ᠤᠯᠠᠭᠠᠨ ᠮᠠᠯᠠᠭᠠᠢᠲᠤUlaan malgait Улаан малгайт ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠮᠠᠯᠠᠭᠠᠢᠲᠤUlaan malgait Улаан малгайт

ᠤᠯᠠᠭᠠᠨ ᠮᠠᠯᠠᠭᠠᠢᠲᠤUlaan malgait Улаан малгайт

ᠠᠩᠭᠢᠯᠠᠯ:ᠳᠣᠮᠣᠭ ᠦᠯᠢᠭᠡᠷ
2026-01-12

1170

ᠤᠯᠠᠭᠠᠨ ᠮᠠᠯᠠᠭᠠᠢᠲᠤ


       ᠡᠷᠲᠡ ᠤᠷᠢᠳᠤ ᠶ᠋ᠢᠨ ᠴᠠᠭ ᠲᠤ᠌ ᠨᠢᠭᠡᠨ ᠲᠣᠰᠬᠣᠨ ᠳ᠋ᠤ᠌᠂ ᠳᠡᠯᠡᠬᠡᠢ ᠳᠡᠭᠡᠷ᠎ᠡ ᠪᠠᠢᠬᠤ ᠦᠭᠡᠢ ᠬᠥᠭᠡᠷᠦᠬᠦᠨ ᠪᠢᠴᠢᠬᠠᠨ ᠥᠬᠢᠨ ᠰᠠᠭᠤᠳᠠᠭ ᠪᠠᠢᠵᠠᠢ᠃
     ᠡᠬᠡ ᠨᠢ ᠲᠡᠭᠦᠨ  ᠳ᠋ᠡᠭᠡᠨ ᠤᠬᠠᠭᠠᠨ ᠦᠭᠡᠢ ᠬᠠᠢᠷᠠᠲᠠᠢ ᠪᠠᠢᠬᠤ ᠳ᠋ᠤ᠌᠂ ᠡᠮᠡᠭᠡ ᠡᠬᠡ ᠨᠢ ᠪᠦᠷ ᠢᠯᠡᠭᠦᠦ ᠬᠠᠢᠷᠠᠲᠠᠢ ᠪᠠᠢᠵᠠᠢ᠂ ᠠᠢ ᠥᠬᠢᠨ ᠦ᠌ ᠪᠡᠨ ᠲᠥᠷᠥᠭᠰᠡᠨ ᠡᠳᠦᠷ ᠦ᠋ᠨ ᠣᠢ ᠳ᠋ᠤ᠌ ᠵᠣᠷᠢᠭᠤᠯᠵᠤ᠂ ᠡᠮᠡᠭᠡ ᠡᠬᠡ ᠨᠢ ᠤᠯᠠᠭᠠᠨ ᠮᠠᠯᠠᠭᠠᠢ ᠪᠡᠯᠡᠭᠯᠡᠵᠦ ᠥᠭᠴᠡᠢ᠃
    ᠲᠡᠭᠦᠨ ᠡᠴᠡ ᠬᠣᠢᠰᠢ ᠥᠬᠢᠨ ᠬᠠᠮᠢᠭᠠᠰᠢ ᠪᠠᠨ᠂ ᠶᠠᠭᠤᠨ ᠳ᠋ᠤ᠌ ᠴᠤ᠌ ᠶᠠᠪᠤᠭᠰᠠᠨ ᠳ᠋ᠤ᠌ ᠂ᠥᠨᠥ ᠭᠣᠶᠣ ᠤᠯᠠᠭᠠᠨ ᠮᠠᠯᠠᠭᠠᠢ ᠪᠠᠨ ᠡᠮᠦᠰᠴᠦ ᠶᠠᠪᠤᠳᠠᠭ ᠪᠣᠯᠤᠭᠰᠠᠨ ᠳ᠋ᠤ᠌᠂ ᠠᠢᠯ ᠤ᠋ᠨ ᠬᠢᠨᠢ ᠬᠥᠮᠦᠰ᠂ ᠤᠯᠠᠭᠠᠨ ᠮᠠᠯᠠᠭᠠᠢᠲᠤ ᠮᠠᠨᠢ ᠯᠠ ᠢᠷᠡᠵᠦ ᠪᠠᠢᠨ᠎ᠠ ᠭᠡᠵᠦ ᠶᠠᠷᠢᠯᠴᠠᠳᠠᠭ ᠪᠠᠢᠪᠠ᠃
     ᠡᠬᠡ ᠨᠢ ᠨᠢᠭᠡ ᠡᠳᠦᠷ ᠠᠮᠲᠠᠲᠠᠢ ᠬᠤᠤᠱᠤᠤᠷ ᠬᠢᠭᠡᠳ ᠥᠬᠢᠨ ᠳ᠋ᠦ᠍ ᠪᠡᠨ᠂ ᠤᠯᠠᠭᠠᠨ ᠮᠠᠯᠠᠭᠠᠢᠲᠤ ᠠ᠋᠂ ᠴᠢ ᠡᠮᠡᠭᠡ ᠡᠵᠢ ᠳ᠋ᠦ᠍ ᠪᠡᠨ ᠡᠨᠡ ᠬᠤᠤᠱᠤᠤᠷ᠂ ᠰᠠᠪᠠ ᠲᠠᠢ ᠲᠣᠰᠣ ᠬᠣᠶᠠᠷ ᠢ᠋ ᠠᠪᠠᠴᠢᠵᠤ ᠥᠭᠭᠦᠭᠡᠳ ᠪᠡᠶ᠎ᠡ ᠨᠢ ᠶᠠᠮᠠᠷ ᠱᠣᠣ ᠪᠠᠢᠭ᠎ᠠ ᠶ᠋ᠢ ᠮᠡᠳᠡᠭᠡᠳ ᠢᠷ᠎ᠡ ᠭᠡᠵᠦ ᠬᠡᠯᠡᠪᠡ᠃
    ᠤᠯᠠᠭᠠᠨ ᠮᠠᠯᠠᠭᠠᠢᠲᠤ ᠶᠠᠭᠤᠮ᠎ᠠ ᠪᠠᠨ ᠠᠪᠤᠭᠠᠳ ᠡᠮᠡᠭᠡ ᠡᠬᠡ ᠳᠡᠭᠡᠷ᠎ᠡ ᠪᠡᠨ ᠣᠴᠢᠬᠤ ᠪᠠᠷ ᠦᠦᠷ ᠢ᠋ᠶ᠋ᠡᠷ ᠲᠣᠰᠬᠣᠨ ᠤᠷᠤᠭᠤ ᠶᠠᠪᠤᠵᠠᠢ᠂ ᠥᠬᠢᠨ ᠢ᠋ ᠣᠢ ᠮᠣᠳᠣ ᠪᠠᠷ ᠶᠠᠪᠤᠵᠤ ᠪᠠᠢᠲᠠᠯ᠎ᠠ᠂ ᠵᠠᠮ ᠳᠡᠭᠡᠷ᠎ᠡ ᠨᠢᠭᠡ ᠰᠠᠭᠠᠷᠠᠯ ᠴᠢᠨᠣ᠎ᠠ ᠲᠠᠢ ᠲᠣᠬᠢᠶᠠᠯᠳᠤᠵᠠᠢ᠂ ᠴᠢᠨᠣ᠎ᠠ ᠤᠯᠠᠭᠠᠨ ᠮᠠᠯᠠᠭᠠᠢᠲᠤ ᠶ᠋ᠢ ᠢᠳᠡᠬᠦ ᠭᠡᠵᠦ ᠬᠦᠰᠡᠭᠰᠡᠨ ᠪᠣᠯᠪᠠᠴᠤ᠂ ᠮᠣᠳᠣᠴᠢᠨ ᠬᠢᠩ ᠦ᠋ᠨ ᠮᠣᠳᠣ ᠴᠠᠪᠴᠢᠬᠤ ᠰᠦᠬᠡᠨ ᠦ᠌ ᠳᠠᠭᠤ ᠣᠢᠷᠠᠬᠠᠨ ᠳᠤᠤᠭᠠᠷᠤᠭᠠᠳ ᠪᠠᠢᠬᠤ ᠪᠠᠷ ᠵᠣᠷᠢᠭ ᠨᠢ ᠬᠦᠷᠦᠭᠰᠡᠨ ᠦᠭᠡᠢ᠂ ᠤᠯᠠᠭᠠᠨ ᠮᠠᠯᠠᠭᠠᠢᠲᠤ ᠳ᠋ᠤ᠌ ᠣᠷᠣᠢᠳᠠᠪᠠ᠃
     ᠤᠯᠠᠭᠠᠨ ᠮᠠᠯᠠᠭᠠᠢᠲᠤ ᠴᠢᠨᠣ᠎ᠠ ᠲᠠᠢ ᠲᠠᠭᠠᠷᠠᠯᠳᠤᠬᠤ ᠨᠢ ᠠᠶᠤᠯᠲᠠᠢ ᠭᠡᠳᠡᠭ ᠢ᠋ ᠣᠭᠲᠣᠬᠠᠨ ᠴᠤ᠌ ᠮᠡᠳᠡᠬᠦ ᠦᠭᠡᠢ ᠤᠴᠢᠷ᠂ ᠴᠢᠨᠣ᠎ᠠ ᠲᠠᠢ ᠮᠡᠨᠳᠦᠯᠡᠭᠡᠳ᠂ ᠡᠮᠡᠭᠡ ᠡᠬᠡ ᠳ᠋ᠦ᠍ ᠪᠡᠨ ᠡᠨᠡ ᠬᠤᠤᠱᠤᠤᠷ᠂ ᠲᠣᠰᠣ ᠠᠪᠠᠴᠢᠵᠤ ᠥᠭᠬᠦ ᠪᠡᠷ ᠶᠠᠪᠤᠨ᠎ᠠ ᠭᠡᠪᠡ᠃
      ᠴᠢᠨᠦ ᠡᠮᠡᠭᠡ ᠡᠬᠡ ᠴᠢᠨᠢ ᠬᠣᠯᠠ ᠪᠠᠢᠳᠠᠭ ᠤᠤ ᠭᠡᠵᠦ ᠴᠢᠨᠣ᠎ᠠ ᠠᠰᠠᠭᠤᠪᠠ᠃
     ᠨᠡᠯᠢᠶᠡᠳ ᠵᠠᠢᠲᠠᠢ᠂ ᠲᠡᠷᠡ ᠬᠠᠷᠠᠭᠳᠠᠵᠤ ᠪᠠᠢᠭ᠎ᠠ ᠲᠣᠰᠬᠣᠨ ᠳ᠋ᠤ᠌᠂ ᠲᠡᠭᠡᠷᠮ᠎ᠡ ᠶ᠋ᠢᠨ ᠴᠠᠭᠠᠨ᠎ᠠ᠂ ᠲᠣᠰᠬᠣᠨ ᠤ᠋ ᠵᠠᠬ᠎ᠠ ᠶ᠋ᠢᠨ ᠨᠢᠭᠡᠳᠦᠭᠡᠷ ᠪᠠᠢᠰᠢᠩ ᠭᠡᠵᠦ ᠤᠯᠠᠭᠠᠨ ᠮᠠᠯᠠᠭᠠᠢᠲᠤ ᠬᠠᠷᠢᠭᠤᠯᠪᠠ᠃
   ᠲᠡᠭᠡᠪᠡᠯ ᠪᠢ ᠴᠦ᠍ ᠭᠡᠰᠡᠨ ᠡᠮᠡᠭᠡ ᠡᠬᠡ ᠶ᠋ᠢ ᠴᠢᠨᠢ ᠦᠵᠡᠬᠦ ᠪᠡᠷ ᠬᠦᠰᠡᠵᠦ ᠪᠠᠢᠨ᠎ᠠ᠂ ᠪᠢ ᠡᠨᠡ ᠵᠠᠮ ᠢ᠋ᠶ᠋ᠠᠷ ᠶᠠᠪᠤᠶ᠎ᠠ᠂ ᠴᠢ ᠲᠡᠷᠡ ᠵᠠᠮ ᠢ᠋ᠶ᠋ᠠᠷ ᠶᠠᠪᠤ᠂ ᠬᠡᠨ ᠨᠢ ᠲᠦᠷᠦᠭᠦᠯᠡᠵᠦ ᠬᠦᠷᠬᠦ ᠶ᠋ᠢ ᠦᠵᠡᠶ᠎ᠡ ᠭᠡᠵᠦ ᠴᠢᠨᠣ᠎ᠠ ᠬᠡᠯᠡᠪᠡ᠃
     ᠴᠢᠨᠣ᠎ᠠ ᠥᠪᠡᠷ ᠦ᠋ᠨ ᠢ᠋ᠶ᠋ᠡᠨ ᠲᠦᠳᠡ ᠭᠡᠰᠡᠨ ᠵᠠᠮ ᠢ᠋ᠶ᠋ᠠᠷ ᠭᠦᠶᠦᠪᠡ᠂ ᠬᠠᠷᠢᠨ ᠤᠯᠠᠭᠠᠨ ᠮᠠᠯᠠᠭᠠᠢᠲᠤ ᠥᠬᠢᠨ ᠬᠠᠮᠤᠭ ᠤ᠋ᠨ ᠲᠣᠭᠣᠷᠢᠭᠤ ᠵᠠᠮ ᠢ᠋ᠶ᠋ᠠᠷ ᠂ᠵᠠᠮ ᠵᠠᠭᠤᠷ᠎ᠠ ᠵᠣᠭᠰᠣᠵᠤ ᠴᠡᠴᠡᠭ ᠦ᠋ᠨ ᠪᠠᠭᠯᠠᠭ᠎ᠠ ᠬᠢᠬᠦ ᠪᠡᠷ ᠴᠡᠴᠡᠭ ᠵᠣᠯᠭᠠᠭᠰᠠᠭᠠᠷ᠂ ᠶᠠᠭᠠᠷᠠᠯ ᠦᠭᠡᠢ ᠶᠠᠪᠤᠪᠠ᠂ ᠥᠬᠢᠨ ᠢ᠋ ᠲᠡᠭᠡᠷᠡᠮ᠎ᠡ ᠴᠦ᠍ ᠬᠦᠷᠴᠦ ᠠᠮᠵᠢᠭ᠎ᠠ ᠦᠭᠡᠢ ᠶᠠᠪᠤᠬᠤ ᠳ᠋ᠤ᠌ ᠴᠢᠨᠣ᠎ᠠ ᠬᠡᠳᠦᠢᠨᠡᠢ ᠡᠮᠡᠭᠡ ᠡᠬᠡ ᠬᠢᠨᠢ ᠪᠠᠢᠰᠢᠩ ᠳ᠋ᠤ᠌ ᠬᠦᠷᠴᠦ᠂ ᠡᠭᠦᠳᠡ ᠶ᠋ᠢ ᠨᠢ ᠲᠤᠭ ᠲᠤᠭ ᠭᠡᠲᠡᠯ᠎ᠡ ᠲᠣᠭᠰᠢᠪᠠ᠃
     ᠬᠡᠨ ᠪᠣᠢ ᠭᠡᠵᠦ ᠤᠯᠠᠭᠠᠨ ᠮᠠᠯᠠᠭᠠᠢᠲᠤ ᠶ᠋ᠢᠨ ᠡᠮᠡᠭᠡ ᠡᠬᠡ ᠠᠰᠠᠭᠤᠬᠤ ᠳ᠋ᠤ᠌᠂
     ᠪᠢ ᠪᠠᠢᠨ᠎ᠠ᠂ ᠲᠠᠨ ᠤ᠋ ᠥᠬᠢᠨ ᠤᠯᠠᠭᠠᠨ ᠮᠠᠯᠠᠭᠠᠢᠲᠤ᠂ ᠲᠠᠨ ᠳ᠋ᠤ᠌ ᠬᠤᠤᠱᠤᠤᠷ᠂ ᠲᠣᠰᠣ ᠠᠪᠴᠤ ᠠᠢᠯᠴᠢᠯᠠᠵᠤ ᠢᠷᠡᠯ᠎ᠡ ᠭᠡᠵᠦ ᠴᠢᠨᠣ᠎ᠠ ᠨᠠᠷᠢᠨ ᠳᠠᠭᠤ ᠪᠠᠷ ᠬᠠᠷᠢᠭᠤᠯᠪᠠ᠃
    ᠡᠨᠡ ᠦᠶ᠎ᠡ ᠳ᠋ᠦ᠍ ᠲᠡᠷᠡ ᠬᠥᠭᠰᠢᠨ ᠡᠪᠡᠳᠴᠢᠨ ᠲᠡᠢ ᠣᠷᠣᠨ ᠳ᠋ᠤ᠌ ᠪᠠᠨ ᠬᠡᠪᠲᠡᠵᠦ ᠪᠠᠢᠵᠠᠢ᠂ ᠲᠡᠭᠡᠭᠡᠳ ᠦᠨᠡᠬᠡᠷ ᠤᠯᠠᠭᠠᠨ ᠮᠠᠯᠠᠭᠠᠢᠲᠤ ᠢᠷᠡᠯ᠎ᠡ ᠭᠡᠵᠦ ᠪᠣᠳᠣᠭᠠᠳ᠂ ᠥᠬᠢᠨ ᠮᠢᠨᠢ᠂ ᠨᠠᠭᠠᠳᠤ ᠣᠯᠣᠰᠣ ᠠ᠋ᠴᠠ ᠨᠢ ᠲᠡᠳᠡ᠂ ᠲᠡᠭᠡᠬᠦ ᠪᠡᠷ ᠨᠢ ᠡᠭᠦᠳᠡ ᠴᠢᠨᠢ ᠣᠩᠭᠣᠢᠨ᠎ᠠ ᠭᠡᠵᠦ ᠬᠠᠰᠬᠢᠷᠪᠠ ᠃
     ᠴᠢᠨᠣ᠎ᠠ ᠣᠯᠣᠰᠣᠨ ᠠ᠋ᠴᠠ ᠳᠤᠭᠲᠤᠷᠤᠮᠠᠭᠴᠠ ᠬᠠᠭᠠᠯᠭ᠎ᠠ ᠨᠢ ᠣᠩᠭᠣᠢᠪᠠ᠂ ᠭᠤᠷᠪᠠᠨ ᠡᠳᠦᠷ ᠶᠠᠭᠤ ᠴᠤ᠌ ᠢᠳᠡᠭᠡ ᠦᠭᠡᠢ ᠥᠯᠥᠰᠬᠦᠯᠡᠩ ᠴᠢᠨᠣ᠎ᠠ᠂ ᠬᠥᠭᠰᠢᠨ ᠳᠠᠰᠢ ᠦᠰᠦᠷᠴᠦ᠂《 ᠬᠦ᠂ ᠶᠧ》 ᠭᠡᠬᠦ ᠶ᠋ᠢᠨ ᠵᠠᠪ ᠥᠭᠦᠯᠡᠬᠦ ᠦᠭᠡᠢ ᠪᠡᠷ ᠲᠡᠭᠦᠨ ᠢ᠋ ᠵᠠᠯᠭᠢᠴᠢᠬᠠᠪᠠ᠃
   ᠲᠡᠭᠡᠭᠡᠳ ᠡᠭᠦᠳᠡ ᠶ᠋ᠢ ᠨᠢ ᠬᠠᠭᠠᠵᠤ᠂ ᠬᠥᠭᠡᠷᠦᠬᠦᠢ ᠬᠥᠭᠰᠢᠨ ᠦ᠌ ᠣᠷᠣᠨ ᠳᠣᠲᠣᠷ᠎ᠠ ᠬᠡᠪᠲᠡᠭᠡᠳ᠂ ᠤᠯᠠᠭᠠᠨ ᠮᠠᠯᠠᠭᠠᠢᠲᠤ ᠶ᠋ᠢ ᠬᠦᠯᠢᠶᠡᠵᠦ ᠪᠠᠢᠪᠠ᠂ ᠥᠬᠢᠨ ᠤᠳᠠᠭᠰᠠᠨ ᠴᠤ᠌ ᠦᠭᠡᠢ ᠬᠦᠷᠴᠦ ᠢᠷᠡᠭᠡᠳ ᠡᠭᠦᠳᠡ ᠶ᠋ᠢ ᠨᠢ ᠲᠤᠭ ᠲᠤᠭ ᠲᠣᠭᠰᠢᠪᠠ᠃
    ᠬᠡᠨ ᠪᠣᠢ ᠭᠡᠵᠦ ᠴᠢᠨᠣ᠎ᠠ ᠶ᠋ᠢ ᠠᠰᠠᠭᠤᠬᠤ ᠳ᠋ᠤ᠌᠂ ᠴᠢᠨᠣ᠎ᠠ ᠶ᠋ᠢᠨ ᠳᠠᠭᠤ ᠪᠦᠳᠦᠭᠦᠨ ᠶᠠᠬᠢᠷ ᠰᠣᠨᠣᠰᠤᠭᠳᠠᠪᠠ᠃ ᠤᠯᠠᠭᠠᠨ ᠮᠠᠯᠠᠭᠠᠢᠲᠤ ᠶᠡᠬᠡᠯ᠎ᠡ ᠠᠶᠤᠭᠰᠠᠨ ᠢ᠋ᠶ᠋ᠠᠨ᠂ ᠡᠮᠡᠭᠡ ᠡᠵᠢ ᠮᠢᠨᠢ᠂ ᠮᠠᠭᠠᠳ ᠰᠠᠯᠬᠢᠨ ᠳ᠋ᠤ᠌ ᠴᠣᠬᠢᠭᠤᠯᠵᠤ ᠬᠣᠭᠣᠯᠠᠢ ᠨᠢ ᠰᠥᠭᠡᠭᠰᠡᠨ ᠪᠠᠢᠬᠤ ᠳᠠ ᠭᠡᠵᠦ ᠪᠣᠳᠣᠭᠠᠳ᠂ ᠪᠢ ᠪᠠᠢᠨ᠎ᠠ᠂ ᠥᠬᠢᠨ ᠴᠢᠨᠢ ᠲᠠᠨ ᠳ᠋ᠤ᠌ ᠬᠤᠤᠱᠤᠤᠷ ᠲᠣᠰᠣ ᠠᠪᠴᠢᠷᠠᠯ᠎ᠠ ᠭᠡᠵᠦ ᠬᠡᠯᠡᠪᠡ᠃
     ᠴᠢᠨᠣ᠎ᠠ ᠬᠠᠨᠢᠶᠠᠯᠭᠠᠵᠤ ᠪᠠᠢᠭᠠᠳ ᠨᠠᠷᠢᠨ ᠳᠠᠭᠤ ᠪᠠᠷ᠂ ᠥᠬᠢᠨ ᠮᠢᠨᠢ᠂ ᠨᠠᠭᠠᠳᠤ ᠣᠯᠣᠰᠣᠨ ᠠ᠋ᠴᠠ ᠨᠢ ᠲᠡᠳᠡ᠂ ᠲᠡᠭᠡᠬᠦ ᠳ᠋ᠦ᠍ ᠡᠭᠦᠳᠡ ᠴᠢᠨᠢ ᠣᠩᠭᠣᠢᠨ᠎ᠠ ᠭᠡᠪᠡ᠂
ᠤᠯᠠᠭᠠᠨ ᠮᠠᠯᠠᠭᠠᠢᠲᠤ ᠣᠯᠣᠰᠣᠨ ᠠ᠋ᠴᠠ ᠨᠢ ᠲᠠᠲᠠᠮᠠᠭᠴᠠ ᠣᠩᠭᠣᠢᠪᠠ᠂ ᠥᠬᠢᠨ ᠢ᠋ ᠪᠠᠢᠰᠢᠩ ᠳ᠋ᠤ᠌ ᠣᠷᠣᠬᠤ ᠳ᠋ᠤ᠌ ᠴᠢᠨᠣ᠎ᠠ ᠬᠥᠨᠵᠢᠯᠡ ᠳᠣᠣᠭᠤᠷ ᠨᠢᠭᠤᠭᠳᠠᠵᠤ᠂ ᠥᠬᠢᠨ ᠮᠢᠨᠢ᠂ ᠬᠤᠤᠱᠤᠤᠷ ᠢ᠋ᠶ᠋ᠠᠨ ᠰᠢᠷᠡᠭᠡᠨ ᠳᠡᠭᠡᠷ᠎ᠡ᠂ ᠲᠣᠰᠣ ᠪᠠᠨ ᠲᠠᠯᠪᠢᠭᠤᠷ ᠳᠡᠭᠡᠷ᠎ᠡ ᠲᠠᠯᠪᠢᠴᠢᠬᠠᠭᠠᠷᠠᠢ ᠂ ᠲᠡᠭᠡᠭᠡᠳ ᠥᠪᠡᠷ ᠢ᠋ᠶ᠋ᠡᠨ ᠮᠢᠨᠦ ᠬᠠᠵᠠᠭᠤ ᠪᠠᠷ ᠬᠡᠪᠲᠡ᠂ ᠬᠥᠭᠡᠷᠦᠬᠦᠢ ᠴᠢ ᠮᠢᠨᠢ ᠶᠡᠬᠡᠯ᠎ᠡ ᠶᠠᠳᠠᠷᠠᠭ᠎ᠠ ᠪᠢᠵᠡ ᠭᠡᠪᠡ᠃
   ᠤᠯᠠᠭᠠᠨ ᠮᠠᠯᠠᠭᠠᠢᠲᠤ ᠴᠢᠨᠣ᠎ᠠ ᠶ᠋ᠢᠨ ᠬᠠᠵᠠᠭᠤ ᠪᠠᠷ ᠣᠷᠣᠵᠤ ᠬᠡᠪᠲᠡᠭᠡᠳ᠂ ᠡᠮᠡᠭᠡ ᠠ᠋᠂ ᠶᠠᠭᠠᠬᠢᠭᠠᠳ ᠭᠠᠷ ᠴᠢᠨᠢ ᠡᠢᠮᠦ ᠲᠣᠮᠣ ᠪᠠᠢᠭ᠎ᠠ ᠶᠤᠮ ᠪᠣᠢ ᠭᠡᠵᠦ ᠠᠰᠠᠭᠤᠬᠤ ᠳ᠋ᠤ᠌᠂ ᠴᠢᠮ᠎ᠠ ᠶ᠋ᠢ ᠴᠢᠩᠭ᠎ᠠ ᠲᠡᠪᠡᠷᠢᠬᠦ ᠭᠡᠵᠦ ᠡᠢᠮᠦ ᠪᠣᠯᠤᠭᠰᠠᠨ ᠶᠤᠮ᠂ ᠥᠬᠢᠨ ᠮᠢᠨᠢ ᠭᠡᠪᠡ᠃ ᠡᠮᠡᠭᠡ ᠠ᠋᠂ ᠶᠠᠮᠠᠷ ᠤᠴᠢᠷ ᠠ᠋ᠴᠠ ᠴᠢᠬᠢ ᠴᠢᠨᠢ ᠡᠢᠮᠦ ᠲᠣᠮᠣ ᠪᠠᠢᠭ᠎ᠠ ᠶᠤᠮ ᠪᠣᠢ ᠭᠡᠬᠦ ᠳ᠋ᠦ᠍᠂ ᠶᠠᠭᠤᠮ᠎ᠠ ᠰᠠᠢᠨ ᠰᠣᠨᠣᠰᠬᠤ ᠭᠡᠵᠦ ᠲᠡᠢᠮᠦ ᠲᠣᠮᠣ ᠪᠠᠢᠭ᠎ᠠ ᠶᠤᠮ᠂ ᠥᠬᠢᠨ ᠮᠢᠨᠢ ᠭᠡᠪᠡ᠃ ᠡᠮᠡᠭᠡ ᠠ᠋᠂ ᠨᠢᠳᠦ ᠴᠢᠨᠢ ᠶᠠᠭᠠᠬᠢᠭᠠᠳ ᠡᠢᠮᠦ ᠲᠣᠮᠣ ᠪᠠᠢᠭ᠎ᠠ ᠶᠤᠮ ᠪᠣᠢ ᠭᠡᠬᠦ ᠳ᠋ᠦ᠍᠂ ᠶᠠᠭᠤᠮ᠎ᠠ ᠰᠠᠢᠨ ᠬᠠᠷᠠᠬᠤ ᠭᠡᠵᠦ ᠲᠡᠢᠮᠦ ᠪᠠᠢᠭ᠎ᠠ ᠶᠤᠮ᠂ ᠥᠬᠢᠨ ᠮᠢᠨᠢ ᠭᠡᠪᠡ᠃ ᠡᠮᠡᠭᠡ ᠠ᠋᠂ ᠶᠠᠭᠠᠬᠢᠭᠠᠳ ᠰᠢᠳᠦ ᠴᠢᠨᠢ ᠡᠢᠮᠦ ᠲᠣᠮᠣ ᠪᠠᠢᠭ᠎ᠠ ᠶᠤᠮ ᠪᠣᠢ ᠭᠡᠬᠦ ᠳ᠋ᠦ᠍᠂ ᠠ᠂ ᠡᠨᠡ ᠪᠣᠯ ᠴᠢᠮ᠎ᠠ ᠶ᠋ᠢ ᠲᠦᠷᠭᠡᠨ ᠢᠳᠡᠬᠦ ᠶ᠋ᠢᠨ ᠲᠤᠯᠠᠳᠠ ᠡᠢᠮᠦ ᠲᠣᠮᠣ ᠪᠣᠯᠤᠭᠰᠠᠨ ᠶᠤᠮ᠂ ᠥᠬᠢᠨ ᠮᠢᠨᠢ ᠭᠡᠳ ᠤᠯᠠᠭᠠᠨ ᠮᠠᠯᠠᠭᠠᠢᠲᠤ ᠶ᠋ᠢ《 ᠬᠠᠢ》 ᠭᠡᠬᠦ ᠶ᠋ᠢᠨ ᠵᠠᠪ ᠦᠭᠡᠢ ᠮᠠᠭᠤ ᠭᠠᠢᠬᠠᠯ ᠴᠢᠨᠣ᠎ᠠ᠂ ᠭᠤᠲᠤᠯ ᠮᠠᠯᠠᠭᠠᠢ ᠲᠠᠢ ᠨᠢ ᠵᠠᠯᠭᠢᠴᠢᠬᠠᠪᠠ᠃
    ᠬᠠᠷᠢᠨ ᠠᠵᠠ ᠪᠣᠯᠵᠤ᠂ ᠡᠨᠡ ᠦᠶ᠎ᠡ ᠳ᠋ᠦ᠍ ᠪᠠᠢᠰᠢᠩ ᠤ᠋ᠨ ᠬᠠᠵᠠᠭᠤ ᠪᠠᠷ ᠰᠦᠬᠡ ᠪᠡᠨ ᠮᠥᠷᠦᠨ ᠳᠡᠭᠡᠷ᠎ᠡ ᠪᠡᠨ ᠲᠠᠯᠪᠢᠴᠢᠬᠠᠭᠰᠠᠨ ᠲᠦᠯᠡᠭᠡᠴᠢᠳ ᠶᠠᠪᠤᠵᠤ ᠪᠠᠢᠭᠠᠳ᠂ ᠪᠠᠢᠰᠢᠩ ᠳ᠋ᠤ᠌ ᠶᠡᠬᠡ ᠴᠢᠮᠡᠭᠡ ᠭᠠᠷᠬᠤ ᠶ᠋ᠢ ᠰᠣᠨᠣᠰᠤᠭᠠᠳ ᠣᠷᠣᠵᠤ ᠨᠥᠭᠦᠭᠡ ᠴᠢᠨᠣ᠎ᠠ ᠶ᠋ᠢ ᠠᠯᠠᠵᠤ᠂ ᠭᠡᠳᠡᠰᠦ ᠶ᠋ᠢ ᠨᠢ ᠬᠠᠭᠠᠯᠲᠠᠯ᠎ᠠ ᠤᠯᠠᠭᠠᠨ ᠮᠠᠯᠠᠭᠠᠢᠲᠤ᠂ ᠳᠠᠷᠠᠭ᠎ᠠ ᠨᠢ ᠡᠮᠡᠭᠡ ᠡᠬᠡ ᠨᠢ ᠭᠠᠷᠴᠤ ᠢᠷᠡᠪᠡ᠃
      ᠲᠡᠭᠡᠭᠡᠳ ᠬᠥᠭᠡᠷᠦᠬᠦᠢ ᠬᠥᠭᠰᠢᠨ ᠡᠬᠡ᠂ ᠠᠴᠢ ᠥᠬᠢᠨ ᠲᠡᠢ ᠪᠡᠨ ᠶᠠᠮᠠᠷᠴᠤ ᠠᠶᠤᠯ ᠭᠡᠮᠲᠦᠯ ᠦᠭᠡᠢ ᠡᠰᠡᠨ ᠮᠡᠨᠳᠦ ᠠᠭᠤᠯᠵᠠᠪᠠ᠃

                 ᠦᠰᠦᠭ ᠬᠠᠳᠠᠭᠴᠢ᠄ ᠠᠯᠲᠠᠨᠴᠢᠮᠡᠭ
                 ᠦᠰᠦᠭ ᠠᠮᠢᠯᠠᠭᠤᠯᠤᠭᠴᠢ᠄ ᠤᠤᠭᠠᠨᠵᠢᠳ
                 ᠬᠢᠨᠠᠭᠴᠢ᠄ ᠮᠡᠷᠬᠡᠨᠪᠢᠯᠢᠭ