ᠪᠤᠬ᠎ᠠ᠂ ᠬᠤᠴᠠ᠂ ᠤᠬᠤᠨ᠎ᠠ ᠭᠤᠷᠪᠠ ᠶ᠋ᠢᠨ ᠦᠯᠢᠭᠡᠷBukh, khuts, ukhna gurvyn ülgerБух, хуц, ухна гурвын үлгэр
ᠪᠤᠬ᠎ᠠ᠂ ᠬᠤᠴᠠ᠂ ᠤᠬᠤᠨ᠎ᠠ ᠭᠤᠷᠪᠠ ᠶ᠋ᠢᠨ ᠦᠯᠢᠭᠡᠷ
ᠳᠣᠮᠣᠭ ᠦᠯᠢᠭᠡᠷ
ᠨᠢᠭᠡ ᠪᠠᠶᠠᠨ ᠠᠢᠯ ᠪᠠᠢᠵᠠᠢ᠃ ᠲᠡᠷᠡ ᠠᠢᠯ ᠴᠠᠭ ᠤ᠋ᠨ ᠬᠦᠢᠲᠡᠨ ᠳ᠋ᠦ᠍ ᠵᠤᠲᠠᠷᠠᠵᠤ᠂ ᠴᠠᠰᠤ ᠵᠤᠳ ᠲᠤ᠌ ᠲᠤᠢᠯᠳᠠᠵᠤ ᠪᠣᠰᠴᠤ ᠴᠢᠳᠠᠬᠤ ᠪᠠᠨ ᠪᠠᠢᠭᠰᠠᠨ ᠦᠶᠡᠰᠦᠮᠡᠯ ᠪᠤᠬ᠎ᠠ᠂ ᠲᠥᠯᠥᠭᠡᠨ ᠬᠤᠴᠠ᠂ ᠰᠢᠳᠦᠯᠡᠩ ᠤᠬᠤᠨ᠎ᠠ ᠡᠢᠮᠦ ᠭᠤᠷᠪᠠᠨ ᠮᠠᠯ ᠡᠪᠦᠯᠵᠢᠶᠡᠨ ᠳ᠋ᠡᠭᠡᠨ ᠬᠠᠶᠠᠭᠠᠳ ᠨᠡᠭᠦᠵᠡᠢ᠃ ᠨᠡᠭᠦᠭᠰᠡᠨ ᠡᠴᠡ ᠬᠣᠢᠰᠢ ᠬᠦᠢᠲᠡᠨ ᠦ᠌ ᠢᠯᠴᠢ ᠪᠠᠭᠤᠷᠠᠵᠤ᠂ ᠴᠠᠭ ᠵᠤᠳ ᠲᠠᠯᠪᠢᠭᠳᠠᠭᠠᠳ ᠬᠠᠪᠤᠷ ᠤ᠋ᠨ ᠠᠭᠤᠷ ᠣᠷᠣᠭᠰᠠᠨ ᠳ᠋ᠤ᠌ ᠥᠨᠥᠬᠢ ᠭᠤᠷᠪᠠᠨ ᠮᠠᠯ ᠴᠠᠰᠤᠨ ᠳᠣᠣᠷ᠎ᠠ ᠠ᠋ᠴᠠ ᠠᠷᠠᠢᠬᠠᠨ ᠠᠮᠢ ᠲᠠᠢ ᠭᠠᠷᠴᠤ᠂ ᠪᠠᠭ᠎ᠠ ᠵᠡᠷᠭᠡ ᠲᠡᠩᠬᠡᠷᠡᠭᠡᠳ ᠪᠠᠢᠲᠠᠯ᠎ᠠ ᠨᠢᠭᠡ ᠴᠢᠨᠣ᠎ᠠ ᠲᠡᠷᠡ ᠭᠤᠷᠪᠠ ᠶ᠋ᠢ ᠢᠳᠡᠬᠦ ᠰᠠᠨᠠᠭ᠎ᠠ ᠲᠠᠢ ᠳᠠᠪᠬᠢᠵᠤ ᠢᠷᠡᠭᠡᠳ ᠪᠤᠬᠠᠨ ᠠ᠋ᠴᠠ ᠠᠰᠠᠭᠤᠵᠠᠢ᠃
— ᠴᠢᠨᠦ ᠨᠡᠷ᠎ᠡ ᠬᠡᠨ ᠭᠡᠳᠡᠭ ᠪᠣᠢ? ᠭᠡᠰᠡᠨ ᠳ᠋ᠦ᠍᠂ ᠪᠤᠬᠠᠨ ᠪᠢᠷᠠᠭᠤ᠂ ᠮᠢᠨᠦ ᠨᠡᠷ᠎ᠡ ᠭᠦᠵᠡᠭᠡ ᠶᠡᠬᠡᠲᠦ ᠭᠦᠨᠳᠡᠨ ᠬᠠᠭᠠᠨ ᠭᠡᠳᠡᠭ ᠭᠡᠪᠡ᠃ ᠡᠭᠦᠨ ᠳ᠋ᠦ᠍ ᠴᠢᠨᠣ᠎ᠠ ᠪᠠᠭᠠᠬᠠᠨ ᠰᠣᠨᠢᠷᠬᠠᠨ᠂ ᠪᠤᠬ᠎ᠠ ᠶ᠋ᠢᠨ ᠡᠪᠡᠷ ᠢ᠋ ᠵᠢᠭᠠᠵᠤ ᠪᠠᠰᠠ ᠠᠰᠠᠭᠤᠪᠠ᠃ ᠴᠢᠨᠦ ᠡᠨᠡ ᠲᠣᠯᠣᠭᠠᠢ ᠳᠡᠭᠡᠷᠡᠬᠢ ᠴᠢᠨᠢ ᠶᠠᠭᠤ ᠪᠣᠢ? ᠭᠡᠰᠡᠨ ᠳ᠋ᠦ᠍ ᠪᠤᠬ᠎ᠠ ᠮᠢᠨᠦ ᠡᠨᠡ ᠪᠣᠯ ᠲᠩᠷᠢ ᠪᠤᠷᠬᠠᠨ ᠤ᠋ ᠬᠠᠢᠷᠠᠯᠠᠭᠰᠠᠨ ᠲᠡᠭ ᠬᠠᠷ᠎ᠠ ᠵᠢᠳᠠ ᠶᠤᠮ᠂ ᠲᠡᠷᠰᠯᠡᠵᠦ ᠢᠷᠡᠭᠰᠡᠨ ᠳᠠᠢᠰᠤᠨ ᠢ᠋ ᠲᠡᠰᠬᠡᠯ ᠦᠭᠡᠢ ᠰᠦᠯᠳᠡᠳᠡᠭ ᠶᠤᠮ ᠭᠡᠪᠡ᠃ ᠴᠢᠨᠣ᠎ᠠ ᠪᠠᠭᠠᠬᠠᠨ ᠭᠠᠢᠬᠠᠨ᠂ ᠪᠤᠬ᠎ᠠ ᠶ᠋ᠢᠨ ᠲᠥᠮᠥᠰᠥ ᠶ᠋ᠢ ᠵᠢᠭᠠᠵᠤ ᠠᠰᠠᠭᠤᠷᠤᠨ᠂ ᠴᠢᠨᠦ ᠡᠨᠡ ᠴᠢᠨᠢ ᠶᠠᠭᠤ ᠪᠣᠢ? ᠭᠡᠰᠡᠨ ᠳ᠋ᠦ᠍ ᠪᠤᠬ᠎ᠠ ᠬᠡᠯᠡᠪᠡ᠃ ᠮᠢᠨᠦ ᠡᠨᠡ ᠠᠪᠤ ᠡᠵᠢ ᠶ᠋ᠢᠨ ᠬᠠᠢᠷᠠᠯᠠᠭᠰᠠᠨ ᠠᠰᠠᠷ ᠭᠠᠰᠢᠭᠤᠨ ᠰᠣᠩᠭᠢᠨ᠎ᠠ᠂ ᠠᠷᠭᠠᠳᠠᠨ ᠴᠢᠨᠣ᠎ᠠ ᠶ᠋ᠢᠨ ᠮᠢᠬ᠎ᠠ ᠶ᠋ᠢ ᠠᠮᠲᠠᠯᠠᠵᠤ ᠢᠳᠡᠳᠡᠭ ᠶᠤᠮ ᠭᠡᠪᠡ᠃ ᠴᠢᠨᠣ᠎ᠠ ᠪᠤᠬᠠᠨ ᠠ᠋ᠴᠠ ᠠᠶᠤᠵᠤ ᠲᠥᠯᠥᠭᠡᠨ ᠬᠤᠴᠠᠨ ᠠ᠋ᠴᠠ ᠠᠰᠠᠭᠤᠪᠠ᠂ ᠴᠢᠨᠦ ᠨᠡᠷ᠎ᠡ ᠬᠡᠨ ᠭᠡᠳᠡᠭ ᠪᠣᠢ? ᠭᠡᠰᠡᠨ ᠳ᠋ᠦ᠍ ᠬᠤᠴᠠ ᠮᠢᠨᠦ ᠨᠡᠷ᠎ᠡ ᠶ᠋ᠢ ᠲᠣᠯᠣᠭᠠᠢ ᠶᠡᠬᠡᠲᠦ ᠲᠤᠩ ᠴᠠᠭᠠᠨ ᠭᠡᠳᠡᠭ ᠶᠤᠮ ᠭᠡᠪᠡ᠃ ᠴᠢᠨᠣ᠎ᠠ ᠬᠤᠴᠠ ᠶ᠋ᠢᠨ ᠡᠪᠡᠷ ᠢ᠋ ᠬᠠᠷᠠᠵᠤ ᠠᠰᠠᠭᠤᠪᠠ᠂ ᠴᠢᠨᠦ ᠡᠨᠡ ᠶᠠᠭᠤ ᠪᠣᠢ? ᠭᠡᠰᠡᠨ ᠳ᠋ᠦ᠍ ᠲᠥᠯᠥᠭᠡᠨ ᠬᠤᠴᠠ᠂ ᠮᠢᠨᠦ ᠡᠨᠡ ᠲᠩᠷᠢ ᠪᠤᠷᠬᠠᠨ ᠠ᠋ᠴᠠ ᠬᠠᠢᠷᠠᠯᠠᠭᠰᠠᠨ ᠲᠣᠮᠣ ᠬᠠᠷ᠎ᠠ ᠨᠤᠮᠤ᠂ ᠳᠣᠪᠲᠣᠯᠵᠤ ᠢᠷᠡᠭᠰᠡᠨ ᠴᠢᠨᠣ᠎ᠠ ᠶ᠋ᠢᠨ ᠲᠣᠯᠣᠭᠠᠢ ᠶ᠋ᠢ ᠬᠠᠭ᠎ᠠ ᠴᠣᠬᠢᠳᠠᠭ ᠶᠤᠮ ᠭᠡᠪᠡ᠃ ᠴᠢᠨᠣ᠎ᠠ ᠬᠤᠴᠠᠨ ᠠ᠋ᠴᠠ ᠪᠠᠰᠠ ᠠᠶᠤᠭᠠᠳ᠂ ᠰᠢᠳᠦᠯᠡᠩ ᠤᠬᠤᠨ᠎ᠠ ᠠ᠋ᠴᠠ ᠣᠴᠢᠵᠤ ᠠᠰᠠᠭᠤᠪᠠ᠃ ᠴᠢᠨᠦ ᠨᠡᠷ᠎ᠡ ᠬᠡᠨ ᠭᠡᠳᠡᠭ ᠪᠣᠢ? ᠭᠡᠰᠡᠨ ᠳ᠋ᠦ᠍ ᠤᠬᠤᠨ᠎ᠠ ᠬᠡᠯᠡᠪᠡ᠂ ᠮᠢᠨᠦ ᠨᠡᠷ᠎ᠡ ᠰᠡᠯᠡᠮ᠎ᠡ ᠶ᠋ᠢᠨ ᠡᠪᠡᠷᠲᠦ ᠰᠡᠩᠭᠡ ᠪᠠᠭᠠᠲᠤᠷ ᠰᠠᠬᠠᠯ ᠶᠡᠬᠡᠲᠦ ᠰᠠᠩᠴᠢ ᠬᠠᠭᠠᠨ ᠭᠡᠳᠡᠭ ᠭᠡᠪᠡ᠃ ᠴᠢᠨᠣ᠎ᠠ ᠶᠡᠬᠡᠲᠦ ᠭᠠᠢᠬᠠᠵᠤ ᠤᠬᠤᠨ᠎ᠠ ᠶ᠋ᠢᠨ ᠡᠪᠡᠷ ᠢ᠋ ᠵᠢᠭᠠᠵᠤ᠂ ᠡᠨᠡ ᠴᠢᠨᠢ ᠶᠠᠭᠤ ᠪᠣᠢ? ᠭᠡᠵᠦ ᠠᠰᠠᠭᠤᠭᠰᠠᠨ ᠳ᠋ᠤ᠌ ᠤᠬᠤᠨ᠎ᠠ ᠬᠡᠯᠡᠪᠡ᠃ ᠮᠢᠨᠦ ᠡᠨᠡ ᠡᠵᠡᠨ ᠲᠩᠷᠢ ᠡᠴᠡ ᠵᠠᠶᠠᠭᠠᠭᠰᠠᠨ ᠢᠷᠲᠦ ᠬᠢᠮᠤᠰᠤ᠂ ᠡᠷᠡᠰᠯᠡᠵᠦ ᠢᠷᠡᠭᠰᠡᠨ ᠴᠢᠨᠣ᠎ᠠ ᠶ᠋ᠢᠨ ᠡᠯᠢᠭᠡ ᠪᠥᠭᠡᠷ᠎ᠡ ᠶ᠋ᠢ ᠰᠦᠯᠳᠡᠳᠡᠭ ᠶᠤᠮ ᠭᠡᠵᠡᠢ᠃ ᠴᠢᠨᠣ᠎ᠠ ᠶᠡᠬᠡ ᠯᠡ ᠰᠦᠷᠳᠡᠵᠦ ᠪᠠᠯᠠᠮᠠᠭᠳᠠᠵᠤ ᠳᠡᠮᠡᠢ ᠯᠡ ᠤᠬᠤᠨ᠎ᠠ ᠶ᠋ᠢᠨ ᠲᠥᠮᠥᠰᠥ ᠶ᠋ᠢ ᠵᠢᠭᠠᠵᠤ᠂ ᠲᠠᠨ ᠤ᠋ ᠡᠨᠡ ᠲᠠᠨᠢ ᠶᠠᠭᠤ ᠪᠣᠢ? ᠭᠡᠵᠦ ᠠᠰᠠᠭᠤᠭᠰᠠᠨ ᠳ᠋ᠤ᠌᠂ ᠤᠬᠤᠨ᠎ᠠ ᠤᠯᠠᠮ ᠰᠦᠷ ᠪᠠᠳᠠᠷᠠᠭᠤᠯᠤᠨ ᠬᠡᠯᠡᠪᠡ᠃ ᠠ ᠡᠨᠡ ᠪᠣᠯ ᠲᠦᠭᠦᠬᠡᠢ ᠴᠢᠨᠣ᠎ᠠ ᠶ᠋ᠢᠨ ᠮᠢᠬ᠎ᠠ ᠶ᠋ᠢ ᠲᠥᠷᠥᠵᠦ ᠠᠮᠲᠠᠯᠠᠵᠤ ᠢᠳᠡᠳᠡᠭ᠂ ᠲᠦᠩᠭᠡᠷᠴᠡᠭ ᠰᠠᠪᠠ ᠲᠠᠢ ᠳᠠᠪᠤᠰᠤ ᠰᠣᠩᠭᠢᠨ᠎ᠠ ᠬᠣᠶᠠᠷ᠂ ᠲᠦᠷᠦᠭᠦᠯᠡᠵᠦ ᠢᠷᠡᠭᠰᠡᠨ ᠢ᠋ᠶ᠋ᠡᠷ ᠨᠢ ᠣᠳᠣ ᠴᠢᠮ᠎ᠠ ᠶ᠋ᠢ ᠢᠳᠡᠶ᠎ᠡ ᠭᠡᠳ ᠳᠣᠷᠭᠢᠵᠤ ᠳᠠᠪᠬᠢᠭᠰᠠᠨ ᠳ᠋ᠤ᠌᠂ ᠥᠨᠥᠬᠢ ᠴᠢᠨᠣ᠎ᠠ ᠤᠬᠠᠭᠠᠨ ᠦᠭᠡᠢ ᠠᠶᠤᠵᠤ᠂ ᠤᠷᠲᠤ ᠬᠠᠷ᠎ᠠ ᠴᠠᠴᠤᠭ ᠬᠠᠶᠠᠨ ᠤᠬᠤᠰᠬᠢᠨ ᠳᠡᠭᠦᠯᠢᠵᠦ ᠭᠣᠣᠯ ᠤ᠋ᠨ ᠮᠥᠰᠥᠨ ᠳᠡᠭᠡᠭᠦᠷ ᠬᠠᠷᠠᠢᠵᠤ ᠭᠣᠳ ᠬᠠᠳᠬᠤᠨ ᠳᠤᠲᠠᠭᠠᠵᠠᠢ᠃ ᠤᠬᠤᠨ᠎ᠠ ᠤᠯᠠᠮ ᠠᠶᠤᠯᠭᠠᠬᠤ ᠭᠡᠵᠦ ᠬᠣᠢᠨ᠎ᠠ ᠠ᠋ᠴᠠ ᠨᠢ ᠢᠯᠡᠳᠡᠵᠦ ᠶᠠᠪᠤᠲᠠᠯ᠎ᠠ ᠮᠥᠰᠥᠨ ᠳᠡᠭᠡᠷ᠎ᠡ ᠬᠠᠯᠲᠤᠷᠢᠭᠠᠳ᠂ ᠰᠠᠯᠳᠠᠢ ᠪᠠᠨ ᠬᠠᠭᠠᠯᠴᠢᠬᠠᠵᠠᠢ᠃ ᠡᠨᠡᠬᠦ ᠰᠠᠯᠳᠠᠢ ᠪᠠᠨ ᠬᠠᠭᠠᠯᠤᠭᠰᠠᠨ ᠢ᠋ᠶ᠋ᠠᠨ ᠴᠢᠨᠣ᠎ᠠ ᠳ᠋ᠤ᠌ ᠮᠡᠳᠡᠭᠳᠡᠬᠦ ᠦᠭᠡᠢ ᠭᠡᠵᠦ ᠬᠣᠢᠨ᠎ᠠ ᠠ᠋ᠴᠠ ᠨᠢ ᠥᠨᠳᠥᠷ ᠳᠠᠭᠤ ᠪᠠᠷ ᠬᠠᠰᠬᠢᠷᠤᠨ᠂ ᠴᠢᠮ᠎ᠠ ᠶ᠋ᠢ ᠳ᠋ᠠ! ᠪᠢ ᠥᠮᠥᠳᠦᠨ ᠦ᠌ ᠳᠠᠯᠠᠢ ᠲᠠᠰᠤᠷᠠᠭ᠎ᠠ ᠦᠭᠡᠢ ᠪᠣᠯ ᠭᠡᠵᠦ ᠶᠡᠬᠡ ᠯᠡ ᠵᠠᠨᠤᠭᠰᠠᠭᠠᠷ ᠬᠣᠴᠣᠷᠴᠠᠢ᠃
ᠢᠩᠭᠢᠵᠦ ᠴᠢᠨᠣ᠎ᠠ ᠶ᠋ᠢ ᠠᠶᠤᠯᠭᠠᠭᠠᠳ ᠲᠡᠷᠡ ᠭᠤᠷᠪᠠᠨ ᠮᠠᠯ ᠨᠣᠭᠣᠭ᠎ᠠ ᠭᠠᠷᠤᠭᠰᠠᠨ ᠬᠣᠢᠨ᠎ᠠ ᠭᠡᠷ ᠲᠡᠭᠡᠨ ᠬᠠᠷᠢᠵᠤ ᠰᠦᠷᠦᠭ ᠲᠡᠭᠡᠨ ᠨᠡᠢᠯᠡᠭᠡᠳ ᠠᠮᠤᠷ ᠰᠠᠢᠬᠠᠨ ᠵᠢᠷᠭᠠᠵᠤ ᠭᠡᠨ᠎ᠡ᠃
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
