ᠬᠥᠮᠦᠨ ᠦ᠌ ᠶᠣᠰᠣᠨ ᠤ᠋ ᠪᠠᠶᠠᠷ ᠤ᠋ᠨ ᠬᠤᠷᠢᠮХүмүүний ёсны баярын хурим ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠦ᠌ ᠶᠣᠰᠣᠨ ᠤ᠋ ᠪᠠᠶᠠᠷ ᠤ᠋ᠨ ᠬᠤᠷᠢᠮХүмүүний ёсны баярын хурим

ᠬᠥᠮᠦᠨ ᠦ᠌ ᠶᠣᠰᠣᠨ ᠤ᠋ ᠪᠠᠶᠠᠷ ᠤ᠋ᠨ ᠬᠤᠷᠢᠮХүмүүний ёсны баярын хурим

2026-01-14

242

ᠬᠥᠮᠦᠨ ᠤ ᠶᠣᠰᠣᠨ ᠤ ᠪᠠᠶᠠᠷ ᠤᠨ ᠬᠤᠷᠢᠮ


     ᠠᠯᠠᠱᠠ ᡀᠠᠷᠠᠮᠪᠠ ᠠᠭᠸᠠᠩᠳᠠᠨᠳᠠᠷ 

ᠡᠮᠬᠢᠳᠬᠡᠨ ᠨᠠᠢᠷᠠᠭᠤᠯᠤᠭᠰᠠᠨ ᠵᠠᠷᠢᠮ ᠤᠳᠬ᠎ᠠ ᠶ᠋ᠢᠨ ᠳᠣᠬᠢᠶᠠᠨ ᠤ᠋ ᠨᠣᠮᠯᠠᠯ ᠡᠭᠦᠨ᠎ᠡ 
ᠡᠭᠡᠯ ᠨᠢᠯᠬᠠᠰ ᠤ᠋ᠨ ᠦᠭᠡᠰ ᠮᠡᠲᠦ ᠬᠦᠷᠲᠡᠭᠡᠯ ᠦᠭᠡᠢ ᠵᠦᠢᠯ ᠪᠠᠢᠵᠤ ᠮᠡᠳᠡᠨ᠎ᠡ 
ᠡᠷᠬᠢᠮ ᠮᠡᠷᠭᠡᠳ ᠦ᠋ᠨ ᠬᠠᠷᠠᠭᠠᠨ ᠤ᠋ ᠢᠯᠳᠠᠷ ᠵᠢᠭᠳᠡᠯᠡᠭᠦᠯᠬᠦ ᠢᠨᠦ ᠵᠣᠬᠢᠰ ᠮᠠᠭᠤᠲᠠᠢ ᠠᠭᠰᠠᠨ ᠴᠤ᠌ 
ᠡᠷᠭᠢᠭᠦᠦ ᠴᠢᠳᠠᠯ ᠢ᠋ᠶ᠋ᠠᠨ ᠡᠭᠦᠰᠬᠡᠵᠦ ᠪᠠᠢᠭᠠᠳ ᠥᠴᠦᠬᠡᠨ ᠲᠡᠳᠦᠢ ᠶ᠋ᠢ ᠥᠭᠦᠯᠡᠰᠦᠭᠡᠢ ᠪᠢ᠃

ᠨᠠᠢᠯᠵᠠᠭᠤᠷ ᠢ᠋ᠶ᠋ᠠᠷ ᠨᠡᠬᠡᠭᠰᠡᠨ ᠫᠣᠣᠯᠤᠤ ᠬᠡᠴᠢᠨᠡᠭᠡᠨ ᠨᠢᠭᠲᠠ ᠪᠣᠯᠪᠠᠴᠤ 
ᠴᠡᠪᠡᠷ ᠤᠰᠤᠨ ᠦᠯᠦ ᠲᠣᠭᠲᠠᠬᠤ ᠪᠥᠭᠡᠳ ᠮᠠᠭᠤ ᠴᠥᠪ ᠦᠯᠡᠳᠡᠬᠦ ᠠᠳᠠᠯᠢ 
ᠨᠠᠢᠳᠠᠩᠭᠤᠢ ᠣᠮᠣᠭ ᠳᠡᠭᠡᠷᠡᠩᠭᠦᠢᠳᠡᠨ ᠦ᠌ ᠰᠡᠳᠬᠢᠯ ᠦ᠋ᠨ ᠦᠨᠳᠦᠰᠦᠨ ᠳ᠋ᠦ᠍ᠷ 
ᠯᠠᠮᠠ ᠶ᠋ᠢᠨ ᠡᠷᠳᠡᠮ ᠦᠯᠦ ᠲᠣᠭᠲᠠᠨ ᠭᠡᠮ ᠰᠠᠭᠤᠬᠤ ᠬᠢᠯᠪᠠᠷ᠃

ᠣᠮᠣᠭ ᠤ᠋ᠨ ᠬᠡᠢ ᠪᠡᠷ ᠬᠡᠪᠡᠯᠢ ᠢᠨᠦ ᠬᠥᠭᠡᠭᠰᠡᠨ ᠠᠯᠢᠮᠠᠳ ᠬᠡᠨ
ᠬᠥᠭᠰᠢᠨ ᠪᠤᠬ᠎ᠠ ᠶ᠋ᠢᠨ ᠬᠦᠵᠦᠭᠦᠦ ᠮᠡᠲᠦ ᠮᠤᠵᠢᠭᠤᠳᠠ ᠵᠠᠩ ᠲᠠᠢ ᠲᠡᠭᠦᠨ ᠳ᠋ᠦ᠍ᠷ
ᠨᠣᠮ ᠤ᠋ᠨ  ᠶᠣᠰᠣᠨ ᠢ ᠦᠨᠦᠷ ᠲᠡᠳᠦᠢᠬᠡᠨ ᠬᠠᠩᠬᠤᠯᠤᠭᠤᠯᠪᠠᠴᠤ ᠡᠰᠡ ᠲᠤᠰᠠᠯᠠᠬᠤ ᠲᠤᠯᠠ
ᠨᠣᠮᠣᠬᠠᠨ ᠳᠠᠷᠤᠤ ᠶ᠋ᠢ ᠵᠢᠭᠠᠵᠤ  ᠣᠮᠣᠭ ᠢ ᠨᠢ ᠳᠠᠷᠤᠬᠤ ᠠᠨᠤ ᠣᠨᠢᠰᠣ ᠠ᠋᠃

ᠳᠡᠭᠡᠷ᠎ᠡ ᠡᠴᠡ ᠪᠠᠭᠤᠭᠰᠠᠨ  ᠦᠶᠡᠷ ᠢ ᠰᠡᠷᠭᠡᠢᠯᠡᠬᠦ ᠳ᠋ᠦ᠍ ᠤᠷᠢᠳ ᠢ᠋ᠶ᠋ᠠᠷ ᠬᠠᠰᠢᠯᠭ᠎ᠠ ᠪᠣᠰᠬ᠎ᠠ
ᠳᠡᠪᠲᠦᠭᠰᠡᠨ ᠦ᠌ ᠬᠣᠢᠨ᠎ᠠ  ᠰᠤᠪᠠᠭ ᠢ ᠪᠤᠰᠤᠳ ᠲᠠᠢᠰᠢ ᠰᠢᠯᠵᠢᠭᠦᠯᠬᠦᠶ᠎ᠡ ᠪᠡᠷᠬᠡ ᠲᠤᠯᠠ
ᠲᠡᠷᠡᠴᠢᠯᠡᠨ ᠰᠡᠷᠡᠮᠵᠢᠯᠡᠵᠦ ᠮᠠᠭᠤ ᠣᠶᠤᠨ ᠡᠵᠡᠯᠡᠨ ᠠᠪᠬᠤ ᠶ᠋ᠢᠨ ᠦᠨᠦᠷ ᠢ ᠴᠦ᠍
ᠲᠡᠯᠴᠢᠯᠡᠭᠦᠯᠦᠨ ᠥᠨᠳᠡᠢᠯᠭᠡᠵᠦ ᠦᠯᠦ ᠪᠣᠯᠬᠤ ᠶ᠋ᠢᠨ ᠠᠷᠭ᠎ᠠ ᠳ᠋ᠤᠷ ᠰᠢᠮᠳᠠᠬᠤ ᠬᠡᠷᠡᠭᠲᠡᠢ ᠪᠣᠯᠠᠢ!

ᠶᠠᠯᠢᠮ ᠦᠭᠡᠢ ᠬᠡᠷᠡᠭ ᠲᠦ᠍ ᠣᠯᠠᠨ ᠦᠭᠡᠰ ᠦ᠋ᠨ ᠳᠠᠪᠲᠠᠯᠭ᠎ᠠ ᠶ᠋ᠢ ᠳᠠᠪᠴᠢ᠂
ᠢᠨᠢᠶᠡᠳᠦᠮ ᠱᠣᠭ ᠦᠭᠡᠰ ᠢ᠋ᠶ᠋ᠡᠷ ᠭᠣᠣᠯ ᠬᠡᠷᠡᠭ ᠢ᠋ᠶ᠋ᠡᠨ ᠪᠢᠲᠡᠭᠡᠢ ᠰᠠᠭᠤᠳᠬ᠎ᠠ᠂
ᠰᠣᠭᠲᠣᠭᠤ ᠲᠣᠭᠰᠢᠨ ᠦᠭᠡᠨ ᠦ᠌ ᠬᠣᠢᠨ᠎ᠠ ᠠ᠋ᠴᠠ ᠪᠦᠦ ᠬᠥᠭᠡᠭᠡᠴᠡᠯᠳᠦ᠂
ᠰᠤᠯᠠ ᠪᠠᠭᠤᠷᠠᠢ ᠬᠥᠮᠦᠰ ᠲᠦ᠍ ᠳᠣᠷᠣᠮᠵᠢᠯᠠᠬᠤ  ᠰᠡᠳᠬᠢᠯ ᠢ ᠳᠠᠪᠴᠢ᠃

ᠠᠰᠪᠤᠷ ᠰᠢᠯᠤᠭᠤᠨ ᠰᠠᠨᠠᠭᠠᠨ ᠲᠠᠪᠠ ᠪᠠᠷ ᠬᠠᠮᠢᠶ᠎ᠠ ᠦᠭᠡᠢ ᠶᠠᠷᠢᠳᠠᠭ ᠬᠥᠮᠦᠨ
ᠠᠭᠤᠯᠵᠠᠭᠰᠠᠨ ᠳᠠᠷᠤᠢ ᠰᠠᠨᠠᠭ᠎ᠠ ᠠᠮᠤᠷ᠂ ᠰᠠᠯᠤᠭᠰᠠᠨ ᠬᠣᠢᠨ᠎ᠠ ᠪᠠᠨ ᠴᠤ᠌ ᠭᠡᠮᠰᠢᠯ ᠦᠭᠡᠢ
ᠬᠤᠳᠠᠯ ᠬᠠᠭᠤᠷᠮᠠᠭ ᠬᠣᠭᠣᠰᠣᠨ ᠴᠠᠯᠴᠢᠶ᠎ᠠ ᠪᠤᠷᠤᠭᠤ ᠨᠣᠮᠯᠠᠯ ᠢ᠋ᠶ᠋ᠠᠷ
ᠬᠠᠭᠤᠷᠴᠤ ᠮᠡᠬᠡᠯᠡᠬᠦ ᠨᠢ ᠠᠷᠪᠢᠳᠤᠭᠰᠠᠭᠠᠷ ᠬᠥᠮᠦᠨ ᠦ᠌ ᠰᠦᠷᠦᠭ ᠡᠴᠡ ᠭᠣᠭᠣᠵᠢᠭᠳᠠᠬᠤ᠃

ᠪᠤᠰᠤᠳ ᠤ᠋ᠨ  ᠮᠠᠷᠭᠤᠭᠠᠨ ᠢ ᠭᠡᠳᠡᠷᠭᠦ ᠬᠠᠷᠢᠭᠤᠯᠤᠨ ᠴᠢᠳᠠᠭᠰᠠᠨ ᠲᠡᠳᠦᠢ ᠪᠡᠷ
ᠪᠤᠷᠬᠠᠨ ᠤ᠋ ᠨᠣᠮ ᠳ᠋ᠤ᠌ ᠨᠡᠪᠲᠡᠷᠡᠪᠡ ᠭᠡᠮᠡᠨ ᠪᠢᠲᠡᠭᠡᠢ ᠣᠮᠣᠷᠬᠠᠭᠯᠠᠨ᠂
ᠨᠠᠷᠢᠨ ᠨᠢᠭᠲᠠ ᠨᠤᠲᠠᠯᠠᠨ ᠰᠢᠨᠵᠢᠯᠡᠭᠰᠡᠨ ᠮᠡᠷᠭᠡᠨ ᠤᠬᠠᠭᠠᠨ ᠢ᠋ᠶ᠋ᠠᠷ
ᠨᠣᠮ ᠤ᠋ᠨ ᠶᠣᠰᠣᠨ ᠤ᠋ ᠭᠣᠣᠯᠳᠠᠯᠭ᠎ᠠ ᠶ᠋ᠢ ᠴᠢᠩᠭ᠎ᠠ ᠠᠳᠬᠤᠬᠤ ᠴᠢᠬᠤᠯᠠ᠃

ᠠᠭᠤᠯᠵᠠᠮᠠᠭᠴᠠ ᠪᠠᠶᠠᠰᠬᠤ ᠠᠲᠠᠯ᠎ᠠ ᠨᠥᠬᠥᠷᠯᠡᠪᠡᠰᠦ ᠬᠢᠯᠢᠩᠯᠡᠬᠦ
ᠴᠠᠭᠠᠨ᠎ᠠ ᠠ᠋ᠴᠠ ᠠᠰᠢᠭᠲᠠᠢ ᠰᠠᠢᠨ ᠦᠢᠯᠡ ᠵᠠᠭᠤᠨᠲᠠ ᠦᠢᠯᠡᠳᠦᠭᠰᠡᠨ ᠴᠦ᠍
ᠨᠠᠭᠠᠨ᠎ᠠ ᠠ᠋ᠴᠠ ᠠᠴᠢ ᠬᠠᠷᠢᠭᠤᠯᠠᠬᠤ ᠶ᠋ᠢ ᠮᠡᠳᠡᠬᠦ ᠦᠭᠡᠢ ᠨᠢᠭᠡ ᠶ᠋ᠢ ᠥᠭᠭᠦᠭᠡᠳ  ᠬᠣᠶᠠᠷ ᠢ ᠠᠪᠬᠤ
ᠲᠡᠢᠮᠦ ᠬᠥᠮᠦᠨ ᠲᠡᠢ ᠨᠥᠬᠥᠷᠯᠡᠬᠦ ᠬᠤᠭᠤᠴᠠᠭ᠎ᠠ ᠣᠬᠣᠷ ᠪᠣᠯ ᠰᠠᠢᠨ᠃

ᠵᠠᠷᠢᠮ ᠬᠥᠮᠦᠰ ᠲᠠᠴᠢᠶᠠᠯ ᠢ᠋ᠶ᠋ᠠᠷ ᠡᠳ᠋ ᠡᠷᠳᠡᠨᠢᠰ ᠣᠯᠠᠨᠲᠠ ᠴᠤᠭᠯᠠᠭᠤᠯᠤᠭᠠᠳ
ᠵᠢᠭᠠᠬᠠᠨ ᠴᠤ᠌ ᠡᠳ᠋ᠯᠡᠬᠦ ᠦᠭᠡᠢ ᠬᠠᠷᠮᠠᠯᠠᠨ ᠬᠥᠮᠥᠷᠭᠡ ᠳ᠋ᠡᠭᠡᠨ ᠬᠤᠷᠢᠶᠠᠵᠤ
ᠤᠷᠠᠩᠬᠠᠢ ᠨᠠᠪᠲᠠᠷᠬᠠᠢ ᠶ᠋ᠢ ᠡᠮᠦᠰᠴᠦ ᠠᠮᠢᠳᠤᠷᠠᠯ ᠤ᠋ᠨ ᠵᠦᠳᠡᠭᠦᠷᠢ ᠶ᠋ᠢ ᠦᠵᠡᠭᠦᠯᠬᠦ ᠳ᠋ᠦ᠍
ᠠᠭᠤᠯᠠᠨ ᠳ᠋ᠤ᠌ ᠪᠢᠰᠢᠯᠭᠠᠭᠰᠠᠨ ᠪᠢ ᠰᠠᠨᠠᠭ᠎ᠠ ᠬᠠᠩᠬᠤ ᠶ᠋ᠢ ᠮᠡᠳᠡᠵᠦ  ᠠᠮᠤᠭᠤᠯᠠᠩ ᠢ ᠡᠳ᠋ᠯᠡᠮᠦᠢ᠃

ᠥᠪᠡᠷ ᠲᠡᠭᠡᠨ ᠠᠰᠢᠭᠲᠠᠢ ᠦᠢᠯᠡ ᠦᠢᠯᠡᠳᠬᠦ ᠦᠭᠡᠢ᠂
ᠥᠭᠡᠷ᠎ᠡ  ᠪᠤᠰᠤᠳ ᠤᠨ ᠰᠡᠳᠬᠢᠯ ᠢ ᠪᠢᠰᠢᠯᠭᠠᠨ ᠪᠣᠳᠣᠬᠤ ᠦᠭᠡᠢ᠂
ᠬᠣᠵᠢᠮ ᠤ᠋ᠨ ᠲᠥᠯᠥᠭᠡ ᠪᠤᠶᠠᠨ ᠬᠤᠷᠢᠶᠠᠬᠤ ᠶ᠋ᠢ ᠮᠡᠳᠡᠬᠦ ᠦᠭᠡᠢ ᠪᠣᠯ
ᠬᠣᠭᠣᠰᠣᠨ ᠨᠠᠰᠤᠯᠠᠭᠠᠳ ᠦᠬᠦᠬᠦ ᠶ᠋ᠢᠨ ᠦᠶ᠎ᠡ ᠳ᠋ᠡᠭᠡᠨ ᠭᠡᠮᠰᠢᠬᠦ᠃

ᠬᠥᠮᠦᠨ ᠦ᠌ ᠨᠠᠰᠤᠨ ᠤ᠋ ᠳᠠᠩ ᠬᠠᠭᠠᠰ ᠠᠨᠤ ᠤᠨᠲᠠᠬᠤ ᠨᠣᠢᠷ ᠲᠤ᠌ ᠠᠪᠲᠠᠭᠳᠠᠳᠠᠭ
ᠦᠯᠡᠳᠡᠭᠰᠡᠨ ᠬᠠᠭᠠᠰ ᠠᠨᠤ ᠢᠳᠡᠭᠡᠨ ᠤᠮᠳᠠᠭᠠᠨ᠎ᠠ ᠶᠠᠭᠠᠷᠠᠭᠠᠳ ᠵᠠᠪ ᠦᠭᠡᠢ
ᠬᠥᠭᠰᠢᠷᠡᠭᠰᠡᠨ ᠦ᠌ ᠬᠣᠢᠨ᠎ᠠ ᠥᠭᠦᠯᠡᠬᠦ ᠲᠡᠷᠢᠭᠦᠲᠡᠨ ᠢ᠋ᠶ᠋ᠡᠷ ᠴᠠᠭ ᠢ ᠨᠥᠭᠴᠢᠭᠡᠬᠦ ᠢᠨᠦ ᠶᠣᠰᠣ
ᠥᠭᠡᠳᠡ ᠦᠭᠡᠢ ᠵᠠᠩ ᠰᠤᠷᠤᠭᠰᠠᠨ ᠰᠡᠳᠬᠢᠯ ᠢ᠋ᠶ᠋ᠡᠨ ᠦᠯᠦ ᠣᠢᠰᠢᠶᠠᠭᠰᠠᠨ ᠠᠨᠤ ᠭᠠᠢᠬᠠᠯᠲᠠᠢ᠃

ᠲᠥᠷᠥᠯᠬᠢ ᠦᠭᠡ ᠪᠠᠢᠭᠠᠳ ᠬᠡᠯᠡᠵᠦ ᠴᠢᠳᠠᠬᠤ ᠦᠭᠡᠢ ᠬᠥᠮᠦᠨ ᠪᠣᠯ
ᠬᠥᠮᠦᠨ ᠪᠣᠯᠵᠤ ᠲᠥᠷᠥᠭᠡᠳ ᠡᠵᠢ ᠪᠡᠨ ᠲᠠᠨᠢᠬᠤ ᠦᠭᠡᠢ ᠯᠦ᠍ᠭᠡ ᠠᠳᠠᠯᠢ
ᠲᠥᠷᠥᠯᠬᠢ ᠦᠰᠦᠭ ᠪᠢᠴᠢᠭ ᠢ᠋ᠶ᠋ᠡᠨ ᠲᠠᠨᠢᠬᠤ ᠦᠭᠡᠢ ᠬᠥᠮᠦᠨ ᠪᠣᠯ
ᠠᠪᠤ ᠪᠠᠨ ᠲᠠᠨᠢᠬᠤ ᠦᠭᠡᠢ ᠥᠨᠥᠴᠢᠨ ᠬᠥᠪᠡᠭᠦᠨ ᠯᠦ᠍ᠭᠡ ᠠᠳᠠᠯᠢ
ᠥᠪᠡᠷ ᠦ᠋ᠨ ᠦᠭᠡ ᠬᠡᠯᠡ ᠦᠰᠦᠭ ᠪᠢᠴᠢᠭ ᠢ᠋ᠶ᠋ᠡᠨ ᠬᠡᠷᠡᠭᠯᠡᠵᠦ ᠴᠢᠳᠠᠬᠤ ᠦᠭᠡᠢ ᠬᠥᠮᠦᠨ ᠪᠣᠯ
ᠤᠷᠪᠠᠵᠤ ᠭᠠᠷᠤᠭᠰᠠᠨ ᠵᠠᠯᠢᠬᠠᠢ ᠬᠤᠯᠠᠭᠠᠢᠴᠢ ᠯᠤᠭ᠎ᠠ ᠠᠳᠠᠯᠢ᠃

( ᠳ᠋ᠠᠨᠳᠠᠷ ᡀᠠᠷᠠᠮᠪᠠ ᠶ᠋ᠢᠨ1830 ᠣᠨ ᠳ᠋ᠤ᠌ ᠵᠣᠬᠢᠶᠠᠭᠰᠠᠨ《 ᠬᠥᠮᠦᠨ ᠦ᠌ ᠶᠣᠰᠣᠨ ᠤ᠋ ᠪᠠᠶᠠᠷ ᠤ᠋ᠨ ᠬᠤᠷᠢᠮ》ᠭᠡᠳᠡᠭ ᠠᠯᠳᠠᠷᠲᠤ ᠰᠤᠷᠭᠠᠯ ᠢ᠋ᠶ᠋ᠠᠨ ᠮᠠᠰᠢ ᠬᠦᠴᠢᠷ ᠲᠡᠢ ᠬᠠᠲᠠᠭᠤ ᠪᠡᠷᠬᠡ ᠦᠭᠡᠰ ᠢ᠋ᠶ᠋ᠡᠷ ᠵᠣᠬᠢᠶᠠᠨ ᠨᠠᠢᠷᠠᠭᠤᠯᠤᠭᠰᠠᠨ ᠲᠤᠯᠠ ᠲᠥᠪᠡᠳ ᠮᠣᠩᠭᠣᠯ ᠤ᠋ᠨ ᠡᠷᠳᠡᠮᠲᠡᠨ ᠮᠡᠷᠭᠡᠳ ᠦ᠋ᠨ ᠪᠠᠬᠠᠷᠠᠯ ᠢ ᠲᠠᠲᠠᠭᠰᠠᠨ ᠠᠯᠳᠠᠷ ᠲᠠᠢ ᠪᠦᠲᠦᠭᠡᠯ ᠶᠦᠮ᠃
ᠡᠨᠡ ᠰᠤᠷᠭᠠᠯ ᠨᠢ ᠵᠠᠭᠤ ᠭᠠᠷᠤᠢ ᠪᠠᠳᠠᠭ ᠢ᠋ᠶ᠋ᠠᠷ ᠪᠦᠷᠢᠯᠳᠦᠵᠦ ᠡᠭᠦᠨ ᠦ᠌ ᠳᠣᠲᠣᠷ᠎ᠠ ᠠ᠋ᠴᠠ ᠠᠷᠪᠠᠭᠠᠳ  ᠪᠠᠳᠠᠭ ᠢ ᠰᠣᠩᠭᠣᠨ ᠠᠪᠤᠭᠰᠠᠨ ᠶᠤᠮ᠃)
ᠲᠤᠰ ᠵᠣᠬᠢᠶᠠᠯ ᠤ᠋ᠨ ᠡᠬᠡ ᠮᠠᠲ᠋ᠧᠷᠢᠶᠠᠯ《 ᠮᠣᠩᠭᠣᠯ ᠤ᠋ᠨ ᠪᠤᠷᠬᠠᠨ ᠤ᠋ ᠱᠠᠰᠢᠨ( ᠳᠣᠣᠷᠠᠲᠤ ᠳᠡᠪᠲᠡᠷ) 》᠂ ᠪᠠᠶᠠᠨᠰᠠᠩ ᠨᠠᠢᠷᠠᠭᠤᠯᠪᠠ᠃ ᠥᠪᠥᠢ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2008 ᠣᠨ᠃

  ᠦᠰᠦᠭ ᠠᠮᠢᠯᠠᠭᠤᠯᠤᠭᠴᠢ᠄ ᠠᠯᠲᠠᠨᠨᠠᠪᠴᠢ
  ᠬᠢᠨᠠᠭᠴᠢ᠄ ᠣᠳᠬᠠᠨᠰᠣ᠎ᠠ