ᠰᠦᠪᠧᠢ ᠮᠣᠩᠭᠣᠯᠴᠤᠳ ᠤ᠋ᠨ ᠢᠷᠦᠭᠡᠯ ᠮᠠᠭᠲᠠᠭᠠᠯ ᠤ᠋ᠨ ᠲᠡᠭᠦᠪᠦᠷᠢ- ᠨᠢᠭᠡ ᠂ ᠨᠠᠢᠷ ᠬᠤᠷᠢᠮ ᠤ᠋ᠨ ᠢᠷᠦᠭᠡᠯ ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠪᠧᠢ ᠮᠣᠩᠭᠣᠯᠴᠤᠳ ᠤ᠋ᠨ ᠢᠷᠦᠭᠡᠯ ᠮᠠᠭᠲᠠᠭᠠᠯ ᠤ᠋ᠨ ᠲᠡᠭᠦᠪᠦᠷᠢ- ᠨᠢᠭᠡ ᠂ ᠨᠠᠢᠷ ᠬᠤᠷᠢᠮ ᠤ᠋ᠨ ᠢᠷᠦᠭᠡᠯ

ᠰᠦᠪᠧᠢ ᠮᠣᠩᠭᠣᠯᠴᠤᠳ ᠤ᠋ᠨ ᠢᠷᠦᠭᠡᠯ ᠮᠠᠭᠲᠠᠭᠠᠯ ᠤ᠋ᠨ ᠲᠡᠭᠦᠪᠦᠷᠢ- ᠨᠢᠭᠡ ᠂ ᠨᠠᠢᠷ ᠬᠤᠷᠢᠮ ᠤ᠋ᠨ ᠢᠷᠦᠭᠡᠯ

2026-01-15

521

ᠰᠥᠩ ᠶᠡᠭᠦᠯᠡᠬᠦ ᠢᠷᠦᠭᠡᠯ


ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠠᠩᠬᠠᠨ ᠤᠷᠢᠳᠤ ᠴᠠᠭ ᠲᠤ᠌ 
ᠬᠥᠮᠦᠨ ᠢᠵᠠᠭᠤᠷ ᠡᠭᠦᠰᠴᠦ ᠪᠠᠢᠬᠤ ᠴᠠᠭ ᠲᠤ᠌ 
ᠭᠦᠨ ᠮᠥᠷᠢ(ᠮᠥᠷᠡᠨ)ᠵᠢᠪᠬᠤᠯᠠᠩᠲᠤ 
ᠣᠯᠠᠨ ᠮᠥᠷᠢ(ᠮᠥᠷᠡᠨ)ᠴᠢᠳᠬᠤᠯᠡᠩᠲᠤ ᠠᠪᠠᠢ  
ᠳᠠᠯᠠᠢ ᠭᠡᠭᠴᠢ ᠣᠷᠣᠨ ᠠ᠋ᠴᠠ 
ᠡᠪᠦᠭᠡ ᠳᠡᠭᠡᠳᠦ ᠶ᠋ᠢᠨ ᠨᠢᠭᠡᠨ ᠶᠠᠰᠤᠲᠠᠢ  
ᠡᠲᠡᠭᠡᠳ ᠨᠢᠭᠡᠲᠡᠢ ᠭᠠᠯᠬᠢᠶᠠᠰᠦ ᠮᠣᠩᠭᠣᠯ ᠤ᠋ᠨ 
ᠥᠩ ᠨᠠᠢᠷ ᠤ᠋ᠨ ᠰᠢᠨᠵᠢ ᠪᠣᠯᠤᠭᠰᠠᠨ 
ᠥᠯᠵᠡᠢᠲᠦ ᠪᠠᠶᠠᠨ ᠰᠥᠩ ᠦ᠋ᠨ ᠲᠠᠨᠢ 
ᠥᠷᠭᠡᠨ ᠶᠡᠬᠡ ᠡᠬᠢ ᠶ᠋ᠢ 
ᠡᠷᠭᠦᠨ ᠲᠣᠭᠲᠠᠭᠠᠵᠤ ᠠᠢᠯᠠᠳᠬᠠᠪᠠ ᠴᠣᠳ!

ᠪᠠᠶᠠᠨ ᠰᠥᠩ᠎ ᠤᠨ ᠢᠷᠦᠭᠡᠯ(ᠠᠷᠪᠠᠨ ᠬᠣᠶᠠᠷ ᠡᠬᠢᠲᠦ)


ᠤᠸᠮ ᠰᠠᠢᠨ ᠠᠮᠤᠭᠤᠯᠠᠩ ᠪᠣᠯᠬᠤ ᠪᠣᠯᠲᠤᠭᠠᠢ !
ᠵᠢᠯ ᠦ᠋ᠨ ᠳᠤᠮᠳᠠᠬᠢ ᠵᠢᠪᠬᠤᠯᠠᠩᠲᠤ ᠰᠠᠢᠬᠠᠨ ᠡᠳᠦᠷ
ᠵᠢᠷᠭᠠᠯᠠᠩᠲᠤ ᠣᠯᠠᠨ ᠡᠯᠢᠭᠡᠨ ᠲᠥᠷᠥᠯ ᠰᠠᠳᠤᠨ ᠲᠠᠨᠢ
ᠪᠦᠭᠦᠳᠡᠭᠡᠷ ᠴᠤᠭᠯᠠᠵᠤ ᠨᠠᠢᠷᠯᠠᠭᠰᠠᠨ ᠡᠳᠦᠷ
ᠰᠠᠷ᠎ᠠ ᠶ᠋ᠢᠨ ᠳᠤᠮᠳᠠᠬᠢ ᠰᠠᠢᠨ ᠡᠳᠦᠷ   
ᠰᠠᠢᠬᠠᠨ ᠡᠯᠢᠭᠡᠨ ᠲᠥᠷᠥᠯ ᠲᠠᠨᠢ 
ᠪᠦᠭᠦᠳᠡᠭᠡᠷ ᠴᠤᠭᠯᠠᠵᠤ ᠨᠠᠢᠷᠯᠠᠭᠰᠠᠨ ᠡᠳᠦᠷ 
ᠣᠨ ᠤ᠋ ᠳᠤᠮᠳᠠᠬᠢ ᠥᠯᠵᠡᠢᠲᠦ ᠰᠠᠢᠬᠠᠨ ᠡᠳᠦᠷ 
ᠣᠯᠠᠨ ᠰᠠᠢᠬᠠᠨ ᠥᠩᠭᠡ ᠭᠡᠢᠴᠢᠳ ᠲᠠᠨᠢ 
ᠪᠦᠭᠦᠳᠡᠭᠡᠷ ᠴᠤᠭᠯᠠᠵᠤ ᠨᠠᠢᠷᠯᠠᠭᠰᠠᠨ ᠡᠳᠦᠷ 
ᠪᠠᠶᠠᠨ ᠶᠡᠬᠡ ᠬᠥᠬᠡᠨᠠᠭᠤᠷ ᠤ᠋ᠨ ᠲᠠᠨᠢ 
ᠪᠠᠲᠤ ᠶᠡᠬᠡ ᠲᠥᠷᠥ ᠶ᠋ᠢᠨ ᠳᠤᠮᠳᠠ 
ᠪᠠᠳᠠᠷᠠᠭᠰᠠᠨ ᠶᠡᠬᠡ ᠱᠠᠵᠢᠨ ᠤ᠋ ᠲᠠᠨᠢ ᠳᠤᠮᠳᠠ 
ᠪᠠᠳᠠᠷᠠᠨ ᠭᠠᠷᠤᠭᠴᠢ ᠨᠠᠷᠠᠨ ᠤ᠋ ᠭᠡᠷᠡᠯ ᠡᠴᠡ 
ᠪᠠᠭᠯᠠᠷᠠᠨ ᠴᠤᠭᠯᠠᠭᠴᠢ ᠲᠥᠷᠥ ᠶ᠋ᠢᠨ ᠶᠣᠰᠣ   
ᠪᠠᠳ ᠪᠦᠷᠢᠨ ᠪᠠᠶᠠᠨ ᠪᠤᠶᠠᠨ ᠲᠠᠨᠢ  
ᠪᠠᠲᠤ ᠮᠥᠩᠬᠡ ᠲᠣᠭᠲᠠᠬᠤ ᠶ᠋ᠢᠨ ᠲᠤᠯᠠᠳᠠ  
ᠪᠠᠢᠭᠤᠯᠤᠨ ᠰᠡᠷᠭᠦᠭᠡᠭᠰᠡᠨ ᠴᠠᠭᠠᠨ ᠥᠷᠭᠥᠭᠡ ᠶ᠋ᠢᠨ ᠲᠠᠨᠢ ᠳᠤᠮᠳᠠ  
ᠯᠠᠮᠠ ᠪᠤᠷᠬᠠᠨ ᠳᠡᠭᠡᠳᠦ ᠬᠤᠲᠤᠭᠲᠤ ᠬᠤᠪᠢᠯᠭᠠᠨ ᠬᠢᠭᠡᠳ  
ᠬᠣᠷᠵᠢ ➊ ᠶ᠋ᠢᠨ ᠳᠡᠭᠡᠳᠤ ᠲᠡᠭᠷᠢ 
ᠳᠡᠯᠡᠬᠡᠢ ᠶ᠋ᠢᠨ ᠡᠵᠡᠳ  ᠬᠠᠮᠤᠭ ᠨᠡᠢᠲᠡ ᠶ᠋ᠢ ᠡᠨᠡᠳᠭᠡᠨ   
ᠡᠨᠡᠳᠭᠡᠯ ᠦ᠋ᠨ ᠢ᠋ᠶ᠋ᠡᠨ ᠳᠡᠭᠡᠳᠦ ᠪᠤᠭᠳᠠᠴᠤᠳ ᠢ᠋ᠶ᠋ᠠᠨ ᠵᠠᠯᠠᠵᠤ  
ᠡᠷᠳᠡᠨᠢ ᠴᠢᠯᠥᠭᠡᠲᠦ ᠨᠣᠶᠠᠳ ᠢ᠋ᠶ᠋ᠠᠨ ᠵᠠᠯᠠᠵᠤ  
ᠡᠯᠳᠡᠪ ᠦ᠋ᠨ ᠪᠢᠳᠡ ᠥᠨᠥᠳᠥᠷ ᠦ᠋ᠨ ᠡᠳᠦᠷ ᠲᠦ᠍  
ᠪᠠᠳᠠᠷᠠᠨ ᠭᠠᠷᠤᠭᠴᠢ ᠴᠠᠭᠠᠨ ᠨᠠᠷᠠᠨ ᠤ᠋ ᠭᠡᠷᠡᠯ ᠮᠡᠲᠦ  
ᠪᠠᠰᠠ ᠬᠣᠢᠨ᠎ᠠ ᠪᠠᠨ ᠵᠢᠷᠭᠠᠬᠤ ᠶ᠋ᠢᠨ ᠲᠤᠯᠠᠳᠠ  
ᠪᠡᠲᠡᠷ ᠶᠡᠬᠡ ᠴᠠᠭᠠᠨ ᠰᠥᠩ ᠦ᠋ᠨ ᠲᠠᠨᠢ ᠳᠡᠭᠡᠵᠢ ᠶ᠋ᠢ  
ᠪᠠᠷᠢᠨ ᠳᠡᠯᠭᠡᠷᠡᠭᠦᠯᠵᠦ ᠠᠢᠯᠠᠳᠬᠠᠬᠤ ᠶ᠋ᠢᠨ ᠤᠴᠢᠷ ᠠ᠋!   
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠪᠠᠷᠠᠭᠤᠨ ᠡᠮᠦᠨ᠎ᠡ ᠵᠦᠭ ᠡᠴᠡ 
ᠰᠠᠨᠰᠠᠷ ᠮᠢᠯᠲᠠᠩ ➋ ᠤ᠋ᠨ ᠣᠷᠣᠨ ᠠ᠋ᠴᠠ
ᠬᠤᠯᠠᠨ ᠬᠣᠩᠭᠣᠷ ᠯᠠᠭᠤᠰᠠ ᠲᠠᠢ 
ᠬᠤᠷᠴᠠ ᠰᠠᠢᠬᠠᠨ ᠠᠷᠠᠯᠳᠢ ᠲᠠᠢ  
ᠮᠡᠯᠮᠡᠯᠵᠡᠭᠰᠡᠨ ᠭᠡᠭᠡ ᠲᠡᠢ   
ᠮᠢᠰᠢᠯᠵᠡᠭᠰᠡᠨ ᠳᠦᠷᠢ ᠲᠡᠢ  
ᠪᠠᠯᠳᠠᠨ ᠯᠾᠮᠦ ᠪᠤᠷᠬᠠᠨ ᠪᠠᠭᠤᠵᠤ ᠪᠠᠢᠬᠤ ᠴᠠᠭ ᠲᠤ᠌   
ᠬᠠᠨ ᠡᠴᠢᠭᠡ ᠴᠠᠬᠢᠭᠰᠠᠨ   
ᠬᠠᠲᠤᠨ ᠡᠬᠡ ᠦᠯᠢᠶᠡᠭᠰᠡᠨ   
ᠲᠥᠷᠥᠭᠰᠡᠨ ᠬᠣᠶᠠᠷ ᠪᠡᠶ᠎ᠡ ᠲᠠᠨᠢ   
ᠲᠥᠪ ᠵᠢᠷᠭᠠᠯ ᠢ᠋ ᠡᠬᠢᠯᠡᠵᠦ ᠪᠠᠢᠬᠤ ᠳ᠋ᠤ᠌ ᠲᠥᠪᠯᠡᠭᠰᠡᠨ   
ᠭᠠᠩ ᠲᠡᠮᠦᠷ ᠡᠴᠢᠭᠡ ᠲᠡᠢ    
ᠬᠠᠨ ᠴᠢᠯᠠᠭᠤ ᠡᠬᠡ ᠲᠡᠢ    
ᠬᠠᠳᠠ ᠶᠠᠪᠳᠡ ➌ ᠢᠯᠴᠢ ᠲᠡᠢ   
ᠠᠭᠤᠯᠠ ᠶᠠᠪᠲᠠ ᠤᠲᠤᠭ᠎ᠠ ᠲᠠᠢ   
ᠬᠠᠮᠤᠭ ᠢ᠋ ᠬᠠᠩᠭᠠᠭᠴᠢ   
ᠬᠠᠲᠠᠭᠤ ᠶ᠋ᠢ ᠵᠥᠭᠡᠯᠡᠷᠡᠭᠦᠯᠦᠭᠴᠢ   
ᠬᠠᠷᠠᠩᠭᠤᠢ ᠶ᠋ᠢ ᠴᠦᠯᠡᠷᠡᠭᠦᠯᠦᠭᠴᠢ   
ᠪᠠᠳᠠᠷᠠᠨ ᠭᠠᠷᠤᠭᠴᠢ ᠴᠠᠭᠠᠨ ᠭᠠᠯ ᠤ᠋ᠨ ᠲᠠᠨᠢ   
ᠪᠠᠶᠠᠨ ᠵᠠᠯᠢ ᠪᠤᠷᠬᠠᠨ 
ᠳᠥᠷᠪᠡᠨ ᠲᠠᠯᠠᠲᠤ ᠬᠣᠷᠯᠣ ᠶ᠋ᠢᠨ ᠳᠤᠮᠳᠠ᠎ᠠ᠋ᠴᠠ   
ᠨᠠᠢ᠍ᠮᠠᠨ ᠲᠠᠯᠠᠲᠤ ᠪᠠᠯᠮ᠎ᠠ ᠶ᠋ᠢᠨ ᠳᠤᠮᠳᠠ᠎ᠠ᠋ᠴᠠ    
ᠢᠪᠡᠭᠡᠨ ᠰᠣᠶᠣᠷᠬᠠᠵᠤ ᠥᠷᠥᠰᠢᠶᠡ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!  
ᠳᠡᠭᠡᠷ᠎ᠡ  ᠶᠡᠷᠡᠨ ᠶᠢᠰᠦᠨ ᠬᠤᠷᠮᠤᠰᠲᠠ ᠲᠡᠭᠷᠢ ᠶ᠋ᠢᠨ ᠣᠷᠣᠨ ᠠ᠋ᠴᠠ ᠡᠭᠦᠰᠦᠭᠰᠡᠨ 
ᠶᠢᠰᠦᠭᠡᠢ ᠪᠠᠭᠠᠲᠤᠷ ᠤ᠋ᠨ ᠤᠭ ᠠ᠋ᠴᠠ ᠰᠠᠯᠵᠤ ᠭᠠᠷᠤᠭᠰᠠᠨ  
ᠶᠡᠬᠡ ᠪᠣᠭᠳᠠ ᠴᠢᠩᠭᠢᠰ ᠬᠠᠭᠠᠨ ᠣᠭᠲᠠᠷᠭᠤᠢ ᠎ᠠ᠋ᠴᠠ ᠪᠠᠭᠤᠵᠤ  
ᠪᠠᠳᠠᠷᠠᠩᠭᠤᠢ ᠴᠠᠭᠠᠨ ᠲᠡᠭᠷᠢ ᠶ᠋ᠢᠨ ᠣᠷᠣᠨ ᠠ᠋ᠴᠠ ᠣᠰᠣᠯᠳᠠᠯ ᠦᠭᠡᠢ  
ᠭᠤᠴᠢᠨ ᠲᠠᠪᠤᠨ ᠡᠷᠳᠡᠮ ᠢ᠋ ᠪᠦᠷᠢᠨ ᠲᠡᠭᠦᠰᠬᠡᠵᠦ  
ᠣᠯᠠᠨ  ᠬᠥᠯᠥᠭ  ᠪᠦᠭᠦᠳᠡ ᠶ᠋ᠢ ᠵᠢᠯᠣᠭᠣᠳᠤᠨ ᠲᠡᠭᠦᠰᠬᠡᠭᠡᠳ  
ᠥᠭᠡᠯᠦᠨ ᠵᠥᠭᠡᠯᠥᠨ ᠬᠠᠲᠤᠨ ᠠ᠋ᠴᠠ ᠰᠠᠯᠵᠤ ᠭᠠᠷᠤᠭᠰᠠᠨ ᠲᠡᠷᠡ ᠪᠣᠭᠳᠠ ᠮᠢᠨᠢ 
ᠲᠡᠭᠷᠢ ᠡᠴᠡ ᠢᠨᠠᠭᠰᠢ ᠪᠠᠭᠤᠵᠤ ᠬᠣᠷᠢᠨ ᠨᠢᠭᠡᠨ ᠦᠶ᠎ᠡ ᠪᠣᠯᠤᠭᠰᠠᠨ ᠬᠣᠢᠨ᠎ᠠ  
ᠲᠡᠷᠢᠭᠦᠨ ᠶᠡᠬᠡ ᠰᠢᠳᠠ ᠪᠣᠭᠳᠠ ᠬᠠᠭᠠᠨ ᠪᠣᠯᠵᠦ ᠬᠤᠪᠢᠯᠤᠨ ᠲᠥᠷᠥᠭᠡᠳ  
ᠲᠥᠪᠡᠳ ᠡᠨᠡᠳᠬᠡᠭ ᠬᠣᠶᠠᠷ ᠢ᠋ ᠬᠠᠨᠠᠷ ᠢ᠋ ᠰᠠᠢᠬᠠᠨ ᠪᠤᠯᠢᠶᠠᠭᠠᠳ 
ᠵᠦᠯᠭᠡ ᠬᠢᠭᠡᠳ ᠡᠯᠳᠡᠪ ᠴᠡᠴᠡᠭ ᠢ᠋ᠶ᠋ᠡᠷ  ᠳᠦᠭᠦᠷᠦᠭᠰᠡᠨ ᠬᠡᠷᠦᠯᠦᠨ ᠮᠥᠷᠡᠨ ᠳ᠋ᠦ᠍  
ᠵᠤᠨ ᠤ᠋ ᠲᠡᠷᠢᠭᠦᠨ ᠰᠠᠷ᠎ᠠ ᠶ᠋ᠢᠨ ᠰᠢᠨ᠎ᠡ ᠳᠦᠭᠦᠷᠡᠩ ᠠᠷᠪᠠᠨ ᠨᠢᠭᠡᠨ ᠦ᠌ ᠡᠳᠦᠷ ᠲᠦ᠍  
ᠵᠤᠯᠠ ᠬᠦᠵᠢ ᠶ᠋ᠢᠨ ᠪᠣᠢᠭᠠᠷ ➍ ᠶᠤᠭᠠᠨ ᠪᠠᠷᠢᠵᠤ ᠲᠡᠭᠷᠢ ᠡᠴᠢᠭᠡ ᠪᠡᠨ ᠳᠠᠬᠢᠵᠤ
ᠨᠠᠭᠤᠷ ᠳᠠᠯᠠᠢ ᠶᠡᠬᠡ ᠬᠤᠷᠢᠮ ᠢ᠋ ᠲᠥᠬᠥᠭᠡᠷᠴᠦ ᠲᠠᠯᠪᠢᠭᠠᠳ  
ᠨᠠᠢᠷ ᠪᠡᠯᠭᠡ ᠬᠣᠶᠠᠷ ᠢ᠋ ᠤᠳᠤᠷᠢᠳᠤᠨ  
ᠶᠢᠰᠦᠨ ᠥᠷᠯᠥᠭ ➎ ᠲᠠᠪᠤᠨ ᠲᠠᠢᠵᠢ 
ᠳᠥᠷᠪᠡᠨ ᠥᠭᠡᠯᠦᠨ ᠳᠥᠴᠢᠨ ᠮᠣᠩᠭᠣᠯ
ᠠᠯᠢᠪᠠ ᠶᠡᠬᠡ ᠠᠮᠢᠲᠠᠨ ᠢ᠋ ᠡᠭᠦᠯᠡ ᠮᠡᠲᠦ ᠡᠮᠦᠨ᠎ᠡ ᠪᠡᠨ ᠴᠤᠭᠯᠠᠭᠤᠯᠵᠤ ᠪᠠᠢᠭᠰᠠᠨ  
ᠥᠷᠭᠡᠨ ᠶᠡᠬᠡ ᠰᠥᠩ ᠦ᠋ᠨ ᠲᠠᠨᠢ ᠳᠡᠭᠡᠵᠢ ᠶ᠋ᠢ  
ᠪᠣᠭᠳᠠ ᠴᠢᠩᠭᠢᠰ ᠬᠠᠭᠠᠨ ᠤ᠋ ᠪᠡᠯᠭᠡ ᠳ᠋ᠦ᠍ ᠪᠡᠯᠭᠡᠯᠡᠨ ᠡᠷᠭᠦᠪᠡ ᠴᠣᠳ!  
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠠᠩᠬᠠᠨ ᠡᠷᠲᠡ ᠴᠠᠭ ᠲᠤ᠌ 
ᠬᠥᠮᠦᠨ ᠢᠵᠠᠭᠤᠷ ᠡᠭᠦᠰᠴᠦ ᠪᠠᠢᠬᠤ ᠴᠠᠭ ᠲᠤ᠌ 
ᠣᠯᠠᠨ(ᠮᠥᠷᠢ)ᠮᠥᠷᠡᠨ ᠴᠢᠳᠬᠤᠯᠠᠩᠳᠤ 
ᠭᠦᠨ(ᠮᠥᠷᠢ)ᠮᠥᠷᠡᠨ ᠵᠢᠪᠬᠤᠯᠠᠩᠲᠤ 
ᠠᠪᠠᠢ ᠳᠠᠯᠠᠢ ᠭᠡᠭᠴᠢ ᠣᠷᠣᠨ ᠠ᠋ᠴᠠ 
ᠡᠪᠦᠭᠡ ᠳᠡᠭᠡᠳᠦ ᠶ᠋ᠢᠨ ᠨᠢᠭᠡᠨ ᠶᠠᠰᠤᠲᠠᠢ 
ᠭᠠᠯᠭᠢᠶᠠᠰᠤ ➏ ᠮᠣᠩᠭᠣᠯ ᠤ᠋ᠨ ᠲᠥᠷᠥ ᠢᠷᠭᠡᠨ 
ᠳᠥᠴᠢᠨ ᠮᠣᠩᠭᠣᠯ ᠨᠠᠢ᠍ᠮᠠᠳ ᠤ᠋ᠨ ᠠᠢᠮᠠᠭ ᠴᠤᠭᠯᠠᠭᠰᠠᠨ ᠠ᠋ᠴᠠ 
ᠳᠣᠬ᠍ᠳᠤᠯᠭᠠᠲᠤ ᠯᠤᠤ ᠶ᠋ᠢᠨ ᠳᠠᠭᠤ ᠮᠡᠲᠦ ᠬᠦᠴᠦ ᠶᠡᠬᠡᠲᠡᠢ 
ᠳᠣᠷᠭᠢᠯᠭᠠᠨᠲᠤ ᠰᠦᠮᠪᠦᠷ ᠠᠭᠤᠯᠠ ᠮᠡᠲᠦ ᠪᠠᠲᠤ ᠰᠠᠢᠬᠠᠨ 
ᠳᠤᠷᠠᠯᠠᠭᠰᠠᠨ ᠬᠦᠰᠡᠭᠰᠡᠨ ᠪᠦᠷᠢᠳᠴᠦ ᠵᠢᠷᠭᠠᠬᠤ ᠶ᠋ᠢᠨ ᠲᠤᠯᠠᠳᠠ 
ᠠᠷᠢᠭᠤᠨ ᠴᠠᠭᠠᠨ ᠰᠥᠩ ᠦ᠋ᠨ ᠲᠠᠨᠢ ᠳᠡᠭᠡᠵᠢ ᠶ᠋ᠢ 
ᠠᠢᠯᠠᠳᠬᠠᠨ ᠰᠠᠴᠤᠵᠤ ᠳᠡᠯᠭᠡᠷᠡᠭᠦᠯᠪᠡ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠠᠩᠬᠠᠨ ᠤᠷᠢᠳᠤ ᠴᠠᠭ ᠲᠤ᠌ 
ᠪᠤᠷᠬᠠᠨ ᠱᠠᠭᠵᠠᠮᠤᠨᠢ ᠶ᠋ᠢᠨ ᠭᠡᠭᠡᠨ 
ᠣᠷᠴᠢᠯᠠᠩ ᠽᠠᠮᠪᠤᠲᠢᠪ ᠤ᠋ᠨ ᠳᠤᠮᠳᠠ 
ᠵᠡᠭᠡᠷ ᠳᠣᠷᠵᠢᠲᠠᠨ ᠳ᠋ᠤ᠌ ᠥᠭᠡᠳᠡ ᠪᠣᠯᠵᠤ  
ᠨᠣᠮ ᠤ᠋ᠨ ᠬᠦᠷᠳᠦ ᠶ᠋ᠢ ᠣᠷᠴᠢᠭᠤᠯᠵᠤ ➐ ᠡᠷᠭᠢᠭᠦᠯᠦᠭᠡᠳ  
ᠨᠣᠮ ᠱᠠᠵᠢᠨ ᠢ᠋ ᠳᠡᠯᠭᠡᠷᠡᠭᠦᠯᠦᠭᠰᠡᠨ ᠢ᠋ᠶ᠋ᠡᠷ 
ᠲᠡᠭᠦᠨ ᠡᠴᠡ ᠡᠳᠦᠭᠡ ᠪᠣᠯᠲᠠᠯ᠎ᠠ 
ᠪᠤᠷᠬᠠᠨ ᠎ᠤ᠋ ᠱᠠᠵᠢᠨ ᠎ᠢ᠋ ᠳᠡᠯᠭᠡᠷᠡᠭᠦᠯᠵᠦ ᠪᠠᠢᠭᠰᠠᠨ ᠤᠴᠢᠷ ᠰᠢᠯᠲᠠᠭᠠᠨ 
ᠭᠠᠢᠬᠠᠮᠰᠢᠭᠲᠤ ᠭᠤᠷᠪᠠᠨ ᠣᠷᠤᠨ ‍ᠤ  ᠡᠵᠡᠨ ᠨᠤᠮ ᠎ᠤ᠋ᠨ ᠬᠠᠭᠠᠨ 
ᠤᠬᠠᠭ᠎ᠠ ᠪᠢᠯᠢᠭ  ᠢ᠋ ᠬᠠᠢᠷᠠᠯᠠᠭᠴᠢ ᠮᠠᠨᠽᠤᠰᠢᠷᠢ ➑
ᠬᠦᠰᠡᠯ ᠎ᠦ᠋ᠨ ᠡᠷᠬᠡᠰᠢᠶᠡᠯᠲᠦ ᠪᠠᠯᠳᠠᠨ ᡀᠮᠣ  
ᠦᠢᠯᠡ᠎ ᠶ᠋ᠢᠨ ᠡᠷᠯᠢᠭ ᠳᠠᠮᠵᠢᠨ ᠴᠣᠢᠷᠠᠴᠠ 
ᠵᠢᠷᠭᠤᠭᠠᠨ ᠮᠣᠳᠤᠷᠲᠤ  ᠴᠣᠭᠲᠤ ᠮᠠᠬᠠᠺᠠᠯᠠ   
ᠲᠡᠷᠢᠭᠥᠯᠥᠨ ᠥᠪᠡᠷ᠎ ᠦ᠋ᠨ ᠡᠬᠡ ᠡᠴᠢᠭᠡ ᠎ᠶ᠋ᠢᠨ ᠵᠠᠶᠠᠭ᠎ᠠ ᠪᠤᠶᠠᠨ ᠰᠠᠬᠢᠭᠤᠯᠰᠤᠨ 
ᠡᠳᠦᠷ ᠰᠥᠨᠢ᠎ ᠶ᠋ᠢᠨ ᠠᠷᠪᠠᠨ ᠬᠣᠶᠠᠷ  ᠴᠠᠭ ᠲᠦ ᠮᠥᠩᠬᠡ ᠰᠠᠢᠬᠠᠨ ᠨᠥᠬᠥᠴᠡᠵᠦ 
ᠨᠠᠭᠤᠷ᠎ ᠠ᠋ᠴᠠ ᠮᠡᠯᠮᠡᠭᠡᠷᠬᠡᠨ ᠨᠣᠭᠣᠭᠠᠨ ᠠ᠋ᠴᠠ ᠦᠯᠡᠮᠵᠢᠬᠡᠨ 
ᠭᠦᠨ ᠳᠠᠪᠠᠯᠭᠠᠨ ᠵᠢᠷᠭᠠᠵᠤ ᠴᠡᠩᠭᠡᠵᠦ ᠪᠠᠢᠬᠤ ᠎ᠶ᠋ᠢᠨ ᠲᠤᠯᠠᠳᠠ 
ᠬᠥᠬᠡᠨᠠᠭᠤᠷ᠎ ᠠ᠋ᠴᠠ ᠮᠡᠯᠮᠡᠬᠡᠷ ᠰᠥᠩ᠎ ᠦ᠋ᠨ ᠲᠠᠨᠢ ᠳᠡᠭᠡᠵᠢ᠎ ᠶ᠋ᠢ 
ᠬᠦᠨᠳᠦᠯᠡᠨ ᠮᠥᠷᠭᠥᠵᠦ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ  ᠪᠣᠯᠬᠤ ᠪᠣᠯᠲᠤᠭᠠᠢ!
ᠶᠡᠬᠡ ᠪᠣᠭᠳᠠ ᠴᠢᠩᠭᠢᠰ ᠬᠠᠭᠠᠨ ᠎ᠢ᠋ 
ᠬᠠᠪᠤᠷ ᠎ᠤ᠋ᠨ ᠲᠡᠷᠢᠭᠦᠨ ᠰᠠᠷ᠎ᠠ ᠎ᠶ᠋ᠢᠨ 
ᠰᠢᠨ᠎ᠡ ᠎ᠶ᠋ᠢᠨ ᠨᠢᠭᠡᠨ ᠭᠡᠰᠡᠨ ᠶᠡᠬᠡ ᠥᠯᠵᠡᠢᠲᠦ ᠡᠳᠦᠷ 
ᠬᠠᠭᠠᠨ ᠤ᠋ ᠰᠢᠷᠡᠭᠡ ᠳ᠋ᠦ᠍ ᠵᠠᠯᠠᠵᠤ 
ᠪᠡᠯᠭᠡ ᠨᠠᠢᠷ ᠢ᠋ ᠳᠡᠯᠭᠡᠷᠡᠭᠦᠯᠵᠦ ᠪᠠᠢᠬᠤ ᠴᠠᠭ ᠲᠤ᠌ 
ᠦᠷᠭᠦᠭᠡᠨ ᠳ᠋ᠦ᠍ ᠰᠢᠲᠠᠷᠠᠬᠢ ᠴᠢᠯᠠᠭᠤᠨ ᠳᠡᠭᠡᠷ᠎ᠡ 
ᠤᠷᠢᠳᠤ ᠦᠵᠡᠭᠳᠡᠭᠰᠡᠨ ᠦᠭᠡᠢ ᠦᠵᠡᠰᠬᠦᠯᠡᠩᠲᠦ ᠰᠠᠢᠬᠠᠨ ᠰᠢᠪᠠᠭᠤᠨ ᠪᠠᠭᠤᠵᠤ 
ᠵᠢᠩᠭᠡᠷ ᠵᠢᠩᠭᠢᠷ ᠭᠡᠮᠡᠨ ᠰᠠᠢᠬᠠᠨ ᠳᠤᠤᠭᠠᠷᠴᠤ 
ᠲᠦᠰᠢᠮᠡᠳ ᠨᠦ᠍ᠭᠦᠳ ᠶᠡᠬᠡ ᠥᠯᠵᠡᠢ ᠪᠣᠯᠪᠠ ᠬᠡᠮᠡᠵᠦ 
ᠵᠢᠩᠭᠡᠷ ᠵᠠᠯᠪᠤ ➒ ᠬᠡᠮᠡᠵᠦ ᠴᠠᠮ ᠪᠠᠷᠢᠪᠠ 
ᠲᠡᠭᠦᠨ ᠡᠴᠡ ᠬᠣᠢᠰᠢ ᠴᠢᠩᠭᠢᠰ ᠦ᠋ᠨ ᠳᠥᠷᠪᠡᠳᠦᠭᠡᠷ ᠦᠶ᠎ᠡ ᠳ᠋ᠦ᠍ 
ᠥᠯᠵᠡᠢᠲᠦ ᠬᠠᠭᠠᠨ ᠤ᠋ ᠴᠠᠭ ᠲᠤ᠌ 
ᠤᠷᠢᠳᠤ ᠰᠢᠪᠠᠭᠤᠨ ᠪᠠᠭᠤᠭᠰᠠᠨ ᠴᠢᠯᠠᠭᠤ ᠶ᠋ᠢ 
ᠶᠡᠬᠡ ᠭᠠᠢᠬᠠᠮᠰᠢᠭᠲᠤ ᠭᠡᠮᠡᠨ ᠪᠠᠯᠪᠠᠯᠠᠭᠰᠠᠨ ᠳ᠋ᠤ᠌ 
ᠱ᠌ᠢᠮᠥᠢ ᠶᠦᠩᠳᠤᠨ ᠭᠡᠰᠢᠦ ᠶᠦᠩᠳᠦᠩ ᠬᠡᠮᠡᠭᠰᠡᠨ 
ᠨᠠᠢ᠍ᠮᠠᠨ ᠦᠰᠦᠭ ᠲᠡᠭᠦᠯᠳᠡᠷ 
ᠬᠠᠱ᠌ᠢ ᠶᠣᠨᠳᠣᠨ ᠡᠷᠳᠡᠨᠢ ᠲᠠᠮᠠᠭ᠎ᠠ ᠭᠠᠷᠴᠠᠢ᠃
ᠲᠡᠷᠡ ᠨᠠᠢ᠍ᠮᠠᠨ ᠦᠰᠦᠭ ᠦ᠋ᠨ ᠤᠳᠬ᠎ᠠ ᠶᠠᠭᠤ ᠪᠣᠢ ᠬᠡᠮᠡᠪᠡᠰᠦ 
ᠬᠣᠢᠲᠤ ᠲᠡᠭᠷᠢ ᠶ᠋ᠢᠨ ᠪᠣᠱᠣᠭ ᠶ᠋ᠢᠠᠷ ᠳᠡᠭᠡᠳᠦ ᠲᠡᠭᠷᠢ ᠡᠴᠡ ᠡᠭᠦᠰᠦᠭᠰᠡᠨ 
ᠬᠠᠨ ᠮᠥᠩᠬᠡ ᠲᠡᠭᠷᠢ ᠶ᠋ᠢᠨ ᠮᠠᠨ᠎ᠠ ᠮᠥᠩᠬᠡ ᠲᠥᠷᠥ ᠦᠷᠭᠦᠯᠵᠢᠳᠡ
ᠬᠠᠰᠢ ᠡᠷᠳᠡᠨᠢ ᠲᠠᠮᠠᠭ᠎ᠠ ᠬᠡᠵᠢᠶᠡᠳᠡ ᠳᠡᠯᠭᠡᠷᠡᠵᠦ ᠪᠠᠢᠬᠤ ᠭᠡᠮᠡᠨ ᠰᠠᠢᠬᠠᠨ ᠵᠠᠷᠯᠢᠭ ᠲᠠᠢ  
ᠳᠡᠭᠡᠷ᠎ᠡ ᠬᠠᠭᠠᠨ ᠮᠥᠩᠬᠡ ᠲᠡᠭᠷᠢ ᠨᠣᠶᠠᠳ ᠤ᠋ᠳ ᠬᠢᠭᠡᠳ   
ᠳᠡᠷᠭᠡᠳᠡ ᠪᠠᠢᠭᠰᠠᠨ ᠬᠠᠲᠤᠨ ᠲᠠᠢᠵᠢ  
ᠠᠬᠢᠨᠢ ᠲᠦᠰᠢᠮᠡᠳ ᠠᠯᠪᠠᠲᠤ ᠬᠤᠰᠢᠭᠤᠨ ᠪᠦᠭᠦᠳᠡᠭᠡᠷ  
ᠨᠠᠮᠰᠠᠷᠠᠢ ᠪᠤᠷᠬᠠᠨ ᠯᠤᠭ᠎ᠠ ᠲᠡᠩᠴᠡᠯᠡᠭᠴᠢ  
ᠲᠦᠭᠡᠮᠡᠯ ᠶᠡᠬᠡ ᠪᠤᠶᠠᠨ ᠲᠠᠢ  
ᠲᠦᠪᠰᠢᠨ ᠰᠠᠷᠠᠭᠤᠯ ᠤᠬᠠᠭᠠᠨ ᠲᠠᠢ  
ᠲᠦᠷᠭᠡᠨ ᠨᠢᠭᠲᠠ ᠦᠢᠯᠡ ᠲᠡᠢ 
ᠲᠦᠮᠡᠨ ᠭᠢᠯᠠᠭᠠᠨ ᠮᠠᠯ ᠲᠠᠢ  
ᠲᠥᠪ ᠠᠮᠤᠭᠤᠯᠠᠩ ᠵᠢᠷᠭᠠᠵᠤ ᠪᠠᠢᠭᠰᠠᠨ  
ᠣᠯᠠᠨ ᠢᠷᠭᠡᠨ ᠠᠯᠪᠠᠲᠤ ᠬᠤᠰᠢᠭᠤᠨ  
ᠤᠳᠠᠭᠠᠨ ᠰᠠᠢᠬᠠᠨ ᠵᠢᠯ ᠳ᠋ᠦ᠍  
ᠦᠢ ᠰᠠᠢᠬᠠᠨ ᠰᠡᠭᠦᠳᠡᠷ ᠵᠣᠭᠣᠭᠯᠠᠵᠤ  
ᠭᠠᠩᠭ᠎ᠠ ᠮᠥᠷᠡᠳ ᠦ᠋ᠨ ᠴᠠᠭᠠᠨ ᠠᠷᠰᠯᠠᠨ ᠮᠡᠲᠦ  
ᠭᠠᠳᠤᠰ ᠭᠣᠯᠠ ᠨᠡᠷ᠎ᠡ ᠴᠣᠯᠠ ᠨᠢ ᠳᠠᠭᠤᠷᠢᠰᠴᠤ  
ᠭᠠᠯᠪᠠᠰ ᠽᠠᠨᠳᠠᠨ ᠮᠣᠳᠣᠨ ᠤ᠋ ᠰᠠᠯᠠᠭ᠎ᠠ ᠨᠠᠪᠴᠢ ᠮᠡᠲᠦ 
ᠬᠡᠵᠢᠶᠡᠳᠡ ᠬᠡᠯᠪᠡᠷᠡᠰᠢ ᠦᠭᠡᠢ ᠣᠭᠲᠣ ᠦᠯᠪᠡᠷᠡᠰᠢ ᠦᠭᠡᠢ 
ᠵᠢᠭᠦᠷᠲᠡᠨ ᠬᠠᠨ ᠭᠠᠷᠤᠳᠢ ᠮᠡᠲᠦ ᠬᠦᠴᠦ ᠣᠮᠣᠭ ᠨᠡᠮᠡᠵᠦ 
ᠵᠡᠷᠭᠡᠯᠭᠡᠨᠳᠦ ᠰᠦᠨ ᠳᠠᠯᠠᠢ ᠮᠡᠲᠦ ᠪᠤᠶᠠᠨ ᠬᠡᠰᠢᠭ ᠳᠡᠯᠭᠡᠷᠡᠵᠦ 
ᠬᠠᠨ ᠬᠥᠮᠦᠨ ᠬᠠᠷᠠᠵᠤ ᠪᠠᠭᠤᠬᠤ ᠴᠠᠭ ᠲᠤ᠌ 
ᠬᠠᠵᠠᠭᠤ ᠭᠠᠵᠠᠷ ᠤ᠋ᠨ ᠪᠤᠯᠠᠭ ᠮᠡᠲᠦ ᠳᠡᠪᠤᠷᠡᠩᠭᠦᠢ ᠰᠠᠢᠬᠠᠨ
ᠡᠯᠢᠭᠡᠨ ᠬᠥᠮᠦᠨ ᠡᠷᠭᠢᠵᠦ ᠪᠠᠭᠤᠬᠤ ᠶ᠋ᠢᠨ ᠴᠠᠭ ᠲᠤ᠌ 
ᠡᠭᠡᠪᠦᠷ ᠭᠠᠵᠠᠷ ᠤ᠋ᠨ ᠴᠡᠴᠡᠭ ᠮᠡᠲᠦ ᠳᠡᠯᠭᠡᠷᠡᠩᠭᠦᠢ ᠰᠠᠢᠬᠠᠨ 
ᠥᠨᠳᠥᠷ ᠬᠥᠬᠡ ᠣᠭᠲᠠᠷᠭᠤᠢ ᠮᠡᠲᠦ ᠣᠷᠴᠢᠯᠠᠩ ᠳ᠋ᠤ᠌ ᠲᠣᠳᠣᠷᠬᠠᠢ 
ᠲᠦᠭᠡᠮᠡᠯ ᠨᠠᠷᠠᠨ ᠤ᠋ ᠭᠡᠷᠡᠯ ᠮᠡᠲᠦ 
ᠲᠥᠪ ᠰᠠᠢᠬᠠᠨ ᠵᠢᠷᠭᠠᠵᠤ ᠶᠠᠪᠤᠬᠤ ᠶ᠋ᠢᠨ ᠲᠤᠯᠠᠳᠠ 
ᠥᠷᠯᠥᠭ ᠶᠡᠬᠡ ᠪᠣᠭᠳᠠ ᠴᠢᠩᠭᠢᠰ ᠬᠠᠭᠠᠨ ᠤ᠋ 
ᠥᠷᠭᠡᠨ ᠶᠡᠬᠡ ᠨᠠᠢᠷ ᠤ᠋ᠨ ᠪᠡᠯᠭᠡ 
ᠥᠨᠳᠥᠷ ᠴᠠᠭᠠᠨ ᠰᠥᠩ ᠦ᠋ᠨ ᠳᠡᠭᠡᠵᠢ ᠶ᠋ᠢ 
ᠡᠷᠭᠦᠨ ᠳᠡᠯᠭᠡᠷᠡᠭᠦᠯᠵᠦ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠯᠠᠮᠠ ᠪᠤᠷᠬᠠᠨ ᠳᠡᠭᠡᠳᠦ ᠨᠣᠮ 
ᠰᠠᠨᠰᠠᠷᠲᠤ ᠶ᠋ᠢᠨ ᠠᠪᠬᠤ ᠣᠷᠬᠢᠬᠤ ᠬᠣᠶᠠᠷ ᠤ᠋ᠨ ᠢᠯᠭᠠᠯ ᠢ᠋ 
ᠥᠪᠡᠷ ᠥᠪᠡᠷ ᠢ᠋ᠶ᠋ᠡᠨ ᠢᠯᠭᠠᠵᠤ ᠰᠠᠢᠬᠠᠨ ᠮᠡᠳᠡᠭᠡᠳ 
ᠠᠯᠲᠠᠨ ᠲᠣᠳᠢ ᠶ᠋ᠢᠨ ᠥᠭᠦᠯᠡᠭᠰᠡᠨ ᠮᠡᠲᠦ ᠦᠭᠡ ᠪᠡᠷ 
ᠠᠮᠢᠲᠠᠨ ᠲᠣᠭᠠᠲᠠᠨ ᠤ᠋ ᠦᠭᠡ ᠪᠡᠷ ᠣᠷᠴᠢᠭᠤᠯᠵᠤ 
ᠳᠡᠭᠡᠳᠦ ᠲᠡᠭᠷᠢ ᠶ᠋ᠢᠨ ᠣᠷᠣᠨ ᠠ᠋ᠴᠠ ᠡᠭᠦᠰᠦᠭᠰᠡᠨ
ᠳᠡᠭᠡᠷ᠎ᠡ ᠬᠠᠭᠠᠨ ᠮᠥᠩᠬᠡ ᠲᠡᠭᠷᠢ ᠨᠣᠶᠠᠳ ᠮᠠᠨ᠎ᠠ 
ᠮᠥᠩᠬᠡ ᠦᠷᠭᠦᠯᠵᠢᠳᠡ ᠲᠠᠮᠠᠭᠠᠨ ᠤ᠋ ᠲᠡᠭᠷᠢ ᠶ᠋ᠢᠨ ᠪᠣᠱᠣᠭ ᠤ᠋ᠨ ᠦᠶ᠎ᠡ  ᠪᠡᠷ 
ᠦᠷᠭᠦᠯᠵᠢᠳᠡ ᠪᠠᠲᠤ ᠰᠠᠢᠬᠠᠨ ᠳᠡᠯᠭᠡᠷᠡᠵᠦ 
ᠭᠠᠰᠢᠯ ᠤ᠋ᠨ ᠣᠷᠣᠨ ᠠ᠋ᠴᠠ ᠡᠭᠦᠰᠴᠦ ᠭᠠᠷᠤᠭᠰᠠᠨ 
ᠭᠠᠷᠤᠭᠴᠢ ᠨᠠᠷᠠᠨ ᠠ᠋ᠴᠠ ᠮᠠᠨᠳᠤᠵᠤ ᠭᠠᠷᠤᠭᠰᠠᠨ
ᠴᠠᠭᠯᠠᠰᠢᠶᠠᠨ ᠦᠭᠡᠢ ᠪᠠᠯᠮ᠎ᠠ ᠶ᠋ᠢᠨ ᠴᠠᠭᠠᠨ ᠪᠤᠶᠠᠨ 
ᠴᠠᠭᠠᠨ ᠮᠣᠳᠣᠷ ᠎ᠠ᠋ᠴᠠ ᠰᠠᠯᠤᠯ ᠦᠭᠡᠢ 
ᠭᠠᠨᠵᠤᠭ᠎ᠠ᠎ ᠠ᠋ᠴᠠ ᠢᠷᠡᠭᠴᠢ ᠭᠠᠯ  ᠴᠠᠭᠠᠨ ᠪᠤᠶᠠᠨ 
ᠭᠠᠷ ᠮᠣᠳᠣᠷ᠎ ᠠ᠋ᠴᠠ ᠬᠣᠢᠭᠤᠯ ᠦᠭᠡᠢ 
ᠪᠠᠷᠰ ᠪᠠᠷᠢᠭᠤᠯᠲᠤ ᠲᠠᠮᠠᠭ᠎ᠠ  ᠶ᠋ᠢ ᠮᠣᠳᠣᠷ ᠳᠡᠭᠡᠷ᠎ᠡ  ᠪᠡᠨ ᠵᠠᠯᠠᠵᠤ 
ᠪᠠᠯᠮᠠᠷᠠᠭᠢ ᠵᠢᠩᠰᠡ ᠶ᠋ᠢ ᠲᠡᠷᠢᠭᠦᠨ ᠳᠡᠭᠡᠷ᠎ᠡ ᠪᠡᠨ ᠵᠠᠯᠠᠵᠤ 
ᠵᠢᠯ ᠢᠷᠡᠬᠦ ᠶ᠋ᠢᠨ ᠨᠢᠭᠡ ᠵᠢᠩᠰᠡ ᠶ᠋ᠢᠨ ᠭᠡᠷᠡᠯ ᠨᠡᠮᠡᠵᠦ 
ᠣᠨ ᠢᠷᠡᠬᠦ ᠶ᠋ᠢᠨ ᠨᠢᠭᠡ ᠤᠲᠤᠭ᠎ᠠ ᠶ᠋ᠢᠨ ᠴᠡᠴᠡᠭᠡᠢ ᠨᠡᠮᠡᠵᠦ 
ᠣᠯᠠᠨ ᠰᠠᠢᠬᠠᠨ ᠨᠠᠰᠤ ᠰᠡᠭᠦᠳᠡᠷ ᠵᠣᠭᠣᠭᠯᠠᠵᠤ 
ᠣᠷᠣᠢ ᠶ᠋ᠢᠨ ᠴᠢᠮᠡᠭ ᠣᠭᠲᠠᠷᠭᠤᠢ ᠶ᠋ᠢᠨ ᠨᠠᠷᠠᠨ 
ᠡᠵᠡᠨ ᠬᠠᠭᠠᠳ ᠤ᠋ᠨ ᠮᠠᠨ᠎ᠠ ᠲᠦᠮᠡᠨ ᠥᠯᠮᠡᠢ ᠪᠠᠲᠤᠵᠢᠵᠤ 
ᠲᠦᠪᠰᠢᠨ ᠲᠥᠷᠥ ᠳᠡᠯᠭᠡᠷᠡᠵᠦ 
ᠲᠦᠮᠡᠨ ᠣᠯᠠᠨ ᠢᠷᠭᠡᠨ ᠵᠢᠷᠭᠠᠵᠤ ᠪᠠᠢᠬᠤ ᠶ᠋ᠢᠨ ᠲᠤᠯᠠᠳᠠ 
ᠲᠤᠩᠭᠠᠯᠠᠭ ᠠᠯᠲᠠᠨ ᠰᠥᠩ ᠦ᠋ᠨ ᠲᠠᠨᠢ ᠳᠡᠭᠡᠵᠢ ᠶ᠋ᠢ 
ᠲᠣᠳᠣᠷᠬᠠᠢ ᠳᠡᠯᠭᠡᠷᠡᠭᠦᠯᠵᠦ ᠠᠢᠯᠠᠳᠬᠠᠪᠠ ᠴᠣᠳ! 
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠪᠤᠷᠬᠠᠨ ᠱᠠᠭᠵᠠᠮᠤᠨᠢ ᠶ᠋ᠢᠨ ᠵᠠᠷᠯᠢᠭ ᠢ᠋ᠶ᠋ᠠᠷ
ᠬᠦᠴᠦᠨ ᠦ᠌ ᠬᠦᠷᠳᠦ ᠶ᠋ᠢ ᠣᠷᠴᠢᠭᠤᠯᠵᠤ 
ᠲᠠᠪᠤᠳᠤᠭᠠᠷ ᠳᠠᠯᠠᠢ ᠯᠠᠮᠠ ᠶ᠋ᠢᠨ ᠭᠡᠭᠡᠨ ᠢ᠋ ᠵᠦᠩᠳᠦᠷ ᠵᠠᠯᠠᠵᠤ 
ᠠᠷᠪᠠᠨ ᠭᠤᠷᠪᠠᠨ ᠲᠥᠪᠡᠳ ᠢ᠋ ᠲᠣᠭᠠᠯᠠᠵᠤ ᠪᠠᠷᠢᠭᠠᠳ 
ᠡᠷᠬᠡᠲᠦ ᠳᠠᠯᠠᠢ ᠯᠠᠮᠠ ᠶ᠋ᠢᠨ ᠭᠡᠭᠡᠨ ᠢ᠋ ᠡᠷᠭᠦᠮᠵᠢᠯᠡᠵᠦ 
ᠪᠠᠨᠴᠢᠨ ᠡᠷᠳᠡᠨᠢ ᠶ᠋ᠢᠨ ᠭᠡᠭᠡᠨ ᠢ᠋ ᠡᠷᠭᠦᠮᠵᠢᠯᠡᠵᠦ 
ᠪᠤᠷᠬᠠᠨ ᠤ᠋ ᠱᠠᠵᠢᠨ ᠢ᠋ ᠶᠡᠷᠦ ᠶ᠋ᠢᠨ ᠬᠢᠭᠡᠳ 
ᠢᠯᠠᠭᠤᠨ ᠪᠣᠭᠳᠠ ᠽᠥᠩᠺᠠᠪᠠ ᠶ᠋ᠢᠨ ᠠᠯᠲᠠᠲᠤ ᠰᠠᠢᠬᠠᠨ ᠰᠢᠬᠦᠷ  ᠢ᠋ 
ᠰᠦᠮᠪᠦᠷ ᠠᠭᠤᠯᠠ ᠶ᠋ᠢᠨ ᠦᠵᠦᠭᠦᠷ ᠲᠦ᠍ ᠬᠦᠷᠭᠡᠵᠦ ᠬᠠᠳᠬᠤᠭᠠᠳ 
ᠱᠠᠵᠢᠨ ᠡᠷᠳᠡᠨᠢ ᠶ᠋ᠢ ᠰᠠᠢᠬᠠᠨ ᠳᠡᠯᠭᠡᠷᠡᠭᠦᠯᠵᠦ ᠪᠠᠢᠭᠰᠠᠨ 
ᠴᠣᠭᠲᠤ ᠸᠴᠢᠷᠪᠠᠨᠢ ᠶ᠋ᠢᠨ ᠬᠤᠲᠤᠭᠲᠤ ᠡᠵᠡᠨ ᠭᠡᠭᠡᠨ ᠭᠦᠦᠰᠢ ᠬᠠᠭᠠᠨ ᠤ᠋ 
ᠠᠷᠪᠠᠨ ᠲᠠᠢᠵᠢ ᠶ᠋ᠢᠨ ᠳᠥᠷᠪᠡᠳᠦᠭᠡᠷ ᠲᠠᠢᠵᠢ 
ᠰᠠᠩ ᠭᠠᠷᠤᠳᠢ ᠰᠡᠴᠡᠨ ᠳᠠᠢᠵᠢᠨ 
ᠤᠭ ᠦᠶ᠎ᠡ ᠶ᠋ᠢ ᠲᠠᠰᠤᠷᠠᠯ ᠦᠭᠡᠢ 
ᠲᠥᠷᠥ ᠶ᠋ᠢ ᠳᠥᠰᠢᠨ ᠳᠡᠯᠭᠡᠷᠡᠭᠦᠯᠦᠭᠰᠡᠨ 
ᠪᠣᠭᠳᠠ ᠡᠵᠡᠨ ᠮᠢᠨᠢ ᠲᠦᠮᠡᠨ ᠥᠯᠵᠡᠢ ᠪᠠᠲᠤᠵᠢᠵᠤ 
ᠥᠨᠳᠥᠷ ᠬᠥᠬᠡ ᠣᠭᠲᠠᠷᠭᠤᠢ ᠎ᠠ᠋ᠴᠠ ᠲᠠᠲᠠᠭᠴᠢ 
ᠥᠩᠭᠡᠲᠦ ᠰᠣᠯᠣᠩᠭᠠᠨ ᠭᠣᠶᠣ ᠰᠠᠢᠬᠠᠨ ᠦᠵᠡᠰᠬᠦᠯᠡᠩᠲᠦ ᠰᠢᠭ 
ᠨᠠᠢ᠍ᠮᠠᠨ ᠭᠡᠰᠢᠭᠦᠦ ᠲᠡᠭᠦᠰᠦᠭᠰᠡᠨ 
ᠭᠠᠩᠭ᠎ᠠ ᠮᠦᠷᠡᠲᠦ ᠶ᠋ᠢᠨ ᠤᠰᠤᠨ ᠦᠷᠭᠦᠯᠵᠢᠳᠡ ᠮᠡᠲᠦ 
ᠠᠷᠪᠠᠨ ᠶᠡᠬᠡ ᠪᠤᠶᠠᠨ ᠲᠠᠢ ᠨᠠᠷᠠᠨ ᠰᠠᠷᠠᠲᠤ ᠶ᠋ᠢᠨ ᠭᠡᠷᠡᠯ ᠮᠡᠲᠦ 
ᠰᠠᠷᠠᠭᠤᠯ ᠰᠠᠢᠬᠠᠨ ᠤᠬᠠᠭᠠᠨ ᠲᠠᠢ 
ᠵᠡᠷᠭᠡᠯᠭᠡᠨᠲᠦ ᠰᠦᠨ ᠳᠠᠯᠠᠢ ᠮᠡᠲᠦ ᠳᠦᠭᠦᠷᠡᠩ ᠰᠠᠢᠬᠠᠨ 
ᠵᠢᠪᠬᠤᠯᠠᠩᠲᠤ ᠰᠦᠮᠪᠦᠷ ᠠᠭᠤᠯᠠ ᠮᠡᠲᠦ ᠪᠠᠲᠤ ᠰᠠᠢᠬᠠᠨ 
ᠳᠡᠭᠡᠳᠦ ᠵᠢᠪᠬᠤᠯᠠᠩᠲᠤ ᠳᠥᠷᠪᠡᠨ ᠥᠭᠡᠯᠡᠳ ᠦ᠋ᠨ ᠠᠮᠢᠲᠠᠨ ᠢ᠋ 
ᠲᠠᠩᠳᠠ ᠡᠭᠦᠯᠡᠨ ᠮᠡᠲᠦ ᠡᠮᠦᠨ᠎ᠡ ᠪᠡᠨ ᠴᠤᠭᠯᠠᠭᠤᠯᠵᠤ 
ᠲᠥᠪ ᠠᠮᠤᠭᠤᠯᠠᠩ ᠵᠢᠷᠭᠠᠵᠤ ᠪᠠᠢᠬᠤ ᠶ᠋ᠢᠨ ᠲᠤᠯᠠᠳᠠ 
ᠠᠷᠢᠭᠤᠨ ᠴᠠᠭᠠᠨ ᠢᠳᠡᠭᠡᠨ ᠦ᠌ ᠳᠡᠭᠡᠵᠢ 
ᠷᠠᠰᠢᠶᠠᠨ ᠪᠡᠯᠭᠡ ᠰᠥᠩ ᠦ᠋ᠨ ᠲᠠᠨᠢ ᠳᠡᠭᠡᠵᠢ ᠶ᠋ᠢ 
ᠠᠢᠯᠠᠳᠬᠠᠨ ᠰᠠᠴᠤᠵᠤ ᠪᠠᠷᠢᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠴᠢᠩ ᠡᠵᠡᠨ ᠲᠡᠭᠷᠢ ᠡᠴᠡ ᠡᠭᠦᠰᠦᠭᠰᠡᠨ 
ᠴᠢᠩᠭᠢᠰ ᠪᠣᠭᠳᠠ ᠬᠠᠭᠠᠨ ᠯᠤᠭ᠎ᠠ ᠨᠢᠭᠡᠨ ᠤᠭ ᠲᠠᠢ 
ᠽᠠᠨᠳᠢᠶ᠎ᠠ ᠲᠡᠭᠷᠢ ᠶ᠋ᠢᠨ ᠣᠷᠣᠨ ᠠ᠋ᠴᠠ ᠵᠠᠶᠠᠭ᠎ᠠ ᠪᠠᠷ ᠪᠦᠲᠦᠭᠰᠡᠨ 
ᠭᠡᠭᠡᠨ ᠭᠦᠦᠰᠢ ᠬᠠᠨ ᠪᠠᠷᠠᠭᠤᠨ ᠬᠣᠢᠲᠤ  ᠵᠦᠭ ᠲᠦ᠍ 
ᠬᠥᠨᠳᠡᠢ ᠰᠠᠷᠢᠭ᠋ ᠬᠡᠮᠡᠭᠴᠢ ᠭᠠᠵᠠᠷ
ᠣᠭᠤᠢ ᠰᠢᠭᠤᠢ ᠤᠰᠤᠨ ᠮᠣᠷᠢᠨ ᠵᠢᠯ ᠳ᠋ᠦ᠍ 
ᠣᠷᠴᠢᠯᠠᠩ ᠤ᠋ᠨ ᠳᠤᠮᠳᠠ ᠴᠡᠴᠡᠭᠯᠡᠭᠴᠢ ᠬᠥᠮᠦᠨ ᠦ᠌ ᠳᠦᠷᠢ ᠪᠠᠷᠢᠵᠤ 
ᠬᠠᠨ ᠨᠣᠶᠠᠨ ᠬᠣᠩᠭᠣᠷ ᠤ᠋ᠨ
ᠶᠢᠦᠭᠡᠴᠡ ᠳᠠᠭᠢᠨᠢ ᠬᠠᠲᠤᠨ ᠠ᠋ᠴᠠ
ᠸᠴᠢᠷᠪᠠᠨᠢ ᠪᠣᠯᠵᠤ ᠬᠤᠪᠢᠯᠤᠨ ᠲᠣᠳᠣᠷᠠᠪᠠᠢ᠃ 
ᠲᠥᠷᠥ ᠶ᠋ᠢ ᠪᠠᠷᠢᠭᠴᠢ ᠭᠡᠭᠡᠨ ᠭᠦᠦᠰᠢ ᠬᠠᠨ 
ᠠᠯᠲᠠᠨ ᠽᠥᠩᠺᠠᠪᠠ ᠰᠢᠷ᠎ᠠ ᠶ᠋ᠢᠨ ᠱᠠᠵᠢᠨ 
ᠠᠯᠲᠠ ᠯᠢᠩᠠᠠᠸ᠎ᠠ ᠴᠡᠴᠡᠭ ᠮᠡᠲᠦ ᠳᠡᠯᠭᠡᠷᠡᠬᠦ ᠪᠣᠯᠲᠤᠭᠠᠢ! 
ᠲᠦᠭᠡᠮᠡᠯ ᠨᠠᠷᠠᠨ ᠤ᠋ ᠵᠣᠯᠢ ᠮᠡᠲᠦ ᠲᠣᠳᠣ 
ᠲᠦᠮᠡᠨ ᠮᠢᠩᠭᠠᠨ ᠨᠣᠶᠠᠳ ᠤ᠋ᠳ ᠤ᠋ᠨ ᠡᠮᠦᠨ᠎ᠡ 
ᠮᠥᠩᠬᠡ ᠲᠤᠩᠭᠠᠯᠠᠭ ᠰᠥᠩ ᠦ᠋ᠨ ᠲᠠᠨᠢ ᠳᠡᠭᠡᠵᠢ ᠶ᠋ᠢ 
ᠮᠥᠷᠭᠥᠨ ᠰᠠᠴᠤᠵᠤ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠭᠤᠴᠢᠨ ᠭᠤᠷᠪᠠᠨ ᠬᠤᠷᠮᠤᠰᠲᠠ ᠲᠡᠭᠷᠢ ᠶ᠋ᠢᠨ ᠣᠷᠣᠨ ᠠ᠋ᠴᠠ ᠡᠭᠦᠰᠦᠭᠰᠡᠨ 
ᠭᠤᠷᠪᠠᠨ ᠰᠤᠷᠭᠠᠯ ᠨᠣᠮ ᠢ᠋ᠶ᠋ᠠᠷ ᠲᠡᠳᠬᠦᠭᠰᠡᠨ  
ᠭᠤᠷᠪᠠᠨ ᠣᠷᠣᠨ ᠤ᠋ ᠡᠵᠡᠨ ᠨᠣᠮ ᠤ᠋ᠨ ᠬᠠᠭᠠᠨ 
ᠽᠥᠩᠺᠠᠪᠠ ᠶ᠋ᠢᠨ ᠰᠢᠷ᠎ᠠ ᠶ᠋ᠢᠨ ᠱᠠᠵᠢᠨ ᠳ᠋ᠤ᠌ 
ᠮᠠᠰᠢ ᠰᠠᠢᠬᠠᠨ ᠠᠴᠢᠲᠠᠢ ᠪᠣᠯᠤᠭᠰᠠᠨ 
ᠭᠤᠷᠪᠠᠳᠤᠭᠠᠷ ᠪᠠᠷᠰ ᠬᠠᠮᠤᠭ ᠪᠤᠷᠬᠠᠨ ᠤ᠋ 
ᠤᠬᠠᠭᠠᠨ ᠬᠦᠴᠦᠨ ᠨᠢᠭᠡᠨ ᠳ᠋ᠦ᠍ ᠬᠤᠷᠢᠶᠠᠭᠰᠠᠨ 
ᠮᠥᠨ ᠴᠢᠨᠠᠷᠲᠤ ᠴᠣᠭᠲᠤ ᠸᠴᠢᠷᠪᠠᠨᠢ ᠶ᠋ᠢᠨ ᠬᠤᠪᠢᠯᠭᠠᠨ 
ᠡᠵᠡᠨ ᠭᠡᠭᠡᠨ ᠭᠦᠦᠰᠢ ᠬᠠᠭᠠᠨ ᠤ᠋ ᠦᠷᠡᠨ ᠨᠣᠶᠠᠳ ᠤ᠋ᠳ ᠤ᠋ᠨ 
ᠮᠥᠩᠬᠡ ᠴᠠᠭᠠᠨ ᠲᠥᠷᠥ ᠠᠷᠪᠠᠨ ᠵᠦᠭ ᠲᠦ᠍ 
ᠮᠠᠰᠢ ᠰᠠᠢᠬᠠᠨ ᠳᠡᠯᠭᠡᠷᠡᠵᠦ ᠪᠠᠢᠬᠤ ᠶ᠋ᠢᠨ ᠲᠤᠯᠠᠳᠠ 
ᠷᠠᠰᠢᠶᠠᠨ ᠲᠤᠩᠭᠠᠯᠠᠭ ᠰᠥᠩ ᠦ᠋ᠨ ᠴᠢᠨᠢ ᠳᠡᠭᠡᠵᠢ ᠶ᠋ᠢ 
ᠠᠢᠯᠠᠳᠬᠠᠨ ᠰᠠᠴᠤᠵᠤ ᠳᠡᠯᠭᠡᠷᠡᠭᠦᠯᠪᠡ ᠴᠣᠳ! 
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠵᠡᠨ ᠭᠡᠭᠡᠨ ᠭᠦᠦᠰᠢ ᠬᠠᠭᠠᠨ ᠤ᠋ 
ᠦᠷᠡᠨ ᠲᠠᠢᠵᠢ ᠲᠡᠮᠳᠡᠭᠯᠡᠭᠰᠡᠨ 
ᠬᠠᠭᠠᠰ ᠲᠠᠮᠠᠭ᠎ᠠ ᠶ᠋ᠢᠨ ᠲᠤᠰᠠᠯᠠᠭᠴᠢ ᠨᠣᠶᠠᠳ ᠬᠢᠭᠡᠳ 
ᠬᠠᠱ᠌ᠢ ᠶᠣᠨᠳᠣᠨ ᠡᠷᠳᠡᠨᠢ ᠲᠠᠮᠠᠭ᠎ᠠ ᠶ᠋ᠢᠨ ᠳᠥᠷᠪᠡᠨ ᠥᠨᠴᠥᠭ ᠢ᠋ ᠲᠦᠰᠢᠭᠰᠡᠨ 
ᠬᠠᠰᠢᠮᠡᠯ ᠲᠦᠰᠢᠮᠡᠯ ᠰᠠᠢᠳ ᠤ᠋ᠳ 
ᠡᠵᠡᠨ ᠪᠤᠭᠳᠠᠴᠤᠳ ᠠᠯᠠᠭᠠᠨ ᠮᠤᠲᠤᠷ  ᠲᠠᠭᠠᠨ 
ᠠᠯᠲᠠᠨ ᠴᠢᠨᠳᠠᠮᠤᠨᠢ ᠶ᠋ᠢᠨ ᠬᠠᠢᠷᠠᠲᠠᠢ ᠥᠰᠬᠡᠭᠰᠡᠨ 
ᠠᠯᠪᠠᠲᠤ ᠢᠷᠭᠡᠨ ᠣᠯᠠᠨ ᠬᠤᠰᠢᠭᠤᠨ 
ᠬᠠᠨ ᠨᠣᠶᠠᠳ ᠬᠣᠩᠭᠣᠷ ᠤ᠋ᠨ ᠲᠠᠢᠵᠢ ᠲᠥᠷᠥᠭᠰᠡᠨ
ᠲᠡᠷᠡ ᠴᠠᠭ ᠠ᠋ᠴᠠ ᠡᠨᠳᠡᠯ ᠦᠭᠡᠢ
ᠠᠷᠪᠠᠨ ᠨᠠᠢ᠍ᠮᠠᠨ ᠮᠣᠵᠢ ᠳ᠋ᠤ᠌ 
ᠠᠯᠳᠠᠷᠰᠢᠨ ᠳᠠᠭᠤᠷᠢᠰᠴᠤ ᠳᠡᠯᠭᠡᠷᠡᠵᠦ ᠪᠠᠢᠭᠰᠠᠨ 
ᠡᠵᠡᠨ ᠭᠡᠭᠡᠨ ᠭᠦᠦᠰᠢ ᠬᠠᠭᠠᠨ ᠤ᠋ ᠮᠥᠩᠬᠡ ᠴᠠᠭᠠᠨ ᠲᠥᠷᠥ 
ᠠᠷᠪᠠᠨ ᠵᠦᠭ ᠲᠦ᠍ ᠡᠩᠬᠡ ᠠᠮᠤᠭᠤᠯᠠᠩ ᠪᠠᠲᠤᠵᠢᠬᠤ ᠶ᠋ᠢᠨ ᠲᠤᠯᠠᠳᠠ 
ᠷᠠᠰᠢᠶᠠᠨ ᠮᠡᠯᠮᠡᠭᠡᠷ ᠠᠯᠲᠠᠨ ᠰᠥᠩ ᠦ᠋ᠨ ᠳᠡᠭᠡᠵᠢ ᠶ᠋ᠢ 
ᠠᠢᠯᠠᠳᠬᠠᠨ ᠳᠡᠯᠭᠡᠷᠡᠭᠦᠯᠵᠦ ᠰᠠᠴᠤᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠴᠡᠭᠡᠨ ᠭᠡᠳᠡᠭ ᠢᠳᠡᠭᠡᠨ 
ᠴᠢᠩ ᠴᠠᠭᠠᠨ ᠭᠡᠭᠦᠨ ᠦ᠌ ᠰᠦᠨ 
ᠴᠢᠩᠭᠢᠰ ᠪᠣᠭᠳᠠ ᠬᠠᠭᠠᠨ ᠵᠣᠬᠢᠶᠠᠭᠰᠠᠨ ᠢᠳᠡᠭᠡᠨ ᠪᠢᠯᠡ 
ᠲᠦᠮᠡᠨ ᠡᠷᠳᠡᠨᠢ ᠪᠡᠷ ᠪᠦᠲᠦᠭᠡᠭᠰᠡᠨ 
ᠲᠦᠭᠡᠮᠡᠯ ᠮᠠᠰᠢ ᠰᠠᠢᠬᠠᠨ ᠡᠳᠦᠷ ᠪᠡᠯᠡᠭᠯᠡᠭᠰᠡᠨ ᠪᠡᠯᠡᠭ ᠪᠢᠯᠡ 
ᠲᠦᠮᠡᠨ ᠰᠢᠷᠭᠠᠯ ᠢᠳᠡᠭᠡᠨ ᠦ᠌ ᠳᠡᠭᠡᠵᠢ ᠪᠢᠯᠡ 
ᠠᠷᠤᠷ᠎ᠠ ᠪᠦᠷᠢ ᠶ᠋ᠢᠨ ᠠᠮᠲᠠ ᠪᠠᠷ ᠪᠦᠲᠦᠭᠡᠭᠰᠡᠨ
ᠠᠷᠪᠠᠨ ᠵᠦᠭ ᠦ᠋ᠨ ᠪᠤᠷᠬᠠᠨ ᠤ᠋ ᠨᠠᠩᠴᠢᠳ ➓ ᠪᠢᠯᠡ
ᠠᠬ᠎ᠠ ᠲᠠᠷᠠᠤ ᠥᠩᠭᠡ ᠭᠡᠢᠴᠢᠳ ᠦ᠋ᠨ
ᠥᠩ ᠨᠠᠢᠷ ᠤ᠋ᠨ ᠴᠡᠩᠭᠡᠯ ᠪᠣᠯᠤᠭᠰᠠᠨ
ᠠᠮᠲᠠᠲᠤ ᠢᠳᠡᠭᠡᠨ ᠦ᠌ ᠳᠡᠭᠡᠵᠢ ᠪᠢᠯᠡ᠃
ᠡᠩᠬᠡ ᠲᠥᠷᠥ ᠳ᠋ᠦ᠍ ᠡᠵᠡᠨ ᠦ᠌ ᠮᠢᠨᠢ ᠰᠢᠷᠡᠭᠡ ᠪᠠᠲᠤᠳᠬᠤ ᠪᠣᠯᠲᠤᠭᠠᠢ!
ᠡᠷᠳᠡᠨᠢ ᠶ᠋ᠢᠨ ᠨᠣᠮ ᠰᠢᠷ᠎ᠠ ᠶ᠋ᠢᠨ ᠱᠠᠵᠢᠨ ᠤ᠋ ᠯᠠᠮᠠ ᠶ᠋ᠢᠨ
ᠰᠢᠷᠡᠭᠡ ᠪᠠᠲᠤᠳᠬᠤ ᠪᠣᠯᠲᠤᠭᠠᠢ!
ᠬᠠᠨ ᠨᠣᠶᠠᠨ ᠬᠠᠮᠤᠭ ᠠᠯᠪᠠᠲᠤ ᠪᠦᠭᠦᠳᠡᠭᠡᠷ
ᠠᠯᠲᠠᠨ ᠳᠡᠯᠭᠡᠷ ᠨᠤᠲᠤᠭ ᠲᠠᠢ
ᠮᠠᠯ ᠢ᠋ᠶ᠋ᠠᠷ ᠪᠠᠶᠠᠨ
ᠦᠷ᠎ᠡ ᠪᠡᠷ ᠥᠨᠢᠷ
ᠵᠠᠶᠠᠭ᠎ᠠ ᠪᠠᠷ ᠲᠦᠪᠰᠢᠨ
ᠰᠠᠨᠠᠭ᠎ᠠ ᠪᠠᠷ ᠠᠮᠤᠷ
ᠨᠠᠢᠷ ᠪᠡᠯᠭᠡ ᠬᠣᠶᠠᠷ ᠤ᠋ᠨ ᠳᠤᠮᠳᠠ
ᠨᠠᠰᠤᠨ ᠦᠷᠭᠦᠯᠵᠢᠳᠡ ᠴᠡᠩᠭᠡᠵᠦ
ᠥᠨᠳᠥᠷ ᠬᠥᠬᠡ ᠣᠭᠲᠠᠷᠭᠤᠢ ᠮᠡᠲᠦ ᠲᠠᠢᠪᠠᠯᠠᠯ ᠦᠭᠡᠢ 
ᠥᠷᠭᠡᠨ ᠬᠥᠬᠡ ᠵᠦᠯᠭᠡᠨ ᠮᠡᠲᠦ ᠬᠡᠯᠪᠡᠯᠡᠯ ᠦᠭᠡᠢ ᠪᠠᠲᠤᠵᠢᠬᠤ ᠶ᠋ᠢᠨ ᠲᠤᠯᠠᠳᠠ 
ᠳᠥᠷᠪᠡᠨ ᠶᠤᠸᠠᠨᠪᠤᠤ ᠬᠥᠯ ᠲᠡᠢ 
ᠳᠦᠷᠪᠡᠯᠵᠡᠨ ᠠᠷᠰᠯᠠᠨ ᠡᠭᠡᠮ ᠲᠡᠢ ᠰᠢᠷᠡᠭᠡᠨ ᠳᠡᠭᠡᠷ᠎ᠡ ᠲᠠᠨᠢ 
ᠲᠦᠮᠡᠨ ᠣᠯᠠᠨ ᠣᠯᠪᠣᠭ ᠤ᠋ᠨ ᠲᠠᠨᠢ ᠡᠮᠦᠨ᠎ᠡ 
ᠡᠩᠬᠡ ᠲᠦᠰᠢᠮᠡᠳ ᠦ᠋ᠨ ᠳᠡᠷᠭᠡᠳᠡ 
ᠠᠯᠪᠠᠲᠤ ᠬᠤᠰᠢᠭᠤᠨ ᠤ᠋ ᠳᠤᠮᠳᠠ
ᠠᠯᠲᠠᠨ ᠰᠣᠨᠣᠷ ᠤ᠋ᠨ ᠭᠡᠭᠡᠨ ᠳ᠋ᠦ᠍ ᠲᠠᠨᠢ 
ᠠᠬ᠎ᠠ ᠲᠠᠷᠠᠤ ᠣᠯᠠᠨ ᠳ᠋ᠤ᠌ 
ᠲᠤᠩ ᠴᠠᠭᠠᠨ ᠦᠷᠭᠦᠭᠡᠨ ᠳᠤᠮᠳᠠ 
ᠲᠣᠭᠠᠲᠤ ᠬᠤᠷᠢᠮ ᠲᠣᠯᠣᠭᠠᠢᠲᠤ ᠰᠢᠭᠦᠰᠦ 
ᠲᠣᠰᠣᠲᠠᠢ ᠳᠡᠭᠡᠵᠢ ᠶ᠋ᠢᠨ ᠲᠠᠨᠢ ᠳᠡᠭᠡᠷ᠎ᠡ 
ᠲᠣᠳᠣᠷᠬᠠᠢ ᠳᠠᠭᠤᠷᠢᠰᠬᠠᠵᠤ ᠳᠡᠯᠭᠡᠷᠡᠭᠦᠯᠪᠡ ᠴᠣᠳ!  
➊  ᠲᠤᠰ ᠢᠷᠦᠭᠡᠯ ᠳ᠋ᠦ᠍ ᠮᠣᠩᠭᠣᠯ ᠢ᠋ ᠵᠢᠭᠠᠵᠡᠢ
➋  ᠪᠤᠷᠬᠠᠨ ᠱᠠᠰᠢᠨ ᠤ᠋ ᠳᠣᠮᠣᠭ ᠲᠤ᠌ ᠭᠠᠷᠳᠠᠭ ᠨᠠᠭᠤᠷ ᠤ᠋ᠨ ᠨᠡᠷ᠎ᠡ
➌ ᠨᠡᠪᠳᠡ
➍ ᠴᠠᠭᠠᠨ ᠮᠣᠳᠣᠨ ᠤ᠋ ᠳᠠᠪᠠᠷᠬᠠᠢ ᠰᠢᠲᠠᠭᠠᠪᠠᠯ ᠦᠨᠦᠷ ᠲᠡᠢ
➎ ᠴᠢᠩᠭᠢᠰ ᠦ᠋ᠨ ᠶᠢᠰᠦᠨ ᠥᠷᠯᠥᠭ ᠠᠨᠤ ᠪᠤᠭᠤᠷᠴᠢ ᠮᠤᠬᠤᠯᠠᠢ ᠪᠤᠷᠤᠬᠤᠯ ᠰᠢᠭᠢᠬᠤᠲᠤᠭ ᠵᠡᠪᠡ ᠵᠠᠯᠮ᠎ᠠ ᠰᠣᠷᠬᠠᠨ ᠰᠢᠷ᠎ᠠ ᠴᠤᠤ ᠮᠡᠷᠭᠡᠨ ᠬᠠᠷ᠎ᠠ ᠬᠢᠷᠤ 
➏ ᠲᠩᠷᠢ ᠡᠴᠡ ᠪᠠᠭᠤᠭᠰᠠᠨ ᠴᠠᠭᠠᠨ ᠢᠵᠠᠭᠤᠷᠲᠠᠨ ᠢ᠋ ᠵᠢᠭᠠᠵᠠᠢ  
➐ ᠱᠠᠰᠢᠨ ᠤ᠋ ᠨᠣᠮ ᠤ᠋ᠨ ᠶᠣᠰᠣ ᠦᠢᠯᠡᠳᠦᠨ ᠲᠠᠢᠯᠪᠤᠷᠢᠯᠠᠬᠤ ᠭᠡᠰᠡᠨ ᠤᠳᠬ᠎ᠠ ᠲᠠᠢ  
➑ ᠤᠬᠠᠭ᠎ᠠ ᠪᠢᠯᠢᠭ ᠬᠠᠢᠷᠠᠯᠠᠭᠴᠢ ᠨᠣᠮᠴᠢ ᠪᠤᠷᠬᠠᠨ ᠭᠡᠳᠡᠭ
➒ ᠲᠥᠪᠡᠳ ᠢ᠋ᠶ᠋ᠡᠷ ᠬᠠᠭᠠᠨ ᠭᠡᠰᠡᠨ ᠦᠭᠡ 
➓ ᠪᠤᠷᠬᠠᠨ ᠳ᠋ᠤ᠌ ᠡᠷᠭᠦᠭᠰᠡᠨ ᠲᠠᠬᠢᠯ ᠤ᠋ᠨ ᠠᠷᠢᠬᠢ
(ᠲᠤᠰ  ᠢᠷᠦᠭᠡᠯ  ᠢ᠋  ᠰᠦᠷᠢᠶ᠎ᠡ᠂ ᠪᠦᠯᠡᠢ᠂ ᠯᠠᠯᠠ  ᠨᠠᠷ   ᠢᠷᠥᠭᠡᠵᠦ
1980 ᠣᠨ ᠤ᠋12 ᠰᠠᠷ᠎ᠠ ᠳ᠋ᠤ᠌ ᠳ᠋ᠥᠪᠴᠢᠨ ᠴᠤᠭᠯᠠᠭᠤᠯᠤᠨ ᠲᠡᠮᠳᠡᠭᠯᠡᠪᠡ) 

ᠪᠠᠶᠠᠨ ᠰᠥᠩ ᠦ᠋ᠨ ᠢᠷᠦᠭᠡᠯ(ᠶᠢᠰᠦᠨ ᠡᠬᠢᠲᠦ)


ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠵᠢᠯ ᠦ᠋ᠨ ᠳᠤᠮᠳᠠᠬᠢ ᠵᠢᠪᠬᠤᠯᠠᠩᠲᠤ ᠰᠠᠢᠬᠠᠨ ᠡᠳᠦᠷ
ᠵᠢᠷᠭᠠᠯᠠᠩᠲᠤ ᠣᠯᠠᠨ ᠡᠯᠢᠭᠡᠨ ᠲᠥᠷᠥᠯ ᠲᠠᠨᠢ ᠪᠦᠭᠦᠳᠡᠭᠡᠷ
ᠴᠤᠭᠯᠠᠵᠤ ᠨᠠᠢᠷᠯᠠᠭᠰᠠᠨ ᠡᠳᠦᠷ
ᠣᠨ ᠤ᠋ ᠳᠤᠮᠳᠠ ᠣᠨᠴᠠ ᠰᠠᠢᠬᠠᠨ ᠡᠳᠦᠷ 
ᠣᠯᠠᠨ ᠡᠯᠢᠭᠡᠨ ᠲᠥᠷᠥᠯ ᠲᠠᠨᠢ ᠪᠦᠭᠦᠳᠡᠭᠡᠷ
ᠴᠤᠭᠯᠠᠵᠤ ᠨᠠᠢᠷᠯᠠᠭᠰᠠᠨ ᠡᠳᠦᠷ
ᠰᠠᠷ᠎ᠠ ᠶ᠋ᠢᠨ ᠳᠤᠮᠳᠠᠬᠢ ᠰᠠᠢᠬᠠᠨ ᠡᠳᠦᠷ
ᠰᠠᠢᠬᠠᠨ ᠡᠯᠢᠭᠡᠨ ᠲᠥᠷᠥᠯ ᠲᠠᠨᠢ ᠪᠦᠭᠦᠳᠡᠭᠡᠷ
ᠴᠤᠭᠯᠠᠵᠤ ᠨᠠᠢᠷᠯᠠᠭᠰᠠᠨ ᠡᠳᠦᠷ
ᠬᠠᠮᠤᠭ ᠢ᠋ ᠬᠠᠩᠭᠠᠭᠴᠢ
ᠬᠠᠲᠠᠭᠤ ᠶ᠋ᠢ ᠤᠶᠠᠷᠠᠭᠤᠯᠤᠭᠴᠢ
ᠬᠠᠷᠠᠩᠭᠤᠢ ᠶ᠋ᠢ ᠴᠦᠯᠡᠷᠡᠭᠦᠯᠦᠭᠴᠢ
ᠨᠠᠢ᠍ᠮᠠᠨ ᠲᠠᠯᠠᠲᠤ ᠪᠠᠯᠮ᠎ᠠ ᠶ᠋ᠢᠨ ᠳᠤᠮᠳᠠ 
ᠳᠥᠷᠪᠡᠨ ᠲᠠᠯᠠᠲᠤ ᠬᠣᠷᠯᠣ ᠶ᠋ᠢᠨ ᠳᠤᠮᠳᠠ 
ᠪᠠᠳᠠᠷᠠᠨ ᠭᠠᠷᠤᠭᠴᠢ ᠴᠠᠭᠠᠨ ᠭᠠᠯ ᠤ᠋ᠨ ᠲᠠᠨᠢ 
ᠵᠠᠯᠢ ᠪᠤᠷᠬᠠᠨ ᠰᠣᠶᠣᠷᠬᠠᠨ ᠥᠷᠥᠰᠢᠶᠡ! 
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠯᠠᠮᠠ ᠪᠤᠷᠬᠠᠨ ᠳᠡᠭᠡᠳᠦ ᠨᠣᠮ ᠬᠤᠲᠤᠭᠲᠤ ᠬᠤᠪᠢᠯᠭᠠᠨ ᠬᠢᠭᠡᠳ 
ᠬᠤᠷᠵᠢ ᠶ᠋ᠢᠨ ᠲᠡᠭᠷᠢ ᠳᠡᠯᠡᠬᠡᠢ ᠶ᠋ᠢᠨ ᠡᠵᠡᠨ 
ᠬᠠᠮᠤᠭ ᠨᠡᠢᠲᠡ ᠶ᠋ᠢ ᠡᠨᠡᠳᠬᠡᠭᠡᠳ 
ᠡᠨᠡᠳᠭᠡᠯ ᠦ᠋ᠨ ᠳᠡᠭᠡᠳᠦ ᠪᠤᠭᠳᠠᠴᠤᠳ ᠢ᠋ᠶ᠋ᠠᠨ ᠵᠠᠯᠠᠵᠤ  
ᠡᠷᠳᠡᠨᠢ ᠴᠢᠯᠥᠭᠡᠲᠦ ᠨᠣᠶᠠᠳ ᠤ᠋ᠳ ᠢ᠋ᠶ᠋ᠠᠨ ᠵᠠᠯᠠᠵᠤ 
ᠥᠨᠥᠳᠥᠷ ᠦ᠋ᠨ ᠡᠳᠦᠷ ᠲᠦ᠍ ᠡᠯᠳᠡᠪ ᠦ᠋ᠨ ᠪᠢᠳᠡ 
ᠪᠠᠳᠠᠷᠠᠨ ᠭᠠᠷᠤᠭᠴᠢ ᠴᠠᠭᠠᠨ ᠨᠠᠷᠠᠨ ᠤ᠋ ᠭᠡᠷᠡᠯ ᠮᠡᠲᠦ 
ᠪᠠᠰᠠ ᠬᠣᠢᠨ᠎ᠠ ᠪᠠᠨ ᠵᠢᠷᠭᠠᠬᠤ ᠶ᠋ᠢᠨ ᠲᠤᠯᠠᠳᠠ 
ᠪᠡᠲᠡᠷ ᠶᠡᠬᠡ ᠴᠠᠭᠠᠨ ᠰᠥᠩ ᠦ᠋ᠨ ᠲᠠᠨᠢ 
ᠳᠡᠭᠡᠵᠢ ᠶ᠋ᠢ ᠰᠠᠴᠤᠨ ᠠᠢᠯᠠᠳᠬᠠᠪᠠ ᠴᠣᠳ! 
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠲᠡᠭᠷᠢ ᠶ᠋ᠢᠨ ᠶᠡᠷᠡᠨ ᠶᠢᠰᠦᠨ ᠬᠤᠷᠮᠤᠰᠲᠠ ᠲᠡᠭᠷᠢ ᠶ᠋ᠢᠨ ᠣᠷᠣᠨ ᠠ᠋ᠴᠠ ᠡᠭᠦᠰᠦᠭᠰᠡᠨ 
ᠶᠢᠰᠦᠭᠡᠢ ᠪᠠᠭᠠᠲᠤᠷ ᠤ᠋ᠨ ᠤᠭ ᠠ᠋ᠴᠠ ᠰᠠᠯᠵᠤ ᠭᠠᠷᠤᠭᠰᠠᠨ
ᠶᠡᠬᠡ ᠪᠣᠭᠳᠠ ᠴᠢᠩᠭᠢᠰ ᠬᠠᠭᠠᠨ ᠣᠭᠲᠠᠷᠭᠤᠢ ᠎ᠠ᠋ᠴᠠ  ᠪᠠᠭᠤᠵᠤ
ᠪᠠᠳᠠᠷᠠᠩᠭᠤᠢ ᠴᠠᠭᠠᠨ ᠲᠡᠭᠷᠢ ᠶ᠋ᠢᠨ ᠣᠷᠣᠨ ᠠ᠋ᠴᠠ
ᠣᠰᠣᠯᠳᠠᠯ ᠦᠭᠡᠢ ᠭᠤᠴᠢᠨ ᠲᠠᠪᠤᠨ ᠡᠷᠳᠡᠮ ᠢ᠋ ᠪᠦᠷᠢᠨ ᠲᠡᠭᠦᠰᠬᠡᠵᠦ᠂
ᠣᠯᠠᠨ ᠬᠦᠯᠦᠭ ᠪᠦᠭᠦᠳᠡ ᠶ᠋ᠢ ᠵᠠᠯᠭᠠᠨ ᠲᠡᠭᠦᠰᠬᠡᠭᠡᠳ
ᠥᠭᠡᠯᠦᠨ ᠵᠥᠭᠡᠯᠥᠨ ᠬᠠᠲᠤᠨ ᠠ᠋ᠴᠠ ᠰᠠᠯᠵᠤ ᠭᠠᠷᠤᠭᠰᠠᠨ
ᠲᠡᠷᠡ ᠪᠣᠭᠳᠠ ᠮᠠᠨᠢ ᠲᠡᠭᠷᠢ ᠡᠴᠡ ᠢᠨᠠᠭᠰᠢ ᠪᠠᠭᠤᠵᠤ
ᠬᠣᠷᠢᠨ ᠨᠢᠭᠡᠨ ᠦᠶ᠎ᠡ ᠪᠣᠯᠤᠭᠰᠠᠨ ᠬᠣᠢᠨ᠎ᠠ
ᠲᠡᠷᠢᠭᠦᠨ ᠶᠡᠬᠡ ᠰᠣᠳᠣ ᠪᠣᠭᠳᠠ ᠴᠢᠩᠭᠢᠰ ᠪᠣᠭᠳᠠ ᠪᠣᠯᠵᠤ ᠬᠤᠪᠢᠯᠤᠨ ᠲᠥᠷᠥᠭᠡᠳ
ᠲᠥᠪᠡᠳ ᠡᠨᠡᠳᠬᠡᠭ ᠬᠣᠶᠠᠷ ᠢ᠋ ᠬᠠᠨᠠᠷ ᠢ᠋
ᠰᠠᠢᠬᠠᠨ ᠪᠤᠯᠢᠶᠠᠭᠠᠳ ᠵᠦᠯᠭᠡ ᠬᠢᠭᠡᠳ
ᠡᠯᠳᠡᠪ ᠴᠡᠴᠡᠭ ᠢ᠋ᠶ᠋ᠡᠷ ᠳᠦᠭᠦᠷᠦᠭᠰᠡᠨ ᠬᠡᠷᠦᠯᠦᠨ ᠮᠥᠷᠡᠲᠦ
ᠵᠤᠨ ᠤ᠋ ᠲᠡᠷᠢᠭᠦᠨ ᠰᠠᠷ᠎ᠠ ᠶ᠋ᠢᠨ ᠰᠢᠨ᠎ᠡ ᠳᠦᠭᠦᠷᠡᠩ ᠠᠷᠪᠠᠨ ᠨᠢᠭᠡᠨ ᠦ᠌ ᠡᠳᠦᠷ ᠲᠦ᠍
ᠵᠤᠯᠠ ᠬᠦᠵᠢ ᠪᠤᠢᠭ᠎ᠠ ᠶᠤᠭᠠᠨ ᠪᠠᠷᠢᠵᠤ
ᠲᠡᠭᠷᠢ ᠪᠤᠢᠬᠢ ᠪᠠᠨ ᠳᠠᠬᠢᠵᠤ
ᠨᠠᠭᠤᠷ ᠳᠡᠯᠡᠬᠡᠢ ᠶᠡᠬᠡ ᠬᠤᠷᠢᠮ ᠢ᠋ ᠲᠥᠬᠥᠭᠡᠷᠴᠦ ᠲᠠᠯᠪᠢᠭᠠᠳ
ᠨᠠᠢᠷ ᠪᠡᠯᠭᠡ ᠬᠣᠶᠠᠷ ᠢ᠋ ᠤᠳᠤᠷᠢᠳᠤᠨ
ᠶᠢᠰᠦᠨ ᠥᠷᠯᠥᠭ ᠲᠠᠪᠤᠨ ᠲᠠᠢᠵᠢ
ᠳᠥᠷᠪᠡᠨ ᠥᠭᠡᠯᠡᠳ ᠳᠥᠴᠢᠨ ᠮᠣᠩᠭᠣᠯ
ᠠᠯᠢᠪᠠ ᠶᠡᠬᠡ ᠠᠮᠢᠲᠠᠨ ᠢ᠋ᠶ᠋ᠠᠨ ᠡᠮᠦᠨ᠎ᠡ ᠪᠡᠨ ᠴᠤᠭᠯᠠᠭᠤᠯᠵᠤ
ᠨᠠᠢᠷᠯᠠᠵᠤ ᠪᠠᠢᠬᠤ ᠶ᠋ᠢᠨ ᠲᠠᠨᠢ ᠲᠤᠯᠠᠳᠠ
ᠷᠠᠰᠢᠶᠠᠨ ᠮᠡᠯᠮᠡᠭᠡᠷ ᠶᠡᠬᠡ ᠴᠠᠭᠠᠨ
ᠰᠥᠩ ᠦ᠋ᠨ ᠲᠠᠨᠢ ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠭᠤᠴᠢᠨ ᠭᠤᠷᠪᠠᠨ ᠬᠤᠷᠮᠤᠰᠲᠠ ᠲᠡᠭᠷᠢ ᠶ᠋ᠢᠨ ᠣᠷᠣᠨ ᠠ᠋ᠴᠠ ᠡᠭᠦᠰᠦᠭᠰᠡᠨ
ᠭᠤᠷᠪᠠᠨ ᠰᠤᠷᠭᠠᠯ ᠤ᠋ᠨ ᠨᠣᠮ ᠢ᠋ᠶ᠋ᠠᠷ ᠲᠡᠳᠬᠦᠭᠰᠡᠨ
ᠭᠤᠷᠪᠠᠨ ᠣᠷᠣᠨ ᠤ᠋ ᠨᠣᠮ ᠤ᠋ᠨ ᠡᠵᠡᠨ ᠬᠠᠭᠠᠨ
ᠪᠣᠭᠳᠠ ᠽᠥᠩᠺᠠᠪᠠ ᠶ᠋ᠢᠨ ᠰᠢᠷ᠎ᠠ ᠶ᠋ᠢᠨ ᠱᠠᠵᠢᠨ ᠳ᠋ᠤ᠌
ᠮᠠᠰᠢ ᠰᠠᠢᠬᠠᠨ ᠠᠴᠢᠲᠠᠢ ᠪᠣᠯᠤᠭᠰᠠᠨ
ᠭᠤᠷᠪᠠᠳᠤᠭᠠᠷ  ᠪᠠᠷᠰ ᠬᠠᠮᠤᠭ ᠪᠤᠷᠬᠠᠨ ᠤᠬᠠᠭᠠᠨ ᠬᠦᠴᠦᠨ ᠨᠢᠭᠡᠨ ᠳ᠋ᠦ᠍ ᠬᠤᠷᠢᠶᠠᠵᠤ
ᠮᠥᠨ ᠴᠢᠨᠠᠷᠲᠤ ᠴᠣᠭᠲᠤ ᠸᠴᠢᠷᠪᠠᠨᠢ ᠶ᠋ᠢᠨ ᠬᠤᠪᠢᠯᠭᠠᠨ
ᠡᠵᠡᠨ ᠭᠡᠭᠡᠨ ᠭᠦᠦᠰᠢ ᠬᠠᠨ ᠤ᠋ ᠦᠷᠡᠨ ᠨᠣᠶᠠᠳ ᠤ᠋ᠳ ᠤ᠋ᠨ
ᠮᠥᠩᠬᠡ ᠴᠠᠭᠠᠨ ᠲᠥᠷᠥ ᠠᠷᠪᠠᠨ ᠵᠦᠭ ᠲᠦ᠍
ᠮᠠᠰᠢ ᠰᠠᠢᠬᠠᠨ ᠳᠡᠯᠭᠡᠷᠡᠵᠦ ᠪᠠᠢᠬᠤ ᠶ᠋ᠢᠨ ᠲᠤᠯᠠᠳᠠ
ᠷᠠᠰᠢᠶᠠᠨ ᠲᠤᠩᠭᠠᠯᠠᠭ ᠥᠨᠳᠥᠷ ᠶᠡᠬᠡ ᠴᠠᠭᠠᠨ
ᠰᠥᠩ ᠦ᠋ᠨ ᠲᠠᠨᠢ ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠠᠩᠬᠠᠨ ᠤᠷᠢᠳᠤ ᠴᠠᠭ ᠲᠤ᠌ ᠪᠤᠷᠬᠠᠨ ᠱᠠᠭᠵᠠᠮᠤᠨᠢ ᠭᠡᠭᠡᠨ
ᠣᠷᠴᠢᠯᠠᠩ ᠤ᠋ᠨ ᠽᠠᠮᠪᠤᠲᠢᠪ ᠤ᠋ᠨ ᠳᠤᠮᠳᠠ᠂
ᠵᠡᠭᠡᠷ ᠲᠤᠷᠵᠢᠳᠠ ᠳ᠋ᠤ᠌ ᠥᠭᠡᠳᠡ ᠪᠣᠯᠵᠤ
ᠨᠣᠮ ᠤ᠋ᠨ ᠬᠦᠷᠳᠦ ᠶ᠋ᠢ ᠣᠷᠴᠢᠭᠤᠯᠵᠤ ᠡᠷᠭᠢᠭᠦᠯᠦᠭᠡᠳ
ᠨᠣᠮ ᠤ᠋ᠨ ᠱᠠᠵᠢᠨ ᠢ᠋ ᠳᠡᠯᠭᠡᠷᠡᠭᠦᠯᠦᠭᠰᠡᠨ ᠢ᠋ᠶ᠋ᠡᠷ
ᠲᠡᠭᠦᠨ ᠡᠴᠡ ᠡᠳᠦᠭᠡ ᠬᠦᠷᠲᠡᠯ᠎ᠡ
ᠪᠤᠷᠬᠠᠨ ᠤ᠋ ᠱᠠᠵᠢᠨ ᠢ᠋ ᠳᠡᠯᠭᠡᠷᠡᠭᠦᠯᠵᠦ ᠪᠠᠢᠭᠰᠠᠨ ᠤᠴᠢᠷ ᠰᠢᠯᠲᠠᠭᠠᠨ
ᠲᠡᠭᠦᠨ ᠦ᠌ ᠳᠤᠮᠳᠠ ᠢᠲᠡᠭᠡᠯᠲᠦ ᠮᠠᠨᠽᠤᠰᠢᠷᠢ
ᠭᠠᠢᠬᠠᠮᠰᠢᠭᠲᠤ ᠭᠤᠷᠪᠠᠨ ᠣᠷᠣᠨ ᠤ᠋ ᠡᠵᠡᠨ ᠨᠣᠮ ᠤ᠋ᠨ ᠬᠠᠭᠠᠨ
ᠽᠥᠩᠺᠠᠪᠠ ᠶ᠋ᠢᠨ ᠰᠢᠷ᠎ᠠ ᠶ᠋ᠢᠨ ᠱᠠᠵᠢᠨ ᠤ᠋ ᠰᠠᠬᠢᠭᠤᠯᠰᠤᠨ
ᠵᠢᠷᠭᠤᠭᠠᠨ ᠮᠣᠳᠤᠷᠳᠤ ᠴᠣᠭᠲᠤ ᠮᠠᠬᠠᠺᠠᠯᠠ 
ᠦᠢᠯᠡ ᠶ᠋ᠢᠨ ᠡᠷᠯᠢᠭ ᠳ᠋ᠠᠮᠵᠢᠨ ᠴᠣᠢᠷᠠᠵᠠ
ᠬᠦᠰᠡᠯ ᠦ᠋ᠨ ᠡᠷᠬᠡᠰᠢᠶᠡᠯᠲᠦ ᠪᠠᠯᠳᠠᠨ ᠯᠾᠮᠦ ᠲᠡᠷᠢᠭᠦᠯᠡᠨ
ᠲᠥᠷᠥ ᠱᠠᠵᠢᠨ ᠰᠠᠬᠢᠭᠤᠯᠰᠤᠨ
ᠥᠪᠡᠷ ᠦ᠋ᠨ ᠡᠬᠡ ᠡᠴᠢᠭᠡ ᠵᠠᠶᠠᠭ᠎ᠠ ᠪᠤᠶᠠᠨ ᠰᠠᠬᠢᠭᠤᠯᠰᠤᠨ
ᠡᠳᠦᠷ ᠰᠥᠨᠢ ᠶ᠋ᠢᠨ ᠠᠷᠪᠠᠨ ᠬᠣᠶᠠᠷ ᠴᠠᠭ ᠲᠤ᠌
ᠮᠥᠩᠬᠡ ᠰᠠᠢᠬᠠᠨ ᠨᠥᠬᠥᠴᠡᠵᠦ ᠪᠠᠢᠬᠤ ᠶ᠋ᠢᠨ ᠲᠤᠯᠠᠳᠠ
ᠷᠠᠰᠢᠶᠠᠨ ᠮᠡᠯᠮᠡᠭᠡᠷ ᠶᠡᠬᠡ ᠰᠥᠩ ᠦ᠋ᠨ ᠲᠠᠨᠢ
ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠬᠦᠴᠦᠨ ᠦ᠌ ᠬᠦᠷᠳᠦ ᠶ᠋ᠢ ᠣᠷᠴᠢᠭᠤᠯᠵᠤ
ᠲᠠᠪᠤᠳᠤᠭᠠᠷ ᠳᠠᠯᠠᠢ ᠯᠠᠮᠠ ᠶ᠋ᠢᠨ ᠭᠡᠭᠡᠨ ᠢ᠋ ᠵᠦᠩᠳᠤᠷ ᠵᠠᠯᠠᠵᠤ
ᠠᠷᠪᠠᠨ ᠭᠤᠷᠪᠠᠨ ᠲᠦᠮᠡᠨ ᠲᠥᠪᠡᠳ ᠢ᠋ ᠲᠣᠭᠠᠯᠠᠵᠤ ᠪᠠᠷᠢᠭᠠᠳ
ᠪᠠᠨᠴᠢᠨ ᠡᠷᠳᠡᠨᠢ ᠶ᠋ᠢᠨ ᠭᠡᠭᠡᠨ ᠭᠡᠢᠭᠡᠳ
ᠡᠷᠬᠡᠲᠦ ᠳᠠᠯᠠ ᠯᠠᠮᠠ ᠶ᠋ᠢᠨ ᠭᠡᠭᠡᠨ ᠢ᠋ ᠡᠷᠭᠦᠮᠵᠢᠯᠡᠵᠦ
ᠪᠤᠷᠬᠠᠨ ᠤ᠋ ᠱᠠᠵᠢᠨ ᠢ᠋ ᠶᠡᠷᠦ ᠶ᠋ᠢᠨ ᠬᠢᠭᠡᠳ
ᠢᠯᠠᠭᠤᠨ ᠪᠣᠭᠳᠠ ᠽᠥᠩᠺᠠᠪᠠ ᠶ᠋ᠢᠨ
ᠠᠯᠳᠠᠷᠲᠤ ᠰᠠᠢᠬᠠᠨ ᠰᠢᠬᠦᠷ ᠢ᠋
ᠰᠦᠮᠪᠦᠷ ᠠᠭᠤᠯᠠ ᠶ᠋ᠢᠨ ᠦᠵᠦᠭᠦᠷ ᠲᠦ᠍ ᠬᠦᠷᠭᠡᠵᠦ ᠬᠠᠳᠬᠤᠭᠠᠳ
ᠱᠠᠵᠢᠨ ᠡᠷᠳᠡᠨᠢ ᠶ᠋ᠢ ᠰᠠᠢᠬᠠᠨ ᠳᠡᠯᠭᠡᠷᠡᠭᠦᠯᠵᠦ ᠪᠠᠢᠭᠰᠠᠨ
ᠴᠣᠭᠲᠤ ᠸᠴᠢᠷᠪᠠᠨᠢ ᠶ᠋ᠢᠨ ᠬᠤᠲᠤᠭᠲᠤ
ᠡᠵᠡᠨ ᠭᠡᠭᠡᠨ ᠭᠦᠦᠰᠢ ᠬᠠᠨ ᠤ᠋
ᠠᠷᠪᠠᠨ ᠲᠠᠢᠵᠢ ᠶ᠋ᠢᠨ ᠳᠥᠷᠪᠡᠳᠦᠭᠡᠷ ᠲᠠᠢᠵᠢ
ᠰᠠᠩ ᠭᠠᠷᠤᠳᠢ ᠰᠡᠴᠡᠨ ᠳᠠᠢᠵᠢᠨ ᠠ᠋ᠴᠠ
ᠤᠭ ᠦᠶ᠎ᠡ ᠶ᠋ᠢ ᠲᠠᠰᠤᠷᠠᠯ ᠦᠭᠡᠢ
ᠲᠥᠷᠥ ᠱᠠᠵᠢᠨ ᠢ᠋ ᠲᠦᠰᠢᠨ ᠳᠡᠯᠭᠡᠷᠡᠭᠦᠯᠦᠭᠰᠡᠨ
ᠪᠣᠭᠳᠠ ᠡᠵᠡᠨ ᠮᠠᠨ᠎ᠠ
ᠲᠦᠮᠡᠨ ᠥᠯᠮᠡᠢ ᠪᠠᠲᠤᠵᠢᠵᠤ
ᠲᠦᠪᠰᠢᠨ ᠲᠥᠷᠥ ᠳᠡᠯᠭᠡᠷᠡᠵᠦ
ᠲᠦᠮᠡᠨ ᠣᠯᠠᠨ ᠢᠷᠭᠡᠨ ᠠᠮᠢᠲᠠᠨ
ᠠᠮᠤᠭᠤᠯᠠᠩ ᠵᠢᠷᠭᠠᠵᠤ ᠪᠠᠢᠭᠰᠠᠨ ᠪᠦᠭᠦᠳᠡᠭᠡᠷ
ᠨᠠᠢ᠍ᠮᠠᠨ ᠭᠡᠰᠢᠭᠦᠦ ᠲᠡᠭᠦᠰᠦᠭᠰᠡᠨ
ᠭᠠᠩᠭ᠎ᠠ ᠮᠥᠷᠡᠲᠦ ᠦᠷᠭᠦᠯᠵᠢᠳᠡ ᠮᠡᠲᠦ ᠠᠷᠪᠢᠨ ᠶᠡᠬᠡ ᠪᠤᠶᠠᠨ ᠲᠠᠢ
ᠨᠠᠷᠠ ᠰᠠᠷᠠᠲᠤ ᠶ᠋ᠢᠨ ᠭᠡᠷᠡᠯ ᠮᠡᠲᠦ ᠲᠣᠭᠣᠰ ᠴᠠᠭᠠᠨ ᠮᠠᠨᠳᠠᠯ ᠲᠠᠢ
ᠵᠢᠭᠦᠷᠲᠡᠨ ᠬᠠᠨ ᠭᠠᠷᠤᠳᠢ ᠮᠡᠲᠦ ᠬᠦᠴᠦ ᠶᠡᠬᠡ ᠲᠡᠢ
ᠵᠡᠷᠭᠡᠯᠭᠡᠨᠲᠦ ᠰᠦᠨ ᠳᠠᠯᠠᠢ ᠮᠡᠲᠦ ᠳᠦᠭᠦᠷᠡᠩ 
ᠵᠢᠪᠬᠤᠯᠠᠩᠲᠤ ᠰᠦᠮᠪᠦᠷ ᠠᠭᠤᠯᠠ ᠮᠡᠲᠦ ᠪᠠᠲᠤ ᠰᠠᠢᠬᠠᠨ
ᠲᠡᠭᠡᠭᠡᠳ ᠳᠥᠷᠪᠡᠨ ᠥᠭᠡᠯᠡᠳ ᠠᠮᠢᠲᠠᠨ ᠢ᠋
ᠦᠷᠭᠦᠯᠵᠢᠳᠡ ᠡᠭᠦᠯᠡᠨ ᠮᠡᠲᠦ ᠡᠮᠦᠨ᠎ᠡ ᠪᠡᠨ ᠴᠤᠭᠯᠠᠭᠤᠯᠵᠤ
ᠨᠠᠢᠷᠯᠠᠵᠤ ᠪᠠᠢᠬᠤ ᠶ᠋ᠢᠨ ᠲᠤᠯᠠᠳᠠ
ᠷᠠᠰᠢᠶᠠᠨ ᠮᠡᠯᠮᠡᠭᠡᠷ ᠰᠥᠩ ᠦ᠋ᠨ ᠲᠠᠨᠢ
ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠶᠡᠬᠡ ᠪᠣᠭᠳᠠ ᠴᠢᠩᠭᠢᠰ ᠬᠠᠭᠠᠨ ᠢ᠋ ᠬᠠᠪᠤᠷ ᠤ᠋ᠨ ᠲᠡᠷᠢᠭᠦᠨ ᠰᠠᠷ᠎ᠠ ᠶ᠋ᠢᠨ
ᠰᠢᠨ᠎ᠡ ᠶ᠋ᠢᠨ ᠳᠦᠭᠦᠷᠡᠩ ᠠᠷᠪᠠᠨ ᠨᠢᠭᠡᠨ ᠦ᠌ ᠡᠳᠦᠷ
ᠬᠠᠭᠠᠨ ᠤ᠋ ᠰᠢᠷᠡᠭᠡᠨ ᠳ᠋ᠦ᠍ ᠵᠠᠯᠠᠵᠤ
ᠪᠡᠯᠭᠡ ᠨᠠᠢᠷ ᠢ᠋ ᠳᠡᠯᠭᠡᠷᠡᠭᠦᠯᠵᠦ ᠪᠠᠢᠭᠰᠠᠨ ᠴᠠᠭ ᠲᠤ᠌
ᠦᠷᠭᠦᠭᠡᠨ ᠳ᠋ᠦ᠍ ᠰᠢᠲᠠᠷᠠᠭᠢ ᠴᠢᠯᠠᠭᠤᠨ ᠳᠡᠭᠡᠷ᠎ᠡ
᠎ᠡᠤᠷᠢᠳᠤ ᠦᠵᠡᠭᠰᠡᠨ ᠦᠭᠡᠢ ᠰᠠᠢᠬᠠᠨ ᠰᠢᠪᠠᠭᠤᠳ ᠪᠠᠭᠤᠵᠤ
ᠵᠢᠩᠭᠢᠷ ᠵᠢᠩᠭᠢᠷ ᠬᠡᠮᠡᠵᠦ ᠢᠷᠠᠭᠤ ᠰᠠᠢᠬᠠᠨ ᠳᠤᠤᠭᠠᠷᠴᠤ
ᠲᠦᠰᠢᠮᠡᠳ ᠨᠦ᠍ᠭᠦᠳ ᠶᠡᠬᠡ ᠥᠯᠵᠡᠢᠲᠡᠢ ᠰᠠᠢᠬᠠᠨ ᠪᠣᠯᠪᠠ ᠬᠡᠮᠡᠵᠦ
ᠵᠢᠩᠭᠢᠷ ᠵᠠᠯᠪᠤ ᠭᠡᠵᠦ ᠴᠠᠮ ᠪᠠᠷᠢᠭᠠᠳ
ᠲᠡᠭᠦᠨ ᠦ᠌ ᠬᠣᠢᠨ᠎ᠠ ᠴᠢᠩᠭᠢᠰ ᠦ᠋ᠨ ᠳᠥᠷᠪᠡᠳᠦᠭᠡᠷ ᠦᠶ᠎ᠡ ᠳ᠋ᠦ᠍
ᠥᠯᠵᠡᠢᠲᠦ ᠬᠠᠭᠠᠨ ᠤ᠋ ᠴᠠᠭ ᠲᠤ᠌
ᠤᠷᠢᠳᠤ ᠰᠢᠪᠠᠭᠤᠳ ᠪᠠᠭᠤᠭᠰᠠᠨ ᠴᠢᠯᠠᠭᠤ ᠶ᠋ᠢ
ᠶᠡᠬᠡ ᠭᠠᠢᠬᠠᠮᠰᠢᠭᠲᠤ ᠭᠡᠮᠡᠨ ᠪᠠᠯᠪᠠᠯᠠᠭᠰᠠᠨ ᠳ᠋ᠤ᠌
ᠱ᠌ᠢᠮᠦᠢ ᠶᠣᠨᠳᠣᠨ ᠭᠡᠰᠢᠦ ᠶᠦᠩᠳᠦᠩ ᠬᠡᠮᠡᠭᠰᠡᠨ 
ᠨᠠᠢ᠍ᠮᠠᠨ ᠦᠰᠦᠭ ᠲᠡᠭᠦᠯᠳᠡᠷ
ᠬᠠᠱ᠌ᠢ ᠶᠣᠨᠳᠣᠨ ᠡᠷᠳᠡᠨᠢ ᠲᠠᠮᠠᠭ᠎ᠠ ᠭᠠᠷᠤᠭᠠᠳ
ᠲᠡᠷᠡ ᠨᠠᠢ᠍ᠮᠠᠨ ᠦᠰᠦᠭ ᠦ᠋ᠨ ᠤᠳᠬ᠎ᠠ ᠶᠠᠭᠤ ᠪᠣᠢ ᠬᠡᠮᠡᠪᠡᠰᠦ
ᠳᠡᠭᠡᠳᠦ ᠲᠩᠷᠢ ᠡᠴᠡ ᠡᠭᠦᠰᠦᠭᠰᠡᠨ
ᠳᠡᠭᠡᠷ᠎ᠡ ᠬᠠᠭᠠᠨ ᠮᠥᠩᠬᠡ ᠲᠩᠷᠢ ᠨᠣᠶᠠᠳ ᠤ᠋ᠳ ᠬᠢᠭᠡᠳ
ᠳᠡᠷᠭᠡᠳᠡ ᠪᠠᠢᠭᠰᠠᠨ ᠬᠠᠲᠤᠨ ᠲᠠᠢᠵᠢ
ᠠᠭᠢᠨᠢ ᠲᠦᠰᠢᠮᠡᠳ ᠠᠯᠪᠠᠲᠤ ᠪᠦᠭᠦᠳᠡᠭᠡᠷ
ᠨᠠᠮᠰᠠᠷᠠᠢ ᠪᠤᠷᠬᠠᠨ ᠯᠤᠭ᠎ᠠ ᠲᠡᠩᠴᠡᠯᠡᠭᠴᠢ
ᠲᠦᠰᠢᠮᠡᠯ ᠶᠡᠬᠡ ᠪᠤᠶᠠᠨ ᠲᠠᠢ
ᠲᠦᠪᠰᠢᠨ ᠰᠠᠷᠠᠭᠤᠯ ᠤᠬᠠᠭᠠᠨ ᠲᠠᠢ
ᠲᠦᠷᠭᠡᠨ ᠨᠢᠭᠲᠠ ᠦᠢᠯᠡ ᠲᠡᠢ
ᠲᠦᠮᠡᠨ ᠭᠢᠯᠠᠭᠠᠨ ᠮᠠᠯ ᠲᠠᠢ
ᠲᠤᠩ ᠠᠮᠤᠭᠤᠯᠠᠩ ᠵᠢᠷᠭᠠᠵᠤ ᠪᠠᠢᠭᠰᠠᠨ ᠪᠦᠭᠦᠳᠡᠭᠡᠷ
ᠭᠠᠩᠭ᠎ᠠ ᠮᠥᠷᠡᠲᠦ ᠶ᠋ᠢᠨ ᠴᠠᠭᠠᠨ ᠠᠷᠰᠯᠠᠨ ᠮᠡᠲᠦ
ᠭᠠᠳᠣᠰ ᠬᠣᠯᠠ ᠨᠡᠷ᠎ᠡ ᠴᠣᠯᠠ ᠲᠠᠨᠢ ᠳᠠᠭᠤᠷᠢᠰᠴᠤ
ᠭᠠᠯᠪᠠᠰ ᠽᠠᠨᠳᠠᠨ ᠮᠣᠳᠣᠨ ᠤ᠋ ᠰᠠᠯᠠᠭ᠎ᠠ ᠨᠠᠪᠴᠢ ᠶ᠋ᠢ ᠮᠡᠲᠦ
ᠬᠡᠵᠢᠶᠡᠳᠡ ᠬᠡᠯᠪᠡᠷᠡᠰᠢ ᠦᠭᠡᠢ
ᠣᠭᠲᠣ ᠥᠯᠪᠡᠷᠡᠰᠢ ᠦᠭᠡᠢ
ᠬᠠᠨ ᠬᠥᠮᠦᠨ ᠦ᠌ ᠬᠠᠷᠠᠵᠤ ᠪᠠᠭᠤᠬᠤ ᠶ᠋ᠢᠨ ᠴᠠᠭ ᠲᠤ᠌
ᠬᠠᠵᠠᠭᠤ ᠭᠠᠵᠠᠷ ᠤ᠋ᠨ ᠪᠤᠯᠠᠭ ᠮᠡᠲᠦ ᠳᠡᠪᠦᠷᠡᠩᠭᠦᠢ ᠰᠠᠢᠬᠠᠨ
ᠡᠯᠢᠭᠡᠨ ᠬᠥᠮᠦᠨ ᠡᠷᠭᠢᠵᠦ ᠪᠠᠭᠤᠬᠤ ᠶ᠋ᠢᠨ ᠴᠠᠭ ᠲᠤ᠌
ᠡᠭᠡᠪᠦᠷ ᠭᠠᠵᠠᠷ ᠤ᠋ᠨ ᠴᠡᠴᠡᠭ ᠮᠡᠲᠦ ᠳᠡᠯᠭᠡᠷᠡᠩᠭᠦᠢ ᠰᠠᠢᠬᠠᠨ
ᠥᠨᠳᠥᠷ  ᠬᠥᠬᠡ ᠣᠭᠲᠠᠷᠭᠤᠢ ᠮᠡᠲᠦ ᠲᠥᠪ ᠪᠠᠲᠤ ᠰᠠᠢᠬᠠᠨ
ᠲᠥᠪ ᠠᠮᠤᠭᠤᠯᠠᠩ ᠵᠢᠷᠭᠠᠵᠤ ᠪᠠᠢᠬᠤ ᠶ᠋ᠢᠨ ᠲᠤᠯᠠᠳᠠ
ᠷᠠᠰᠢᠶᠠᠨ ᠮᠡᠯᠮᠡᠭᠡᠷ ᠰᠥᠩ ᠦ᠋ᠨ ᠲᠠᠨᠢ
ᠳᠡᠭᠡᠵᠢ ᠶ᠋ᠢ ᠰᠠᠴᠤᠨ ᠠᠢᠯᠠᠳᠬᠠᠪᠠ  ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠯᠠᠮᠠ ᠪᠤᠷᠬᠠᠨ ᠳᠡᠭᠡᠳᠦ ᠨᠣᠮ
ᠰᠠᠨᠰᠠᠷᠲᠤ ᠶ᠋ᠢᠨ ᠠᠪᠬᠤ ᠣᠷᠬᠢᠬᠤ ᠬᠣᠶᠠᠷ ᠤ᠋ᠨ ᠢᠯᠭᠠᠯ ᠢ᠋
ᠥᠪᠡᠷ ᠥᠪᠡᠷ ᠢ᠋ᠶ᠋ᠡᠨ ᠢᠯᠭᠠᠵᠤ ᠰᠠᠢᠬᠠᠨ ᠮᠡᠳᠡᠭᠡᠳ
ᠠᠯᠲᠠᠨ ᠲᠣᠳᠢ ᠶ᠋ᠢᠨ ᠥᠭᠦᠯᠡᠭᠰᠡᠨ ᠮᠡᠲᠦ ᠦᠭᠡ ᠪᠡᠷ
ᠣᠷᠴᠢᠭᠤᠯᠵᠤ ᠵᠣᠷᠢᠭᠵᠢᠭᠤᠯᠤᠭᠰᠠᠨ ᠦᠭᠡ
ᠳᠡᠭᠡᠳᠦ ᠲᠩᠷᠢ ᠡᠴᠡ ᠡᠭᠦᠰᠦᠭᠰᠡᠨ
ᠳᠡᠭᠡᠷ᠎ᠡ ᠬᠠᠭᠠᠨ ᠮᠥᠩᠬᠡ ᠲᠩᠷᠢ ᠨᠣᠶᠠᠳ ᠤ᠋ᠳ ᠮᠠᠨ᠎ᠠ
ᠮᠥᠩᠬᠡ ᠦᠷᠭᠦᠯᠵᠢ ᠲᠠᠮᠠᠭᠠᠨ ᠪᠣᠱᠣᠭ ᠦᠶ᠎ᠡ ᠪᠡᠷ
ᠬᠡᠵᠢᠶᠡᠳᠡ ᠪᠠᠲᠤ ᠰᠠᠢᠬᠠᠨ ᠳᠡᠯᠭᠡᠷᠡᠩᠭᠦᠢ ᠤᠴᠢᠷᠠᠯᠲᠠᠢ
ᠪᠠᠷᠰ ᠲᠡᠷᠢᠭᠦᠨ ᠲᠠᠮᠠᠭ᠎ᠠ ᠶ᠋ᠢ ᠮᠣᠳᠣᠷ ᠳᠡᠭᠡᠷ᠎ᠡ ᠪᠡᠨ ᠵᠠᠯᠠᠵᠤ
ᠪᠠᠯᠮᠠᠷᠠᠭᠢ ᠵᠢᠩᠰᠡ ᠶ᠋ᠢ ᠲᠡᠷᠢᠭᠦᠨ ᠳᠡᠭᠡᠷ᠎ᠡ ᠪᠡᠨ ᠵᠠᠯᠠᠵᠤ
ᠵᠢᠯ ᠢᠷᠡᠬᠦ ᠶ᠋ᠢᠨ ᠨᠢᠭᠡ ᠵᠢᠩᠰᠡ ᠶ᠋ᠢᠨ ᠭᠡᠷᠡᠯ ᠨᠡᠮᠡᠵᠦ
ᠣᠨ ᠢᠷᠡᠬᠦ ᠶ᠋ᠢᠨ ᠨᠢᠭᠡ ᠤᠲᠤᠭ᠎ᠠ ᠶᠢᠨ ᠴᠡᠴᠡᠭᠡᠢ ᠨᠡᠮᠡᠵᠦ
ᠣᠯᠠᠨ ᠰᠠᠢᠬᠠᠨ ᠰᠡᠭᠦᠳᠡᠷ ᠵᠣᠭᠣᠭᠯᠠᠵᠤ
ᠣᠷᠣᠢ ᠶ᠋ᠢᠨ ᠴᠢᠮᠡᠭ ᠣᠭᠲᠠᠷᠭᠤᠢ ᠶ᠋ᠢᠨ ᠨᠠᠷᠠᠨ
ᠬᠠᠭᠠᠨ ᠡᠵᠡᠳ ᠦ᠋ᠳ ᠮᠠᠨ᠎ᠠ ᠲᠦᠮᠡᠨ ᠥᠯᠮᠡᠢ ᠪᠠᠲᠤᠵᠢᠵᠤ
ᠲᠦᠪᠰᠢᠨ ᠲᠥᠷᠥ ᠳᠡᠯᠭᠡᠷᠡᠵᠦ
ᠲᠦᠮᠡᠨ ᠣᠯᠠᠨ ᠢᠷᠭᠡᠨ ᠠᠮᠢᠲᠠᠨ
ᠲᠥᠪ ᠠᠮᠤᠭᠤᠯᠠᠩ ᠵᠢᠷᠭᠠᠵᠤ ᠪᠠᠢᠬᠤ ᠶ᠋ᠢᠨ ᠲᠤᠯᠠᠳᠠ
ᠷᠠᠰᠢᠶᠠᠨ ᠮᠡᠯᠮᠡᠭᠡᠷ ᠶᠡᠬᠡ ᠴᠠᠭᠠᠨ ᠰᠥᠩ ᠦ᠋ᠨ ᠲᠠᠨᠢ
ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠵᠡᠨ ᠭᠡᠭᠡᠨ ᠭᠦᠦᠰᠢ ᠬᠠᠭᠠᠨ ᠤ᠋ ᠦᠷᠡᠨ ᠲᠠᠢᠵᠢ ᠲᠡᠮᠳᠡᠭᠯᠡᠭᠰᠡᠨ
ᠬᠠᠭᠠᠰ ᠲᠠᠮᠠᠭ᠎ᠠ ᠶ᠋ᠢᠨ ᠲᠤᠰᠠᠯᠠᠭᠴᠢ ᠨᠣᠶᠠᠳ ᠬᠢᠭᠡᠳ
ᠬᠠᠰᠢᠮᠠᠯ ᠲᠦᠰᠢᠮᠡᠳ ᠰᠠᠢᠳ ᠤ᠋ᠳ
ᠠᠯᠠᠭᠠᠨ ᠮᠣᠳᠣᠷ ᠲᠤ᠌ ᠪᠠᠨ ᠬᠠᠢᠷᠠᠲᠠᠢ
ᠥᠨᠳᠥᠷ ᠠᠭᠤᠤ᠎ ᠠ᠋ᠴᠠ ᠶᠡᠬᠡ ᠬᠦᠴᠦᠲᠡᠢ
ᠥᠩ ᠥᠷᠭᠡᠨ ᠥᠩᠭᠡ ᠭᠡᠢᠴᠢᠳ ᠪᠦᠭᠦᠳᠡ ᠶ᠋ᠢ
ᠴᠤᠭᠯᠠᠭᠤᠯᠵᠤ ᠨᠠᠢᠷᠯᠠᠭᠰᠠᠨ ᠡᠳᠦᠷ
ᠳᠥᠷᠪᠡᠨ ᠽᠠᠨᠳᠠᠨ ᠬᠥᠯ ᠲᠡᠢ
ᠳᠥᠷᠪᠡᠯᠵᠢᠨ ᠮᠥᠩᠭᠥᠨ ᠲᠣᠯᠢ ᠲᠠᠢ ᠰᠢᠷᠡᠭᠡᠨ ᠳᠡᠭᠡᠷ᠎ᠡ ᠲᠠᠨᠢ
ᠥᠨᠳᠥᠷ ᠶᠡᠬᠡ ᠰᠥᠩ ᠦ᠋ᠨ ᠲᠠᠨᠢ ᠳᠡᠭᠡᠵᠢ ᠶ᠋ᠢ
ᠥᠷᠭᠡᠨ ᠶᠡᠬᠡ ᠨᠠᠢᠷ ᠤ᠋ᠨ ᠲᠠᠨᠢ ᠪᠡᠯᠭᠡ ᠶ᠋ᠢ
ᠠᠯᠪᠠᠲᠤ ᠨᠡᠢᠲᠡ ᠶ᠋ᠢᠨ ᠲᠠᠨᠢ ᠳᠤᠮᠳᠠ
ᠠᠯᠲᠠᠨ ᠰᠣᠨᠣᠷ ᠤ᠋ᠨ ᠲᠠᠨᠢ ᠭᠡᠭᠡᠨ ᠳ᠋ᠦ᠍
ᠡᠩᠬᠡ ᠲᠦᠰᠢᠮᠡᠳ ᠦ᠋ᠨ ᠲᠠᠨᠢ ᠳᠡᠷᠭᠡᠳᠡ
ᠠᠢᠯᠠᠳᠬᠠᠨ ᠲᠣᠳᠣᠷᠬᠠᠢ ᠳᠠᠭᠤᠷᠢᠰᠬᠠᠪᠠ ᠴᠣᠳ! 

(ᠲᠤᠰ  ᠢᠷᠦᠭᠡᠯ  ᠢ᠋  ᠰᠦᠷᠢᠶ᠎ᠡ  ᠢᠷᠥᠭᠡᠵᠦ  1980 ᠣᠨ ᠳ᠋ᠤ᠌   ᠳ᠋ᠥᠪᠴᠢᠨ
ᠴᠤᠭᠯᠠᠭᠤᠯᠤᠨ  ᠲᠡᠮᠳᠡᠭᠯᠡᠪᠡ ᠃ ᠰᠦᠷᠢᠶ᠎ᠡ – ᠡᠷᠡᠭᠲᠡᠢ ᠂  ᠱᠢ  ᠪᠦᠦ  ᠴᠧᠩ 
ᠰᠤᠮᠤᠨ ᠤ᠋ ᠮᠠᠯᠴᠢᠨ ᠤᠭ ᠨᠤᠲᠤᠭ ᠬᠦᠷᠯᠦᠭ ᠬᠤᠰᠢᠭᠤᠨ ᠤ᠋ ᠰᠢᠷᠭᠠᠯᠵᠢᠨ ᠲᠣᠬᠣᠢ)

ᠰᠥᠩ ᠦ᠋ᠨ ᠢᠷᠦᠭᠡᠯ


ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠵᠢᠯ ᠵᠢᠯ ᠦ᠋ᠨ ᠳᠤᠮᠳᠠᠬᠢ ᠵᠢᠪᠬᠤᠯᠠᠩᠲᠤ ᠰᠠᠢᠬᠠᠨ ᠡᠳᠦᠷ  
ᠵᠢᠷᠭᠠᠯᠠᠩᠲᠤ ᠣᠯᠠᠨ ᠡᠯᠢᠭᠡᠨ ᠲᠥᠷᠥᠯ 
ᠪᠦᠭᠦᠳᠡᠭᠡᠷ ᠴᠤᠭᠯᠠᠵᠤ ᠨᠠᠢᠷᠯᠠᠭᠰᠠᠨ ᠡᠳᠦᠷ 
ᠰᠠᠷ᠎ᠠ ᠰᠠᠷ᠎ᠠ ᠶ᠋ᠢᠨ ᠳᠤᠮᠳᠠᠬᠢ ᠰᠠᠢᠬᠠᠨ ᠡᠳᠦᠷ 
ᠰᠠᠢᠬᠠᠨ ᠡᠯᠢᠭᠡᠨ ᠲᠥᠷᠥᠯ ᠲᠠᠨᠢ 
ᠪᠦᠭᠦᠳᠡᠭᠡᠷ ᠴᠤᠭᠯᠠᠵᠤ ᠨᠠᠢᠷᠯᠠᠭᠰᠠᠨ ᠡᠳᠦᠷ 
ᠬᠠᠮᠤᠭ ᠢ᠋ ᠬᠠᠩᠭᠠᠭᠴᠢ 
ᠬᠠᠲᠠᠭᠤ ᠶ᠋ᠢ ᠤᠶᠠᠷᠠᠭᠤᠯᠤᠭᠴᠢ 
ᠬᠠᠷᠠᠩᠭᠤᠢ ᠶ᠋ᠢ ᠴᠥᠯᠡᠷᠡᠭᠦᠯᠦᠭᠴᠢ 
ᠨᠠᠢ᠍ᠮᠠᠨ ᠲᠠᠯᠠᠲᠤ ᠪᠠᠯᠮ᠎ᠠ ᠶ᠋ᠢᠨ ᠲᠠᠨᠢ ᠳᠤᠮᠳᠠ 
ᠳᠥᠷᠪᠡᠨ ᠲᠠᠯᠠᠲᠤ ᠬᠣᠷᠯᠣ ᠶ᠋ᠢᠨ ᠲᠠᠨᠢ ᠳᠤᠮᠳᠠ 
ᠪᠠᠳᠠᠷᠠᠨ ᠭᠠᠷᠤᠭᠴᠢ ᠴᠠᠭᠠᠨ ᠭᠠᠯ ᠤ᠋ᠨ ᠲᠠᠨᠢ 
ᠵᠠᠯᠢ ᠮᠡᠲᠦ ᠪᠤᠷᠬᠠᠨ ᠰᠣᠶᠣᠷᠬᠠᠨ ᠥᠷᠥᠰᠢᠶᠡ! 
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠯᠠᠮᠠ ᠪᠤᠷᠬᠠᠨ ᠳᠡᠭᠡᠳᠦ ᠬᠤᠲᠤᠭᠲᠤ ᠬᠤᠪᠢᠯᠭᠠᠨ ᠬᠢᠭᠡᠳ
ᠤᠷᠢᠳᠤ ᠶ᠋ᠢᠨ ᠳᠡᠯᠡᠬᠡᠢ ᠶ᠋ᠢᠨ ᠳᠠᠯᠠᠢ ᠶ᠋ᠢᠨ ᠡᠵᠡᠨ
ᠬᠠᠮᠤᠭ ᠨᠡᠢᠲᠡ ᠶ᠋ᠢ ᠡᠨᠡᠳᠬᠡᠭᠡᠳ 
ᠡᠨᠡᠳᠬᠡᠯ ᠦ᠋ᠨ ᠳᠡᠭᠡᠳᠦ ᠪᠣᠭᠳᠠᠴᠤᠳ ᠢ᠋ᠶ᠋ᠠᠨ ᠵᠠᠯᠠᠵᠤ 
ᠡᠷᠬᠢᠮ ᠴᠢᠯᠥᠭᠡᠲᠦ ᠨᠣᠶᠠᠳ ᠤ᠋ᠳ ᠢ᠋ᠶ᠋ᠠᠨ ᠵᠠᠯᠠᠵᠤ
ᠥᠨᠥᠳᠥᠷ ᠦ᠋ᠨ ᠡᠳᠦᠷ ᠢ᠋ ᠡᠯᠳᠡᠪ ᠢ᠋ᠶ᠋ᠡᠷ ᠪᠦᠲᠦᠭᠡᠵᠦ
ᠪᠠᠳᠠᠷᠠᠩᠭᠤᠢ ᠴᠠᠭᠠᠨ ᠨᠠᠷᠠᠨ ᠤ᠋ ᠭᠡᠷᠡᠯ ᠮᠡᠲᠦ
ᠪᠠᠰᠠ ᠬᠣᠢᠨ᠎ᠠ ᠪᠠᠨ ᠵᠢᠷᠭᠠᠬᠤ ᠶ᠋ᠢᠨ ᠲᠤᠯᠠᠳᠠ
ᠪᠠᠶᠠᠨ ᠶᠡᠬᠡ ᠴᠠᠭᠠᠨ ᠰᠥᠩ ᠦ᠋ᠨ ᠲᠠᠨᠢ
ᠳᠡᠭᠡᠵᠢ ᠶ᠋ᠢ ᠰᠠᠴᠤᠬᠤ ᠶ᠋ᠢᠨ ᠲᠠᠨᠢ ᠤᠴᠢᠷ !
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠶᠡᠬᠡ ᠴᠢᠩᠭᠢᠰ ᠪᠣᠭᠳᠠ ᠬᠠᠭᠠᠨ ᠣᠭᠲᠠᠷᠭᠤᠢ ᠠ᠋ᠴᠠ ᠪᠠᠭᠤᠵᠤ
ᠪᠠᠳᠠᠷᠠᠩᠭᠤᠢ ᠴᠠᠭᠠᠨ ᠲᠩᠷᠢ ᠶ᠋ᠢᠨ ᠣᠷᠣᠨ ᠠ᠋ᠴᠠ ᠪᠤᠴᠠᠯᠲᠠ ᠦᠭᠡᠢ
ᠳᠡᠭᠡᠷ᠎ᠡ ᠶᠡᠷᠡᠨ ᠶᠢᠰᠦᠨ ᠬᠤᠷᠮᠤᠰᠲᠠ ᠲᠩᠷᠢ ᠶ᠋ᠢᠨ ᠣᠷᠣᠨ ᠠ᠋ᠴᠠ ᠡᠭᠦᠰᠦᠭᠰᠡᠨ
ᠶᠢᠰᠦᠭᠡᠢ ᠪᠠᠭᠠᠲᠤᠷ ᠤ᠋ᠨ ᠤᠭ ᠠ᠋ᠴᠠ ᠰᠠᠯᠵᠤ ᠭᠠᠷᠤᠭᠰᠠᠨ
ᠰᠢᠳᠠ ᠪᠣᠭᠳᠠ ᠴᠢᠩᠭᠢᠰ ᠬᠠᠭᠠᠨ ᠣᠰᠣᠯᠳᠠᠯ ᠦᠭᠡᠢ
ᠭᠤᠴᠢᠨ ᠲᠠᠪᠤᠨ ᠡᠷᠳᠡᠮ ᠢ᠋ ᠪᠦᠷᠢᠨ ᠲᠡᠭᠦᠰᠬᠡᠵᠦ
ᠣᠯᠠᠨ ᠬᠦᠯᠦᠭ➊ ᠪᠦᠭᠦᠳᠡ ᠶ᠋ᠢ ᠵᠠᠯᠭᠠᠮᠵᠢᠯᠠᠵᠤ
ᠥᠭᠡᠯᠡᠳ ᠵᠥᠭᠡᠯᠡᠳ ᠬᠠᠲᠤᠨ ᠠ᠋ᠴᠠ ᠰᠠᠯᠵᠤ ᠭᠠᠷᠤᠭᠰᠠᠨ
ᠲᠡᠷᠡ ᠪᠣᠬ᠍ᠳᠠᠳ ᠮᠢᠨᠢ ᠲᠩᠷᠢ ᠡᠴᠡ ᠢᠨᠠᠭᠰᠢ ᠪᠠᠭᠤᠵᠤ
ᠬᠣᠷᠢᠨ ᠨᠢᠭᠡᠨ ᠦᠶ᠎ᠡ ᠪᠣᠯᠤᠭᠰᠠᠨ ᠤ᠋ ᠬᠣᠢᠨ᠎ᠠ
ᠲᠡᠷᠢᠭᠦᠨ ᠶᠡᠬᠡ ᠪᠣᠭᠳᠠ ᠴᠢᠩᠭᠢᠰ ᠬᠠᠭᠠᠨ ᠪᠣᠯᠵᠤ ᠬᠤᠪᠢᠯᠤᠨ ᠲᠥᠷᠥᠭᠡᠳ
ᠡᠯᠳᠡᠪ ᠴᠡᠴᠡᠭ ᠢ᠋ᠶ᠋ᠡᠷ  ᠳᠦᠭᠦᠷᠦᠭᠰᠡᠨ ᠭᠡᠷᠡᠯ ᠮᠡᠲᠦ
ᠵᠤᠨ ᠤ᠋ ᠲᠡᠷᠢᠭᠦᠨ ᠰᠠᠷ᠎ᠠ ᠶ᠋ᠢᠨ ᠰᠢᠨᠡᠳ ᠲᠦ᠍
ᠳᠦᠭᠦᠷᠡᠩ ᠠᠷᠪᠠᠨ ᠨᠢᠭᠡᠨ ᠭᠡᠰᠡᠨ ᠡᠳᠦᠷ
ᠵᠤᠯᠠ ᠬᠦᠵᠢ ᠶᠦ᠍ᠭᠡᠨ ᠪᠠᠷᠢᠵᠤ
ᠲᠩᠷᠢ ᠡᠴᠡ ᠪᠦᠬᠦ ᠶ᠋ᠢ ᠲᠠᠬᠢᠵᠦ
ᠨᠠᠢᠷ ᠳᠠᠯᠠᠢ ᠶᠡᠬᠡ ᠬᠤᠷᠢᠮ ᠢ᠋ ᠲᠥᠬᠥᠭᠡᠷᠴᠦ ᠲᠠᠯᠪᠢᠭᠠᠳ
ᠨᠠᠢᠷ ᠪᠡᠯᠭᠡ ᠬᠣᠶᠠᠷ ᠢ᠋ ᠤᠳᠤᠷᠢᠳᠴᠤ
ᠶᠢᠰᠦᠨ ᠥᠷᠯᠥᠭ  ᠲᠠᠪᠤᠨ ᠲᠠᠢᠵᠢ
ᠳᠥᠷᠪᠡᠨ ᠣᠢᠷᠠᠳ ᠳᠥᠴᠢᠨ ᠮᠣᠩᠭᠣᠯ
ᠠᠯᠢᠪᠠ ᠶᠡᠬᠡ ᠠᠮᠢᠲᠠᠨ ᠢ᠋ᠶ᠋ᠠᠨ ᠡᠮᠦᠨ᠎ᠡ ᠪᠡᠨ ᠴᠤᠭᠯᠠᠭᠤᠯᠵᠤ
ᠠᠵᠠ ᠲᠠᠢ ᠶᠡᠬᠡ ᠨᠠᠢᠷᠯᠠᠵᠤ ᠪᠠᠢᠬᠤ ᠶ᠋ᠢᠨ ᠲᠤᠯᠠᠳᠠ
ᠷᠠᠰᠢᠶᠠᠨ ᠮᠡᠯᠮᠡᠭᠡᠷ ᠥᠨᠳᠥᠷ ᠶᠡᠬᠡ ᠴᠠᠭᠠᠨ
ᠰᠥᠩ ᠦ᠋ᠨ ᠲᠠᠨᠢ ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠪᠣᠭᠳᠠ ᠴᠢᠩᠭᠢᠰ ᠬᠠᠭᠠᠨ ᠬᠠᠪᠤᠷ ᠤ᠋ᠨ ᠲᠡᠷᠢᠭᠦᠨ ᠰᠠᠷ᠎ᠠ ᠳ᠋ᠤ᠌
ᠰᠢᠨ᠎ᠡ ᠶ᠋ᠢᠨ ᠨᠢᠭᠡᠨ ᠭᠡᠰᠡᠨ ᠡᠳᠦᠷ ᠲᠦ᠍
ᠬᠠᠭᠠᠨ ᠤ᠋ ᠰᠢᠷᠡᠭᠡᠨ ᠳ᠋ᠦ᠍ ᠵᠠᠯᠠᠷᠠᠵᠤ
ᠪᠡᠯᠭᠡ ᠨᠠᠢᠷ ᠢ᠋ ᠳᠡᠯᠭᠡᠷᠡᠭᠦᠯᠵᠦ ᠪᠠᠢᠬᠤ ᠶ᠋ᠢᠨ ᠴᠠᠭ ᠲᠤ᠌
ᠦᠷᠭᠦᠭᠡᠨ ᠳ᠋ᠦ᠍ᠷ ᠰᠢᠲᠠᠷᠠᠬᠢ ᠶᠡᠬᠡ ᠴᠢᠯᠠᠭᠤᠨ ᠳᠡᠭᠡᠷ᠎ᠡ
ᠦᠵᠡᠰᠬᠦᠯᠡᠩᠲᠦ ᠰᠠᠢᠬᠠᠨ ᠰᠢᠪᠠᠭᠤᠳ ᠪᠠᠭᠤᠵᠤ
ᠵᠢᠩᠭᠢᠷ ᠵᠢᠩᠭᠢᠷ ᠭᠡᠵᠦ ᠢᠷᠠᠭᠤ ᠰᠠᠢᠬᠠᠨ ᠳᠠᠭᠤ ᠭᠠᠷᠴᠤ
ᠲᠦᠰᠢᠮᠡᠳ ᠨᠦ᠍ᠭᠦᠳ ᠶᠡᠬᠡ ᠥᠯᠵᠡᠢᠲᠡᠢ ᠪᠣᠯᠪᠠ ᠭᠡᠵᠦ
ᠵᠢᠯ ᠢᠷᠡᠬᠦ ᠶ᠋ᠢᠨ ᠨᠢᠭᠡ ᠵᠢᠯ ᠦ᠋ᠨ ᠭᠡᠷᠡᠯ ᠨᠡᠮᠡᠵᠦ
ᠣᠨ ᠢᠷᠡᠬᠦ ᠶ᠋ᠢᠨ ᠨᠢᠭᠡ ᠤᠲᠤᠭ᠎ᠠ ᠶ᠋ᠢᠨ ᠴᠡᠴᠡᠭᠡᠢ ᠨᠡᠮᠡᠵᠦ
ᠣᠯᠠᠨ ᠰᠠᠢᠬᠠᠨ ᠵᠢᠯ ᠦ᠋ᠳ ᠲᠦ᠍
ᠠᠭᠤᠤ ᠰᠠᠢᠬᠠᠨ ᠰᠡᠭᠦᠳᠡᠷ ᠢ᠋ ᠵᠣᠭᠣᠭᠯᠠᠵᠤ
ᠲᠥᠷᠥᠯᠬᠢ  ᠰᠠᠢᠬᠠᠨ ᠴᠣᠯᠠ ᠲᠠᠢ
ᠲᠦᠭᠡᠮᠡᠯ ᠶᠡᠬᠡ ᠪᠤᠶᠠᠨ ᠲᠠᠢ
ᠲᠦᠪᠰᠢᠨ ᠰᠠᠷᠠᠭᠤᠯ ᠤᠬᠠᠭᠠᠨ ᠲᠠᠢ
ᠲᠦᠮᠡᠨ ᠬᠢᠯᠠᠭᠠᠨ ᠮᠠᠯ ᠲᠠᠢ
ᠲᠦᠷᠭᠡᠨ ᠨᠢᠭᠲᠠ ᠦᠢᠯᠡ ᠲᠡᠢ
ᠲᠥᠪ ᠠᠮᠤᠭᠤᠯᠠᠩ ᠰᠠᠢᠬᠠᠨ ᠵᠢᠷᠭᠠᠵᠤ
ᠣᠯᠠᠨ ᠲᠦᠮᠡᠨ ᠢᠷᠭᠡᠨ ᠠᠯᠪᠠᠲᠤ ᠪᠦᠭᠦᠳᠡᠭᠡᠷ
ᠭᠠᠩᠭ᠎ᠠ ᠮᠥᠷᠡᠨ ᠦ᠌ ᠴᠠᠭᠠᠨ ᠠᠷᠰᠯᠠᠨ ᠮᠡᠲᠦ
ᠭᠠᠳᠤᠰ ᠬᠣᠯᠠ ᠨᠡᠷ᠎ᠡ ᠴᠣᠯᠠ ᠲᠠᠨᠢ ᠳᠠᠭᠤᠷᠢᠰᠴᠤ
ᠭᠠᠯᠪᠠᠷᠠᠭᠰᠠᠨ ᠽᠠᠨᠳᠠᠨ ᠰᠠᠯᠠᠭ᠎ᠠ ᠮᠥᠴᠢᠷ  ᠮᠡᠲᠦ
ᠬᠡᠵᠢᠶᠡᠳᠡ ᠬᠡᠯᠪᠡᠷᠡᠰᠢ ᠦᠭᠡᠢ
ᠣᠭᠲᠣ ᠥᠯᠪᠡᠷᠡᠰᠢ ᠦᠭᠡᠢ
ᠬᠠᠭᠠᠨ ᠬᠥᠮᠦᠨ ᠬᠠᠷᠠᠵᠤ ᠪᠠᠭᠤᠬᠤ ᠶ᠋ᠢᠨ ᠦᠶ᠎ᠡ ᠳ᠋ᠦ᠍
ᠬᠠᠵᠠᠭᠤ ᠭᠠᠵᠠᠷ ᠤ᠋ᠨ ᠪᠤᠯᠠᠭ ᠮᠡᠲᠦ ᠳᠡᠪᠦᠷᠡᠩᠭᠦᠢ ᠰᠠᠢᠬᠠᠨ
ᠡᠯᠢᠭᠡᠨ ᠬᠥᠮᠦᠨ ᠴᠢᠨᠢ ᠡᠷᠭᠢᠵᠦ ᠪᠠᠭᠤᠬᠤ ᠶ᠋ᠢᠨ ᠴᠠᠭ ᠲᠤ᠌
ᠡᠭᠡᠪᠦᠷ ᠭᠠᠵᠠᠷ ᠤ᠋ᠨ ᠴᠡᠴᠡᠭ ᠮᠡᠲᠦ ᠳᠡᠯᠭᠡᠷᠡᠩᠭᠦᠢ ᠰᠠᠢᠬᠠᠨ
ᠨᠠᠢᠷ ᠪᠡᠯᠭᠡ ᠬᠣᠶᠠᠷ ᠤ᠋ᠨ ᠳᠤᠮᠳᠠ ᠴᠡᠩᠭᠡᠯᠳᠦᠵᠦ  ᠶᠠᠪᠤᠬᠤ ᠶ᠋ᠢᠨ ᠲᠤᠯᠠᠳᠠ
ᠥᠷᠭᠡᠨ ᠶᠡᠬᠡ ᠨᠠᠢᠷ ᠤ᠋ᠨ ᠲᠠᠨᠢ ᠪᠡᠯᠭᠡ
ᠥᠨᠳᠥᠷ ᠶᠡᠬᠡ ᠴᠠᠭᠠᠨ ᠰᠥᠩ ᠦ᠋ᠨ ᠲᠠᠨᠢ
ᠳᠡᠭᠡᠵᠢ ᠶ᠋ᠢ ᠰᠠᠴᠤᠨ ᠠᠢᠯᠠᠳᠬᠠᠵᠤ ᠪᠠᠷᠢᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠬᠠᠭᠠᠨ ᠬᠤᠷᠮᠤᠰᠲᠠ ᠭᠤᠴᠢᠨ ᠭᠤᠷᠪᠠᠨ ᠲᠩᠷᠢ ᠶ᠋ᠢᠨ ᠣᠷᠣᠨ ᠠ᠋ᠴᠠ
ᠭᠤᠷᠪᠠᠨ ᠰᠤᠷᠭᠠᠯ ᠤ᠋ᠨ ᠨᠣᠮ ᠢ᠋ᠶ᠋ᠠᠷ ᠲᠡᠳᠬᠦᠭᠰᠡᠨ
ᠭᠤᠷᠪᠠᠨ ᠣᠷᠣᠨ ᠤ᠋ ᠡᠵᠡᠨ ᠨᠣᠮ ᠤ᠋ᠨ ᠬᠠᠭᠠᠨ
ᠪᠣᠭᠳᠠ ᠽᠥᠩᠺᠠᠪᠠ ᠶ᠋ᠢᠨ ᠰᠢᠷ᠎ᠠ ᠶ᠋ᠢᠨ ᠱᠠᠵᠢᠨ ᠰᠠᠬᠢᠭᠤᠯᠰᠤᠨ
ᠵᠢᠷᠭᠤᠭᠠᠨ ᠮᠤᠲᠤᠷᠲᠤ ᠴᠣᠭ ᠮᠠᠬᠠᠺᠠᠯᠠ ᠬᠢᠭᠡᠳ
ᠥᠭᠯᠢᠭᠡ ᠶ᠋ᠢᠨ ᠡᠵᠡᠨ ᠲᠠᠮᠤᠴᠠᠢᠷᠠᠴᠢᠨ
ᠬᠦᠰᠡᠯ ᠦ᠋ᠨ ᠡᠵᠡᠨ ᠡᠷᠬᠡ ᠰᠦᠯᠳᠡ
ᠪᠠᠯᠳᠠᠨ ᡀᠮᠤ ᠶ᠋ᠢᠨ ᠲᠡᠷᠢᠭᠦᠯᠡᠭᠰᠡᠨ 
ᠲᠥᠷᠥ ᠱᠠᠰᠢᠨ ᠰᠠᠬᠢᠭᠤᠯᠰᠤ
ᠥᠪᠡᠷ ᠦ᠋ᠨ ᠡᠴᠢᠭᠡ ᠡᠬᠡ ᠶ᠋ᠢᠨ ᠵᠠᠶᠠᠭ᠎ᠠ ᠰᠠᠬᠢᠭᠤᠯᠰᠤ
ᠡᠳᠦᠷ ᠰᠥᠨᠢ ᠶ᠋ᠢᠨ ᠬᠣᠷᠢᠨ ᠳᠥᠷᠪᠡᠨ ᠴᠠᠭ ᠲᠤ᠌
ᠮᠥᠩᠬᠡ ᠰᠠᠢᠬᠠᠨ ᠨᠥᠬᠥᠴᠡᠵᠦ ᠪᠠᠢᠬᠤ ᠶ᠋ᠢᠨ ᠲᠤᠯᠠᠳᠠ
ᠨᠠᠭᠤᠷ ᠎ᠠ᠋ᠴᠠ ᠮᠡᠯᠮᠡᠭᠡᠷᠬᠡᠨ ᠨᠣᠭᠣᠭᠠᠨ ᠠ᠋ᠴᠠ ᠦᠯᠡᠮᠵᠢᠬᠡᠨ
ᠭᠦᠨ ᠳᠠᠪᠠᠯᠭᠠᠨ ᠮᠡᠲᠦ
ᠵᠢᠷᠭᠠᠵᠤ ᠶᠠᠪᠤᠬᠤ ᠶ᠋ᠢᠨ ᠲᠠᠨᠢ ᠲᠤᠯᠠᠳᠠ
ᠷᠠᠰᠢᠶᠠᠨ ᠮᠡᠯᠮᠡᠭᠡᠷ ᠥᠨᠳᠥᠷ ᠶᠡᠬᠡ ᠴᠠᠭᠠᠨ
ᠰᠥᠩ ᠦ᠋ᠨ ᠲᠠᠨᠢ ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠵᠡᠨ ᠭᠡᠭᠡᠨ ᠭᠦᠦᠰᠢ ᠬᠠᠭᠠᠨ ᠤ᠋
ᠤᠷᠠᠨ ᠲᠠᠢᠵᠢ ᠲᠡᠮᠳᠡᠭᠯᠡᠭᠰᠡᠨ
ᠬᠠᠭᠠᠰ ᠲᠠᠮᠠᠭ᠎ᠠ ᠶ᠋ᠢᠨ ᠲᠤᠰᠠᠯᠠᠭᠴᠢ ᠨᠣᠶᠠᠳ ᠪᠠᠭᠤᠵᠤ
ᠬᠠᠰ ᠶᠣᠨᠳᠣᠨ ᠡᠷᠳᠡᠨᠢ ᠶ᠋ᠢᠨ ᠲᠠᠮᠠᠭ᠎ᠠ ᠶ᠋ᠢᠨ
ᠳᠥᠷᠪᠡᠨ ᠥᠨᠴᠥᠭ ᠡᠴᠡ ᠪᠠᠭᠤᠵᠤ
ᠬᠠᠰᠢᠮᠠᠯ ᠲᠦᠰᠢᠮᠡᠯ ᠰᠠᠢᠳ ᠤ᠋ᠳ
ᠬᠠᠭᠠᠨ ᠨᠣᠶᠠᠨ ᠬᠣᠩᠭᠣᠷ ᠤ᠋ᠨ ᠲᠠᠢᠵᠢ ᠪᠣᠯᠵᠤ ᠬᠤᠪᠢᠯᠤᠨ ᠲᠥᠷᠥᠭᠡᠳ
ᠲᠡᠷᠡ ᠴᠠᠭ ᠠ᠋ᠴᠠ ᠡᠨᠳᠡᠭᠦᠯ ᠦᠭᠡᠢ
ᠡᠵᠡᠨ ᠠᠷᠪᠠᠨ ᠨᠠᠢ᠍ᠮᠠᠨ ᠮᠣᠵᠢ
ᠳᠠᠭᠤᠷᠢᠰᠴᠤ ᠳᠡᠯᠭᠡᠷᠡᠵᠦ ᠪᠠᠢᠭᠰᠠᠨ ᠢ᠋ᠶ᠋ᠠᠷ
ᠡᠵᠡᠨ ᠭᠡᠭᠡᠨ ᠭᠦᠦᠰᠢ ᠬᠠᠭᠠᠨ ᠤ᠋
ᠮᠥᠩᠬᠡ ᠴᠠᠭᠠᠨ ᠲᠥᠷᠥ
ᠠᠮᠤᠭᠤᠯᠠᠩ ᠠᠷᠪᠠᠨ ᠨᠠᠢ᠍ᠮᠠᠨ ᠵᠦᠭ ᠲᠦ᠍
ᠮᠠᠰᠢ ᠰᠠᠢᠬᠠᠨ ᠳᠡᠯᠭᠡᠷᠡᠵᠦ ᠪᠠᠢᠬᠤ᠎ ᠶ᠋ᠢᠨ ᠲᠤᠯᠠᠳᠠ 
ᠥᠷᠭᠡᠨ ᠶᠡᠬᠡ ᠨᠠᠢᠷ ᠎ᠤ᠋ᠨ ᠲᠠᠨᠢ ᠪᠡᠯᠡᠭ 
ᠥᠨᠳᠥᠷ  ᠶᠡᠬᠡ ᠴᠠᠭᠠᠨ ᠰᠥᠩ᠎ ᠦ᠋ᠨ ᠲᠠᠨᠢ 
ᠳᠡᠭᠡᠵᠢ ᠎ᠶ᠋ᠢ ᠰᠠᠴᠤᠨ ᠠᠢᠯᠠᠳᠬᠠᠪᠠ  ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠨᠣᠮ ᠎ᠤ᠋ᠨ ᠬᠦᠷᠳᠦ ᠎ᠶ᠋ᠢ ᠣᠷᠴᠢᠭᠤᠯᠵᠤ ᠡᠷᠭᠢᠭᠦᠯᠦᠭᠡᠳ 
ᠲᠠᠪᠤᠳᠤᠭᠠᠷ ᠳᠠᠯᠠᠢ ᠯᠠᠮᠠ᠎ᠶ᠋ᠢᠨ ᠭᠡᠭᠡᠨ ᠵᠦᠩᠳᠦᠷ ᠵᠠᠯᠠᠵᠤ
ᠠᠷᠪᠠᠨ ᠭᠤᠷᠪᠠᠨ ᠲᠥᠪᠡᠳ ᠎ᠢ᠋ ᠲᠣᠭᠠᠯᠠᠵᠤ ᠪᠠᠷᠢᠵᠤ
ᠪᠠᠨᠴᠢᠨ ᠡᠷᠳᠡᠨᠢ᠎ ᠶ᠋ᠢ ᠭᠡᠭᠡᠨ ᠭᠡᠵᠦ
ᠡᠷᠬᠡᠲᠦ ᠳᠠᠯᠠᠢ ᠯᠠᠮᠠ ᠭᠡᠭᠡᠨ ᠎ᠢ᠋ ᠡᠷᠭᠦᠮᠵᠢᠯᠡᠵᠦ
ᠪᠤᠷᠬᠠᠨ ᠱᠠᠰᠢᠨ ᠎ᠢ᠋ ᠳᠡᠯᠭᠡᠷᠡᠭᠦᠯᠵᠦ
ᠪᠠᠢᠭᠰᠠᠨ ᠤᠴᠢᠷ ᠰᠢᠯᠲᠠᠭᠠᠨ
ᠪᠣᠭᠳᠠ ᠽᠥᠩᠺᠠᠪᠠ ᠎ᠶ᠋ᠢᠨ ᠠᠯᠲᠠᠨ ᠰᠠᠢᠬᠠᠨ ᠰᠢᠬᠦᠷ᠎ ᠢ᠋ 
ᠰᠦᠮᠪᠦᠷ ᠠᠭᠤᠯᠠ ᠎ᠶ᠋ᠢᠨ ᠦᠵᠦᠭᠦᠷ᠎ ᠲᠦ᠍ ᠬᠦᠷᠭᠡᠵᠦ ᠬᠠᠳᠬᠤᠭᠠᠳ 
ᠱᠠᠰᠢᠨ ᠨᠣᠮ᠎ ᠢ᠋ ᠰᠠᠢᠬᠠᠨ 
ᠳᠡᠯᠭᠡᠷᠡᠭᠦᠯᠵᠦ ᠪᠠᠢᠭᠰᠠᠨ  ᠴᠠᠭ ᠲᠤ᠌
ᠮᠥᠨ ᠴᠢᠨᠠᠷ ᠴᠣᠭ ᠲᠠᠢ 
ᠡᠵᠡᠨ ᠭᠡᠭᠡᠨ ᠭᠦᠦᠰᠢ ᠬᠠᠭᠠᠨ ᠤ᠋ ᠸᠴᠢᠷᠪᠠᠨᠢ ᠬᠤᠪᠢᠯᠤᠭᠠᠳ
ᠮᠥᠩᠬᠡ ᠴᠠᠭᠠᠨ ᠲᠥᠷᠥ ᠲᠠᠢ
ᠠᠮᠤᠭᠤᠯᠠᠩ ᠠᠷᠪᠠᠨ ᠵᠦᠭ ᠲᠦ᠍
ᠮᠠᠰᠢ ᠰᠠᠢᠬᠠᠨ ᠳᠡᠯᠭᠡᠷᠡᠵᠦ ᠪᠠᠢᠬᠤ ᠶ᠋ᠢᠨ ᠲᠤᠯᠠᠳᠠ
ᠲᠥᠷᠥ ᠶ᠋ᠢ ᠲᠡᠳᠬᠦᠨ ᠳᠡᠯᠭᠡᠷᠡᠭᠦᠯᠦᠭᠰᠡᠨ
ᠪᠣᠭᠳᠠ ᠡᠵᠡᠨ ᠦ᠌ ᠮᠢᠨᠢ
ᠲᠦᠮᠡᠨ ᠥᠯᠮᠡᠢ ᠪᠠᠲᠤᠵᠢᠵᠤ
ᠲᠦᠪᠰᠢᠨ ᠲᠥᠷᠥ ᠳᠡᠯᠭᠡᠷᠡᠵᠦ
ᠲᠦᠮᠡᠨ ᠣᠯᠠᠨ ᠢᠷᠭᠡᠨ ᠠᠯᠪᠠᠲᠤ ᠪᠦᠭᠦᠳᠡᠭᠡᠷ
ᠲᠥᠪ ᠰᠠᠢᠬᠠᠨ ᠵᠢᠷᠭᠠᠵᠤ ᠪᠠᠢᠬᠤ ᠶ᠋ᠢᠨ
ᠲᠤᠯᠠᠳᠠ ᠥᠷᠭᠡᠨ ᠶᠡᠬᠡ ᠨᠠᠢᠷ ᠤ᠋ᠨ ᠲᠠᠨᠢ
ᠥᠨᠳᠥᠷ ᠶᠡᠬᠡ ᠴᠠᠭᠠᠨ ᠰᠥᠩ ᠦ᠋ᠨ ᠲᠠᠨᠢ
ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠲᠦᠮᠡᠨ ᠡᠷᠳᠡᠨᠢ ᠪᠡᠷ ᠪᠦᠲᠦᠭᠡᠭᠰᠡᠨ
ᠲᠦᠭᠡᠮᠡᠯ ᠰᠠᠢᠬᠠᠨ ᠡᠳᠦᠷ ᠪᠡᠯᠡᠭᠯᠡᠭᠰᠡᠨ ᠪᠡᠯᠭᠡ ᠪᠢᠯᠡ
ᠲᠦᠮᠡᠨ ᠰᠢᠷᠭᠠᠯ ᠢᠳᠡᠭᠡᠨ ᠦ᠌ ᠳᠡᠭᠡᠵᠢ ᠪᠢᠯᠡ
ᠠᠷᠤᠷ᠎ᠠ ᠪᠦᠷᠢ ᠶ᠋ᠢᠨ ᠠᠮᠲᠠ ᠪᠠᠷ ᠪᠦᠲᠦᠭᠡᠭᠰᠡᠨ
ᠠᠮᠢᠳᠤ ᠢᠳᠡᠭᠡᠨ ᠦ᠌ ᠳᠡᠭᠡᠵᠢ ᠪᠢᠯᠡ
ᠠᠷᠪᠠᠨ ᠵᠦᠭ ᠦ᠋ᠨ ᠪᠤᠷᠬᠠᠨ ᠤ᠋ ᠨᠠᠩᠴᠢᠳ  ᠪᠣᠯᠤᠭᠰᠠᠨ
ᠠᠶ᠎ᠠ ᠳᠠᠷᠤᠢ ᠥᠩᠭᠡ ᠭᠡᠢᠴᠢ
ᠨᠡᠢᠲᠡ ᠪᠡᠷ ᠢ᠋ᠶ᠋ᠡᠨ ᠴᠡᠩᠭᠡᠯ ᠪᠣᠯᠤᠭᠰᠠᠨ
ᠠᠮᠢᠳᠤ ᠢᠳᠡᠭᠡᠨ ᠦ᠌ ᠳᠡᠭᠡᠵᠢ ᠪᠢᠯᠡ
ᠡᠩᠬᠡ ᠲᠥᠷᠥ ᠳ᠋ᠦ᠍ ᠡᠵᠡᠨ ᠦ᠌ ᠮᠢᠨᠢ ᠰᠢᠷᠡᠭᠡ ᠪᠠᠲᠤᠵᠢᠬᠤ ᠪᠣᠯᠲᠤᠭᠠᠢ!
ᠡᠷᠳᠡᠨᠢ ᠨᠣᠮ ᠰᠢᠷ᠎ᠠ ᠶ᠋ᠢᠨ ᠱᠠᠵᠢᠨ ᠤ᠋ ᠯᠠᠮᠠ ᠶ᠋ᠢᠨ ᠰᠢᠷᠡᠭᠡ ᠪᠠᠲᠤᠵᠢᠬᠤ ᠪᠣᠯᠲᠤᠭᠠᠢ!
ᠠᠯᠲᠠᠨ ᠳᠡᠯᠭᠡᠷ ᠨᠤᠲᠤᠭ ᠲᠤ᠌
ᠮᠠᠯ ᠢ᠋ᠶ᠋ᠠᠷ ᠪᠠᠶᠠᠨ
ᠦᠷ᠎ᠡ ᠪᠡᠷ ᠥᠨᠢᠷ
ᠵᠠᠶᠠᠭ᠎ᠠ ᠪᠠᠷ ᠲᠦᠪᠰᠢᠨ
ᠰᠠᠨᠠᠭ᠎ᠠ ᠪᠠᠷ ᠠᠮᠤᠷ
ᠡᠩᠬᠡ ᠲᠥᠷᠥ ᠮᠥᠩᠬᠡ ᠱᠠᠰᠢᠨ
ᠨᠠᠰᠤᠨ ᠦᠷᠭᠦᠯᠵᠢ ᠨᠠᠢᠷ ᠪᠡᠯᠭᠡ ᠬᠣᠶᠠᠷ ᠤ᠋ᠨ ᠳᠤᠮᠳᠠ
ᠴᠡᠩᠭᠡᠯᠳᠦᠵᠦ ᠶᠠᠪᠤᠬᠤ ᠶ᠋ᠢᠨ ᠲᠠᠨᠢ ᠲᠤᠯᠠᠳᠠ
ᠥᠷᠭᠡᠨ ᠶᠡᠬᠡ ᠨᠠᠢᠷ ᠤ᠋ᠨ ᠲᠠᠨᠢ ᠪᠡᠯᠭᠡ
ᠥᠨᠳᠥᠷ ᠶᠡᠬᠡ ᠴᠠᠭᠠᠨ ᠰᠥᠩ ᠦ᠋ᠨ ᠲᠠᠨᠢ ᠳᠡᠭᠡᠵᠢ ᠶ᠋ᠢ
ᠳᠥᠷᠪᠡᠨ ᠮᠥᠩᠭᠥᠨ ᠬᠥᠯ ᠲᠡᠢ
ᠳᠥᠷᠪᠡᠯᠵᠢᠨ ᠮᠥᠩᠭᠥᠨ ᠡᠭᠡᠮ ᠲᠡᠢ
ᠥᠨᠳᠥᠷ ᠶᠡᠬᠡ ᠰᠢᠷᠡᠭᠡᠨ ᠳᠡᠭᠡᠷ᠎ᠡ ᠲᠠᠨᠢ
ᠲᠦᠮᠡᠨ ᠣᠯᠠᠨ ᠣᠯᠪᠣᠭ ᠤ᠋ᠨ ᠲᠠᠨᠢ ᠡᠮᠦᠨ᠎ᠡ
ᠲᠦᠭᠡᠮᠡᠯ ᠶᠡᠬᠡ ᠪᠤᠶᠠᠨ ᠤ᠋ ᠲᠠᠨᠢ ᠳᠤᠮᠳᠠ
ᠲᠥᠷᠥ ᠨᠠᠢᠷ ᠤ᠋ᠨ ᠲᠠᠨᠢ ᠳᠤᠮᠳᠠ
ᠠᠯᠲᠠᠨ ᠰᠣᠨᠣᠷ ᠤ᠋ᠨ ᠲᠠᠨᠢ ᠭᠡᠭᠡᠨ ᠳ᠋ᠦ᠍
ᠡᠩᠬᠡ ᠲᠦᠰᠢᠮᠡᠳ ᠦ᠋ᠨ ᠲᠠᠨᠢ ᠳᠡᠷᠭᠡᠳᠡ
ᠠᠯᠪᠠᠲᠤ ᠬᠤᠰᠢᠭᠤᠨ ᠤ᠋ ᠲᠠᠨᠢ ᠳᠤᠮᠳᠠ
ᠠᠶ᠎ᠠ ᠳᠠᠷᠤᠢ ᠥᠩᠭᠡ ᠭᠡᠢᠴᠢ
ᠨᠡᠢᠲᠡ ᠪᠡᠷ ᠢ᠋ᠶ᠋ᠡᠨ ᠲᠠᠨᠢ ᠳᠤᠮᠳᠠ
ᠲᠣᠭ᠎ᠠ ᠲᠠᠢ ᠬᠤᠷᠢᠮ
ᠲᠣᠰᠣ ᠲᠠᠢ ᠳᠡᠭᠡᠵᠢ ᠶ᠋ᠢᠨ ᠲᠠᠨᠢ ᠳᠤᠮᠳᠠ
ᠲᠣᠯᠣᠭᠠᠢ ᠲᠠᠢ ᠰᠢᠭᠦᠰᠦ ᠶ᠋ᠢᠨ ᠲᠠᠨᠢ ᠳᠡᠭᠡᠷ᠎ᠡ
ᠨᠢᠭᠡ ᠬᠣᠶᠠᠷ ᠭᠤᠷᠪᠠᠳᠤᠭᠠᠷ ᠪᠠᠶᠠᠨ ᠴᠠᠭᠠᠨ
ᠰᠥᠩ ᠦ᠋ᠨ ᠲᠠᠨᠢ ᠳᠡᠭᠡᠵᠢ ᠶ᠋ᠢ ᠲᠣᠭᠲᠠᠭᠠᠨ ᠠᠢᠯᠠᠳᠬᠠᠭᠰᠠᠨ ᠪᠢᠯᠡ !
(ᠲᠤᠰ ᠢᠷᠦᠭᠡᠯ ᠢ᠋ ᠭᠤ • ᠽᠡᠳᠠᠩ ᠢᠷᠦᠭᠡᠵᠦ᠂ᠴᠢᠯᠠᠭᠤᠨ᠂ ᠱᠠᠨ ᠰᠢ ᠴᠤᠭᠯᠠᠭᠤᠯᠤᠨ 
ᠲᠡᠮᠳᠡᠭᠯᠡᠪᠡ᠂ ᠭᠤ • ᠽᠡᠳᠡᠩ — ᠡᠷᠡᠭᠲᠡᠢ᠂ ᠥᠨᠥ    ᠵᠢᠯ    69   ᠨᠠᠰᠤᠲᠠᠢ 
ᠰᠢᠷᠭᠠᠯᠵᠢᠨ   ᠰᠤᠮᠤᠨ   ᠤ᠋   ᠮᠠᠯᠴᠢᠨ᠂  ᠤᠭ   ᠨᠤᠲᠤᠭ   ᠵᠠᠰᠠᠭ  ᠬᠣᠰᠢᠭᠤ) 

ᠪᠠᠶᠠᠨ ᠰᠥᠩ ᠦ᠋ᠨ ᠢᠷᠦᠭᠡᠯ(ᠨᠠᠢ᠍ᠮᠠᠨ ᠡᠭᠢᠲᠦ)


ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠵᠢᠯ ᠦ᠋ᠨ ᠳᠤᠮᠳᠠᠬᠢ ᠵᠢᠪᠬᠤᠯᠠᠩᠲᠤ ᠰᠠᠢᠬᠠᠨ ᠡᠳᠦᠷ
ᠵᠢᠷᠭᠠᠯᠠᠩᠲᠤ ᠣᠯᠠᠨ ᠡᠯᠢᠭᠡᠨ ᠲᠥᠷᠥᠯ ᠪᠦᠭᠦᠳᠡᠭᠡᠷ
ᠴᠤᠭᠯᠠᠵᠤ ᠨᠠᠢᠷᠯᠠᠭᠰᠠᠨ ᠡᠳᠦᠷ
ᠰᠠᠷ᠎ᠠ ᠶ᠋ᠢᠨ ᠳᠤᠮᠳᠠᠬᠢ ᠰᠠᠢᠬᠠᠨ ᠡᠳᠦᠷ
ᠰᠠᠢᠬᠠᠨ ᠶᠡᠬᠡ ᠬᠤᠷᠢᠮ ᠢ᠋ᠶ᠋ᠠᠨ ᠲᠥᠬᠥᠭᠡᠷᠴᠦ ᠲᠠᠯᠪᠢᠭᠰᠠᠨ ᠡᠳᠦᠷ
ᠣᠨ ᠤ᠋ ᠳᠤᠮᠳᠠᠬᠢ ᠣᠨᠴᠠ ᠲᠠᠢ ᠰᠠᠢᠬᠠᠨ ᠡᠳᠦᠷ
ᠣᠯᠠᠨ ᠡᠯᠢᠭᠡᠨ ᠲᠥᠷᠥᠯ ᠪᠦᠭᠦᠳᠡᠭᠡᠷ
ᠴᠤᠭᠯᠠᠵᠤ ᠨᠠᠢᠷᠯᠠᠭᠰᠠᠨ ᠡᠳᠦᠷ
ᠯᠠᠮᠠ ᠪᠤᠷᠬᠠᠨ ᠳᠡᠭᠡᠳᠦ ᠬᠤᠲᠤᠭᠲᠤ ᠬᠤᠪᠢᠯᠭᠠᠨ ᠬᠢᠭᠡᠳ
ᠬᠠᠮᠤᠭ ᠲᠡᠭᠷᠢ ᠳᠡᠯᠡᠬᠡᠢ ᠶ᠋ᠢᠨ ᠡᠵᠡᠳ ᠦ᠋ᠳ ᠡᠨᠡᠳᠭᠡᠨ
ᠡᠨᠡᠳᠬᠡᠯ ᠦ᠋ᠨ ᠳᠡᠭᠡᠳᠦ ᠪᠣᠭᠳᠠ ᠤ᠋ᠳ ᠢ᠋ᠶ᠋ᠠᠨ ᠵᠠᠯᠠᠵᠤ
ᠡᠷᠳᠡᠨᠢ ᠴᠢᠯᠥᠭᠡᠲᠦ ᠨᠣᠶᠠᠳ ᠤ᠋ᠳ ᠢ᠋ᠶ᠋ᠠᠨ ᠵᠠᠯᠠᠵᠤ
ᠡᠯᠳᠡᠪ ᠦ᠋ᠨ ᠪᠢᠳᠡᠨ ᠡᠳᠦᠷ ᠦ᠋ᠨ ᠡᠳᠦᠷ ᠲᠦ᠍
ᠪᠠᠳᠠᠷᠠᠨ ᠭᠠᠷᠤᠭᠴᠢ ᠴᠠᠭᠠᠨ ᠨᠠᠷᠠᠨ ᠤ᠋ ᠭᠡᠷᠡᠯ ᠮᠡᠲᠦ
ᠪᠠᠰᠠ ᠬᠣᠢᠨ᠎ᠠ ᠪᠠᠨ ᠵᠢᠷᠭᠠᠬᠤ ᠶ᠋ᠢᠨ ᠲᠤᠯᠠᠳᠠ
ᠪᠠᠳᠠᠷᠠᠩᠭᠤᠢ ᠶᠡᠬᠡ ᠴᠠᠭᠠᠨ ᠰᠥᠩ ᠦ᠋ᠨ ᠲᠠᠨᠢ
ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠪᠠᠷᠠᠭᠤᠨ ᠡᠮᠦᠨ᠎ᠡ ᠵᠦᠭ ᠡᠴᠡ
ᠰᠠᠨᠰᠠᠷ ᠮᠢᠯᠲᠠᠩ ᠤ᠋ᠨ ᠣᠷᠣᠨ ᠠ᠋ᠴᠠ
ᠬᠤᠯᠠᠨ ᠬᠣᠩᠭᠣᠷ ᠯᠠᠭᠤᠰᠠ
ᠬᠤᠷᠴᠠ ᠰᠠᠢᠬᠠᠨ ᠠᠷᠠᠯᠳᠢ ᠲᠠᠢ
ᠮᠡᠯᠮᠡᠯᠵᠡᠭᠰᠡᠨ ᠭᠡᠭᠡ ᠲᠡᠢ
ᠮᠢᠰᠢᠯᠵᠡᠭᠰᠡᠨ  ᠳᠦᠷᠢ ᠲᠡᠢ
ᠪᠠᠯᠳᠠᠨ ᡀᠮᠣ  ᠪᠤᠷᠬᠠᠨ ᠮᠣᠷᠢᠯᠠᠨ
ᠪᠠᠭᠤᠵᠤ ᠪᠠᠢᠬᠤ ᠴᠠᠭ ᠲᠤ᠌
ᠭᠠᠯ ᠲᠣᠭᠣᠭ᠎ᠠ ᠲᠥᠪᠯᠡᠨ ᠲᠤᠯᠵᠤ ᠪᠠᠢᠬᠤ ᠴᠠᠭ ᠲᠤ᠌
ᠲᠥᠷᠥᠭᠰᠡᠨ ᠬᠣᠶᠠᠷ  ᠪᠡᠶ᠎ᠡ ᠲᠠᠨᠢ
ᠮᠥᠩᠬᠡ ᠵᠢᠷᠭᠠᠯ  ᠢ᠋ ᠡᠬᠢᠯᠡᠵᠦ ᠪᠠᠢᠬᠤ ᠴᠠᠭ ᠲᠤ᠌
ᠭᠠᠩ ᠲᠡᠮᠦᠷ ᠡᠴᠢᠭᠡ ᠲᠡᠢ
ᠬᠠᠨ ᠴᠢᠯᠠᠭᠤ ᠡᠬᠡ ᠲᠡᠢ
ᠬᠠᠳᠠ ᠨᠡᠪᠲᠡ ᠢᠯᠴᠢ ᠲᠡᠢ
ᠠᠭᠤᠯᠠ ᠨᠡᠪᠲᠡ ᠤᠲᠤᠭ᠎ᠠ ᠲᠠᠢ
ᠬᠠᠮᠤᠭ ᠢ᠋ ᠬᠠᠩᠭᠠᠭᠴᠢ
ᠬᠠᠲᠠᠭᠤ ᠶ᠋ᠢ ᠵᠥᠭᠡᠯᠡᠷᠡᠭᠦᠯᠦᠭᠴᠢ
ᠬᠠᠷᠠᠩᠭᠤᠢ ᠶ᠋ᠢ ᠭᠡᠢᠭᠦᠯᠦᠭᠴᠢ
ᠵᠢᠷᠭᠤᠭᠠᠨ ᠡᠭᠦᠳᠡᠨ ᠳ᠋ᠦ᠍ ᠵᠢᠩᠭᠢᠷ ᠦ᠋ᠨ ᠳᠤᠮᠳᠠ᠎ ᠠ᠋ᠴᠠ
ᠨᠠᠢ᠍ᠮᠠᠨ ᠲᠠᠯᠠᠲᠤ ᠪᠠᠯᠮ᠎ᠠ ᠶ᠋ᠢᠨ ᠳᠤᠮᠳᠠ᠎ ᠠ᠋ᠴᠠ
ᠳᠥᠷᠪᠡᠨ ᠲᠠᠯᠠᠲᠤ ᠬᠣᠷᠯᠣ ᠶ᠋ᠢᠨ ᠳᠤᠮᠳᠠ᠎ ᠠ᠋ᠴᠠ
ᠪᠠᠳᠠᠷᠠᠨ ᠭᠠᠷᠤᠭᠴᠢ ᠭᠠᠯ ᠤ᠋ᠨ ᠲᠠᠨᠢ
ᠪᠤᠷᠬᠠᠨ ᠰᠣᠶᠣᠷᠬᠠᠨ ᠥᠷᠥᠰᠢᠶᠡ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠶᠡᠷᠡᠨ ᠶᠢᠰᠦᠨ ᠬᠤᠷᠮᠤᠰᠲᠠ ᠲᠩᠷᠢ ᠶ᠋ᠢᠨ ᠣᠷᠣᠨ ᠠ᠋ᠴᠠ ᠡᠭᠦᠰᠦᠭᠰᠡᠨ
ᠶᠢᠰᠦᠭᠡᠢ ᠪᠠᠭᠠᠲᠤᠷ ᠤ᠋ᠨ ᠤᠭ ᠠ᠋ᠴᠠ ᠰᠠᠯᠵᠤ ᠭᠠᠷᠤᠭᠰᠠᠨ
ᠰᠢᠳᠠ ᠪᠣᠭᠳᠠ ᠴᠢᠩᠭᠢᠰ ᠬᠠᠭᠠᠨ ᠣᠰᠣᠯᠳᠠᠯ ᠦᠭᠡᠢ
ᠭᠤᠴᠢᠨ ᠲᠠᠪᠤᠨ ᠡᠷᠳᠡᠮ ᠢ᠋ ᠪᠦᠷᠢᠨ ᠲᠡᠭᠦᠰᠬᠡᠵᠦ
ᠣᠯᠠᠨ ᠬᠥᠯᠭᠡ ᠪᠦᠭᠦᠳᠡ ᠶ᠋ᠢ ᠵᠠᠯᠭᠠᠨ ᠲᠡᠭᠦᠰᠬᠡᠭᠡᠳ
ᠥᠭᠡᠴᠢ ᠵᠦᠬᠡᠴᠢ ᠬᠠᠳᠤᠨ ᠠ᠋ᠴᠠ ᠰᠠᠯᠵᠤ ᠭᠠᠷᠤᠭᠰᠠᠨ
ᠰᠢᠳᠠ ᠪᠣᠭᠳᠠ ᠴᠢᠩᠭᠢᠰ ᠬᠠᠭᠠᠨ ᠪᠣᠯᠵᠤ ᠬᠤᠪᠢᠯᠤᠨ ᠲᠥᠷᠥᠭᠡᠳ
ᠲᠥᠪᠡᠳ ᠡᠨᠡᠳᠬᠡᠭ ᠬᠣᠶᠠᠷ ᠤ᠋ᠨ ᠦᠷ᠎ᠡ ᠶ᠋ᠢ ᠰᠠᠢᠬᠠᠨ ᠪᠤᠯᠢᠶᠠᠭᠠᠳ
ᠡᠯᠳᠡᠪ ᠢ᠋ᠶ᠋ᠡᠷ ᠳᠡᠯᠭᠡᠷᠡᠭᠰᠡᠨ ᠴᠡᠴᠡᠭ ᠦ᠋ᠨ ᠭᠡᠷᠡᠯ ᠮᠡᠲᠦ
ᠨᠠᠭᠤᠷ ᠳᠠᠯᠠᠢ ᠶᠡᠬᠡ ᠬᠤᠷᠢᠮ ᠢ᠋ ᠲᠥᠬᠥᠭᠡᠷᠴᠦ ᠲᠠᠯᠪᠢᠭᠠᠳ
ᠨᠠᠢᠷ ᠪᠡᠯᠭᠡ ᠬᠣᠶᠠᠷ ᠢ᠋ ᠤᠳᠤᠷᠢᠳᠤᠭᠠᠳ
ᠶᠢᠰᠦᠨ ᠥᠷᠯᠥᠭ ᠲᠠᠪᠤᠨ ᠲᠠᠢᠵᠢ
ᠳᠥᠷᠪᠡᠨ ᠥᠭᠡᠯᠡᠳ ᠳᠥᠴᠢᠨ ᠮᠣᠩᠭᠣᠯ
ᠠᠶ᠎ᠠ ᠪᠠᠷ ᠣᠯᠠᠨ ᠠᠮᠢᠲᠠᠨ ᠢ᠋ ᠬᠤᠷᠢᠶᠠᠭᠠᠳ
ᠶᠡᠬᠡ ᠨᠠᠢᠷ ᠢ᠋ ᠳᠡᠯᠭᠡᠷᠡᠭᠦᠯᠦᠨ ᠭᠠᠷᠭᠠᠭᠰᠠᠨ
ᠲᠡᠷᠢᠭᠦᠨ ᠶᠡᠬᠡ ᠰᠢᠳᠠ ᠪᠣᠭᠳᠠ ᠴᠢᠩᠭᠢᠰ ᠬᠠᠭᠠᠨ ᠤ᠋
ᠥᠷᠭᠡᠨ ᠶᠡᠬᠡ ᠨᠠᠢᠷ ᠤ᠋ᠨ ᠪᠡᠯᠭᠡ
ᠥᠨᠳᠥᠷ ᠶᠡᠬᠡ ᠴᠠᠭᠠᠨ ᠰᠥᠩ ᠦ᠋ᠨ ᠳᠡᠭᠡᠵᠢ ᠶ᠋ᠢ ᠰᠠᠴᠤᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠵᠡᠨ ᠭᠡᠭᠡᠨ ᠭᠦᠦᠰᠢ ᠬᠠᠭᠠᠨ ᠤ᠋ ᠲᠠᠢᠵᠢ ᠲᠡᠮᠳᠡᠭᠯᠡᠭᠰᠡᠨ
ᠬᠠᠭᠠᠰ ᠲᠠᠮᠠᠭ᠎ᠠ ᠶ᠋ᠢᠨ ᠲᠤᠰᠠᠯᠠᠭᠴᠢ ᠨᠣᠶᠠᠨ
ᠬᠠᠱ᠌ᠢ ᠶᠦᠩᠳᠦᠨ ᠡᠷᠳᠡᠨᠢ ᠲᠠᠮᠠᠭ᠎ᠠ ᠶ᠋ᠢᠨ ᠳᠥᠷᠪᠡᠨ ᠥᠨᠴᠥᠭ ᠢ᠋ ᠲᠦᠰᠢᠭᠰᠡᠨ
ᠬᠠᠰᠢᠮᠠᠯ ᠲᠦᠰᠢᠮᠡᠯ ᠰᠠᠢᠳ ᠤ᠋ᠳ
ᠬᠠᠨ ᠨᠣᠶᠠᠨ ᠬᠣᠩᠭᠣᠷ ᠤ᠋ᠨ ᠲᠠᠢᠵᠢ ᠪᠣᠯᠵᠤ ᠲᠥᠷᠥᠭᠰᠡᠨ
ᠲᠡᠷᠡ ᠴᠠᠭ ᠠ᠋ᠴᠠ ᠠᠨᠳᠠᠯ ᠦᠭᠡᠢ
ᠡᠵᠡᠨ ᠠᠷᠪᠠᠨ ᠨᠠᠢ᠍ᠮᠠᠨ ᠮᠣᠵᠢ ᠳ᠋ᠤ᠌ ᠳᠠᠭᠤᠷᠢᠰᠴᠤ ᠳᠡᠯᠭᠡᠷᠡᠵᠦ ᠪᠠᠢᠬᠤ ᠪᠠᠷ
ᠡᠵᠡᠨ ᠭᠡᠭᠡᠨ ᠭᠦᠦᠰᠢ ᠬᠠᠭᠠᠨ ᠤ᠋ ᠮᠥᠩᠬᠡ ᠴᠠᠭᠠᠨ ᠲᠥᠷᠥ
ᠠᠮᠤᠭᠤᠯᠠᠩ ᠠᠷᠪᠠᠨ ᠵᠦᠭ ᠲᠦ᠍
ᠮᠠᠰᠢ ᠰᠠᠢᠬᠠᠨ ᠳᠡᠯᠭᠡᠷᠡᠵᠦ ᠪᠠᠢᠬᠤ ᠶ᠋ᠢᠨ ᠲᠤᠯᠠᠳᠠ
ᠷᠠᠰᠢᠶᠠᠨ ᠲᠤᠩᠭᠠᠯᠠᠭ ᠥᠨᠳᠥᠷ ᠶᠡᠬᠡ ᠴᠠᠭᠠᠨ ᠰᠥᠩ ᠦ᠋ᠨ
ᠳᠡᠭᠡᠵᠢ ᠶ᠋ᠢ ᠰᠠᠴᠤᠨ ᠠᠢᠯᠠᠳᠬᠠᠪᠠ  ᠴᠣᠳ !
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠡᠨᠡ ᠭᠤᠷᠪᠠᠨ ᠬᠤᠷᠮᠤᠰᠲᠠ ᠲᠩᠷᠢ ᠶ᠋ᠢᠨ ᠣᠷᠣᠨ ᠠ᠋ᠴᠠ
ᠭᠤᠷᠪᠠᠨ ᠰᠤᠷᠭᠠᠭᠤᠯᠢ ᠶ᠋ᠢᠨ ᠨᠣᠮ ᠶᠠᠭᠤ ᠪᠠᠨ ᠲᠡᠳᠬᠦᠭᠰᠡᠨ
ᠭᠤᠷᠪᠠᠨ ᠣᠷᠣᠨ ᠤ᠋ ᠡᠵᠡᠨ ᠨᠣᠮ ᠤ᠋ᠨ ᠬᠠᠭᠠᠨ
ᠪᠣᠭᠳᠠ ᠽᠥᠩᠺᠠᠪᠠ ᠶ᠋ᠢᠨ ᠰᠢᠷ᠎ᠠ ᠱᠠᠵᠢᠨ ᠤ᠋ ᠰᠠᠬᠢᠭᠤᠯᠰᠤᠨ
ᠵᠢᠷᠭᠤᠭᠠᠨ ᠮᠣᠳᠣᠷ ᠲᠤ᠌ ᠴᠣᠭᠲᠤ ᠮᠠᠬᠠᠺᠠᠯᠠ
ᠥᠭᠯᠢᠭᠡ ᠶ᠋ᠢᠨ ᠡᠵᠡᠨ ᠵᠠᠯᠽᠠᠨ ᠨᠠᠮᠰᠠᠷᠠᠢ
ᠬᠦᠰᠡᠯ ᠦ᠋ᠨ ᠡᠵᠡᠨ ᠡᠷᠬᠡᠰᠢᠶᠡᠯᠲᠦ ᠪᠠᠯᠳᠠᠨ ᡀᠮᠣ 
ᠲᠡᠷᠢᠭᠦᠲᠡᠨ ᠦ᠌ ᠨᠣᠮ ᠰᠠᠬᠢᠭᠤᠯᠰᠤᠨ 
ᠡᠳᠦᠷ ᠰᠥᠨᠢ ᠶ᠋ᠢᠨ ᠠᠷᠪᠠᠨ ᠬᠣᠶᠠᠷ ᠴᠠᠭ ᠲᠤ᠌
ᠮᠥᠩᠬᠡ ᠰᠠᠢᠬᠠᠨ ᠨᠥᠬᠥᠴᠡᠵᠦ
ᠨᠠᠭᠤᠷ ᠎ᠠ᠋ᠴᠠ ᠮᠡᠯᠮᠡᠭᠡᠷᠬᠡᠨ
ᠨᠣᠭᠣᠭᠠᠨ ᠠ᠋ᠴᠠ ᠦᠯᠡᠮᠵᠢᠬᠡᠨ
ᠭᠦᠨ ᠲᠠᠯᠪᠢᠭᠤᠨ ᠵᠢᠷᠭᠠᠵᠤ ᠴᠡᠩᠭᠡᠵᠦ ᠶᠠᠪᠤᠬᠤ ᠶ᠋ᠢᠨ ᠲᠤᠯᠠᠳᠠ
ᠥᠷᠭᠡᠨ ᠨᠠᠢᠷ ᠤ᠋ᠨ ᠪᠡᠯᠭᠡ
ᠥᠨᠳᠥᠷ ᠶᠡᠬᠡ ᠴᠠᠭᠠᠨ ᠰᠥᠩ ᠦ᠋ᠨ ᠳᠡᠭᠡᠵᠢ ᠶ᠋ᠢ ᠲᠠᠨᠢ
ᠡᠷᠭᠦᠨ ᠰᠠᠴᠤᠵᠤ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠯᠠᠮᠠ ᠪᠤᠷᠬᠠᠨ ᠳᠡᠭᠡᠳᠦ ᠨᠣᠮ ᠬᠢᠭᠡᠳ
ᠰᠠᠨᠰᠠᠷᠲᠤ ᠶ᠋ᠢᠨ ᠠᠪᠬᠤ ᠣᠷᠬᠢᠬᠤ ᠬᠣᠶᠠᠷ ᠤ᠋ᠨ ᠢᠯᠭᠠᠯ ᠢ᠋
ᠥᠪᠡᠷ ᠪᠤᠰᠤᠳ ᠤ᠋ᠨ ᠣᠷᠣᠨ ᠳ᠋ᠠᠭᠠᠨ ᠵᠠᠯᠭᠠᠮᠵᠢᠯᠠᠵᠤ
ᠠᠮᠢᠲᠠᠨ ᠲᠣᠭᠠᠲᠠᠨ ᠤ᠋ ᠦᠭᠡ ᠪᠡᠷ ᠣᠷᠴᠢᠭᠤᠯᠵᠤ
ᠨᠣᠮ ᠱᠠᠵᠢᠨ ᠳᠡᠯᠭᠡᠷᠡᠭᠰᠡᠨ ᠶᠦᠮ
ᠪᠣᠭᠳᠠ ᠽᠥᠩᠺᠠᠪᠠ ᠶ᠋ᠢᠨ ᠰᠢᠷ᠎ᠠ ᠶ᠋ᠢᠨ ᠱᠠᠵᠢᠨ ᠳ᠋ᠤ᠌
ᠮᠠᠰᠢ ᠰᠠᠢᠬᠠᠨ ᠠᠰᠢᠭᠲᠠᠢ ᠪᠣᠯᠤᠭᠰᠠᠨ ᠳ᠋ᠤ᠌
ᠪᠣᠭᠳᠠ ᠽᠥᠩᠺᠠᠪᠠ ᠶ᠋ᠢᠨ ᠶᠡᠬᠡ ᠰᠠᠢᠬᠠᠨ
ᠠᠯᠲᠠᠨ ᠰᠢᠭᠦᠷ ᠢ᠋ ᠰᠦᠮᠪᠦᠷ ᠠᠭᠤᠯᠠ ᠶ᠋ᠢᠨ
ᠣᠷᠣᠢ ᠳᠡᠭᠡᠷ᠎ᠡ ᠭᠠᠷᠭᠠᠵᠤ ᠬᠠᠳᠬᠤᠵᠠᠢ
ᠳᠠᠯᠠᠢ ᠯᠠᠮᠠ ᠶ᠋ᠢᠨ ᠭᠡᠭᠡᠨ ᠢ᠋ ᠵᠦᠩᠳᠦᠷ ᠵᠠᠯᠠᠵᠤ
ᠠᠷᠪᠠᠨ ᠭᠤᠷᠪᠠᠨ ᠲᠦᠮᠡᠨ ᠲᠥᠪᠡᠳ ᠢ᠋ ᠲᠣᠭᠠᠯᠠᠨ ᠠᠢᠯᠠᠳᠬᠠᠵᠤ
ᠪᠠᠨᠴᠢᠨ ᠡᠷᠳᠡᠨᠢ ᠶ᠋ᠢᠨ ᠭᠡᠭᠡᠨ ᠭᠡᠢᠵᠦ
ᠱᠠᠵᠢᠨ ᠡᠷᠳᠡᠨᠢ ᠶ᠋ᠢᠨ ᠭᠡᠭᠡᠨ
ᠲᠥᠷᠥ ᠪᠠᠷᠢᠭᠴᠢ ᠶ᠋ᠢᠨ ᠡᠵᠡᠨ ᠭᠡᠭᠡᠨ ᠭᠦᠦᠰᠢ ᠬᠠᠨ ᠤ᠋
ᠦᠷᠡᠨ ᠨᠣᠶᠠᠳ ᠤ᠋ᠨ ᠲᠦᠪᠰᠢᠨ ᠲᠦᠷ ᠳᠡᠯᠭᠡᠷᠡᠵᠦ
ᠲᠦᠮᠡᠨ ᠥᠯᠮᠡᠢ ᠪᠠᠲᠤᠵᠢᠵᠤ
ᠲᠦᠰᠢᠮᠡᠳ ᠰᠠᠢᠳ ᠬᠢᠭᠡᠳ ᠠᠯᠪᠠᠲᠤ ᠪᠦᠭᠦᠳᠡ
ᠨᠠᠮᠰᠠᠷᠠᠢ ᠪᠤᠷᠬᠠᠨ ᠯᠤᠭ᠎ᠠ ᠲᠡᠩᠴᠡᠯᠡᠭᠴᠢ
ᠲᠦᠭᠡᠮᠡᠯ ᠶᠡᠬᠡ ᠪᠤᠶᠠᠨ ᠲᠠᠢ
ᠲᠦᠪᠰᠢᠨ ᠰᠠᠷᠠᠭᠤᠯ ᠤᠬᠠᠭᠠᠨ ᠲᠠᠢ
ᠲᠦᠷᠭᠡᠨ ᠶᠡᠬᠡ ᠦᠢᠯᠡ ᠲᠡᠢ
ᠲᠥᠪ ᠪᠠᠲᠤ ᠵᠢᠷᠭᠠᠵᠤ ᠪᠠᠢᠬᠤ ᠶ᠋ᠢᠨ ᠲᠤᠯᠠᠳᠠ
ᠠᠷᠢᠭᠤᠨ ᠴᠠᠭᠠᠨ ᠢᠳᠡᠭᠡᠨ ᠦ᠌ ᠳᠡᠭᠡᠵᠢ
ᠷᠠᠰᠢᠶᠠᠨ ᠲᠤᠩᠭᠠᠯᠠᠭ ᠰᠥᠩ ᠦ᠋ᠨ ᠳᠡᠭᠡᠵᠢ ᠶ᠋ᠢ
ᠠᠢᠯᠠᠳᠬᠠᠨ ᠰᠠᠴᠤᠨ ᠪᠠᠷᠢᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠶᠡᠬᠡ ᠪᠣᠭᠳᠠ ᠴᠢᠩᠭᠢᠰ ᠬᠠᠭᠠᠨ ᠢ᠋
ᠬᠠᠪᠤᠷ ᠤ᠋ᠨ ᠲᠡᠷᠢᠭᠦᠨ ᠰᠠᠷ᠎ᠠ ᠶ᠋ᠢᠨ 
ᠰᠢᠨ᠎ᠡ ᠶ᠋ᠢᠨ ᠨᠢᠭᠡᠨ ᠭᠡᠰᠡᠨ ᠡᠳᠦᠷ
ᠶᠡᠬᠡ ᠥᠯᠵᠡᠢᠲᠦ ᠰᠠᠢᠬᠠᠨ ᠡᠳᠦᠷ
ᠬᠠᠭᠠᠨ ᠰᠢᠷᠡᠭᠡ ᠳᠡᠭᠡᠷ᠎ᠡ ᠵᠠᠯᠠᠷᠠᠵᠤ ᠪᠠᠢᠭᠰᠠᠨ ᠡᠳᠦᠷ
ᠦᠷᠭᠦᠭᠡᠨ ᠳ᠋ᠦ᠍ ᠰᠢᠲᠠᠷᠠᠬᠢ ᠦᠬᠡᠷ ᠴᠢᠯᠠᠭᠤᠨ ᠳᠡᠭᠡᠷ᠎ᠡ
ᠦᠵᠡᠰᠬᠦᠯᠡᠩ ᠰᠠᠢᠬᠠᠨ ᠰᠢᠪᠠᠭᠤᠨ ᠪᠠᠭᠤᠵᠤ
ᠵᠢᠩᠭᠢᠷ ᠵᠢᠩᠭᠢᠷ ᠬᠡᠮᠡᠵᠦ ᠢᠷᠠᠭᠤ ᠰᠠᠢᠬᠠᠨ ᠳᠤᠤᠭᠠᠷᠴᠤ
ᠶᠡᠬᠡ ᠰᠠᠢᠬᠠᠨ ᠥᠯᠵᠡᠢᠲᠦ ᠪᠣᠯᠵᠠᠢ ᠭᠡᠵᠦ ᠵᠢᠩᠭᠢᠷ ᠵᠠᠯᠪᠤ ᠴᠠᠮ ᠪᠠᠷᠢᠪᠠ
ᠲᠡᠭᠦᠨ ᠦ᠌ ᠬᠣᠢᠨ᠎ᠠ ᠴᠢᠩᠭᠢᠰ ᠦ᠋ᠨ ᠳᠥᠷᠪᠡᠳᠦᠭᠡᠷ ᠦᠶ᠎ᠡ ᠳ᠋ᠦ᠍
ᠥᠯᠵᠡᠢᠲᠦ ᠬᠠᠭᠠᠨ ᠤ᠋ ᠦᠶ᠎ᠡ ᠳ᠋ᠦ᠍
ᠤᠷᠢᠳᠤ ᠰᠢᠪᠠᠭᠤᠨ ᠪᠠᠭᠤᠭᠰᠠᠨ ᠴᠢᠯᠠᠭᠤ ᠶ᠋ᠢ
ᠶᠡᠬᠡ ᠭᠠᠢᠬᠠᠮᠰᠢᠭᠲᠤ ᠭᠡᠮᠡᠨ ᠪᠠᠯᠪᠠᠯᠠᠭᠰᠠᠨ ᠳ᠋ᠤ᠌
ᠱ᠌ᠢᠮᠤᠢ ᠶᠣᠨᠳᠣᠨ ᠭᠡᠰᠢᠦ ᠶᠦᠩᠳᠦᠩ ᠬᠡᠮᠡᠭᠰᠡᠨ
ᠨᠠᠢ᠍ᠮᠠᠨ ᠦᠰᠦᠭ ᠲᠡᠭᠦᠯᠳᠡᠷ
ᠬᠠᠱ᠌ᠢ ᠶᠥᠩᠳᠦᠨ ᠡᠷᠳᠡᠨᠢ ᠲᠠᠮᠠᠭ᠎ᠠ ᠭᠠᠷᠪᠠ
ᠲᠡᠷᠡ ᠨᠠᠢ᠍ᠮᠠᠨ ᠦᠰᠦᠭ ᠦ᠋ᠨ ᠤᠳᠬ᠎ᠠ ᠶᠠᠭᠤ ᠪᠣᠢ ᠬᠡᠮᠡᠪᠡᠰᠦ
ᠳᠡᠭᠡᠳᠦ ᠲᠩᠷᠢ ᠡᠴᠡ ᠡᠭᠦᠰᠦᠭᠰᠡᠨ
ᠣᠷᠣᠢ ᠶ᠋ᠢᠨ ᠴᠢᠮᠡᠭ ᠣᠭᠲᠠᠷᠭᠤᠢ ᠨᠠᠷᠠ
ᠬᠠᠨ ᠮᠥᠩᠬᠡ ᠲᠩᠷᠢ ᠶ᠋ᠢᠨ ᠨᠣᠶᠠᠳ ᠤ᠋ᠳ
ᠵᠢᠯ ᠢᠷᠡᠬᠦ ᠶ᠋ᠢᠨ ᠨᠢᠭᠡ ᠵᠢᠩᠰᠡ ᠶ᠋ᠢᠨ ᠭᠡᠷᠡᠯ ᠨᠡᠮᠡᠵᠦ
ᠣᠨ ᠢᠷᠡᠬᠦ ᠶ᠋ᠢᠨ ᠨᠢᠭᠡ ᠤᠲᠤᠭ᠎ᠠ ᠶ᠋ᠢᠨ ᠴᠡᠴᠡᠭᠡᠢ ᠨᠡᠮᠡᠵᠦ
ᠣᠯᠠᠨ ᠰᠠᠢᠬᠠᠨ ᠵᠢᠯ ᠳ᠋ᠦ᠍
ᠣᠣ ᠰᠠᠢᠬᠠᠨ ᠰᠡᠭᠦᠳᠡᠷ ᠵᠣᠭᠣᠭᠯᠠᠵᠤ
ᠣᠯᠠᠨ ᠢᠷᠭᠡᠨ ᠠᠯᠪᠠᠲᠤ ᠬᠤᠰᠢᠭᠤᠨ
ᠭᠠᠩᠭ᠎ᠠ ᠮᠥᠷᠡᠲᠦ ᠶ᠋ᠢᠨ ᠴᠠᠭᠠᠨ ᠠᠷᠰᠯᠠᠨ ᠮᠡᠲᠦ
ᠭᠠᠳᠤᠰ ᠬᠣᠯᠠ ᠨᠡᠷ᠎ᠡ ᠨᠢ ᠳᠠᠭᠤᠷᠢᠰᠴᠤ
ᠵᠢᠭᠦᠷᠲᠡᠨ ᠬᠠᠭᠠᠨ ᠭᠠᠷᠤᠳᠢ ᠮᠡᠲᠦ
ᠬᠦᠴᠦ ᠣᠮᠣᠭ ᠨᠡᠮᠡᠵᠦ
ᠵᠡᠷᠭᠡᠯᠭᠡᠨᠲᠦ ᠰᠦᠨ ᠳᠠᠯᠠᠢ ᠮᠡᠲᠦ
ᠪᠤᠶᠠᠨ ᠬᠡᠰᠢᠭ ᠳᠡᠯᠭᠡᠷᠡᠵᠦ
ᠵᠢᠪᠬᠤᠯᠠᠩᠲᠤ ᠰᠦᠮᠪᠦᠷ ᠠᠭᠤᠯᠠ ᠮᠡᠲᠦ
ᠨᠠᠰᠤ ᠰᠡᠭᠦᠳᠡᠷ ᠵᠣᠭᠣᠭᠯᠠᠵᠤ
ᠲᠡᠭᠦᠰ ᠵᠢᠪᠬᠤᠯᠠᠩᠲᠤ ᠳᠥᠷᠪᠡᠨ ᠥᠭᠡᠯᠡᠳ ᠦ᠋ᠨ ᠠᠮᠢᠲᠠᠨ ᠢ᠋
ᠡᠭᠦᠯᠡ ᠮᠡᠲᠦ ᠦᠷᠭᠦᠯᠵᠢᠳᠡ ᠴᠤᠭᠯᠠᠭᠤᠯᠵᠤ
ᠨᠠᠢᠷ ᠪᠡᠯᠭᠡ ᠬᠣᠶᠠᠷ ᠢ᠋ᠶ᠋ᠠᠷ
ᠴᠡᠩᠭᠡᠯᠳᠦᠵᠦ ᠪᠠᠢᠬᠤ ᠶ᠋ᠢᠨ ᠲᠤᠯᠠᠳᠠ
ᠥᠷᠭᠡᠨ ᠶᠡᠬᠡ ᠨᠠᠢᠷ ᠪᠡᠯᠭᠡ
ᠥᠨᠳᠥᠷ ᠶᠡᠬᠡ ᠴᠠᠭᠠᠨ ᠰᠥᠩ ᠦ᠋ᠨ ᠲᠠᠨᠢ ᠳᠡᠭᠡᠵᠢ ᠶ᠋ᠢ ᠪᠠᠷᠢᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠲᠦᠮᠡᠨ ᠡᠷᠳᠡᠨᠢ ᠪᠡᠷ ᠪᠦᠲᠦᠭᠰᠡᠨ
ᠲᠦᠭᠡᠮᠡᠯ ᠮᠠᠰᠢ ᠰᠠᠢᠬᠠᠨ ᠡᠳᠦᠷ ᠪᠡᠯᠡᠭᠯᠡᠭᠰᠡᠨ ᠪᠡᠯᠡᠭ  ᠪᠢᠯᠡ
ᠲᠦᠮᠡᠨ ᠰᠢᠷᠭᠠᠯ ᠢᠳᠡᠭᠡᠨ ᠦ᠌ ᠳᠡᠭᠡᠵᠢ ᠪᠢᠯᠡ
ᠠᠷᠤᠷ᠎ᠠ ᠪᠦᠷᠢ ᠶ᠋ᠢᠨ ᠠᠮᠲᠠ ᠪᠠᠷ ᠪᠦᠲᠦᠭᠰᠡᠨ
ᠠᠷᠪᠠᠨ ᠵᠦᠭ ᠦ᠋ᠨ ᠪᠤᠷᠬᠠᠨ ᠤ᠋ ᠨᠠᠩᠴᠢᠳ ᠪᠣᠯᠤᠭᠰᠠᠨ
ᠠᠶ᠎ᠠ ᠳᠠᠷᠤᠢ ᠥᠩᠭᠡ ᠭᠡᠢᠴᠢᠳ ᠦ᠋ᠨ
ᠨᠠᠢᠷ ᠴᠡᠩᠭᠡᠯ ᠪᠣᠯᠤᠭᠰᠠᠨ
ᠠᠮᠲᠠᠲᠤ ᠢᠳᠡᠭᠡᠨ ᠦ᠌ ᠳᠡᠭᠡᠵᠢ ᠪᠢᠯᠡ
ᠡᠩᠬᠡ ᠳᠥᠷᠦᠲᠦ ᠡᠵᠡᠨ ᠦ᠌ ᠮᠢᠨᠢ ᠰᠢᠷᠡᠭᠡ ᠪᠠᠲᠤᠵᠢᠬᠤ ᠪᠣᠯᠲᠤᠭᠠᠢ
ᠡᠷᠳᠡᠨᠢ ᠨᠣᠮ ᠰᠢᠷ᠎ᠠ ᠶ᠋ᠢᠨ ᠱᠠᠵᠢᠨ ᠤ᠋
ᠯᠠᠮᠠ ᠶ᠋ᠢᠨ ᠰᠢᠷᠡᠭᠡ ᠪᠠᠲᠤᠵᠢᠬᠤ ᠪᠣᠯᠲᠤᠭᠠᠢ
ᠬᠠᠨ ᠨᠣᠶᠠᠨ ᠬᠠᠮᠤᠭ ᠠᠯᠪᠠᠲᠤ ᠪᠦᠭᠦᠳᠡᠭᠡᠷ
ᠠᠯᠲᠠᠨ ᠳᠡᠯᠭᠡᠷ ᠨᠤᠲᠤᠭ ᠲᠠᠢ
ᠮᠠᠯ ᠢ᠋ᠶ᠋ᠠᠷ ᠪᠠᠶᠠᠨ
ᠦᠷ᠎ᠡ ᠪᠡᠷ ᠥᠨᠢᠷ
ᠵᠠᠶᠠᠭ᠎ᠠ ᠪᠠᠷ ᠲᠦᠪᠰᠢᠨ
ᠰᠠᠨᠠᠭ᠎ᠠ ᠪᠠᠷ ᠠᠮᠤᠷ
ᠡᠩᠬᠡ ᠲᠥᠷᠥ ᠮᠥᠩᠬᠡ ᠱᠠᠵᠢᠨ
ᠨᠠᠰᠤᠨ ᠦᠷᠭᠦᠯᠵᠢ ᠨᠠᠢᠷ ᠪᠡᠯᠭᠡ ᠬᠣᠶᠠᠷ ᠤ᠋ᠨ ᠳᠤᠮᠳᠠ
ᠴᠡᠩᠭᠡᠯᠳᠦᠵᠦ ᠶᠠᠪᠤᠬᠤ ᠶ᠋ᠢᠨ ᠲᠤᠯᠠᠳᠠ
ᠳᠥᠷᠪᠡᠨ ᠽᠠᠨᠳᠠᠨ ᠬᠥᠯ ᠲᠡᠢ
ᠳᠥᠷᠪᠡᠯᠵᠢᠨ ᠮᠥᠩᠭᠥᠨ ᠰᠢᠷᠡᠭᠡᠨ ᠳᠡᠭᠡᠷ᠎ᠡ
ᠲᠦᠮᠡᠨ ᠣᠯᠠᠨ ᠣᠯᠪᠣᠭ ᠤ᠋ᠨ ᠲᠠᠨᠢ ᠳᠤᠮᠳᠠ
ᠲᠦᠭᠡᠮᠡᠯ ᠶᠡᠬᠡ ᠪᠤᠶᠠᠨ ᠤ᠋ ᠲᠠᠨᠢ ᠳᠤᠮᠳᠠ
ᠡᠩᠬᠡ ᠲᠦᠰᠢᠮᠡᠳ ᠦ᠋ᠨ ᠳᠤᠮᠳᠠ
ᠠᠯᠪᠠᠲᠤ ᠬᠤᠰᠢᠭᠤᠨ ᠤ᠋ ᠳᠤᠮᠳᠠ
ᠠᠯᠲᠠᠨ ᠰᠣᠨᠣᠷ ᠤ᠋ᠨ ᠭᠡᠭᠡᠨ ᠳ᠋ᠦ᠍
ᠠᠶ᠎ᠠ ᠳᠠᠷᠤᠢ ᠣᠯᠠᠨ ᠳ᠋ᠤ᠌
ᠸᠴᠢᠷ ᠭᠢᠯᠠᠭᠠᠨ ᠦᠷᠭᠦᠭᠡᠨ ᠳᠤᠮᠳᠠ
ᠲᠣᠭᠠᠲᠠᠢ ᠬᠤᠷᠢᠮ ᠲᠣᠯᠣᠭᠠᠢᠲᠤ ᠰᠢᠭᠦᠰᠦ
ᠲᠣᠰᠣ ᠲᠠᠢ ᠳᠡᠭᠡᠵᠢ ᠶ᠋ᠢᠨ ᠳᠡᠭᠡᠷ᠎ᠡ
ᠲᠣᠳᠣᠷᠬᠠᠢ ᠳᠠᠭᠤᠷᠢᠰᠴᠤ ᠠᠢᠯᠠᠳᠬᠠᠪᠠ ᠴᠣᠳ!

(ᠲᠤᠰ ᠢᠷᠦᠭᠡᠯ ᠢ᠋ ᠭᠦᠯᠡᠢ ᠢᠷᠥᠭᠡᠵᠦ᠂1981 ᠣᠨ ᠳ᠋ᠤ᠌ ᠳ᠋ᠥᠪᠴᠢᠨ ᠴᠤᠭᠯᠠᠭᠤᠯᠤᠨ
ᠲᠡᠮᠳᠡᠭᠯᠡᠪᠡ᠃ ᠬᠦᠯᠡᠢ — ᠡᠷᠡᠭᠲᠡᠢ᠂ ᠲᠤᠬᠠᠢ ᠶ᠋ᠢᠨ ᠵᠢᠯ 95 ᠨᠠᠰᠤᠲᠠᠢ᠂ ᠮᠠᠽᠥᠩ
ᠰᠤᠮᠤᠨ ᠤ᠋ ᠮᠠᠯᠴᠢᠨ᠂ ᠤᠭ ᠨᠤᠲᠤᠭ ᠬᠦᠷᠯᠥᠭ ᠬᠤᠰᠢᠭᠤᠨ ᠤ᠋ ᠰᠡᠷᠲᠡᠩ ᠲᠣᠬᠣᠢ)

ᠲᠠᠰᠤᠷᠬᠠᠢ ᠰᠥᠩ ᠦ᠋ᠨ ᠢᠷᠦᠭᠡᠯ


ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠵᠢᠯ ᠦ᠋ᠨ ᠳᠤᠮᠳᠠᠬᠢ ᠵᠢᠪᠬᠤᠯᠠᠩᠲᠤ ᠰᠠᠢᠬᠠᠨ ᠡᠳᠦᠷ
ᠵᠢᠷᠭᠠᠯᠠᠩᠲᠤ ᠣᠯᠠᠨ ᠡᠯᠢᠭᠡᠨ ᠲᠥᠷᠥᠯ ᠴᠤᠭᠯᠠᠭᠰᠠᠨ ᠡᠳᠦᠷ
ᠰᠠᠷ᠎ᠠ ᠶ᠋ᠢᠨ ᠳᠤᠮᠳᠠᠬᠢ ᠰᠠᠢᠬᠠᠨ ᠡᠳᠦᠷ
ᠰᠠᠢᠬᠠᠨ ᠡᠯᠢᠭᠡᠨ ᠲᠥᠷᠥᠯ ᠴᠤᠭᠯᠠᠭᠰᠠᠨ ᠡᠳᠦᠷ
ᠣᠨ ᠤ᠋ ᠳᠤᠮᠳᠠᠬᠢ ᠥᠯᠵᠡᠢᠲᠦ ᠰᠠᠢᠬᠠᠨ ᠡᠳᠦᠷ
ᠣᠯᠠᠨ ᠡᠯᠢᠭᠡᠨ ᠲᠥᠷᠥᠯ ᠴᠤᠭᠯᠠᠷᠠᠭᠰᠠᠨ ᠡᠳᠦᠷ
ᠨᠣᠮ ᠢ᠋ᠶ᠋ᠠᠷ ᠲᠡᠳᠬᠦᠭᠴᠢ ᠰᠠᠬᠢᠭᠤᠯᠰᠤᠨ ᠨᠤᠭᠤᠳ
ᠤᠷᠢᠳᠤ ᠶ᠋ᠢᠨ ᠲᠠᠨᠢ ᠳᠡᠭᠡᠳᠦ ᠲᠡᠭᠷᠢ ᠬᠠᠮᠤᠭ ᠢ᠋ ᠢᠪᠡᠭᠡᠬᠦ ᠪᠣᠯᠲᠤᠭᠠᠢ!
ᠴᠢᠩ ᠡᠵᠡᠨ ᠲᠩᠷᠢ ᠡᠴᠡ ᠡᠭᠦᠰᠦᠭᠰᠡᠨ
ᠴᠢᠩᠭᠢᠰ ᠪᠣᠭᠳᠠ ᠬᠠᠭᠠᠨ
ᠴᠢᠨᠳᠠᠮᠤᠨᠢ ᠲᠩᠷᠢ ᠶ᠋ᠢᠨ ᠱᠠᠩ ᠳ᠋ᠤ᠌ ᠲᠣᠭᠲᠠᠭᠰᠠᠨ
ᠽᠠᠳᠢᠶ᠎ᠠ ᠲᠩᠷᠢ ᠶ᠋ᠢᠨ ᠣᠷᠣᠨ ᠠ᠋ᠴᠠ
ᠵᠠᠶᠠᠭ᠎ᠠ ᠲᠩᠷᠢ ᠶ᠋ᠢᠨ ᠣᠷᠣᠨ ᠠ᠋ᠴᠠ
ᠲᠡᠭᠦᠨ ᠦ᠌ ᠦᠷᠡᠨ ᠲᠦᠮᠡᠨ ᠮᠢᠩᠭᠠᠨ ᠨᠣᠶᠠᠳ ᠤ᠋ᠨ ᠮᠠᠨᠢ
ᠲᠥᠷᠥ ᠲᠦᠪᠰᠢᠨ ᠪᠠᠲᠤᠵᠢᠬᠤ ᠶ᠋ᠢᠨ ᠲᠤᠯᠠᠳᠠ
ᠥᠨᠳᠥᠷ ᠴᠠᠭᠠᠨ ᠰᠥᠩ ᠦ᠋ᠨ ᠲᠠᠨᠢ
ᠳᠡᠭᠡᠵᠢ ᠶ᠋ᠢ ᠳᠡᠯᠭᠡᠷᠡᠭᠦᠯᠦᠨ ᠰᠠᠴᠤᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠳᠥᠷᠪᠡᠨ ᠲᠠᠯᠠᠲᠤ ᠬᠣᠷᠯᠣ ᠶ᠋ᠢᠨ ᠳᠤᠮᠳᠠ ᠎ᠠ᠋ᠴᠠ
ᠨᠠᠢ᠍ᠮᠠᠨ ᠲᠠᠯᠠᠲᠤ ᠪᠠᠯᠮ᠎ᠠ ᠶ᠋ᠢᠨ ᠳᠤᠮᠳᠠ ᠎ᠠ᠋ᠴᠠ
ᠪᠠᠳᠠᠷᠠᠨ ᠭᠠᠷᠤᠭᠴᠢ ᠭᠠᠯ ᠤ᠋ᠨ ᠲᠠᠨᠢ ᠵᠠᠯᠢ ᠪᠤᠷᠬᠠᠨ
ᠮᠢᠩᠭᠠᠨ ᠪᠤᠷᠬᠠᠨ ᠰᠠᠬᠢᠭᠤᠯᠰᠤᠨ ᠥᠷᠥᠰᠢᠶᠡᠬᠦ ᠪᠣᠯᠲᠤᠭᠠᠢ!
ᠭᠠᠩ ᠲᠦᠰᠢ ➊ ᠴᠠᠭᠠᠨ ᠠᠷᠰᠯᠠᠨ ᠮᠡᠲᠦ
ᠣᠮᠣᠭ ᠬᠦᠴᠦ ᠲᠠᠨᠢ ᠨᠡᠮᠡᠭᠳᠡᠵᠦ 
ᠭᠠᠯᠪᠤᠷᠬᠠᠨ ᠮᠣᠳᠣᠨ ᠤ᠋ ᠰᠠᠯᠠᠭ᠎ᠠ ᠨᠠᠪᠴᠢ ᠮᠡᠲᠦ
ᠪᠠᠶᠠᠨ ᠪᠤᠶᠠᠨ ᠲᠠᠨᠢ ᠳᠦᠭᠦᠷᠴᠦ
ᠭᠠᠳᠤᠰ ᠬᠣᠯᠠ ᠨᠡᠷ᠎ᠡ ᠴᠣᠯᠠ ᠲᠠᠨᠢ ᠳᠠᠭᠤᠷᠢᠰᠴᠤ ᠪᠠᠢᠬᠤ ᠶ᠋ᠢᠨ ᠲᠤᠯᠠᠳᠠ
ᠷᠠᠰᠢᠶᠠᠨ ᠲᠤᠩᠭᠠᠯᠠᠭ ᠰᠥᠩ ᠦ᠋ᠨ ᠲᠠᠨᠢ
ᠳᠡᠭᠡᠵᠢ ᠶ᠋ᠢ ᠳᠡᠯᠭᠡᠷᠡᠭᠦᠯᠵᠦ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠴᠠᠩ ᠬᠡᠩᠭᠡᠷᠭᠡ ᠲᠡᠷᠢᠭᠦᠲᠡᠢ ᠨᠣᠮ ᠤ᠋ᠨ ᠲᠠᠨᠢ ᠴᠢᠨᠠᠷ
ᠪᠡᠶ᠎ᠡ ᠡᠴᠡ ᠲᠠᠨᠢ ᠬᠣᠢᠭᠤᠯ ᠦᠭᠡᠢ
ᠴᠠᠭᠯᠠᠰᠢᠶᠠᠨ ᠦᠭᠡᠢ ᠴᠠᠭᠠᠨ ᠪᠠᠳᠮ᠎ᠠ ᠶ᠋ᠢᠨ ᠪᠤᠶᠠᠨ
ᠮᠣᠳᠣᠷ ᠎ᠠ᠋ᠴᠠ ᠲᠠᠨᠢ ᠬᠣᠢᠭᠤᠯ ᠦᠭᠡᠢ
ᠡᠭᠦᠰᠢ ᠵᠡᠭᠦᠰᠢ ᠬᠠᠳᠤᠨ ᠠ᠋ᠴᠠ  ᠰᠠᠯᠵᠤ ᠭᠠᠷᠤᠭᠰᠠᠨ
ᠠᠷᠪᠠᠨ ᠨᠠᠢ᠍ᠮᠠᠨ ᠮᠣᠵᠢ ᠲᠠᠢᠵᠢ
ᠬᠣᠷᠢᠨ ᠨᠢᠭᠡᠨ ᠦᠶ᠎ᠡ ᠬᠠᠭᠠᠨ ᠬᠣᠩᠭᠣᠷ ᠤ᠋ᠨ ᠲᠠᠢᠵᠢ ᠪᠣᠯᠵᠤ
ᠤᠭᠤᠢ ᠰᠢᠭᠤᠢ ᠤᠰᠤᠨ ᠮᠣᠷᠢᠨ ᠵᠢᠯ ᠳ᠋ᠦ᠍
ᠸᠴᠢᠷᠪᠠᠨᠢ ᠪᠣᠯᠵᠤ ᠬᠤᠪᠢᠯᠤᠭᠠᠳ
ᠣᠷᠴᠢᠯᠠᠩ ᠤ᠋ᠨ ᠳᠤᠮᠳᠠᠬᠢ ᠴᠡᠴᠡᠭᠯᠡᠭᠴᠢ ᠬᠥᠮᠦᠨ ᠦ᠌ ᠳᠦᠷᠢ ᠪᠠᠷᠢᠨ ᠬᠤᠪᠢᠯᠤᠭᠠᠳ
ᠱᠠᠰᠢᠨ ᠢ᠋ ᠪᠠᠷᠢᠭᠴᠢ ᠨᠣᠮ ᠤ᠋ᠨ ᠬᠠᠨ
ᠲᠥᠷᠥ ᠶ᠋ᠢ ᠪᠠᠷᠢᠭᠴᠢ ᠭᠦᠦᠰᠢ ᠬᠠᠨ
ᠪᠣᠭᠳᠠ ᠽᠥᠩᠺᠠᠪᠠ ᠶ᠋ᠢᠨ ᠰᠢᠷ᠎ᠠ ᠶ᠋ᠢᠨ ᠱᠠᠵᠢᠨ ᠢ᠋
ᠠᠷᠪᠠᠨ ᠵᠦᠭ ᠲᠦ᠍ ᠮᠠᠰᠢ ᠰᠠᠢᠬᠠᠨ ᠳᠡᠯᠭᠡᠷᠡᠭᠦᠯᠦᠭᠰᠡᠨ ᠲᠤᠯᠠᠳᠠ
ᠠᠯᠢᠪᠠ ᠪᠠᠷ ᠪᠦᠲᠦᠭᠰᠡᠨ ᠠᠷᠢᠭᠤᠨ ᠴᠠᠭᠠᠨ ᠰᠥᠩ ᠦ᠋ᠨ ᠲᠠᠨᠢ
ᠳᠡᠭᠡᠵᠢ ᠶ᠋ᠢ ᠠᠢᠯᠠᠳᠬᠠᠨ ᠰᠠᠴᠤᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠨᠠᠶᠠᠨ ᠨᠠᠢ᠍ᠮᠠᠨ ᠡᠬᠢᠲᠦ ᠨᠠᠩᠰᠡᠨ ᠮᠦᠷᠡᠲᠦ ᠶ᠋ᠢᠨ ᠤᠰᠤᠨ ᠮᠡᠲᠦ
ᠠᠷᠪᠠᠨ ᠶᠡᠬᠡ ᠪᠤᠶᠠᠨᠲᠠᠢ
ᠨᠠᠷᠠ ᠰᠠᠷᠠ ᠶ᠋ᠢᠨ ᠭᠡᠷᠡᠯ ᠮᠡᠲᠦ
ᠰᠠᠷᠠᠭᠤᠯ ᠰᠠᠢᠬᠠᠨ ᠤᠬᠠᠭᠠᠨᠲᠠᠢ
ᠵᠢᠭᠦᠷᠲᠡᠨ ᠬᠠᠨ ᠭᠠᠷᠤᠳᠢ ᠮᠡᠲᠦ ᠬᠦᠴᠦ ᠣᠮᠣᠭ ᠲᠠᠢ
ᠵᠢᠪᠬᠤᠯᠠᠩᠲᠤ ᠰᠦᠮᠪᠦᠷ ᠠᠭᠤᠯᠠ ᠮᠡᠲᠦ ᠪᠠᠲᠤ ᠰᠠᠢᠬᠠᠨ
ᠵᠡᠷᠭᠡᠯᠭᠡᠨᠲᠦ ᠰᠦᠨ ᠳᠠᠯᠠᠢ ᠮᠡᠲᠦ ᠳᠦᠭᠦᠷᠡᠩ ᠰᠠᠢᠬᠠᠨ
ᠥᠨᠳᠥᠷ ᠴᠠᠭᠠᠨ ᠰᠥᠩ ᠦ᠋ᠨ ᠲᠠᠨᠢ ᠳᠡᠭᠡᠵᠢ ᠶ᠋ᠢ
ᠣᠯᠠᠨ ᠨᠡᠢᠲᠡ ᠶ᠋ᠢᠨ ᠳᠤᠮᠳᠠ
ᠲᠦᠰᠢᠮᠡᠯ ᠰᠠᠢᠳ ᠤ᠋ᠨ ᠳᠡᠷᠭᠡᠳᠡ
ᠠᠯᠪᠠᠲᠤ ᠬᠤᠰᠢᠭᠤᠨ ᠤ᠋ ᠳᠤᠮᠳᠠ
ᠠᠯᠲᠠᠨ ᠰᠣᠨᠣᠷ ᠤ᠋ᠨ ᠭᠡᠭᠡᠨ ᠳ᠋ᠦ᠍
ᠰᠠᠴᠤᠨ ᠠᠢᠯᠠᠳᠬᠠᠪᠠ ᠴᠣᠳ!
➊ᠲᠡᠮᠦᠷᠴᠢᠨ ᠦ᠌ ᠬᠡᠷᠡᠭᠰᠡᠯ᠂ᠢᠷᠦᠭᠡᠯ ᠳ᠋ᠦ᠍ ᠬᠠᠲᠠᠭᠤ ᠭᠡᠰᠡᠨ ᠤᠳᠬ᠎ᠠ ᠪᠠᠷ  ᠬᠡᠷᠡᠭᠯᠡᠵᠡᠢ

(ᠲᠤᠰ  ᠢᠷᠦᠭᠡᠯ  ᠢ᠋  ᠨᠢᠮᠠᠵᠠᠪ  ᠢᠷᠦᠭᠡᠵᠦ  1982  ᠣᠨ  ᠳ᠋ᠤ᠌   ᠳ᠋ᠥᠪᠴᠢᠨ 
ᠴᠤᠭᠯᠠᠭᠤᠯᠤᠨ ᠲᠡᠮᠳᠡᠭᠯᠡᠪᠡ᠃ᠨᠢᠮᠦᠵᠠᠪ — ᠡᠷᠡᠭᠲᠡᠢ᠂ᠲᠤᠬᠠᠢ ᠶ᠋ᠢᠨ ᠵᠢᠯ 68 ᠨᠠᠰᠤᠲᠠᠢ᠂ 
ᠪᠠᠶᠸᠭᠠᠷ ᠰᠤᠮᠤᠨ ᠤ᠋ ᠮᠠᠯᠴᠢᠨ ᠂ ᠤᠭ  ᠨᠤᠲᠤᠭ  ᠬᠦᠷᠯᠥᠭ  ᠵᠠᠰᠠᠭ ᠬᠣᠰᠢᠭᠤ)

ᠱᠠᠭ ᠤ᠋ᠨ ᠢᠷᠦᠭᠡᠯ


(ᠨᠢᠭᠡ)
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠴᠡᠭᠡᠨ ᠭᠡᠳᠡᠭ ᠢᠳᠡᠭᠡᠨ
ᠲᠣᠰᠣᠨ ᠳᠠᠯᠠᠢ ᠡᠬᠢ ᠲᠡᠢ
ᠴᠢᠩ ᠴᠠᠭᠠᠨ ᠭᠡᠭᠦᠦ ᠶ᠋ᠢᠨ ᠰᠦᠨ
ᠴᠢᠩᠭᠢᠰ ᠪᠣᠭᠳᠠ ᠬᠠᠭᠠᠨ ᠵᠣᠬᠢᠶᠠᠭᠰᠠᠨ ᠢᠳᠡᠭᠡᠨ
ᠤᠰᠤᠨ ᠳᠠᠯᠠᠢ ᠲᠣᠨᠣᠭ ᠲᠠᠢ
ᠪᠠᠷᠰ ᠤ᠋ᠨ ᠠᠷᠠᠰᠤᠨ ᠪᠠᠷᠬᠠᠭ ᠲᠠᠢ
ᠪᠠᠯᠮᠠᠷᠠᠭᠢ ᠪᠦᠷᠦᠢ ᠶ᠋ᠢᠨ ᠪᠦᠯᠢᠭᠦᠷ ᠲᠡᠢ
ᠳᠥᠷᠪᠡᠨ ᠮᠥᠩᠭᠥᠨ ᠬᠥᠯ ᠲᠡᠢ
ᠳᠥᠷᠪᠡᠯᠵᠢᠨ ᠮᠥᠩᠭᠥᠨ ᠡᠭᠡᠮ ᠲᠡᠢ
ᠥᠨᠳᠥᠷ ᠶᠡᠬᠡ ᠰᠢᠷᠡᠭᠡᠨ ᠳᠡᠭᠡᠷ᠎ᠡ ᠲᠠᠨᠢ
ᠥᠷᠭᠡᠨ ᠴᠠᠭᠠᠨ ᠱᠠᠭ➊ ᠤ᠋ᠨ ᠲᠠᠨᠢ
ᠳᠡᠭᠡᠵᠢ ᠲᠣᠭᠲᠠᠭᠠᠨ ᠠᠢᠯᠠᠳᠬᠠᠪᠠ ᠴᠣᠳ!
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠪᠤᠶᠠᠨᠲᠠᠢ ᠡᠯᠢᠭᠡᠨ ᠪᠦᠭᠦᠳᠡᠭᠡᠷ ᠢ᠋ᠶ᠋ᠡᠨ
ᠪᠤᠭᠤᠳᠠᠢ ᠲᠠᠷᠢᠶ᠎ᠠ ᠮᠡᠲᠦ
ᠪᠤᠶᠠᠨ ᠬᠡᠰᠢᠭ ᠲᠠᠨᠢ ᠳᠡᠯᠭᠡᠷᠡᠵᠦ
ᠥᠷᠯᠥᠭᠡ ᠶ᠋ᠢᠨ ᠨᠠᠷᠠᠨ ᠮᠡᠲᠦ
ᠣᠶᠤᠨ ᠤᠬᠠᠭᠠᠨ ᠲᠠᠨᠢ ᠪᠠᠳᠠᠷᠠᠵᠤ
ᠤᠷᠴᠠ ᠮᠣᠳᠣᠨ ᠮᠡᠲᠦ
ᠠᠮᠢ ᠨᠠᠰᠤᠨ ᠲᠠᠨᠢ ᠤᠷᠲᠤᠳᠬᠤ ᠪᠣᠯᠲᠤᠭᠠᠢ!
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠪᠠᠳᠠᠷᠠᠯᠲᠤ ᠣᠯᠠᠨ ᠳᠠᠶᠠᠭᠠᠷ ᠢ᠋ᠶ᠋ᠠᠨ
ᠪᠤᠴᠠᠭᠠᠳ ᠢᠷᠡᠬᠦ ᠳ᠋ᠦ᠍
ᠪᠤᠯᠠᠭ ᠤ᠋ᠨ ᠤᠰᠤ ᠰᠢᠭ᠋ ᠮᠠᠯᠮᠡᠷᠡᠩᠭᠦᠢ
ᠳᠠᠬᠢᠭᠠᠳ ᠢᠷᠡᠬᠦ ᠳ᠋ᠦ᠍
ᠳᠠᠯᠠᠢ ᠶ᠋ᠢᠨ ᠤᠰᠤ ᠰᠢᠭ᠋ ᠳᠡᠪᠦᠷᠡᠩᠭᠦᠢ
ᠡᠷᠭᠢᠭᠡᠳ ᠢᠷᠡᠬᠦ ᠳ᠋ᠦ᠍
ᠡᠭᠡᠪᠦᠷ ᠭᠠᠵᠠᠷ ᠤ᠋ᠨ ᠴᠡᠴᠡᠭ ᠮᠡᠲᠦ
ᠳᠡᠯᠭᠡᠷᠡᠩᠭᠦᠢ ᠰᠠᠢᠬᠠᠨ ᠪᠠᠢᠬᠤ ᠪᠣᠯᠲᠤᠭᠠᠢ!
➊ ᠰᠠᠪᠠ ᠳ᠋ᠡᠬᠢ ᠢᠳᠡᠭᠡᠨ ᠦ᠌ ᠥᠳᠬᠡᠨ ᠦᠯᠡᠳᠡᠭᠰᠡᠨ ᠬᠡᠰᠡᠭ᠃
ᠱᠠᠭ ᠤ᠋ᠨ ᠢᠷᠦᠭᠡᠯ —ᠥᠩ ᠨᠠᠢᠷ ᠤ᠋ᠨ ᠰᠥᠩ᠂ᠲᠣᠭᠣᠭ᠎ᠠ ᠲᠠᠢ 
ᠰᠠᠷᠬᠤᠳ ᠲᠤ᠌ ᠬᠥᠬᠡ ᠲᠠᠷᠢᠶ᠎ᠠ ᠪᠤᠶᠤ ᠪᠤᠭᠤᠳᠠᠢ ᠰᠠᠴᠤᠨ ᠬᠠᠯᠢᠪ ᠳᠠᠷᠤᠵᠤ
 ᠪᠢᠲᠡᠭᠦᠮᠵᠢᠯᠡᠳᠡᠭ ᠲᠤᠯᠠ ᠬᠤᠷᠢᠮ ᠨᠠᠢᠷ ᠤ᠋ᠨ ᠲᠡᠭᠦᠰᠬᠡᠯ ᠦ᠋ᠨ ᠶᠣᠰᠣ ᠪᠣᠯᠤᠨ᠎ᠠ ᠃ 
ᠡᠭᠦᠨ ᠢ᠋ ᠱᠠᠭ ᠤ᠋ᠨ ᠢᠷᠦᠭᠡᠯ ᠭᠡᠨ᠎ᠡ 
(ᠲᠤᠰ ᠢᠷᠦᠭᠡᠯ ᠢ᠋ ᠱᠠᠨ ᠰᠢ  ᠲᠡᠮᠳᠡᠭᠯᠡᠪᠡ)
(ᠬᠣᠶᠠᠷ) 
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠪᠤᠶᠠᠨᠲᠤ ᠡᠯᠢᠭᠡᠨ ᠪᠦᠭᠦᠳᠡᠭᠡᠷ ᠢ᠋ᠶ᠋ᠡᠨ 
ᠪᠤᠭᠤᠳᠠᠢ ᠲᠠᠷᠢᠶ᠎ᠠ ᠮᠡᠲᠦ 
ᠪᠤᠶᠠᠨ ᠬᠡᠰᠢᠭ ᠲᠠᠨᠢ ᠳᠡᠯᠭᠡᠷᠡᠬᠦ ᠪᠣᠯᠲᠤᠭᠠᠢ !
ᠥᠷᠯᠥᠭᠡ ᠶ᠋ᠢᠨ ᠨᠠᠷᠠ ᠮᠡᠲᠦ 
ᠣᠶᠤᠨ ᠤᠬᠠᠭᠠᠨ ᠲᠠᠨᠢ ᠪᠠᠳᠠᠷᠠᠬᠤ ᠪᠣᠯᠲᠤᠭᠠᠢ !
ᠠᠷᠴᠠ ᠮᠣᠳᠣ ᠮᠡᠲᠦ 
ᠠᠮᠢ ᠨᠠᠰᠤᠨ ᠲᠠᠨᠢ ᠤᠷᠲᠤᠳᠬᠤ ᠪᠣᠯᠲᠤᠭᠠᠢ !
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠪᠠᠳᠠᠷᠠᠯᠲᠤ ᠣᠯᠠᠨ ᠳᠠᠶᠠᠭᠠᠷ  ᠢ᠋ᠶ᠋ᠠᠨ 
ᠪᠤᠴᠠᠭᠠᠳ ᠢᠷᠡᠬᠦ ᠳ᠋ᠦ᠍ 
ᠪᠤᠯᠠᠭ ᠤ᠋ᠨ ᠤᠰᠤ ᠮᠡᠲᠦ ᠮᠡᠯᠮᠡᠷᠡᠩᠭᠦᠢ 
ᠳᠠᠬᠢᠭᠠᠳ ᠢᠷᠡᠬᠦ ᠳ᠋ᠦ᠍ 
ᠳᠠᠯᠠᠢ ᠶ᠋ᠢᠨ ᠤᠰᠤ ᠮᠡᠲᠦ ᠳᠡᠪᠦᠷᠡᠩᠭᠦᠢ 
ᠡᠷᠭᠢᠭᠡᠳ ᠢᠷᠡᠬᠦ ᠳ᠋ᠦ᠍ 
ᠡᠭᠡᠪᠦᠷ ᠭᠠᠵᠠᠷ ᠤ᠋ᠨ ᠴᠡᠴᠡᠭ ᠮᠡᠲᠦ ᠳᠡᠯᠭᠡᠷᠡᠩᠭᠦᠢ ᠪᠠᠢᠬᠤ ᠶ᠋ᠢᠨ 
ᠢᠷᠦᠭᠡᠯ ᠲᠣᠭᠲᠠᠬᠤ ᠪᠣᠯᠲᠤᠭᠠᠢ ! 

(ᠲᠤᠰ ᠢᠷᠦᠭᠡᠯ ᠢ᠋ ᠨᠢᠮᠠᠵᠠᠪ ᠢᠷᠥᠭᠡᠵᠦ 1982
ᠣᠨ ᠳ᠋ᠤ᠌ ᠳ᠋ᠥᠪᠴᠢᠨ ᠴᠤᠭᠯᠠᠭᠤᠯᠤᠨ ᠲᠡᠮᠳᠡᠭᠯᠡᠪᠡ )

ᠵᠣᠰᠣ ᠶ᠋ᠢᠨ ᠢᠷᠦᠭᠡᠯ


ᠬᠠᠲᠠᠭᠤ ᠰᠢᠷ᠎ᠠ ᠵᠤᠰᠤ(ᠴᠡᠪᠡᠷ)ᠪᠠᠷ ᠨᠠᠭᠠᠯᠳᠤᠭᠤᠯᠵᠤ  
ᠬᠠᠮᠤ ᠶᠣᠩᠬᠣᠷ ᠤᠲᠠᠰᠤ ᠪᠠᠷ ᠬᠣᠯᠪᠣᠵᠤ  
ᠤᠭ ᠤ᠋ᠨ ᠤᠭ ᠲᠤ᠌ ᠥᠯᠪᠡᠷᠡᠰᠢ ᠦᠭᠡᠢ 
ᠴᠠᠭ ᠤ᠋ᠨ ᠴᠠᠭ ᠲᠤ᠌ ᠬᠥᠯᠪᠡᠷᠡᠰᠢ ᠦᠭᠡᠢ 
ᠡᠩᠬᠡ ᠲᠥᠷᠥ ᠶ᠋ᠢᠨ ᠡᠬᠢᠨ ᠳ᠋ᠦ᠍ ᠡᠯᠢᠭᠡ ᠪᠡᠷ ᠢ᠋ᠶ᠋ᠡᠨ ᠨᠠᠢᠷᠯᠠᠵᠤ 
ᠲᠦᠪᠰᠢᠨ ᠲᠥᠷᠥ ᠶ᠋ᠢᠨ ᠲᠦᠷᠦᠭᠦᠨ ᠳ᠋ᠦ᠍ 
ᠲᠥᠷᠥᠯ ᠢ᠋ᠶ᠋ᠡᠷ ᠢ᠋ᠶ᠋ᠡᠨ ᠲᠦᠭᠦᠭᠡᠯᠡᠵᠦ ᠶᠠᠪᠤᠬᠤ ᠶ᠋ᠢᠨ ᠢᠷᠦᠭᠡᠯ ᠲᠣᠭᠲᠠᠬᠤ ᠪᠣᠯᠲᠤᠭᠠᠢ !

ᠰᠢᠨ᠎ᠡ ᠬᠦᠷᠭᠡᠨ ᠪᠣᠯᠬᠤ ᠬᠦᠦ ᠮᠢᠯᠢᠶᠠᠬᠤ ᠢᠷᠦᠭᠡᠯ


ᠨᠠᠶᠠᠨ ᠨᠠᠢ᠍ᠮᠠᠨ ᠡᠬᠢᠲᠦ ᠨᠠᠩᠰᠨ ᠮᠦᠷᠡᠲᠦ ᠶ᠋ᠢᠨ ᠤᠰᠤ ᠮᠡᠲᠦ
ᠠᠷᠪᠠᠨ ᠶᠡᠬᠡ ᠪᠤᠶᠠᠨ ᠲᠠᠢ
ᠨᠠᠷᠠ ᠰᠠᠷᠠ ᠶ᠋ᠢᠨ ᠭᠡᠷᠡᠯ ᠮᠡᠲᠦ
ᠰᠠᠷᠠᠭᠤᠯ ᠰᠠᠢᠬᠠᠨ ᠤᠬᠠᠭᠠᠨ ᠲᠠᠢ
ᠵᠢᠭᠦᠷᠲᠡᠨ ᠬᠠᠨ ᠭᠠᠷᠤᠳᠢ ᠮᠡᠲᠦ
ᠬᠦᠴᠦ ᠣᠮᠣᠭ ᠲᠠᠢ
ᠵᠢᠪᠬᠤᠯᠠᠩᠲᠤ ᠰᠦᠮᠪᠦᠷ ᠠᠭᠤᠯᠠ ᠮᠡᠲᠦ
ᠪᠠᠲᠤ ᠪᠡᠬᠢ ᠰᠠᠢᠬᠠᠨ
ᠲᠦᠷᠭᠡᠨ ᠨᠢᠭᠲᠠ ᠦᠢᠯᠡ ᠲᠡᠢ
ᠲᠦᠮᠡᠨ ᠭᠢᠯᠠᠭᠠᠨ ᠮᠠᠯ ᠲᠠᠢ ᠶᠠᠪᠤᠬᠤ ᠪᠣᠯᠲᠤᠭᠠᠢ!

ᠬᠤᠷᠢᠮ ᠡᠷᠭᠦᠭᠴᠢ ᠶ᠋ᠢᠨ ᠬᠡᠯᠡᠮᠦᠷ


ᠲᠥᠷᠥᠭᠰᠡᠨ ᠡᠳᠦᠷ ᠦ᠋ᠨ ᠲᠥᠭᠡᠷᠭᠡ
ᠲᠣᠭᠠᠯᠠᠵᠤ ᠰᠢᠨᠵᠢᠨ ᠪᠠᠲᠤᠯᠠᠭᠰᠠᠨ  
ᠥᠯᠵᠡᠢᠲᠦ  ᠨᠠᠢᠷ ᠤ᠋ᠨ ᠰᠠᠢᠨ ᠳ᠋ᠤ᠌  
ᠥᠩ ᠨᠠᠢᠷ ᠤ᠋ᠨ ᠪᠡᠯᠭᠡ ᠳ᠋ᠦ᠍  
ᠲᠦᠮᠡᠨ ᠴᠡᠴᠡᠭ ᠮᠡᠲᠦ  
ᠲᠦᠬᠦᠭᠡᠯᠡᠵᠦ ᠴᠤᠭᠯᠠᠷᠠᠭᠰᠠᠨ ᠳᠠᠶᠠᠭᠠᠷ 
ᠳᠡᠭᠡᠷ᠎ᠡ ᠲᠦᠳᠡᠭᠰᠡᠨ ᠶᠡᠬᠡᠰ ᠠᠬᠠᠰ 
ᠳᠡᠷᠭᠡᠳᠡ ᠰᠠᠭᠤᠭᠰᠠᠨ ᠥᠨᠢᠷ ᠥᠷᠭᠡᠨ ᠳ᠋ᠦ᠍ ᠠᠩᠬᠠᠷᠤᠭᠤᠯᠤᠨ 
ᠡᠴᠢᠭᠡ ᠨᠢ ᠪᠣᠯᠤᠨ ᠠᠪᠠᠭ᠎ᠠ ᠨᠠᠷ ᠲᠤᠨᠢ 
ᠡᠬᠡ ᠨᠢ ᠪᠣᠯᠤᠨ ᠨᠠᠭᠠᠴᠤ ᠨᠠᠷ ᠲᠤᠨᠢ 
ᠠᠷᠪᠠᠨ ᠬᠣᠶᠠᠷ ᠵᠢᠯ ᠦ᠋ᠨ ᠠᠯᠢ ᠢᠪᠡᠭᠡᠯ ᠢ᠋ ᠠᠩᠬᠠᠷᠴᠤ 
ᠣᠳᠣᠨ ᠭᠠᠷᠠᠭ ᠤ᠋ᠨ  ᠥᠯᠵᠡᠢ ᠰᠠᠢᠨ ᠢ᠋ ᠦᠵᠡᠵᠦ
ᠨᠠᠢ᠍ᠮᠠᠨ ᠰᠠᠭᠤᠳᠠᠯ ᠢ᠋ ᠨᠠᠷᠢᠨ ᠨᠢᠭᠲᠠ ᠨᠡᠢᠴᠡᠭᠦᠯᠵᠦ 
ᠶᠢᠰᠦᠨ ᠮᠡᠩᠭᠡ ᠶ᠋ᠢᠨ ᠶᠣᠰᠣ ᠤᠴᠢᠷ ᠢ᠋ ᠰᠢᠨᠵᠢᠵᠦ ᠲᠣᠭᠲᠠᠭᠠᠭᠰᠠᠨ 
ᠵᠥᠪᠲᠡᠢ ᠭᠡᠰᠡᠨ ᠡᠳᠦᠷ 
ᠵᠦᠢᠲᠡᠢ ᠭᠡᠰᠡᠨ ᠶᠠᠪᠤᠳᠠᠯ 
ᠰᠢᠭᠦᠯᠲᠡ ᠳᠡᠭᠡᠵᠢ ᠠᠢᠯᠠᠳᠬᠠᠨ  
ᠰᠣᠨᠣᠰᠬᠠᠵᠤ ᠮᠡᠳᠡᠭᠦᠯᠬᠦ ᠨᠢ 
ᠮᠥᠩᠬᠡ ᠲᠡᠭᠷᠢ ᠶ᠋ᠢᠨ ᠭᠡᠢᠴᠢᠭ ᠲᠡᠢ 
ᠮᠥᠰᠥᠨ ᠴᠠᠰᠤᠲᠤ ᠥᠩᠭᠡ ᠲᠡᠢ 
ᠮᠥᠨ ᠰᠡᠳᠬᠢᠯ ᠦ᠋ᠨ ᠵᠣᠷᠢᠭ ᠪᠣᠯᠤᠭᠰᠠᠨ 
ᠮᠣᠩᠭᠣᠯ ᠤ᠋ᠨ ᠰᠠᠢᠬᠠᠨ ᠪᠡᠯᠭᠡ ᠲᠡᠢ 
ᠡᠳ᠋  ᠪᠡᠯᠡᠭ ᠦ᠋ᠨ ᠳᠡᠭᠡᠳᠦ 
ᠠᠷᠢᠭᠤᠨ ᠴᠠᠭᠠᠨ ᠬᠠᠳᠠᠭ 
ᠠᠪᠤ ᠶ᠋ᠢᠨ ᠲᠥᠷᠥᠯ ᠦ᠋ᠳ 
ᠠᠭᠤᠯᠠ ᠰᠢᠭ᠋ ᠠᠪᠠᠭ᠎ᠠ ᠨᠠᠷ 
ᠡᠬᠡ ᠶ᠋ᠢᠨ ᠰᠠᠳᠤᠨ ᠨᠤᠭᠤᠳ 
ᠠᠭᠤᠳᠠᠮ ᠲᠠᠯ᠎ᠠ ᠰᠢᠭ᠋ ᠨᠠᠭᠠᠴᠤ ᠨᠠᠷ 
ᠡᠯᠢᠭᠡᠨ ᠲᠥᠷᠥᠯ ᠪᠦᠬᠦᠨ ᠳ᠋ᠦ᠍ 
ᠡᠷᠭᠦᠵᠦ ᠪᠠᠷᠢᠨ ᠭᠦᠢᠴᠡᠭᠡᠬᠦ ᠡᠴᠡ ᠭᠠᠳᠠᠨ᠎ᠠ  
ᠵᠦᠪᠴᠢᠯᠡᠭᠰᠡᠨ ᠲᠣᠭ᠎ᠠ ᠶᠣᠰᠣᠭᠠᠷ 
ᠵᠣᠷᠢᠭᠯᠠᠭᠰᠠᠨ ᠶᠡᠬᠡ ᠬᠤᠷᠢᠮ ᠬᠣᠷᠢᠨ ᠳᠥᠷᠪᠡ ᠭᠡᠪᠡᠯ 
ᠰᠠᠷᠠᠨ ᠤ᠋ ᠭᠡᠷᠡᠯ ᠰᠢᠭ
ᠰᠠᠪᠠ ᠳ᠋ᠠᠭᠠᠨ ᠮᠡᠯᠲᠡᠭᠡᠨᠡᠭᠰᠡᠨ
ᠰᠠᠢᠨ ᠪᠣᠯᠣᠷ ᠰᠢᠭ᠋
ᠰᠠᠭᠤᠯᠭ᠎ᠠ ᠳ᠋ᠠᠭᠠᠨ ᠮᠡᠯᠮᠡᠯᠵᠡᠭᠰᠡᠨ 
ᠴᠠᠭᠠᠨ ᠰᠠᠨᠠᠭᠠᠨ ᠤ᠋ ᠰᠢᠨᠵᠢ ᠪᠣᠯᠤᠭᠰᠠᠨ 
ᠴᠢᠩ ᠠᠷᠢᠭᠤᠨ ᠤ᠋ ᠪᠡᠯᠭᠡ ᠪᠣᠯᠤᠭᠰᠠᠨ 
ᠴᠡᠩᠭᠡᠯᠲᠦ ᠢᠳᠡᠭᠡᠨ ᠦ᠌ ᠮᠠᠩᠯᠠᠢ ᠪᠣᠯᠤᠭᠰᠠᠨ 
ᠴᠠᠭ᠎ᠠ ᠬᠢᠯᠠᠭ᠎ᠠ ➊ ᠬᠣᠶᠠᠷ ᠰᠠᠭᠤᠯᠠᠭ᠎ᠠ 
ᠰᠦᠮᠪᠦᠷ ᠠᠭᠤᠯᠠ ᠲᠤᠭ ᠲᠠᠢ 
ᠰᠦᠷᠯᠢᠭ ᠳᠥᠷᠪᠡᠨ ᠲᠢᠪ ᠬᠦᠷᠢᠶ᠎ᠡ ᠲᠡᠢ 
ᠰᠠᠨᠰᠠᠷ ᠶᠢᠷᠲᠢᠨᠴᠦ ᠶ᠋ᠢᠨ ᠰᠢᠨᠵᠢ ᠪᠣᠯᠤᠭᠰᠠᠨ 
ᠰᠠᠢᠨ ᠪᠡᠯᠭᠡᠳᠡᠨ ᠦ᠌ ᠥᠯᠵᠡᠢ ᠪᠣᠯᠤᠭᠰᠠᠨ 
ᠲᠣᠭᠣᠰ ᠴᠠᠭᠠᠨ ᠮᠠᠨᠳᠠᠯ ᠰᠢᠭ᠋ 
ᠲᠤᠩ ᠴᠠᠭᠠᠨ ᠱᠦᠮᠦᠷ ᠬᠣᠶᠠᠷ ᠃
ᠴᠢᠩ ᠴᠠᠭᠠᠨ ᠭᠡᠭᠦᠨ ᠦ᠌ ᠦᠰᠦ 
ᠴᠢᠩᠭᠢᠰ ᠪᠣᠭᠳᠠ ᠵᠣᠬᠢᠶᠠᠭᠰᠠᠨ ᠢᠳᠡᠭᠡᠨ 
ᠠᠮᠲᠠ ᠪᠦᠬᠦᠨ ᠪᠦᠷᠢᠳᠦᠭᠰᠡᠨ 
ᠠᠷᠢᠭᠤᠨ ᠢᠳᠡᠭᠡᠨ ᠦ᠌ ᠳᠡᠭᠡᠵᠢ  
ᠠᠩᠬᠢᠯᠤᠮᠠᠯ ᠪᠦᠬᠦᠨ ᠲᠡᠭᠦᠰᠦᠭᠰᠡᠨ  
ᠠᠭᠤᠤ ᠪᠠᠶᠠᠷ ᠤ᠋ᠨ ᠴᠡᠩᠭᠡᠯ  
ᠰᠢᠨ᠎ᠡ ᠪᠦᠬᠦᠨ ᠰᠢᠩᠭᠡᠭᠰᠡᠨ  
ᠰᠠᠨᠠᠭ᠎ᠠ ᠰᠡᠳᠬᠢᠯ ᠦ᠋ᠨ ᠵᠣᠷᠢᠭᠳᠠᠯ  
ᠰᠠᠷᠡᠵᠠ ᠬᠣᠣᠷᠠᠵᠠ ᠠᠷᠢᠬᠢ ᠴᠡᠭᠡ
ᠠᠷᠪᠠᠨ ᠰᠠᠪᠠ ᠡᠨᠡ !
ᠢᠳᠡᠰᠢ ᠤᠤᠭᠤᠰᠢᠨ ᠤ᠋ ᠡᠬᠢ ᠪᠣᠯᠳᠠᠭ
ᠯᠣᠣᠰᠠᠳ ᠲᠤ᠌ ᠰᠡᠷᠴᠢᠮ ᠪᠣᠯᠳᠠᠭ
ᠠᠭᠠᠭ ᠰᠢᠮ᠎ᠡ ᠰᠠᠢᠲᠠᠢ
ᠠᠩᠭᠢᠷ ᠤᠯᠠᠭᠠᠨ ᠴᠠᠢ ᠬᠣᠶᠠᠷ ᠲᠦᠩᠬᠦ(ᠳᠡᠪᠦᠷ᠎ᠡ)
ᠠᠮᠲᠠᠲᠤ ᠵᠢᠮᠢᠰ ᠣᠯᠠᠨ ᠵᠦᠢᠯ
ᠦᠵᠦᠮ ᠰᠢᠬᠢᠷ ᠬᠣᠶᠠᠷ ᠲᠠᠪᠠᠭ ᠃
ᠬᠦᠷᠡᠩ ᠤᠯᠠᠭᠠᠨ ᠥᠩᠭᠡᠲᠡᠢ
ᠭᠦᠨᠵᠢᠳ ᠲᠣᠰᠣᠨ ᠤ᠋ ᠪᠣᠭᠣᠷᠰᠣᠭ ᠳᠥᠷᠪᠡᠨ ᠲᠠᠪᠠᠭ᠃
ᠳᠠᠭᠠᠨ ᠰᠢᠭ᠋ ᠪᠡᠶ᠎ᠡ ᠲᠡᠢ 
ᠨᠠᠮᠪᠠᠨ ᠰᠢᠭ᠋ ᠰᠡᠭᠦᠯ ᠲᠡᠢ
ᠢᠵᠢᠯᠢ ᠳ᠋ᠡᠭᠡᠨ ᠢᠪᠡᠭᠡᠯ ᠲᠡᠢ
ᠡᠵᠡᠨ ᠳ᠋ᠡᠭᠡᠨ ᠠᠴᠢᠲᠠᠢ
ᠴᠠᠭᠠᠨ ᠭᠠᠯᠵᠠᠨ ᠦᠭᠡᠯᠡᠭᠡᠳ ᠢᠷᠭᠡ ᠶ᠋ᠢᠨ
ᠴᠥᠮ ᠭᠦᠢᠴᠡᠳ ᠰᠢᠭᠦᠰᠦ ᠬᠣᠶᠠᠷ ᠢ᠋
ᠲᠣᠪᠴᠢᠯᠠᠨ ᠳᠤᠷ᠎ᠠ ᠪᠠᠷ ᠨᠢ ᠬᠡᠯᠡᠪᠡᠰᠦ
ᠲᠦᠪᠡᠬᠡᠷ ᠰᠠᠢᠬᠠᠨ ᠡᠪᠡᠷᠳᠡᠢ
ᠳᠡᠪᠰᠢᠯᠭᠡ ᠰᠠᠢᠲᠠᠢ ᠲᠣᠯᠣᠭᠠᠢ ᠡᠨᠡ ᠬᠣᠶᠠᠷ
ᠠᠬ᠎ᠠ ᠳᠡᠭᠦᠦ ᠠᠷᠪᠢᠭᠤᠯᠠ
ᠠᠮᠠᠨ ᠬᠦᠵᠦᠭᠦᠦ ᠵᠢᠷᠭᠤᠭᠤᠯᠠ
ᠲᠡᠮᠡᠭᠡᠨ ᠰᠢᠭ ᠴᠥᠷᠭᠦᠯᠭᠡᠲᠦ
ᠲᠡᠪᠡᠨᠡ ᠰᠢᠭ ᠰᠦᠪᠡᠯᠡᠭᠡᠲᠦ
ᠬᠦᠵᠦᠭᠦᠦ ᠰᠡᠭᠡᠷ ᠬᠥᠪᠴᠢᠯᠡᠭᠡᠲᠡᠶ
ᠴᠢᠨᠳᠠᠮᠤᠨᠢ ᠳᠠᠯᠤ ᠨᠠᠭᠠᠯᠳᠤᠭᠰᠠᠨ
ᠴᠢᠩᠭ᠎ᠠ ᠬᠠᠪᠢᠰᠤ ᠵᠢᠷᠭᠡᠯᠵᠡᠭᠰᠡᠨ
ᠴᠡᠭᠡᠵᠢ ᠮᠢᠬ᠎ᠠ ᠡᠨᠡ ᠬᠣᠶᠠᠷ
ᠳᠥᠷᠪᠡᠨ ᠳᠣᠷᠣ ᠪᠠᠨ ᠳᠣᠲᠣᠷ᠎ᠠ ᠪᠠᠨ ᠬᠠᠳᠠᠭᠠᠯᠠᠭᠰᠠᠨ
ᠭᠤᠶ᠎ᠠ ᠮᠢᠬ᠎ᠠ ᠪᠠᠷ ᠬᠠᠰᠢᠯᠭ᠎ᠠ ᠪᠣᠯᠭᠠᠭᠰᠠᠨ
ᠬᠠᠨ ᠭᠠᠷᠤᠳᠢ ᠶ᠋ᠢᠨ ᠵᠢᠭᠦᠷ ᠲᠡᠢ
ᠬᠠᠯᠪᠠᠭᠠᠷ ᠴᠠᠭᠠᠨ ᠰᠡᠭᠦᠯ ᠲᠡᠢ
ᠬᠠᠨ ᠬᠥᠮᠦᠨ ᠦ᠌ ᠵᠣᠭᠣᠭ ᠪᠣᠯᠳᠠᠭ ᠤᠭᠤᠴᠠ ᠮᠢᠬ᠎ᠠ ᠡᠨᠡ ᠬᠣᠶᠠᠷ!
➊ ᠴᠠᠭᠠᠨ ᠢᠳᠡᠭᠡ

ᠨᠠᠷᠠᠨ ᠰᠠᠷᠠᠨ ᠳ᠋ᠤ᠌ ᠮᠥᠷᠭᠥᠭᠦᠯᠬᠦ ᠢᠷᠦᠭᠡᠯ


ᠡᠳᠦᠷ ᠦ᠋ᠨ ᠰᠠᠢᠨ ᠢ᠋ ᠥᠷᠥᠵᠦ 
ᠡᠷᠦᠬᠡᠲᠦ ᠭᠡᠷ ᠢ᠋ ᠪᠠᠷᠢᠵᠤ 
ᠰᠠᠷ᠎ᠠ ᠶ᠋ᠢᠨ ᠰᠠᠢᠨ ᠢ᠋ ᠰᠠᠬᠢᠵᠤ  
ᠰᠠᠪᠬᠠᠲᠤ ᠭᠡᠵᠢᠭᠡ ᠶ᠋ᠢ ᠱᠦᠭᠦᠷᠳᠡᠵᠦ  
ᠪᠡᠯᠭᠡᠲᠦ ᠭᠠᠯᠪᠤᠷᠠᠭᠰᠠᠨ ᠮᠣᠳᠣ ᠮᠡᠲᠦ 
ᠪᠠᠶᠠᠨ ᠬᠡᠰᠢᠭ ᠨᠢ ᠳᠡᠯᠭᠡᠷᠡᠵᠦ 
ᠰᠢᠨᠵᠢᠲᠦ ᠣᠯᠠᠨ ᠬᠠᠭᠠᠳ ᠤ᠋ᠳ ᠮᠡᠲᠦ ᠵᠢᠷᠭᠠᠬᠤ ᠶ᠋ᠢᠨ ᠲᠤᠯᠠᠳᠠ 
ᠱᠠᠵᠢᠨ ᠲᠥᠷᠥ ᠶ᠋ᠢ ᠬᠦᠨᠳᠦᠯᠡᠵᠦ 
ᠴᠢᠩ ᠴᠠᠭᠠᠨ ᠢᠰᠡᠭᠡᠢ ᠳᠡᠭᠡᠷ᠎ᠡ 
ᠴᠢᠨᠳᠠᠮᠤᠨᠢ ᠪᠠᠳᠮ᠎ᠠ ᠶ᠋ᠢᠨ ᠳ᠋ᠠᠪᠡᠴᠡᠳ ᠳᠡᠭᠡᠷ᠎ᠡ 
ᠥᠯᠵᠡᠢ ᠬᠤᠯᠪᠢ ᠶ᠋ᠢᠨ ᠡᠷᠢᠶᠡᠨ ᠳᠡᠭᠡᠷ᠎ᠡ 
ᠦᠶ᠎ᠡ ᠬᠦᠨᠳᠦ ᠶᠡᠬᠡᠲᠡᠢ ᠱᠠᠭ᠎ᠠ ᠴᠢᠮᠥᠭᠡ ᠶ᠋ᠢ ᠠᠳᠬᠤᠭᠤᠯᠵᠤ 
ᠰᠢᠷ᠎ᠠ ᠨᠠᠷᠠᠨ ᠳ᠋ᠤ᠌ ᠮᠥᠷᠭᠥᠯ ᠮᠥᠷᠭᠥᠭᠦᠯᠪᠡ ᠴᠣᠳ ! 
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠨᠠᠷᠠᠨ ᠤ᠋ ᠡᠷᠳᠡᠨᠢ ᠶ᠋ᠢᠨ ᠭᠡᠷᠡᠯ ᠳ᠋ᠦ᠍ ᠮᠥᠷᠭᠥᠯ ᠮᠥᠷᠭᠥᠭᠰᠡᠨ ᠦ᠌ ᠬᠦᠴᠦ ᠪᠡᠷ
ᠨᠠᠷᠠᠨ ᠮᠡᠲᠦ ᠮᠠᠨᠳᠤᠵᠤ
ᠨᠠᠪᠴᠢ ᠮᠡᠲᠦ ᠳᠡᠯᠭᠡᠷᠡᠵᠦ
ᠭᠠᠯᠭᠢᠶᠠᠰᠤ ᠶ᠋ᠢᠨ ᠦᠷᠡᠨ ᠮᠡᠲᠦ
ᠡᠨᠡᠷ ᠰᠠᠢᠬᠠᠨ ᠡᠯᠢᠭᠡᠲᠡᠢ
ᠳᠣᠯᠣᠭᠠᠨ ᠥᠩᠭᠡ ᠶ᠋ᠢᠨ ᠰᠣᠯᠣᠩᠭ᠎ᠠ ᠮᠡᠲᠦ
ᠲᠤᠩ ᠴᠤ᠌ ᠦᠵᠡᠰᠬᠦᠯᠡᠩ ᠪᠣᠯᠬᠤ ᠶ᠋ᠢᠨ ᠲᠤᠯᠠᠳᠠ
ᠮᠥᠩᠭᠥᠨ ᠴᠠᠭᠠᠨ ᠭᠡᠭᠡ ᠲᠡᠢ
ᠮᠥᠩᠬᠡ ᠰᠡᠷᠢᠭᠦᠨ ᠬᠠᠷᠰᠢ ᠲᠠᠢ
ᠰᠠᠯᠬᠢᠨ ᠬᠤᠢ ᠳᠠᠷᠤᠭᠴᠢ
ᠰᠠᠷᠠᠨ ᠡᠷᠳᠡᠨᠢ ᠶ᠋ᠢᠨ ᠭᠡᠷᠡᠯ ᠳ᠋ᠦ᠍
ᠰᠠᠢᠬᠠᠨ ᠢᠳᠡᠭᠡᠨ ᠦ᠌ ᠳᠡᠭᠡᠵᠢ ᠪᠡᠷ ᠮᠥᠷᠭᠥᠯ ᠮᠥᠷᠭᠥᠭᠦᠯᠪᠡ ᠴᠣᠳ!
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠰᠠᠷᠠᠨ ᠡᠷᠳᠡᠨᠢ ᠶ᠋ᠢᠨ ᠭᠡᠷᠡᠯ ᠳ᠋ᠦ᠍ ᠮᠥᠷᠭᠥᠯ ᠮᠥᠷᠭᠥᠭᠰᠡᠨ ᠦ᠌ ᠬᠦᠴᠦ ᠪᠡᠷ
ᠰᠠᠭᠯᠠᠭᠠᠷ ᠽᠠᠨᠳᠠᠨ ᠮᠣᠳᠣᠨ ᠤ᠋
ᠰᠠᠯᠠᠭ᠎ᠠ ᠨᠠᠪᠴᠢ ᠮᠡᠲᠦ 
ᠨᠠᠰᠤ ᠰᠡᠭᠦᠳᠡᠷ ᠲᠠᠨᠢ ᠥᠨᠳᠥᠷᠳᠡᠵᠦ
ᠰᠠᠢᠨ ᠴᠠᠭ ᠤ᠋ᠨ ᠡᠴᠦᠰ ᠲᠦ᠍ ᠴᠠᠭᠠᠨ ᠭᠠᠯ ᠤ᠋ᠨ ᠵᠠᠯᠢ ᠮᠡᠲᠦ
ᠴᠠᠭᠯᠠᠰᠢᠶᠠᠨ ᠦᠭᠡᠢ ᠷᠠᠰᠢᠶᠠᠨ ᠠᠮᠰᠠᠵᠤ ᠪᠠᠢᠬᠤ ᠶ᠋ᠢᠨ ᠲᠤᠯᠠᠳᠠ
ᠣᠭᠣᠰᠣᠷ ᠦᠭᠡᠢ ᠨᠠᠷᠠ
ᠣᠶᠣᠳᠠᠯ ᠦᠭᠡᠢ ᠲᠩᠷᠢ
ᠳᠡᠭᠡᠳᠦ ᠭᠤᠴᠢᠨ ᠭᠤᠷᠪᠠᠨ ᠬᠠᠭᠠᠨ ᠬᠤᠷᠮᠤᠰᠲᠠ ᠲᠩᠷᠢ ᠳ᠋ᠦ᠍
ᠬᠠᠩᠭᠠᠯᠲᠠ ᠲᠠᠢ ᠢᠳᠡᠭᠡᠨ ᠦ᠌ ᠳᠡᠭᠡᠵᠢ ᠪᠡᠷ ᠮᠥᠷᠭᠥᠯ ᠮᠥᠷᠭᠥᠭᠦᠯᠪᠡ ᠴᠣᠳ!
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠲᠩᠷᠢ ᠳ᠋ᠦ᠍ ᠮᠥᠷᠭᠥᠯ ᠮᠥᠷᠭᠥᠭᠰᠡᠨ ᠦ᠌ ᠬᠦᠴᠦ ᠪᠡᠷ
ᠲᠩᠷᠢ ᠯᠤᠭ᠎ᠠ ᠲᠡᠭᠰᠢ ᠰᠠᠢᠬᠠᠨ ᠵᠠᠶᠠᠭ᠎ᠠ ᠲᠠᠢ
ᠲᠡᠩᠴᠡᠯᠳᠦᠬᠦ ᠬᠥᠮᠦᠨ ᠡᠴᠡ ᠪᠡᠨ ᠦᠯᠡᠮᠵᠢ ᠰᠠᠢᠬᠠᠨ
ᠪᠤᠶᠠᠨᠲᠠᠢ ᠪᠠᠢᠬᠤ ᠶ᠋ᠢᠨ ᠲᠤᠯᠠᠳᠠ
ᠳᠡᠭᠡᠳᠦ ᠭᠤᠴᠢᠨ ᠭᠤᠷᠪᠠᠨ ᠬᠠᠭᠠᠨ ᠬᠤᠷᠮᠤᠰᠲᠠ ᠪᠣᠯᠤᠨ
ᠳᠣᠣᠷᠠᠲᠤ ᠶ᠋ᠢᠨ ᠪᠤᠮ ᠴᠠᠭᠠᠨ ᠯᠣᠣᠰᠠᠳ
ᠵᠠᠪᠰᠠᠷ ᠤ᠋ᠨ ᠨᠠᠢ᠍ᠮᠠᠨ ᠠᠢᠮᠠᠭ
ᠵᠠᠶᠠᠭ᠎ᠠ ᠪᠤᠶᠠᠨ ᠶᠡᠬᠡᠲᠦ ᠳᠡᠭᠡᠳᠦᠰ ᠦ᠋ᠳ ᠦ᠋ᠨ ᠰᠠᠬᠢᠭᠤᠯᠰᠤᠨ ᠳ᠋ᠤ᠌
ᠡᠳᠦᠷ ᠰᠥᠨᠢ ᠠᠷᠪᠠᠨ ᠬᠣᠶᠠᠷ ᠴᠠᠭ ᠲᠤ᠌
ᠠᠯᠭᠠᠰᠢᠶᠠᠨ ᠦᠭᠡᠢ ᠨᠥᠬᠥᠴᠡᠳᠡᠭ
ᠡᠬᠡ ᠡᠴᠢᠭᠡ ᠶ᠋ᠢᠨ ᠲᠠᠨᠢ ᠵᠠᠶᠠᠭ᠎ᠠ ᠰᠠᠬᠢᠭᠤᠯᠰᠤᠨ ᠳ᠋ᠤ᠌
ᠮᠥᠷᠭᠥᠯ ᠮᠥᠷᠭᠥᠭᠦᠯᠪᠡ ᠴᠣᠳ !
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠡᠬᠡ ᠡᠴᠢᠭᠡ ᠶ᠋ᠢᠨ ᠲᠠᠨᠢ ᠵᠠᠶᠠᠭ᠎ᠠ ᠰᠠᠬᠢᠭᠤᠯᠰᠤᠨ ᠳ᠋ᠤ᠌
ᠮᠥᠷᠭᠥᠯ ᠮᠥᠷᠭᠥᠭᠰᠡᠨ ᠦ᠌ ᠬᠦᠴᠦ ᠪᠡᠷ
ᠰᠢᠩᠰᠢ(ᠰᠢᠨᠵᠢ)ᠰᠠᠢᠲᠤ  ᠬᠦᠷᠭᠡᠨ
ᠣᠣ ᠬᠢᠯᠠᠭᠠᠨ ᠦᠷᠭᠦᠭᠡᠨ ᠳ᠋ᠡᠭᠡᠨ ᠮᠣᠷᠢᠯᠠᠵᠤ ᠪᠠᠭᠤᠤ ᠴᠣᠳ!

ᠬᠥᠰᠢᠭᠡ ᠲᠠᠢᠯᠬᠤ ᠢᠷᠦᠭᠡᠯ


ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠲᠤᠩᠭᠠᠯᠠᠭ ᠣᠭᠲᠠᠷᠭᠤᠢ ᠶ᠋ᠢᠨ ᠳᠤᠮᠳᠠ᠎ᠠ᠋ᠴᠠ
ᠲᠡᠷᠭᠡᠯ ᠤᠯᠠᠭᠠᠨ ᠨᠠᠷᠠ ᠭᠡᠷᠡᠯᠲᠦᠭᠰᠡᠨ
ᠲᠩᠷᠢ ᠶ᠋ᠢᠨ ᠥᠩᠭᠡᠲᠦ ᠬᠥᠰᠢᠭᠡ ᠳ᠋ᠦ᠍ ᠲᠠᠨᠢ
ᠲᠦᠮᠡᠨ ᠥᠯᠵᠡᠢ ᠲᠣᠭᠲᠠᠬᠤ ᠪᠣᠯᠲᠤᠭᠠᠢ!
ᠪᠢᠨᠳᠦᠷᠢᠶᠡᠨ ᠬᠥᠬᠡ ᠰᠠᠨᠰᠠᠷ ᠤ᠋ᠨ ᠳᠤᠮᠳᠠ᠎ ᠠ᠋ᠴᠠ
ᠪᠠᠳᠠᠷᠠᠩᠭᠤᠢ ᠤᠯᠠᠭᠠᠨ ᠨᠠᠷᠠ ᠲᠤᠶᠠᠭᠠᠷᠠᠭᠰᠠᠨ
ᠪᠡᠯᠭᠡᠲᠦ ᠬᠥᠬᠡ ᠬᠥᠰᠢᠭᠡ ᠳ᠋ᠦ᠍ ᠲᠠᠨᠢ
ᠪᠤᠶᠠᠨ ᠬᠡᠰᠢᠭ ᠲᠣᠭᠲᠠᠬᠤ ᠪᠣᠯᠲᠤᠭᠠᠢ!

ᠰᠢᠨ᠎ᠡ ᠬᠦᠷᠭᠡᠨ ᠰᠢᠨ᠎ᠡ ᠪᠡᠷᠢ ᠶ᠋ᠢᠨ ᠢᠷᠦᠭᠡᠯ


(ᠨᠢᠭᠡ)  
ᠳᠠᠭᠢᠨᠢ ᠪᠤᠷᠬᠠᠨ ᠡᠬᠡ ᠲᠡᠢ
ᠳ᠋ᠠᠷᠬᠢ ᠪᠤᠷᠬᠠᠨ ᠰᠠᠬᠢᠭᠤᠯᠰᠤ ᠲᠠᠢ
ᠨᠠᠮᠰᠠᠷᠠᠢ ᠪᠤᠷᠬᠠᠨ ᠰᠢᠭ᠋ ᠪᠠᠶᠠᠨ ᠰᠠᠢᠬᠠᠨ
ᠨᠠᠢᠳᠠᠨᠴᠣᠢᠳᠠᠭ ᠯᠤᠭ᠎ᠠ ᠠᠳᠠᠯᠢ ᠥᠨᠢᠷ ᠰᠠᠢᠬᠠᠨ
ᠨᠠᠰᠤᠨ ᠦᠷᠭᠦᠯᠵᠢᠳᠡ ᠵᠢᠷᠭᠠᠵᠤ
ᠨᠠᠢᠷ ᠪᠡᠯᠭᠡ ᠬᠣᠶᠠᠷ ᠤ᠋ᠨ ᠳᠤᠮᠳᠠ
ᠨᠠᠪᠴᠢ ᠴᠡᠴᠡᠭ ᠮᠡᠲᠦ ᠳᠡᠯᠭᠡᠷᠡᠬᠦ ᠪᠣᠯᠲᠤᠭᠠᠢ!
(ᠬᠣᠶᠠᠷ)  
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠥᠨᠳᠥᠷ ᠭᠠᠵᠠᠷ ᠥᠷᠭᠥᠭᠡ ᠪᠡᠨ ᠰᠡᠷᠭᠦᠭᠡᠵᠦ
ᠥᠷᠭᠡᠨ ᠭᠠᠵᠠᠷ ᠵᠡᠯ᠎ᠡ ᠪᠡᠨ ᠲᠠᠲᠠᠵᠤ
ᠬᠣᠮ ᠲᠠᠢ ᠲᠡᠮᠡᠭᠡ ᠬᠣᠲᠠ ᠪᠠᠷ ᠳᠦᠭᠦᠷᠴᠦ
ᠬᠣᠩᠭᠣᠷ ᠠᠳᠤᠭᠤ ᠵᠡᠯ᠎ᠡ ᠪᠡᠷ ᠳᠦᠭᠦᠷᠴᠦ
ᠬᠥᠰᠢᠶ᠎ᠡ ᠴᠢᠯᠠᠭᠤ ᠪᠠᠷ ᠵᠡᠯ᠎ᠡ ᠪᠡᠨ ᠲᠠᠲᠠᠵᠤ
ᠬᠥᠨᠳᠡᠯᠡᠨ ᠭᠣᠣᠯ ᠢ᠋ᠶ᠋ᠠᠷ ᠬᠦᠯᠢᠴᠡ ᠬᠢᠵᠦ
ᠬᠠᠲᠠᠷᠢᠵᠤ ᠭᠥᠷᠥᠰᠢ ᠦᠭᠡᠢ ᠪᠠᠢᠷᠢ ᠲᠠᠢ
ᠬᠠᠷᠪᠤᠵᠤ ᠭᠦᠷᠦᠰᠢ ᠦᠭᠡᠢ ᠵᠡᠯ᠎ᠡ ᠲᠡᠢ
ᠵᠡᠭᠡᠷᠳᠡ ᠪᠡᠨ ᠲᠠᠨᠢᠰᠢ ᠦᠭᠡᠢ ᠪᠠᠶᠠᠨ
ᠵᠢᠭᠡ ᠪᠡᠨ ᠲᠠᠨᠢᠰᠢ ᠦᠭᠡᠢ ᠥᠨᠢᠷ
ᠵᠤᠯᠠ ᠰᠢᠭ᠋ ᠭᠡᠭᠡᠨ ᠤᠬᠠᠭᠠᠨ ᠲᠠᠢ 
ᠵᠢᠷᠤᠭ ᠰᠢᠭ᠋ ᠤᠷᠠᠨ ᠦᠢᠯᠡ ᠲᠡᠢ
ᠵᠢᠷᠭᠠᠵᠤ ᠴᠡᠩᠭᠡᠵᠦ ᠶᠠᠪᠤᠬᠤ ᠪᠣᠯᠲᠤᠭᠠᠢ!
(ᠭᠤᠷᠪᠠ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠲᠣᠭᠣᠷᠢᠭᠠᠳ ᠰᠠᠭᠤᠭᠰᠠᠨ ᠴᠢᠨᠢ
ᠮᠥᠩᠬᠡ ᠲᠥᠷᠥᠯ ᠪᠣᠯᠵᠤ
ᠳᠠᠪᠠᠷᠠᠭᠠᠳ ᠬᠢᠭᠰᠡᠨ ᠴᠢᠨᠢ
ᠮᠥᠩᠬᠡ ᠪᠤᠶᠠᠨ ᠪᠣᠯᠵᠤ
ᠠᠷᠪᠠᠨ ᠬᠠᠷᠰᠢ ᠴᠢᠨᠢ ᠠᠷᠢᠯᠵᠤ
ᠠᠷᠪᠠᠨ ᠴᠠᠭᠠᠨ ᠴᠢᠨᠢ ᠳᠡᠯᠭᠡᠷᠡᠵᠦ
ᠣᠷᠣᠴᠠ ᠶ᠋ᠢᠨ ᠡᠭᠦᠳᠡ ᠨᠡᠭᠡᠭᠡᠭᠳᠡᠵᠦ
ᠭᠠᠷᠤᠴᠠ ᠶ᠋ᠢᠨ ᠡᠭᠦᠳᠡ ᠬᠠᠭᠠᠭᠳᠠᠵᠤ
ᠴᠠᠭᠠᠨ ᠪᠤᠶᠠᠨ ᠢ᠋ᠶ᠋ᠠᠨ ᠡᠳ᠋ᠯᠡᠵᠦ
ᠴᠠᠭ ᠤ᠋ᠨ ᠴᠠᠭ ᠲᠤ᠌ ᠵᠢᠷᠭᠠᠵᠤ ᠴᠡᠩᠭᠡᠬᠦ ᠪᠣᠯᠲᠤᠭᠠᠢ!
(ᠳᠥᠷᠪᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠠᠭᠠᠷ ᠲᠩᠷᠢ ᠶ᠋ᠢᠨ ᠮᠠᠨᠳᠠᠯ ᠮᠡᠲᠦ
ᠪᠠᠳᠠᠷᠠᠩᠭᠤᠢ ᠰᠠᠢᠬᠠᠨ
ᠠᠯᠲᠠᠨ ᠳᠡᠯᠡᠬᠡᠢ ᠶ᠋ᠢᠨ ᠴᠡᠴᠡᠭ ᠮᠡᠲᠦ
ᠳᠡᠯᠭᠡᠷᠡᠩᠭᠦᠢ ᠰᠠᠢᠬᠠᠨ
ᠦᠷ᠎ᠡ ᠲᠡᠢ ᠰᠠᠳᠤ ᠲᠠᠢ
ᠦᠷᠢᠶ᠎ᠡ ᠲᠡᠢ ᠲᠣᠭ᠎ᠠ ᠲᠠᠢ
ᠤᠬᠠᠭ᠎ᠠ ᠲᠠᠢ ᠰᠠᠨᠠᠭ᠎ᠠ ᠲᠠᠢ
ᠦᠢᠯᠡ ᠲᠡᠢ ᠠᠬᠤᠢ ᠲᠠᠢ
ᠤᠷᠲᠤ ᠰᠠᠢᠬᠠᠨ ᠨᠠᠰᠤᠯᠠᠵᠤ
ᠤᠳᠠᠭᠠᠨ ᠰᠠᠢᠬᠠᠨ ᠵᠢᠷᠭᠠᠬᠤ ᠪᠣᠯᠲᠤᠭᠠᠢ!
ᠰᠢᠨ᠎ᠡ ᠬᠦᠷᠭᠡᠨ ᠳ᠋ᠦ᠍ ᠬᠠᠪᠲᠠᠭ᠎ᠠ ᠵᠡᠭᠦᠯᠭᠡᠬᠦ ᠢᠷᠦᠭᠡᠯ  
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ!
ᠬᠦᠩᠭᠢᠨᠡᠭᠰᠡᠨ ᠬᠥᠬᠡ ᠣᠭᠲᠠᠷᠭᠤᠢ ᠶ᠋ᠢᠨ ᠯᠤᠤ ᠮᠡᠲᠦ
ᠨᠡᠷ᠎ᠡ ᠴᠣᠯᠠ ᠴᠢᠨᠢ ᠳᠠᠭᠤᠷᠢᠰᠴᠤ
ᠬᠦᠷᠬᠢᠷᠡᠭᠰᠡᠨ ᠴᠠᠭᠠᠨ ᠠᠮᠠᠨᠠᠢ ᠶ᠋ᠢᠨ ᠠᠷᠰᠯᠠᠨ ᠮᠡᠲᠦ
ᠬᠦᠴᠦ ᠣᠮᠣᠭ ᠴᠢᠨᠢ ᠨᠡᠮᠡᠭᠳᠡᠵᠦ
ᠲᠣᠰᠣᠨ ᠤ᠋ ᠥᠩᠭᠡᠲᠦ ᠬᠥᠷᠥᠰᠥᠲᠦ ᠳᠡᠯᠡᠬᠡᠢ ᠶ᠋ᠢ
ᠲᠤᠭ ᠮᠠᠯ ᠢ᠋ᠶ᠋ᠠᠷ ᠢ᠋ᠶ᠋ᠠᠨ ᠳᠦᠭᠦᠷᠭᠡᠵᠦ ᠶᠠᠪᠤ
ᠲᠣᠷᠭᠠᠨ ᠤ᠋ ᠥᠩᠭᠡᠲᠦ ᠬᠥᠬᠡ ᠣᠭᠲᠠᠷᠭᠤᠢ ᠶ᠋ᠢ
ᠲᠣᠭᠣᠰᠣ ᠪᠠᠷ ᠢ᠋ᠶ᠋ᠠᠨ ᠪᠦᠷᠬᠦᠵᠦ ᠶᠠᠪᠤ
ᠡᠯᠢᠭᠡᠨ ᠬᠠᠨᠢ ᠲᠠᠢ ᠪᠠᠨ ᠤᠷᠲᠤ ᠰᠠᠢᠬᠠᠨ ᠨᠠᠰᠤᠲᠠᠢ
ᠤᠳᠠᠭᠠᠨ ᠰᠠᠢᠬᠠᠨ ᠵᠢᠷᠭᠠᠯᠲᠠᠢ ᠶᠠᠪᠤᠬᠤ ᠪᠣᠯᠲᠤᠭᠠᠢ !

ᠰᠢᠨ᠎ᠡ ᠪᠡᠷᠢ ᠮᠢᠯᠢᠶᠠᠬᠤ ᠢᠷᠦᠭᠡᠯ


(ᠨᠢᠭᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠥᠷᠥᠨ ᠪᠣᠯᠭᠠᠨ ᠨᠠᠷᠠᠨ ᠤ᠋ ᠰᠠᠢᠬᠠᠨ ᠢ᠋ ᠬᠠᠷᠠᠵᠤ
ᠡᠳᠦᠷ ᠪᠣᠯᠭᠠᠨ ᠢᠷᠦᠭᠡᠯ ᠦ᠋ᠨ ᠰᠠᠢᠨ ᠢ᠋ ᠰᠣᠨᠣᠰᠴᠤ
ᠥᠨᠳᠥᠷ ᠡᠴᠡ ᠬᠣᠯᠠ ᠶ᠋ᠢ ᠪᠠᠷᠠᠭᠠᠳᠠᠵᠤ
ᠣᠯᠠᠨ ᠠ᠋ᠴᠠ ᠦᠨᠡᠨ ᠢ᠋ ᠣᠯᠵᠤ
ᠲᠣᠯᠢ ᠮᠡᠲᠦ ᠲᠤᠩᠭᠠᠯᠠᠭ ᠤᠬᠠᠭᠠᠨ ᠲᠠᠢ
ᠲᠣᠷᠭᠠᠨ ᠮᠡᠲᠦ ᠵᠥᠭᠡᠯᠡᠨ ᠠᠭᠠᠯᠢ ᠲᠠᠢ
ᠡᠷᠡᠭᠦᠯ ᠰᠠᠢᠬᠠᠨ ᠪᠡᠶ᠎ᠡ ᠲᠡᠢ
ᠡᠩᠬᠡ ᠰᠠᠢᠬᠠᠨ ᠵᠢᠷᠭᠠᠯᠲᠠᠢ ᠶᠠᠪᠤᠬᠤ ᠪᠣᠯᠲᠤᠭᠠᠢ!
(ᠬᠣᠶᠠᠷ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠲᠤᠷᠤᠭ ᠰᠠᠢᠬᠠᠨ ᠪᠡᠶ᠎ᠡ ᠲᠡᠢ
ᠲᠤᠩ ᠪᠦᠷᠢᠶ᠎ᠡ ᠰᠢᠭ ᠳᠠᠭᠤ ᠲᠠᠢ
ᠬᠣᠨᠢᠨ ᠰᠢᠭ᠋ ᠨᠣᠮᠣᠬᠠᠨ
ᠬᠣᠯᠢᠮᠠᠭ ᠰᠢᠭ᠋ ᠵᠥᠭᠡᠯᠡᠨ
ᠬᠣᠯᠠ ᠣᠢᠷ᠎ᠠ ᠳ᠋ᠠᠭᠠᠨ ᠬᠦᠰᠡᠯᠡᠩᠲᠡᠢ(ᠬᠦᠷᠢᠶᠡᠯᠡᠯ ᠲᠡᠢ)
ᠬᠣᠢᠴᠢ ᠦᠶ᠎ᠡ ᠳ᠋ᠡᠭᠡᠨ ᠮᠠᠭᠲᠠᠭᠠᠯ ᠲᠠᠢ ᠶᠠᠪᠤᠬᠤ ᠪᠣᠯᠲᠤᠭᠠᠢ!
(ᠭᠤᠷᠪᠠ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠡᠷᠡᠭᠦᠯ ᠰᠠᠢᠬᠠᠨ ᠪᠡᠶ᠎ᠡ ᠲᠡᠢ
ᠰᠠᠷᠠᠭᠤᠯ ᠰᠠᠢᠬᠠᠨ ᠤᠬᠠᠭᠠᠨ ᠲᠠᠢ
ᠨᠠᠷᠢᠨ ᠰᠠᠢᠬᠠᠨ ᠡᠷᠳᠡᠮ ᠲᠡᠢ
ᠨᠢᠭᠲᠠ ᠰᠠᠢᠬᠠᠨ ᠦᠢᠯᠡ ᠲᠡᠢ ᠶᠠᠪᠤᠬᠤ ᠪᠣᠯᠲᠤᠭᠠᠢ!
(ᠳᠥᠷᠪᠡ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠰᠠᠨᠰᠠᠷ ᠶᠢᠷᠲᠢᠨᠴᠦ ᠶ᠋ᠢ ᠭᠡᠢᠭᠦᠯᠦᠭᠴᠢ
ᠰᠠᠷᠠᠨ ᠡᠷᠳᠡᠨᠢ ᠮᠡᠲᠦ ᠲᠣᠳᠣᠷᠬᠠᠢ ᠰᠠᠢᠬᠠᠨ
ᠣᠭᠲᠠᠷᠭᠤᠢ ᠶ᠋ᠢᠨ ᠬᠤᠷ᠎ᠠ ᠮᠥᠨᠳᠥᠷ ᠮᠡᠲᠦ
ᠡᠯᠪᠡᠭ ᠪᠤᠶᠠᠨ ᠲᠠᠢ ᠪᠠᠶᠠᠨ ᠰᠠᠢᠬᠠᠨ
ᠬᠦᠰᠡᠯᠲᠦ ᠬᠦᠴᠦ ᠵᠣᠷᠢᠭ ᠴᠢᠨᠢ
ᠬᠥᠬᠡᠨᠠᠭᠤᠷ ᠤ᠋ᠨ ᠬᠦᠢᠰᠦᠨ ᠮᠡᠲᠦ ᠪᠠᠲᠤ ᠰᠠᠢᠬᠠᠨ
ᠳᠠᠭᠤᠷᠢᠰᠬᠠᠯᠲᠤ ᠨᠡᠷ᠎ᠡ ᠴᠣᠯᠠ ᠴᠢᠨᠢ
ᠲᠤᠩ ᠪᠦᠷᠢᠶ᠎ᠡ ᠮᠡᠲᠦ ᠲᠣᠳᠣ ᠰᠠᠢᠬᠠᠨ
ᠶᠠᠪᠤᠬᠤ ᠶ᠋ᠢᠨ ᠢᠷᠦᠭᠡᠯ ᠲᠣᠭᠲᠠᠬᠤ ᠪᠣᠯᠲᠤᠭᠠᠢ!
(ᠲᠠᠪᠤ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠬᠤᠨ ᠴᠠᠭᠠᠨ ᠬᠣᠨᠢ
ᠬᠣᠲᠠ ᠪᠠᠷ ᠳᠦᠭᠦᠷᠴᠦ
ᠬᠤᠷᠢᠶᠠᠭᠰᠠᠨ ᠰᠠᠭᠠᠯᠢ ᠢᠳᠡᠭᠡᠨ
ᠭᠡᠷ ᠢ᠋ᠶ᠋ᠡᠷ ᠳᠦᠭᠦᠷᠴᠦ
ᠲᠥᠷᠥᠯ ᠡᠯᠢᠭᠡᠨ ᠳ᠋ᠦ᠍ ᠪᠡᠨ
ᠲᠣᠰᠣ ᠰᠢᠭ᠋ ᠰᠡᠳᠬᠢᠯ ᠲᠡᠢ
ᠵᠡᠷᠭᠡᠴᠡᠵᠦ ᠰᠠᠭᠤᠭᠰᠠᠨ ᠳ᠋ᠠᠭᠠᠨ
ᠵᠥᠭᠡᠬᠡᠢ ᠰᠢᠭ ᠵᠥᠭᠡᠯᠡᠨ ᠠᠭᠠᠯᠢ ᠲᠠᠢ
ᠴᠢ ᠭᠡᠰᠡᠨ ᠦᠭᠡ ᠦᠭᠡᠢ
ᠴᠢᠷᠠᠢ ᠳ᠋ᠠᠭᠠᠨ ᠰᠣᠷᠪᠢ ᠦᠭᠡᠢ
ᠪᠢ ᠭᠡᠰᠡᠨ ᠦᠭᠡ ᠦᠭᠡᠢ
ᠪᠡᠶ᠎ᠡ ᠳ᠋ᠡᠭᠡᠨ ᠰᠣᠷᠪᠢ ᠦᠭᠡᠢ
ᠶᠠᠪᠤᠭᠰᠠᠨ ᠨᠢ ᠶᠣᠰᠣᠲᠠᠢ
ᠰᠠᠭᠤᠭᠰᠠᠨ ᠨᠢ ᠶᠠᠩᠵᠤᠲᠠᠢ
ᠡᠩᠬᠡ ᠨᠠᠰᠤᠲᠠᠢ ᠮᠥᠩᠬᠡ ᠵᠢᠷᠭᠠᠯᠲᠠᠢ ᠶᠠᠪᠤᠬᠤ ᠪᠣᠯᠲᠤᠭᠠᠢ!
(ᠵᠢᠷᠭᠤᠭ᠎ᠠ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠬᠠᠨ ᠠᠭᠤᠯᠠᠨ ᠳ᠋ᠤ᠌ ᠤᠷᠭᠤᠭᠰᠠᠨ
ᠬᠠᠷ᠎ᠠ ᠽᠠᠨᠳᠠᠨ ᠮᠣᠳᠣ ᠪᠠᠷ
ᠬᠠᠷᠢᠶ᠎ᠠ ᠶ᠋ᠢ ᠴᠢᠨᠢ ᠬᠢᠵᠦ
ᠥᠨᠳᠥᠷ ᠠᠭᠤᠯᠠᠨ ᠳ᠋ᠤ᠌ ᠤᠷᠭᠤᠭᠰᠠᠨ
ᠥᠷᠭᠥᠭᠡ ᠽᠠᠨᠳᠠᠨ ᠮᠣᠳᠣ ᠪᠠᠷ
ᠥᠯᠥᠭᠡᠢ ᠶ᠋ᠢ ᠴᠢᠨᠢ ᠰᠢᠭᠠᠵᠤ
ᠲᠠᠯᠤᠨ ᠤ᠋ ᠠᠷᠤ ᠳ᠋ᠠᠭᠠᠨ
ᠳᠠᠯᠠᠨ ᠬᠣᠨᠣᠭ ᠡᠭᠦᠷᠴᠦ
ᠡᠪᠴᠢᠭᠦᠦ ᠡᠩᠭᠡᠷ ᠲᠡᠭᠡᠨ
ᠶᠡᠷᠡᠨ ᠬᠣᠨᠣᠭ ᠲᠡᠪᠡᠷᠢᠵᠦ
ᠠᠯᠲᠠᠨ ᠴᠦᠴᠡ ᠪᠡᠨ ᠵᠦᠳᠡᠭᠡᠵᠦ
ᠠᠯᠠᠭᠠᠨ ᠳᠡᠭᠡᠷ᠎ᠡ ᠪᠡᠨ ᠡᠩᠬᠦᠷᠡᠢᠯᠡᠵᠦ 
ᠪᠦᠪᠡᠢᠯᠡᠨ ᠥᠰᠬᠡᠭᠰᠡᠨ
ᠪᠤᠶᠠᠨᠲᠠᠢ ᠪᠤᠭᠤᠷᠤᠯ ᠠᠪᠤ ᠶ᠋ᠢᠨ ᠢ᠋ᠶ᠋ᠡᠨ
ᠠᠭᠤᠯᠠ ᠮᠡᠲᠦ ᠠᠴᠢ ᠶ᠋ᠢ ᠮᠠᠷᠲᠠᠯ ᠦᠭᠡᠢ ᠪᠣᠳᠣᠵᠤ ᠶᠠᠪᠤᠬᠤ ᠪᠣᠯᠲᠤᠭᠠᠢ!
(ᠳᠣᠯᠣᠭ᠎ᠠ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠥᠨᠥᠳᠥᠷ ᠡᠴᠡ ᠬᠣᠢᠰᠢ
ᠥᠨᠳᠥᠷ ᠭᠠᠵᠠᠷ ᠥᠷᠭᠥᠭᠡ ᠪᠡᠨ ᠪᠠᠷᠢᠵᠤ
ᠥᠷᠭᠡᠨ ᠲᠠᠯ᠎ᠠ ᠳ᠋ᠤ᠌ ᠰᠦᠷᠦᠭ ᠢ᠋ᠶ᠋ᠡᠨ ᠪᠡᠯᠴᠢᠭᠡᠵᠦ
ᠬᠣᠣᠰ ᠴᠠᠭᠠᠨ ᠵᠡᠯ᠎ᠡ ᠪᠡᠨ ᠬᠣᠢᠭᠤᠷ ᠢ᠋ᠶ᠋ᠠᠨ ᠲᠠᠲᠠᠵᠤ
ᠤᠷᠲᠤ ᠴᠠᠭᠠᠨ ᠵᠡᠯ᠎ᠡ ᠪᠡᠨ 
ᠤᠷᠳᠤᠭᠤᠷ ᠢ᠋ᠶ᠋ᠠᠨ ᠲᠠᠲᠠᠵᠤ
ᠣᠷᠣᠢ ᠶ᠋ᠢᠨ ᠦᠰᠦ ᠪᠡᠨ
ᠣᠩᠭᠣᠨ ᠪᠤᠭᠤᠷᠤᠯ ᠪᠣᠯᠲᠠᠯ᠎ᠠ
ᠰᠢᠨᠡ ᠶ᠋ᠢᠨ ᠦᠰᠦ ᠪᠡᠨ ᠰᠢᠯᠢ ᠪᠤᠭᠤᠷᠤᠯ ᠪᠣᠯᠲᠠᠯ᠎ᠠ
ᠲᠣᠷᠭ᠎ᠠ ᠡᠮᠦᠰᠴᠦ ᠲᠣᠰᠣ ᠢᠳᠡᠵᠦ
ᠤᠷᠲᠤ ᠨᠠᠰᠤᠯᠠᠵᠤ ᠤᠳᠠᠭᠠᠨ ᠵᠢᠷᠭᠠᠵᠤ
ᠶᠠᠪᠤᠬᠤ ᠶ᠋ᠢᠨ ᠲᠠᠨᠢ ᠪᠡᠯᠡᠭ ᠢᠷᠦᠭᠡᠯ ᠲᠣᠭᠲᠠᠬᠤ ᠪᠣᠯᠲᠤᠭᠠᠢ!
(ᠨᠠᠢ᠍ᠮᠠ)
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠰᠠᠨᠠᠭᠰᠠᠨ ᠴᠢᠨᠢ ᠪᠦᠲᠦᠵᠦ
ᠰᠠᠬᠢᠭᠰᠠᠨ ᠴᠢᠨᠢ ᠥᠷᠥᠰᠢᠶᠡᠵᠦ
ᠬᠡᠢ ᠮᠣᠷᠢ ᠴᠢᠨᠢ ᠬᠡᠢᠰᠴᠦ
ᠬᠡᠰᠢᠭ ᠪᠤᠶᠠᠨ ᠣᠷᠣᠰᠢᠵᠤ
ᠡᠭᠡᠬᠦ ᠳ᠋ᠦ᠍ ᠪᠡᠨ ᠲᠣᠭᠣᠰᠣ ᠲᠠᠢ
ᠪᠠᠭᠤᠬᠤ ᠳ᠋ᠠᠭᠠᠨ ᠤᠲᠤᠭ᠎ᠠ ᠲᠠᠢ
ᠳᠣᠲᠣᠭᠠᠳᠤ ᠡᠩᠭᠡᠷ ᠲᠡᠭᠡᠨ
ᠳᠣᠯᠣᠭᠠᠨ ᠬᠡᠦᠬᠡᠳ ᠡᠪᠦᠷᠯᠡᠵᠦ
ᠲᠡᠵᠢᠭᠡᠭᠰᠡᠨ ᠮᠠᠯ ᠴᠢᠨᠢ
ᠬᠥᠨᠳᠡᠢ ᠳᠦᠭᠦᠷᠡᠩ ᠪᠡᠯᠴᠢᠵᠦ
ᠲᠠᠷᠢᠭᠰᠠᠨ ᠲᠠᠷᠢᠶ᠎ᠠ ᠴᠢᠨᠢ
ᠬᠦᠵᠦᠭᠦᠦ ᠴᠢᠨᠡᠭᠡᠨ ᠤᠷᠭᠤᠵᠤ
ᠲᠥᠯᠥᠭᠡ ᠪᠡᠨ ᠲᠠᠨᠢᠬᠤ ᠦᠭᠡᠢ ᠪᠠᠶᠠᠨ
ᠲᠥᠷᠥᠯ ᠢ᠋ᠶ᠋ᠡᠨ ᠲᠠᠨᠢᠬᠤ ᠦᠭᠡᠢ ᠥᠨᠢᠷ
ᠭᠠᠩᠭ᠎ᠠ ᠮᠥᠷᠡᠨ ᠦ᠌ ᠤᠰᠤ ᠮᠡᠲᠦ
ᠭᠠᠯᠪᠠᠷᠠᠭᠴᠢ ᠽᠠᠨᠳᠠᠨ ᠮᠣᠳᠣ ᠮᠡᠲᠦ
ᠬᠤᠪᠬᠠᠢᠷᠠᠰᠢ ᠦᠭᠡᠢ ᠤᠷᠭᠤᠵᠤ
ᠥᠷᠯᠥᠭᠡ ᠪᠣᠯᠭᠠᠨ ᠳ᠋ᠤ᠌
ᠨᠠᠷᠠᠨ ᠤ᠋ ᠲᠤᠩᠭᠠᠯᠠᠭ ᠢ᠋ ᠦᠵᠡᠵᠦ
ᠡᠳᠦᠷ ᠪᠣᠯᠭᠠᠨ ᠢᠷᠦᠭᠡᠯ ᠦ᠋ᠨ ᠰᠠᠢᠬᠠᠨ ᠢ᠋ ᠰᠣᠨᠣᠰᠴᠤ ᠶᠠᠪᠤᠬᠤ ᠪᠣᠯᠲᠤᠭᠠᠢ!
ᠰᠢᠨ᠎ᠡ ᠪᠡᠷᠢ ᠳ᠋ᠦ᠍ ᠰᠢᠨᠠᠭ᠎ᠠ ᠶ᠋ᠢᠨ ᠡᠰᠢ ᠪᠠᠷᠢᠭᠤᠯᠬᠤ ᠢᠷᠦᠭᠡᠯ  
ᠣᠸᠮ ᠰᠠᠶ᠋ᠢᠬᠠᠨ ᠠᠮᠤᠭᠤᠯᠠᠩ ᠪᠣᠯᠬᠤ ᠪᠣᠯᠲᠤᠭᠠᠢ! 
ᠡᠳᠦᠷ ᠦ᠋ᠨ ᠰᠠᠢᠨ ᠢ᠋ ᠬᠦᠯᠢᠶᠡᠵᠦ 
ᠥᠨᠳᠥᠷ ᠥᠷᠭᠥᠭᠡ ᠰᠡᠷᠭᠦᠭᠡᠭᠰᠡᠨ ᠡᠳᠦᠷ 
ᠠᠴᠢᠲᠤ ᠳᠡᠭᠡᠳᠦ ᠶ᠋ᠢᠨ ᠢ᠋ᠶ᠋ᠡᠨ 
ᠠᠷᠢᠭᠤᠨ ᠴᠠᠭᠠᠨ ᠪᠤᠶᠠᠨ ᠢ᠋ 
ᠠᠰᠢᠳᠠ ᠪᠤᠶᠠᠯᠠᠵᠦ ᠶᠠᠪᠤᠬᠤ ᠶ᠋ᠢᠨ ᠲᠤᠯᠠᠳᠠ 
ᠠᠯᠳᠠᠷᠠᠰᠢ ᠦᠭᠡᠢ ᠰᠠᠢᠬᠠᠨ 
ᠠᠯᠲᠠᠨ ᠰᠢᠨᠠᠭ᠎ᠠ ᠶ᠋ᠢᠨ ᠡᠰᠢ ᠶ᠋ᠢ ᠪᠠᠷᠢᠭᠤᠯᠪᠠ ᠴᠣᠳ! 
ᠮᠥᠩᠬᠡ ᠳᠡᠭᠡᠳᠦ ᠶ᠋ᠢᠨ ᠢ᠋ᠶ᠋ᠡᠨ 
ᠮᠥᠩᠬᠡ ᠰᠠᠢᠬᠠᠨ ᠨᠠᠰᠤ 
ᠮᠥᠨ ᠦᠷᠭᠦᠯᠵᠢᠳᠡ ᠨᠠᠰᠤᠯᠠᠵᠤ ᠶᠠᠪᠤᠬᠤ ᠶ᠋ᠢᠨ ᠲᠤᠯᠠᠳᠠ 
ᠮᠥᠩᠭᠥᠨ ᠰᠢᠨᠠᠭ᠎ᠠ ᠶ᠋ᠢᠨ ᠡᠰᠢ ᠶ᠋ᠢ ᠪᠠᠷᠢᠭᠤᠯᠪᠠ ᠴᠣᠳ!

ᠲᠣᠨᠣᠭ ᠤ᠋ᠨ ᠢᠷᠦᠭᠡᠯ


ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠰᠠᠷᠠᠨ ᠤ᠋ ᠭᠡᠷᠡᠯ ᠮᠡᠲᠦ ᠲᠤᠩᠭᠠᠯᠠᠭ
ᠰᠦᠨ ᠳᠠᠯᠠᠢ ᠮᠡᠲᠦ ᠮᠡᠯᠮᠡᠭᠡᠷ
ᠦᠰᠦᠨ ᠳᠠᠯᠠᠢ ᠡᠬᠢ ᠲᠡᠢ
ᠲᠣᠰᠣᠨ ᠳᠠᠯᠠᠢ ᠲᠣᠨᠣᠭ➊ ᠲᠠᠢ
ᠪᠠᠷᠰ ᠤ᠋ᠨ ᠠᠷᠠᠰᠤᠨ ᠪᠠᠷᠬᠠᠭ ᠲᠠᠢ
ᠪᠠᠯᠮᠠᠷᠠᠭᠢ ᠪᠦᠯᠢᠭᠦᠷ ᠲᠡᠢ
ᠢᠳᠡᠭᠡᠨ ᠦ᠌ ᠳᠡᠭᠡᠵᠢ ᠪᠣᠯᠤᠭᠰᠠᠨ
ᠤᠮᠳᠠᠭᠠᠨ ᠤ᠋ ᠠᠩᠬᠠᠨ ᠪᠣᠯᠤᠭᠰᠠᠨ
ᠦᠰᠦ ᠲᠠᠷᠠᠭ ᠠᠢᠷᠠᠭ ᠴᠠᠭ᠎ᠠ
ᠥᠷᠭᠡᠨ ᠴᠠᠭᠠᠨ ᠲᠣᠨᠣᠭ ᠢ᠋ ᠲᠠᠨᠢ
ᠳᠥᠷᠪᠡᠨ ᠽᠠᠨᠳᠠᠨ ᠬᠥᠯ ᠲᠡᠢ
ᠳᠥᠷᠪᠡᠯᠵᠢᠨ ᠮᠥᠩᠭᠥᠨ ᠲᠣᠯᠢ ᠲᠠᠢ
ᠥᠨᠳᠥᠷ ᠶᠡᠬᠡ ᠰᠢᠷᠡᠭᠡᠨ ᠳᠡᠭᠡᠷ᠎ᠡ ᠴᠢᠨᠢ
ᠥᠷᠭᠡᠨ ᠴᠠᠭᠠᠨ ᠲᠣᠨᠣᠭ ᠤ᠋ᠨ ᠲᠠᠨᠢ
ᠳᠡᠭᠡᠵᠢ ᠶ᠋ᠢ ᠳᠡᠯᠭᠡᠷᠡᠭᠦᠯᠵᠦ ᠲᠣᠭᠲᠠᠭᠠᠪᠠ ᠴᠣᠳ!
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠴᠢᠩᠭᠢᠰ ᠬᠠᠭᠠᠨ ᠠ᠋ᠴᠠ ᠲᠡᠷᠢᠭᠦᠯᠡᠵᠦ
ᠲᠥᠷᠥ ᠪᠠᠷᠢᠭᠰᠠᠨ ᠨᠣᠶᠠᠳ ᠤ᠋ᠨ ᠮᠠᠨᠢ
ᠥᠯᠮᠡᠢ ᠶᠣᠩᠬᠣᠷ ᠲᠥᠷᠥ ᠱᠠᠵᠢᠨ ᠪᠠᠲᠤᠵᠢᠭᠠᠳ
ᠲᠥᠷᠥ ᠶ᠋ᠢᠨ ᠴᠢᠮᠡᠭ ᠪᠣᠯᠤᠭᠴᠢ
ᠠᠯᠪᠠᠲᠤ ᠬᠤᠰᠢᠭᠤᠨ ᠪᠦᠭᠦᠳᠡᠭᠡᠷ ᠠᠮᠢ
ᠨᠠᠰᠤᠨ ᠤᠷᠲᠤ ᠪᠣᠯᠵᠤ
ᠠᠳᠤᠭᠤ ᠮᠠᠯ ᠣᠯᠠᠰᠢᠷᠠᠵᠤ
ᠱᠠᠭᠵᠠᠮᠤᠨᠢ ᠶ᠋ᠢᠨ ᠵᠠᠷᠯᠢᠭ ᠢ᠋ᠶ᠋ᠠᠷ
ᠦᠰᠦᠨ ᠲᠤᠩᠭᠠᠯᠠᠭ ᠷᠠᠰᠢᠶᠠᠨ ᠮᠡᠲᠦ
ᠠᠷᠠᠵᠠ  ᠪᠠᠨ ᠲᠠᠯᠪᠢᠵᠤ ᠬᠠᠢᠷᠠᠯᠠᠭᠰᠠᠨ ᠲᠤᠯᠠᠳᠠ
ᠲᠤᠰᠠ ᠬᠡᠷᠡᠭ ᠪᠦᠲᠦᠭᠡᠭᠴᠢ ᠨᠣᠮ ᠤ᠋ᠨ ᠬᠢᠵᠠᠭᠠᠷ
ᠯᠠᠪ ᠰᠠᠢᠬᠠᠨ ᠵᠢᠷᠭᠠᠯᠠᠩ ᠤ᠋ᠨ ᠮᠤᠬᠤᠷ ᠲᠤ᠌ ᠬᠦᠷᠴᠦ
ᠯᠠᠪᠠᠷ ᠲᠡᠷᠢᠭᠦᠲᠡᠨ ᠨᠣᠮ ᠤ᠋ᠨ ᠦᠨᠳᠦᠰᠦᠨ ᠳ᠋ᠦ᠍ ᠬᠦᠷᠴᠦ
ᠯᠠᠪ ᠭᠤᠷᠪᠠᠨ ᠰᠤᠷᠭᠠᠯ ᠢ᠋ ᠨᠡᠪᠲᠡ ᠰᠤᠷᠴᠤ
ᠦᠷ᠎ᠡ ᠶ᠋ᠢᠨ ᠦᠷ᠎ᠡ ᠳ᠋ᠦ᠍ ᠦᠷᠭᠦᠯᠵᠢᠯᠡᠵᠦ
ᠲᠣᠷᠭᠠᠨ ᠥᠩᠭᠡᠲᠦ ᠲᠩᠷᠢ ᠶ᠋ᠢᠨ ᠣᠷᠣᠨ ᠠ᠋ᠴᠠ ᠲᠣᠳᠣᠷᠬᠠᠢ ᠰᠠᠢᠬᠠᠨ
ᠲᠣᠰᠣᠨ ᠬᠣᠷᠮᠣᠢᠲᠤ ᠯᠤᠤᠰ ᠤ᠋ᠨ ᠨᠣᠭᠣᠭᠠᠨ ᠠ᠋ᠴᠠ
ᠳᠡᠯᠭᠡᠷᠡᠩᠭᠦᠢ ᠰᠠᠢᠬᠠᠨ ᠪᠠᠢᠬᠤ ᠶ᠋ᠢᠨ ᠲᠤᠯᠠᠳᠠ
ᠰᠦᠮᠪᠦᠷ ᠠᠭᠤᠯᠠ ᠶ᠋ᠢᠨ ᠬᠦᠷᠢᠶᠡᠨ ᠳ᠋ᠦ᠍ ᠠᠳᠠᠯᠢ
ᠰᠢᠬᠦᠷᠲᠦ ᠳᠠᠯᠠᠢ ᠶ᠋ᠢᠨ ᠲᠤᠭᠤᠤᠭᠠᠷ(ᠳᠣᠯᠳᠣᠢ)ᠳ᠋ᠤ᠌ ᠠᠳᠠᠯᠢ
ᠥᠨᠳᠥᠷ ᠶᠡᠬᠡ ᠰᠢᠷᠡᠭᠡᠨ ᠳᠡᠭᠡᠷ᠎ᠡ ᠲᠠᠨᠢ
ᠥᠷᠭᠡᠨ ᠲᠣᠨᠣᠭ ᠲᠣᠭᠲᠠᠭᠠᠨ ᠠᠢᠯᠠᠳᠬᠠᠪᠠ ᠴᠣᠳ!
ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠴᠢᠩ ᠵᠣᠷᠢᠭᠲᠤ ᠨᠠᠢ᠍ᠮᠠᠨ ᠴᠠᠭᠠᠨ ᠬᠡᠢᠮᠣᠷᠢ ᠲᠠᠨᠢ
ᠪᠦᠳᠦᠷᠢᠭᠡᠨ ᠦᠭᠡᠢ ᠭᠦᠶᠦᠬᠦ ᠪᠣᠯᠲᠤᠭᠠᠢ!
ᠴᠢᠨᠳᠠᠮᠤᠨᠢ ᠶᠡᠬᠡ ᠵᠠᠶᠠᠭ᠎ᠠ ᠪᠤᠶᠠᠨ ᠲᠠᠨᠢ
ᠰᠠᠭᠠᠳ ᠦᠭᠡᠢ ᠳᠡᠯᠭᠡᠷᠡᠬᠦ ᠪᠣᠯᠲᠤᠭᠠᠢ!
ᠦᠰᠦᠨ ᠨᠠᠭᠤᠷ ᠳᠡᠪᠦᠯᠵᠦ
ᠲᠣᠰᠣᠨ ᠨᠠᠭᠤᠷ ᠲᠣᠭᠲᠠᠬᠤ ᠪᠣᠯᠲᠤᠭᠠᠢ!
ᠮᠢᠩᠭᠠᠨ ᠭᠡᠭᠦᠦ ᠶ᠋ᠢᠨ ᠦᠰᠦᠨ
ᠮᠢᠯᠢᠶᠠᠭᠰᠠᠨ ᠶᠡᠬᠡ ᠲᠣᠨᠣᠭ ᠲᠠᠢ
ᠲᠦᠮᠡᠨ ᠭᠡᠭᠦᠦ ᠶ᠋ᠢᠨ ᠦᠰᠦᠨ
ᠲᠦᠭᠡᠮᠡᠯ ᠶᠡᠬᠡ ᠲᠣᠨᠣᠭ ᠲᠠᠢ
ᠲᠣᠰᠴᠤ ᠲᠳᠳᠠᠷᠠᠰᠢᠶᠠᠨ ᠦᠭᠡᠢ
ᠲᠣᠰᠣᠨ ᠭᠢᠯᠠᠭᠠᠨ ᠲᠣᠨᠣᠭ ᠲᠠᠢ
ᠤᠤᠭᠤᠵᠤ ᠳᠤᠨᠳᠠᠷᠠᠰᠢᠶᠠᠨ ᠦᠭᠡᠢ
ᠥᠷᠭᠡᠨ ᠭᠢᠯᠠᠭᠠᠨ ᠲᠣᠨᠣᠭ ᠲᠠᠨᠢ
ᠳᠠᠯᠠᠢ ᠪᠠᠶᠠᠨ ᠲᠣᠨᠣᠭ ᠲᠠᠢ
ᠲᠦᠮᠡᠨ ᠡᠯᠢᠭᠡ ᠪᠡᠷ ᠢ᠋ᠶ᠋ᠡᠨ
ᠲᠡᠭᠦᠰ ᠵᠢᠷᠭᠠᠯ ᠡᠳ᠋ᠯᠡᠵᠦ
ᠡᠩ ᠣᠯᠠᠨ ᠢ᠋ᠶ᠋ᠠᠷ ᠢ᠋ᠶ᠋ᠠᠨ
ᠡᠩᠬᠡ ᠪᠤᠶᠠᠨ ᠡᠳ᠋ᠯᠡᠬᠦ ᠶ᠋ᠢᠨ ᠪᠡᠯᠭᠡ ᠳ᠋ᠦ᠍
ᠥᠨᠳᠥᠷ ᠶᠡᠬᠡ ᠰᠢᠷᠡᠭᠡᠨ ᠳᠡᠭᠡᠷ᠎ᠡ ᠲᠠᠨᠢ
ᠥᠷᠭᠡᠨ ᠭᠢᠯᠠᠭᠠᠨ ᠲᠣᠨᠣᠭ ᠲᠠᠨᠢ ᠴᠢᠨᠳᠠᠮᠤᠯᠠᠨ ᠲᠣᠭᠲᠠᠭᠠᠪᠠ ᠴᠣᠳ!
➊ᠬᠠᠮᠤᠭ ᠤ᠋ᠨ ᠰᠡᠭᠦᠯ ᠦ᠋ᠨ ᠲᠡᠭᠦᠰᠬᠡᠯ ᠭᠡᠰᠡᠨ ᠤᠳᠬ᠎ᠠ᠂ ᠰᠢᠨ᠎ᠡ ᠵᠢᠯ ᠴᠠᠭᠠᠨ ᠰᠠᠷ᠎ᠠ ᠳ᠋ᠤ᠌ ᠡᠷᠦᠬᠡ ᠳᠠᠷᠠᠭᠠᠯᠠᠨ ᠴᠡᠢᠯᠡᠵᠦ ᠬᠠᠮᠤᠭ ᠤ᠋ᠨ ᠰᠡᠭᠦᠯ ᠳ᠋ᠦ᠍ ᠬᠦᠷᠬᠦ ᠠᠢᠯ ᠳ᠋ᠤ᠌ ᠢᠷᠦᠭᠡᠳᠡᠭ ᠢᠷᠦᠭᠡᠯ ᠪᠣᠯᠤᠨ᠎ᠠ  

ᠬᠣᠷᠮᠣᠢ ᠳᠠᠷᠤᠬᠤ ᠢᠷᠦᠭᠡᠯ


ᠣᠸᠮ ᠰᠠᠢᠬᠠᠨ ᠠᠮᠤᠭᠤᠯᠠᠩ ᠪᠣᠯᠬᠤ ᠪᠣᠯᠲᠤᠭᠠᠢ!
ᠰᠠᠷ᠎ᠠ ᠶ᠋ᠢᠨ ᠰᠠᠢᠨ ᠳ᠋ᠤ᠌
ᠡᠳᠦᠷ ᠦ᠋ᠨ ᠥᠯᠵᠡᠢᠲᠡᠢ ᠳ᠋ᠦ᠍
ᠣᠭᠲᠠᠷᠭᠤᠢ ᠶ᠋ᠢᠨ ᠰᠠᠷᠠ ᠨᠠᠷᠠᠨ ᠤ᠋ ᠳᠣᠣᠷ᠎ᠠ
ᠣᠷᠴᠢᠯᠠᠩ ᠤ᠋ᠨ ᠬᠠᠯᠠᠭᠤᠨ ᠡᠯᠢᠭᠡᠨ ᠳᠡᠭᠡᠷ᠎ᠡ
ᠰᠠᠢᠨ ᠢᠷᠦᠭᠡᠯ ᠦ᠋ᠨ ᠪᠠᠷᠢᠯᠳᠤᠭᠠᠲᠤ
ᠰᠠᠢᠬᠠᠨ ᠡᠷᠦᠬᠡ ᠭᠡᠷ ᠪᠠᠢᠭᠤᠯᠵᠤ
ᠬᠣᠯᠪᠣᠭᠰᠠᠨ ᠬᠣᠶᠠᠷ ᠪᠡᠶ᠎ᠡ ᠶ᠋ᠢᠨ ᠲᠠᠨᠢ
ᠬᠠᠰ ᠠᠯᠲᠠᠨ ᠬᠡᠯᠬᠢᠶ᠎ᠡ ᠮᠥᠩᠬᠡᠵᠢᠬᠦ ᠶ᠋ᠢᠨ ᠲᠤᠯᠠᠳᠠ
ᠲᠩᠷᠢ ᠶ᠋ᠢᠨ ᠵᠠᠳᠠ ᠶ᠋ᠢᠨ ᠴᠢᠯᠠᠭᠤ ᠪᠠᠷ
ᠳᠡᠷ᠎ᠡ ᠬᠣᠷᠮᠣᠢ ᠶ᠋ᠢ ᠴᠢᠨᠢ ᠳᠠᠷᠤᠵᠤ ᠲᠣᠭᠲᠠᠭᠠᠪᠠ ᠴᠣᠳ!
ᠬᠠᠪᠤᠷ ᠦᠭᠡᠢ ᠨᠠᠮᠤᠷ ᠢ᠋ᠶ᠋ᠠᠷ
ᠬᠠᠮᠤᠭ ᠦᠢᠯᠡ ᠴᠢᠨᠢ ᠪᠦᠲᠦᠵᠦ ᠶᠠᠪᠤᠬᠤ ᠪᠣᠯᠲᠤᠭᠠᠢ!
ᠵᠤᠳ ᠦᠭᠡᠢ ᠵᠤᠨ ᠢ᠋ᠶ᠋ᠠᠷ
ᠵᠣᠪᠠᠯᠠᠩ ᠦᠭᠡᠢ ᠵᠢᠷᠭᠠᠵᠤ ᠶᠠᠪᠤᠬᠤ ᠪᠣᠯᠲᠤᠭᠠᠢ!
(ᠴᠡᠩᠭᠡᠯ ᠢᠷᠥᠭᠡᠵᠦ ᠳ᠋ᠥᠪᠴᠢᠨ ᠲᠡᠮᠳᠡᠭᠯᠡᠪᠡ)
ᠲᠤᠩ ᠲᠡᠨᠡ ᠪᠠᠭᠤᠯᠭᠠᠬᠤ ᠢᠷᠦᠭᠡᠯ
ᠡᠳᠦᠷ ᠦ᠋ᠨ ᠰᠠᠢᠨ ᠢ᠋ ᠥᠨᠵᠢᠵᠦ ᠬᠦᠯᠢᠶᠡᠭᠡᠳ
ᠣᠳᠣᠨ ᠭᠠᠷᠠᠭ ᠤᠴᠠᠷᠠᠭᠰᠠᠨ ᠡᠳᠦᠷ
ᠰᠠᠷ᠎ᠠ ᠶ᠋ᠢᠨ ᠰᠠᠢᠨ ᠢ᠋ ᠰᠠᠭᠠᠲᠠᠵᠤ ᠬᠦᠯᠢᠶᠡᠭᠡᠳ
ᠰᠠᠢᠬᠠᠨ ᠡᠯᠢᠭᠡᠨ ᠲᠥᠷᠥᠯ ᠴᠤᠭᠯᠠᠷᠠᠭᠰᠠᠨ ᠡᠳᠦᠷ
ᠰᠠᠨᠴᠢᠭ ᠦᠰᠦ ᠶ᠋ᠢ ᠴᠢᠨᠢ ᠪᠠᠭᠤᠯᠭᠠᠵᠤ
ᠰᠠᠪᠬᠠᠳ᠋ᠤ᠌ ᠭᠡᠵᠢᠭᠡ ᠶ᠋ᠢ ᠴᠢᠨᠢ ᠱᠦᠭᠦᠷᠳᠡᠵᠦ
ᠰᠢᠩᠰᠢ ᠤᠬᠠᠭᠠᠨ ᠴᠢᠨᠢ ᠳᠡᠯᠭᠡᠷᠡᠵᠦ
ᠰᠠᠢᠨ ᠪᠤᠶᠠᠨ ᠴᠢᠨᠢ ᠲᠣᠭᠲᠠᠬᠤ ᠪᠣᠯᠲᠤᠭᠠᠢ!
   ᠦᠰᠦᠭ ᠠᠮᠢᠯᠠᠭᠤᠯᠤᠭᠴᠢ᠄ ᠥᠯᠵᠡᠢᠮᠡᠨᠳᠦ
   ᠬᠢᠨᠠᠬ᠍ᠴᠢ ᠪᠠᠭᠰᠢ᠄ ᠠᠨᠢᠷ᠂ ᠠᠢ ᠵᠢᠶᠦ᠋ᠨ᠂ ᠰᠡᠴᠡᠩᠭᠡᠷᠡᠯ ᠂ ᠰᠠᠢ•ᠤᠯᠠᠭᠠᠨ᠌ᠣ᠋ᠳᠣ᠌᠂ ᠥᠯᠵᠡᠢᠮᠡᠨᠳᠦ