ᠬᠣᠷᠴᠢᠨ ᠠᠷᠠᠳ ᠤ᠋ᠨ ᠳᠠᠭᠤᠤ ᠮᠢᠨᠢ -ᠠᠷᠤᠤᠬᠠᠨKhorchin ardyn duu mini-AruukhanХорчин ардын дуу минь-Аруухан
ᠬᠣᠷᠴᠢᠨ ᠠᠷᠠᠳ ᠤ᠋ᠨ ᠳᠠᠭᠤᠤ ᠮᠢᠨᠢ
ᠦᠭᠡ ᠄ ᠠᠭᠤᠯᠠ
ᠠᠶ᠎ᠠ ᠄ ᠲᠤᠩᠭᠠᠯᠠᠭ
ᠵᠠᠪᠰᠠᠷ ᠤ᠋ᠨ ᠠᠶ᠎ᠠ ᠶ᠋ᠢᠨ ᠬᠣᠯᠪᠣᠭ᠎ᠠ ᠄ ᠳᠠᠪᠬᠤᠷᠪᠠᠶᠠᠷ
ᠳᠠᠭᠤᠴᠢᠨ ᠄ ᠠᠷᠤᠤᠬᠠᠨ
ᠠᠷᠠᠯᠲᠤ ᠬᠤᠭᠤᠷ ᠤ᠋ᠨ ᠬᠥᠭᠵᠢᠮ ᠢ᠋ᠶ᠋ᠡᠷ ᠠᠶᠠᠯᠭᠤᠯᠠᠭᠰᠠᠨ
ᠠᠷᠠᠳ ᠣᠯᠠᠨ ᠤ᠋ ᠰᠡᠳᠬᠢᠯ ᠡᠴᠡ ᠤᠨᠳᠤᠷᠤᠭᠰᠠᠨ
ᠠᠭᠤᠤ ᠬᠣᠷᠴᠢᠨ ᠤ᠋ ᠠᠬᠤᠢ ᠠᠮᠢᠳᠤᠷᠠᠯ ᠢ᠋
ᠠᠢᠵᠠᠮ ᠳ᠋ᠤ᠌ ᠪᠠᠨ ᠤᠶᠠᠩᠭᠠᠯᠠᠭᠰᠠᠨ ᠠᠮᠢᠳᠤ ᠲᠡᠦᠬᠡ
ᠡᠭᠡᠯ ᠵᠢᠷ ᠦ᠋ᠨ ᠠᠮᠢᠳᠤᠷᠠᠯ ᠠ᠋ᠴᠠ ᠵᠢᠷᠤᠭᠯᠠᠭᠰᠠᠨ
ᠥᠨᠢ ᠲᠦᠮᠡᠨ ᠦ᠌ ᠰᠣᠶᠣᠯ ᠠ᠋ᠴᠠ ᠤᠯᠠᠮᠵᠢᠯᠠᠭᠰᠠᠨ
ᠡᠷᠡᠮᠡᠬᠡᠢ ᠪᠠᠭᠠᠲᠤᠷᠴᠤᠳ ᠂ ᠡᠩ ᠦ᠋ᠨ ᠠᠷᠠᠳ ᠢ᠋
ᠦᠯᠢᠭᠡᠷ ᠲᠦ᠍ ᠪᠡᠨ ᠠᠭᠤᠰᠬᠠᠭᠰᠠᠨ ᠢᠵᠠᠭᠤᠷ ᠤᠷᠠᠯᠢᠭ
ᠬᠣᠷᠴᠢᠨ ᠠᠷᠠᠳ ᠤ᠋ᠨ ᠳᠠᠭᠤᠤ ᠮᠢᠨᠢ
ᠬᠣᠷᠸ᠎ᠠ ᠶ᠋ᠢ ᠤᠶᠠᠷᠠᠭᠠᠬᠤ ᠡᠭᠡᠰᠢᠭ ᠪᠢᠯᠡ
ᠬᠣᠷᠴᠢᠨ ᠠᠷᠠᠳ ᠤ᠋ᠨ ᠳᠠᠭᠤᠤ ᠮᠢᠨᠢ
ᠬᠣᠢᠴᠢᠰ ᠪᠢᠳᠡᠨ ᠦ᠌ ᠵᠢᠷᠦᠬᠡᠨ ᠦ᠌ ᠤᠶᠠᠭ᠎ᠠ
ᠬᠣᠷᠴᠢᠨ ᠠᠷᠠᠳ ᠤ᠋ᠨ ᠳᠠᠭᠤᠤ ᠪᠠᠨ
ᠬᠣᠷᠸ᠎ᠠ ᠳᠡᠯᠡᠬᠡᠢ ᠳ᠋ᠦ᠍ ᠳᠠᠭᠤᠷᠢᠰᠤᠭᠤᠯᠤᠶᠠ
ᠬᠣᠣᠰ ᠦᠭᠡᠢ ᠰᠠᠢᠬᠠᠨ ᠤᠶᠠᠩᠭ᠎ᠠ ᠡᠭᠡᠰᠢᠭ ᠢ᠋ ᠨᠢ
ᠬᠣᠯᠪᠣᠵᠤ ᠰᠢᠯᠦᠭᠯᠡᠨ ᠮᠠᠭᠲᠠᠨ ᠳᠠᠭᠤᠯᠠᠶ᠎ᠠ
ᠢᠨᠠᠭ ᠳᠤᠷᠠᠯᠠᠯ ᠤ᠋ᠨ ᠢᠯᠴᠢᠨ ᠡᠴᠡ ᠡᠭᠦᠰᠦᠭᠰᠡᠨ
ᠢᠨᠢᠶᠡᠳᠦ ᠭᠤᠨᠢᠭ ᠢ᠋ ᠬᠠᠮᠲᠤ ᠳ᠋ᠤ᠌ ᠨᠢ ᠠᠬᠤᠭᠤᠯᠤᠭᠰᠠᠨ
ᠢᠨᠵᠢ ᠬᠡᠦᠬᠡᠨ᠂ ᠡᠷᠬᠢᠮᠰᠦᠭ ᠭᠦᠩᠵᠦ ᠶ᠋ᠢ
ᠢᠷᠠᠭᠤ ᠡᠭᠡᠰᠢᠭ ᠲᠦ᠍ ᠪᠡᠨ ᠰᠢᠩᠭᠡᠭᠡᠭᠰᠡᠨ ᠬᠠᠢᠷ᠎ᠠ
ᠬᠣᠷᠴᠢᠨ ᠠᠷᠠᠳ ᠤ᠋ᠨ ᠳᠠᠭᠤᠤ ᠮᠢᠨᠢ
ᠬᠣᠷᠸ᠎ᠠ ᠶ᠋ᠢ ᠤᠶᠠᠷᠠᠭᠠᠬᠤ ᠡᠭᠡᠰᠢᠭ ᠪᠢᠯᠡ
ᠬᠣᠷᠴᠢᠨ ᠠᠷᠠᠳ ᠤ᠋ᠨ ᠳᠠᠭᠤᠤ ᠮᠢᠨᠢ
ᠬᠣᠢᠴᠢᠰ ᠪᠢᠳᠡᠨ ᠦ᠌ ᠵᠢᠷᠦᠬᠡᠨ ᠦ᠌ ᠤᠶᠠᠭ᠎ᠠ
ᠬᠣᠷᠴᠢᠨ ᠠᠷᠠᠳ ᠤ᠋ᠨ ᠳᠠᠭᠤᠤ ᠮᠢᠨᠢ
ᠬᠣᠷᠸ᠎ᠠ ᠶ᠋ᠢ ᠤᠶᠠᠷᠠᠭᠠᠬᠤ ᠡᠭᠡᠰᠢᠭ ᠪᠢᠯᠡ
ᠬᠣᠷᠴᠢᠨ ᠠᠷᠠᠳ ᠤ᠋ᠨ ᠳᠠᠭᠤᠤ ᠮᠢᠨᠢ
ᠬᠣᠢᠴᠢᠰ ᠪᠢᠳᠡᠨ ᠦ᠌ ᠵᠢᠷᠦᠬᠡᠨ ᠦ᠌ ᠤᠶᠠᠭ᠎ᠠ
ᠢᠷᠡᠯᠲᠡ᠄ ᠮᠣᠩᠭᠣᠯ ᠳᠠᠭᠤᠤ ᠬᠥᠭᠵᠢᠮ ᠦ᠋ᠨ ᠰᠣᠨᠢᠷᠬᠠᠮᠵᠢ
ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
ᠪᠢᠴᠢᠯᠭᠡ ᠶ᠋ᠢ 《AI》 ᠪᠡᠷ ᠨᠠᠢᠷᠠᠭᠤᠯᠪᠠ
ᠬᠢᠨᠠᠭᠴᠢ ᠄ ᠰᠡᠴᠡᠨ
