ᠮᠡᠷᠭᠡᠨ ᠰᠢᠭᠦᠭᠴᠢMergen shüügch Мэргэн шүүгч ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠡᠷᠭᠡᠨ ᠰᠢᠭᠦᠭᠴᠢMergen shüügch Мэргэн шүүгч

ᠮᠡᠷᠭᠡᠨ ᠰᠢᠭᠦᠭᠴᠢMergen shüügch Мэргэн шүүгч

ᠠᠩᠭᠢᠯᠠᠯ:ᠳᠣᠮᠣᠭ ᠦᠯᠢᠭᠡᠷ
2026-01-13

1915

ᠮᠡᠷᠭᠡᠨ ᠰᠢᠭᠦᠭᠴᠢ

                 ᠳᠣᠮᠣᠭ ᠦᠯᠢᠭᠡᠷ
        ᠡᠷᠲᠡ ᠤᠷᠢᠳᠤ ᠴᠠᠭ ᠲᠤ᠌ ᠶᠡᠬᠡ ᠪᠠᠶᠠᠨ ᠮᠥᠷᠲᠡᠭᠡᠨ ᠮᠠᠰᠢ ᠬᠠᠷᠠᠮᠴᠢ ᠨᠢᠭᠡ ᠬᠥᠮᠦᠨ ᠪᠠᠢᠵᠠᠢ᠃ ᠲᠡᠷᠡ ᠨᠢᠭᠡᠨ ᠡᠳᠦᠷ ᠵᠠᠭᠤᠨ ᠶᠠᠩᠴᠢᠶᠠᠨ ᠲᠠᠢ ᠮᠥᠩᠭᠥᠨ ᠦ᠌ ᠪᠡᠨ ᠲᠦᠷᠡᠢᠪᠴᠢ ᠶ᠋ᠢ ᠭᠡᠭᠡᠴᠢᠬᠡᠵᠡᠢ᠃ ᠭᠡᠲᠡᠯ᠎ᠡ ᠲᠡᠭᠦᠨ ᠢ᠋ ᠨᠢ ᠬᠣᠶᠠᠷ ᠶᠠᠳᠠᠭᠤ ᠬᠥᠮᠦᠨ ᠵᠠᠮ ᠳᠡᠭᠡᠷ᠎ᠡ ᠡᠴᠡ ᠣᠯᠤᠭᠠᠳ ᠬᠣᠰᠢᠭᠤ ᠨᠤᠲᠤᠭ ᠤ᠋ᠨ ᠢ᠋ᠶ᠋ᠠᠨ ᠬᠠᠤᠯᠢ ᠴᠠᠭᠠᠵᠠ ᠶ᠋ᠢᠨ ᠲᠦᠰᠢᠮᠡᠯ ᠳ᠋ᠦ᠍ ᠲᠤᠰᠢᠶᠠᠨ ᠥᠭᠴᠡᠢ᠃ ᠥᠨᠥ ᠪᠠᠶᠠᠨ ᠬᠥᠮᠦᠨ ᠮᠥᠩᠭᠥ ᠪᠡᠨ ᠬᠠᠶᠠᠭᠰᠠᠨ ᠢ᠋ᠶ᠋ᠠᠨ ᠮᠡᠳᠡᠮᠡᠭᠴᠡ᠂ ᠲᠡᠭᠦᠨ ᠳ᠋ᠡᠭᠡᠨ ᠶᠡᠬᠡ ᠬᠠᠷᠠᠮᠰᠠᠨ᠂ ᠬᠣᠭᠣᠯᠠ ᠤᠮᠳᠠ ᠪᠠᠨ ᠴᠤ᠌ ᠢᠳᠡᠵᠦ ᠤᠤᠭᠤᠯ ᠦᠭᠡᠢ᠂ ᠳᠠᠷᠤᠢ ᠶᠠᠪᠤᠵᠤ ᠬᠠᠤᠯᠢ ᠴᠠᠭᠠᠵᠠ ᠶ᠋ᠢᠨ ᠲᠦᠰᠢᠮᠡᠯ ᠳ᠋ᠦ᠍ ᠮᠡᠳᠡᠭᠦᠯᠬᠦ ᠪᠡᠷ ᠣᠷᠣᠲᠠᠯ᠎ᠠ ᠲᠦᠷᠡᠢᠪᠴᠢ ᠨᠢ ᠲᠡᠭᠦᠨ ᠦ᠌ ᠳᠡᠷᠭᠡᠳᠡ ᠪᠠᠢᠬᠤ ᠶ᠋ᠢ ᠦᠵᠡᠭᠡᠳ ᠪᠠᠶᠠᠷᠯᠠᠭᠰᠠᠨ ᠳ᠋ᠠᠭᠠᠨ ᠠᠷᠭ᠎ᠠ ᠦᠭᠡᠢ ᠰᠢᠭᠦᠷᠦᠨ ᠠᠪᠴᠠᠢ᠃ ᠲᠡᠭᠡᠲᠡᠯ᠎ᠡ ᠲᠦᠰᠢᠮᠡᠯ᠂
       — ᠲᠠ ᠶᠠᠭᠤᠨ ᠳ᠋ᠤ᠌ ᠡᠨᠡ ᠲᠦᠷᠡᠢᠪᠴᠢ ᠶ᠋ᠢ ᠳᠤᠷ᠎ᠠ ᠮᠡᠳᠡᠨ ᠠᠪᠤᠪᠠ ᠭᠡᠰᠡᠨ ᠳ᠋ᠦ᠍᠂ ᠨᠥᠭᠦᠭᠡ ᠪᠠᠶᠠᠨ᠂ ᠪᠢ ᠡᠨᠡ ᠲᠦᠷᠡᠢᠪᠴᠢ ᠶ᠋ᠢ ᠭᠡᠭᠡᠭᠳᠡᠭᠦᠯᠦᠭᠰᠡᠨ ᠪᠢᠯᠡ᠃ ᠬᠠᠷᠢᠨ ᠲᠦᠰᠢᠮᠡᠯ ᠲᠠᠨ ᠤ᠋ ᠬᠠᠵᠠᠭᠤ ᠳ᠋ᠤ᠌ ᠪᠠᠢᠬᠤ ᠪᠠᠷ ᠨᠢ ᠠᠪᠤᠭᠰᠠᠨ ᠶᠤᠮ ᠭᠡᠵᠡᠢ᠃ ᠦᠨᠡᠬᠡᠷ ᠲᠠᠨ ᠤ᠋ ᠲᠦᠷᠡᠢᠪᠴᠢ ᠮᠥᠨ ᠶᠤᠮ ᠪᠣᠯ ᠣᠯᠤᠭᠰᠠᠨ ᠬᠥᠮᠦᠨ ᠳ᠋ᠦ᠍ ᠨᠢ ᠱᠠᠩᠨᠠᠬᠤ ᠬᠠᠷᠠᠮ ᠢ᠋ ᠨᠢ ᠥᠭᠬᠦ ᠬᠡᠷᠡᠭᠲᠡᠢ᠃ ᠭᠡᠬᠦ ᠳ᠋ᠡᠭᠡᠨ ᠡᠭᠦᠨ ᠢ᠋ ᠴᠣᠬᠣᠮ ᠬᠡᠳᠦᠨ ᠶᠠᠩᠴᠢᠶᠠᠨ ᠲᠠᠢ ᠬᠠᠶᠠᠭᠰᠠᠨ ᠪᠣᠢ? ᠭᠡᠵᠦ ᠲᠦᠰᠢᠮᠡᠯ ᠢ᠋ ᠯᠠᠪᠯᠠᠨ ᠠᠰᠠᠭᠤᠬᠤ ᠳ᠋ᠤ᠌᠂ ᠪᠠᠶᠠᠨ ᠤ᠋ ᠴᠢᠷᠠᠢ ᠭᠡᠨᠡᠳᠲᠡ ᠪᠠᠷᠤᠶ᠋ᠢᠰᠬᠢᠨ ᠬᠤᠪᠢᠷᠠᠵᠤ᠂ ᠡᠨᠡ ᠴᠢᠨᠢ ᠮᠢᠨᠦ ᠶᠠᠩᠴᠢᠶᠠᠨ ᠠ᠋ᠴᠠ ᠪᠠᠰᠠ ᠬᠣᠷᠣᠭᠠᠬᠤ ᠶᠤᠮ ᠪᠠᠢᠨ᠎ᠠ ᠰᠢᠦ ᠭᠡᠰᠡᠨ ᠬᠠᠷᠠᠮᠰᠠᠬᠤ ᠰᠡᠳᠬᠢᠯ ᠭᠱᠠᠨ ᠵᠠᠭᠤᠷ᠎ᠠ ᠲᠥᠷᠥᠵᠦ᠂ ᠪᠢ ᠲᠦᠷᠡᠢᠪᠴᠢ ᠪᠡᠨ ᠬᠣᠶᠠᠷ ᠵᠠᠭᠤᠨ ᠶᠠᠩᠴᠢᠶᠠᠨ ᠲᠠᠢ ᠭᠡᠭᠡᠭᠳᠡᠭᠦᠯᠦᠭᠰᠡᠨ ᠶᠤᠮ᠃ ᠬᠠᠷᠢᠨ ᠵᠠᠭᠤ ᠨᠢ ᠡᠨᠳᠡ ᠪᠠᠢᠨ᠎ᠠ᠂ ᠪᠤᠰᠤᠳ ᠢ᠋ ᠨᠢ ᠣᠯᠤᠭᠰᠠᠨ ᠬᠥᠮᠦᠨ ᠠᠪᠤᠭᠰᠠᠨ ᠪᠠᠢᠯᠭᠦᠢ ᠳ᠋ᠠ᠃ ᠲᠡᠭᠦᠨ ᠢ᠋ ᠱᠠᠩᠨᠠᠯ ᠪᠣᠯᠭᠠᠶ᠎ᠠ ᠭᠡᠵᠡᠢ᠃ ᠬᠠᠤᠯᠢ ᠴᠠᠭᠠᠵᠠ ᠶ᠋ᠢᠨ ᠲᠦᠰᠢᠮᠡᠯ ᠲᠦᠷᠡᠢᠪᠴᠢ ᠲᠡᠢ ᠮᠥᠩᠭᠥ ᠣᠯᠤᠭᠰᠠᠨ ᠬᠥᠮᠦᠨ ᠳ᠋ᠦ᠍ ᠵᠠᠭᠤᠨ ᠶᠠᠩᠴᠢᠶᠠᠨ ᠢ᠋ᠶ᠋ᠠᠷ ᠱᠠᠩᠨᠠᠨ᠎ᠠ ᠭᠡᠵᠦ ᠪᠠᠢᠭ᠎ᠠ ᠶᠤᠮ ᠪᠢᠰᠢ ᠶᠤ᠌ ᠳ᠋ᠠ ᠭᠡᠵᠦ ᠨᠤᠲᠠᠯᠠᠨ ᠠᠰᠠᠭᠤᠪᠠᠯ ᠬᠠᠷᠠᠮᠴᠢ ᠪᠠᠶᠠᠨ ᠰᠠᠨᠳᠤᠷᠤᠨ᠂ ᠮᠠᠨ ᠤ᠋ ᠬᠢᠨ᠂ ᠬᠡᠳᠦᠨ  ᠦᠶ᠎ᠡ ᠳ᠋ᠡᠭᠡᠨ ᠬᠡᠳᠦᠢᠨᠡᠢ ᠪᠤᠶᠠᠨ ᠬᠡᠰᠢᠭ ᠲᠡᠢ ᠶᠠᠪᠤᠭᠰᠠᠨ ᠤᠯᠤᠰ᠂ ᠠᠷᠪᠠᠨ ᠴᠠᠭᠠᠨ ᠪᠤᠶᠠᠨ ᠢ᠋ ᠮᠢᠨᠢ ᠬᠠᠳᠠᠭᠠᠯᠠᠵᠤ ᠶᠠᠪᠤᠭᠰᠠᠨ ᠡᠨᠡ ᠲᠦᠷᠡᠢᠪᠴᠢ ᠶ᠋ᠢ ᠣᠯᠤᠭᠰᠠᠨ ᠬᠥᠮᠦᠨ ᠳ᠋ᠦ᠍ ᠮᠢᠩᠭᠠᠨ ᠶᠠᠩᠴᠢᠶᠠᠨ ᠢ᠋ᠶ᠋ᠠᠨ ᠦᠭᠯᠡᠬᠦᠢ ᠶᠠᠭᠠᠬᠢᠪᠠ ᠳ᠋ᠠ ᠭᠡᠵᠦ ᠠᠵᠢᠭ ᠦᠭᠡᠢᠬᠡᠨ ᠥᠭᠦᠯᠡᠵᠡᠢ᠃ ᠭᠡᠲᠡᠯ᠎ᠡ ᠲᠦᠰᠢᠮᠡᠯ ᠡᠨᠡ ᠲᠦᠷᠡᠢᠪᠴᠢ ᠲᠠᠨ ᠤ᠋ ᠪᠢᠰᠢ ᠪᠠᠢᠬᠤ ᠨᠢ᠂ ᠶᠠᠭᠠᠬᠢᠭᠠᠳ ᠭᠡᠪᠡᠯ ᠡᠭᠦᠨ ᠳ᠋ᠦ᠍ ᠬᠣᠶᠠᠷ ᠵᠠᠭᠤᠨ ᠶᠠᠩᠴᠢᠶᠠᠨ ᠪᠠᠢᠭ᠎ᠠ ᠦᠭᠡᠢ᠂ ᠬᠠᠷᠢᠨ ᠨᠢᠭᠡ ᠵᠠᠭᠤᠨ ᠶᠠᠩᠴᠢᠶᠠᠨ ᠪᠠᠢᠭᠰᠠᠨ ᠶᠤᠮ᠃ ᠡᠭᠦᠨ ᠢ᠋ ᠪᠠᠰᠠ ᠨᠢᠭᠡ ᠴᠦ᠍ ᠬᠥᠮᠦᠨ ᠣᠯᠤᠭ᠎ᠠ ᠦᠭᠡᠢ᠂ ᠬᠣᠶᠠᠷ ᠬᠥᠮᠦᠨ ᠣᠯᠤᠭᠰᠠᠨ ᠵᠡᠷᠭᠡ ᠭᠡᠷᠡᠴᠢ ᠪᠠᠷᠢᠮᠲᠠ ᠪᠣᠢ! ᠡᠢᠮᠦ ᠲᠦᠷᠡᠢᠪᠴᠢ ᠲᠡᠢ ᠮᠥᠩᠭᠥ ᠶ᠋ᠢ ᠲᠠᠨ ᠳ᠋ᠤ᠌ ᠥᠭᠬᠦ ᠵᠣᠬᠢᠰ ᠦᠭᠡᠢ ᠶᠤᠮ ᠪᠠᠶ᠋ᠢᠨ᠎ᠠ᠃ ᠬᠠᠷᠢᠨ ᠲᠠ ᠲᠦᠷᠡᠢᠪᠴᠢ ᠪᠡᠨ ᠱᠠᠯᠠᠪᠳᠠᠨ ᠡᠷᠢᠪᠡᠯ ᠣᠯᠬᠤ ᠴᠤ᠌ ᠶᠠᠭᠤᠨ ᠮᠠᠭᠠᠳ ᠭᠡᠵᠡᠢ᠃ ᠡᠭᠦᠨ ᠢ᠋ ᠰᠣᠨᠣᠰᠤᠭᠰᠠᠨ ᠬᠠᠷᠠᠮᠴᠢ ᠪᠠᠶᠠᠨ ᠤᠴᠢᠷ ᠦᠭᠡᠢ ᠰᠠᠨᠳᠤᠷᠴᠤ ᠡᠷᠬᠢᠮ ᠲᠦᠰᠢᠮᠡᠯ ᠳ᠋ᠦ᠍ ᠦᠨᠡᠨ ᠢ᠋ ᠥᠴᠢᠬᠦ ᠳ᠋ᠦ᠍᠂ ᠡᠨᠡ ᠲᠦᠷᠡᠢᠪᠴᠢ ᠲᠡᠢ ᠮᠥᠩᠭᠥ ᠮᠢᠨᠦᠬᠢ ᠯᠠᠪ ᠲᠠᠢ ᠮᠥᠨ ᠪᠢᠯᠡ᠃ ᠬᠠᠷᠢᠨ ᠣᠯᠤᠭᠰᠠᠨ ᠬᠥᠮᠦᠨ ᠳ᠋ᠦ᠍ ᠨᠢ ᠮᠥᠩᠭᠥ ᠥᠭᠬᠦ ᠦᠭᠡᠢ ᠭᠡᠵᠦ ᠤᠪ ᠮᠡᠬᠡ ᠬᠡᠷᠡᠭᠯᠡᠬᠦ ᠭᠡᠰᠡᠨ ᠡᠴᠡ ᠡᠨᠡᠬᠦ ᠲᠠᠰᠢᠶ᠎ᠠ ᠪᠣᠯᠬᠤ ᠭᠡᠮᠡᠨ ᠦᠨᠡᠨ ᠪᠠᠢᠳᠠᠯ ᠢ᠋ᠶ᠋ᠠᠨ ᠤᠴᠢᠷᠯᠠᠨ ᠬᠡᠯᠡᠵᠦ ᠥᠷᠥᠰᠢᠶᠡᠯ ᠠᠭᠤᠴᠢᠯᠠᠯᠲᠠ ᠭᠤᠶᠤᠵᠠᠢ᠃ ᠲᠡᠭᠡᠬᠦ ᠪᠡᠷ ᠨᠢ ᠲᠦᠰᠢᠮᠡᠯ᠂ ᠵᠠ ᠲᠡᠭᠡᠪᠡᠯ ᠲᠠ ᠠᠮᠠᠯᠠᠭᠰᠠᠨ ᠶᠣᠰᠣᠭᠠᠷ ᠲᠦᠷᠡᠢᠪᠴᠢ ᠣᠯᠤᠭᠰᠠᠨ ᠡᠨᠡ ᠬᠥᠮᠦᠰ ᠲᠦ᠍ ᠵᠠᠭᠤᠨ ᠶᠠᠩᠴᠢᠶᠠᠨ ᠢ᠋ ᠱᠠᠩᠨᠠᠵᠤ ᠪᠣᠯᠤᠨ᠎ᠠ ᠪᠣᠯᠬᠤ ᠨᠢ ᠵᠦᠢᠲᠡᠢ ᠪᠣᠯᠬᠤ ᠨᠢ ᠭᠡᠰᠡᠨ ᠳ᠋ᠦ᠍ ᠪᠠᠶᠠᠨ ᠬᠡᠯᠡᠭᠰᠡᠨ ᠳ᠋ᠡᠭᠡᠨ ᠬᠦᠷᠬᠦ ᠡᠴᠡ ᠠᠷᠭ᠎ᠠ ᠦᠭᠡᠢ ᠪᠣᠯᠵᠤ᠂ ᠬᠣᠭᠣᠰᠣᠨ ᠲᠦᠷᠡᠢᠪᠴᠢ ᠶ᠋ᠢ ᠡᠪᠦᠷᠯᠡᠨ ᠬᠠᠷᠢᠵᠠᠢ᠃
        ᠡᠭᠦᠨ ᠡᠴᠡ ᠬᠣᠢᠰᠢ ᠲᠡᠷᠡ ᠲᠦᠰᠢᠮᠡᠯ ᠢ᠋ ᠲᠥᠷᠥ ᠶ᠋ᠢᠨ ᠮᠡᠷᠭᠡᠨ ᠰᠢᠭᠦᠭᠴᠢ ᠭᠡᠮᠡᠨ ᠨᠡᠷᠡᠯᠡᠭᠰᠡᠨ ᠠᠵᠢ᠃

      ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ᠂