ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠨᠠᠢ᠍ᠮᠠ〕 Цаг төрийн үймээн – Д ᠂ Намдаг - Цаг төрийн үймээн ᠂ гуравдугаар бүлэг -8 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠨᠠᠢ᠍ᠮᠠ〕 Цаг төрийн үймээн – Д ᠂ Намдаг - Цаг төрийн үймээн ᠂ гуравдугаар бүлэг -8

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠨᠠᠢ᠍ᠮᠠ〕 Цаг төрийн үймээн – Д ᠂ Намдаг - Цаг төрийн үймээн ᠂ гуравдугаар бүлэг -8

ᠠᠩᠭᠢᠯᠠᠯ:ᠲᠤᠭᠤᠵᠢ ᠷᠣᠮᠠᠨ
2026-01-13

99

ᠳᠠᠢᠰᠦᠨ ᠤ ᠬᠥᠯ


                                   (ᠳ᠋ᠠᠨᠽᠠᠨ ᠤ᠋ ᠶᠠᠪᠤᠳᠠᠯ)   
       ᠬᠠᠷ᠎ᠠ ᠪᠤᠤᠷ᠎ᠠ ᠶ᠋ᠢᠨ ᠨᠢᠷᠤᠭᠤᠨ ᠤ᠋ ᠣᠪᠣᠩ ᠲᠣᠪᠣᠩ ᠶᠠᠰᠤ ᠳᠣᠣᠷ᠎ᠠ ᠠ᠋ᠴᠠ ᠨᠤᠬᠤᠨ ᠪᠥᠭᠰᠡ ᠬᠣᠯᠭᠣᠪᠠᠴᠤ ᠮᠠᠰᠢ ᠳᠤᠯᠠᠭᠠᠨ᠃ ᠤᠷᠲᠤ ᠴᠢᠴᠠ ᠪᠠᠨ ᠲᠡᠷᠡ ᠴᠠᠭ ᠢᠮᠠᠭᠲᠠ ᠶᠠᠭᠠᠷᠠᠯᠲᠠᠢ ᠰᠤᠩᠭᠠᠨ ᠲᠠᠯᠪᠢᠬᠤ ᠨᠢ ᠶᠠᠪᠠᠭᠠᠨ ᠶᠠᠪᠤᠭᠰᠠᠨ ᠠ᠋ᠴᠠ ᠶᠡᠷᠦ ᠳᠣᠣᠷ᠎ᠠ ᠦᠭᠡᠢ ᠬᠤᠷᠳᠤᠨ ᠠᠵᠢ᠃ ᠵᠠᠮ ᠳ᠋ᠤ᠌ ᠳᠠᠭᠠᠷᠢᠯᠳᠤᠭᠰᠠᠨ ᠢᠰᠡᠭᠡᠢ ᠲᠤᠭᠤᠷᠭᠠᠲᠠᠨ ᠨᠤᠭᠤᠳ ᠢ᠋ᠶ᠋ᠠᠷ ᠣᠷᠣᠬᠤ ᠳ᠋ᠤ᠌ ᠵᠠᠩ ᠵᠠᠩᠰᠢᠯ ᠢ᠋ᠶ᠋ᠠᠷ ᠮᠠᠰᠢ ᠰᠠᠢᠬᠠᠨ᠂ ᠤᠴᠢᠷ ᠶᠠᠪᠤᠳᠠᠯ ᠢ᠋ᠶ᠋ᠠᠨ ᠳᠥᠩᠭᠡᠵᠦ ᠴᠤᠬᠤᠢᠯᠭᠠᠮᠠᠭᠴᠠ ᠡᠮᠡᠭᠡᠳ ᠠᠬᠠᠢ ᠨᠠᠷ《ᠡᠪᠡᠢ ᠬᠥᠭᠡᠷᠦᠬᠦᠢ!》 ᠭᠡᠵᠦ ᠳᠠᠭᠤ ᠱᠣᠣ ᠪᠣᠯᠤᠨ ᠦᠷᠦ ᠡᠪᠡᠳᠦᠨ ᠬᠠᠢᠷᠠᠯᠠᠵᠤ ᠵᠠᠮ ᠳ᠋ᠤ᠌ ᠬᠡᠷᠡᠭᠯᠡᠬᠦ ᠬᠣᠭᠣᠯᠠ ᠬᠦᠨᠡᠰᠦ ᠪᠠᠵᠠᠭᠠᠵᠤ᠂ ᠡᠮᠦᠰᠬᠦ ᠳᠤᠯᠠᠭᠠᠨ ᠬᠤᠪᠴᠠᠰᠤ ᠴᠦ᠍ ᠨᠡᠮᠡᠷᠢᠯᠡᠨ᠎ᠡ᠃  
       ᠡᠢᠨᠬᠦ ᠰᠠᠢᠨ ᠶᠠᠪᠤᠭᠰᠠᠭᠠᠷ ᠳ᠋ᠠᠨᠽᠠᠨ ᠨᠢᠭᠡ ᠡᠳᠦᠷ ᠬᠠᠭᠤᠴᠢᠨ ᠲᠠᠨᠢᠯ ᠵᠠᠮ ᠤ᠋ᠨ ᠡᠭᠦᠳᠡᠨ᠎ᠡ ᠣᠷᠣᠵᠤ ᠢᠷᠡᠪᠡ᠃ ᠲᠡᠨᠳᠡ ᠡᠴᠡ ᠡᠬᠢᠯᠡᠨ ᠠᠢᠯ ᠠᠮᠢᠲᠠᠨ ᠤ᠋ ᠪᠠᠷ᠎ᠠ ᠣᠯᠵᠤ ᠬᠠᠷᠠᠬᠤ ᠪᠠᠨ ᠪᠣᠯᠢᠪᠠ᠃ ᠭᠠᠭᠴᠠᠬᠠᠨ ᠶᠡᠬᠡ ᠲᠠᠯ᠎ᠠ ᠶ᠋ᠢᠨ ᠴᠠᠭᠠᠨ ᠵᠡᠭᠡᠷ᠎ᠡ ᠦᠶ᠎ᠡ ᠦᠶ᠎ᠡ ᠬᠤᠢᠯᠠᠷᠠᠨ ᠳᠠᠪᠬᠢᠬᠤ ᠠ᠋ᠴᠠ ᠥᠭᠡᠷ᠎ᠡ ᠶᠠᠭᠤ ᠴᠦ᠍ ᠦᠵᠡᠭᠳᠡᠬᠦ ᠦᠭᠡᠢ ᠪᠣᠯᠵᠠᠢ᠃ ᠦᠨᠡᠨ ᠳ᠋ᠡᠭᠡᠨ ᠡᠨᠡ ᠦᠶ᠎ᠡ ᠶ᠋ᠢᠨ ᠠᠢᠯ ᠠᠮᠢᠲᠠᠳ ᠬᠥᠯ ᠦᠢᠮᠡᠭᠡᠨ ᠡᠴᠡ ᠠᠶᠤᠨ ᠵᠠᠮ ᠠ᠋ᠴᠠ ᠵᠠᠢᠯᠠᠨ ᠠᠯᠤᠰᠯᠠᠨ ᠪᠠᠭᠤᠭᠰᠠᠨ ᠢ᠋ ᠳ᠋ᠠᠨᠽᠠᠨ ᠶᠠᠭᠠᠬᠢᠨ ᠤᠬᠠᠭᠠᠷᠠᠬᠤ ᠠᠵᠢ᠃《ᠣᠷᠣᠨ ᠨᠤᠲᠤᠭ ᠮᠠᠨᠢ ᠨᠡᠭᠡᠷᠡᠨ ᠬᠢᠲᠠᠳ ᠭᠠᠮᠢᠩ ᠳ᠋ᠤ᠌ ᠬᠥᠯ ᠳᠡᠭᠡᠷ᠎ᠡ ᠪᠡᠨ ᠵᠣᠭᠰᠣᠬᠤ ᠪᠠᠨ ᠠᠯᠳᠠᠲᠠᠯ᠎ᠠ ᠪᠠᠨ ᠳᠡᠪᠰᠡᠭᠳᠡᠭᠰᠡᠨ ᠶᠦᠮ ᠪᠢᠰᠢ ᠪᠠᠢᠭ᠎ᠠ ᠳᠠ》 ᠭᠡᠵᠦ ᠰᠡᠳᠬᠢᠯ ᠲᠦᠭᠰᠢᠨ᠎ᠡ᠃ ᠨᠢᠭᠡ ᠥᠷᠯᠥᠭᠡ ᠳ᠋ᠠᠨᠽᠠᠨ ᠲᠩᠷᠢ ᠶ᠋ᠢᠨ ᠬᠠᠶᠠᠭᠠᠨ᠎ᠠ ᠰᠦᠨᠳᠡᠷᠯᠡᠨ ᠰᠦᠮᠡᠯᠵᠡᠭᠴᠢ ᠵᠠᠩᠵᠤᠨ ᠴᠣᠢᠷ᠎ᠠ ᠭᠡᠳᠡᠭ ᠭᠣᠪᠢ ᠶ᠋ᠢᠨ ᠠᠯᠳᠠᠷᠲᠤ ᠠᠭᠤᠯᠠ ᠶ᠋ᠢᠨ ᠪᠠᠷ᠎ᠠ ᠶ᠋ᠢ ᠣᠯᠵᠤ ᠬᠠᠷᠠᠯ᠎ᠠ᠃ ᠤᠷᠵᠢᠨᠤᠨ ᠵᠢᠯ ᠳ᠋ᠠᠨᠽᠠᠨ ᠡᠨᠡ ᠠᠭᠤᠯᠠ ᠶ᠋ᠢ ᠲᠡᠳᠦᠢ ᠯᠡ ᠲᠣᠭᠣᠮᠰᠠᠷᠯᠠᠭ᠎ᠠ ᠦᠭᠡᠢ ᠠᠲᠠᠯ᠎ᠠ᠂ ᠣᠳᠣ ᠪᠣᠯᠬᠣᠷ ᠥᠯᠵᠡᠢ ᠰᠠᠢᠬᠠᠨ ᠬᠠᠨ ᠪᠣᠭᠳᠠ ᠠᠭᠤᠯᠠ ᠮᠢᠨᠢ ᠠ᠋! ᠭᠡᠵᠦ ᠭᠠᠷ ᠡᠷᠭᠦᠨ ᠣᠷᠣᠢ ᠳᠡᠭᠡᠷ᠎ᠡ ᠪᠡᠨ ᠵᠠᠯᠪᠠᠷᠢᠨ᠎ᠠ᠃ ᠡᠳᠦᠷ ᠳᠤᠮᠳᠠ ᠥᠩᠭᠡᠷᠡᠲᠡᠯ᠎ᠡ ᠶᠠᠪᠤᠬᠤ ᠳ᠋ᠤ᠌ ᠴᠣᠢᠷ᠎ᠠ ᠠᠭᠤᠯᠠ ᠤᠯᠠᠮ ᠢ᠋ᠶ᠋ᠠᠷ ᠰᠦᠨᠳᠡᠷᠯᠡᠨ ᠲᠩᠷᠢ ᠪᠠᠭᠠᠨᠠᠳᠠᠬᠤ ᠮᠡᠲᠦ᠃ ᠣᠷᠣᠢ ᠶ᠋ᠢᠨ ᠨᠠᠷᠠ ᠰᠢᠩᠭᠡᠬᠦ ᠶ᠋ᠢᠨ ᠡᠮᠦᠨ᠎ᠡ ᠮᠥᠩᠭᠥᠨ ᠳᠤᠭᠤᠯᠠᠭ᠎ᠠ ᠡᠮᠦᠰᠴᠦ ᠪᠠᠷᠰ ᠤ᠋ᠨ ᠡᠷᠢᠶᠡᠨ ᠨᠥᠮᠥᠷᠭᠡ ᠡᠭᠡᠯᠳᠦᠷᠭᠡᠯᠡᠭᠰᠡᠨ ᠲᠣᠭᠰᠢᠨ ᠡᠵᠡᠨ ᠦ᠌ ᠳᠦᠷᠢ ᠲᠡᠢ ᠪᠣᠯᠵᠠᠢ᠃ ᠪᠠᠷᠠᠭᠤᠨ ᠤᠷᠲᠤᠬᠠᠨ ᠲᠠᠯ᠎ᠠ ᠳ᠋ᠤ᠌ ᠵᠠᠩᠵᠤᠨ ᠴᠣᠢᠷ᠎ᠠ ᠶ᠋ᠢᠨ ᠬᠡᠢᠳ ᠭᠡᠳᠡᠭ ᠠᠯᠳᠠᠷᠲᠤ ᠰᠠᠢᠬᠠᠨ ᠬᠦᠷᠢᠶ᠎ᠡ ᠪᠠᠢᠳᠠᠭ ᠢ᠋ ᠳ᠋ᠠᠨᠽᠠᠨ ᠪᠠᠰᠠ ᠰᠠᠢᠨ ᠮᠡᠳᠡᠨ᠎ᠡ᠃ ᠶᠠᠮᠠᠷ ᠪᠣᠯᠪᠠᠴᠤ ᠥᠨᠥ ᠰᠥᠨᠢ ᠲᠡᠨᠳᠡ ᠬᠦᠷᠴᠦ ᠬᠣᠨᠣᠶ᠎ᠠ ᠭᠡᠵᠦ ᠤᠨᠤᠭᠰᠠᠨ ᠪᠤᠤᠷ᠎ᠠ ᠪᠠᠨ ᠵᠣᠷᠢᠭ ᠢ᠋ᠶ᠋ᠠᠷ ᠨᠢ ᠠᠯᠬᠤᠭᠤᠯᠤᠨ᠎ᠠ᠃ ᠦᠳᠡᠰᠢ ᠶ᠋ᠢᠨ ᠪᠦᠷᠦᠩᠬᠦᠢ ᠪᠣᠯᠣᠮᠠᠭᠴᠠ ᠬᠡᠢᠳ ᠦ᠋ᠨ ᠵᠦᠭ ᠡᠴᠡ ᠲᠩᠷᠢ ᠳ᠋ᠦ᠍ ᠬᠠᠲᠠᠭᠰᠠᠨ ᠤᠯᠠᠭᠠᠨ ᠲᠤᠶᠠᠭ᠎ᠠ ᠭᠠᠷᠬᠤ ᠪᠣᠯᠪᠠ᠃ ᠳ᠋ᠠᠨᠽᠠᠨ ᠲᠡᠭᠦᠨ ᠢ᠋ ᠨᠢᠳᠦ ᠰᠠᠯᠭᠠᠯ ᠦᠭᠡᠢ ᠰᠢᠷᠲᠡᠨ ᠭᠠᠢᠬᠠᠨ᠎ᠠ᠃ ᠣᠢᠷᠠᠲᠤᠬᠤ ᠳᠣᠳᠣᠮ ᠲᠤᠶᠠᠭ᠎ᠠ ᠤᠯᠠᠮ ᠲᠣᠳᠣᠷᠠᠬᠤ ᠨᠢ ᠪᠦᠷ ᠴᠦ᠍ ᠬᠠᠴᠢᠨ᠃ ᠲᠣᠯᠢ ᠰᠢᠭ᠋ ᠴᠠᠭᠠᠨ ᠲᠠᠯ᠎ᠠ ᠶ᠋ᠢᠨ ᠵᠢᠭᠠᠬᠠᠨ ᠡᠷᠭᠦᠭᠳᠡᠭᠰᠡᠨ ᠨᠠᠯᠠᠭᠤᠬᠠᠨ ᠳᠡᠨᠵᠢ ᠳᠡᠭᠡᠷᠡᠬᠢ ᠣᠯᠠᠨ ᠠᠯᠲᠠᠨ ᠰᠢᠷᠠᠮᠠᠯ ᠭᠠᠨᠵᠤᠤᠷ ᠤ᠋ᠳ ᠨᠢᠳᠦ ᠭᠢᠯᠪᠠᠮ᠎ᠠ ᠲᠣᠰᠳᠠᠭ ᠪᠠᠢᠭᠰᠠᠨ ᠪᠣᠯ ᠣᠳᠣ ᠡᠨᠳᠡ ᠲᠡᠨᠳᠡ ᠤᠯᠠᠭᠠᠨ ᠭᠠᠯ! ᠵᠠᠩᠵᠤᠨ ᠴᠣᠢᠷ᠎ᠠ ᠶ᠋ᠢᠨ ᠬᠡᠢᠳ ᠰᠢᠳᠡᠵᠦ ᠪᠠᠢᠨ᠎ᠠ᠃ 
       ᠡᠨᠡ ᠬᠡᠢᠳ ᠶᠢᠰᠦᠨ ᠡᠷᠳᠡᠨᠢ ᠪᠡᠷ ᠪᠦᠲᠦᠭᠡᠭᠳᠡᠭᠰᠡᠨ ᠭᠠᠨᠵᠤᠤᠷ ᠳ᠋ᠠᠨᠵᠤᠤᠷ ᠬᠡᠮᠡᠬᠦ ᠠᠪᠤᠷᠭᠤ ᠣᠯᠠᠨ ᠪᠣᠳᠢ ᠶᠡᠬᠡ ᠭᠦᠯᠭᠡᠨ ᠰᠤᠳᠤᠷ ᠬᠠᠳᠠᠭᠠᠯᠠᠭᠰᠠᠨ ᠢ᠋ᠶ᠋ᠠᠷ ᠢ᠋ᠶ᠋ᠠᠨ ᠪᠦᠬᠦ ᠮᠣᠩᠭᠣᠯ ᠪᠠ ᠮᠣᠩᠭᠣᠯ ᠣᠪᠣᠭᠲᠠᠨ ᠬᠢᠭᠡᠳ ᠲᠡᠳᠡ ᠯᠦ᠍ᠭᠡ ᠬᠣᠯᠪᠣᠭᠳᠠᠬᠤ ᠣᠷᠣᠨ ᠪᠦᠬᠦᠨ ᠦ᠌ ᠲᠡᠦᠬᠡ ᠱᠠᠰᠲᠢᠷ ᠪᠢᠴᠢᠭ ᠰᠡᠯᠲᠡ᠂ ᠡᠳ᠋ ᠮᠥᠷ ᠦ᠋ᠨ ᠪᠠᠷᠢᠮᠲᠠ ᠵᠦᠢᠯᠡᠰ ᠢ᠋ ᠬᠣᠷᠢᠶᠠᠨ ᠬᠤᠷᠠᠮᠳᠤᠭᠤᠯᠤᠭᠰᠠᠨ ᠢ᠋ᠶ᠋ᠠᠷ ᠢ᠋ᠶ᠋ᠠᠨ ᠪᠠᠰᠠ ᠪᠤᠷᠬᠠᠨ ᠪᠤᠳ᠋ᠳ᠋ᠾᠠ(ᠪᠤᠷᠬᠠᠨ ᠪᠣᠳᠢᠰᠠᠳ᠋ᠸ᠎ᠠ) ᠶ᠋ᠢᠨ ᠭᠦᠨ ᠤᠬᠠᠭᠠᠨ᠂ ᠲᠡᠭᠦᠨ ᠢ᠋ ᠲᠤᠢᠯᠪᠤᠷᠢᠲᠠᠢ ᠰᠤᠳᠤᠯᠤᠭᠰᠠᠳ ᠤ᠋ᠨ ᠨᠡᠮᠡᠷᠢᠯᠡᠭᠰᠡᠨ ᠰᠢᠨ᠎ᠡ ᠤᠬᠠᠭᠠᠨ᠂ ᠰᠥᠨᠢᠵᠢᠨ ᠰᠤᠳᠤᠯᠤᠭᠴᠢᠳ ᠤ᠋ᠨ ᠰᠢᠭᠦᠮᠵᠢ ᠨᠦ᠍ᠭᠦᠳ ᠪᠣᠳᠠᠲᠤ ᠦᠨᠡᠨ ᠪᠠ ᠪᠣᠳᠣᠯ ᠰᠡᠳᠬᠢᠬᠦᠢ ᠶ᠋ᠢ ᠪᠠᠷᠢᠮᠲᠠᠯᠠᠭᠰᠠᠳ ᠤ᠋ᠨ ᠬᠣᠭᠣᠷᠣᠨᠳᠣ ᠶ᠋ᠢᠨ ᠮᠥᠷᠭᠥᠯᠳᠦᠭᠡᠨ᠂ ᠲᠡᠳᠡᠨ ᠦ᠌ ᠬᠤᠪᠢ ᠬᠣᠪᠢᠨ ᠳ᠋ᠠᠭᠠᠨ ᠵᠣᠬᠢᠶᠠᠭᠰᠠᠨ ᠦᠯᠢᠭᠡᠷ᠂ ᠳᠣᠮᠣᠭ᠂ ᠲᠣᠭᠣᠵᠢ᠂ ᠨᠠᠮᠲᠠᠷ᠂ ᠰᠢᠯᠦᠭ᠂ ᠨᠠᠢᠷᠠᠭᠯᠠᠯ᠂ ᠶᠣᠰᠣᠲᠠᠢ ᠲᠦᠮᠡᠨ ᠵᠢᠯ ᠦ᠋ᠨ ᠬᠤᠷᠢᠶᠠᠮᠵᠢ ᠪᠠᠰᠠ ᠳᠡᠭᠡᠷ᠎ᠡ ᠨᠢ ᠨᠡᠮᠡᠷᠢᠯᠡᠬᠦ ᠬᠥᠮᠦᠰ ᠢ᠋ ᠲᠥᠷᠥᠭᠦᠯᠦᠭᠰᠡᠨ ᠭᠡᠵᠦ ᠮᠠᠰᠢ ᠬᠠᠲᠠᠭᠤ ᠳᠢᠭᠯᠢᠮ ᠢ᠋ ᠪᠠᠷᠢᠭᠰᠠᠨ ᠬᠢᠭᠡᠳ ᠥᠭᠡᠷ᠎ᠡ ᠪᠡᠷ ᠬᠡᠯᠡᠬᠦ ᠳ᠋ᠦ᠍ ᠬᠥᠮᠦᠨ ᠦ᠌ ᠣᠶᠤᠨ ᠤᠬᠠᠭᠠᠨ᠂ ᠬᠥᠳᠡᠯᠮᠦᠷᠢᠯᠡᠨ ᠪᠦᠲᠦᠭᠡᠬᠦ ᠶ᠋ᠢᠨ ᠳᠡᠭᠡᠳᠦ ᠴᠢᠳᠠᠯ᠂ ᠬᠣᠷᠢᠶᠠᠨ ᠬᠤᠷᠠᠮᠳᠤᠭᠤᠯᠤᠭᠰᠠᠨ ᠬᠠᠮᠤᠭ ᠰᠠᠢᠬᠠᠨ ᠤ᠋ ᠳᠡᠭᠡᠵᠢ ᠭᠦᠨ ᠰᠥᠨᠢ ᠶ᠋ᠢᠨ ᠬᠠᠷᠠᠩᠭᠤᠢ ᠳ᠋ᠤ᠌ ᠰᠢᠳᠡᠵᠦ ᠪᠠᠢᠵᠠᠢ᠃
       ᠳ᠋ᠠᠨᠽᠠᠨ ᠠᠩᠬ᠎ᠠ ᠬᠠᠷᠠᠩᠭᠤᠲᠠ ᠪᠠᠨ ᠤᠨᠲᠠᠷᠠᠭᠠᠬᠤ ᠪᠠᠷ ᠪᠤᠤᠷ᠎ᠠ ᠠ᠋ᠴᠠ ᠪᠠᠭᠤᠨ ᠬᠠᠷᠠᠢᠵᠤ ᠭᠦᠶᠦᠨ ᠳᠤᠮᠳᠠ ᠨᠢ ᠣᠷᠣᠭᠰᠠᠨ ᠬᠣᠢᠨ᠎ᠠ ᠪᠠᠨ ᠶᠠᠭᠠᠬᠢᠬᠤ ᠴᠣ ᠨᠥᠬᠥᠴᠡᠯ ᠦᠭᠡᠢ ᠶ᠋ᠢ ᠣᠯᠵᠤ ᠮᠡᠳᠡᠪᠡ᠃ ᠠᠯᠲᠠᠨ ᠳᠡᠭᠡᠪᠦᠷ ᠲᠡᠢ ᠲᠣᠮᠣ ᠳᠤᠭᠠᠩ ᠤ᠋ᠨ ᠣᠩᠭᠣᠢᠭᠰᠠᠨ ᠠᠩᠭᠠᠢᠭᠰᠠᠨ ᠪᠦᠬᠦᠨ ᠡᠴᠡ ᠨᠦᠰᠡᠷ ᠤᠯᠠᠭᠠᠨ ᠳᠥᠯᠥ ᠳᠦᠷᠡᠯᠵᠡᠵᠦ ᠪᠠᠢᠭᠰᠠᠨ ᠢ᠋ᠶ᠋ᠠᠨ ᠳᠡᠭᠡᠳᠦ ᠳᠡᠭᠡᠪᠦᠷ ᠨᠢ ᠭᠡᠨᠡᠳᠲᠡ ᠫᠠᠷᠭᠢᠲᠠᠯ᠎ᠠ ᠪᠠᠭᠤᠨ ᠳᠣᠷᠣᠭᠰᠢ ᠤᠨᠠᠬᠤ ᠶ᠋ᠢ ᠦᠵᠡᠯ᠎ᠡ᠃ ᠠᠷᠤ ᠳ᠋ᠤ᠌ ᠪᠠᠰᠠ ᠫᠢᠰᠬᠢᠲᠡᠯ᠎ᠡ ᠪᠠᠭᠤᠨ ᠶᠡᠬᠡ ᠳᠡᠯᠪᠡᠷᠡᠯᠲᠡ ᠭᠠᠷᠴᠤ ᠲᠣᠮᠣ ᠳᠥᠯᠥ ᠪᠠᠳᠠᠷᠠᠬᠤ ᠨᠢ ᠬᠡᠳᠦᠨ ᠯᠦ᠍ ᠲᠣᠰᠣ ᠬᠠᠢᠯᠤᠨ ᠭᠠᠵᠠᠷ ᠨᠡᠯᠦᠢᠵᠦ ᠪᠠᠢᠭᠰᠠᠨ ᠢ᠋ᠶ᠋ᠠᠨ ᠭᠠᠯ ᠳ᠋ᠤ᠌ ᠠᠪᠲᠠᠭᠳᠠᠨ ᠠᠪᠤᠯᠴᠠᠵᠤ ᠪᠠᠢᠭ᠎ᠠ ᠨᠢ ᠲᠡᠷᠡ ᠠᠵᠢ᠃ ᠥᠭᠡᠷ᠎ᠡ ᠨᠢᠭᠡ ᠲᠡᠢ ᠡᠴᠡ ᠠᠭᠠᠷᠠᠤ ᠽᠠᠨᠳᠠᠨ ᠤ᠋ ᠰᠠᠢᠬᠠᠨ ᠦᠨᠦᠷ ᠬᠠᠩᠬᠤᠯᠤᠨ᠎ᠠ᠃ ᠡᠨᠡ ᠶᠠᠭᠤ ᠪᠣᠢ! ᠬᠡᠳᠦᠨ ᠠᠷᠪᠠᠨ ᠵᠠᠩ ᠤ᠋ᠨ ᠤᠷᠲᠤ ᠪᠠᠢᠰᠢᠩ ᠳ᠋ᠤ᠌ ᠬᠤᠷᠢᠶᠠᠭᠳᠠᠭᠰᠠᠨ ᠮᠣᠳᠣᠨ ᠪᠠᠷ! ᠲᠡᠷᠡ ᠪᠠᠰᠠ ᠰᠢᠳᠡᠵᠦ ᠡᠬᠢᠯᠡᠬᠦ ᠨᠢ ᠭᠠᠯ ᠭᠠᠯ ᠠ᠋ᠴᠠ ᠢᠯᠡᠭᠦᠦ ᠢᠯᠴᠢ ᠲᠡᠢ ᠪᠣᠯᠣᠳ(ᠪᠣᠯᠤᠭᠠᠳ) ᠭᠡᠷᠡᠯ ᠲᠡᠢ᠃ ᠦᠵᠡᠲᠡᠯ᠎ᠡ ᠨᠢᠭᠡ ᠭᠠᠯ ᠨᠥᠭᠦᠭᠡ ᠲᠠᠢᠰᠢ ᠦᠰᠦᠷᠦᠨ ᠳᠠᠮᠵᠢᠬᠤ ᠲᠤᠯᠠ ᠪᠦᠬᠦ ᠬᠡᠢᠳ ᠲᠡᠷᠡ ᠠᠶ᠎ᠠ ᠪᠠᠷ ᠢ᠋ᠶ᠋ᠠᠨ ᠰᠢᠳᠡᠵᠦ ᠪᠠᠢᠭ᠎ᠠ ᠪᠥᠭᠡᠳ ᠢᠰᠡᠭᠡᠢ ᠭᠡᠷ ᠰᠢᠲᠠᠬᠤ ᠶ᠋ᠢᠨ ᠬᠡᠩᠰᠢᠭᠦᠦ ᠬᠢᠷᠪᠤᠰᠤ ᠲᠠᠷᠭᠤᠨ ᠮᠢᠬ᠎ᠠ ᠰᠢᠲᠠᠬᠤ ᠶ᠋ᠢᠨ ᠬᠡᠢ ᠳᠠᠷᠤᠮ᠎ᠠ ᠰᠠᠢᠬᠠᠨ ᠦᠨᠦᠷ᠂ ᠮᠣᠳᠣᠨ ᠠ᠋ᠴᠠ ᠳᠠᠪᠠᠷᠬᠠᠢ᠂ ᠲᠣᠷᠭ᠎ᠠ᠂ ᠬᠣᠷᠭᠣᠢ᠂ ᠬᠠᠳᠠᠭ ᠶᠠᠩᠳᠠᠷ ᠤ᠋ᠨ ᠵᠦᠢᠯ ᠡᠴᠡ ᠪᠠᠰᠠ ᠲᠤᠰᠬᠠᠢ ᠳ᠋ᠠᠭᠠᠨ ᠥᠭᠡᠷ᠎ᠡ ᠦᠨᠦᠷ᠂ ᠶᠡᠷᠦ ᠳ᠋ᠠᠨᠽᠠᠨ ᠡᠨᠳᠡ ᠡᠴᠡ ᠶᠠᠭᠤᠮ᠎ᠠ ᠪᠦᠬᠦᠨ ᠦ᠌ ᠰᠢᠲᠠᠬᠤ ᠦᠨᠦᠷ ᠢ᠋ ᠨᠢᠭᠡᠮᠦᠰᠦᠨ ᠣᠯᠵᠤ ᠦᠨᠦᠷᠯᠡᠨ᠎ᠡ᠃ 
       ᠤᠭ ᠨᠢ ᠳ᠋ᠠᠨᠽᠠᠨ ᠠᠭᠤᠤ ᠬᠦᠴᠦᠲᠦ ᠪᠤᠷᠬᠠᠨ ᠰᠠᠬᠢᠭᠤᠰᠤ ᠶ᠋ᠢ ᠢᠩᠭᠢᠵᠦ ᠰᠢᠲᠠᠨ᠎ᠠ ᠭᠡᠵᠦ ᠬᠡᠵᠢᠶ᠎ᠡ ᠴᠦ᠍ ᠪᠣᠳᠣᠭᠰᠠᠨ ᠤᠳᠠᠭ᠎ᠠ ᠦᠭᠡᠢ᠃ ᠪᠠᠰᠠ ᠢᠩᠭᠢᠵᠦ ᠰᠢᠲᠠᠭᠠᠬᠤ ᠨᠢᠭᠦᠯᠲᠦ ᠠᠮᠢᠲᠠᠨ ᠡᠨᠡ ᠣᠷᠴᠢᠯᠠᠩ ᠳ᠋ᠤ᠌ ᠪᠠᠢᠨ᠎ᠠ ᠭᠡᠪᠡᠯ ᠰᠡᠳᠬᠢᠯ ᠳ᠋ᠦ᠍ ᠦᠯᠦ ᠪᠠᠭᠲᠠᠬᠤ ᠪᠥᠭᠡᠳ᠂ ᠬᠡᠷᠪᠡ ᠪᠠᠢᠵᠤ ᠬᠡᠮᠡᠬᠦᠨ᠎ᠡ ᠪᠤᠷᠬᠠᠨ ᠰᠠᠬᠢᠭᠤᠰᠤ ᠰᠢᠲᠠᠬᠤ ᠶ᠋ᠢᠨ ᠣᠷᠣᠨ ᠳ᠋ᠤ᠌ ᠥᠪᠡᠷ ᠦ᠋ᠨ ᠬᠢᠨᠢ ᠵᠢᠷᠦᠬᠡ ᠳᠡᠯᠪᠡᠷᠡᠨ ᠥᠭᠭᠦᠨ᠎ᠡ ᠯᠡ ᠭᠡᠵᠦ ᠪᠣᠳᠣᠬᠤ ᠪᠠᠢᠪᠠ᠃ ᠡᠢᠮᠦ ᠳ᠋ᠦ᠍ ᠳ᠋ᠠᠨᠽᠠᠨ ᠦᠶ᠎ᠡ ᠦᠶ᠎ᠡ ᠨᠢᠳᠦᠨ ᠳ᠋ᠡᠭᠡᠨ ᠦᠯᠦ ᠢᠳᠡᠭᠡᠨ ᠮᠠᠩᠰᠢᠭᠤᠷᠠᠨ᠎ᠠ᠃ ᠬᠠᠵᠠᠭᠤ ᠳ᠋ᠤᠨᠢ ᠬᠠᠷ᠎ᠠ ᠪᠤᠤᠷ᠎ᠠ ᠨᠢ ᠪᠣᠯᠪᠠᠴᠤ ᠭᠠᠪᠠᠨ ᠭᠠᠢᠬᠠᠬᠤ ᠮᠡᠲᠦ ᠡᠯᠳᠡᠪ ᠦᠨᠦᠷ ᠲᠦ᠍ ᠬᠠᠮᠠᠷ ᠢ᠋ᠶ᠋ᠠᠨ ᠪᠠᠢᠨ ᠪᠠᠢᠨ ᠲᠤᠷᠬᠢᠷᠠᠨ ᠤᠷᠲᠤ ᠬᠦᠵᠦᠭᠦᠦ ᠪᠡᠨ ᠳᠡᠭᠡᠷ᠎ᠡ ᠡᠷᠭᠦᠨ ᠲᠣᠯᠣᠭᠠᠢ ᠰᠡᠭᠰᠦᠷᠦᠨ᠎ᠡ᠃ 
       ᠡᠴᠦᠰ ᠲᠦ᠋ᠨᠢ ᠳ᠋ᠠᠨᠽᠠᠨ ᠶᠠᠮᠠᠷ ᠨᠢᠭᠡ ᠠᠮᠢᠳᠤ ᠠᠮᠢᠲᠠᠨ ᠢ᠋ ᠣᠯᠵᠤ ᠬᠠᠷᠠᠬᠤ ᠶ᠋ᠢᠨ ᠮᠥᠷᠥᠭᠡᠳᠦᠰᠦ ᠪᠣᠯᠤᠨ ᠬᠡᠢᠳ ᠦ᠋ᠨ ᠵᠠᠬ᠎ᠠ ᠪᠠᠷ ᠶᠠᠪᠤᠬᠤ ᠳ᠋ᠤ᠌ ᠬᠣᠭ ᠤ᠋ᠨ ᠵᠣᠯᠪᠢᠩ ᠨᠣᠬᠠᠳ ᠴᠦ᠍ ᠠᠯᠠᠭ᠎ᠠ᠃ ᠠᠯᠤᠰ ᠢ᠋ ᠬᠠᠷᠠᠬᠤ ᠳ᠋ᠤ᠌ ᠲᠠᠭ ᠬᠠᠷᠠᠩᠭᠤᠢ᠃ ᠬᠠᠷᠠᠩᠭᠤᠢ ᠬᠠᠷ᠎ᠠ ᠬᠦᠷᠢᠶ᠎ᠡ ᠣᠷᠴᠢᠨ ᠢ᠋ ᠪᠦᠰᠡᠯᠡᠨ᠎ᠡ᠃ ᠶᠠᠳᠠᠵᠤ ᠲᠩᠷᠢ ᠳ᠋ᠦ᠍ ᠦᠵᠡᠭᠳᠡᠬᠦ ᠣᠳᠣᠨ ᠮᠡᠴᠢᠳ ᠴᠦ᠍ ᠠᠯᠠᠭ᠎ᠠ᠃ ᠡᠷᠭᠢᠨ ᠬᠠᠷᠠᠬᠤ ᠳ᠋ᠤ᠌ ᠥᠨᠥᠬᠢ ᠯᠡ ᠭᠠᠯ᠂ ᠲᠡᠭᠦᠨ ᠦ᠌ ᠳᠡᠭᠡᠭᠰᠢ ᠳᠦᠷᠡᠯᠵᠡᠬᠦ ᠳᠥᠯᠥ ᠨᠦᠷᠭᠢᠯᠡᠬᠦ ᠬᠦᠨᠳᠦ ᠠᠪᠢᠶ᠎ᠠ᠃ ᠭᠡᠲᠡᠯ᠎ᠡ ᠰᠢᠪᠡᠷ ᠬᠡᠷᠡᠮ ᠦ᠋ᠨ ᠬᠠᠰᠢᠶᠠᠨ ᠤ᠋ ᠥᠨᠴᠥᠭ ᠲᠦ᠍ ᠳᠦᠷᠦᠭᠦᠯᠭᠡ ᠪᠡᠨ ᠬᠠᠷᠠᠨ ᠤᠨᠠᠭᠰᠠᠨ ᠨᠢᠭᠡ ᠯᠠᠮᠠ ᠳᠠᠭᠠᠷᠢᠯᠳᠤᠯ᠎ᠠ᠃ ᠴᠡᠭᠡᠵᠢᠨ ᠡᠴᠡ ᠨᠢ ᠭᠠᠷᠤᠭᠰᠠᠨ ᠬᠠᠯᠠᠭᠤᠨ ᠴᠢᠰᠤ ᠨᠢ ᠠᠯᠢ ᠬᠡᠳᠦᠢᠨ ᠬᠥᠯᠳᠡᠵᠦ ᠥᠩᠭᠡ ᠴᠢᠨᠠᠷ ᠢ᠋ᠶ᠋ᠠᠨ ᠠᠯᠳᠠᠵᠠᠢ᠃ ᠤᠷᠤᠭᠰᠢ ᠰᠡᠷᠪᠡᠢᠨ ᠭᠠᠵᠠᠷ ᠰᠠᠮᠠᠷᠳᠠᠭᠰᠠᠨ ᠭᠠᠷ ᠨᠢ ᠴᠦ᠍ ᠥᠭᠡᠷ᠎ᠡ ᠴᠦ᠍ ᠦᠭᠡᠢ ᠬᠥᠯᠳᠡᠭᠰᠡᠨ ᠠᠵᠢ᠃ ᠭᠡᠪᠡᠴᠦ ᠠᠮᠢᠳᠤ᠃ ᠬᠥᠮᠦᠨ ᠳᠡᠷᠭᠡᠳᠡ ᠨᠢ ᠢᠷᠡᠬᠦ ᠶ᠋ᠢ ᠮᠡᠳᠡᠷᠡᠨ᠂ ᠬᠥᠯ ᠢ᠋ᠶ᠋ᠡᠨ ᠲᠡᠳᠡᠨ ᠠᠲᠤᠷᠢᠨ᠎ᠠ᠃ ᠲᠡᠳᠡᠨ ᠥᠨᠳᠡᠢᠯᠭᠡᠬᠦ ᠭᠡᠬᠦ ᠳ᠋ᠦ᠍ ᠮᠠᠰᠢ ᠬᠦᠨᠳᠦ᠃ ᠭᠠᠵᠠᠷ ᠠ᠋ᠴᠠ ᠨᠢᠭᠡ ᠶᠠᠭᠤᠮ᠎ᠠ ᠰᠡᠷ ᠬᠢᠨ ᠬᠣᠪᠬᠣᠷᠠᠬᠤ ᠰᠢᠭ᠋ ᠪᠣᠯᠣᠮᠠᠭᠴᠠ ᠴᠠᠭᠠᠰᠤ ᠰᠢᠭ᠋ ᠬᠥᠩᠭᠡᠨ ᠪᠣᠯᠪᠠ᠃ ᠡᠨᠡ ᠨᠢ ᠴᠢᠰᠤ ᠪᠣᠯᠤᠭᠰᠠᠨ ᠤᠷᠢᠳᠠ ᠡᠩᠭᠡᠷ ᠨᠢ ᠭᠠᠵᠠᠷ ᠲᠠᠢ ᠨᠠᠭᠠᠯᠳᠤᠨ ᠬᠥᠯᠳᠡᠭᠰᠡᠨ ᠦ᠌ ᠬᠢ ᠪᠠᠢᠪᠠ᠃ ᠶᠠᠭᠠᠬᠢᠬᠤ ᠶ᠋ᠢᠨ ᠠᠷᠭ᠎ᠠ ᠦᠭᠡᠢ ᠨᠠᠰᠤᠨ ᠳ᠋ᠤ᠌ ᠳᠠᠷᠤᠭᠳᠠᠭᠰᠠᠨ ᠡᠪᠦᠭᠡᠨ ᠬᠥᠮᠦᠨ ᠦ᠌ ᠴᠢᠷᠠᠢ ᠨᠢᠳᠦᠨ ᠳ᠋ᠦ᠍ᠨᠢ ᠲᠤᠰᠪᠠ᠃ ᠳᠣᠷᠣᠭᠰᠢ ᠪᠠᠭᠤᠭᠰᠠᠨ ᠵᠣᠪᠬᠢ ᠪᠠᠨ ᠯᠠᠮᠠ ᠳᠡᠭᠡᠭᠰᠢ ᠬᠠᠭᠠᠰ ᠰᠡᠬᠦᠵᠦ ᠳ᠋ᠠᠨᠽᠠᠨ ᠢ᠋ ᠠᠵᠢᠭᠠᠳ ᠮᠣᠩᠭᠣᠯ ᠬᠥᠮᠦᠨ᠂ ᠪᠠᠷᠤᠭ ᠠᠮᠠ ᠬᠦᠳᠡᠯᠭᠡᠯ ᠦᠭᠡᠢ ᠬᠡᠯᠡᠭᠡᠳ ᠴᠠᠭᠠᠰᠢ ᠨᠢ ᠭᠠᠮᠢᠩ᠂ ᠭᠠᠮᠢᠩ ᠭᠡᠳ ᠭᠤᠷᠪᠠᠳᠠᠬᠢ ᠳᠡᠭᠡᠷ᠎ᠡ ᠪᠡᠨ ᠠᠮᠢᠰᠬᠤᠯ ᠬᠤᠷᠢᠶᠠᠪᠠ᠃ ᠡᠭᠦᠨ ᠡᠴᠡ ᠨᠢ ᠳ᠋ᠠᠨᠽᠠᠨ ᠴᠣᠢᠷ᠎ᠠ ᠶ᠋ᠢᠨ ᠬᠡᠢᠳ ᠭᠠᠮᠢᠩ ᠤ᠋ᠳ ᠲᠤ ᠰᠢᠲᠠᠭᠠᠭᠳᠠᠵᠤ᠂ ᠡᠨᠡ ᠬᠥᠭᠡᠷᠦᠬᠦᠢ ᠡᠪᠦᠭᠡᠨ ᠯᠠᠮᠠ ᠫᠤᠤᠳᠠᠭᠳᠠᠵᠠᠢ ᠭᠡᠵᠦ ᠳᠠᠭᠠᠪᠤᠷᠢᠯᠠᠪᠠ᠃
       ᠡᠴᠦᠰ ᠦ᠋ᠨ ᠲᠣᠮᠣ ᠳᠤᠭᠠᠩ ᠰᠢᠳᠡᠵᠦ ᠨᠦᠰᠡᠷ ᠲᠣᠮᠣ ᠣᠷᠣᠢ ᠨᠢ ᠳᠣᠲᠣᠭᠰᠢ ᠪᠠᠨ ᠫᠠᠷᠭᠢᠲᠠᠯ᠎ᠠ ᠪᠠᠭᠤᠨ ᠤᠨᠠᠬᠤ ᠳ᠋ᠤ᠌ ᠳ᠋ᠠᠨᠽᠠᠨ ᠬᠡᠢᠳ ᠢ᠋ ᠣᠷᠬᠢᠨ ᠵᠠᠮ ᠢ᠋ᠶ᠋ᠠᠨ ᠬᠥᠭᠡᠭᠡᠪᠡ᠃ ᠨᠢᠭᠡ ᠬᠡᠰᠡᠭ ᠶᠡᠬᠡ ᠭᠠᠯ ᠳ᠋ᠤ᠌ ᠳᠠᠰᠤᠭᠰᠠᠨ ᠨᠢᠳᠦ ᠡᠮᠦᠨᠡᠬᠢ ᠵᠠᠮ ᠢ᠋ ᠬᠠᠷᠠᠬᠤ ᠳ᠋ᠤ᠌ ᠮᠠᠭᠤ ᠪᠠᠢᠬᠤ ᠰᠢᠭ᠋᠂ ᠲᠡᠭᠡᠭᠡᠳ ᠠᠶᠠᠨᠳᠠᠭᠠᠨ ᠳᠠᠰᠪᠠᠴᠤ ᠰᠡᠳᠬᠢᠯ ᠳ᠋ᠦ᠍ ᠪᠥᠭᠡᠮ ᠬᠠᠷ᠎ᠠ ᠭᠤᠨᠢᠭ᠃ ᠭᠠᠮᠢᠩ ᠢ᠋ ᠥᠰᠢᠨ ᠵᠠᠨᠤᠬᠤ ᠬᠣᠷᠣᠰᠤᠯ ᠵᠠᠨᠤᠯ ᠴᠡᠭᠡᠵᠢᠨ ᠳ᠋ᠦ᠍ ᠪᠠᠭᠲᠠᠵᠤ ᠶᠠᠳᠠᠨ᠎ᠠ᠃ ᠮᠢᠩᠭᠠᠨ ᠰᠤᠮᠤᠨ ᠳ᠋ᠤ᠌ ᠪᠡᠶ᠎ᠡ ᠰᠡᠭᠯᠡᠭᠳᠡᠪᠡᠴᠦ ᠬᠠᠮᠢᠶ᠎ᠠ ᠦᠭᠡᠢ᠂ ᠭᠠᠭᠴᠠᠬᠠᠨ ᠤᠯᠠᠭᠠᠨ ᠭᠣᠣᠯ ᠢ᠋ᠶ᠋ᠠᠨ ᠲᠠᠰᠤᠷᠠᠲᠠᠯ᠎ᠠ ᠭᠠᠮᠢᠩ ᠤ᠋ᠳ ᠲᠠᠢ ᠦᠵᠡᠯᠴᠡᠬᠦ ᠰᠠᠨ ᠭᠡᠵᠦ ᠯᠡ ᠪᠣᠳᠣᠭᠳᠠᠨ᠎ᠠ᠃ 
       ᠨᠢᠭᠡ ᠦᠶ᠎ᠡ ᠦᠷ ᠦ᠋ᠨ ᠡᠮᠦᠨᠡᠬᠢ ᠳᠣᠭᠰᠢᠨ ᠵᠢᠪᠠᠷ ᠳᠡᠰ ᠨᠢᠰ ᠬᠠᠭᠠᠷᠢᠬᠤ ᠶ᠋ᠢ ᠳ᠋ᠠᠨᠽᠠᠨ ᠶᠡᠷᠦ ᠠᠩᠬᠠᠷᠤᠭᠰᠠᠨ ᠦᠭᠡᠢ᠃ ᠦᠷ ᠴᠠᠢᠵᠤ ᠠᠯᠤᠰ ᠤ᠋ᠨ ᠪᠠᠷ᠎ᠠ ᠬᠠᠷᠠᠭᠳᠠᠬᠤ ᠪᠣᠯᠤᠭᠰᠠᠨ ᠢ᠋ ᠴᠦ᠍ ᠦᠯᠦ ᠮᠡᠳᠡᠨ᠎ᠡ᠃ ᠰᠡᠳᠬᠢᠯ ᠳ᠋ᠦ᠍ᠨᠢ ᠬᠢᠵᠠᠭᠠᠷ ᠦᠭᠡᠢ ᠥᠰᠢᠶ᠎ᠡ ᠬᠣᠷᠣᠰᠤᠯ᠂ ᠦᠵᠡᠯᠴᠡᠬᠦ᠂ ᠲᠤᠯᠤᠯᠳᠤᠬᠤ᠁ ᠳᠡᠭᠡᠷ᠎ᠡ ᠮᠥᠷᠲᠡᠭᠡᠨ ᠪᠣᠯᠵᠤ ᠥᠭᠪᠡᠯ ᠲᠤᠩ ᠳᠠᠷᠤᠢᠬᠠᠨ ᠯᠠ ᠦᠵᠡᠯᠴᠡᠬᠦ ᠰᠠᠨ ᠭᠡᠵᠦ ᠮᠠᠰᠢ ᠶᠠᠭᠠᠷᠠᠬᠤ ᠮᠡᠲᠦ ᠠᠷᠤ ᠳ᠋ᠠᠭᠠᠨ ᠬᠥᠲᠥᠯᠦᠭᠰᠡᠨ ᠬᠠᠷ᠎ᠠ ᠪᠤᠤᠷ᠎ᠠ ᠲᠠᠢ ᠪᠠᠨ ᠲᠣᠯᠣᠭᠠᠢ ᠵᠡᠷᠭᠡᠴᠡᠭᠦᠯᠦᠨ ᠠᠴᠢ ᠲᠠᠴᠢ ᠠᠯᠬᠤᠯᠠᠨ᠎ᠠ᠃  
       ᠭᠡᠨᠡᠳᠲᠡ ᠫᠤᠤ ᠳᠤᠤᠭᠠᠷᠴᠠᠢ᠃ ᠳ᠋ᠠᠨᠽᠠᠨ ᠰᠣᠴᠢᠨ ᠵᠣᠭ ᠲᠤᠰᠪᠠ᠃ ᠬᠠᠵᠠᠭᠤ ᠳ᠋ᠤᠨᠢ ᠪᠤᠤᠷ᠎ᠠ ᠲᠦᠰ ᠪᠠᠭᠤᠨ ᠭᠠᠵᠠᠷ ᠤᠨᠠᠯ᠎ᠠ᠃ ᠶᠠᠭ ᠬᠤᠯᠬᠢ ᠪᠠᠷ ᠨᠢ ᠰᠤᠮᠤ ᠣᠷᠣᠭᠰᠠᠨ ᠤᠴᠢᠷ ᠪᠤᠤᠷ᠎ᠠ ᠳᠠᠭᠤ ᠴᠦ᠍ ᠭᠠᠷᠤᠭᠰᠠᠨ ᠦᠭᠡᠢ᠂ ᠲᠡᠢᠴᠢᠯᠡᠭᠰᠡᠨ ᠴᠦ᠍ ᠦᠭᠡᠢ᠂ ᠲᠤᠩᠭᠠᠯᠠᠭ ᠰᠠᠢᠬᠠᠨ ᠨᠢᠳᠦ ᠪᠡᠨ ᠠᠩᠬ᠎ᠠ ᠠᠨᠢᠭᠰᠠᠨ ᠢ᠋ᠶ᠋ᠠᠨ ᠨᠡᠭᠡᠭᠡᠨ᠂ ᠵᠢᠪᠠᠷᠲᠤ ᠥᠷᠯᠥᠭᠡᠨ ᠦ᠌ ᠵᠢᠭᠠᠯ ᠰᠠᠷᠠᠯ ᠲᠩᠷᠢ ᠶ᠋ᠢ ᠭᠠᠢᠬᠠᠬᠤ ᠮᠡᠲᠦ ᠪᠣᠯᠤᠭᠠᠳ ᠲᠡᠷᠡ ᠴᠢᠭ ᠢ᠋ᠶ᠋ᠡᠷ ᠦᠬᠦᠵᠡᠢ᠃ ᠳ᠋ᠠᠨᠽᠠᠨ ᠶᠠᠭᠠᠬᠢᠬᠤ ᠴᠦ᠍ ᠤᠬᠠᠭᠠᠨ ᠢ᠋ᠶ᠋ᠠᠨ ᠣᠯᠤᠭᠰᠠᠨ ᠦᠭᠡᠢ ᠳᠡᠮᠡᠢ ᠯᠡ ᠳᠣᠷᠣᠭᠰᠢ ᠪᠦᠭᠲᠡᠷᠡᠨ ᠪᠤᠤᠷ᠎ᠠ ᠪᠠᠨ ᠰᠢᠷᠳᠡᠪᠡ᠃ ᠪᠠᠷᠠᠭᠤᠨ ᠲᠠᠯ᠎ᠠ ᠠ᠋ᠴᠠ ᠭᠤᠷᠪᠠᠨ ᠮᠣᠷᠢᠲᠠᠢ ᠬᠥᠮᠦᠨ ᠴᠠᠰᠤ ᠬᠤᠢᠯᠠᠷᠠᠭᠠᠨ ᠠᠢᠰᠤᠢ᠃ ᠲᠦᠷᠦᠭᠦᠨ ᠳ᠋ᠦ᠍ᠨᠢ ᠶᠠᠪᠤᠭ᠎ᠠ ᠪᠠᠷᠠᠭᠠᠨ ᠮᠣᠷᠢ ᠲᠠᠢ ᠬᠥᠮᠦᠨ ᠪᠣᠭᠣᠨᠢᠬᠠᠨ ᠳᠥᠷᠥᠭᠡ ᠲᠡᠢ ᠡᠮᠡᠭᠡᠯ ᠳᠡᠭᠡᠷ᠎ᠡ ᠪᠡᠨ ᠪᠡᠶ᠎ᠡ ᠪᠤᠰᠬᠠᠨ ᠬᠣᠷᠮᠣᠢ ᠬᠣᠲᠠ ᠪᠠᠨ ᠬᠣᠢᠰᠢ ᠬᠡᠢᠰᠬᠡᠵᠦ ᠪᠠᠷᠠᠭᠤᠨ ᠭᠠᠷ ᠲᠠᠭᠠᠨ ᠤᠷᠲᠤ ᠫᠤᠤ ᠶ᠋ᠢᠨ ᠠᠮᠠᠨ ᠲᠠᠯ᠎ᠠ ᠠ᠋ᠴᠠ ᠨᠢ ᠪᠠᠷᠢᠨ ᠳᠠᠯᠠᠢᠬᠤ ᠶ᠋ᠢᠨ ᠬᠢᠷᠢ ᠪᠡᠷ ᠳᠠᠯᠠᠢᠬᠤ ᠨᠢ ᠳ᠋ᠠᠨᠽᠠᠨ ᠢ᠋ ᠴᠣᠬᠢᠨ ᠤᠨᠠᠭᠠᠰᠤᠭᠠᠢ ᠭᠡᠬᠦ ᠡᠴᠡ ᠥᠭᠡᠷ᠎ᠡ ᠪᠣᠳᠣᠯ ᠦᠭᠡᠢ ᠶᠠᠪᠤᠭ᠎ᠠ ᠨᠢ ᠢᠯᠡᠷᠬᠡᠢ᠃ ᠳ᠋ᠠᠨᠽᠠᠨ ᠴᠦ᠍ ᠲᠦᠷᠦᠭᠦᠯᠡᠵᠦ ᠴᠣᠬᠢᠬᠤ ᠪᠠᠷ ᠰᠢᠢᠳᠦᠨ ᠰᠢᠳᠠᠮ ᠢ᠋ᠶ᠋ᠠᠨ ᠪᠡᠯᠡᠳᠬᠡᠨ ᠬᠦᠯᠢᠶᠡᠪᠡ᠃ ᠥᠨᠥᠬᠢ ᠬᠥᠮᠦᠨ ᠲᠤᠯᠤᠨ ᠢᠷᠡᠭᠰᠡᠨ ᠢ᠋ᠶ᠋ᠡᠨ ᠬᠠᠷᠢᠶᠠᠯ ᠲᠠᠯᠪᠢᠨ ᠮᠣᠷᠢᠨ ᠤ᠋ ᠪᠠᠨ ᠠᠮᠠ ᠶ᠋ᠢ ᠲᠠᠰᠢᠭᠤᠯᠤᠨ ᠬᠠᠵᠠᠭᠤ ᠪᠠᠷ ᠨᠢ ᠥᠩᠭᠡᠷᠡᠭᠡᠳ ᠡᠷᠭᠢᠨ ᠢᠷᠡᠵᠦ᠄ 
       — ᠴᠢ ᠡᠨᠳᠡ ᠶᠠᠮᠠᠷ ᠶᠠᠭᠤᠮ᠎ᠠ ᠪᠠᠨ ᠬᠢᠵᠦ ᠶᠠᠪᠤᠭ᠎ᠠ ᠬᠠᠷ᠎ᠠ ᠲᠡᠨᠡᠭ ᠪᠣᠢ? ᠭᠡᠵᠦ ᠬᠠᠰᠬᠢᠷᠤᠨ ᠵᠠᠩᠳᠤᠷᠪᠠ᠃ ᠨᠥᠭᠦᠭᠡ ᠬᠣᠶᠠᠷ ᠨᠢ ᠴᠦ᠍ ᠬᠦᠷᠦᠯᠴᠡᠨ ᠢᠷᠡᠪᠡ᠃ ᠡᠳᠡ ᠪᠦᠭᠦᠳᠡ ᠬᠤᠷᠳᠤᠨ ᠫᠤᠤ ᠲᠠᠢ᠂ ᠥᠷᠯᠥᠭᠡᠨ ᠦ᠌ ᠵᠢᠪᠠᠷ ᠲᠤ ᠦᠰᠦ ᠬᠥᠮᠥᠰᠬᠡ ᠴᠠᠭᠠᠨ ᠪᠤᠭᠤᠷᠤᠯ ᠪᠣᠯᠤᠨ ᠴᠠᠩᠲᠤᠭᠰᠠᠨ ᠪᠠᠢᠬᠤ ᠪᠥᠭᠡᠳ ᠮᠣᠷᠢᠳ ᠨᠢ ᠪᠠᠰᠠ ᠣᠮᠣᠭᠣᠯᠠᠩ᠂ ᠬᠥᠯᠳᠡᠭᠰᠡᠨ ᠬᠥᠯᠥᠰᠦᠲᠦ ᠴᠡᠭᠡᠵᠢᠨ ᠪᠡᠶ᠎ᠡ ᠪᠡᠨ ᠭᠢᠯᠠᠯᠵᠠᠭᠤᠯᠤᠨ ᠲᠣᠭᠲᠠᠵᠤ ᠶᠠᠳᠠᠨ ᠳᠡᠪᠬᠡᠴᠡᠨ᠎ᠡ᠃ 
       — ᠬᠠᠷᠢᠨ ᠲᠠ ᠨᠠᠷ ᠮᠥᠷ ᠲᠡᠭᠡᠨ ᠶᠠᠪᠤᠭ᠎ᠠ ᠬᠥᠮᠦᠨ ᠦ᠌ ᠤᠨᠤᠭ᠎ᠠ ᠲᠡᠮᠡᠭᠡ ᠶ᠋ᠢ ᠫᠤᠤᠳᠠᠳᠠᠭ ᠶᠠᠮᠠᠷ ᠬᠥᠮᠦᠨ ᠢ᠋ᠶ᠋ᠡᠨ ᠠᠯᠳᠠᠭᠰᠠᠨ ᠮᠣᠩᠭᠣᠯ ᠪᠣᠢ? ᠭᠡᠵᠦ ᠵᠠᠩᠳᠤᠷᠬᠤ ᠳ᠋ᠤ᠌ ᠨᠢᠭᠡ ᠨᠢ ᠲᠡᠮᠡᠭᠡ ᠭᠡᠨ᠎ᠡ ᠭᠡᠵᠦ ᠡᠭᠳᠡᠭᠦᠦ ᠲᠡᠢ ᠪᠡᠷ ᠢᠨᠢᠶᠡᠨ᠎ᠡ᠃ ᠬᠣᠶᠠᠳᠠᠬᠢ ᠨᠢ ᠬᠠᠷᠢᠨ ᠴᠦ᠍ ᠪᠠᠶᠠᠷᠯᠠᠯ᠎ᠠ! ᠤᠭ ᠨᠢ ᠪᠢ ᠲᠡᠮᠡᠭᠡ ᠶ᠋ᠢ ᠴᠢᠨᠢ ᠪᠢᠰᠢ᠂ ᠨᠠᠭᠠᠳᠤ ᠪᠥᠨᠲᠥᠭᠡᠷ ᠢ᠋ ᠴᠢᠨᠢ ᠱᠠᠭᠠᠢᠭᠰᠠᠨ ᠶᠤᠮ᠃ ᠭᠤᠷᠪᠠᠳᠠᠬᠢ ᠨᠢ ᠪᠡᠷᠢ᠂ ᠨᠣᠬᠠᠢ ᠶ᠋ᠢ! ᠡᠨᠡ ᠯᠠᠪ ᠭᠠᠮᠢᠩ ᠤ᠋ᠨ ᠲᠠᠩᠨᠠᠭᠤᠯ ᠪᠠᠢᠯᠭᠦᠢ᠃ 
       ᠭᠤᠷᠪᠠᠭᠤᠯᠠ ᠵᠡᠷᠭᠡ ᠮᠣᠷᠢᠨ ᠠ᠋ᠴᠠ ᠪᠠᠨ ᠪᠠᠭᠤᠨ ᠬᠠᠷᠠᠢᠵᠤ ᠬᠤᠷᠳᠤᠨ ᠫᠤᠤ ᠴᠡᠭᠡᠵᠢᠨ ᠳ᠋ᠦ᠍ ᠲᠤᠯᠭᠠᠪᠠ᠃ ᠠᠷᠤ ᠠ᠋ᠴᠠ ᠨᠢ ᠨᠢᠭᠡ ᠨᠢ ᠫᠤᠤ ᠶ᠋ᠢᠨ ᠢ᠋ᠶ᠋ᠡᠨ ᠪᠥᠭᠰᠡ ᠪᠡᠷ ᠳᠡᠯᠡᠰᠪᠡ ᠪᠣᠯᠤᠯᠲᠠᠢ ᠳᠣᠲᠣᠷ᠎ᠠ ᠮᠠᠨᠠᠷᠠᠨ ᠬᠠᠷᠠᠩᠭᠤᠢᠯᠠᠬᠤ ᠵᠠᠭᠤᠷ᠎ᠠ ᠬᠣᠶᠠᠷ ᠭᠠᠷ ᠠᠯᠢ ᠬᠡᠳᠦᠢᠨ ᠠᠷᠤ ᠳ᠋ᠤ᠌ ᠵᠥᠷᠢᠭᠦᠯᠦᠨ ᠬᠦᠯᠢᠭᠳᠡᠵᠡᠢ᠃ 
       ᠳ᠋ᠠᠨᠽᠠᠨ ᠭᠤᠷᠪᠠᠨ ᠬᠥᠮᠦᠨ ᠦ᠌ ᠳᠤᠮᠳᠠ ᠪᠠᠢᠨ ᠪᠠᠢᠨ《ᠭᠦᠶᠦ᠂ ᠭᠦᠶᠦ᠁》 ᠭᠡᠵᠦ ᠵᠠᠩᠳᠤᠷᠤᠭᠤᠯᠤᠨ ᠲᠠᠰᠢᠭᠤᠷᠳᠠᠭᠤᠯᠵᠤ ᠶᠠᠪᠤᠬᠤ ᠳ᠋ᠠᠭᠠᠨ《ᠲᠠ ᠨᠠᠷ ᠨᠠᠮᠠᠶ᠋ᠢ ᠬᠠᠮᠢᠭ᠎ᠠ ᠠᠪᠠᠴᠢᠬᠤ ᠭᠡᠵᠦ ᠪᠠᠢᠨ᠎ᠠ ᠪᠣᠢ?》 ᠭᠡᠵᠦ ᠠᠰᠠᠭᠤᠪᠠ᠃《ᠵᠠᠩᠵᠤᠨ ᠳ᠋ᠤ᠌》 ᠭᠡᠵᠦ ᠨᠥᠭᠥᠭᠡᠳᠦᠭᠦᠯᠡ ᠶ᠋ᠢᠨ ᠬᠠᠷᠢᠭᠤᠯᠬᠤ ᠳ᠋ᠤ᠌《ᠤᠤᠬᠠᠢ ᠲᠠ ᠨᠠᠷ ᠲᠤ ᠪᠠᠰᠠ ᠵᠠᠩᠵᠤᠨ ᠪᠠᠢᠳᠠᠭ ᠪᠣᠢ》 ᠭᠡᠬᠦ ᠳ᠋ᠦ᠍ ᠨᠢᠭᠡ ᠨᠢ ᠳᠣᠷᠣᠮᠵᠢᠯᠠᠪᠠ ᠭᠡᠵᠦ ᠬᠢᠯᠢᠩᠨᠡᠨ ᠲᠣᠯᠣᠭᠠᠢ ᠤᠷᠤᠭᠤ ᠨᠢ ᠣᠷᠢᠶᠠᠯᠭᠠᠪᠠ᠃ ᠳ᠋ᠠᠨᠽᠠᠨ《ᠨᠡᠭᠡᠷᠡᠨ ᠲᠠ ᠨᠠᠷ ᠲᠤ ᠵᠠᠩᠵᠤᠨ ᠪᠠᠢᠳᠠᠭ ᠪᠣᠯ ᠪᠢ ᠲᠡᠭᠦᠨ ᠳ᠋ᠦ᠍ ᠴᠢᠨᠢ ᠪᠤᠤᠷ᠎ᠠ ᠪᠠᠨ ᠠᠯᠠᠭᠤᠯᠤᠭᠰᠠᠨ ᠭᠣᠮᠣᠳᠠᠯ ᠮᠡᠳᠡᠭᠦᠯᠦᠨ ᠥᠪᠡᠷᠰᠡᠳ ᠢ᠋ ᠴᠢᠨᠢ ᠪᠠᠩᠵᠠᠳᠠᠭᠤᠯᠬᠤ ᠪᠣᠯᠤᠨ᠎ᠠ ᠳᠠ》 ᠭᠡᠵᠦ ᠰᠡᠳᠬᠢᠯ ᠢ᠋ᠶ᠋ᠡᠨ ᠵᠠᠰᠠᠨ ᠭᠦᠶᠦᠭᠰᠡᠭᠡᠷ ᠯᠡ ᠶᠠᠪᠤᠯ᠎ᠠ᠃
       ᠵᠢᠯᠠᠭᠠᠨ ᠳ᠋ᠤ᠌ ᠪᠠᠢᠭ᠎ᠠ ᠠᠷᠪᠠ ᠭᠠᠷᠤᠢ ᠮᠠᠢᠬᠠᠨ ᠳᠡᠭᠡᠷ᠎ᠡ ᠣᠷᠣᠵᠤ ᠢᠷᠡᠪᠡ᠃ ᠭᠣᠣᠯ ᠤ᠋ᠨ ᠲᠣᠮᠣ ᠮᠠᠢᠬᠠᠨ ᠤ᠋ ᠬᠠᠵᠠᠭᠤ ᠳ᠋ᠤ᠌ ᠨᠥᠭᠥᠭᠡᠳᠦᠭᠦᠯᠡ ᠳ᠋ᠠᠨᠽᠠᠨ ᠢ᠋ ᠵᠣᠭᠰᠣᠭᠠᠨ ᠨᠢᠭᠡ ᠨᠢ ᠣᠷᠣᠵᠤ ᠬᠡᠳᠦᠨ ᠦᠭᠡ ᠬᠡᠯᠡᠯᠴᠡᠬᠦ ᠰᠢᠭ ᠪᠣᠯᠤᠭᠰᠠᠨ ᠢ᠋ᠶ᠋ᠠᠨ ᠪᠤᠴᠠᠨ ᠢᠷᠡᠵᠦ ᠳ᠋ᠠᠨᠽᠠᠨ ᠢ᠋ ᠣᠷᠣᠭᠤᠯᠪᠠ᠃ ᠮᠠᠢᠬᠠᠨ ᠤ᠋ ᠭᠣᠣᠯ ᠳ᠋ᠤ᠌ ᠭᠤᠷᠪᠠᠨ ᠲᠣᠮᠣ ᠴᠢᠯᠠᠭᠤ ᠲᠤᠯᠤᠭᠰᠠᠨ ᠭᠣᠯᠣᠮᠲᠠ ᠳ᠋ᠤ᠌ ᠶᠡᠬᠡ ᠬᠠᠷᠠᠭᠠᠨ᠎ᠠ ᠶ᠋ᠢᠨ ᠭᠠᠯ ᠰᠢᠳᠡᠨ ᠣᠪᠣᠯᠵᠠᠵᠤ ᠳ᠋ᠠᠨᠽᠠᠨ ᠤ᠋ ᠬᠥᠯᠳᠡᠭᠰᠡᠨ ᠬᠠᠴᠠᠷ ᠬᠠᠮᠠᠷ ᠤ᠋ᠨ ᠦᠵᠦᠭᠦᠷ ᠬᠣᠶᠠᠷ ᠢ᠋ ᠭᠡᠨᠡᠳᠲᠡ ᠬᠠᠯᠠᠭᠠᠨ ᠬᠣᠷᠣᠰᠬᠠᠨ᠎ᠠ᠃ ᠬᠣᠢᠮᠣᠷ ᠲᠤ ᠣᠮᠪᠣᠭᠰᠠᠨ ᠡᠯᠳᠡᠭᠦᠷ ᠲᠡᠢ ᠴᠠᠭᠠᠨ ᠨᠡᠬᠡᠢ ᠳᠡᠪᠡᠯ ᠲᠡᠢ᠂ ᠤᠯᠠᠭᠠᠨ ᠦᠨᠡᠭᠡᠨ ᠯᠣᠪᠤᠤᠵᠠ ᠠᠷᠤ ᠰᠢᠯᠢᠨ ᠳᠡᠭᠡᠷ᠎ᠡ ᠪᠡᠨ ᠬᠠᠶᠠᠭᠰᠠᠨ ᠬᠦᠳᠡᠷ ᠴᠢᠷᠠᠢ ᠲᠠᠢ ᠥᠨᠳᠥᠷ ᠬᠠᠷ᠎ᠠ ᠬᠥᠮᠦᠨ ᠵᠠᠪᠢᠯᠠᠨ ᠰᠠᠭᠤᠵᠤ ᠫᠤᠤ ᠶ᠋ᠢᠨ ᠰᠦᠮᠪᠦᠨ ᠳ᠋ᠦ᠍ ᠮᠢᠬ᠎ᠠ ᠱᠣᠷᠣᠯᠠᠨ ᠰᠢᠷᠠᠵᠤ ᠰᠠᠭᠤᠨ᠎ᠠ᠃ ᠡᠨᠡ ᠬᠥᠮᠦᠨ ᠵᠠᠩᠵᠤᠨ᠂ ᠵᠦᠭᠡᠷ ᠴᠦ᠍ ᠦᠭᠡᠢ ᠲᠤᠭᠠᠷ ᠪᠠᠭᠠᠲᠤᠷ ᠭᠡᠭᠴᠢ ᠪᠠᠢᠵᠠᠢ᠃ ᠰᠢᠷᠠᠵᠤ ᠪᠠᠢᠭ᠎ᠠ ᠮᠢᠬ᠎ᠠ ᠪᠠᠨ ᠲᠡᠳᠡᠨ ᠠᠪᠴᠤ ᠬᠠᠪᠲᠠᠭᠠᠢ ᠴᠢᠯᠠᠭᠤᠨ ᠳᠡᠭᠡᠷ᠎ᠡ ᠭᠠᠷᠭᠠᠨ ᠱᠣᠷᠣ ᠠ᠋ᠴᠠ ᠨᠢ ᠰᠤᠭᠤᠯᠵᠤ ᠬᠤᠷᠴᠠ ᠬᠢᠲᠤᠭ᠎ᠠ ᠪᠠᠷ ᠣᠭᠲᠣᠯᠵᠤ ᠠᠮᠲᠠᠯᠠᠨ ᠢᠳᠡᠬᠦ ᠵᠠᠭᠤᠷ᠎ᠠ ᠳ᠋ᠠᠨᠽᠠᠨ ᠢ᠋ ᠨᠠᠷᠢᠪᠴᠢᠯᠠᠨ ᠠᠵᠢᠭᠯᠠᠭᠠᠳ᠄ 
       — ᠦᠭᠡᠢ ᠲᠠ ᠮᠢᠨᠢ ᠨᠠᠭᠠᠳᠤᠬᠢ ᠴᠢᠨᠢ ᠮᠣᠩᠭᠣᠯ ᠶᠤᠮ ᠰᠢᠪ ᠳᠡ? ᠭᠡᠬᠦ ᠳ᠋ᠦ᠍ᠨᠢ ᠳ᠋ᠠᠨᠽᠠᠨ᠄  
       — ᠲᠡᠢᠮᠦ ᠠ᠋ ᠪᠢ ᠮᠣᠩᠭᠣᠯ ᠬᠥᠮᠦᠨ ᠭᠡᠵᠦ ᠶᠠᠭᠠᠷᠠᠨ ᠥᠭᠦᠯᠡᠪᠡ᠃ ᠠᠷᠤ ᠠ᠋ᠴᠠ ᠨᠢᠭᠡ ᠨᠢ᠄ 
       — ᠮᠣᠩᠭᠣᠯ ᠨᠢ ᠴᠦ᠍ ᠮᠣᠩᠭᠣᠯ ᠳᠠ᠂ ᠭᠡᠪᠡᠴᠦ ᠡᠮᠦᠨ᠎ᠡ ᠡᠴᠡ ᠭᠠᠭᠴᠠ ᠲᠡᠮᠡᠭᠡ ᠲᠡᠢ ᠭᠠᠷᠴᠤ ᠢᠷᠡᠭᠰᠡᠨ ᠭᠡᠬᠦ ᠳ᠋ᠦ᠍ ᠪᠠᠰᠠ ᠨᠢᠭᠡ ᠨᠢ᠄  
       — ᠦᠭᠡᠢ ᠲᠡᠭᠡᠭᠡᠳ ᠪᠠᠰᠠ ᠪᠢᠳᠡᠨ ᠲᠡᠢ ᠨᠦᠳᠦᠯᠴᠡᠬᠦ ᠭᠡᠰᠡᠨ ᠢ᠋ ᠨᠢ ᠶᠠᠭᠠᠬᠢᠨ᠎ᠠ ᠭᠡᠪᠡ᠃ 
       ᠭᠤᠷᠪᠠᠳᠠᠬᠢ ᠨᠢ᠄  
       — ᠥ᠂ ᠲᠡᠢᠮᠦ ᠨᠠᠮᠠᠶ᠋ᠢ ᠪᠦᠷ ᠴᠣᠬᠢᠭᠠᠳ ᠠᠪᠤᠭᠰᠠᠨ ᠭᠡᠭᠴᠢ!   
       ᠳ᠋ᠠᠨᠽᠠᠨ ᠰᠠᠨᠳᠤᠷᠤᠨ ᠡᠷᠭᠢᠵᠦ᠄ ᠬᠤᠳᠠᠯ ᠠ᠋᠂ ᠶᠠᠭᠠᠬᠢᠭᠰᠠᠨ ᠰᠦᠨᠡᠰᠦ ᠪᠡᠨ ᠠᠯᠳᠠᠭᠰᠠᠨ ᠤᠯᠤᠰ ᠪᠣᠢ ᠭᠡᠵᠦ ᠠᠮᠢ ᠲᠡᠮᠡᠴᠡᠨ ᠬᠡᠷᠡᠯᠳᠦᠵᠦ ᠭᠠᠷᠪᠠ᠃ 
       ᠲᠤᠭᠠᠷ ᠪᠠᠭᠠᠲᠤᠷ ᠲᠡᠳᠡᠨ ᠢ᠋ ᠶᠡᠷᠦ ᠬᠠᠢᠬᠤᠷᠤᠭᠰᠠᠨ ᠦᠭᠡᠢ《ᠵᠠ᠂ ᠵᠠ ᠪᠢᠲᠡᠭᠡᠢ ᠳᠡᠮᠡᠢ ᠱᠤᠤᠭᠢᠯᠳᠤ》 ᠭᠡᠵᠦ ᠴᠥᠮ ᠢ᠋ ᠳᠠᠭᠤ ᠦᠭᠡᠢ ᠪᠣᠯᠭᠠᠭᠠᠳ《ᠨᠠᠭᠠᠳᠤᠬᠢ ᠶ᠋ᠢᠨ ᠢ᠋ᠶ᠋ᠡᠨ ᠬᠦᠯᠢᠶ᠎ᠡ ᠶ᠋ᠢ ᠲᠠᠢᠯ!》 ᠭᠡᠵᠦ ᠲᠤᠰᠢᠶᠠᠪᠠ᠃ ᠲᠤᠭᠠᠷ ᠪᠠᠭᠠᠲᠤᠷ ᠬᠠᠵᠠᠭᠤ ᠲᠠᠢᠰᠢ ᠡᠷᠭᠢᠨ ᠦᠬᠡᠷ ᠦ᠋ᠨ ᠬᠥᠯᠳᠡᠭᠦᠦ ᠭᠤᠶ᠎ᠠ ᠠ᠋ᠴᠠ ᠰᠡᠯᠡᠮ᠎ᠡ ᠪᠡᠷ ᠴᠠᠪᠴᠢᠯᠠᠨ ᠲᠠᠰᠤᠯᠵᠤ ᠱᠣᠷᠣᠯᠠᠨ ᠳᠠᠬᠢᠨ ᠰᠢᠷᠠᠵᠤ ᠭᠠᠷᠤᠯ᠎ᠠ᠃ ᠳ᠋ᠠᠨᠽᠠᠨ ᠬᠦᠯᠢᠶ᠎ᠡ ᠡᠴᠡ ᠰᠠᠯᠤᠭᠰᠠᠨ ᠳ᠋ᠠᠭᠠᠨ ᠡᠷᠡᠮᠰᠢᠨ ᠳᠥᠭᠥᠵᠦ ᠰᠠᠭᠤᠵᠤ᠄ 
       — ᠡᠳᠡ ᠴᠢᠨᠢ ᠮᠥᠷ ᠢ᠋ᠶ᠋ᠡᠷ ᠢ᠋ᠶ᠋ᠡᠨ ᠶᠠᠪᠤᠭ᠎ᠠ ᠠᠲᠠᠯ᠎ᠠ ᠬᠠᠷᠢᠨ ᠤᠨᠤᠭ᠎ᠠ ᠲᠡᠮᠡᠭᠡ ᠶ᠋ᠢ ᠮᠢᠨᠢ ᠭᠡᠵᠦ ᠦᠭᠡ ᠪᠡᠨ ᠡᠬᠢᠯᠡᠨ ᠪᠦᠬᠦ ᠭᠣᠮᠣᠳᠠᠯ ᠢ᠋ᠶ᠋ᠠᠨ ᠮᠡᠳᠡᠭᠦᠯᠵᠦ ᠭᠠᠷᠪᠠ᠃ ᠬᠠᠷᠢᠭᠤ ᠳ᠋ᠤᠨᠢ ᠲᠤᠭᠠᠷ ᠮᠥᠨ ᠬᠠᠢᠬᠤᠷᠤᠮᠵᠢ ᠦᠭᠡᠢ᠂ ᠭᠣᠣᠯ ᠠᠩᠬᠠᠷᠤᠯ ᠢ᠋ᠶ᠋ᠠᠨ ᠰᠢᠷᠠᠵᠤ ᠪᠠᠢᠭ᠎ᠠ ᠮᠢᠬᠠᠨ ᠳ᠋ᠤ᠌ ᠲᠠᠯᠪᠢᠵᠤ ᠪᠠᠢᠭᠰᠠᠨ ᠢ᠋ᠶ᠋ᠠᠨ᠄  
       — ᠦᠭᠡᠢ ᠴᠢ ᠶᠠᠭᠤᠨ ᠳᠡᠮᠡᠢ ᠶᠠᠭᠤᠮ᠎ᠠ ᠶᠠᠷᠢᠭᠠᠳ ᠪᠠᠢᠨ᠎ᠠ ᠪᠣᠢ? ᠭᠡᠳ ᠢᠨᠢᠶᠡᠮᠰᠦᠭᠯᠡᠪᠡ᠃ 
       — ᠠ ᠡᠵᠡᠨ ᠮᠢᠨᠢ ᠦᠨᠡᠨ᠂ ᠡᠳᠡ ᠴᠢᠨᠢ ᠮᠢᠨᠦ ᠲᠡᠮᠡᠭᠡ ᠶ᠋ᠢ ᠨᠡᠭᠡᠷᠡᠨ ᠫᠤᠤᠳᠠᠭᠠᠳ ᠠᠯᠠᠭᠰᠠᠨ ᠭᠡᠬᠦ ᠳ᠋ᠦ᠍ ᠲᠤᠭᠠᠷ ᠢᠨᠢᠶᠡᠨ᠂ ᠵᠠ ᠶᠠᠷᠰᠢᠭ! ᠴᠠᠭᠠᠨ᠎ᠠ ᠴᠢᠨᠢ ᠡᠨᠡ ᠤᠷᠢᠲᠠᠢ ᠠᠭᠤᠯᠠ ᠪᠠᠷ ᠳᠦᠭᠦᠷᠡᠩ ᠭᠠᠮᠢᠩ᠂ ᠨᠠᠭᠠᠨ᠎ᠠ ᠨᠢ ᠬᠥᠮᠦᠰ ᠭᠠᠭᠴᠠ ᠲᠡᠮᠡᠭᠡ ᠪᠠᠢᠲᠤᠭᠠᠢ ᠪᠡᠶ᠎ᠡ ᠪᠡᠨ ᠮᠠᠷᠲᠠᠨ ᠲᠤᠯᠤᠯᠳᠤᠵᠤ ᠪᠠᠢᠨ᠎ᠠ ᠭᠡᠬᠦ ᠳ᠋ᠦ᠍ ᠳ᠋ᠠᠨᠽᠠᠨ ᠰᠠᠶᠢ ᠤᠬᠠᠭᠠᠷᠠᠬᠤ ᠰᠢᠭ᠋ ᠪᠣᠯᠵᠤ᠄ 
       — ᠠ ᠲᠡᠢᠮᠦ ᠤᠤ? ᠭᠡᠳ ᠴᠣᠢᠷ᠎ᠠ ᠶ᠋ᠢᠨ ᠬᠡᠢᠳ ᠦ᠋ᠨ ᠰᠢᠲᠠᠭᠰᠠᠨ ᠢ᠋ ᠭᠣᠮᠣᠳᠠᠯ ᠪᠣᠯᠭᠠᠨ ᠮᠡᠳᠡᠭᠦᠯᠪᠡ᠃ ᠲᠤᠭᠠᠷ ᠮᠥᠨ ᠯᠡ ᠬᠠᠢᠬᠤᠷᠤᠮᠵᠢ ᠦᠭᠡᠢ᠂ ᠰᠣᠨᠣᠰᠬᠤ᠂ ᠰᠣᠨᠣᠰᠬᠤ ᠦᠭᠡᠢ ᠶ᠋ᠢᠨ ᠬᠣᠭᠣᠷᠣᠨᠳᠣ ᠪᠠᠢᠭᠰᠠᠨ ᠢ᠋ᠶ᠋ᠠᠨ᠄ ᠵᠠ᠂ ᠵᠠ ᠮᠡᠳᠡᠯ᠎ᠡ᠂ ᠢᠩᠭᠢᠬᠦᠯᠡᠷ ᠴᠢ ᠣᠯᠠᠨ ᠲᠠᠪᠤᠨ ᠦᠭᠡ ᠦᠭᠡᠢ ᠴᠡᠷᠢᠭ ᠲᠦ᠍ ᠣᠷᠣ! ᠭᠠᠮᠢᠩ ᠲᠠᠢ ᠪᠠᠢᠯᠳᠤᠨ᠎ᠠ ᠳᠠ ᠭᠡᠬᠦ ᠳ᠋ᠦ᠍᠄ 
       — ᠠ ᠲᠡᠭᠡᠶ᠎ᠡ ᠭᠡᠬᠦ ᠳ᠋ᠡᠭᠡᠨ ᠳ᠋ᠠᠨᠽᠠᠨ ᠤ᠋ ᠨᠢᠳᠦ ᠰᠡᠷᠭᠦᠨ ᠢᠷᠡᠪᠡ᠃  
       ᠲᠤᠭᠠᠷ ᠰᠢᠷᠠᠭᠰᠠᠨ ᠮᠢᠬ᠎ᠠ ᠪᠠᠨ ᠲᠦᠷᠦᠭᠦᠴᠢ ᠶ᠋ᠢᠨ ᠡᠴᠡ ᠠᠷᠠᠢ ᠴᠦ᠍ ᠢᠯᠡᠭᠦᠦ ᠲᠡᠢ ᠢᠳᠡᠩᠭᠦᠲᠡ ᠪᠡᠨ ᠳ᠋ᠠᠨᠽᠠᠨ ᠤ᠋ ᠨᠢᠳᠦ ᠶ᠋ᠢ ᠠᠵᠢᠭᠰᠠᠨ ᠢ᠋ᠶ᠋ᠠᠨ᠄   
       — ᠴᠢ ᠴᠦ᠍ ᠥᠯᠥᠰᠬᠦ ᠭᠡᠵᠦ ᠴᠢᠨᠣ᠎ᠠ ᠰᠢᠭ᠋ ᠪᠣᠯᠤᠭᠰᠠᠨ ᠡᠳ᠋ ᠰᠢᠪ? ᠵᠠ ᠲᠠᠢᠰᠢ ᠪᠠᠨ ᠰᠠᠭᠤ᠂ ᠡᠨᠡ ᠭᠤᠶ᠎ᠠ ᠠ᠋ᠴᠠ ᠰᠢᠷᠠᠭᠠᠳ ᠪᠠᠢ! ᠭᠡᠪᠡ᠃ ᠳ᠋ᠠᠨᠽᠠᠨ ᠪᠠᠶᠠᠷᠯᠠᠨ ᠪᠣᠰᠴᠤ ᠬᠥᠯᠳᠡᠭᠦᠦ ᠭᠤᠶ᠎ᠠ ᠲᠠᠢ ᠨᠣᠴᠣᠯᠳᠤᠵᠤ ᠭᠠᠷᠪᠠ᠃  ᠠᠷᠠᠢᠭᠡᠵᠦ ᠬᠡᠰᠡᠭ ᠮᠢᠬ᠎ᠠ ᠶ᠋ᠢ ᠲᠠᠰᠤᠯᠤᠨ ᠠᠪᠴᠤ ᠰᠢᠯᠦᠰᠦ ᠪᠡᠨ ᠵᠠᠯᠭᠢᠨ ᠰᠢᠷᠠᠬᠤ ᠳ᠋ᠤ᠌ ᠲᠤᠭᠠᠷ᠄  
       — ᠰᠠᠢᠨ ᠢᠳᠡᠵᠦ ᠠᠪᠤᠭᠠᠷᠠᠢ᠃ ᠥᠯᠥᠰᠬᠦᠯᠡᠩ ᠦᠬᠦᠪᠡᠯ ᠰᠦᠨᠡᠰᠦ ᠬᠣᠷᠭᠣᠳᠠᠨ ᠪᠠᠰᠠ ᠭᠠᠢ ᠪᠣᠯᠤᠨ᠎ᠠ ᠭᠡᠵᠦ ᠮᠡᠳᠡ ᠭᠡᠵᠦ ᠲᠥᠪ ᠴᠢᠷᠠᠢ ᠪᠠᠷ ᠥᠭᠦᠯᠡᠨ ᠬᠠᠵᠠᠭᠤᠯᠠᠪᠠ᠃ 
       ᠳ᠋ᠠᠨᠽᠠᠨ ᠲᠡᠢᠮᠦ ᠠ᠋ ᠭᠡᠵᠦ ᠢᠨᠢᠶᠡᠳᠦ ᠠᠯᠳᠠᠭᠠᠳ᠂ ᠬᠣᠶᠠᠷ ᠵᠢᠯ ᠦ᠋ᠨ ᠡᠮᠦᠨ᠎ᠡ ᠣᠷᠣᠨ ᠨᠤᠲᠤᠭ ᠠ᠋ᠴᠠ ᠪᠠᠨ ᠬᠡᠷᠬᠢᠨ ᠭᠠᠷᠤᠭᠰᠠᠨ ᠠ᠋ᠴᠠ ᠪᠠᠨ ᠶᠠᠷᠢᠬᠤ ᠭᠡᠲᠡᠯ᠎ᠡ ᠲᠤᠭᠠᠷ᠄ 
       — ᠵᠠ ᠲᠡᠭᠦᠨ ᠢ᠋ ᠪᠡᠨ ᠰᠡᠭᠦᠯ ᠳ᠋ᠦ᠍ᠨᠢ ᠪᠣᠯ ᠳᠠ! ᠪᠢ ᠤᠷᠢᠳ ᠰᠥᠨᠢ ᠤᠷᠢᠳᠤ ᠠᠭᠤᠯᠠᠨ ᠳ᠋ᠤ᠌ ᠨᠣᠢᠷ ᠦᠭᠡᠢ ᠬᠣᠨᠣᠭᠠᠳ ᠳᠥᠩᠭᠡᠵᠦ ᠰᠠᠶᠢ ᠢᠷᠡᠪᠡ᠃ ᠣᠳᠣ ᠵᠢᠭᠠᠬᠠᠨ ᠨᠣᠢᠷ ᠠᠪᠬᠤ ᠮᠢᠨᠢ᠃ ᠡᠨᠡ ᠰᠥᠨᠢ ᠪᠠᠰᠠ ᠳᠠᠢᠳᠤᠨ᠎ᠠ᠃ ᠭᠠᠮᠢᠩ ᠤ᠋ᠨ ᠲᠣᠭ᠎ᠠ ᠣᠯᠠᠨ᠂ ᠰᠥᠨᠢ ᠬᠦᠢᠲᠡᠨ ᠵᠢᠪᠠᠷ ᠲᠠᠢ ᠬᠠᠮᠵᠢᠬᠤ ᠦᠭᠡᠢ ᠪᠡᠷ ᠳᠡᠢᠯᠬᠦ ᠳ᠋ᠦ᠍ ᠪᠡᠷᠬᠡ ᠭᠡᠳ ᠲᠣᠯᠣᠭᠠᠢ ᠳᠡᠭᠡᠭᠦᠷ ᠢ᠋ᠶ᠋ᠡᠨ ᠳᠠᠬᠤ ᠨᠥᠮᠥᠷᠪᠡ᠃

             ᠦᠰᠦᠭ ᠠᠮᠢᠯᠠᠭᠤᠯᠤᠭᠰᠠᠨ ᠨᠢ᠄  ᠭᠠᠷᠮ᠎ᠠ