ᠮᠣᠩᠭᠣᠯ ᠬᠡᠯᠡ- ᠬᠡᠦᠬᠡᠳ ᠰᠢᠯᠦᠭМонгол хэл-хүүхэд шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡ- ᠬᠡᠦᠬᠡᠳ ᠰᠢᠯᠦᠭМонгол хэл-хүүхэд шүлэг

ᠮᠣᠩᠭᠣᠯ ᠬᠡᠯᠡ- ᠬᠡᠦᠬᠡᠳ ᠰᠢᠯᠦᠭМонгол хэл-хүүхэд шүлэг

2022-10-28

709

ᠮᠣᠩᠭᠣᠯ ᠬᠡᠯᠡ

      ᠪᠢᠮᠪᠠ ‍ᠶ᠋ᠢᠨ ᠷᠢᠨᠴᠢᠨ

ᠴᠢᠬᠢᠨ ‍ᠦ ᠴᠢᠮᠡᠭ ᠪᠣᠯᠤᠭᠰᠠᠨ ᠠᠶᠠᠯᠭᠤ ᠰᠠᠶ᠋ᠢᠬᠠᠨ ᠮᠣᠩᠭᠣᠯ ᠬᠡᠯᠡ

ᠴᠢᠩ ᠵᠣᠷᠢᠭᠲᠤ ᠡᠪᠦᠭᠡᠳ ᠳᠡᠭᠡᠳᠦᠰ ‍ᠦᠨ ᠮᠢᠨᠢ ᠥᠪ ᠶᠡᠬᠡ ᠡᠷᠳᠡᠨᠢ

ᠰᠣᠨᠣᠰᠬᠤ ᠪᠦᠷᠢ ᠢᠷᠠᠭᠤ ᠪᠠᠶᠠᠯᠢᠬ ‍ᠢ ᠨᠢ ᠭᠠᠶ᠋ᠢᠬᠠᠨ ᠪᠠᠶᠠᠰᠴᠤ 

ᠰᠣᠳᠣ ᠶᠡᠬᠡ ᠪᠢᠯᠢᠭᠲᠦ ᠲᠦᠮᠡᠨ ᠎ᠶᠤᠭᠡᠨ ᠪᠢᠰᠢᠷᠡᠨ ᠮᠠᠭᠲᠠᠮᠤ ᠪᠢ !

 

ᠤᠷᠢᠳᠤ ‍ᠶ᠋ᠢᠨ ᠪᠡᠷᠬᠡ ᠴᠠᠭ ᠎ᠲᠤ᠌ ᠤᠯᠤᠰ ᠮᠣᠩᠭᠣᠯ ‍ᠤᠨ ᠬᠡᠳᠦ ᠵᠠᠶᠠᠭ᠎ᠠ ‍ᠶ᠋ᠢ

ᠤᠶ᠋ᠢᠳᠬᠠᠷᠯᠠᠨ ᠪᠣᠳᠣᠬᠤ ᠎ᠳ᠋ᠤ᠌ ᠤᠷᠮ᠎ᠠ ᠵᠣᠷᠢᠬ ‍ᠢ ᠮᠢᠨᠢ ᠰᠡᠷᠭᠦᠭᠡᠭᠰᠡᠨ 

ᠥᠭᠡᠳᠡᠯᠡᠨ ᠳᠡᠪᠵᠢᠬᠦ ‍ᠶ᠋ᠢᠨ ᠲᠡᠭᠦᠰ ᠬᠤᠪᠢ ᠲᠠᠢ ᠎ᠳ᠋ᠤ᠌ ᠨᠢ ᠢᠲᠡᠭᠡᠭᠦᠯᠦᠭᠰᠡᠨ

ᠥᠷᠨᠢᠨ ᠮᠠᠨᠳᠤᠬᠤ ‍ᠶ᠋ᠢᠨ ᠰᠢᠨᠵᠢ ᠪᠦᠷᠢᠳᠦᠭᠰᠡᠨ ᠡᠪᠦᠭᠡᠳ ‍ᠦᠨ ᠮᠢᠨᠢ ᠬᠡᠯᠡ

 

ᠮᠥᠷᠡᠨ ᠭᠣᠣᠯ ‍ᠤᠨ ᠴᠢᠳᠬᠤᠯᠠᠩᠲᠤ ᠰᠢᠷᠭᠢᠰᠢ ᠦᠭᠡᠢ ᠶᠡᠬᠡ ᠳᠠᠯᠠᠢ ᠮᠡᠲᠦ 

ᠮᠥᠩᠬᠡᠳᠡ ᠦᠷ᠎ᠡ ᠠᠴᠢ ᠨᠠᠷ ‍ᠤᠨ ᠵᠠᠯᠭᠠᠮᠵᠢ ᠎ᠪᠠᠷ ᠪᠠᠳᠠᠷᠠᠩᠬᠠᠨ ᠳᠡᠯᠭᠡᠷᠡᠵᠦ

ᠬᠥᠨᠳᠡᠢ ᠴᠡᠭᠡᠵᠢᠨ ᠎ᠳ᠋ᠦ᠍ ᠣᠷᠣᠭᠴᠢ ᠪᠦᠭᠦᠳᠡ ‍ᠶ᠋ᠢ ᠨᠡᠪᠲᠡᠷᠡᠭᠦᠯᠬᠦ ᠴᠢᠳᠠᠯᠲᠤ

ᠬᠥᠭᠵᠢᠮ ᠮᠡᠲᠦ ᠢᠷᠠᠭᠤ ᠪᠠᠶᠠᠰᠬᠤᠯᠠᠩᠲᠤ ᠮᠣᠩᠭᠣᠯ ᠬᠡᠯᠡ !

 

ᠥᠰᠬᠦ ᠨᠠᠰᠤᠨ ᠠ᠋ᠴᠠ ᠥᠲᠡᠯᠬᠦ ᠨᠠᠰᠤᠨ ᠬᠦᠷᠲᠡᠯ᠎ᠡ ᠴᠢᠮ᠎ᠠ ᠎ᠶᠤᠭᠠᠨ ᠰᠤᠳᠤᠯᠤᠨ

ᠡᠳᠦᠷ ᠪᠦᠷᠢ ᠦᠭᠡᠰ ‍ᠦᠨ ᠡᠷᠳᠡᠨᠢ ‍ᠶ᠋ᠢ ᠴᠢᠨᠢ ᠪᠠᠶᠠᠷᠯᠠᠨ ᠲᠡᠭᠦᠨᠡᠮ᠃

ᠲᠦᠮᠡᠨ ᠲᠦᠮᠡᠨ ᠦᠶ᠎ᠡ ‍ᠶ᠋ᠢᠨ ᠣᠶᠤᠨ ᠪᠢᠯᠢᠭ ‍ᠦᠨ ᠦᠯᠡᠮᠵᠢ ᠰᠠᠩ ‍ᠤᠨ ᠡᠭᠦᠳᠡ ‍ᠶ᠋ᠢ ᠴᠢᠨᠢ

ᠲᠦᠯᠬᠢᠬᠦ ᠪᠦᠷᠢ ᠰᠡᠳᠬᠢᠯ ᠰᠡᠷᠭᠦᠨ ᠮᠠᠩᠨᠠᠢ ‍ᠶ᠋ᠢᠨ ᠦᠷᠴᠢᠯᠡᠭᠡ ᠲᠡᠨᠢᠢᠨᠡᠮ !

 

ᠲᠦᠭᠰᠢᠭᠦᠷᠢ ᠪᠡᠷᠬᠡ ‍ᠶ᠋ᠢ ᠳᠠᠪᠠᠨ ᠲᠤᠭᠤᠯᠤᠭᠰᠠᠨ ᠪᠠᠭᠠᠲᠤᠷ ᠲᠦᠮᠡᠨ ‍ᠦ ᠮᠢᠨᠢ

ᠲᠦᠪᠰᠢᠨ ᠰᠣᠶᠣᠯ ᠡᠷᠳᠡᠨᠢ ᠎ᠶᠤᠭᠡᠨ ᠮᠠᠨᠳᠤᠭᠤᠯᠬᠤ ‍ᠶ᠋ᠢᠨ ᠭᠡᠭᠡᠨ ᠤᠯᠠᠷᠢᠯ ᠨᠡᠭᠡᠭᠡᠭᠳᠡᠭᠰᠡᠨ ‍ᠳᠦ

ᠰᠡᠯᠪᠢᠯ᠎ ᠦᠭᠡᠢ ᠰᠡᠴᠡᠨ ᠣᠶᠤᠲᠠᠨ ᠬᠡᠯᠡ ᠎ᠶᠤᠭᠡᠨ ᠡᠩᠬᠦᠷᠡᠶ᠋ᠢᠯᠡᠨ ᠬᠥᠭᠵᠢᠭᠦᠯᠦᠶᠦ ᠬᠡᠮᠡᠨ

ᠰᠡᠳᠬᠢᠯ ᠤᠷᠮᠠᠰ ᠪᠠᠳᠠᠷᠠᠨ ᠪᠠᠬᠠᠳᠤᠮᠤ ᠦᠰᠦᠨ ᠪᠤᠭᠤᠷᠤᠯ ᠥᠲᠡᠭᠦᠰ ᠪᠢ !

 

ᠬᠤᠲᠤᠭ ᠥᠯᠵᠡᠢ ᠪᠦᠷᠢᠳᠦᠭᠰᠡᠨ ᠬᠤᠪᠢ ᠶᠡᠬᠡ ᠵᠠᠶᠠᠭᠠᠲᠤ ᠲᠦᠮᠡᠨ ‍ᠦ ᠮᠢᠨᠢ

ᠬᠤᠷᠴᠠ ᠠᠪᠢᠶᠠᠰᠲᠤ ᠬᠥᠪᠡᠭᠦᠳ ᠳᠡᠭᠦᠦ ᠨᠠᠷ ᠬᠠᠯᠠᠭᠤᠨ ᠡᠯᠢᠭᠡᠳᠡᠨ ᠬᠣᠲᠠᠯᠠᠭᠠᠷ

ᠡᠬᠡᠰᠢᠭ ᠰᠠᠶ᠋ᠢᠬᠠᠨ ᠮᠣᠩᠭᠣᠯ ᠬᠡᠯᠡ ᠎ᠶᠤᠭᠡᠨ ᠨᠡᠩ ᠬᠠᠶ᠋ᠢᠷᠠᠯᠠᠨ ᠳᠡᠭᠡᠳᠦᠯᠡᠵᠦ 

ᠡᠩᠬᠦᠷᠡᠶ᠋ᠢᠯᠡᠨ ᠪᠠᠳᠠᠷᠠᠭᠤᠯᠬᠤ ‍ᠶ᠋ᠢᠨ ᠪᠠᠲᠤ ᠵᠣᠷᠢᠬ ᠲᠡᠭᠦᠰ ᠶᠠᠭᠤᠲᠠᠢ ᠰᠠᠶ᠋ᠢᠬᠠᠨ !

 

ᠴᠢᠬᠢᠨ ‍ᠦ ᠴᠢᠮᠡᠭ ᠪᠣᠯᠤᠭᠰᠠᠨ ᠠᠶᠠᠯᠭᠤ ᠰᠠᠶ᠋ᠢᠬᠠᠨ ᠮᠣᠩᠭᠣᠯ ᠬᠡᠯᠡ 

ᠴᠢᠩ ᠵᠣᠷᠢᠭᠲᠤ ᠡᠪᠦᠭᠡᠳ ᠳᠡᠭᠡᠳᠦᠰ ‍ᠦᠨ ᠮᠢᠨᠢ ᠥᠪ ᠶᠡᠬᠡ ᠡᠷᠳᠡᠨᠢ 

ᠰᠣᠨᠣᠰᠬᠤ ᠪᠦᠷᠢ ᠢᠷᠠᠭᠤ ᠪᠠᠶᠠᠯᠢᠬ ‍ᠢ ᠨᠢ ᠭᠠᠶ᠋ᠢᠬᠠᠨ ᠪᠡᠶᠡᠰᠴᠦ

ᠰᠣᠳᠣ ᠶᠡᠬᠡ ᠪᠢᠯᠢᠭᠲᠦ ᠲᠦᠮᠡᠨ ᠎ᠶᠤᠭᠡᠨ ᠪᠢᠰᠢᠷᠡᠨ ᠮᠠᠭᠲᠠᠮᠤ ᠪᠢ᠃