᠯᠲᠠᠢ ᠶᠠᠪᠤᠬᠤ ᠪᠣᠯᠲᠤᠭᠠᠢ!

ᠬᠡᠦᠬᠡᠳ ᠤᠬᠢᠶᠠᠬᠤ ᠢᠷᠦᠭᠡᠯ

(ᠨᠢᠭᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠲᠩᠷᠢ ᠯᠤᠭ᠎ᠠ ᠲᠡᠭᠰᠢ ᠰᠠᠢᠬᠠᠨ ᠵᠠᠶᠠᠭ᠎ᠠ ᠲᠠᠢ
ᠲᠡᠩᠴᠡᠯᠳᠦᠬᠦ ᠬᠥᠮᠦᠨ ᠡᠴᠡ ᠪᠡᠨ ᠦᠯᠡᠮᠵᠢ ᠶᠡᠬᠡ ᠪᠤᠶᠠᠨ ᠲᠠᠢ
ᠨᠠᠷᠠ ᠰᠠᠷᠠ ᠶ᠋ᠢᠨ ᠭᠡᠷᠡᠯ ᠮᠡᠲᠦ
ᠰᠠᠷᠠᠭᠤᠯ ᠰᠠᠢᠬᠠᠨ ᠤᠬᠠᠭᠠᠨ ᠲᠠᠢ
ᠬᠠᠭᠠᠨ ᠳ᠋ᠠᠭᠠᠨ ᠬᠠᠢᠷᠠᠲᠠᠢ
ᠡᠵᠡᠨ ᠳ᠋ᠦ᠍ ᠪᠡᠨ ᠡᠷᠬᠡᠲᠡᠢ
ᠣᠯᠠᠨ ᠨᠡᠢᠲᠡ ᠶ᠋ᠢᠨ ᠢ᠋ᠶ᠋ᠡᠨ ᠳᠤᠮᠳᠠ
ᠵᠣᠯᠢ ᠲᠣᠪᠴᠢ ᠪᠣᠯᠵᠤ ᠶᠠᠪᠤᠬᠤ ᠶ᠋ᠢᠨ ᠢᠷᠦᠭᠡᠯ ᠲᠣᠭᠲᠠᠬᠤ ᠪᠣᠯᠲᠤᠭᠠᠢ!
(ᠬᠣᠶᠠᠷ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠮᠠᠨᠳᠤᠬᠤ ᠨᠠᠷᠠᠨ ᠤ᠋ ᠭᠡᠭᠡᠨ ᠳ᠋ᠦ᠍
ᠮᠠᠨᠴᠤᠢᠯᠠᠭᠰᠠᠨ ᠡᠳᠦᠷ ᠦ᠋ᠨ ᠰᠠᠢᠨ ᠳ᠋ᠤ᠌
ᠲᠥᠷᠥᠭᠰᠡᠨ ᠨᠠᠰᠤᠨ ᠤ᠋ ᠲᠦᠷᠦᠭᠦᠦ ᠨᠠᠢᠷ ᠲᠤ᠌
ᠲᠥᠷᠥᠯ ᠡᠯᠢᠭᠡᠨ ᠴᠤᠭᠯᠠᠷᠠᠵᠤ
ᠲᠣᠰᠣ ᠢᠳᠡᠭᠡᠨ ᠦ᠌ ᠳᠡᠭᠡᠵᠢ ᠪᠡᠷ
ᠲᠦᠷᠦᠭᠦᠦ  ᠵᠤᠯᠠᠢ ᠶ᠋ᠢ ᠴᠢᠨᠢ ᠮᠢᠯᠢᠶᠠᠪᠠ  ᠴᠣᠳ!
ᠰᠠᠢᠨ ᠴᠠᠭ ᠤ᠋ᠨ ᠡᠬᠢ ᠮᠡᠲᠦ
ᠴᠠᠭᠠᠨ ᠭᠠᠯ ᠤ᠋ᠨ  ᠵᠣᠯᠢ ᠮᠡᠲᠦ ᠪᠠᠳᠠᠷᠠᠬᠤ ᠪᠣᠯᠲᠤᠭᠠᠢ!
(ᠭᠤᠷᠪᠠ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠬᠠᠳᠠ ᠴᠢᠯᠠᠭᠤᠨ ᠭᠢᠰᠬᠢᠭᠦᠷ ᠲᠡᠢ
ᠬᠠᠨ ᠴᠢᠯᠠᠭᠤᠨ ᠢᠰᠭᠦᠴᠡ ᠲᠡᠢ
ᠬᠠᠷᠠᠵᠠ ᠪᠤᠯᠠᠭ ᠤ᠋ᠨ ᠬᠠᠷᠠᠴᠠ ᠲᠠᠢ
ᠬᠠᠮᠤᠭ ᠡᠯᠢᠭᠡᠨ ᠳ᠋ᠡᠭᠡᠨ ᠬᠠᠢᠷᠠᠲᠠᠢ
ᠬᠠᠢᠷ᠎ᠠ ᠪᠦᠬᠦᠨ ᠢ᠋ ᠬᠦᠷᠲᠡᠭᠰᠡᠨ ᠬᠥᠪᠡᠭᠦᠨ
ᠬᠠᠳᠠ ᠮᠡᠲᠦ ᠪᠠᠲᠤ ᠰᠠᠭᠤᠷᠢ ᠲᠠᠢ ᠪᠣᠯᠵᠤ
ᠬᠠᠷᠠᠭᠠᠢ ᠮᠡᠲᠦ ᠤᠷᠲᠤ ᠨᠠᠰᠤ ᠶ᠋ᠢ ᠨᠠᠰᠤᠯᠠᠬᠤ ᠪᠣᠯᠲᠤᠭᠠᠢ!
(ᠳᠥᠷᠪᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠲᠩᠷᠢ ᠶ᠋ᠢᠨ ᠰᠠᠷᠠ ᠮᠡᠲᠦ ᠰᠠᠷᠠᠭᠤᠯ
ᠲᠠᠯ᠎ᠠ ᠶ᠋ᠢᠨ ᠪᠤᠯᠠᠭ ᠮᠡᠲᠦ ᠲᠤᠩᠭᠠᠯᠠᠭ
ᠲᠠᠷᠭᠤᠨ ᠠᠭᠲᠠ ᠬᠦᠯᠦᠭ ᠲᠡᠢ
ᠲᠠᠩᠰᠤᠭ ᠢᠳᠡᠭᠡᠨ ᠳᠡᠭᠡᠵᠢ ᠲᠡᠢ
ᠡᠩᠬᠡ ᠰᠠᠢᠬᠠᠨ ᠵᠢᠷᠭᠠᠯᠲᠠᠢ
ᠮᠥᠩᠬᠡ ᠰᠠᠢᠬᠠᠨ ᠨᠠᠰᠤᠲᠠᠢ ᠶᠠᠪᠤᠬᠤ ᠶ᠋ᠢ ᠪᠡᠯᠭᠡᠯᠡᠵᠦ
ᠠᠷᠬᠠᠭ ᠲᠠᠢ ᠴᠠᠭᠠᠨ ᠬᠠᠳᠠᠭ ᠢ᠋ᠶ᠋ᠠᠨ
ᠠᠪᠠᠭᠠᠢ ᠨᠢ ᠢᠷᠦᠭᠡᠵᠦ ᠳᠤᠬᠤᠪᠠ  ᠴᠣᠳ!
ᠴᠢᠮᠡᠭ➊ ᠦ᠋ᠨ ᠢᠷᠦᠭᠡᠯ
ᠨᠠᠶᠠᠨ ᠨᠠᠢ᠍ᠮᠠᠨ ᠡᠬᠢᠲᠦ
ᠨᠠᠮᠰᠠᠷᠠᠢ ᠮᠥᠷᠡᠳ ᠦ᠋ᠨ ᠤᠰᠤᠨ ᠠ᠋ᠴᠠ
ᠠᠷᠪᠠᠨ ᠶᠡᠬᠡ ᠪᠤᠶᠠᠨᠲᠠᠢ
ᠨᠠᠷᠠᠨ ᠰᠠᠷᠠᠳ ᠤ᠋ᠨ ᠭᠡᠷᠡᠯ ᠮᠡᠲᠦ
ᠰᠠᠷᠠᠭᠤᠯ ᠰᠠᠢᠬᠠᠨ ᠤᠬᠠᠭᠠᠨᠲᠠᠢ
ᠲᠩᠷᠢ ᠯᠤᠭ᠎ᠠ ᠲᠡᠭᠰᠢ ᠰᠠᠢᠬᠠᠨ ᠵᠠᠶᠠᠭ᠎ᠠ ᠲᠠᠢ
ᠲᠡᠩᠴᠡᠯᠳᠦᠬᠦ ᠬᠥᠮᠦᠨ ᠡᠴᠡ ᠪᠡᠨ ᠦᠯᠡᠮᠵᠢ ᠶᠡᠬᠡ ᠪᠤᠶᠠᠨ ᠲᠠᠢ
ᠵᠢᠭᠦᠷᠲᠡᠨ ᠬᠠᠨ ᠭᠠᠷᠤᠳᠢ ᠮᠡᠲᠦ
ᠬᠦᠴᠦᠨ ᠣᠮᠣᠭ ᠲᠠᠨᠢ ᠨᠡᠮᠡᠭᠳᠡᠵᠦ
ᠵᠡᠷᠭᠡᠯᠭᠡᠨᠲᠦ ᠰᠦᠮᠡᠨ ᠳᠠᠯᠠᠢ ᠮᠡᠲᠦ
ᠪᠠᠶᠠᠨ ᠪᠤᠶᠠᠨ ᠲᠠᠨᠢ ᠲᠡᠪᠡᠷᠢᠵᠦ
ᠳᠡᠯᠭᠡᠷᠡᠵᠦ ᠶᠠᠪᠤᠬᠤ ᠶ᠋ᠢᠨ ᠲᠠᠨᠢ ᠪᠡᠯᠡᠭ ᠢᠷᠦᠭᠡᠯ ᠲᠣᠭᠲᠠᠬᠤ ᠪᠣᠯᠲᠤᠭᠠᠢ!
➊ᠴᠢᠮᠡᠭ — ᠪᠡᠯᠡᠭ ᠰᠡᠯᠲᠡ᠂ ᠴᠢᠮᠡᠬᠦ — ᠪᠡᠯᠡᠭ ᠥᠭᠬᠦ

   ᠦᠰᠦᠭ ᠠᠮᠢᠯᠠᠭᠤᠯᠤᠭᠴᠢ᠄ ᠥᠯᠵᠡᠢᠮᠡᠨᠳᠦ
   ᠬᠢᠨᠠᠬ᠍ᠴᠢ ᠪᠠᠭᠰᠢ᠄ ᠠᠨᠢᠷ᠂ ᠠᠢ ᠵᠢᠶᠦ᠋ᠨ᠂ ᠰᠡᠴᠡᠩᠭᠡᠷᠡᠯ ᠂ ᠰᠠᠢ•ᠤᠯᠠᠭᠠᠨ᠌ᠣ᠋ᠳᠣ᠌᠂ ᠥᠯᠵᠡᠢᠮᠡᠨᠳᠦ