ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠶᠢᠰᠦ〕 Цаг төрийн үймээн – Д ᠂ Намдаг - Цаг төрийн үймээн ᠂ гуравдугаар бүлэг -9
ᠠᠭᠤᠯᠠ ᠶ᠋ᠢᠨ ᠨᠥᠮᠥᠷᠢ
(ᠬᠡᠯᠢᠭ ᠦ᠋ᠨ ᠬᠢᠨ ᠦ᠌ ᠬᠣᠲᠠ)
ᠠᠭᠤᠯᠠ ᠶ᠋ᠢᠨ ᠬᠢᠷ᠎ᠠ ᠰᠢᠭᠤᠢ ᠶ᠋ᠢᠨ ᠭᠦᠨ ᠳ᠋ᠦ᠍ ᠬᠣᠶᠠᠳᠠᠬᠢ ᠤᠳᠠᠭ᠎ᠠ ᠳᠥᠷᠪᠡᠨ ᠢᠷᠡᠬᠦ ᠳ᠋ᠦ᠍ ᠬᠥᠮᠦᠰ ᠦ᠋ᠨ ᠰᠡᠳᠬᠢᠯ ᠬᠡᠳᠦᠨ ᠳᠠᠪᠬᠤᠷ ᠬᠡᠷᠡᠮ ᠦ᠋ᠨ ᠠᠷᠤ ᠳ᠋ᠤ᠌ ᠣᠷᠣᠭᠰᠠᠨ ᠰᠢᠭ᠋ ᠲᠠᠢᠪᠤᠰᠢᠷᠠᠬᠤ ᠠᠵᠢ᠃ ᠡᠪᠦᠯ ᠦ᠋ᠨ ᠳᠤᠮᠳᠠ ᠰᠠᠷ᠎ᠠ ᠠ᠋ᠴᠠ ᠠᠪᠬᠠᠭᠤᠯᠤᠭᠠᠳ ᠬᠠᠪᠤᠷ ᠤ᠋ᠨ ᠡᠬᠢᠨ ᠦ᠌ ᠰᠠᠷ᠎ᠠ ᠶ᠋ᠢ ᠰᠢᠪᠲᠤᠷᠠᠲᠠᠯᠠ ᠦᠷᠭᠦᠯᠵᠢᠯᠡᠭᠰᠡᠨ ᠭᠠᠢᠬᠠᠯᠳᠤ ᠬᠦᠢᠲᠡᠨ ᠴᠦ᠍ ᠨᠤᠭᠤᠷᠠᠬᠤ ᠲᠠᠢᠰᠢ ᠬᠠᠨᠳᠤᠵᠠᠢ᠃ ᠡᠪᠦᠭᠡᠳ ᠡᠮᠡᠭᠡᠳ ᠲᠦ᠍ ᠭᠠᠵᠠᠷ ᠥᠨᠳᠥᠷᠳᠡᠨᠡ᠃ ᠲᠡᠳᠡ ᠥᠪᠡᠷ ᠥᠪᠡᠷ ᠦ᠋ᠨ ᠢ᠋ᠶ᠋ᠡᠨ ᠣᠷᠣᠮ ᠳ᠋ᠤ᠌ ᠰᠢᠭᠢᠳᠦᠨ ᠵᠢᠷᠦᠬᠡᠨ ᠦ᠌ ᠪᠡᠨ ᠴᠣᠬᠢᠯᠲᠠ ᠳ᠋ᠤ᠌ ᠳᠠᠷᠤᠭᠳᠠᠨ ᠬᠡᠪᠲᠡᠨ᠎ᠡ᠃ ᠢᠳᠡᠷ ᠵᠠᠯᠠᠭᠤᠰ ᠨᠢ ᠮᠠᠯ ᠬᠥᠷᠥᠩᠭᠡ ᠳ᠋ᠡᠭᠡᠨ ᠢᠳᠡᠰᠢ ᠲᠡᠵᠢᠭᠡᠯ ᠭᠠᠷᠭᠠᠵᠤ ᠥᠭᠬᠦ ᠭᠡᠵᠦ ᠣᠢ ᠶ᠋ᠢᠨ ᠴᠤᠭᠤᠷᠬᠠᠢ ᠶ᠋ᠢᠨ ᠭᠦᠨ ᠴᠠᠰᠤ ᠶ᠋ᠢ ᠮᠠᠯᠲᠠᠨ ᠵᠠᠪ ᠴᠢᠯᠥᠭᠡ ᠦᠭᠡᠢ ᠬᠥᠳᠡᠯᠦᠨ᠎ᠡ᠃ ᠮᠠᠯ ᠨᠢ ᠪᠦᠷ ᠶᠠᠳᠠᠷᠠᠵᠠᠢ᠃ ᠭᠠᠵᠠᠷ ᠪᠠᠰᠠ ᠥᠨᠳᠥᠷᠳᠡᠵᠦ ᠡᠪᠡᠰᠦ ᠤᠷᠤᠭᠤ ᠵᠢᠳᠬᠦᠬᠦ ᠶ᠋ᠢᠨ ᠣᠷᠣᠨ ᠳ᠋ᠤ᠌ ᠠᠲᠤᠷᠢᠨ ᠬᠡᠪᠲᠡᠬᠦ ᠶ᠋ᠢ ᠡᠷᠬᠢᠮᠯᠡᠨ᠎ᠡ᠃ ᠬᠣᠯᠠ ᠣᠢᠷ᠎ᠠ ᠠ᠋ᠴᠠ ᠶᠠᠪᠤᠬᠤ ᠬᠥᠮᠦᠨ ᠦᠭᠡᠢ ᠲᠤᠯᠠ ᠡᠯᠳᠡᠪ ᠶᠠᠩᠵᠤ ᠶ᠋ᠢᠨ ᠬᠡᠯᠡ ᠴᠢᠮᠡᠭᠡ ᠰᠣᠨᠣᠰᠬᠤ ᠶ᠋ᠢ ᠪᠦᠷ ᠪᠣᠯᠢᠭᠠᠳ ᠣᠷᠣᠨ ᠳ᠋ᠤᠨᠢ ᠡᠳᠦᠷ ᠦ᠋ᠨ ᠴᠠᠭ ᠢ᠋ᠶ᠋ᠠᠷ ᠢᠳᠡᠰᠢ ᠡᠷᠢᠭᠰᠡᠨ ᠬᠡᠷᠢᠶ᠎ᠡ ᠢᠷᠡᠵᠦ ᠦᠬᠦᠯ ᠢ᠋ᠶ᠋ᠡᠨ ᠬᠦᠯᠢᠶᠡᠵᠦ ᠪᠠᠢᠭ᠎ᠠ ᠮᠠᠯ ᠳᠡᠭᠡᠭᠦᠷ ᠡᠷᠭᠢᠯᠳᠦᠵᠦ ᠰᠥᠨᠢ ᠶ᠋ᠢᠨ ᠴᠠᠭ ᠲᠤ ᠴᠢᠨᠣ᠎ᠠ ᠣᠯᠢᠯᠳᠤᠨ ᠱᠤᠤᠭᠢᠨ᠎ᠠ᠃ ᠦᠵᠡᠭᠳᠡᠬᠦ ᠰᠣᠨᠣᠰᠳᠠᠬᠤ ᠬᠣᠶᠠᠷ ᠨᠢ ᠶᠡᠷᠦ ᠳ᠋ᠡᠭᠡᠨ ᠯᠡ ᠡᠨᠡ᠃
ᠨᠢᠭᠡ ᠦᠳᠡᠰᠢ ᠬᠡᠯᠢᠭ ᠦ᠋ᠨ ᠬᠠᠩᠬᠠᠢ ᠣᠷᠣᠮ ᠭᠠᠳᠠᠭ᠎ᠠ ᠬᠥᠮᠦᠨ ᠢᠷᠡᠵᠦ《ᠨᠣᠬᠠᠢ ᠬᠣᠷᠢ ᠠ᠋!》 ᠭᠡᠬᠦ ᠰᠢᠭ ᠪᠣᠯᠬᠤ ᠳ᠋ᠤ᠌ ᠴᠥᠮ ᠰᠣᠴᠢᠨ ᠨᠠᠪᠲᠠᠰᠬᠢᠵᠦ ᠪᠡᠶ᠎ᠡ ᠪᠡᠶ᠎ᠡ ᠪᠡᠨ ᠬᠠᠷᠠᠪᠠ᠃ ᠭᠠᠳᠠᠭ᠎ᠠ ᠳᠥᠷᠦᠭᠡᠨ ᠦ᠌ ᠳᠠᠭᠤ ᠬᠠᠩ ᠬᠢᠵᠦ ᠬᠣᠶᠠᠷ ᠬᠥᠮᠦᠨ ᠮᠣᠷᠢ ᠠ᠋ᠴᠠ ᠪᠠᠭᠤᠬᠤ ᠳ᠋ᠤ᠌ ᠪᠦᠷ ᠠᠯᠮᠠᠢᠷᠠᠨ ᠭᠠᠢᠬᠠᠨ᠎ᠠ᠃ ᠶᠠᠭᠤ ᠶᠠᠭᠤ ᠦᠭᠡᠢ ᠡᠭᠦᠳᠡ ᠬᠥᠳᠡᠯᠬᠦ ᠳ᠋ᠦ᠍ ᠠᠮᠢᠰᠬᠤᠯ ᠬᠣᠷᠢᠶᠠᠨ ᠰᠢᠷᠳᠡᠨ᠎ᠡ᠃ ᠬᠥᠬᠡ ᠴᠢᠰᠴᠡᠦ ᠳᠡᠪᠡᠯ ᠳᠥᠷᠪᠡᠨ ᠲᠠᠯᠠᠲᠤ ᠪᠤᠯᠠᠭᠠᠨ ᠲᠣᠭᠣᠷᠴᠣᠭ ᠡᠮᠦᠰᠦᠭᠰᠡᠨ ᠬᠥᠮᠦᠨ ᠣᠷᠣᠵᠤ ᠢᠷᠡᠬᠦ ᠳ᠋ᠦ᠍ ᠭᠡᠷ ᠦ᠋ᠨ ᠬᠥᠮᠦᠰ ᠨᠢᠭᠡ ᠤᠳᠠᠭ᠎ᠠ ᠠᠮᠢᠰᠬᠤᠯ ᠠᠪᠬᠤ ᠪᠣᠯᠪᠠᠴᠤ ᠬᠣᠢᠨ᠎ᠠ ᠠ᠋ᠴᠠ ᠨᠢ ᠴᠠᠭᠠᠨ ᠨᠡᠬᠡᠢ ᠳᠡᠪᠡᠯ ᠦ᠋ᠨ ᠬᠣᠷᠮᠣᠢ ᠭᠢᠯᠠᠰᠬᠢᠨ ᠣᠷᠣᠰ ᠯᠢᠶᠠᠨᠵᠤᠤ ᠫᠤᠤ ᠶ᠋ᠢᠨ ᠪᠥᠭᠰᠡ ᠪᠣᠱᠣᠭ᠎ᠠ ᠳᠠᠪᠠᠬᠤ ᠳ᠋ᠤ᠌ ᠳᠠᠬᠢᠨ ᠠᠮᠢᠰᠬᠤᠯ ᠬᠤᠷᠢᠶᠠᠨ᠎ᠠ᠃ ᠭᠡᠲᠡᠯ᠎ᠡ ᠭᠡᠯᠢᠭ ᠲᠦᠷᠦᠭᠦᠴᠢ ᠶ᠋ᠢᠨ ᠬᠥᠮᠦᠨ ᠢ᠋ ᠲᠠᠨᠢᠬᠤ ᠪᠠᠢᠵᠠᠢ᠃
— ᠵᠧ ᠡᠨᠡ ᠴᠢᠨᠢ ᠭᠦᠩᠲᠡᠨ ᠪᠠᠢᠬᠤ ᠨᠢ ᠶᠠᠭᠤ ᠪᠣᠢ! ᠭᠡᠵᠦ ᠪᠣᠰᠤᠨ ᠬᠠᠷᠠᠢᠨ ᠠᠮᠤᠷ ᠡᠷᠢᠨ ᠵᠣᠯᠭᠠᠭᠠᠳ《ᠣᠯᠪᠣᠭ ᠭᠣᠳᠣᠰ ᠬᠠᠮᠢᠭ᠎ᠠ ᠪᠣᠢ?》 ᠭᠡᠵᠦ ᠰᠠᠨᠳᠤᠷᠪᠠ᠃ ᠲᠡᠷᠡ ᠨᠢ ᠡᠨᠡ ᠭᠠᠬᠠᠢ ᠶ᠋ᠢᠨ ᠣᠷᠣᠮ ᠳ᠋ᠤ᠌ ᠬᠠᠷᠠᠬᠠᠨ ᠦᠭᠡᠢ᠃《ᠬᠠᠮᠢᠭ᠎ᠠ ᠪᠣᠢ? ᠭᠠᠳᠠᠭ᠎ᠠ ᠤᠤ?》《ᠦᠭᠡᠢ ᠪᠠᠢᠬ᠎ᠠ᠂ ᠤᠳᠠᠭ᠎ᠠ ᠳᠠᠷᠠᠭ᠎ᠠ ᠳᠦᠷᠪᠡᠭᠡᠨ ᠳ᠋ᠦ᠍ ᠴᠤᠪᠤᠷᠠᠭᠤᠯᠤᠨ ᠬᠠᠶᠠᠭᠰᠠᠭᠠᠷ ᠶᠠᠭᠤ ᠴᠦ᠍ ᠦᠭᠡᠢ ᠪᠣᠯᠤᠭᠰᠠᠨ ᠰᠢᠦ ᠳᠡ》 ᠭᠡᠬᠦ ᠶᠠᠷᠢᠶ᠎ᠠ ᠭᠡᠷ ᠦ᠋ᠨ ᠬᠥᠮᠦᠰ ᠦ᠋ᠨ ᠬᠣᠭᠣᠷᠣᠨᠳᠣ ᠰᠠᠮ ᠶᠠᠪᠤᠭᠳᠠᠪᠠ᠃
ᠬᠥᠬᠡ ᠴᠢᠰᠴᠡᠦ ᠳᠡᠪᠡᠯ ᠲᠡᠢ ᠬᠥᠮᠦᠨ᠄
— ᠦᠭᠡᠢ ᠲᠠ ᠮᠢᠨᠢ ᠣᠯᠪᠣᠭ ᠭᠣᠳᠣᠰ ᠭᠡᠬᠦ ᠶᠠᠭᠤ ᠪᠠᠢᠬᠤᠪ ᠵᠦᠭᠡᠷ ᠬᠥᠯ ᠨᠤᠭᠤᠯᠬᠤ ᠭᠠᠵᠠᠷ ᠯᠠ ᠪᠠᠢᠪᠠᠯ ᠪᠣᠯᠬᠤ ᠨᠢ ᠲᠡᠷᠡ! ᠭᠡᠳ ᠲᠤᠯᠭ᠎ᠠ ᠶ᠋ᠢᠨ ᠳᠡᠷᠭᠡᠳᠡ ᠰᠠᠭᠤᠪᠠ᠃ ᠳᠡᠭᠡᠳᠦ ᠤᠷᠤᠭᠤᠯ ᠤ᠋ᠨ ᠢ᠋ᠶ᠋ᠠᠨ ᠰᠠᠢᠬᠠᠨ ᠣᠷᠣᠭᠤᠯᠤᠭᠰᠠᠨ ᠬᠠᠷ᠎ᠠ ᠰᠠᠬᠠᠯ ᠳ᠋ᠤ᠌ ᠪᠢᠲᠡᠭᠦᠦ ᠪᠦᠷᠬᠦᠭᠰᠡᠨ ᠴᠠᠩ ᠬᠢᠷᠠᠭᠤ ᠶ᠋ᠢ ᠵᠡᠭᠦᠨ ᠪᠠᠷᠠᠭᠤᠨ ᠲᠠᠢᠰᠢ ᠰᠡᠯᠭᠦᠯᠡᠨ ᠰᠢᠪᠲᠤᠷᠠᠴᠤ ᠦᠵᠦᠭᠦᠷ ᠲᠦ᠋ᠨᠢ ᠬᠥᠯᠳᠡᠭᠰᠡᠨ ᠮᠥᠰᠥ ᠶ᠋ᠢ ᠢᠮᠡᠷᠦᠨ ᠬᠠᠢᠯᠤᠭᠤᠯᠬᠤ ᠶ᠋ᠢ ᠣᠷᠣᠯᠳᠣᠨ᠎ᠠ᠃ ᠶᠡᠷᠦ ᠡᠨᠡ ᠬᠥᠮᠦᠨ ᠮᠠᠩᠨᠠᠢ ᠳ᠋ᠠᠭᠠᠨ ᠪᠠᠭ᠎ᠠ ᠵᠡᠷᠭᠡ ᠠᠲᠤᠷᠢᠶ᠎ᠠ ᠲᠠᠢ ᠪᠣᠯᠪᠠᠴᠤ ᠥᠩᠭᠡ ᠲᠤᠩᠭᠠᠯᠠᠭ᠂ ᠬᠠᠷᠠᠴᠠ ᠵᠥᠭᠡᠯᠡᠨ᠂ ᠭᠡᠵᠢᠭᠡ ᠤᠷᠲᠤ᠂ ᠰᠠᠬᠠᠯ ᠤ᠋ᠨ ᠢ᠋ᠶ᠋ᠠᠨ ᠮᠥᠰᠥ ᠶ᠋ᠢ ᠢᠮᠡᠷᠬᠦ ᠬᠠᠯᠢᠭᠤᠨ ᠨᠢᠳᠤᠷᠭ᠎ᠠ ᠲᠠᠢ ᠭᠠᠷ ᠤ᠋ᠨ ᠬᠤᠷᠤᠭᠤᠳ ᠡᠷᠬᠡ ᠲᠠᠩᠬᠢᠯ ᠥᠰᠦᠭᠰᠡᠨ ᠵᠠᠯᠠᠭᠤ ᠡᠮᠡᠭᠲᠡᠢ ᠶ᠋ᠢᠨ ᠬᠢ ᠲᠡᠢ ᠠᠳᠠᠯᠢ ᠪᠥᠭᠡᠳ ᠡᠨᠡ ᠪᠦᠬᠦᠨ ᠨᠢ ᠶᠠᠳᠠᠷᠠᠯ ᠵᠦᠳᠡᠭᠦᠷᠡᠯ ᠪᠠ ᠠᠶᠤᠨ ᠡᠮᠢᠶᠡᠬᠦ ᠳ᠋ᠦ᠍ ᠳᠠᠷᠤᠭᠳᠠᠭᠰᠠᠨ ᠬᠥᠳᠡᠭᠡ ᠶ᠋ᠢᠨ ᠬᠥᠮᠦᠰ ᠦ᠋ᠨ ᠰᠡᠳᠬᠢᠯ ᠢ᠋ ᠥᠭᠡᠷ᠎ᠡ ᠲᠠᠢᠰᠢ ᠲᠡᠳᠡᠨ ᠭᠡᠢᠭᠦᠯᠬᠦ ᠠᠵᠢ᠃
— ᠭᠦᠩᠲᠡᠨ᠂ ᠬᠠᠮᠢᠭ᠎ᠠ ᠠ᠋ᠴᠠ ᠬᠠᠮᠢᠭᠠᠰᠢ ᠪᠠᠨ ᠮᠣᠷᠢᠯᠠᠵᠤ ᠶᠠᠪᠤᠭ᠎ᠠ ᠰᠠᠨ ᠪᠣᠯ? ᠭᠡᠬᠦ ᠳ᠋ᠦ᠍᠂
— ᠬᠦᠷᠢᠶᠡᠨ ᠡᠴᠡ ᠪᠠᠷᠠᠭᠤᠨ ᠬᠣᠢᠰᠢ᠂ ᠵᠦᠭ ᠴᠢᠭ ᠢ᠋ᠶ᠋ᠡᠨ ᠠᠯᠳᠠᠴᠢᠬᠠᠬᠤ ᠦᠭᠡᠢ ᠪᠣᠯ ᠶᠠᠪᠤᠭᠠᠳ ᠯᠠ ᠪᠠᠢᠬᠤ ᠰᠠᠨᠠᠭ᠎ᠠ ᠲᠠᠢ ᠭᠡᠵᠦ ᠪᠠᠯᠳᠠᠨᠴᠡᠷᠢᠩ ᠠᠯᠢᠶᠠᠯᠠᠨ ᠬᠠᠷᠢᠭᠤᠯᠪᠠ᠃ ᠭᠢᠯᠢᠭ ᠦᠭᠡ ᠶ᠋ᠢᠨ ᠬᠢᠨᠢ ᠤᠳᠬ᠎ᠠ ᠶ᠋ᠢ ᠬᠠᠷᠠᠬᠠᠨ ᠡᠰᠡ ᠣᠢᠯᠠᠭᠠᠵᠤ《ᠵᠠ ᠠᠬᠠᠢ!》 ᠭᠡᠳᠡᠭ ᠢ᠋ᠶ᠋ᠡᠷ ᠳᠡᠮᠡᠢ ᠬᠦᠨᠳᠦᠳᠬᠡᠭᠡᠳ᠄
— ᠵᠠᠮ ᠵᠠᠭᠤᠷ᠎ᠠ ᠳ᠋ᠠᠭᠠᠨ ᠰᠠᠭᠠᠳ ᠦᠭᠡᠢ ᠮᠣᠷᠢᠯᠠᠵᠤ ᠶᠠᠪᠤᠪᠠᠤ?
— ᠵᠠ ᠳᠠ᠂ ᠵᠠᠷᠢᠮ ᠭᠠᠵᠠᠷ ᠮᠣᠷᠢᠯᠠᠵᠤ᠂ ᠵᠠᠷᠢᠮ ᠭᠠᠵᠠᠷ ᠮᠥᠯᠬᠥᠵᠦ ᠯᠡ ᠶᠠᠪᠤᠨ᠎ᠠ ᠳᠠ ᠭᠡᠵᠦ ᠪᠠᠯᠳᠠᠨᠴᠡᠷᠢᠩ ᠳᠠᠬᠢᠨ ᠠᠯᠢᠶᠠᠯᠠᠪᠠ᠃ ᠭᠡᠷ ᠦ᠋ᠨ ᠬᠥᠮᠦᠰ ᠰᠡᠳᠬᠢᠯ ᠬᠥᠭᠵᠢᠨ ᠢᠨᠢᠶᠡᠯᠳᠦᠨ᠎ᠡ᠃
ᠭᠠᠮᠢᠩ᠂ ᠪᠠᠷᠤᠨ ᠦᠢᠮᠡᠵᠦ ᠠᠯᠠᠭᠠᠨ ᠬᠢᠲᠤᠭᠠᠨ ᠡᠬᠢᠯᠡᠭᠰᠡᠨ ᠡᠴᠡ ᠠᠪᠤᠭᠠᠳ ᠡᠳᠦᠢ ᠬᠦᠷᠲᠡᠯ᠎ᠡ ᠲᠡᠳᠡᠨ ᠳ᠋ᠦ᠍ ᠢᠨᠢᠶᠡᠬᠦ ᠵᠠᠪᠰᠢᠶᠠᠨ ᠶᠡᠷᠦ ᠲᠣᠬᠢᠶᠠᠯᠳᠤᠭ᠎ᠠ ᠦᠭᠡᠢ ᠪᠠᠢᠭᠠᠳ ᠰᠠᠶᠢ ᠨᠢᠭᠡ ᠲᠣᠬᠢᠶᠠᠯᠳᠤᠵᠤ ᠪᠠᠢᠭ᠎ᠠ ᠤᠴᠢᠷ ᠲᠡᠳᠡ᠂ ᠣᠳᠣ ᠲᠣᠬᠢᠶᠠᠯᠳᠤᠭᠰᠠᠨ ᠳᠡᠭᠡᠷ᠎ᠡ ᠨᠢ ᠭᠡᠰᠡᠨ ᠰᠢᠭ ᠨᠡᠮᠡᠨ ᠨᠡᠮᠡᠨ ᠢᠨᠢᠶᠡᠯᠴᠡᠪᠡ᠃
— ᠬᠦᠷᠢᠶ᠎ᠡ ᠵᠦᠭ ᠡᠴᠡ ᠰᠣᠨᠣᠰᠤᠭᠤᠰᠢᠲᠠᠢ ᠰᠣᠨᠢᠨ ᠶᠠᠭᠤ ᠪᠠᠢᠨ᠎ᠠ ᠪᠣᠢ? ᠴᠠᠭ ᠲᠥᠷᠥ ᠮᠠᠨᠢ ᠲᠠᠢᠪᠤᠰᠢᠷᠠᠬᠤ ᠨᠢ ᠤᠤ? ᠭᠡᠵᠦ ᠭᠢᠯᠢᠭ ᠦ᠋ᠨ ᠠᠰᠠᠭᠤᠬᠤ ᠳ᠋ᠤ᠌ ᠪᠠᠯᠳᠠᠨᠴᠡᠷᠢᠩ᠄
— ᠬᠦᠷᠢᠶ᠎ᠡ ᠵᠦᠭ ᠦ᠋ᠨ ᠰᠣᠨᠢᠨ ᠠᠶᠤᠯ ᠡᠮᠢᠶᠡᠯ᠂ ᠳᠣᠣᠷᠠᠲᠤ ᠠᠷᠠᠳ ᠤᠰᠤᠨ ᠳ᠋ᠤ᠌ ᠴᠢᠨᠠᠭᠰᠠᠨ ᠪᠤᠳᠠᠭ᠎ᠠ ᠪᠠᠨ ᠲᠠᠪᠠᠲᠠᠢ ᠢᠳᠡᠬᠦ ᠳ᠋ᠦ᠍ ᠴᠦ᠍ ᠪᠡᠷᠬᠡ᠃ ᠡᠵᠡᠳ ᠳᠡᠭᠡᠳᠦᠰ ᠦ᠋ᠳ ᠮᠠᠨᠢ ᠴᠦ᠍ ᠰᠡᠳᠬᠢᠯ ᠲᠦᠭᠰᠢᠭᠡᠲᠡᠢ᠃ ᠲᠣᠪᠴᠢᠯᠠᠨ ᠬᠡᠯᠡᠬᠦ ᠳ᠋ᠦ᠍ ᠬᠣᠭᠣᠯᠠᠢ ᠳ᠋ᠤ᠌ ᠲᠦᠭᠵᠢᠯᠡᠭᠦᠷ᠂ ᠬᠣᠩᠭᠣᠨ ᠳ᠋ᠤ᠌ ᠱᠣᠯᠣᠭᠣᠷ ᠶᠡᠷᠦ ᠳ᠋ᠡᠭᠡᠨ ᠯᠡ ᠡᠨᠡ ᠳᠡ ᠭᠡᠪᠡ᠃
ᠭᠢᠯᠢᠭ ᠪᠤᠷᠬᠠᠨ ᠮᠢᠨᠢ! ᠭᠡᠵᠦ ᠠᠮᠠᠨ ᠳ᠋ᠠᠭᠠᠨ ᠰᠢᠪᠡᠨᠡᠨ ᠬᠠᠨᠴᠤᠢ ᠳ᠋ᠠᠭᠠᠨ ᠵᠠᠯᠪᠠᠷᠢᠭᠠᠳ᠄
— ᠦᠭᠡᠢ᠂ ᠭᠦᠩᠲᠡᠨ ᠮᠢᠨᠢ ᠮᠠᠨ ᠤ᠋ ᠤᠯᠤᠰ ᠶᠡᠷᠦ ᠶᠠᠭᠠᠬᠢᠭᠠᠳ ᠡᠢᠮᠦ ᠠᠶᠤᠯ ᠵᠣᠪᠠᠯᠠᠩ ᠳ᠋ᠤ᠌ ᠣᠷᠢᠶᠠᠯᠳᠤᠵᠤ ᠣᠷᠬᠢᠪᠠ ᠳᠠ?
— ᠶᠠᠭᠠᠬᠢᠭᠰᠠᠨ ᠠ᠋ᠴᠠ ᠭᠡᠪᠡᠯ ᠲᠠᠭᠠᠷᠠᠬᠤ ᠶᠤᠮ ᠳᠠ? ᠭᠡᠵᠦ ᠪᠠᠯᠳᠠᠨᠴᠡᠷᠢᠩ ᠪᠣᠳᠣᠯᠬᠢᠯᠠᠨ ᠲᠣᠭᠣᠨᠣ ᠰᠢᠷᠳᠡᠭᠰᠡᠨ ᠢ᠋ᠶ᠋ᠡᠨ ᠪᠢᠳᠡᠨ ᠦ᠌ ᠦᠢᠯᠡ ᠶ᠋ᠢᠨ ᠦᠷ᠎ᠡ ᠶᠦᠮ ᠪᠣᠯ ᠤᠤ ᠳᠠ᠃ ᠭᠠᠮᠢᠩ ᠢ᠋ ᠶᠠᠭᠠᠬᠢᠶ᠎ᠠ ᠭᠡᠵᠦ ᠰᠠᠨᠳᠤᠷᠴᠤ ᠪᠠᠢᠬᠤ ᠳ᠋ᠤ᠌ ᠳᠡᠭᠡᠷ᠎ᠡ ᠡᠴᠡ ᠨᠢ ᠪᠠᠷᠤᠨ ᠣᠩᠭᠧᠷᠠᠨ ᠨᠡᠮᠡᠨ ᠢᠷᠡᠭᠡᠳ ᠭᠡᠳ ᠴᠠᠭᠠᠰᠢ ᠨᠢ ᠪᠠᠷᠤᠨ ᠣᠩᠭᠧᠷᠠᠨ ᠤ᠋ ᠬᠡᠨ ᠪᠣᠯᠬᠤ ᠪᠠ ᠶᠠᠭᠤ ᠵᠣᠷᠢᠵᠤ ᠪᠠᠢᠭ᠎ᠠ ᠬᠢᠭᠡᠳ ᠲᠡᠭᠦᠨ ᠦ᠌ ᠬᠣᠣᠷ ᠬᠥᠨᠥᠭᠡᠯ ᠶᠠᠭᠤ ᠪᠣᠯᠬᠤ ᠶ᠋ᠢ ᠨᠡᠯᠢᠶᠡᠳ ᠳᠡᠯᠭᠡᠷᠡᠩᠭᠦᠢ ᠶᠠᠷᠢᠵᠤ ᠭᠠᠷᠤᠯ᠎ᠠ᠃ ᠲᠣᠭᠣᠷᠢᠨ ᠰᠠᠭᠤᠭᠴᠢᠳ ᠠᠮᠠ ᠬᠠᠮᠬᠢᠯ ᠦᠭᠡᠢ ᠴᠢᠩᠨᠠᠪᠠ᠃ ᠲᠤᠰ ᠪᠦᠷᠢ ᠶ᠋ᠢᠨ ᠰᠡᠳᠬᠢᠬᠦᠢ ᠳ᠋ᠦ᠍ ᠮᠣᠩᠭᠣᠯ ᠣᠷᠣᠨ ᠠᠭᠤᠯᠠ ᠲᠠᠯ᠎ᠠ᠂ ᠬᠥᠮᠦᠨ ᠮᠠᠯ ᠤ᠋ᠨ ᠢ᠋ᠶ᠋ᠠᠨ ᠬᠠᠮᠲᠤ ᠦᠬᠦᠯ ᠦ᠋ᠨ ᠬᠠᠷ᠎ᠠ ᠲᠣᠭᠣᠭᠠᠨ ᠳ᠋ᠤ᠌ ᠦᠢᠭᠳᠡᠨ ᠳᠡᠭᠡᠷ᠎ᠡ ᠳᠣᠣᠷ᠎ᠠ ᠪᠠᠨ ᠣᠷᠣᠨ ᠪᠤᠴᠠᠯᠵᠤ ᠪᠠᠢᠭ᠎ᠠ ᠶᠤᠮ ᠰᠢᠭ᠋ ᠪᠣᠳᠣᠭᠳᠠᠨ᠎ᠠ᠃
ᠪᠠᠯᠳᠠᠨᠴᠡᠷᠢᠩ ᠦ᠋ᠨ ᠶᠠᠷᠢᠶ᠎ᠠ ᠳᠠᠭᠤᠰᠴᠤ ᠳᠤᠭᠤᠢ ᠪᠣᠯᠬᠤ ᠳ᠋ᠤ᠌ ᠨᠢᠭᠡ ᠦᠶ᠎ᠡ ᠬᠡᠨ ᠴᠦ᠍ ᠳᠤᠤᠭᠠᠷᠤᠭᠰᠠᠨ ᠦᠭᠡᠢ᠃ ᠭᠠᠭᠴᠠᠬᠠᠨ ᠰᠢᠷᠦᠭᠦᠨ ᠭᠠᠯ ᠳᠡᠭᠡᠷ᠎ᠡ ᠲᠣᠭᠣᠭ᠎ᠠ ᠲᠠᠢ ᠪᠦᠬᠦᠯᠢ ᠮᠢᠬ᠎ᠠ ᠫᠥᠯ ᠫᠥᠯ ᠪᠤᠴᠠᠯᠤᠨ᠎ᠠ᠃
— ᠪᠤᠷᠬᠠᠨ ᠭᠣᠨᠴᠣᠭᠰᠤᠮ ᠠ᠋! ᠶᠠᠭᠠᠬᠢᠭᠰᠠᠨ ᠴᠦ᠍ ᠬᠡᠴᠡᠭᠦᠦ ᠴᠠᠭ ᠭᠡᠭᠴᠢ ᠪᠣᠢ? ᠭᠡᠵᠦ ᠠᠶᠠᠷᠬᠠᠨ ᠥᠭᠦᠯᠡᠭᠰᠡᠨ ᠬᠥᠮᠦᠨ ᠨᠢ ᠭᠢᠯᠢᠭ ᠪᠠᠢᠯ᠎ᠠ᠃ ᠣᠯᠠᠨ ᠤ᠋ ᠠᠩᠬᠠᠷᠤᠯ ᠥᠪᠡᠷ ᠳᠡᠭᠡᠷ᠎ᠡ ᠪᠡᠨ ᠢᠷᠡᠬᠦ ᠳ᠋ᠦ᠍ ᠭᠢᠯᠢᠭ ᠳᠣᠲᠣᠷ᠎ᠠ ᠪᠠᠨ ᠭᠡᠮᠰᠢᠨ᠄
— ᠦᠭᠡᠢ᠂ ᠬᠡᠦᠬᠡ ᠠ᠋᠂ ᠨᠠᠭᠠᠳᠤ ᠲᠣᠭᠣᠭ᠎ᠠ ᠲᠠᠢ ᠪᠠᠨ ᠨᠢᠭᠡ ᠡᠷᠭᠢᠭᠦᠯᠦᠨ᠎ᠡ ᠪᠠᠢᠭ᠎ᠠ ᠭᠡᠵᠦ ᠪᠡᠷᠢ ᠳ᠋ᠡᠭᠡᠨ ᠰᠢᠪᠡᠨᠡᠭᠡᠳ ᠳᠠᠷᠤᠢ ᠡᠷᠭᠢᠨ ᠪᠠᠯᠳᠠᠨᠴᠡᠷᠢᠩ ᠤᠷᠤᠭᠤ ᠬᠠᠨᠳᠤᠵᠤ᠄
— ᠢᠩᠭᠢᠬᠦ ᠳ᠋ᠦ᠍ ᠡᠷᠬᠢᠮ ᠳᠡᠭᠡᠳᠦ ᠬᠠᠭᠠᠳ᠂ ᠨᠣᠶᠠᠳ᠂ ᠬᠤᠲᠤᠭᠲᠤ᠂ ᠬᠤᠪᠢᠯᠭᠠᠳ ᠮᠠᠨᠢ ᠶᠠᠭᠤ ᠪᠢᠰᠢᠯᠭᠠᠨ ᠠᠢᠯᠠᠳᠳᠠᠭ ᠰᠠᠨ ᠪᠣᠯ?
— ᠲᠡᠳᠡᠨ ᠦ᠌ ᠵᠠᠷᠢᠮ ᠨᠢ ᠬᠤᠪᠢ ᠶ᠋ᠢᠨ ᠢ᠋ᠶ᠋ᠡᠨ ᠡᠷᠬᠡ ᠶᠠᠩᠪᠠ ᠶ᠋ᠢ ᠠᠯᠳᠠᠴᠢᠬᠠᠬᠤ ᠦᠭᠡᠢ ᠶ᠋ᠢ ᠬᠢᠴᠢᠶᠡᠭᠰᠡᠨ ᠡᠴᠡ ᠥᠭᠡᠷ᠎ᠡ ᠶᠠᠭᠤᠮ᠎ᠠ ᠦᠭᠡᠢ ᠰᠢᠪ ᠳᠡ ᠭᠡᠵᠦ ᠪᠠᠯᠳᠠᠨᠴᠡᠷᠢᠩ ᠬᠠᠷᠢᠭᠤᠯᠪᠠ᠃ ᠢᠩᠭᠢᠭᠰᠡᠨ ᠢ᠋ᠶ᠋ᠡᠷ ᠶᠠᠷᠢᠶ᠎ᠠ ᠳᠠᠬᠢᠨ ᠲᠠᠰᠤᠷᠠᠵᠤ᠂ ᠥᠨᠥᠬᠢ ᠲᠣᠭᠣᠭ᠎ᠠ ᠲᠠᠢ ᠮᠢᠬ᠎ᠠ ᠯᠠ ᠳᠠᠩ ᠢ᠋ᠶ᠋ᠠᠷ ᠢ᠋ᠶ᠋ᠠᠨ ᠫᠥᠯ ᠫᠥᠯ ᠬᠢᠨ᠎ᠡ᠃ ᠨᠡᠯᠢᠶᠡᠳ ᠪᠣᠯᠤᠭᠰᠠᠨ ᠤ᠋ ᠳᠠᠷᠠᠭ᠎ᠠ ᠭᠢᠯᠢᠭ ᠠᠮᠠ ᠨᠡᠭᠡᠭᠡᠨ᠄
— ᠢᠩᠭᠢᠬᠦ ᠳ᠋ᠦ᠍ ᠪᠣᠭᠳᠠ ᠡᠵᠡᠨ ᠶᠠᠭᠤ ᠭᠡᠵᠦ ᠵᠠᠷᠯᠢᠭ ᠪᠣᠯᠵᠤ ᠪᠠᠢᠳᠠᠭ ᠪᠣᠯ?
— ᠪᠣᠭᠳᠠ ᠤᠤ! ᠭᠡᠵᠦ ᠪᠠᠯᠳᠠᠨᠴᠡᠷᠢᠩ ᠲᠣᠭᠣᠮᠰᠠᠷ ᠦᠭᠡᠢ ᠳᠤᠤᠭᠠᠷᠤᠭᠰᠠᠨ ᠢ᠋ᠶ᠋ᠠᠨ ᠦᠭᠡ ᠪᠡᠨ ᠲᠠᠰᠤᠯᠪᠠ᠃ ᠤᠭ ᠨᠢ ᠲᠡᠭᠦᠨ ᠢ᠋ ᠪᠠᠷᠤᠨ ᠣᠩᠭᠧᠷᠠᠨ ᠤ᠋ ᠡᠮᠦᠨ᠎ᠡ ᠮᠡᠬᠦᠯᠵᠡᠬᠦ ᠡᠴᠡ ᠥᠭᠡᠷ᠎ᠡ ᠶᠠᠭᠤ ᠴᠦ᠍ ᠠᠯᠠᠭ᠎ᠠ ᠭᠡᠵᠦ ᠬᠡᠯᠡᠬᠦ ᠶ᠋ᠢ ᠵᠠᠪᠳᠤᠭᠰᠠᠨ ᠪᠣᠯᠪᠠᠴᠤ ᠡᠳᠦᠭᠡ ᠭᠢᠯᠢᠭ ᠦ᠋ᠨ ᠡᠮᠦᠨ᠎ᠡ ᠳᠡᠭᠡᠵᠦ ᠪᠣᠯᠬᠤ ᠦᠭᠡᠢ ᠭᠡᠵᠦ ᠰᠠᠨᠠᠪᠠ᠃《ᠪᠣᠭᠳᠠ ᠡᠵᠡᠨᠲᠡᠨ ᠪᠠᠷᠤᠨ ᠣᠩᠭᠧᠷᠠᠨ ᠢ᠋ ᠣᠷᠣᠨ ᠨᠤᠲᠤᠭ ᠠ᠋ᠴᠠ ᠪᠠᠨ ᠬᠥᠭᠡᠭᠡᠨ ᠵᠠᠢᠯᠠᠭᠤᠯᠬᠤ ᠶ᠋ᠢ ᠰᠠᠮ ᠵᠠᠷᠯᠢᠭ ᠪᠣᠯᠭᠠᠵᠤ ᠪᠠᠢᠭ᠎ᠠ ᠰᠢᠦ ᠳᠡ》 ᠭᠡᠵᠦ ᠰᠢᠪᠡᠨᠡᠪᠡ᠃ ᠡᠨᠡ ᠳᠠᠷᠤᠢ ᠭᠢᠯᠢᠭ ᠦ᠋ᠨ ᠰᠡᠳᠬᠢᠯ ᠰᠡᠷᠭᠦᠪᠡ᠃
— ᠬᠠᠢᠷᠬᠠᠨ! ᠭᠡᠵᠦ ᠣᠷᠣᠢ ᠳᠡᠭᠡᠷ᠎ᠡ ᠪᠡᠨ ᠨᠠᠮᠠᠨᠴᠢᠯᠠᠭᠠᠳ ᠪᠣᠭᠳᠠ ᠭᠡᠭᠡᠨᠲᠡᠨ ᠡᠴᠡ ᠨᠢᠭᠡᠨᠲᠡ ᠳᠡᠭᠡᠵᠦ ᠵᠠᠷᠯᠢᠭᠯᠠᠵᠤ ᠪᠠᠢᠭ᠎ᠠ ᠪᠣᠯ ᠴᠣᠬᠣᠮ ᠪᠢᠳᠡ ᠪᠦᠭᠦᠳᠡᠭᠡᠷ ᠢ᠋ᠶ᠋ᠡᠨ ᠲᠡᠷᠡ ᠪᠠᠷᠤᠨ ᠤ᠋ ᠥᠭᠡᠳᠡ ᠡᠴᠡ ᠪᠣᠰᠬᠤ᠂ ᠲᠡᠮᠡᠴᠡᠬᠦ ᠶᠣᠰᠣᠲᠠᠢ ᠭᠡᠵᠦ ᠭᠢᠯᠢᠭ ᠪᠣᠳᠣᠵᠠᠢ᠃ ᠪᠠᠯᠳᠠᠨᠴᠡᠷᠢᠩ ᠴᠦ᠍ ᠳᠠᠬᠢᠨ ᠳᠤᠤᠭᠠᠷᠤᠭᠰᠠᠨ ᠦᠭᠡᠢ᠂ ᠮᠥᠨ ᠯᠡ ᠪᠣᠭᠳᠠ ᠶ᠋ᠢᠨ ᠲᠤᠬᠠᠢ᠂ ᠲᠡᠭᠦᠨ ᠦ᠌ ᠠᠷᠠᠳ ᠣᠯᠠᠨ ᠤ᠋ ᠡᠮᠦᠨ᠎ᠡ ᠬᠡᠴᠢᠨᠡᠭᠡᠨ ᠶᠡᠬᠡ ᠨᠥᠯᠥᠭᠡ ᠲᠡᠢ ᠶ᠋ᠢ ᠪᠣᠳᠣᠨ ᠰᠠᠭᠤᠯ᠎ᠠ᠃
ᠭᠡᠷ ᠳᠣᠲᠣᠷ᠎ᠠ ᠶᠠᠷᠢᠶᠠᠨ ᠬᠥᠭᠡᠷᠦᠭᠡᠨ ᠤᠷᠢᠳ ᠤᠷᠢᠳ ᠤ᠋ᠨ ᠬᠢ ᠡᠴᠡ ᠤᠳᠠᠭᠠᠨ ᠢ᠋ᠶ᠋ᠠᠷ ᠲᠠᠰᠤᠷᠠᠨ ᠴᠢᠪ ᠴᠢᠮᠡᠭᠡ ᠦᠭᠡᠢ ᠪᠣᠯᠬᠤ ᠳ᠋ᠤ᠌᠂ ᠠᠷᠪᠠᠭᠠᠢ ᠮᠠᠨᠵᠤᠤᠷ ᠡᠷᠢᠶᠡᠨ ᠭᠡᠵᠦ ᠠᠯᠳᠠᠷᠰᠢᠭᠰᠠᠨ ᠤᠯᠠᠭᠠᠨ ᠴᠣᠬᠣᠷ ᠰᠢᠷᠠᠮᠠᠯ ᠲᠦᠷᠡᠢᠲᠦ ᠢᠰᠡᠭᠡᠢ ᠭᠤᠲᠤᠯ ᠲᠠᠢ ᠬᠥᠯ ᠢ᠋ᠶ᠋ᠡᠨ ᠣᠷᠣᠭᠰᠢ ᠵᠢᠭᠢᠨ ᠲᠠᠯᠪᠢᠵᠤ ᠪᠣᠭᠣᠨᠢᠬᠠᠨ ᠴᠠᠭᠠᠨ ᠰᠣᠷᠣᠭᠤᠯ ᠲᠠᠢ ᠭᠠᠩᠰᠠ ᠭᠠᠷᠭᠠᠨ ᠲᠠᠮᠠᠬᠢ ᠨᠡᠷᠡᠪᠡ᠃ ᠰᠡᠷᠢᠭᠦᠨ ᠴᠢᠨᠠᠷ ᠤ᠋ᠨ ᠶᠠᠩᠯᠤᠤ ᠬᠡᠮᠡᠬᠦ ᠤᠷᠭᠤᠮᠠᠯ ᠤ᠋ᠨ ᠰᠡᠩᠭᠢᠨᠡᠭᠰᠡᠨ ᠤᠲᠤᠭ᠎ᠠ ᠣᠷᠣᠮ ᠳᠦᠭᠦᠷᠡᠩ ᠲᠤᠨᠵᠤ ᠬᠥᠮᠦᠰ ᠦ᠋ᠨ ᠬᠠᠮᠠᠷ ᠲᠤ ᠬᠠᠩᠬᠤᠯᠤᠨ᠎ᠠ᠃ ᠭᠡᠨᠡᠳᠲᠡ ᠭᠠᠤᠯᠢᠨ ᠲᠦᠩᠫᠦᠩ ᠠᠮᠠᠰᠠᠷ ᠨᠢᠭᠡ ᠶᠠᠭᠤᠮ᠎ᠠ ᠲᠠᠢ ᠮᠥᠷᠭᠥᠯᠳᠦᠨ ᠬᠠᠩᠭᠢᠨᠠᠬᠤ ᠳ᠋ᠤ᠌ ᠬᠥᠮᠦᠰ ᠰᠣᠴᠢᠨ ᠳᠣᠲᠣᠷ᠎ᠠ ᠳᠣᠲᠣᠷ᠎ᠠ ᠪᠠᠨ ᠪᠣᠳᠣᠵᠤ ᠰᠠᠭᠤᠭᠰᠠᠨ ᠢ᠋ᠶ᠋ᠠᠨ ᠮᠠᠷᠲᠠᠵᠠᠢ᠃ ᠲᠡᠷᠡ ᠳᠤᠮᠳᠠ ᠠ᠋ᠴᠠ ᠭᠢᠯᠢᠭ ᠲᠣᠯᠣᠭᠠᠢ ᠥᠨᠳᠡᠢᠯᠭᠡᠨ ᠪᠡᠷᠢ ᠶ᠋ᠢᠨ ᠢ᠋ᠶ᠋ᠡᠨ ᠬᠣᠭᠣᠯᠠ ᠭᠠᠷᠭᠠᠬᠤ ᠲᠦᠩᠫᠦᠩ ᠣᠢᠷᠠᠲᠤᠭᠤᠯᠤᠭᠰᠠᠨ ᠢ᠋ ᠬᠠᠷᠠᠵᠤ᠄
— ᠪᠠᠢᠵᠠᠨᠡ ᠬᠡᠦᠬᠡ ᠠ᠋᠂ ᠬᠥᠯᠳᠡᠭᠦᠦ ᠮᠢᠬ᠎ᠠ ᠪᠣᠯᠤᠭ᠎ᠠ ᠦᠭᠡᠢ ᠪᠠᠢᠵᠤ ᠮᠡᠳᠡᠨ᠎ᠡ ᠭᠡᠳ ᠪᠠᠯᠳᠠᠨᠴᠡᠷᠢᠩ ᠭᠦᠩᠲᠡᠨ ᠮᠢᠨᠢ ᠲᠡᠭᠡᠭᠡᠳ ᠲᠡᠷᠡ ᠪᠠᠷᠤᠨ ᠢ᠋ ᠴᠢᠨᠢ ᠶᠠᠭᠠᠬᠢᠵᠤ ᠵᠠᠢᠯᠠᠭᠤᠯᠳᠠᠭ ᠪᠠᠢᠨ᠎ᠠ ᠳᠠ?
— ᠲᠡᠷᠡ ᠠᠮᠠᠷᠬᠠᠨ᠂ ᠪᠠᠷᠤᠨ ᠤ᠋ ᠥᠪᠡᠷ ᠦ᠋ᠨ ᠬᠢᠨᠢ ᠳᠠᠢᠰᠤᠨ ᠪᠣᠯᠬᠤ ᠤᠯᠠᠭᠠᠨ ᠣᠷᠣᠰ ᠪᠢᠳᠡᠨ ᠳ᠋ᠦ᠍ ᠬᠠᠨᠢ ᠨᠥᠬᠥᠳ ᠪᠣᠯᠤᠨ᠎ᠠ ᠭᠡᠪᠡᠯ ᠭᠢᠯᠢᠭ ᠦ᠋ᠨ ᠮᠠᠩᠨᠠᠢ ᠲᠡᠨᠢᠢᠵᠦ᠄
— ᠤᠤᠬᠠᠢ! ᠭᠡᠪᠡᠴᠦ ᠲᠡᠷᠡ ᠤᠯᠠᠭᠠᠨ ᠣᠷᠣᠰ ᠲᠤ ᠬᠡᠨ ᠣᠴᠢᠵᠤ᠂ ᠶᠠᠮᠠᠷ ᠠᠷᠭ᠎ᠠ ᠪᠠᠷ ᠲᠡᠳᠡ ᠴᠢᠨᠢ ᠪᠢᠳᠡᠨ ᠳ᠋ᠦ᠍ ᠬᠠᠨᠢ ᠨᠥᠬᠥᠳ ᠪᠣᠯᠬᠤ ᠬᠡᠷᠡᠭ ᠪᠣᠢ?
ᠪᠠᠯᠳᠠᠨᠴᠡᠷᠢᠩ᠂ ᠡᠨᠡ ᠠᠰᠠᠭᠤᠯᠲᠠ ᠶ᠋ᠢ ᠬᠠᠷᠢᠭᠤᠯᠬᠤ ᠶ᠋ᠢᠨ ᠲᠤᠯᠠ ᠰᠦᠬᠡᠪᠠᠭᠠᠲᠤᠷ ᠤ᠋ᠨ ᠲᠤᠬᠠᠢ ᠶᠠᠷᠢᠬᠤ ᠬᠡᠷᠡᠭᠲᠡᠢ ᠪᠣᠯᠪᠠ᠃ ᠪᠠᠷᠤᠨ ᠢ᠋ ᠢᠷᠡᠬᠦ ᠡᠴᠡ ᠡᠮᠦᠨ᠎ᠡ ᠰᠦᠬᠡᠪᠠᠭᠠᠲᠤᠷ ᠭᠠᠮᠢᠩ ᠤ᠋ᠨ ᠭᠠᠷ ᠠ᠋ᠴᠠ ᠭᠠᠷᠬᠤ ᠭᠡᠵᠦ ᠤᠯᠠᠭᠠᠨ ᠣᠷᠣᠰ ᠤᠯᠤᠰ ᠲᠤ ᠣᠴᠢᠬᠤ ᠰᠠᠨᠠᠭ᠎ᠠ ᠰᠡᠳᠦᠵᠦ ᠪᠠᠢᠭ᠎ᠠ ᠠ᠋ᠴᠠ ᠡᠬᠢᠯᠡᠨ ᠶᠠᠷᠢᠵᠤ ᠭᠠᠷᠪᠠ᠃ ᠲᠡᠷᠡ ᠴᠠᠭ ᠲᠤ ᠥᠪᠡᠷ ᠢ᠋ᠶ᠋ᠡᠨ ᠰᠦᠬᠡᠪᠠᠭᠠᠲᠤᠷ ᠤ᠋ᠨ ᠲᠡᠷᠡ ᠭᠠᠢᠬᠠᠮᠰᠢᠭᠲᠤ ᠪᠣᠳᠣᠯ ᠢ᠋ ᠦᠯᠦ ᠲᠣᠭᠣᠮᠰᠠᠷᠯᠠᠭᠰᠠᠨ ᠢ᠋ᠶ᠋ᠠᠨ ᠴᠦ᠍ ᠣᠷᠭᠢᠯ ᠦᠭᠡᠢ ᠶᠠᠷᠢᠪᠠ᠃ ᠡᠴᠦᠰ ᠲᠦ᠋ᠨᠢ ᠪᠠᠯᠳᠠᠨᠴᠡᠷᠢᠩ ᠰᠦᠬᠡᠪᠠᠭᠠᠲᠤᠷ ᠤᠯᠠᠭᠠᠨ ᠣᠷᠣᠰ ᠤᠯᠤᠰ ᠠ᠋ᠴᠠ ᠵᠡᠪᠰᠡᠭ ᠦ᠋ᠨ ᠲᠤᠰᠠᠯᠠᠮᠵᠢ ᠣᠯᠤᠨ᠂ ᠬᠣᠢᠲᠤ ᠬᠢᠵᠠᠭᠠᠷ ᠢ᠋ᠶ᠋ᠠᠷ ᠴᠡᠷᠢᠭ ᠬᠤᠷᠠᠯᠳᠤᠭᠤᠯᠵᠤ ᠪᠠᠢᠭ᠎ᠠ ᠶ᠋ᠢ ᠲᠣᠳᠣᠷᠬᠠᠢ ᠶᠠᠷᠢᠭᠠᠳ᠂ ᠥᠪᠡᠷ ᠢ᠋ᠶ᠋ᠡᠨ ᠮᠥᠨ ᠲᠡᠨᠳᠡ ᠣᠴᠢᠵᠤ ᠨᠢᠭᠡ ᠮᠥᠷᠥ ᠶ᠋ᠢᠨ ᠬᠦᠴᠦᠨ ᠪᠣᠯᠬᠤ ᠭᠡᠵᠦ ᠶᠠᠪᠤᠭ᠎ᠠ ᠪᠠᠨ ᠮᠡᠳᠡᠭᠳᠡᠪᠡ᠃ ᠪᠠᠯᠳᠠᠨᠴᠡᠷᠢᠩ ᠦ᠋ᠨ ᠡᠨᠡ ᠶᠠᠷᠢᠶᠠᠨ ᠠ᠋ᠴᠠ ᠬᠣᠢᠰᠢ᠂ ᠬᠥᠮᠦᠰ ᠦ᠋ᠨ ᠰᠡᠳᠬᠢᠯ ᠰᠢᠨ᠎ᠡ ᠪᠡᠷ ᠰᠡᠷᠭᠦᠨ ᠦᠬᠦᠭᠰᠡᠨ ᠡᠴᠡ ᠠᠮᠢ ᠣᠷᠣᠬᠤ ᠮᠡᠲᠦ ᠪᠣᠯᠵᠠᠢ᠃ ᠭᠢᠯᠢᠭ ᠠᠯᠢ ᠲᠦᠷᠦᠭᠦᠴᠢ ᠡᠴᠡ ᠠᠪᠤᠨ ᠳᠣᠷᠣᠭᠰᠢ ᠪᠥᠬᠥᠢᠨ《ᠠᠬᠠᠢ᠂ ᠠᠬᠠᠢ!》 ᠭᠡᠵᠦ ᠪᠠᠢᠭᠰᠠᠨ ᠢ᠋ᠶ᠋ᠠᠨ ᠭᠡᠨᠡᠳᠲᠡ ᠰᠠᠨᠠᠭ᠎ᠠ ᠠᠪᠤᠨ ᠥᠨᠳᠡᠢᠵᠦ᠄
— ᠬᠥᠶᠢ ᠬᠡᠦᠬᠡ ᠠ᠋ ᠨᠠᠭᠠᠳᠤ ᠲᠣᠭᠣᠭ᠎ᠠ ᠲᠠᠢ ᠴᠢᠨᠢ ᠶᠠᠭᠤ ᠪᠣᠯᠵᠤ ᠪᠠᠢᠭ᠎ᠠ ᠪᠢᠯᠡ? ᠭᠡᠬᠦ ᠳ᠋ᠦ᠍ ᠬᠠᠨᠳᠠᠰᠦᠢ᠍ᠷᠦᠩ ᠭᠠᠤᠯᠢᠨ ᠲᠦᠩᠫᠦᠩ ᠢ᠋ᠶ᠋ᠡᠨ ᠶᠠᠭᠠᠷᠠᠨ ᠤᠷᠤᠭᠰᠢᠯᠠᠭᠤᠯᠵᠤ ᠭᠠᠯ ᠤ᠋ᠨ ᠢ᠋ᠶ᠋ᠠᠨ ᠬᠠᠢᠴᠢ ᠶ᠋ᠢ ᠵᠦᠯᠭᠦᠨ ᠴᠡᠪᠡᠷᠯᠡᠭᠡᠳ ᠲᠣᠭᠣᠭᠠᠨ ᠳ᠋ᠤ᠌ ᠲᠦᠷᠢᠵᠦ ᠮᠢᠬ᠎ᠠ ᠭᠠᠷᠭᠠᠪᠠ᠃ ᠬᠦᠨᠳᠦᠲᠦ ᠵᠣᠴᠢᠳ ᠲᠠᠭᠠᠨ ᠭᠡᠵᠦ ᠪᠠᠢᠳᠠᠭ ᠤ᠋ᠨ ᠢ᠋ᠶ᠋ᠠᠨ ᠠᠯᠢ ᠳᠡᠭᠡᠳᠦ ᠶ᠋ᠢ ᠴᠢᠨᠠᠭᠰᠠᠨ ᠨᠢ ᠬᠡᠳᠦ ᠪᠣᠯᠵᠤ ᠶᠠᠰᠤ ᠮᠢᠬ᠎ᠠ ᠬᠣᠶᠠᠷ ᠨᠢ ᠢᠯᠭᠠᠷᠠᠨ ᠰᠠᠯᠬᠤ ᠰᠢᠬᠠᠭᠰᠠᠨ ᠮᠢᠬ᠎ᠠ ᠠ᠋ᠴᠠ ᠲᠠᠯᠪᠢᠬᠤ ᠳ᠋ᠠᠭᠠᠨ ᠭᠢᠯᠢᠭ ᠲᠡᠭᠦᠨ ᠢ᠋ ᠬᠠᠷᠠᠨ ᠰᠡᠳᠬᠢᠯ ᠬᠠᠷᠠᠰᠠᠭᠠᠳ ᠤᠢᠰᠤᠨ ᠪᠠᠷᠢᠭᠤᠯᠲᠤ ᠬᠢᠲᠤᠭ᠎ᠠ ᠪᠠᠨ ᠲᠠᠰᠢᠶᠠᠨ ᠳ᠋ᠠᠬᠢ ᠬᠤᠢ ᠠ᠋ᠴᠠ ᠨᠢ ᠰᠤᠭᠤᠯᠤᠨ ᠮᠢᠬᠠᠨ ᠳᠡᠭᠡᠷ᠎ᠡ ᠲᠠᠯᠪᠢᠨ ᠵᠣᠴᠢᠳ ᠤ᠋ᠨ ᠡᠮᠦᠨ᠎ᠡ ᠪᠠᠷᠢᠬᠤ ᠳ᠋ᠠᠭᠠᠨ ᠰᠠᠶᠢ ᠦᠵᠡᠭᠴᠢ ᠪᠣᠯᠤᠨ ᠰᠣᠴᠢᠵᠤ᠄
ᠫᠧᠢ ᠠ᠋ ᠡᠨᠡ ᠴᠢᠨᠢ ᠭᠡᠵᠦ ᠳᠠᠭᠤ ᠠᠯᠳᠠᠭᠰᠠᠨ ᠢ᠋ᠶ᠋ᠠᠨ᠂ ᠵᠠ ᠶᠠᠭᠠᠬᠢᠬᠤᠪ ᠠᠯᠤᠰ ᠲᠤ ᠵᠣᠷᠢᠭᠰᠠᠨ ᠵᠣᠴᠢᠳ ᠤ᠋ᠨ ᠵᠣᠭᠣᠭ ᠬᠡᠳᠦ ᠪᠣᠯᠤᠭᠰᠠᠨ ᠪᠠᠢᠪᠠᠯ ᠠᠵᠢᠯ ᠬᠡᠷᠡᠭ ᠨᠢ ᠵᠠᠪᠠᠯ ᠪᠦᠲᠦᠳᠡᠭ ᠭᠡᠯᠡ᠃ ᠭᠦᠩᠲᠡᠨ ᠮᠢᠨᠢ ᠲᠠᠨ ᠤ᠋ ᠬᠡᠷᠡᠭ ᠪᠦᠲᠦᠬᠦ ᠨᠢ ᠪᠠᠢᠨ᠎ᠠ ᠰᠢᠦ ᠭᠡᠵᠦ ᠰᠢᠨ᠎ᠡ ᠵᠦᠢᠷ ᠦᠭᠡ ᠵᠣᠬᠢᠶᠠᠨ ᠥᠪᠡᠷ ᠦ᠋ᠨ ᠢ᠋ᠶ᠋ᠡᠨ ᠰᠡᠳᠬᠢᠯ ᠢ᠋ ᠥᠪᠡᠷ ᠢ᠋ᠶ᠋ᠡᠨ ᠬᠠᠭᠤᠷᠤᠨ ᠪᠠᠭ᠎ᠠ ᠵᠡᠷᠭᠡ ᠲᠠᠢᠪᠤᠰᠢᠷᠠᠪᠠ᠃
ᠪᠠᠯᠳᠠᠨᠴᠡᠷᠢᠩ ᠠᠷᠪᠠᠭᠠᠢ ᠬᠣᠶᠠᠷ ᠤᠷᠢᠳ ᠰᠥᠨᠢ ᠬᠦᠷᠢᠶᠡᠨ ᠡᠴᠡ ᠭᠠᠷᠤᠭᠠᠳ ᠪᠠᠷᠤᠨ ᠤ᠋ ᠬᠢᠨ ᠳ᠋ᠦ᠍ ᠪᠠᠷᠢᠭᠳᠠᠬᠤ ᠠ᠋ᠴᠠ ᠪᠣᠯᠭᠣᠮᠵᠢᠯᠠᠨ ᠳᠠᠩ ᠠᠭᠤᠯᠠ ᠨᠢᠷᠤᠭᠤ ᠳᠠᠮᠵᠢᠨ ᠵᠢᠳᠬᠦᠭᠰᠡᠭᠡᠷ ᠮᠣᠷᠢᠳ ᠢ᠋ᠶ᠋ᠠᠨ ᠡᠴᠡᠭᠡᠭᠰᠡᠨ ᠪᠥᠭᠡᠳ ᠠᠷᠭ᠎ᠠ ᠪᠤᠶᠤ ᠶᠠᠪᠠᠭᠠᠷᠠᠬᠤ ᠳ᠋ᠤ᠌ ᠲᠤᠯᠭᠠᠷᠠᠬᠤ ᠳ᠋ᠠᠭᠠᠨ ᠭᠢᠯᠢᠭ ᠡᠪᠦᠭᠡᠨ ᠦ᠌ ᠬᠢ ᠶ᠋ᠢ ᠡᠷᠢᠨ ᠰᠤᠷᠠᠭᠰᠠᠭᠠᠷ ᠠᠷᠠᠢ ᠭᠡᠵᠦ ᠣᠯᠵᠤ ᠢᠷᠡᠭᠰᠡᠨ ᠪᠠᠢᠵᠠᠢ᠃ ᠣᠳᠣ ᠬᠣᠭᠣᠯᠠ ᠢᠳᠡᠬᠦ ᠵᠠᠭᠤᠷ᠎ᠠ ᠮᠣᠷᠢᠳ ᠤ᠋ᠨ ᠢ᠋ᠶ᠋ᠠᠨ ᠡᠴᠡᠭᠰᠡᠨ ᠢ᠋ᠶ᠋ᠡᠨ ᠳᠤᠷᠠᠳᠤᠨ ᠤᠨᠤᠭ᠎ᠠ ᠵᠠᠯᠭᠠᠬᠤ ᠶ᠋ᠢ ᠡᠷᠢᠬᠦ ᠳ᠋ᠦ᠍ ᠭᠢᠯᠢᠭ ᠠ᠋᠂ ᠭᠡᠵᠦ ᠭᠤᠨᠢᠭᠲᠤ ᠴᠢᠷᠠᠢ ᠭᠠᠷᠭᠠᠬᠤ ᠪᠣᠯᠪᠠᠴᠤ᠂ ᠤᠨᠤᠬᠤ ᠶᠠᠭᠤᠮ᠎ᠠ ᠦᠭᠡᠢ ᠪᠣᠯᠤᠭᠰᠠᠨ ᠢ᠋ᠶ᠋ᠠᠨ ᠬᠡᠯᠡᠵᠦ ᠡᠰᠡ ᠴᠢᠳᠠᠨ᠂ ᠵᠠ ᠵᠠ ᠪᠣᠯᠣᠯᠭᠦᠢ ᠶᠠᠭᠠᠬᠢᠬᠤᠪ ᠭᠡᠵᠦ ᠤᠷᠢᠳ ᠤ᠋ᠨ ᠢ᠋ᠶ᠋ᠠᠨ ᠪᠤᠶᠠᠨᠲᠠᠢ ᠶᠠᠪᠤᠭᠰᠠᠨ ᠢ᠋ ᠪᠡᠨ ᠣᠳᠣ ᠴᠦ᠍ ᠬᠡᠪ ᠢ᠋ᠶ᠋ᠡᠷ ᠨᠢ ᠪᠠᠢᠭ᠎ᠠ ᠶᠤᠮ ᠰᠢᠭ᠋ ᠴᠢᠷᠠᠢ ᠭᠠᠷᠭᠠᠨ ᠥᠭᠦᠯᠡᠪᠡ᠃
ᠮᠠᠷᠭᠠᠰᠢ ᠨᠢ ᠳᠣᠷᠵᠢ ᠡᠷᠲᠡᠯᠡᠨ ᠪᠣᠰᠴᠤ ᠠᠳᠤᠭᠤ ᠪᠠᠨ ᠠᠪᠴᠢᠷᠠᠪᠠ᠃ ᠭᠢᠯᠢᠭ ᠤᠯᠤᠰ ᠣᠷᠣᠨ ᠤ᠋ ᠬᠡᠷᠡᠭ ᠢ᠋ᠶ᠋ᠡᠷ ᠶᠠᠪᠤᠭ᠎ᠠ ᠬᠦᠨᠳᠦᠲᠦ ᠵᠣᠴᠢᠳ ᠲᠤ ᠬᠥᠯ ᠤᠨᠤᠭ᠎ᠠ ᠵᠠᠯᠭᠠᠬᠤ ᠶᠠᠭᠤᠮ᠎ᠠ ᠶᠠᠭᠤ ᠪᠠᠢᠳᠠᠭ ᠪᠢᠯᠡ ᠭᠡᠵᠦ ᠮᠣᠷᠢ ᠨᠢᠭᠡ ᠪᠦᠷᠢ ᠶ᠋ᠢ ᠪᠣᠳᠣᠨ ᠨᠣᠢᠷ ᠮᠠᠭᠤᠲᠠᠢ ᠬᠣᠨᠣᠭᠰᠠᠨ ᠠᠵᠢ᠃ ᠠᠳᠤᠭᠤᠨ ᠤ᠋ ᠴᠢᠮᠡᠭᠡ ᠪᠡᠷ ᠬᠣᠶᠠᠷ ᠵᠣᠴᠢᠳ ᠢ᠋ᠶ᠋ᠠᠨ ᠳᠠᠭᠠᠭᠤᠯᠤᠨ ᠭᠠᠷᠪᠠ᠃ ᠨᠢᠳᠦᠨ ᠳ᠋ᠦ᠍ ᠦᠵᠡᠭᠳᠡᠬᠦ ᠨᠢ ᠳᠠᠭ᠎ᠠ᠂ ᠰᠠᠷᠪᠠ᠂ ᠭᠡᠭᠦᠦ᠂ ᠠᠵᠢᠷᠭ᠎ᠠ᠁ ᠶᠠᠰᠤᠨ ᠬᠡᠳᠡᠷᠭᠡ ᠪᠣᠯᠤᠭᠰᠠᠨ ᠠᠮᠢᠲᠠᠳ ᠭᠠᠵᠠᠷ ᠤ᠋ᠨ ᠥᠭᠡᠳᠡ ᠠᠮᠢᠰᠬᠤᠭᠠᠳᠠᠨ ᠬᠡᠯᠲᠦᠷᠢᠨ᠎ᠡ᠃ ᠳᠣᠷᠵᠢ ᠲᠡᠷᠡ ᠳᠤᠮᠳᠠ ᠠ᠋ᠴᠠ ᠬᠣᠶᠠᠷ ᠮᠣᠷᠢ ᠪᠠᠷᠢᠪᠠ᠃ ᠨᠢᠭᠡ ᠨᠢ ᠰᠡᠲᠡᠷᠲᠦ ᠬᠣᠩᠭᠣᠷ᠂ ᠨᠥᠭᠦᠭᠡ ᠨᠢ ᠬᠤᠷᠳᠤᠨ ᠬᠡᠭᠡᠷ ᠭᠡᠭᠴᠢ᠃
ᠡᠳᠡᠭᠡᠷ ᠮᠣᠷᠢᠳ ᠤ᠋ᠨ ᠠᠯᠳᠠᠷ ᠭᠣᠩᠰᠢᠨ ᠢ᠋ ᠲᠤᠭᠤᠯᠬᠤ ᠳ᠋ᠤ᠌ ᠰᠡᠳᠬᠢᠯ ᠵᠣᠪᠠᠭᠤᠰᠢᠲᠠᠢ ᠪᠠᠢᠪᠠᠴᠤ ᠭᠢᠯᠢᠭ ᠲᠡᠳᠡᠨ ᠳ᠋ᠦ᠍ ᠤᠨᠤᠭ᠎ᠠ ᠵᠠᠯᠭᠠᠵᠤ ᠴᠢᠳᠠᠵᠤ ᠪᠠᠢᠭ᠎ᠠ ᠳ᠋ᠠᠭᠠᠨ ᠪᠠᠶᠠᠷᠯᠠᠨ᠎ᠠ᠃ ᠶᠠᠪᠤᠬᠤ ᠪᠣᠯᠬᠤ ᠳ᠋ᠤᠨᠢ᠂ ᠪᠤᠷᠬᠠᠨ ᠳ᠋ᠤ᠌ ᠪᠠᠨ ᠬᠡᠢ ᠮᠣᠷᠢ ᠶ᠋ᠢᠨ ᠰᠠᠩ ᠲᠠᠯᠪᠢᠵᠤ ᠡᠯᠳᠡᠪ ᠰᠠᠢᠨ ᠢ᠋ ᠢᠷᠥᠭᠡᠨ ᠦᠳᠡᠵᠦ ᠭᠠᠷᠭᠠᠪᠠ᠃ ᠰᠡᠳᠬᠢᠯ ᠪᠠᠰᠠ ᠦᠯᠦ ᠬᠠᠩᠬᠤ ᠤᠴᠢᠷ ᠠᠭᠤᠯᠠ ᠶ᠋ᠢᠨ ᠣᠷᠣᠢ ᠳ᠋ᠤ᠌ ᠮᠠᠴᠤᠨ ᠭᠠᠷᠴᠤ ᠣᠪᠣᠭ᠎ᠠ ᠰᠡᠷᠭᠦᠭᠡᠨ ᠠᠷᠴᠠ ᠤᠭᠤᠭᠢᠭᠤᠯᠪᠠ᠃
ᠶᠠᠪᠤᠭᠰᠠᠨ ᠬᠣᠶᠠᠷ ᠨᠢ ᠥᠴᠥᠭᠡᠳᠦᠷ ᠭᠢᠯᠢᠭ ᠦ᠋ᠨ ᠳ᠋ᠦ᠍ ᠢᠷᠡᠬᠦ ᠳ᠋ᠡᠭᠡᠨ ᠮᠣᠷᠢᠳ ᠢ᠋ᠶ᠋ᠠᠨ ᠬᠥᠲᠥᠯᠬᠦ᠂ ᠭᠤᠶᠠᠳᠠᠬᠤ ᠶᠠᠩᠵᠤ ᠪᠦᠷᠢ ᠶ᠋ᠢ ᠦᠵᠡᠨ ᠶᠠᠪᠤᠭᠰᠠᠨ ᠪᠣᠯ ᠣᠳᠣ ᠬᠡᠳᠦᠢᠪᠡᠷ ᠶᠠᠭᠢᠷ ᠶᠠᠨᠳᠠᠨ ᠪᠣᠯᠪᠠᠴᠤ ᠬᠥᠯ ᠠᠮᠤᠷ ᠪᠠᠢᠭᠰᠠᠨ ᠰᠠᠢᠨ ᠮᠣᠷᠢᠳ ᠲᠠᠢ ᠪᠣᠯᠤᠭᠰᠠᠨ ᠳ᠋ᠠᠭᠠᠨ ᠰᠡᠳᠬᠢᠯ ᠪᠠᠶᠠᠷ ᠲᠠᠢ ᠶᠠᠪᠤᠨ᠎ᠠ᠃
ᠡᠨᠡ ᠪᠣᠯ ᠭᠢᠯᠢᠭ ᠡᠴᠡ ᠲᠡᠳᠡᠨ ᠳ᠋ᠦ᠍ ᠥᠭᠭᠦᠭᠰᠡᠨ ᠰᠢᠨ᠎ᠡ ᠬᠦᠴᠦ ᠪᠥᠭᠡᠳ ᠭᠡᠪᠡᠴᠦ ᠲᠡᠳᠡᠨ ᠭᠢᠯᠢᠭ ᠭᠡᠵᠦ ᠶᠠᠷᠢᠬᠤ ᠶ᠋ᠢᠨ ᠣᠷᠣᠨ ᠳ᠋ᠤ᠌ ᠮᠠᠨ ᠤ᠋ ᠠᠷᠠᠳ ᠲᠦᠮᠡᠨ ᠲᠡᠭᠦᠨ ᠦ᠌ ᠰᠠᠢᠬᠠᠨ ᠵᠠᠩ ᠰᠤᠷᠲᠠᠬᠤᠨ᠂ ᠤᠯᠤᠰ ᠣᠷᠣᠨ ᠪᠣᠯᠣᠳ ᠡᠷᠬᠡ ᠴᠢᠯᠥᠭᠡᠨ ᠦ᠌ ᠶᠡᠬᠡ ᠡᠷᠡᠮᠡᠯᠵᠡᠯᠡᠯ ᠭᠡᠵᠦ ᠶᠠᠷᠢᠯᠴᠠᠬᠤ ᠠᠵᠢ᠃
ᠮᠣᠷᠢᠳ ᠢ᠋ᠶ᠋ᠠᠨ ᠲᠡᠳᠡ ᠬᠠᠵᠠᠭᠠᠷ ᠳᠠᠷᠤᠨ ᠤᠷᠤᠭᠰᠢ ᠲᠡᠮᠡᠦᠯᠬᠦ ᠳ᠋ᠦ᠍ ᠠᠶᠠᠨ ᠵᠠᠮ ᠤ᠋ᠨ ᠢ᠋ᠶ᠋ᠠᠨ ᠬᠣᠯᠠ ᠶ᠋ᠢ ᠰᠠᠨᠠᠨ ᠵᠢᠯᠣᠭᠣ ᠲᠠᠲᠠᠨ᠎ᠠ᠃ ᠣᠢ ᠬᠥᠪᠴᠢ ᠠᠰᠬ᠎ᠠ ᠴᠢᠯᠠᠭᠤ ᠪᠠᠷ ᠪᠢᠲᠡᠭᠦᠦ ᠪᠦᠷᠬᠦᠭᠳᠡᠭᠰᠡᠨ ᠶᠡᠬᠡ ᠠᠭᠤᠯᠠ ᠠ᠋ᠴᠠ ᠪᠠᠭᠤᠮᠠᠭᠴᠠ ᠪᠠᠯᠳᠠᠨᠴᠡᠷᠢᠩ ᠡᠪᠦᠷ ᠡᠴᠡ ᠪᠡᠨ ᠫᠤᠤ ᠪᠠᠨ ᠭᠠᠷᠭᠠᠨ ᠲᠠᠰᠢᠶᠠᠨ ᠳ᠋ᠠᠭᠠᠨ ᠵᠡᠭᠦᠵᠦ ᠣᠳᠣ ᠶᠠᠭᠤ ᠴᠦ᠍ ᠳᠠᠭᠠᠷᠢᠯᠳᠤᠵᠤ ᠮᠠᠭᠠᠳ ᠦᠭᠡᠢ ᠫᠤᠤ ᠪᠠᠨ ᠰᠤᠮᠤᠯᠠᠭᠠᠷᠠᠢ! ᠭᠡᠬᠦ ᠳ᠋ᠦ᠍ ᠠᠷᠪᠠᠭᠠᠢ ᠫᠤᠤ ᠪᠠᠨ ᠨᠢᠷᠤᠭᠤᠨ ᠠ᠋ᠴᠠ ᠠᠪᠤᠨ ᠬᠣᠭᠣᠯᠠᠢ ᠳ᠋ᠤᠨᠢ ᠲᠠᠪᠤᠨ ᠰᠤᠮᠤ ᠬᠢᠪᠡ᠃ ᠴᠠᠰᠤ ᠮᠥᠰᠥ ᠨᠢ ᠣᠯᠠᠨ ᠤ᠋ ᠬᠥᠯ ᠳ᠋ᠦ᠍ ᠦᠷᠡᠭᠳᠡᠨ ᠬᠠᠨᠵᠠᠷᠠᠭᠰᠠᠨ ᠥᠷᠭᠡᠨ ᠰᠢᠷᠭᠠᠯ ᠵᠠᠮ ᠲᠡᠷᠡ ᠬᠣᠶᠠᠷ ᠢ᠋ ᠬᠥᠲᠥᠯᠦᠨ ᠳᠡᠷᠭᠡᠳᠡᠬᠢ ᠡᠩᠭᠡᠷ ᠢ᠋ ᠳᠠᠪᠠᠨ ᠣᠳᠤᠭᠰᠠᠨ ᠢ᠋ ᠲᠡᠷᠡ ᠬᠣᠶᠠᠷ ᠪᠠᠷᠢᠨ ᠮᠥᠷᠥ ᠵᠡᠷᠭᠡᠴᠡᠨ ᠬᠠᠲᠠᠷᠢᠭᠤᠯᠵᠤ ᠡᠬᠢᠯᠡᠪᠡ᠃
ᠭᠢᠯᠢᠭ ᠡᠪᠦᠭᠡᠨ ᠪᠣᠯ ᠶᠡᠬᠡ ᠰᠢᠲᠦᠯᠭᠡ ᠲᠡᠢ ᠬᠥᠮᠦᠨ ᠪᠢᠯᠡ᠃ ᠲᠡᠭᠦᠨ ᠦ᠌ ᠪᠡᠨ ᠳᠡᠭᠡᠷ᠎ᠡ ᠪᠠᠯᠳᠠᠨᠴᠡᠷᠢᠩ ᠠᠷᠪᠠᠭᠠᠢ ᠬᠣᠶᠠᠷ ᠤ᠋ᠨ ᠢᠷᠡᠭᠡᠳ ᠶᠠᠪᠤᠭᠰᠠᠨ ᠠ᠋ᠴᠠ ᠬᠣᠢᠰᠢ ᠵᠠᠯᠪᠠᠷᠢᠯ ᠳᠠᠭᠠᠳᠬᠠᠯ ᠬᠢᠬᠦ ᠨᠢ ᠪᠦᠷ ᠪᠠᠷᠠᠭᠳᠠᠬᠤ ᠪᠠᠨ ᠪᠠᠢᠪᠠ᠃ ᠥᠷᠯᠥᠭᠡ ᠪᠦᠷᠢ ᠬᠡᠢ ᠮᠣᠷᠢ ᠶ᠋ᠢᠨ ᠰᠠᠩ᠂ ᠡᠳᠦᠷ ᠪᠦᠷᠢ ᠠᠭᠤᠯᠠᠨ ᠳ᠋ᠤ᠌ ᠭᠠᠷᠤᠨ ᠣᠪᠣᠭ᠎ᠠ ᠰᠡᠷᠭᠦᠭᠡᠨ ᠠᠷᠴᠠ ᠤᠭᠤᠭᠢᠭᠤᠯᠤᠨᠠ᠃ ᠴᠠᠢ ᠴᠢᠨᠠᠬᠤ ᠪᠦᠷᠢ ᠳ᠋ᠦ᠍ ᠳᠥᠷᠪᠡᠨ ᠵᠦᠭ ᠨᠠᠢ᠍ᠮᠠᠨ ᠵᠣᠪᠬᠢᠰ ᠲᠤ ᠳᠡᠭᠡᠵᠢ ᠡᠷᠭᠦᠵᠦ ᠪᠠᠢᠬᠤ ᠶ᠋ᠢ ᠪᠡᠷᠢ ᠳ᠋ᠡᠭᠡᠨ ᠵᠠᠬᠢᠨ᠎ᠠ᠃ ᠦᠳᠡᠰᠢ ᠪᠣᠯᠬᠤ ᠪᠠᠷ ᠯᠠ ᠮᠥᠨ ᠬᠡᠢ ᠮᠣᠷᠢ ᠶ᠋ᠢᠨ ᠰᠠᠩ᠂ ᠪᠤᠷᠬᠠᠨ ᠳ᠋ᠠᠭᠠᠨ ᠠᠷᠴᠠ ᠤᠭᠤᠭᠢᠭᠤᠯᠤᠨ ᠵᠠᠪᠢᠯᠠᠨ ᠰᠠᠭᠤᠵᠤ《ᠣᠮ ᠪᠠᠵᠠᠷ ᠠᠮᠢᠷᠲ᠋ᠠ᠂ ᠬᠥᠨᠳᠡᠯᠡᠢ ᠬᠠᠨ᠎ᠠ ᠬᠠᠨ᠎ᠠ ᠬᠣᠮ ᠫᠠᠳ᠂ ᠣᠮ ᠰᠤᠪᠬᠠᠠ ᠰᠤᠳᠠᠢ ᠬᠠ᠁》 ᠭᠡᠵᠦ ᠤᠴᠢᠷ ᠦᠯᠦ ᠣᠢᠯᠠᠭᠠᠭᠳᠠᠬᠤ ᠲᠠᠷᠨᠢ ᠶ᠋ᠢᠨ ᠦᠭᠡᠰ ᠢ᠋ ᠬᠣᠶᠠᠷ ᠨᠢᠳᠦ ᠪᠡᠨ ᠲᠠᠰᠤ ᠠᠨᠢᠨ ᠰᠦᠷ ᠪᠠᠳᠠᠷᠠᠭᠤᠯᠤᠨ ᠤᠩᠰᠢᠵᠤ ᠡᠬᠢᠯᠡᠭᠡᠳ ᠴᠠᠭᠠᠰᠢ ᠨᠢ ᠰᠦᠰᠦᠭᠯᠡᠨ ᠪᠢᠰᠢᠷᠡᠬᠦ ᠨᠢ ᠤᠯᠠᠮ ᠢ᠋ᠶ᠋ᠠᠷ ᠭᠦᠨ ᠪᠣᠯᠤᠨ ᠠᠮᠠᠨ ᠳ᠋ᠠᠭᠠᠨ ᠪᠠᠬᠠᠨ ᠪᠤᠪᠠᠲᠤᠨᠠᠨᠠ᠃ ᠨᠢᠭᠡ ᠮᠡᠳᠡᠬᠦ ᠳ᠋ᠦ᠍《᠁ ᠠᠷᠰᠯᠠᠨ ᠤ᠋ ᠪᠠᠳᠠᠷᠠᠩᠭᠤᠢ ᠮᠡᠲᠦ ᠪᠡᠷ ᠬᠡᠢ ᠮᠣᠷᠢ ᠶ᠋ᠢ ᠲᠠᠩᠰᠢᠳᠠ ᠮᠨᠨᠳᠤᠭᠤᠯᠠ᠂ ᠭᠠᠷᠤᠳᠢᠰ ᠤ᠋ᠨ ᠬᠠᠯᠢᠨ ᠨᠢᠰᠬᠦ ᠮᠡᠲᠦ ᠪᠡᠷ ᠬᠡᠢ ᠮᠣᠷᠢ ᠲᠠᠩᠰᠢᠳᠠ ᠮᠠᠨᠳᠤᠭᠤᠯᠠ! ᠯᠤᠤ ᠶ᠋ᠢᠨ ᠳᠡᠭᠳᠡᠨ ᠨᠢᠰᠦᠭᠡᠯᠭᠡ ᠶ᠋ᠢᠨ ᠮᠡᠲᠦ ᠬᠡᠢ ᠮᠣᠷᠢ ᠶ᠋ᠢ ᠲᠠᠩᠰᠢᠳᠠ ᠮᠠᠨᠳᠤᠭᠤᠯᠠ!》 ᠭᠡᠬᠦ ᠮᠡᠲᠦ ᠶ᠋ᠢᠨ ᠦᠭᠡᠰ ᠢ᠋ ᠲᠣᠪ ᠲᠣᠳᠣᠬᠠᠨ ᠥᠭᠦᠯᠡᠬᠦ ᠪᠥᠭᠡᠳ《᠁ ᠢᠯᠠᠩᠭᠤᠶ᠎ᠠ ᠮᠢᠨᠦ ᠡᠨᠡ ᠥᠪᠡᠷ ᠦ᠋ᠨ ᠨᠠᠰᠤᠨ ᠬᠢᠭᠡᠳ ᠪᠤᠶᠠᠨ ᠬᠡᠰᠢᠭ ᠦ᠋ᠳ ᠪᠠ ᠴᠣᠭ ᠵᠠᠯᠢ ᠣᠯᠵᠠ ᠬᠢᠭᠡᠳ ᠬᠡᠢ ᠮᠣᠷᠢ ᠠᠷᠪᠠᠨ ᠵᠦᠭ ᠲᠦ᠍ ᠲᠦᠭᠡᠮᠡᠯ ᠢ᠋ᠶ᠋ᠡᠷ ᠳᠡᠯᠭᠡᠷᠡᠨ ᠨᠣᠮ ᠪᠠ ᠬᠠᠮᠤᠭ ᠶᠢᠷᠲᠢᠨᠴᠦ ᠶ᠋ᠢᠨ ᠬᠦᠰᠡᠬᠦ ᠶ᠋ᠢᠨ ᠡᠯ᠎ᠡ ᠪᠦᠬᠦ ᠬᠡᠷᠡᠭ ᠬᠦᠰᠡᠯ ᠦ᠋ᠳ ᠢ᠋ᠶ᠋ᠡᠷ ᠲᠤᠯᠭᠠᠭᠤᠷᠢᠯ ᠦᠭᠡᠢ ᠠᠶᠠᠨᠳᠠᠭᠠᠨ ᠪᠦᠲᠦᠬᠦ ᠶ᠋ᠢᠨ ᠥᠯᠵᠡᠢ ᠬᠤᠲᠤᠭ ᠣᠷᠣᠰᠢᠬᠤ ᠪᠣᠯᠲᠤᠭᠠᠢ!》 ᠭᠡᠵᠦ ᠳᠡᠭᠡᠭᠰᠢ ᠰᠢᠷᠲᠡᠨ ᠲᠩᠷᠢ ᠳ᠋ᠦ᠍ ᠵᠠᠯᠪᠠᠷᠢᠬᠤ ᠨᠢ ᠳᠠᠷᠤᠢ ᠲᠡᠭᠦᠰᠬᠦ ᠶ᠋ᠢᠨ ᠰᠢᠨᠵᠢ ᠲᠡᠮᠳᠡᠭ ᠪᠣᠯᠤᠨ᠎ᠠ᠃
ᠭᠢᠯᠢᠭ ᠡᠪᠦᠭᠡᠨ ᠦ᠌ ᠡᠢᠨᠬᠦ ᠣᠪᠰᠠᠩ ᠵᠠᠯᠪᠠᠷᠢᠯ ᠦᠢᠯᠡᠳᠬᠦ ᠨᠢ ᠠᠷᠠᠳ ᠤ᠋ᠨ ᠨᠠᠮ ᠰᠦᠬᠡᠪᠠᠭᠠᠲᠤᠷ ᠪᠠᠯᠳᠠᠨᠴᠡᠷᠢᠩ ᠨᠠᠷ ᠤ᠋ᠨ ᠲᠥᠯᠥᠭᠡ᠂ ᠲᠡᠳᠡᠨ ᠦ᠌ ᠠᠵᠠ ᠬᠡᠢ ᠮᠣᠷᠢ ᠶ᠋ᠢ ᠰᠡᠷᠭᠦᠭᠡᠬᠦ᠂ ᠲᠣᠬᠢᠶᠠᠯᠳᠤᠬᠤ ᠭᠠᠢ ᠪᠠᠷᠴᠢᠳ ᠢ᠋ ᠨᠢ ᠵᠠᠢᠯᠠᠭᠤᠯᠬᠤ ᠳᠠᠢᠰᠤᠨ ᠤ᠋ ᠰᠠᠨᠠᠭ᠎ᠠ ᠰᠡᠳᠬᠢᠯ ᠢ᠋ ᠮᠤᠩᠬᠠᠷᠠᠭᠤᠯᠬᠤ ᠳ᠋ᠤ᠌ ᠵᠣᠷᠢᠭᠤᠯᠤᠭᠳᠠᠵᠠᠢ᠃ ᠣᠷᠣᠭᠰᠠᠨ ᠭᠠᠷᠤᠭᠰᠠᠨ ᠬᠥᠮᠦᠰ ᠮᠥᠨ ᠯᠡ ᠲᠡᠳᠡᠨ ᠦ᠌ ᠲᠤᠬᠠᠢ ᠶᠠᠷᠢᠨ᠎ᠠ᠃ ᠦᠨᠡᠨ ᠳ᠋ᠡᠭᠡᠨ ᠠᠷᠠᠳ ᠤ᠋ᠨ ᠨᠠᠮ ᠤ᠋ᠨ ᠤᠴᠢᠷ ᠢ᠋ ᠨᠢ ᠨᠠᠷᠢᠪᠴᠢᠯᠠᠨ ᠮᠡᠳᠡᠬᠦ ᠦᠭᠡᠢ ᠪᠣᠯᠪᠠᠴᠤ ᠪᠠᠯᠳᠠᠨᠴᠡᠷᠢᠩ ᠡᠴᠡ ᠲᠤᠭᠤᠯᠤᠭᠰᠠᠨ ᠢ᠋ᠶ᠋ᠠᠨ ᠰᠢᠷᠬᠡᠭ ᠳᠠᠷᠠᠭᠠᠯᠠᠭᠤᠯᠤᠨ ᠶᠠᠷᠢᠨ᠎ᠠ᠃ ᠲᠡᠷᠡ ᠨᠢ ᠭᠡᠷ ᠡᠴᠡ ᠭᠡᠷ ᠲᠦ᠍ ᠳᠠᠮᠵᠢᠭᠠᠳ ᠠᠭᠤᠯᠠᠨ ᠠ᠋ᠴᠠ ᠠᠭᠤᠯᠠ ᠶ᠋ᠢ ᠳᠠᠪᠠᠨ ᠪᠠᠭᠤᠨ᠂ ᠤᠯᠤᠰ ᠠᠮᠢᠲᠠᠨ ᠤ᠋ ᠴᠢᠬᠢᠨ ᠳ᠋ᠦ᠍ ᠬᠦᠷᠬᠦ ᠵᠠᠭᠤᠷ᠎ᠠ᠄
— ᠳᠡᠯᠡᠬᠡᠢ ᠶ᠋ᠢᠨ ᠣᠯᠠᠨ ᠥᠩᠭᠡ ᠶ᠋ᠢᠨ ᠣᠷᠣᠰ ᠤ᠋ᠨ ᠳᠣᠲᠣᠷ᠎ᠠ ᠠ᠋ᠴᠠ ᠬᠠᠮᠤᠭ ᠤ᠋ᠨ ᠬᠦᠴᠦᠷᠬᠡᠭ ᠪᠣᠯᠤᠭᠠᠳ ᠠᠷᠢᠭᠤᠨ ᠰᠢᠳᠤᠷᠭᠤ ᠨᠢ ᠤᠯᠠᠭᠠᠨ ᠣᠷᠣᠰ ᠭᠡᠨ᠎ᠡ ᠴᠦ᠍ ᠭᠡᠬᠦ ᠰᠢᠭ᠂ ᠠᠷᠠᠳ ᠲᠦᠮᠡᠨ ᠦ᠌ ᠳᠣᠲᠣᠷ᠎ᠠ ᠠ᠋ᠴᠠ ᠰᠦᠬᠡ ᠬᠡᠮᠡᠬᠦ ᠫᠤᠤ ᠶ᠋ᠢᠨ ᠰᠤᠮᠤᠨ ᠳ᠋ᠤ᠌ ᠦᠯᠦ ᠳᠠᠭᠠᠭᠠᠭᠳᠠᠬᠤ ᠪᠠᠭᠠᠲᠤᠷ ᠡᠷ᠎ᠡ ᠲᠣᠳᠣᠷᠠᠨ ᠡᠩᠬᠡ ᠴᠠᠭ ᠢ᠋ ᠲᠣᠭᠲᠠᠭᠠᠬᠤ ᠭᠡᠯᠡ ᠴᠦ᠍ ᠭᠡᠬᠦ ᠰᠢᠭ᠂ ᠲᠡᠭᠦᠨ ᠦ᠌ ᠴᠡᠷᠢᠭ ᠲᠦ᠍ ᠡᠯᠰᠡᠨ ᠣᠷᠣᠵᠤ ᠠᠮᠢ ᠪᠡᠶ᠎ᠡ ᠬᠠᠢᠷ᠎ᠠ ᠦᠭᠡᠢ ᠵᠢᠳᠬᠦᠪᠡᠯ ᠡᠨᠡ ᠨᠠᠰᠤᠨ ᠤ᠋ ᠡᠷᠬᠢᠮ ᠳᠡᠭᠡᠳᠦ ᠵᠢᠷᠭᠠᠯ᠂ ᠡᠴᠦᠰ ᠬᠣᠢᠲᠤ ᠳ᠋ᠠᠭᠠᠨ ᠡᠭᠡᠯ ᠪᠤᠰᠤ ᠶ᠋ᠢᠨ ᠲᠥᠷᠥᠯ ᠣᠯᠤᠨ᠎ᠠ ᠭᠡᠬᠦ ᠮᠡᠲᠦᠴᠢᠯᠡᠨ ᠥᠩᠭᠡ ᠪᠣᠳᠣᠭ ᠨᠡᠮᠡᠭᠳᠡᠨ ᠳᠡᠭᠳᠡᠵᠦ᠂ ᠣᠯᠠᠨ ᠤ᠋ ᠰᠡᠳᠬᠢᠯ ᠢ᠋ ᠰᠡᠷᠭᠦᠭᠡᠵᠡᠢ᠃ ᠡᠭᠦᠨ ᠦ᠌ ᠪᠡᠨ ᠵᠡᠷᠭᠡᠴᠡᠭᠡ ᠪᠡᠷ ᠪᠠᠷᠤᠨ ᠣᠩᠭᠧᠷᠠᠨ ᠢ᠋ ᠤᠯᠠᠮ ᠢ᠋ᠶ᠋ᠠᠷ ᠵᠢᠭᠰᠢᠨ᠎ᠡ᠃ ᠪᠠᠷᠤᠨ ᠣᠩᠭᠧᠷᠠᠨ ᠤ᠋ ᠬᠠᠷᠭᠢᠰᠯᠠᠯ ᠲᠤᠢᠯ ᠳ᠋ᠠᠭᠠᠨ ᠬᠦᠷᠦᠭᠰᠡᠨ ᠦ᠌ ᠤᠴᠢᠷ ᠭᠡᠪᠡᠯ ᠠᠯᠢᠪᠠ ᠶᠠᠭᠤᠮ᠎ᠠ ᠰᠥᠨᠥᠬᠦ ᠪᠡᠨ ᠪᠣᠯᠬᠤ ᠪᠠᠷ ᠢᠩᠭᠢᠳᠡᠭ᠂ ᠭᠠᠯ ᠪᠣᠯᠪᠠᠴᠤ ᠤᠨᠲᠠᠷᠠᠬᠤ ᠶ᠋ᠢᠨ ᠢ᠋ᠶ᠋ᠡᠨ ᠡᠮᠦᠨ᠎ᠡ ᠳᠦᠷᠡᠯᠵᠡᠳᠡᠭ ᠰᠢᠦ ᠭᠡᠳᠡᠭ ᠦᠭᠡ ᠮᠥᠨ ᠯᠡ ᠣᠯᠠᠨ ᠤ᠋ ᠰᠡᠳᠬᠢᠯ ᠢ᠋ ᠵᠠᠰᠠᠨ ᠰᠢᠯᠤᠭᠤᠳᠬᠠᠨ᠎ᠠ᠃
ᠨᠢᠭᠡ ᠡᠳᠦᠷ ᠬᠦᠷᠡᠯ ᠦ᠋ᠨ ᠶᠡᠬᠡ ᠬᠦᠦ ᠴᠡᠷᠢᠨᠳᠣᠷᠵᠢ ᠰᠡᠩᠳᠡ ᠮᠡᠩᠳᠡ ᠳᠠᠪᠬᠢᠨ ᠢᠷᠡᠪᠡ᠃ ᠲᠡᠭᠦᠨ ᠦ᠌ ᠨᠠᠰᠤ ᠠᠷᠪᠠᠨ ᠳᠣᠯᠣᠭ᠎ᠠ᠂ ᠲᠥᠷᠥᠯᠬᠢ ᠶ᠋ᠢᠨ ᠳᠣᠷᠣᠢ᠂ ᠡᠴᠢᠭᠡ ᠡᠴᠡ ᠪᠡᠨ ᠬᠣᠢᠰᠢ ᠬᠤᠪᠢ ᠶ᠋ᠢᠨ ᠬᠡᠳᠦᠨ ᠮᠠᠯ ᠤ᠋ᠨ ᠠᠵᠢᠯ ᠳ᠋ᠤ᠌ ᠳᠠᠷᠤᠭᠳᠠᠨ ᠭᠠᠩᠳᠠᠬᠤ ᠶ᠋ᠢᠨ ᠲᠤᠢᠯ ᠳ᠋ᠤ᠌ ᠬᠦᠷᠦᠭᠰᠡᠨ ᠬᠥᠭᠡᠷᠦᠬᠦᠢ ᠠᠮᠢᠲᠠᠨ ᠪᠠᠢᠵᠠᠢ᠃ ᠭᠡᠪᠡᠴᠦ ᠪᠠᠷᠤᠨ ᠤ᠋ ᠬᠢᠨ ᠮᠠᠯ ᠳᠡᠭᠡᠷ᠎ᠡ ᠪᠡᠨ ᠶᠠᠪᠤᠵᠤ ᠪᠠᠢᠬᠤ ᠳ᠋ᠤᠨᠢ ᠴᠡᠷᠢᠭ ᠲᠦ᠍ ᠪᠠᠷᠢᠪᠴᠢᠯᠠᠵᠠᠢ᠃ ᠪᠤᠰᠤᠳ ᠲᠠᠢ ᠨᠡᠢᠯᠡᠭᠦᠯᠦᠨ ᠡᠵᠡᠭᠦᠢ ᠪᠣᠯᠤᠭᠰᠠᠨ ᠫᠦᠰᠡ ᠶ᠋ᠢᠨ ᠪᠠᠢᠰᠢᠩ ᠳ᠋ᠤ᠌ ᠬᠣᠷᠢᠬᠤ ᠳ᠋ᠤᠨᠢ ᠴᠡᠷᠢᠨᠳᠣᠷᠵᠢ ᠶᠠᠪᠤᠬᠤ ᠠ᠋ᠴᠠ ᠪᠠᠨ ᠡᠮᠦᠨ᠎ᠡ ᠡᠬᠡ ᠲᠡᠢ ᠪᠡᠨ ᠠᠭᠤᠯᠵᠠᠨ᠎ᠠ ᠭᠡᠵᠦ ᠤᠬᠢᠯᠠᠨ ᠪᠠᠢᠵᠤ ᠭᠡᠷ ᠲᠡᠭᠡᠨ ᠢᠷᠡᠭᠰᠡᠨ ᠭᠡᠨ᠎ᠡ᠃ ᠡᠬᠡ ᠨᠢ ᠬᠦᠦ ᠪᠡᠨ ᠭᠢᠯᠢᠭ ᠦ᠋ᠨ ᠬᠢ ᠤᠷᠤᠭᠤ ᠣᠷᠣᠭᠤᠯᠤᠭᠰᠠᠨ ᠠᠵᠢ᠃ ᠮᠠᠷᠭᠠᠰᠢ ᠨᠢ ᠴᠡᠷᠢᠨᠳᠣᠷᠵᠢ ᠶ᠋ᠢᠨ ᠡᠬᠡ ᠲᠣᠯᠵᠢᠨ ᠠᠪᠠᠭᠠᠢ ᠪᠠᠷᠤᠨ ᠤ᠋ ᠬᠢᠨ ᠡᠷᠡᠰ ᠦ᠋ᠳ ᠢ᠋ ᠪᠠᠷᠢᠪᠴᠢᠯᠠᠵᠤ ᠭᠦᠢᠴᠡᠭᠡᠳ ᠠᠭᠤᠯᠠᠨ ᠳ᠋ᠤ᠌ ᠳᠦᠷᠪᠡᠭᠰᠡᠳ ᠢ᠋ ᠪᠠᠷᠢᠪᠴᠢᠯᠠᠬᠤ ᠭᠡᠵᠦ ᠪᠠᠢᠭ᠎ᠠ ᠶ᠋ᠢ ᠳᠠᠮ ᠰᠣᠨᠣᠰᠤᠨ ᠮᠥᠨ ᠯᠡ ᠰᠡᠩᠳᠡ ᠮᠡᠩᠳᠡ ᠢᠷᠡᠪᠡ᠃ ᠲᠡᠷᠡ ᠳᠠᠷᠤᠢ ᠪᠦᠬᠦ ᠬᠣᠲᠠ ᠶ᠋ᠢᠨ ᠡᠷᠡᠭᠲᠡᠢᠴᠦᠳ ᠭᠢᠯᠢᠭ ᠦ᠋ᠨ ᠳ᠋ᠦ᠍ ᠴᠤᠭᠯᠠᠷᠠᠵᠤ ᠬᠡᠷᠬᠢᠬᠦ ᠶ᠋ᠢ ᠬᠡᠯᠡᠯᠴᠡᠪᠡ᠃《ᠠᠯᠢ ᠨᠢᠭᠡ ᠲᠡᠢᠰᠢ ᠵᠠᠢᠯᠠᠨ ᠵᠢᠭᠤᠲᠠᠬᠤ ᠠ᠋ᠴᠠ ᠥᠭᠡᠷ᠎ᠡ ᠶᠠᠭᠠᠬᠢᠬᠤ ᠪᠢᠯᠡ!》 ᠭᠡᠵᠦ ᠠᠮᠠ ᠠᠮᠠᠨ ᠳ᠋ᠠᠭᠠᠨ ᠱᠤᠤᠭᠢᠭᠰᠠᠨ ᠳ᠋ᠤ᠌ ᠭᠢᠯᠢᠭ᠄
— ᠦᠭᠡᠢ ᠲᠠ ᠮᠢᠨᠢ ᠵᠢᠭᠤᠲᠠᠵᠤ ᠶᠠᠭᠠᠬᠢᠬᠤ ᠶᠤᠮ ᠪᠣᠢ! ᠥᠳᠥ ᠵᠢᠭᠦᠷ ᠲᠡᠢ ᠪᠣᠯᠵᠤ ᠥᠨᠳᠥᠷ ᠲᠩᠷᠢ ᠳ᠋ᠦ᠍ ᠨᠢᠰᠬᠦ ᠦᠭᠡᠢ ᠡᠴᠡ ᠬᠣᠢᠰᠢ ᠳᠠᠢᠰᠤᠨ ᠳ᠋ᠤ᠌ ᠶᠠᠭᠠᠬᠢᠭᠠᠳ ᠴᠦ᠍ ᠪᠠᠷᠢᠭᠳᠠᠬᠤ ᠪᠢᠰᠢ ᠤᠤ? ᠲᠡᠭᠡᠭᠰᠡᠨ ᠡᠴᠡ ᠬᠠᠷᠢᠨ ᠠᠷᠠᠳ ᠤ᠋ᠨ ᠨᠠᠮ ᠤ᠋ᠨ ᠬᠢᠨ ᠤᠷᠤᠭᠤ ᠵᠢᠳᠬᠦᠪᠡᠯ ᠠᠮᠢᠳᠤ ᠭᠠᠷᠬᠤ ᠶ᠋ᠢᠨ ᠤᠴᠢᠷ ᠪᠠᠢᠵᠤ ᠮᠡᠳᠡᠨ᠎ᠡ ᠭᠡᠳ ᠴᠠᠭᠠᠰᠢ ᠨᠢ ᠮᠥᠨ ᠯᠡ ᠥᠨᠥᠬᠢ ᠠᠷᠠᠳ ᠤ᠋ᠨ ᠨᠠᠮ᠂ ᠰᠦᠬᠡᠪᠠᠭᠠᠲᠤᠷ᠂ ᠤᠯᠠᠭᠠᠨ ᠣᠷᠣᠰ ᠤ᠋ᠨ ᠲᠤᠬᠠᠢ ᠶᠠᠷᠢᠪᠠ᠃ ᠬᠥᠮᠦᠰ ᠦ᠋ᠨ ᠲᠡᠷᠡ ᠵᠦᠭ ᠶᠠᠪᠤᠬᠤ ᠨᠢ ᠵᠦᠢᠲᠡᠢ ᠰᠢᠭ ᠪᠠᠢᠪᠠᠴᠤ ᠳᠠᠢᠰᠤᠨ ᠢ᠋ ᠦᠯᠢᠶᠡᠨ ᠬᠡᠢᠰᠬᠡᠬᠦ ᠪᠡᠷ ᠪᠢᠰᠢ᠂ ᠬᠠᠰᠬᠢᠷᠤᠨ ᠠᠶᠤᠯᠭᠠᠬᠤ ᠪᠠᠷ ᠪᠢᠰᠢ᠂ ᠦᠬᠦᠬᠦ ᠰᠡᠬᠡᠬᠦ ᠬᠣᠶᠠᠷ ᠤ᠋ᠨ ᠢ᠋ᠶ᠋ᠠᠨ ᠨᠢᠭᠡ ᠶ᠋ᠢ ᠦᠵᠡᠯᠴᠡᠨ ᠲᠤᠯᠤᠯᠳᠤᠬᠤ ᠰᠢᠦ ᠭᠡᠵᠦ ᠪᠣᠳᠣᠨ ᠦᠯᠦ ᠳᠤᠤᠭᠠᠷᠬᠤ ᠠᠵᠢ᠃ ᠲᠡᠷᠡ ᠳᠤᠮᠳᠠ ᠠ᠋ᠴᠠ ᠳᠣᠷᠵᠢ ᠳᠠᠢᠰᠤᠨ ᠢ᠋ ᠳᠠᠢᠳᠤᠨ ᠤᠰᠠᠳᠬᠠᠬᠤ ᠠ᠋ᠴᠠ ᠥᠭᠡᠷ᠎ᠡ ᠵᠠᠮ ᠪᠠᠢᠬᠤ ᠦᠭᠡᠢ ᠭᠡᠵᠦ ᠦᠷᠭᠦᠯᠵᠢ ᠪᠣᠳᠣᠬᠤ ᠪᠣᠯᠤᠭᠰᠠᠨ ᠢ᠋ᠶ᠋ᠠᠷ ᠢ᠋ᠶ᠋ᠠᠨ ᠶᠠᠭᠤ ᠴᠦ᠍ ᠠᠲᠤᠭᠠᠢ ᠪᠢ ᠠᠷᠠᠳ ᠤ᠋ᠨ ᠨᠠᠮ ᠤ᠋ᠨ ᠬᠢᠨ ᠤᠷᠤᠭᠤ ᠶᠠᠪᠤᠬᠤ ᠮᠢᠨᠢ ᠭᠡᠬᠦ ᠳ᠋ᠦ᠍ ᠠᠮᠢ ᠪᠠᠨ ᠪᠣᠳᠣᠨ ᠰᠠᠭᠤᠭᠰᠠᠨ ᠪᠦᠬᠦᠨ ᠢ᠋ᠶ᠋ᠡᠷ ᠢ᠋ᠶ᠋ᠡᠨ ᠰᠣᠴᠢᠨ ᠬᠠᠷᠠᠪᠠ᠃ ᠳᠣᠷᠵᠢ ᠥᠪᠡᠷ ᠢ᠋ᠶ᠋ᠡᠨ ᠴᠦ᠍᠂ ᠲᠡᠢᠨ ᠦ᠌ ᠠᠶᠤᠯ ᠬᠡᠴᠢᠨᠡᠭᠡᠨ ᠠᠢᠬᠤᠪᠲᠤᠷ ᠢ᠋ ᠰᠠᠨᠠᠨ ᠡᠬᠡᠨᠡᠷ ᠢ᠋ᠶ᠋ᠡᠨ ᠬᠠᠷᠠᠬᠤ ᠳ᠋ᠤ᠌ ᠲᠡᠭᠦᠨ ᠦ᠌ ᠬᠢᠨᠢ ᠴᠢᠷᠠᠢ ᠴᠠᠢᠷᠠᠭᠰᠠᠨ᠂ ᠠᠮᠢᠰᠬᠤᠭ᠎ᠠ ᠬᠥᠭᠡᠷᠦᠨ ᠪᠠᠢᠭ᠎ᠠ ᠦᠵᠡᠭᠳᠡᠪᠡ᠃ ᠡᠷᠭᠢᠨ ᠬᠠᠷᠠᠪᠠᠯ ᠡᠴᠢᠭᠡ ᠨᠢ ᠢᠨᠢᠶᠡᠮᠰᠦᠭᠯᠡᠨ᠄
— ᠵᠥᠪ! ᠴᠢ ᠶᠠᠪᠤᠬᠤ ᠶᠣᠰᠣᠲᠠᠢ! ᠪᠠᠯᠳᠠᠨᠴᠡᠷᠢᠩ ᠬᠦᠩ ᠥᠪᠡᠷ ᠦ᠋ᠨ ᠪᠡᠶ᠎ᠡ ᠪᠡᠷ ᠲᠡᠷᠡ ᠭᠠᠵᠠᠷ ᠤ᠋ᠨ ᠬᠣᠯᠠ ᠠ᠋ᠴᠠ ᠶᠠᠪᠤᠵᠤ ᠪᠠᠢᠬᠤ ᠳ᠋ᠤ᠌᠂ ᠴᠢ ᠵᠡᠷᠭᠡ ᠶ᠋ᠢᠨ ᠬᠥᠮᠦᠨ ᠶᠠᠭᠤ ᠪᠠᠨ ᠬᠢᠬᠦ ᠭᠡᠵᠦ ᠠᠷᠤ ᠳ᠋ᠤᠨᠢ ᠬᠡᠪᠲᠡᠬᠦ ᠪᠢᠯᠡ ᠭᠡᠪᠡ᠃ ᠭᠡᠲᠡᠯ᠎ᠡ ᠳᠣᠷᠵᠢ ᠶ᠋ᠢᠨ ᠨᠠᠢᠵᠢ ᠰᠠᠮᠪᠤᠤ ᠬᠠᠮᠲᠤ ᠶᠠᠪᠤᠨ᠎ᠠ ᠭᠡᠪᠡ᠃ ᠠᠷᠤ ᠳ᠋ᠤᠨᠢ ᠬᠣᠶᠠᠷ ᠨᠢᠯᠬ᠎ᠠ ᠬᠡᠦᠬᠡᠳ ᠲᠡᠢ ᠪᠢᠴᠢᠬᠠᠨ ᠡᠬᠡᠨᠡᠷ᠂ ᠬᠥᠭᠰᠢᠨ ᠲᠡᠢ ᠦᠯᠡᠳᠡᠬᠦ ᠪᠠᠢᠵᠠᠢ᠃ ᠡᠢᠮᠦ ᠳ᠋ᠦ᠍ ᠬᠥᠮᠦᠰ ᠲᠡᠭᠦᠨ ᠢ᠋ ᠮᠥᠨ ᠯᠡ ᠰᠣᠴᠢᠨ ᠬᠠᠷᠠᠪᠠ᠃ ᠭᠢᠯᠢᠭ ᠪᠣᠯᠪᠠᠴᠤ ᠴᠢᠷᠠᠢ ᠬᠤᠪᠢᠷᠠᠭᠠᠨ ᠪᠣᠳᠣᠭᠠᠳ᠄
— ᠵᠠ ᠶᠠᠭᠠᠬᠢᠬᠤᠪ ᠴᠢ ᠴᠦ᠍ ᠶᠠᠪᠤ! ᠴᠢᠨᠠᠳᠤᠭᠤᠯᠠ ᠶ᠋ᠢ ᠴᠢᠨᠢ ᠪᠢ ᠴᠢᠳᠠᠬᠤ ᠶᠠᠳᠠᠬᠤ ᠶ᠋ᠢᠨ ᠢ᠋ᠶ᠋ᠡᠨ ᠬᠢᠷᠢ ᠪᠡᠷ ᠬᠠᠷᠠᠵᠤ ᠪᠠᠢᠵᠤ ᠦᠵᠡᠶ᠎ᠡ ᠭᠡᠪᠡ᠃
ᠳᠣᠷᠵᠢ ᠰᠠᠮᠪᠤᠤ ᠬᠣᠶᠠᠷ ᠠ᠋ᠴᠠ ᠪᠤᠰᠤᠳ ᠨᠢ ᠭᠡᠷ ᠪᠠᠢᠷᠢ᠂ ᠮᠠᠯ ᠬᠥᠷᠥᠩᠭᠡ ᠪᠡᠨ ᠬᠠᠷᠠᠵᠤ ᠬᠠᠨᠳᠤᠵᠤ ᠦᠵᠡᠶ᠎ᠡ ᠭᠡᠪᠡ᠃
ᠳᠣᠷᠵᠢ ᠰᠠᠮᠪᠤᠤ ᠬᠣᠶᠠᠷ ᠠ᠋ᠴᠠ ᠴᠠᠭᠠᠰᠢ ᠪᠣᠯᠤᠯᠴᠠᠭ᠎ᠠ ᠲᠠᠢ ᠡᠷ᠎ᠡ ᠬᠣᠶᠠᠷ ᠭᠤᠷᠪᠠ ᠪᠠᠢᠪᠠᠴᠤ ᠲᠡᠳᠡ ᠶᠣᠰᠣᠲᠠᠢ ᠯᠠ ᠬᠠᠷ᠎ᠠ ᠠᠮᠢ ᠪᠠᠨ ᠪᠣᠳᠣᠨ ᠳᠠᠭᠤ ᠦᠭᠡᠢ ᠰᠠᠭᠤᠭᠰᠠᠭᠠᠷ ᠯᠠ ᠪᠠᠢᠪᠠ᠃ ᠭᠢᠯᠢᠭ ᠲᠡᠳᠡᠨ ᠳ᠋ᠦ᠍ ᠪᠠᠬᠠᠨ ᠵᠢᠪᠡᠭᠦᠦ ᠬᠦᠷᠴᠦ《ᠲᠥᠷᠥ ᠳ᠋ᠦ᠍ ᠰᠦᠯᠳᠡ᠂ ᠲᠦᠮᠡᠨ ᠣᠯᠠᠨ ᠳ᠋ᠤ᠌ ᠴᠢᠨᠢ ᠬᠤᠪᠢ ᠵᠠᠶᠠᠭ᠎ᠠ ᠭᠡᠵᠦ ᠪᠣᠢ᠂ ᠲᠠ ᠬᠣᠶᠠᠷ ᠮᠢᠨᠢ ᠲᠡᠭᠦᠨ ᠢ᠋ ᠢᠮᠠᠭᠲᠠ ᠰᠠᠨᠠᠨ ᠪᠤᠰᠤᠳ ᠤ᠋ᠨ ᠠᠷᠤ ᠳ᠋ᠤ᠌ ᠯᠠ ᠪᠢᠲᠡᠭᠡᠢ ᠣᠷᠣᠵᠤ ᠶᠠᠪᠤᠭᠠᠷᠠᠢ!》 ᠭᠡᠵᠦ ᠵᠣᠷᠢᠭᠤᠳᠠ ᠵᠠᠬᠢᠪᠠ᠃ ᠠᠮᠢ ᠪᠠᠨ ᠪᠣᠳᠣᠵᠤ ᠬᠤᠯᠮᠠᠢᠨ ᠰᠠᠭᠤᠭᠰᠠᠨ ᠥᠨᠥ ᠡᠷᠡᠴᠦᠳ ᠨᠢ ᠡᠨᠡ ᠦᠭᠡ ᠶ᠋ᠢ ᠰᠣᠨᠣᠰᠤᠭᠠᠳ ᠴᠢᠬᠢ ᠪᠡᠨ ᠬᠦᠷᠲᠡᠯ᠎ᠡ ᠤᠯᠠᠢᠪᠠ᠃ ᠵᠠᠷᠢᠮ ᠨᠢ ᠠᠯᠢ ᠬᠡᠳᠦᠢᠨ ᠬᠣᠭᠣᠰᠣᠷᠠᠭᠰᠠᠨ ᠲᠠᠮᠠᠬᠢ ᠶ᠋ᠢᠨ ᠤᠭᠤᠲᠠ ᠶ᠋ᠢ ᠳᠡᠮᠡᠢ ᠭᠦᠪᠢᠨ ᠴᠠᠭ ᠨᠥᠭᠴᠢᠭᠡᠨ᠎ᠡ᠃ ᠲᠣᠯᠵᠢᠨ ᠠᠪᠠᠭᠠᠢ ᠬᠠᠨᠴᠤᠢ ᠳ᠋ᠠᠭᠠᠨ ᠵᠠᠯᠪᠠᠷᠢᠨ᠄
— ᠦᠭᠡᠢ ᠳᠣᠷᠵᠢ ᠮᠢᠨᠢ ᠴᠢ ᠡᠭᠦᠨ ᠢ᠋ ᠮᠢᠨᠢ ᠠᠪᠤᠭᠠᠳ ᠶᠠᠪᠤᠵᠤ ᠦᠵᠡ! ᠭᠡᠪᠡ᠃
— ᠲᠣᠯᠵᠢᠨ ᠭᠤᠸᠠᠢ ᠮᠢᠨᠢ ᠮᠢᠨᠦ ᠪᠣᠳᠣᠬᠤ ᠳ᠋ᠤ᠌ ᠲᠡᠨᠳᠡ ᠴᠡᠷᠢᠨᠳᠣᠷᠵᠢ ᠶ᠋ᠢᠨ ᠬᠡᠷᠡᠭ ᠶᠡᠷᠦ ᠶᠠᠭᠤ ᠪᠠᠢᠬᠤ ᠪᠢᠯᠡ ᠭᠡᠬᠦ ᠳ᠋ᠦ᠍ ᠲᠣᠯᠵᠢᠨ᠄
— ᠡᠰᠢ᠂ ᠡᠨᠡ ᠮᠢᠨᠢ ᠨᠢᠯᠬ᠎ᠠ ᠪᠣᠯᠪᠠᠴᠤ ᠡᠷ᠎ᠡ ᠬᠥᠮᠦᠨ ᠰᠢᠦ ᠳᠡ᠂ ᠡᠷ᠎ᠡ ᠬᠦᠢᠰᠦ ᠦᠭᠡᠢ ᠰᠠᠨ ᠪᠣᠯ ᠪᠠᠷᠤᠨ ᠤ᠋ ᠬᠢᠨ ᠶᠠᠭᠤᠨ ᠳ᠋ᠤ᠌ ᠡᠭᠦᠨ ᠢ᠋ ᠮᠢᠨᠢ ᠠᠪᠴᠤ ᠶᠠᠪᠤᠬᠤ ᠭᠡᠳ ᠪᠠᠢᠬᠤ ᠪᠢᠯᠡ ᠭᠡᠵᠦ ᠬᠣᠭᠣᠯᠠᠢ ᠴᠡᠴᠡᠷᠡᠭᠦᠯᠦᠨ ᠥᠭᠦᠯᠡᠭᠡᠳ ᠳᠣᠷᠵᠢ ᠶ᠋ᠢᠨ ᠬᠠᠷᠢᠭᠤ ᠡᠰᠡ ᠳᠤᠤᠭᠠᠷᠤᠭᠰᠠᠨ ᠳ᠋ᠤ᠌᠂ ᠴᠢ ᠡᠴᠢᠭᠡ ᠶ᠋ᠢ ᠨᠢ ᠳᠠᠭᠠᠵᠤ ᠭᠠᠷᠤᠭᠠᠳ ᠭᠠᠭᠴᠠᠭᠠᠷ ᠢ᠋ᠶ᠋ᠠᠨ ᠢᠷᠡᠵᠦ ᠪᠠᠢᠭᠰᠠᠨ ᠢ᠋ᠶ᠋ᠠᠨ ᠪᠣᠳᠣ! ᠡᠰᠡᠪᠡᠯ ᠣᠳᠣ ᠬᠦᠦ ᠶ᠋ᠢ ᠨᠢ ᠳᠠᠭᠠᠭᠤᠯᠵᠤ ᠶᠠᠪᠤᠭᠠᠳ ᠪᠠᠰᠠ ᠦᠷᠡᠭᠳᠡᠭᠦᠯᠵᠦ ᠣᠷᠬᠢᠪᠠᠯ ᠡᠬᠡ ᠶ᠋ᠢᠨ ᠴᠢᠨᠢ ᠴᠢᠷᠠᠢ ᠶ᠋ᠢ ᠶᠠᠭᠠᠬᠢᠵᠤ ᠬᠠᠷᠠᠨ᠎ᠠ ᠭᠡᠵᠦ ᠵᠣᠪᠠᠨᠠᠭᠠ ᠤᠤ? ᠦᠭᠡᠢ ᠳᠣᠷᠵᠢ ᠮᠢᠨᠢ ᠨᠠᠭᠠᠳᠤ ᠬᠦᠦ ᠪᠡᠨ ᠪᠠᠷᠤᠨ ᠤ᠋ ᠬᠢᠨ ᠳ᠋ᠦ᠍ ᠠᠯᠳᠠᠭᠰᠠᠨ ᠠ᠋ᠴᠠ ᠲᠡᠷᠡ ᠠᠷᠠᠳ ᠤ᠋ᠨ ᠨᠠᠮ ᠤ᠋ᠨ ᠬᠢᠨ ᠭᠡᠳᠡᠭ ᠲᠦ᠍ ᠴᠢᠨᠢ ᠠᠯᠳᠠᠭᠰᠠᠨ ᠨᠢ ᠳᠡᠭᠡᠷ᠎ᠡ ᠪᠠᠢᠨ᠎ᠠ ᠭᠡᠵᠦ ᠨᠢᠳᠦᠨ ᠦ᠌ ᠪᠡᠨ ᠨᠢᠯᠪᠤᠰᠤ ᠶ᠋ᠢ ᠳᠤᠰᠤᠯᠠᠭᠤᠯᠤᠨ ᠪᠠᠢᠵᠤ ᠥᠭᠦᠯᠡᠪᠡ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ
