ᠪᠣᠰᠤᠭ᠎ᠠ ᠮᠣᠩᠭᠣᠯ ᠦᠰᠦᠭ ᠢ᠋ᠶ᠋ᠡᠨ ᠴᠠᠬᠢᠮ ᠣᠷᠴᠢᠨ ᠳ᠋ᠤ᠌ ᠡᠳᠦᠷ ᠪᠦᠷᠢ ᠪᠢᠴᠢᠵᠦ ᠬᠡᠷᠡᠭᠯᠡᠶ᠎ᠡ20260112
ᠪᠣᠰᠤᠭ᠎ᠠ ᠮᠣᠩᠭᠣᠯ ᠦᠰᠦᠭ ᠢ᠋ᠶ᠋ᠡᠨ ᠴᠠᠬᠢᠮ ᠣᠷᠴᠢᠨ ᠳ᠋ᠤ᠌ ᠡᠳᠦᠷ ᠪᠦᠷᠢ ᠪᠢᠴᠢᠵᠦ ᠬᠡᠷᠡᠭᠯᠡᠶ᠎ᠡ20260112
1. ᠦᠵᠢᠶᠡᠳ ᠡᠷᠳᠡᠨᠢᠴᠡᠴᠡᠭ
ᠳᠥᠷᠪᠡᠨ ᠪᠠᠷᠰ᠄ ᠵᠡᠪᠡ᠂ ᠵᠠᠯᠮ᠎ᠠ᠂ ᠰᠦᠪᠡᠲᠡᠢ᠂ ᠬᠤᠪᠢᠯᠠᠢ
2. ᠭᠠᠸᠠ
ᠦᠨᠡᠨᠴᠢ ᠰᠡᠳᠬᠢᠯ ᠳ᠋ᠦ᠍ ᠦᠬᠡᠷ ᠴᠢᠯᠠᠭᠤ ᠴᠤ᠌ ᠤᠶᠠᠷᠠᠳᠠᠭ —ᠣᠶᠤᠨ ᠪᠢᠴᠢᠭᠯᠡᠭᠦᠷ ᠦ᠋ᠨ ᠵᠦᠢᠷ ᠦᠭᠡ
3. ᠨᠠᠮᠵᠢᠯ
ᠪᠢᠳᠡ᠂ ᠪᠣᠰᠤᠭ᠎ᠠ ᠮᠣᠩᠭᠣᠯ ᠦᠰᠦᠭ ᠢ᠋ᠶ᠋ᠡᠨ ᠴᠠᠬᠢᠮ ᠣᠷᠴᠢᠨ ᠳ᠋ᠤ᠌ ᠢᠯᠡᠭᠦᠬᠡᠨ ᠬᠡᠷᠡᠭᠯᠡᠬᠦ ᠪᠡᠷ ᠬᠠᠮᠲᠤᠪᠠᠷ ᠢ᠋ᠶ᠋ᠠᠨ ᠴᠢᠷᠮᠠᠢᠶ᠎ᠠ!
4. ᠠᠯᠲᠠᠨᠴᠢᠮᠡᠭ
ᠶᠣᠰᠣ ᠴᠠᠭᠠᠵᠠ ᠶ᠋ᠢ ᠬᠢᠴᠢᠶᠡᠨ ᠰᠠᠬᠢᠪᠠᠰᠤ
ᠶᠢᠷᠲᠢᠨᠴᠦ ᠳᠡᠯᠡᠬᠡᠢ ᠳ᠋ᠦ᠍ᠷ ᠨᠡᠷ᠎ᠡ ᠮᠠᠨᠳᠤᠮᠤᠢ
ᠶᠡᠬᠡᠰ ᠬᠥᠮᠦᠰ ᠦ᠋ᠨ ᠦᠭᠡ ᠶ᠋ᠢ ᠳᠠᠭᠠᠪᠠᠰᠤ
ᠢᠷᠭᠡᠨ ᠣᠯᠠᠨ ᠳ᠋ᠠᠭᠠᠨ ᠳᠠᠭᠤᠷᠢᠶᠠᠯ ᠪᠣᠯᠤᠮᠤᠢ᠃ ( ᠰᠤᠳᠤᠷ ᠤ᠋ᠨ ᠴᠢᠭᠤᠯᠭᠠᠨ)
5.ᠨᠤᠮᠤᠴᠢᠨ ᠪᠢᠯᠢᠭ
ᠰᠠᠢᠨ ᠬᠥᠮᠦᠨ ᠢ᠋ ᠪᠣᠳᠣᠵᠤ ᠰᠠᠭᠤᠬᠤ ᠳ᠋ᠤ᠌ ᠰᠡᠳᠬᠢᠯ ᠭᠡᠷᠡᠯᠲᠦᠨ᠎ᠡ
ᠰᠠᠢᠬᠠᠨ ᠬᠥᠮᠦᠨ ᠢ᠋ ᠬᠠᠷᠠᠵᠤ ᠶᠠᠪᠤᠬᠤ ᠳ᠋ᠤ᠌ ᠨᠢᠳᠦ ᠭᠡᠷᠡᠯᠲᠦᠨ᠎ᠡ
ᠢᠲᠡᠭᠡᠯᠲᠦ ᠬᠥᠮᠦᠨ ᠢ᠋ ᠰᠠᠨᠠᠵᠤ ᠰᠠᠭᠤᠬᠤ ᠳ᠋ᠤ᠌ ᠵᠢᠷᠤᠮ ᠭᠡᠷᠡᠯᠲᠦᠨ᠎ᠡ
ᠵᠢᠳᠬᠦᠯᠳᠦ ᠬᠥᠮᠦᠨ ᠢ᠋ ᠬᠠᠷᠠᠵᠤ ᠶᠠᠪᠤᠬᠤ ᠳ᠋ᠤ᠌ ᠤᠷᠮ᠎ᠠ ᠭᠡᠷᠡᠯᠲᠦᠨ᠎ᠡ᠃
6. ᠪᠠᠶᠠᠨᠬᠠᠩᠭᠠᠢ ᠄
ᠲᠥᠷᠥᠭᠰᠡᠨ ᠨᠤᠲᠤᠭ ᠲᠠᠢ ᠪᠠᠨ ᠪᠠᠢᠪᠠᠯ ᠠᠮᠢᠳᠤᠷᠠᠯ ᠬᠡᠵᠢᠶᠡᠳᠡ ᠲᠠᠢᠪᠤᠩ
ᠲᠥᠷᠥᠯᠬᠢ ᠬᠡᠯᠡ ᠲᠡᠢ ᠪᠡᠨ ᠪᠠᠢᠪᠠᠯ ᠮᠣᠩᠭᠣᠯ ᠬᠡᠵᠢᠶᠡᠳᠡ ᠠᠮᠤᠭᠤᠯᠠᠩ᠃
7. ᠰᠤᠪᠤᠳ
ᠲᠠᠢᠪᠤᠩ ᠪᠠᠶᠠᠰᠤᠯ ᠤᠷᠲᠤ ᠨᠠᠰᠤᠯᠠᠬᠤ ᠶ᠋ᠢᠨ ᠵᠢᠮ᠎ᠡ᠂
ᠲᠠᠮᠢᠷ ᠰᠤᠪᠢᠯᠠᠯᠲᠠ ᠤᠳᠠᠭᠠᠨ ᠵᠢᠷᠭᠠᠬᠤ ᠶ᠋ᠢᠨ ᠲᠣᠮ
ᠡᠬᠡ ᠪᠠᠢᠭᠠᠯᠢ ᠶ᠋ᠢᠨ ᠠᠷᠢᠭᠤᠨ ᠡᠨᠧᠷᠭᠢ ᠶ᠋ᠢᠨ ᠰᠢᠮ᠎ᠡ᠂
ᠡᠪᠡᠳᠴᠢᠨ ᠢ᠋ ᠠᠷᠢᠯᠭᠠᠵᠤ ᠨᠠᠰᠤ ᠶ᠋ᠢ ᠤᠷᠲᠤᠳᠬᠠᠬᠤ ᠠᠳᠢᠰ᠃
8. ᠰᠣᠨᠢᠨᠴᠡᠴᠡᠭ ᠂
ᠮᠣᠩᠭᠣᠯ ᠬᠡᠯᠡ
ᠲᠩᠷᠢ ᠶ᠋ᠢᠨ ᠲᠤᠯᠭᠠᠭᠤᠷᠢ ᠭᠠᠵᠠᠷ ᠤ᠋ᠨ ᠪᠠᠭᠠᠨ᠎ᠠ
ᠲᠩᠷᠢᠯᠢᠭ ᠪᠣᠰᠤᠭ᠎ᠠ ᠮᠣᠩᠭᠣᠯ ᠬᠡᠯᠡ
ᠳᠡᠯᠡᠬᠡᠢ ᠳ᠋ᠦ᠍ ᠭᠠᠭᠴᠠ ᠣᠷᠴᠢᠯᠠᠩ ᠳ᠋ᠤ᠌ ᠬᠣᠪᠣᠷ
ᠲᠠᠮᠢᠷᠯᠢᠭ ᠵᠣᠭᠰᠣᠭ᠎ᠠ ᠮᠣᠩᠭᠣᠯ ᠬᠡᠯᠡ
ᠤᠩᠰᠢᠬᠤ ᠳ᠋ᠤ᠌ ᠢᠯᠭᠤᠮ ᠰᠣᠨᠣᠰᠬᠤ ᠳ᠋ᠤ᠌ ᠠᠶᠠᠲᠠᠢ
ᠤᠷᠤᠰᠤᠮ᠎ᠠ ᠢᠷᠠᠭᠤ ᠮᠣᠩᠭᠣᠯ ᠬᠡᠯᠡ
ᠬᠡᠯᠡᠬᠦ ᠳ᠋ᠦ᠍ ᠤᠷᠠᠨ ᠬᠡᠷᠡᠭᠯᠡᠬᠦ ᠳ᠋ᠦ᠍ ᠳᠥᠭᠥᠮ
ᠬᠡᠯᠡᠨ ᠦ᠌ ᠮᠠᠩᠯᠠᠢ ᠮᠣᠩᠭᠣᠯ ᠬᠡᠯᠡ᠃
9. ᠦᠵᠢᠶᠡᠳ ᠡᠷᠳᠡᠨᠢᠴᠡᠴᠡᠭ
ᠴᠢᠩᠭᠢᠰ ᠦ᠋ᠨ ᠳᠥᠷᠪᠡ ᠵᠠᠯᠭᠠᠮᠵᠢ
ᠳᠥᠷᠪᠡᠨ ᠨᠣᠬᠠᠢ᠄ ᠭᠢᠯᠥᠭᠡᠲᠡᠢ᠂ ᠵᠦᠷᠴᠢᠲᠠᠢ᠂ ᠴᠦᠯᠭᠦᠳᠠᠢ᠂ ᠬᠣᠢᠯᠲᠠᠷ ᠃
ᠳᠥᠷᠪᠡᠨ ᠠᠨᠳᠠ᠄ ᠥᠯᠥᠢ᠂ ᠵᠠᠮᠤᠬ᠎ᠠ᠂ ᠵᠠᠬ᠎ᠠ ᠬᠠᠮᠪᠤ᠂ ᠢᠰᠢᠬᠡᠮᠥ
ᠳᠥᠷᠪᠡᠨ ᠮᠡᠷᠭᠡᠳ᠄ᠳᠠᠳᠤᠩᠭᠠ᠂ ᠶᠸᠯᠢᠦᠢ ᠴᠦᠽᠡᠢ᠂ ᠴᠠᠩ ᠴᠦᠨ ᠪᠣᠮᠪᠣ ᠴᠢᠦ ᠴᠦ ᠵᠢᠢ᠂ ᠵᠢᠩᠭᠠᠢ
10. ᠭᠠᠹᠠᠯᠮ᠎ᠠ
ᠬᠥᠮᠦᠰ ᠦ᠋ᠨ ᠬᠥᠭᠡᠭᠡᠴᠡᠯᠳᠦᠳᠡᠭ ᠪᠦᠳᠦᠭᠦᠯᠢᠭ ᠵᠣᠷᠢᠯᠲᠠ— ᠡᠳ᠋ ᠬᠥᠷᠥᠩᠭᠡ᠂ ᠨᠡᠷ᠎ᠡ ᠠᠯᠳᠠᠷ᠂ ᠭᠣᠶᠣᠮᠰᠣᠭ ᠠᠮᠢᠳᠤᠷᠠᠯ— ᠡᠳᠡᠭᠡᠷ ᠢ᠋ ᠪᠦᠷ ᠵᠢᠭᠰᠢᠭᠦᠷᠢᠲᠡᠢ ᠭᠡᠵᠦ ᠪᠢ ᠦᠵᠡᠨ᠎ᠡ᠃ ᠠᠢᠨᠰᠲ᠋ᠧᠨ
11. ᠰᠣᠨᠢᠨᠴᠡᠴᠡᠭ ᠂
ᠮᠣᠩᠭᠣᠯ ᠬᠡᠯᠡ ᠪᠡᠷ ᠰᠤᠷᠤᠭᠰᠠᠨ ᠬᠦᠦ ᠶ᠋ᠢᠨ ᠰᠦᠯᠳᠡ ᠨᠢ ᠲᠠᠩᠳᠠ ᠵᠣᠭᠰᠣᠭ᠎ᠠ ᠪᠠᠢᠳᠠᠭ᠂
ᠮᠣᠩᠭᠣᠯ ᠬᠡᠯᠡ ᠪᠡᠷ ᠰᠤᠷᠤᠭᠰᠠᠨ ᠬᠡᠦᠬᠡᠨ ᠦ᠌ ᠬᠡᠢᠮᠣᠷᠢ ᠨᠢ ᠲᠠᠩᠳᠠ ᠪᠣᠰᠤᠭ᠎ᠠ ᠪᠠᠢᠳᠠᠭ᠃
12. ᠰᠤᠪᠤᠳ
ᠪᠢ ᠡᠷᠡᠭᠦᠯ ᠴᠢᠬᠢᠷᠡᠭ᠂ᠪᠢ ᠵᠣᠯ ᠵᠢᠷᠭᠠᠯ ᠲᠠᠢ᠂ᠪᠢ ᠪᠠᠶᠠᠨ ᠲᠠᠩᠰᠤᠭ᠃
13. ᠭᠠᠹᠠᠯᠮ᠎ᠠ
ᠮᠢᠨᠦ ᠨᠤᠲᠤᠭ ᠤ᠋ᠨ ᠭᠤᠷᠪᠠᠨ ᠬᠦᠯᠢᠶᠡᠨ
ᠲᠣᠮᠣᠭᠣᠯᠠᠭᠠᠳ ᠳᠠᠯᠪᠠᠭᠰᠠᠨ ᠰᠢᠭ᠋ ᠭᠤᠷᠪᠠᠨ ᠣᠪᠣᠭ᠎ᠠ ᠡᠯᠡᠰᠦ ᠶ᠋ᠢ ᠶᠡᠬᠡ ᠬᠦᠯᠢᠶᠡᠨ᠂ᠳᠤᠮᠳᠠ ᠬᠦᠯᠢᠶᠡᠨ᠂ ᠪᠠᠭ᠎ᠠ ᠬᠦᠯᠢᠶᠡᠨ ᠭᠡᠮᠡᠨ ᠲᠤᠰ ᠲᠤᠰ ᠨᠡᠷᠡᠯᠡᠳᠡᠭ᠃
ᠡᠨᠡ ᠨᠤᠲᠤᠭ ᠲᠤ᠌ ᠡᠪᠡᠰᠦ ᠪᠡᠯᠴᠢᠭᠡᠷ ᠥᠩᠰᠢᠭ ᠵᠤᠵᠠᠭᠠᠨ᠂ ᠮᠠᠯ ᠰᠦᠷᠦᠭ ᠥᠨᠢᠷ ᠥᠳᠬᠡᠨ ᠪᠠᠢᠳᠠᠭ ᠰᠠᠨ᠃
ᠥᠨᠥᠬᠡᠨ ᠪᠣᠯᠲᠠᠯ᠎ᠠ ᠡᠨᠳᠡᠬᠢ ᠮᠠᠯᠴᠢᠳ ᠵᠤᠨ ᠤ᠋ ᠳᠡᠯᠭᠡᠷ ᠰᠠᠢᠬᠠᠨ ᠤᠯᠠᠷᠢᠯ ᠵᠤᠰᠠᠯᠠᠩ ᠳ᠋ᠠᠭᠠᠨ ᠭᠠᠷᠬᠤ ᠪᠠᠷ ᠠᠴᠠᠶᠠ ᠬᠥᠰᠬᠡ ᠪᠡᠨ ᠪᠡᠯᠡᠳᠬᠡᠵᠦ ᠬᠥᠯ ᠪᠣᠯᠳᠠᠭ᠃
ᠰᠢᠯᠤᠭᠤᠨ ᠬᠥᠪᠡᠭᠡᠲᠦ ᠴᠠᠭᠠᠨ᠂ ᠰᠢᠯᠤᠭᠤᠨ ᠬᠥᠬᠡ ᠬᠣᠶᠠᠷ ᠬᠤᠰᠢᠭᠤᠨ ᠤ᠋ ᠠᠢᠯ ᠰᠠᠭᠠᠬᠠᠯᠲᠠ ᠬᠣᠲᠠ ᠤᠰᠤᠨ ᠤ᠋ ᠬᠢᠨ ᠭᠤᠷᠪᠠᠨ ᠬᠦᠯᠢᠶᠡᠨ ᠦ᠌ ᠬᠣᠢᠭᠤᠷ ᠤᠷᠳᠤᠭᠤᠷ
ᠮᠣᠩᠭᠣᠯ ᠭᠡᠷ ᠢ᠋ᠶ᠋ᠡᠨ ᠪᠤᠰᠬᠠᠵᠤ᠂ ᠮᠠᠯᠵᠢᠬᠤ ᠠᠮᠢᠳᠤᠷᠠᠯ ᠤ᠋ᠨ ᠲᠠᠢᠪᠤᠩ ᠠᠮᠤᠭᠤᠯᠠᠩ ᠪᠠᠢᠳᠠᠯ ᠬᠠᠷᠠᠭᠠᠨ ᠳ᠋ᠤ᠌ ᠭᠣᠶᠣᠬᠠᠨ ᠮᠢᠷᠠᠯᠵᠠᠳᠠᠭ᠃
14. ᠲᠠᠯᠠᠲᠠᠢ
ᠢᠨᠢᠶᠡᠵᠦ ᠪᠠᠶᠠᠷᠯᠠᠵᠤ ᠶᠠᠪᠤᠵᠠᠭᠠᠶ᠎ᠠ᠂ᠬᠣᠷᠸ᠎ᠠ ᠶᠢᠷᠲᠢᠨᠴᠦ ᠪᠡᠶᠡᠰᠦᠨ᠎ᠡ ᠂
ᠢᠲᠡᠭᠡᠵᠦ ᠨᠠᠢᠳᠠᠵᠤ ᠲᠡᠮᠡᠴᠡᠵᠡᠭᠡᠶ᠎ᠡ᠂ᠢᠷᠡᠭᠡᠳᠦᠢ ᠬᠡᠬᠡᠷᠡᠨ ᠳᠤᠷᠠᠢᠨ᠎ᠠ᠃
15.ᠵᠢᠷᠠᠨᠲᠠᠢ
ᠰᠢᠨᠵᠢᠯᠡᠬᠦ ᠤᠬᠠᠭᠠᠨ ᠤ᠋ ᠢᠷᠡᠭᠡᠳᠦᠢ ᠨᠢ ᠭᠠᠭᠴᠠᠬᠦ ᠳᠠᠷᠤᠤ ᠪᠥᠭᠡᠳ ᠴᠢᠷᠮᠠᠢᠯᠲᠠᠲᠠᠢ ᠵᠠᠯᠠᠭᠤ ᠨᠢᠭᠡ ᠦᠶ᠎ᠡ ᠶ᠋ᠢᠨ ᠬᠢᠨ ᠦ᠌ ᠪᠣᠯᠬᠤ ᠶᠤᠮ᠃
16.ᠤᠤᠭᠠᠨᠵᠢᠳ
ᠬᠠᠢᠷᠠᠯᠠᠵᠤ ᠡᠨᠡᠷᠢᠵᠦ ᠶᠠᠪᠤᠵᠠᠭᠠᠶ᠎ᠠ᠂ᠬᠠᠲᠠᠭᠤ ᠬᠣᠷᠸ᠎ᠠ ᠤᠶᠠᠷᠠᠵᠤ ᠵᠥᠭᠡᠯᠡᠷᠡᠨᠡ
ᠬᠠᠮᠵᠢᠵᠤ ᠲᠤᠰᠠᠯᠠᠵᠤ ᠲᠦᠰᠢᠵᠡᠭᠡᠶᠡ ᠂ᠬᠠᠢᠷ᠎ᠠ ᠰᠡᠳᠬᠢᠯ ᠵᠤᠵᠠᠭᠠᠷᠠᠨ ᠮᠥᠩᠬᠡᠷᠡᠨ᠎ᠡ᠃
17. ᠭᠠᠹᠠᠯᠮ᠎ᠠ
ᠬᠤᠷ᠎ᠠ ᠨᠠᠷᠠ ᠲᠡᠩᠴᠡᠭᠰᠡᠨ ᠵᠤᠨ ᠤ᠋ ᠳᠡᠯᠭᠡᠷ ᠴᠠᠭ ᠲᠤ᠌ ᠠᠢᠷᠠᠭ ᠲᠠᠷᠠᠭ ᠴᠡᠮᠴᠡᠭᠡᠨᠡᠨ᠂ ᠠᠳᠤᠭᠤ ᠮᠠᠯ ᠪᠡᠯᠴᠢᠭᠰᠡᠨ᠂ ᠪᠠᠭᠠᠴᠤᠳ ᠬᠡᠦᠬᠡᠳ ᠲᠣᠭᠯᠠᠭᠰᠠᠨ ᠨᠡᠭᠡᠷᠡᠨ ᠵᠢᠷᠤᠭ ᠠ᠋ᠴᠠ ᠦᠵᠡᠮᠵᠢᠲᠡᠢ ᠪᠠᠢᠭᠰᠠᠨ ᠳ᠋ᠠᠭ᠃ ᠲᠡᠭᠡᠬᠦ ᠳ᠋ᠦ᠍ ᠭᠤᠷᠪᠠᠨ ᠬᠦᠯᠢᠶᠡᠨ ᠢ᠋ ᠠᠯᠤᠰ ᠠ᠋ᠴᠠ ᠬᠠᠷᠠᠬᠤ ᠳ᠋ᠤ᠌ ᠨᠣᠮᠢᠨ ᠨᠣᠭᠣᠭᠠᠨ ᠲᠠᠯ᠎ᠠ᠂ ᠠᠯᠲᠠᠨ ᠰᠢᠷ᠎ᠠ ᠡᠯᠡᠰᠦ᠂ ᠴᠡᠩᠬᠡᠷ ᠬᠥᠬᠡ ᠣᠭᠲᠠᠷᠭᠤᠢ ᠭᠤᠷᠪᠠᠨ ᠥᠩᠭᠡ ᠬᠣᠣᠰᠯᠠᠨ ᠲᠡᠭᠷᠢ ᠶ᠋ᠢᠨ ᠳᠣᠣᠷ᠎ᠠ ᠲᠡᠭᠦᠨ ᠡᠴᠡ ᠭᠣᠶᠣ ᠦᠵᠡᠮᠵᠢ ᠪᠣᠯᠵᠤ ᠰᠣᠯᠣᠩᠭᠠᠷᠠᠨ ᠬᠠᠷᠠᠭᠳᠠᠨ᠎ᠠ᠃
19. ᠨᠠᠷᠠᠨᠲᠣᠭᠣᠰ
ᠢᠲᠡᠭᠡᠵᠦ ᠬᠡᠯᠡᠭᠰᠡᠨ ᠨᠢᠭᠡ ᠯᠡ ᠦᠭᠡᠨ ᠳ᠋ᠦ᠍᠂ᠢᠨᠢᠶᠡᠳᠦ ᠪᠢᠯᠬᠠᠵᠤ ᠵᠢᠷᠭᠠᠯ ᠢᠷᠡᠳᠡᠭ᠃
ᠭᠣᠮᠣᠳᠠᠭᠠᠵᠤ ᠶᠠᠷᠢᠭᠰᠠᠨ ᠭᠠᠭᠴᠠᠬᠠᠨ ᠦᠭᠡᠨ ᠳ᠋ᠦ᠍᠂ᠭᠣᠷᠢ ᠲᠠᠰᠤᠷᠠᠵᠤ᠂ ᠭᠤᠨᠢᠭ ᠪᠦᠷᠬᠦᠳᠡᠭ᠃
20. ᠰᠤᠪᠤᠳ
ᠡᠯᠡᠰᠦ ᠮᠠᠩᠬᠠᠨ ᠲᠠᠯ᠎ᠠ ᠮᠢᠨᠢ ᠡᠴᠢᠭᠡ ᠡᠪᠦᠭᠡᠳ ᠦ᠋ᠨ ᠮᠢᠨᠢ ᠨᠤᠲᠤᠭ ᠰᠢᠦ᠂
ᠡᠪ ᠬᠠᠮᠲᠤ ᠨᠠᠮ ᠤ᠋ᠨ ᠵᠠᠮ ᠢ᠋ᠶ᠋ᠠᠷ ᠡᠷᠬᠡ ᠴᠢᠯᠥᠭᠡ ᠪᠡᠨ ᠮᠠᠨᠳᠤᠭᠤᠯᠤᠶ᠎ᠠ᠃
21. ᠰᠣᠨᠢᠨᠴᠡᠴᠡᠭ ᠂
ᠬᠢᠲᠠᠳ ᠬᠡᠯᠡ᠂ ᠬᠢᠲᠠᠳ ᠦᠰᠦᠭ ᠢ᠋ ᠪᠠᠷᠢᠮᠵᠢᠶ᠎ᠠ ᠪᠠᠷ ᠤᠩᠰᠢᠵᠤ ᠶᠣᠰᠣᠭᠠᠷ ᠨᠢ ᠪᠢᠴᠢᠵᠦ ᠰᠤᠷ ᠭᠡᠰᠡᠨ ᠡᠴᠡ ᠪᠢᠰᠢ᠂
ᠥᠪᠡᠷ ᠦ᠋ᠨ ᠲᠥᠷᠥᠯᠬᠢ ᠦᠭᠡ ᠦᠰᠦᠭ ᠢ᠋ᠶ᠋ᠡᠨ ᠬᠡᠯᠡᠵᠦ ᠪᠢᠴᠢᠵᠦ ᠪᠣᠯᠬᠤ ᠦᠭᠡᠢ ᠮᠠᠷᠲᠠᠵᠤ ᠣᠷᠭᠢ ᠭᠡᠰᠡᠨ ᠦᠭᠡᠢ ᠶᠦᠮ᠃
ᠡᠳᠦᠷ ᠪᠦᠷᠢ ᠬᠡᠯᠡᠵᠦ ᠪᠢᠴᠢᠵᠦ ᠴᠡᠭᠡᠵᠢᠯᠡᠵᠦ ᠶᠠᠪᠤᠶ᠎ᠠ!
22. ᠮᠥᠩᠭᠥᠨ
ᠬᠣᠯᠪᠣᠭ᠎ᠠ ᠦᠭᠡᠰ᠄
ᠤᠶᠠᠭᠠᠳ— ᠳᠡᠭᠡᠰᠦ ᠪᠡᠷ ᠤᠶᠠᠭᠠᠳ
ᠣᠶᠣᠭᠠᠳ— ᠬᠤᠪᠴᠠᠰᠤ ᠣᠶᠣᠭᠠᠳ
ᠬᠣᠷᠭᠣᠢ— ᠬᠣᠷᠭᠣᠢ ᠡᠮᠵᠢᠶᠡᠷᠢ
ᠬᠠᠷᠭᠤᠢ— ᠬᠠᠷᠭᠤᠢ ᠵᠠᠮ ᠃《 ᠦᠭᠡᠰ ᠦ᠋ᠨ ᠰᠠᠩ》 ᠭᠡᠬᠦ ᠨᠣᠮ ᠠ᠋ᠴᠠ
23. ᠭᠠᠹᠠᠯᠮ᠎ᠠ
ᠭᠤᠷᠪᠠᠨ᠂ ᠬᠦᠯᠢᠶᠡ ᠭᠡᠭᠴᠢ ᠲᠣᠷᠭᠠᠨ ᠰᠠᠷ᠎ᠠ ᠡᠯᠡᠰᠦᠨ ᠳ᠋ᠦ᠍ ᠲᠣᠭᠠᠯᠠᠵᠤ ᠦᠵᠡᠶ᠎ᠡ ᠭᠡᠬᠦ ᠳ᠋ᠦ᠍ ᠰᠢᠷᠬᠡᠭ ᠡᠪᠡᠰᠦ ᠦᠭᠡᠢ᠂ ᠭᠥᠯᠢᠭᠡᠷ ᠬᠦᠯᠢᠶᠡᠨ ᠪᠠᠢᠳᠠᠭ ᠢ᠋ᠶ᠋ᠠᠷ ᠢ᠋ᠶ᠋ᠠᠨ ᠬᠦᠯᠢᠶᠡᠨ ᠭᠡᠵᠦ ᠨᠡᠷᠡᠯᠡᠭᠰᠡᠨ ᠪᠠᠢᠬ᠎ᠠ᠃ ᠬᠡᠴᠢᠨᠡᠨ ᠵᠢᠯ ᠦ᠋ᠨ ᠰᠠᠯᠬᠢ ᠰᠢᠭᠤᠷᠭᠠᠨ ᠳ᠋ᠤ᠌ ᠪᠤᠲᠠᠷᠠᠵᠤ ᠰᠠᠷᠨᠢᠬᠤ ᠦᠭᠡᠢ ᠪᠥᠭᠡᠮ ᠳ᠋ᠡᠭᠡᠨ ᠣᠪᠣᠭᠠᠷᠠᠵᠤ᠂ ᠨᠡᠯᠦᠭᠡᠷ ᠶᠡᠬᠡ ᠲᠠᠯ᠎ᠠ ᠳ᠋ᠠᠭᠠᠨ ᠨᠠᠮᠤᠷ ᠤ᠋ᠨ ᠰᠢᠷ᠎ᠠ ᠡᠳᠦᠷ ᠰᠢᠭ ᠲᠦᠯᠬᠢᠨ ᠲᠠᠢᠪᠤᠩ ᠨᠡᠢᠯᠡᠵᠦ᠂ ᠪᠠᠢᠭᠠᠯᠢ ᠡᠵᠢ ᠶ᠋ᠢᠨ ᠪᠠᠬᠠᠷᠠᠯ ᠭᠠᠢᠬᠠᠮᠰᠢᠭ ᠤ᠋ᠨ ᠨᠢᠭᠡ ᠨᠢ ᠪᠣᠯᠵᠤ ᠣᠨ ᠤᠳᠠᠵᠠᠢ᠃ ᠭᠤᠷᠪᠠᠨ ᠬᠦᠯᠢᠶᠡᠨ ᠦ᠌ ᠲᠤᠬᠠᠢ ᠴᠠᠬᠠᠷ ᠨᠤᠲᠤᠭ ᠲᠤ᠌ ᠡᠢᠨᠬᠦᠳᠣᠮᠣᠭ ᠶᠠᠷᠢᠭᠳᠠᠳᠠᠭ᠄ ᠡᠷᠲᠡ ᠣᠵᠣᠭᠣᠷ ᠲᠤ᠌ ᠴᠢᠩᠭᠢᠰ ᠬᠠᠭᠠᠨ ᠪᠠᠷᠠᠭᠤᠨᠰᠢ ᠳᠠᠢᠯᠠᠷ᠎ᠠ ᠶᠠᠪᠤᠬᠤ ᠵᠠᠮ ᠳ᠋ᠠᠭᠠᠨ ᠡᠨᠳᠡ ᠴᠡᠷᠢᠭ ᠮᠣᠷᠢ ᠪᠠᠨ ᠠᠮᠠᠷᠠᠭᠠᠵᠤ ᠦᠳᠡᠯᠡᠭᠰᠡᠨ ᠭᠡᠳᠡᠭ᠃
24. ᠰᠢᠨ ᠴᠦᠨ
ᠬᠠᠭᠤᠴᠢᠨ ᠣᠨ ᠢ᠋ᠶ᠋ᠠᠨ ᠦᠳᠡᠵᠦ ᠰᠢᠨ᠎ᠡ ᠣᠨ ᠢ᠋ᠶ᠋ᠠᠨ ᠤᠭᠲᠤᠶ᠎ᠠ!
25.ᠤᠤᠭᠠᠨᠵᠢᠳ
ᠡᠬᠡ ᠶ᠋ᠢᠨ ᠬᠠᠢᠷ᠎ᠠ ᠶ᠋ᠢ ᠬᠡᠮᠵᠢᠶ᠎ᠡ ᠭᠡᠬᠦ ᠳ᠋ᠦ᠍
ᠡᠨᠡ ᠳᠡᠯᠡᠬᠡᠢ ᠳᠠᠭᠠᠭᠠᠵᠤ ᠳᠡᠢᠯᠬᠦ ᠦᠭᠡᠢ᠂
ᠡᠪᠯᠡᠭᠦᠯᠵᠦ ᠪᠠᠢᠭᠠᠳ ᠵᠢᠷᠤᠶ᠎ᠠ ᠭᠡᠬᠦ ᠳ᠋ᠦ᠍
ᠡᠨᠡ ᠲᠩᠷᠢ ᠶ᠋ᠢᠨ ᠬᠠᠶᠠᠭ᠎ᠠ ᠪᠠᠭᠲᠠᠬᠤ ᠦᠭᠡᠢ ᠂
ᠠᠰ ᠳᠡᠭᠡᠭᠰᠢ ᠪᠡᠨ ᠪᠤᠰᠬᠠᠶ᠎ᠠ ᠭᠡᠬᠦ ᠳ᠋ᠦ᠍
ᠠᠯᠲᠠᠨ ᠭᠠᠳᠠᠰᠤ ᠠ᠋ᠴᠠ ᠴᠠᠭᠠᠭᠤᠷ ᠪᠢᠯᠡ᠂
ᠠᠰᠲᠠᠭᠠᠨ ᠠᠭᠤᠯᠭ᠎ᠠ ᠪᠠᠷ ᠢᠯᠡᠳᠬᠡᠶ᠎ᠡ ᠭᠡᠬᠦ ᠳ᠋ᠦ᠍
ᠠᠪᠢᠶᠠᠰ ᠪᠢᠯᠢᠭ ᠮᠢᠨᠢ ᠬᠦᠷᠬᠦ ᠦᠭᠡᠢ ᠪᠢᠯᠡ!
26. ᠭᠠᠹᠠᠯᠮ᠎ᠠ
ᠰᠢᠨ᠎ᠡ ᠣᠨ ᠤ᠋ ᠮᠡᠨᠳᠦ ᠬᠦᠷᠭᠡᠶ᠎ᠡ!ᠳᠠᠶᠠᠭᠠᠷ ᠢ᠋ᠶ᠋ᠠᠨ ᠮᠣᠷᠢᠨ ᠵᠢᠯ ᠳ᠋ᠡᠭᠡᠨ ᠬᠡᠢᠮᠣᠷᠢ ᠮᠠᠨᠳᠤᠲᠤᠭᠠᠢ!
27. ᠦᠵᠢᠶᠡᠳ ᠡᠷᠳᠡᠨᠢᠴᠡᠴᠡᠭ
ᠴᠢᠩᠭᠢᠰ ᠦ᠋ᠨ ᠳᠥᠷᠪᠡ ᠵᠠᠯᠭᠠᠮᠵᠢ
ᠳᠥᠷᠪᠡᠨ ᠬᠣᠲᠠ᠄ᠣᠯᠬᠣᠨᠤᠳ ᠤ᠋ᠨ ᠬᠠᠯᠤ ᠪᠠᠶᠠᠨ᠂ ᠬᠣᠩᠭᠢᠷᠠᠳ ᠤ᠋ᠨ ᠲᠠᠢ ᠰᠡᠴᠡᠨ᠂ ᠬᠡᠷᠡᠢᠳ ᠦ᠋ᠨ ᠤᠩ ᠬᠠᠨ᠂ ᠣᠢᠷᠠᠳ ᠤ᠋ᠨ ᠬᠤᠳᠠᠬᠠ ᠪᠡᠬᠢ
ᠳᠥᠷᠪᠡᠨ ᠥᠲᠡᠭᠦᠰ( ᠵᠥᠪᠯᠡᠭᠴᠢ) ᠤᠰᠤ ᠡᠪᠦᠭᠡᠨ᠂ ᠳᠠᠬᠢ ᠬᠣᠨᠢᠴᠢᠨ᠂ ᠬᠤᠨᠠᠨ᠂ ᠬᠥᠭᠡᠴᠥᠰ
ᠳᠥᠷᠪᠡᠨ ᠰᠡᠴᠡᠳ᠄ ᠥᠴᠢᠥ ᠰᠡᠴᠡᠨ᠂ ᠣᠢᠬᠣᠳ ᠤ᠋ᠨ ᠰᠢᠷᠮᠠᠨ ᠰᠡᠴᠡᠨ᠂ ᠲᠠᠩᠭᠤᠳ ᠤ᠋ᠨ ᠭᠤᠸ᠎ᠠ ᠰᠡᠴᠡᠨ᠂ ᠲᠠᠲ᠋ᠠᠷ ᠤ᠋ᠨ ᠮᠥᠩᠬᠡ ᠰᠡᠴᠡᠨ᠃
ᠳᠥᠷᠪᠡᠨ ᠳᠠᠷᠬᠠᠳ᠄ᠵᠦᠭᠦᠷᠢᠳ ᠦ᠋ᠨ ᠪᠤᠯᠤᠬᠠᠨ ᠳᠠᠷᠬᠠᠨ᠂ ᠵᠦᠷᠴᠢᠳ ᠦ᠋ᠨ ᠴᠣᠤᠠ ᠳᠠᠷᠬᠠᠨ᠂ ᠢᠷᠭᠢᠰ ᠦ᠋ᠨ ᠪᠣᠯᠳᠴᠣᠭ ᠳᠠᠷᠬᠠᠨ᠂ ᠰᠦᠯᠳᠡᠰ ᠦ᠋ᠨ ᠴᠢᠮᠪᠢ ᠳᠠᠷᠬᠠᠨ᠃
ᠳᠥᠷᠪᠡᠨ ᠤᠷᠠᠨ᠄ ᠲᠠᠩᠭᠤᠳ ᠤ᠋ᠨ ᠪᠠᠯᠪᠤ ᠤᠷᠠᠨ᠂ᠰᠠᠷᠲᠠᠭᠤᠯ ᠤ᠋ᠨ ᠭᠡᠩᠭᠡ ᠤᠷᠠᠨ᠂ᠬᠢᠲᠠᠳ ᠤ᠋ᠨ ᠸᠠᠩ ᠤᠷᠠᠨ᠂ ᠮᠣᠩᠭᠣᠯ ᠤ᠋ᠨ ᠰᠢᠷᠢ ᠤᠷᠠᠨ᠃
ᠳᠥᠷᠪᠡᠨ ᠭᠠᠵᠠᠷᠴᠢ᠄ᠤᠷᠢᠶᠠᠩᠬᠠᠨ ᠤ᠋ ᠲᠠᠮᠠᠬᠠ ᠭᠠᠵᠠᠷᠴᠢ᠂ ᠣᠢᠷᠠᠳ ᠤ᠋ᠨ ᠲᠤᠤᠬᠤ ᠭᠠᠵᠠᠷᠴᠢ᠂ ᠰᠣᠯᠩᠭᠤᠳ ᠤ᠋ᠨ ᠪᠡᠯᠭᠡ ᠭᠠᠵᠠᠷᠴᠢ᠂ ᠰᠠᠷᠲᠠᠭᠤᠯ ᠤ᠋ᠨ ᠵᠠᠢ ᠭᠠᠵᠠᠷᠴᠢ᠃
28. ᠮᠡᠷᠭᠡᠨᠪᠢᠯᠢᠭ
ᠡᠳᠦᠷ ᠦ᠋ᠨ ᠠᠮᠤᠭᠤᠯᠠᠩ ᠢ᠋ ᠢᠨᠢᠶᠡᠳᠦ ᠪᠡᠷ ᠡᠬᠢᠯᠡᠭᠦᠯᠵᠦ
ᠦᠢᠯᠡᠰ ᠦ᠋ᠨ ᠰᠠᠢᠬᠠᠨ ᠢ᠋ ᠬᠥᠳᠡᠯᠮᠦᠷᠢ ᠪᠡᠷ ᠤᠭᠲᠤᠵᠤ
ᠨᠠᠷᠠᠨ ᠤ᠋ ᠰᠠᠢᠬᠠᠨ ᠳ᠋ᠤ᠌ ᠬᠣᠯᠠ ᠶ᠋ᠢ ᠦᠵᠡᠵᠦ
ᠨᠠᠰᠤᠨ ᠲᠤᠷᠰᠢᠳᠠ ᠪᠠᠨ ᠵᠢᠷᠭᠠᠯ ᠲᠠᠢ ᠠᠮᠢᠳᠤᠷᠠᠭᠠᠷᠠᠢ᠂
ᠵᠢᠪᠬᠤᠭ᠎ᠠ ᠪᠠᠳᠠᠷᠠᠵᠤ ᠬᠡᠢᠮᠣᠷᠢ ᠮᠠᠨᠳᠤᠲᠤᠭᠠᠢ!
ᠡᠷᠡᠭᠦᠯ ᠠᠮᠢᠳᠤᠷᠠᠵᠤ ᠤᠷᠲᠤ ᠨᠠᠰᠤᠯᠠᠲᠤᠭᠠᠢ !
29. ᠬᠠᠰᠠᠠᠭᠣᠯᠠ
ᠪᠠᠢᠨ᠎ᠠ ᠪᠠᠢᠭ᠎ᠠ ᠪᠠᠢᠳᠠᠯ ᠪᠠᠢᠬᠤ ᠪᠠᠢᠵᠤ ᠪᠠᠢᠭᠠᠳ ᠪᠠᠢᠳᠠᠭ ᠪᠠᠢᠯ᠎ᠠ ᠪᠠᠢᠪᠠ ᠪᠠᠢᠵᠠᠢ ᠪᠠᠢᠬ᠎ᠠ ᠪᠠᠢᠭ ᠪᠠᠢᠶ᠎ᠠ ᠪᠠᠢᠨ ᠪᠠᠢᠴᠠ ᠪᠠᠢᠵᠠ ᠪᠠᠢᠰᠠ ᠪᠠᠢᠮᠤᠢ
ᠶ᠋ᠢᠨ ᠢ᠋ᠶ᠋ᠡᠷ ᠢ᠋ᠶ᠋ᠡᠨ᠂᠂᠂᠂᠂᠂
30. ᠰᠣᠨᠢᠨᠴᠡᠴᠡᠭ
ᠮᠣᠩᠭᠣᠯ ᠪᠢᠴᠢᠭ ᠢ᠋ᠶ᠋ᠡᠷ ᠪᠢᠴᠢᠵᠦ ᠯᠡ ᠪᠠᠢᠪᠠᠯ ᠪᠢᠳᠡᠨ ᠦ᠌ ᠬᠣᠯᠪᠣᠭᠠᠰᠤ ᠲᠠᠰᠤᠷᠠᠬᠤ ᠦᠭᠡᠢ᠂ ᠮᠣᠩᠭᠣᠯ ᠪᠢᠴᠢᠭ ᠢ᠋ᠶ᠋ᠡᠨ ᠬᠡᠷᠡᠭᠯᠡᠵᠦ ᠯᠡ ᠪᠠᠢᠪᠠᠯ ᠪᠢᠳᠡᠨ ᠦ᠌ ᠰᠣᠶᠣᠯ ᠪᠠᠯᠠᠷᠠᠬᠤ ᠦᠭᠡᠢ!
31. ᠤᠶᠤᠠᠭᠡᠷᠡᠯ
ᠡᠬᠡ ᠬᠡᠯᠡ ᠮᠢᠨᠢ ᠮᠠᠨᠳᠤᠲᠤᠭᠠᠢ !
32. ᠭᠠᠸᠠ
ᠬᠥᠮᠦᠨ ᠦ᠌ ᠬᠢᠭᠰᠡᠨ ᠢ᠋ ᠦᠨᠡᠯ᠎ᠡ ᠥᠪᠡᠷ ᠦ᠋ᠨ ᠬᠢᠭᠰᠡᠨ ᠢ᠋ ᠴᠢᠮᠠᠯᠠ —ᠣᠶᠤᠨ ᠪᠢᠴᠢᠭᠯᠡᠭᠦᠷ ᠦ᠋ᠨ
33. ᠠᠷᠢᠭᠤᠨ᠎ᠠ
ᠰᠢᠨᠵᠢᠯᠡᠬᠦ ᠤᠬᠠᠭᠠᠨ ᠪᠣᠯ ᠤᠯᠤᠰ ᠭᠦᠷᠦᠨ ᠦ᠌ ᠮᠠᠨᠳᠤᠯ ᠪᠠᠳᠠᠷᠠᠯ ᠢ᠋ ᠳᠠᠭᠠᠭᠤᠯᠤᠨ ᠤᠳᠤᠷᠢᠳᠴᠤ᠂ ᠣᠶᠤᠨ ᠤᠬᠠᠭᠠᠨ ᠢ᠋ ᠰᠣᠶᠣᠯ ᠭᠡᠭᠡᠷᠡᠭᠦᠯᠦᠭᠴᠢ ᠬᠥᠮᠦᠨ ᠮᠢᠬ᠎ᠠ ᠴᠠᠰᠤᠨ ᠠ᠋ᠴᠠ ᠪᠠᠳᠠᠷᠠᠭᠰᠠᠨ ᠨᠠᠷᠠ ᠮᠥᠨ᠃
34. ᠮᠥᠩᠭᠥᠨ
ᠬᠣᠯᠪᠣᠭ᠎ᠠ ᠦᠭᠡᠰ
ᠬᠠᠢᠷ— ᠬᠠᠢᠷ ᠴᠢᠯᠠᠭᠤ᠂
ᠬᠠᠢᠷ᠎ᠠ— ᠬᠠᠢᠷ᠎ᠠ ᠬᠣᠷᠣᠰᠤᠯ
ᠰᠢᠷᠠᠭᠲᠤᠨ— ᠨᠠᠷᠠᠨ ᠳ᠋ᠤ᠌ ᠰᠢᠷᠠᠭᠳᠠᠨ
ᠰᠢᠷᠠᠭᠲᠤᠨ— ᠰᠢᠷᠠᠭᠲᠤᠨ
ᠬᠠᠷᠢᠭᠤᠯᠬᠤ— ᠬᠣᠨᠢ ᠬᠠᠷᠢᠭᠤᠯᠬᠤ
ᠬᠠᠷᠢᠭᠤᠯᠠᠬᠤ— ᠠᠴᠢ ᠬᠠᠷᠢᠭᠤᠯᠠᠬᠤ 《 ᠦᠭᠡᠰ ᠦ᠋ᠨ ᠰᠠᠩ》 ᠭᠡᠬᠦ ᠨᠣᠮ ᠠ᠋ᠴᠠ
35. ᠪᠣᠷᠣᠨᠠ
ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠴᠠᠬᠢᠮ ᠳᠡᠭᠡᠷ᠎ᠡ ᠳᠡᠯᠭᠡᠷᠡᠭᠦᠯᠬᠦ ᠶ᠋ᠢᠨ ᠲᠥᠯᠥᠭᠡ᠂ ᠨᠡᠩ ᠴᠣ ᠳᠡᠯᠡᠬᠡᠢ ᠶ᠋ᠢᠨ ᠲᠠᠪᠴᠠᠩ ᠳ᠋ᠤ᠌ ᠭᠠᠷᠭᠠᠬᠤ ᠶ᠋ᠢᠨ ᠲᠥᠯᠥᠭᠡ ᠤᠨᠲᠠᠬᠤ ᠨᠣᠢᠷ ᠢᠳᠡᠬᠦ ᠬᠣᠭᠣᠯᠠ ᠪᠠᠨ ᠤᠮᠠᠷᠲᠠᠨ ᠴᠢᠷᠮᠠᠢᠨ ᠠᠵᠢᠯᠯᠠᠵᠤ ᠪᠠᠢᠭ᠎ᠠ ᠪᠦᠬᠦᠢᠯᠡ ᠪᠠᠭᠰᠢ ᠨᠠᠷ ᠪᠣᠯ ᠶᠣᠰᠣᠲᠠᠢ ᠠᠭᠤᠤ ᠬᠥᠮᠦᠨ᠂ ᠮᠤᠨᠳᠠᠭ ᠬᠥᠮᠦᠨ᠂
36. ᠪᠤᠶᠠᠡᠳᠡᠯᠭᠡᠷ
ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠴᠠᠬᠢᠮ ᠳᠡᠭᠡᠷ᠎ᠡ ᠳᠡᠯᠭᠡᠷᠡᠭᠦᠯᠬᠦ ᠶ᠋ᠢᠨ ᠲᠥᠯᠥᠭᠡ᠂ ᠨᠡᠩ ᠴᠣ ᠳᠡᠯᠡᠬᠡᠢ ᠶ᠋ᠢᠨ ᠲᠠᠪᠴᠠᠩ ᠳ᠋ᠤ᠌ ᠭᠠᠷᠭᠠᠬᠤ ᠶ᠋ᠢᠨ ᠲᠥᠯᠥᠭᠡ ᠤᠨᠲᠠᠬᠤ ᠨᠣᠢᠷ ᠢᠳᠡᠬᠦ ᠬᠣᠭᠣᠯᠠ ᠪᠠᠨ ᠤᠮᠠᠷᠲᠠᠨ ᠴᠠᠷᠮᠠᠢᠨ ᠠᠵᠢᠯᠯᠠᠵᠤ ᠪᠠᠢᠭ᠎ᠠ ᠪᠦᠬᠦ ᠪᠠᠭᠰᠢ ᠨᠠᠷ ᠲᠠᠭᠠᠨ ᠬᠦᠨᠳᠦᠳᠬᠡᠯ ᠳᠡᠪᠰᠢᠭᠦᠯᠦᠶ᠎ᠡ!
37. ᠬᠠᠰᠠᠠᠭᠣᠯᠠ
ᠳᠡᠯᠡᠬᠡᠢ ᠶ᠋ᠢᠨ ᠰᠣᠶᠣᠯ ᠢ᠋ᠶ᠋ᠠᠷ ᠵᠢᠭᠦᠷ ᠢ᠋ᠶ᠋ᠡᠨ ᠬᠢᠵᠦ᠂ ᠳᠡᠭᠡᠳᠦᠰ ᠦ᠋ᠨ ᠰᠤᠷᠭᠠᠯ ᠢ᠋ᠶ᠋ᠠᠷ ᠵᠢᠷᠦᠬᠡ ᠪᠡᠨ ᠪᠣᠯᠭᠠᠶᠤ! ( ᠮᠡᠷᠭᠡᠳ ᠦ᠋ᠨ ᠦᠭᠡ)
38. ᠭᠠᠹᠠᠯᠮ᠎ᠠ
ᠴᠢᠩᠭᠢᠰ ᠬᠠᠭᠠᠨ ᠣᠯᠠᠨ ᠴᠡᠷᠢᠭ ᠲᠡᠢ ᠪᠡᠨ ᠡᠯᠡᠰᠦ ᠮᠠᠩᠬ᠎ᠠ ᠶ᠋ᠢ ᠲᠤᠭᠤᠯᠤᠨ ᠶᠠᠪᠤᠭᠰᠠᠨ ᠲᠤᠯᠠ ᠭᠤᠲᠤᠯ ᠳ᠋ᠤᠨᠢ ᠡᠯᠡᠰᠦ ᠤᠷᠤᠭᠰᠠ ᠪᠠᠢᠵᠠᠢ᠃ ᠬᠠᠭᠠᠨ ᠡᠵᠡᠨ ᠲᠡᠷᠢᠭᠦᠲᠡᠢ ᠭᠤᠲᠤᠯ ᠢ᠋ᠶ᠋ᠠᠨ ᠲᠠᠢᠯᠵᠤ᠂ ᠣᠯᠠᠨ ᠴᠡᠷᠢᠭ ᠦ᠋ᠳ ᠴᠦ᠍ ᠭᠤᠲᠤᠯ ᠳ᠋ᠤ᠌ ᠣᠷᠣᠭᠰᠠᠨ ᠰᠢᠷᠣᠢ ᠪᠠᠨ ᠬᠥᠪᠦᠭᠰᠡᠨ ᠳ᠋ᠦ᠍ ᠭᠤᠷᠪᠠᠨ ᠣᠪᠣᠭ᠎ᠠ ᠡᠯᠡᠰᠦᠨ ᠳᠣᠪᠣᠷᠴᠠᠭ ᠪᠦᠲᠦᠵᠦ ᠭᠠᠷᠤᠭᠰᠠᠨ᠃ ᠡᠨᠡᠬᠦ ᠳᠣᠮᠣᠭᠲᠤ ᠨᠤᠲᠤᠭ ᠤ᠋ᠨ
39. ᠰᠣᠨᠢᠨᠴᠡᠴᠡᠭ ᠂
ᠠᠮᠢᠳᠤᠷᠠᠯ ᠵᠥᠪᠬᠡᠨ ᠵᠣᠭᠣᠰ ᠮᠥᠩᠭᠥ ᠲᠡᠢ ᠳ᠋ᠡᠭᠡᠨ ᠵᠢᠷᠭᠠᠳᠠᠭ ᠪᠢᠰᠢ᠂ ᠬᠠᠷᠢᠨ ᠰᠡᠳᠬᠢᠯ ᠰᠠᠨᠠᠭ᠎ᠠ ᠨᠡᠢᠯᠡᠳᠡᠭ ᠬᠠᠨᠢ ᠲᠠᠢ᠂ ᠰᠠᠨᠠᠵᠤ ᠪᠣᠳᠣᠳᠠᠭ ᠨᠥᠬᠥᠷ ᠲᠡᠢ᠂ ᠮᠥᠷᠥ ᠵᠡᠷᠭᠡᠴᠡᠨ᠂ ᠬᠠᠮᠲᠤ ᠳ᠋ᠠᠭᠠᠨ ᠴᠢᠷᠮᠠᠢᠳᠠᠭ ᠨᠠᠰᠤᠨ ᠤ᠋ ᠬᠠᠨᠢ ᠲᠠᠢ ᠳ᠋ᠠᠭᠠᠨ ᠵᠢᠷᠭᠠᠳᠠᠭ᠃
40. ᠬᠤᠷᠴᠠᠰᠡᠴᠡᠨ
ᠡᠯᠡᠰᠦᠨ ᠳ᠋ᠦ᠍ ᠬᠥᠯ ᠨᠢᠴᠦᠭᠦᠯᠡᠨ ᠭᠦᠶᠦᠵᠦ᠂ ᠲᠤᠭᠤᠯ ᠬᠤᠷᠠᠭ᠎ᠠ ᠪᠠᠨ ᠬᠠᠷᠢᠭᠤᠯᠤᠨ ᠦᠰᠦᠨ ᠪᠣᠢᠵᠢᠭᠰᠠᠨ ᠬᠡᠦᠬᠡᠳ ᠪᠠᠭᠠᠴᠤᠤᠯ᠂ ᠭᠤᠷᠪᠠᠨ ᠬᠦᠯᠢᠶᠡᠨ ᠦ᠌ ᠪᠡᠨ ᠣᠷᠣᠢ ᠳ᠋ᠤ᠌ ᠭᠠᠷᠴᠤ ᠠᠯᠤᠰ ᠢ᠋ ᠪᠠᠷᠠᠯᠠᠨ᠂ ᠳᠣᠪᠣᠷᠴᠠᠭ ᠤ᠋ᠨ ᠴᠠᠭᠠᠨ᠎ᠠ ᠳᠠᠪᠠᠭ᠎ᠠ ᠪᠠᠢᠳᠠᠭ ᠢ᠋ ᠮᠡᠳᠡᠵᠦ᠂ ᠳᠠᠪᠠᠭᠠᠨ ᠤ᠋ ᠴᠠᠭᠠᠨ᠎ᠠ ᠠᠭᠤᠯᠠ ᠪᠠᠢᠳᠠᠭ ᠢ᠋ ᠣᠢᠯᠠᠭᠠᠵᠤ᠂ ᠠᠭᠤᠯᠠᠨ ᠠ᠋ᠴᠠ ᠥᠨᠳᠥᠷ ᠰᠠᠷᠢᠳᠠᠭ ᠪᠠᠢᠳᠠᠭ ᠢ᠋ ᠤᠬᠠᠭᠠᠷᠠᠵᠤ ᠶᠠᠪᠤᠵᠠᠭᠠᠭᠰᠠᠨ ᠲᠠᠭ᠃
41.ᠰᠣᠨᠢᠨᠴᠡᠴᠡᠭ
ᠤᠷᠢᠨ᠂ ᠲᠠᠴᠢᠶᠠᠩᠭᠤᠢ᠂ ᠮᠤᠩᠬᠠᠭ ᠢ᠋《 ᠭᠤᠷᠪᠠᠨ ᠬᠣᠣᠷ》 ᠭᠡᠳᠡᠭ᠃
ᠰᠢᠭᠡᠰᠦ ᠂ ᠪᠠᠭᠠᠰᠤ᠂ ᠬᠥᠯᠥᠰᠥ ᠶ᠋ᠢ《 ᠭᠤᠷᠪᠠᠨ ᠭᠬᠢᠷ》 ᠭᠡᠳᠡᠭ᠃
ᠬᠡᠢ᠂ ᠰᠢᠷ᠎ᠠ᠃ ᠪᠠᠳᠬᠠᠨ ᠢ᠋《 ᠭᠤᠷᠪᠠᠨ ᠭᠡᠮ》 ᠭᠡᠳᠡᠭ᠃
ᠴᠠᠭᠠᠨ ᠽᠠᠨᠳᠠᠨ᠂ ᠪᠣᠷᠣ ᠽᠠᠨᠳᠠᠨ ᠂ ᠠᠭᠠᠷᠤ ᠶ᠋ᠢ《 ᠭᠤᠷᠪᠠᠨ ᠦᠨᠦᠷᠲᠡᠨ》 ᠭᠡᠳᠡᠭ᠃
ᠥᠩᠭᠡᠷᠡᠭᠰᠡᠨ᠂ ᠣᠳᠣ᠂ ᠢᠷᠡᠭᠡᠳᠦᠢ ᠭᠤᠷᠪᠠᠨ ᠴᠠᠭ ᠢ᠋《 ᠭᠤᠷᠪᠠᠨ ᠦᠶ᠎ᠡ》 ᠭᠡᠳᠡᠭ᠃
ᠡᠳᠡᠭᠡᠷ ᠪᠦᠬᠦᠨ ᠨᠢ ᠶᠠᠭ ᠨᠢᠭᠡᠨ ᠦᠯᠢᠭᠡᠷ ᠳᠣᠮᠣᠭ ᠰᠢᠭ᠋ ᠦᠢᠯᠡ ᠤᠴᠠᠷᠠᠯ ᠪᠢᠯᠡ᠃
ᠪᠤᠳ᠋ᠳ᠋ᠾᠠ ᠶ᠋ᠢᠨ ᠱᠠᠰᠢᠨ ᠤ᠋ 《 ᠭᠤᠷᠪᠠ》 ᠨᠤᠭᠤᠳ
ᠲᠩᠷᠢ᠂ ᠬᠥᠮᠦᠨ ᠠᠰᠤᠷᠢ ᠶ᠋ᠢᠨ ᠲᠥᠷᠥᠯ ᠢ᠋《 ᠭᠤᠷᠪᠠᠨ ᠰᠠᠢᠨ ᠵᠠᠶᠠᠭ᠎ᠠ》 ᠭᠡᠳᠡᠭ᠃
ᠨᠣᠮᠯᠠᠬᠤ ᠶ᠋ᠢᠨ ᠦᠢᠯᠡ᠂ ᠲᠡᠮᠡᠴᠡᠬᠦ ᠶ᠋ᠢᠨ ᠦᠢᠯᠡ᠂ ᠲᠤᠭᠤᠷᠪᠢᠬᠤ ᠶ᠋ᠢᠨ ᠦᠢᠯᠡ ᠶ᠋ᠢ《 ᠮᠡᠷᠭᠡᠨ ᠭᠤᠷᠪᠠᠨ ᠦᠢᠯᠡ》 ᠭᠡᠳᠡᠭ᠃
42. ᠮᠥᠩᠭᠥᠨ
ᠭᠠᠷ ᠢ᠋ ᠴᠢᠨᠢ ᠠᠳᠬᠤᠬᠤ ᠶᠤᠮᠰᠠᠨ ᠭ᠂ ᠴᠢᠩᠪᠠᠭᠠᠲᠤᠷ
ᠰᠠᠷᠭᠠᠢ ᠮᠡᠲᠦ ᠭᠠᠷ ᠠ᠋ᠴᠠ ᠴᠢᠨᠢ ᠠᠳᠬᠤᠬᠤ ᠶᠤᠮᠰᠠᠨ
ᠰᠠᠢᠬᠠᠨ ᠠᠯᠠᠭ ᠨᠢᠳᠦ ᠶ᠋ᠢ ᠴᠢᠨᠢ ᠡᠭᠴᠡᠯᠡᠨ ᠰᠢᠷᠳᠡᠬᠦ ᠶᠤᠮᠰᠠᠨ
ᠴᠢᠩ ᠬᠠᠢᠷ᠎ᠠ ᠶ᠋ᠢᠨ ᠦᠭᠡᠰ ᠢ᠋ᠶ᠋ᠡᠨ ᠬᠦᠷᠬᠢᠶᠡ ᠰᠢᠭ ᠠᠰᠬᠠᠨ ᠪᠠᠢᠵᠤ
ᠴᠢᠨᠦ ᠵᠢᠭᠠᠬᠠᠨ ᠭᠠᠷ ᠲᠤ᠌ ᠥᠪᠡᠷ ᠢ᠋ ᠪᠡᠨ ᠪᠢ ᠲᠤᠰᠢᠶᠠᠬᠤ ᠰᠠᠨ᠁
ᠰᠦᠨ ᠰᠠᠴᠤᠯᠢ ᠠ ᠬᠣᠯᠪᠣᠭᠠᠨ ᠤ᠋ ᠨᠥᠬᠥᠳ ᠡᠴᠡ ᠤᠤᠭᠠᠨᠵᠢᠳ ᠬᠢᠨᠠᠪᠠ
