ᠬᠦᠯᠦᠭ ᠮᠢᠨᠢ ᠰᠢᠯᠦᠭ ᠠᠴᠢᠵᠤ ᠢᠷᠡᠭᠰᠡᠨ- ᠬᠣᠨᠢᠴᠢᠨ ᠨᠠ᠊· ᠮᠥᠩᠬᠡᠪᠠᠭᠠᠲᠤᠷХөлөг минь шүлэг ачж ирсэн-Хоньчин На·Мөнхбаатар
ᠬᠦᠯᠦᠭ ᠮᠢᠨᠢ ᠰᠢᠯᠦᠭ ᠠᠴᠢᠵᠤ ᠢᠷᠡᠭᠰᠡᠨ
ᠬᠣᠨᠢᠴᠢᠨ ᠨᠠ᠊· ᠮᠥᠩᠬᠡᠪᠠᠭᠠᠲᠤᠷ
ᠮᠤᠨᠳᠠᠭ᠎ᠠ ᠬᠡᠢᠰᠬᠡᠬᠦ ᠬᠡᠢᠮᠣᠷᠢ ᠲᠠᠢ
ᠮᠣᠷᠢᠨ ᠵᠢᠯ ᠳ᠋ᠡᠭᠡᠨ ᠵᠣᠷᠢᠭᠤᠯᠪᠠ!
ᠠᠯᠲᠠᠨ ᠨᠠᠷᠠᠨ ᠤ᠋ ᠰᠠᠴᠤᠷᠠᠭ ᠢ᠋ᠶ᠋ᠠᠷ ᠭᠠᠪᠠᠭᠠᠷ ᠴᠣᠭᠴᠠ ᠪᠠᠨ ᠢᠯᠪᠢᠭᠦᠯᠵᠦ
ᠠᠯᠮᠠᠩ ᠰᠠᠷᠠᠨ ᠤ᠋ ᠲᠤᠶᠠᠭ᠎ᠠ ᠪᠠᠷ ᠭᠠᠩᠭᠠᠩ ᠲᠣᠯᠣᠭᠠᠢ ᠪᠠᠨ ᠢᠯᠢᠭᠦᠯᠵᠦ
ᠠᠨᠢᠪᠴᠢᠬᠤ ᠣᠳᠣᠳ ᠤ᠋ᠨ ᠲᠣᠭ᠎ᠠ ᠪᠠᠷ ᠭᠠᠩ ᠲᠤᠭᠤᠷᠠᠢ ᠴᠠᠬᠢᠯᠠᠭᠤᠯᠵᠤ
ᠠᠲᠠᠭᠠᠲᠤ ᠲᠩᠷᠢ ᠶ᠋ᠢᠨ ᠬᠠᠶᠠᠭᠠᠨ ᠠ᠋ᠴᠠ ᠭᠠᠨᠳᠠᠩ ᠬᠠᠮᠠᠷ ᠲᠤᠷᠭᠢᠭᠤᠯᠵᠤ
ᠠᠨᠠᠪᠠᠳ ᠳᠠᠯᠠᠢ ᠶ᠋ᠢᠨ ᠬᠥᠪᠡᠭᠡᠨ ᠡᠴᠡ ᠭᠠᠯᠪᠠ ᠶᠢᠷᠲᠢᠨᠴᠦ ᠳᠣᠷᠭᠢᠭᠤᠯᠵᠤ
ᠠᠭᠯᠠᠭ ᠠᠭᠤᠯᠠᠰ ᠤ᠋ᠨ ᠴᠠᠭᠠᠨ᠎ᠠ ᠠ᠋ᠴᠠ ᠭᠠᠷᠪᠠᠯᠢ ᠨᠠᠢᠷᠠᠭ ᠴᠠᠯᠭᠢᠭᠤᠯᠵᠤ
ᠠᠷᠭᠤᠮᠠᠭ ᠳᠣᠭᠰᠢᠨ ᠬᠦᠯᠦᠭ ᠮᠢᠨᠢ ᠰᠢᠯᠦᠭ ᠠᠴᠢᠵᠤ ᠢᠷᠡᠭᠰᠡᠨ ᠠ᠋᠃
ᠪᠤᠤᠪᠠᠢ ᠳᠡᠯᠡᠬᠡᠢ ᠶ᠋ᠢᠨ ᠴᠡᠭᠡᠵᠢᠨ ᠡᠴᠡ ᠤᠤᠬᠠᠢ ᠭᠢᠢᠩᠭᠣᠣ ᠰᠣᠨᠣᠷᠲᠤᠭᠤᠯᠵᠤ
ᠪᠤᠳᠠᠩᠲᠤ ᠠᠽᠢᠶ᠎ᠠ ᠶ᠋ᠢᠨ ᠡᠪᠦᠷ ᠡᠴᠡ ᠤᠷᠢᠶ᠎ᠠ ᠴᠤᠤᠷᠢᠶ᠎ᠠ ᠠᠨᠢᠷᠲᠤᠭᠤᠯᠵᠤ
ᠪᠤᠭᠤᠷᠤᠯ ᠠᠯᠲᠠᠢ ᠶ᠋ᠢᠨ ᠰᠡᠵᠢᠭᠦᠷ ᠡᠴᠡ ᠢᠪᠡᠭᠡᠯ ᠢᠷᠦᠭᠡᠯ ᠲᠣᠭᠲᠠᠭᠤᠯᠵᠤ
ᠪᠤᠷᠬᠠᠨ ᠬᠠᠯᠳᠤᠨ ᠤ᠋ ᠰᠠᠷᠢᠳᠠᠭ ᠠ᠋ᠴᠠ ᠢᠲᠡᠭᠡᠯ ᠰᠡᠳᠬᠢᠯ ᠪᠡᠬᠢᠵᠢᠭᠦᠯᠵᠦ
ᠪᠣᠷᠵᠢᠭᠢᠨ ᠲᠠᠯ᠎ᠠ ᠶ᠋ᠢᠨ ᠥᠷᠥᠴᠡᠨ ᠡᠴᠡ ᠣᠮᠣᠭ ᠵᠣᠷᠢᠭ ᠡᠷᠴᠢᠯᠡᠭᠦᠯᠵᠦ
ᠪᠤᠮᠠᠨ ᠵᠠᠭᠤᠨ ᠤ᠋ ᠬᠠᠭᠤᠳᠠᠰᠤᠨ ᠠ᠋ᠴᠠ ᠳᠣᠮᠣᠭ ᠲᠤᠤᠯᠢ ᠬᠠᠭᠤᠴᠢᠯᠠᠭᠤᠯᠵᠤ
ᠪᠤᠶᠠᠨᠲᠤ ᠬᠤᠪᠢᠯᠭᠠᠨ ᠬᠦᠯᠦᠭ ᠮᠢᠨᠢ ᠰᠢᠯᠦᠭ ᠠᠴᠢᠵᠤ ᠢᠷᠡᠭᠰᠡᠨ ᠠ᠋᠃
ᠪᠢᠯᠵᠤᠤᠬᠠᠢ ᠵᠢᠷᠭᠢᠭᠦᠯᠬᠦ ᠦᠷ ᠢ᠋ᠶ᠋ᠡᠷ ᠲᠩᠷᠢᠯᠢᠭ ᠰᠦᠭ ᠲᠡᠢ ᠦᠦᠷᠰᠡᠵᠦ
ᠪᠢᠰᠬᠢᠭᠦᠷ ᠵᠢᠮᠪᠦᠷᠳᠡᠭᠦᠯᠬᠦ ᠰᠦᠷ ᠢ᠋ᠶ᠋ᠡᠷ ᠡᠭᠡᠰᠢᠭᠯᠢᠭ ᠬᠥᠭ ᠲᠡᠢ ᠢᠨᠴᠠᠭᠠᠵᠤ
ᠪᠢᠴᠢᠭᠲᠡᠨ ᠵᠢᠭᠦᠷᠯᠡᠭᠦᠯᠬᠦ ᠮᠥᠷ ᠢ᠋ᠶ᠋ᠡᠷ ᠥᠭᠡᠳᠡᠯᠢᠭ ᠵᠦᠭ ᠲᠡᠢ ᠳᠣᠪᠲᠣᠯᠵᠤ
ᠪᠢᠯᠢᠭ ᠦ᠋ᠨ ᠴᠡᠩᠬᠡᠷ ᠣᠭᠲᠠᠷᠭᠤᠢ ᠶ᠋ᠢᠨ ᠪᠣᠷᠣᠭᠠᠨ ᠡᠭᠦᠯᠡᠰ ᠬᠥᠯᠭᠡᠯᠡᠵᠦ
ᠪᠢᠴᠢᠭ ᠦ᠋ᠨ ᠴᠡᠯᠡᠭᠡᠷ ᠣᠷᠣᠰᠢᠬᠤᠢ ᠶ᠋ᠢᠨ ᠪᠠᠷᠠᠭᠠᠨ ᠰᠡᠭᠦᠳᠡᠷ ᠬᠥᠷᠥᠭᠯᠡᠵᠦ
ᠪᠢᠷ ᠦ᠋ᠨ ᠴᠡᠮᠴᠡᠭᠡᠷ ᠰᠣᠯᠣᠩᠭ᠎ᠠ ᠶ᠋ᠢᠨ ᠪᠡᠨᠳᠤᠷᠢᠶᠠᠨ ᠥᠩᠭᠡ ᠬᠥᠰᠢᠶᠡᠯᠡᠵᠦ
ᠪᠢᠯᠢᠭᠭᠦᠨ ᠠᠵᠢᠨᠠᠢ ᠬᠦᠯᠦᠭ ᠮᠢᠨᠢ ᠰᠢᠯᠦᠭ ᠠᠴᠢᠵᠤ ᠢᠷᠡᠭᠰᠡᠨ ᠠ᠋᠃
ᠳᠡᠯᠢᠭᠦᠨ ᠪᠣᠯᠳᠣᠭ ᠤ᠋ᠨ ᠰᠠᠭᠠᠯᠢ ᠪᠠᠷ ᠮᠠᠩᠨᠠᠢ ᠵᠣ ᠪᠠᠨ ᠮᠢᠯᠢᠶᠠᠯᠭᠠᠵᠤ
ᠲᠡᠨᠢᠭᠡᠷ ᠬᠠᠩᠭᠠᠢ ᠶ᠋ᠢᠨ ᠰᠠᠯᠬᠢᠨ ᠢ᠋ᠶ᠋ᠠᠷ ᠰᠠᠩᠨᠠᠢ ᠳᠡᠯ ᠢ᠋ᠶ᠋ᠡᠨ ᠰᠠᠮᠨᠠᠭᠤᠯᠵᠤ
ᠲᠡᠨᠢᠭᠦᠨ ᠭᠣᠪᠢ ᠶ᠋ᠢᠨ ᠠᠶᠠᠰ ᠢ᠋ᠶ᠋ᠠᠷ ᠬᠤᠯᠠᠨ ᠬᠤᠷᠳᠤ ᠪᠠᠨ ᠬᠥᠭᠯᠡᠭᠦᠯᠵᠦ
ᠲᠡᠮᠡᠭᠡᠨ ᠵᠢᠩ ᠦ᠋ᠨ ᠨᠡᠭᠦᠳᠡᠯ ᠳ᠋ᠦ᠍ ᠬᠤᠷᠴᠠ ᠲᠦᠪᠡᠷᠭᠡᠨ ᠬᠥᠭᠯᠡᠷᠡᠭᠦᠯᠵᠦ
ᠲᠡᠭᠡ ᠠᠷᠭᠠᠯᠢ ᠶ᠋ᠢᠨ ᠠᠰᠬᠠᠨ ᠳ᠋ᠤ᠌ ᠪᠤᠳᠠᠩ ᠲᠣᠭᠣᠰᠣ ᠬᠥᠪᠦᠯᠵᠡᠭᠦᠯᠵᠦ
ᠲᠡᠰᠬᠢᠮ᠎ᠡ ᠡᠪᠦᠯ ᠦ᠋ᠨ ᠬᠦᠢᠲᠡᠨ ᠳ᠋ᠦ᠍ ᠪᠤᠯᠴᠢᠩ ᠰᠢᠷᠪᠥᠰᠥ ᠭᠦᠷᠡᠯᠵᠡᠭᠦᠯᠵᠦ
ᠳᠡᠯᠡᠮᠡᠨ ᠵᠢᠷᠣᠭ᠎ᠠ ᠬᠦᠯᠦᠭ ᠮᠢᠨᠢ ᠰᠢᠯᠦᠭ ᠠᠴᠢᠵᠤ ᠢᠷᠡᠭᠰᠡᠨ ᠠ᠋᠃
ᠡᠰᠡᠷᠸ᠎ᠠ ᠬᠤᠷᠮᠤᠰᠲᠠ ᠶ᠋ᠢᠨ ᠣᠷᠳᠣᠨ ᠠ᠋ᠴᠠ ᠡᠯᠪᠡᠭ ᠪᠤᠶᠠᠨ ᠬᠤᠷᠤᠢᠯᠠᠵᠤ
ᠡᠷᠢᠶᠡᠨ ᠣᠷᠴᠢᠯᠠᠩ ᠤ᠋ᠨ ᠬᠦᠷᠳᠦᠨ ᠡᠴᠡ ᠡᠩᠬᠡ ᠲᠠᠢᠪᠤᠩ ᠳᠠᠯᠠᠯᠵᠤ
ᠡᠷᠭᠢᠬᠦ ᠪᠥᠮᠪᠥᠷᠴᠡᠭ ᠦ᠋ᠨ ᠲᠡᠩᠭᠡᠯᠢᠭ ᠡᠴᠡ ᠡᠷᠢᠯ ᠬᠦᠰᠡᠯ ᠠᠷᠭᠠᠮᠵᠢᠵᠤ
ᠡᠷᠢᠨ ᠴᠠᠭ ᠤ᠋ᠨ ᠡᠩᠨᠡᠭᠡᠨ ᠳ᠋ᠦ᠍ ᠡᠭᠡᠰᠢᠭ ᠳᠠᠭᠤᠤ ᠤᠶᠠᠩᠭᠠᠷᠠᠭᠤᠯᠵᠤ
ᠡᠰᠡᠨᠢᠯ ᠬᠥᠭᠵᠢᠯ ᠦ᠋ᠨ ᠳᠥᠷᠦᠭᠡᠨ ᠳ᠋ᠦ᠍ ᠡᠪ ᠵᠦᠢ ᠰᠣᠯᠣᠩᠭᠠᠷᠠᠭᠤᠯᠵᠤ
ᠡᠬᠡ ᠨᠤᠲᠤᠭ ᠤ᠋ᠨ ᠡᠯᠢᠭᠡᠨ ᠳ᠋ᠦ᠍ ᠡᠷᠬᠢᠮ ᠵᠢᠷᠭᠠᠯᠠᠩ ᠪᠢᠯᠬᠠᠷᠠᠭᠤᠯᠵᠤ
ᠡᠷᠡᠮᠡᠬᠡᠢ ᠬᠤᠷᠳᠤᠨ ᠬᠦᠯᠦᠭ ᠮᠢᠨᠢ ᠰᠢᠯᠦᠭ ᠠᠴᠢᠵᠤ ᠢᠷᠡᠭᠰᠡᠨ ᠠ᠋᠃
ᠬᠣᠨᠣᠭ ᠭᠡᠳᠡᠭ ᠲᠣᠭᠠᠯᠠᠯ ᠤ᠋ᠨ ᠰᠦᠰᠦᠭ ᠦ᠋ᠨ ᠠᠷᠢᠭᠤᠨ ᠰᠡᠷᠵᠢᠮ ᠢ᠋ᠶ᠋ᠡᠨ
ᠬᠣᠷᠯᠣ ᠭᠡᠳᠡᠭ ᠲᠣᠭᠣᠨᠣ ᠶ᠋ᠢᠨ ᠰᠦᠵᠢᠭ ᠦ᠋ᠨ ᠨᠢᠳᠦ ᠪᠡᠷ ᠰᠠᠴᠤᠯᠠᠵᠤ
ᠬᠣᠢᠰᠢᠳᠠ ᠭᠡᠳᠡᠭ ᠢᠷᠡᠭᠡᠳᠦᠢ ᠶ᠋ᠢᠨ ᠭᠡᠭᠡᠨ ᠬᠠᠷᠭᠤᠢ ᠳ᠋ᠤ᠌ ᠡᠷᠭᠦᠨᠡᠮ᠃
ᠬᠣᠷᠸ᠎ᠠ ᠭᠡᠳᠡᠭ ᠶᠢᠷᠲᠢᠨᠴᠦ ᠶ᠋ᠢᠨ ᠲᠥᠯᠭᠡ ᠶ᠋ᠢᠨ ᠮᠡᠷᠭᠡᠨ ᠵᠢᠷᠤᠬᠠᠢ ᠳ᠋ᠤ᠌
ᠬᠣᠵᠢᠮ ᠭᠡᠳᠡᠭ ᠪᠣᠯᠤᠭᠠᠳᠤᠢ ᠶ᠋ᠢᠨ ᠪᠡᠯᠭᠡ ᠶ᠋ᠢᠨ ᠰᠣᠪᠢᠩ ᠬᠡᠬᠡᠷᠡᠲᠦᠭᠡᠢ
ᠬᠣᠢᠴᠢᠰ ᠭᠡᠳᠡᠭ ᠮᠣᠷᠢᠲᠤ ᠶ᠋ᠢᠨ ᠰᠢᠯᠦᠭ ᠦ᠋ᠨ ᠠᠷᠪᠢᠨ ᠬᠣᠷᠣᠬᠠᠢ ᠳ᠋ᠤ᠌
ᠬᠣᠯᠠᠬᠢ ᠭᠡᠳᠡᠭ ᠬᠦᠷᠦᠭᠡᠳᠦᠢ ᠶ᠋ᠢᠨ ᠬᠦᠯᠦᠭ ᠦ᠋ᠨ ᠬᠡᠢᠮᠣᠷᠢ ᠰᠡᠷᠭᠦᠲᠦᠭᠡᠢ᠃
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠣᠳᠬᠠᠨᠰᠣ᠎ᠠ
