ᠮᠢᠨᠦ ᠨᠢᠭᠡ ᠨᠠᠰᠤ – ᠴᠢ ᠂ ᠮᠡᠷᠭᠡᠨ Миний нэг нас – Чи.Мэргэн
ᠮᠢᠨᠦ ᠨᠢᠭᠡ ᠨᠠᠰᠤ
ᠵᠣᠬᠢᠶᠠᠭᠴᠢ᠄ ᠴᠢ᠂ ᠮᠡᠷᠭᠡᠨ
ᠬᠥᠮᠦᠨ ᠦ᠌ ᠰᠡᠳᠬᠢᠯ
ᠤᠰᠤᠨ ᠳ᠋ᠤ᠌ ᠠᠭᠤᠰᠤᠭᠰᠠᠨ ᠳᠠᠪᠤᠰᠤ ᠮᠡᠲᠦ
ᠬᠥᠮᠦᠨ ᠦ᠌ ᠰᠡᠳᠬᠢᠯ ᠡᠰᠡ ᠦᠵᠡᠭᠳᠡᠨ᠎ᠡ
ᠤᠷᠭᠤᠮᠠᠯ ᠳ᠋ᠤ᠌ ᠰᠢᠩᠭᠡᠭᠰᠡᠨ ᠦᠨᠦᠷ ᠮᠡᠲᠦ
ᠬᠥᠮᠦᠨ ᠦ᠌ ᠰᠡᠳᠬᠢᠯ ᠡᠰᠡ ᠪᠠᠷᠢᠭᠳᠠᠨ᠎ᠠ
ᠤᠶᠠᠩᠭ᠎ᠠ ᠳ᠋ᠤ᠌ ᠣᠷᠣᠰᠢᠭᠰᠠᠨ ᠰᠠᠨᠠᠭ᠎ᠠ ᠮᠡᠲᠦ
ᠬᠥᠮᠦᠨ ᠦ᠌ ᠰᠡᠳᠬᠢᠯ ᠡᠰᠡ ᠪᠠᠯᠠᠷᠠᠨ᠎ᠠ
ᠬᠥᠮᠦᠨ ᠦ᠌ ᠴᠢᠨᠠᠷ
ᠨᠢᠭᠡ
ᠢᠷᠡᠬᠦ ᠴᠦ᠍ ᠦᠭᠡᠢ᠂ ᠣᠳᠬᠤ ᠴᠤ᠌ ᠦᠭᠡᠢ ᠪᠠᠷ᠎ᠠ ᠦᠭᠡᠢ ᠶᠠᠭᠤᠮ᠎ᠠ
ᠢᠯᠡᠷᠡᠬᠦ ᠴᠦ᠍ ᠦᠭᠡᠢ᠂ ᠪᠠᠯᠠᠷᠠᠬᠤ ᠴᠤ᠌ ᠦᠭᠡᠢ ᠪᠡᠶ᠎ᠡ ᠦᠭᠡᠢ ᠶᠠᠭᠤᠮ᠎ᠠ
ᠢᠯᠡᠭᠦᠳᠡᠬᠦ ᠴᠦ᠍ ᠦᠭᠡᠢ ᠂ ᠳᠤᠲᠠᠬᠤ ᠴᠤ᠌ ᠦᠭᠡᠢ ᠰᠠᠪᠠ ᠦᠭᠡᠢ ᠶᠠᠭᠤᠮ᠎ᠠ
ᠬᠣᠶᠠᠷ
ᠶᠠᠮᠤᠨ ᠤ᠋ ᠨᠣᠶᠠᠨ ᠰᠠᠭᠤᠯ᠎ᠠ ᠴᠤ᠌ ᠭᠡᠰᠡᠨ ᠬᠥᠮᠦᠨ ᠦ᠌ ᠴᠢᠨᠠᠷ ᠦᠯᠦ ᠨᠡᠮᠡᠭᠳᠡᠨ᠎ᠡ
ᠶᠠᠯᠠᠲᠠᠨ ᠤ᠋ ᠲᠦᠷᠦᠭᠦᠦ ᠪᠣᠯᠤᠯ᠎ᠠ ᠴᠤ᠌ ᠭᠡᠰᠡᠨ ᠬᠥᠮᠦᠨ ᠦ᠌ ᠴᠢᠨᠠᠷ ᠦᠯᠦ ᠬᠠᠰᠤᠭᠳᠠᠨ᠎ᠠ
ᠶᠠᠩᠬᠠᠨ ᠤ᠋ ᠭᠠᠵᠠᠷ ᠤᠨᠠᠯ᠎ᠠ ᠴᠤ᠌ ᠭᠡᠰᠡᠨ ᠬᠥᠮᠦᠨ ᠦ᠌ ᠴᠢᠨᠠᠷ ᠦᠯᠦ ᠭᠬᠢᠷᠲᠦᠨᠡ
ᠭᠤᠷᠪᠠ
ᠥᠷᠭᠡᠨ ᠳᠠᠯᠠᠢ ᠶ᠋ᠢᠨ ᠳᠠᠪᠠᠯᠭᠠᠨ ᠨᠢ ᠵᠣᠭᠰᠣᠪᠠᠯ ᠴᠡᠭᠡᠯ ᠨᠢ ᠰᠠᠶᠢ ᠲᠤᠨᠤᠷᠠᠨ᠎ᠠ
ᠥᠨᠳᠥᠷ ᠲᠡᠭᠷᠢ ᠶ᠋ᠢᠨ ᠡᠭᠦᠯᠡ ᠨᠢ ᠠᠷᠢᠯᠪᠠᠯ ᠮᠠᠨᠳᠠᠯ ᠨᠢ ᠰᠠᠶᠢ ᠴᠡᠯᠮᠡᠭᠰᠢᠨ᠎ᠡ
ᠥᠪᠡᠷ ᠪᠡᠶ᠎ᠡ ᠶ᠋ᠢᠨ ᠪᠣᠳᠣᠯ ᠨᠢ ᠲᠠᠰᠤᠷᠠᠪᠠᠯ ᠴᠢᠨᠠᠷ ᠨᠢ ᠰᠠᠶᠢ ᠢᠯᠡᠷᠡᠨ᠎ᠡ
ᠬᠥᠮᠦᠨ ᠦ᠌ ᠤᠬᠠᠭᠠᠷᠠᠯ
ᠤᠷᠤᠰᠴᠤ ᠪᠠᠢᠭ᠎ᠠ ᠤᠰᠤ ᠶ᠋ᠢ ᠦᠵᠡᠭᠰᠡᠨ ᠴᠦ᠍ ᠤᠰᠤ ᠡᠰᠡ ᠤᠷᠤᠰᠤᠨ᠎ᠠ
ᠤᠨᠠᠵᠤ ᠪᠠᠢᠭ᠎ᠠ ᠨᠠᠪᠴᠢ ᠶ᠋ᠢ ᠭᠢᠰᠬᠢᠭᠰᠡᠨ ᠴᠦ᠍ ᠨᠠᠪᠴᠢ ᠡᠰᠡ ᠤᠨᠠᠨ᠎ᠠ
ᠤᠶᠠᠩᠭᠠᠯᠠᠵᠤ ᠪᠠᠢᠭ᠎ᠠ ᠳᠠᠭᠤᠤ ᠶ᠋ᠢ ᠰᠣᠨᠣᠰᠤᠭᠰᠠᠨ ᠴᠤ᠌ ᠳᠠᠭᠤᠤ ᠡᠰᠡ ᠰᠣᠨᠣᠰᠳᠠᠨ᠎ᠠ
ᠬᠥᠮᠦᠨ ᠦ᠌ ᠠᠯᠳᠠᠭ᠎ᠠ
ᠦᠨᠡᠨ ᠭᠡᠲᠡᠯ᠎ᠡ ᠬᠤᠳᠠᠯ ᠭᠡᠵᠦ ᠦᠰᠦ ᠪᠡᠨ ᠴᠠᠢᠲᠠᠯ᠎ᠠ ᠮᠠᠷᠭᠤᠯᠳᠤᠭᠰᠠᠨ ᠴᠤ᠌᠂
ᠪᠡᠶ᠎ᠡ ᠪᠡᠨ ᠡᠰᠡ ᠲᠠᠨᠢᠨ᠎ᠠ
ᠦᠬᠦᠬᠦ ᠭᠡᠲᠡᠯ᠎ᠡ ᠲᠥᠷᠥᠬᠦ ᠭᠡᠵᠦ ᠰᠢᠳᠦ ᠪᠡᠨ ᠤᠨᠠᠲᠠᠯ᠎ᠠ ᠰᠤᠳᠤᠯᠤᠭᠰᠠᠨ ᠴᠤ᠌᠂
ᠰᠡᠳᠬᠢᠯ ᠢ᠋ᠶ᠋ᠡᠨ ᠡᠰᠡ ᠮᠡᠳᠡᠨ᠎ᠡ
ᠥᠭᠦᠯᠡᠯᠭᠡ ᠭᠡᠲᠡᠯ᠎ᠡ ᠰᠢᠯᠦᠭ ᠭᠡᠵᠦ ᠪᠢᠷ ᠢ᠋ᠶ᠋ᠡᠨ ᠬᠤᠭᠤᠷᠠᠲᠠᠯ᠎ᠠ ᠪᠢᠴᠢᠭᠰᠡᠨ ᠴᠦ᠍᠂
ᠬᠣᠵᠢᠮ ᠢ᠋ᠶ᠋ᠠᠨ ᠡᠰᠡ ᠪᠣᠳᠣᠨ᠎ᠠ
ᠬᠥᠮᠦᠨ ᠦ᠌ ᠮᠤᠩᠬᠠᠭ
ᠥᠴᠦᠬᠡᠨ ᠶᠠᠭᠤᠮ᠎ᠠ ᠶ᠋ᠢ ᠣᠯᠤᠭᠠᠳ᠂ ᠶᠡᠬᠡ ᠶᠠᠭᠤᠮ᠎ᠠ ᠶ᠋ᠢ ᠠᠯᠳᠠᠭᠰᠠᠨ ᠢ᠋ᠶ᠋ᠠᠨ ᠦᠯᠦ ᠮᠡᠳᠡᠨ᠎ᠡ
ᠥᠪᠡᠷ ᠪᠢ ᠶ᠋ᠢ ᠣᠯᠤᠭᠠᠳ᠂ ᠦᠨᠡᠨ ᠪᠢ ᠶ᠋ᠢ ᠠᠯᠳᠠᠭᠰᠠᠨ ᠢ᠋ᠶ᠋ᠠᠨ ᠦᠯᠦ ᠮᠡᠳᠡᠨ᠎ᠡ
ᠦᠭᠡᠢ ᠶᠠᠭᠤᠮ᠎ᠠ ᠶ᠋ᠢ ᠣᠯᠤᠭᠠᠳ ᠂ ᠪᠠᠢᠬᠤ ᠶᠠᠭᠤᠮ᠎ᠠ ᠶ᠋ᠢ ᠠᠯᠳᠠᠭᠰᠠᠨ ᠢ᠋ᠶ᠋ᠠᠨ ᠦᠯᠦ ᠮᠡᠳᠡᠨ᠎ᠡ
ᠬᠥᠮᠦᠨ ᠦ᠌ ᠲᠥᠭᠡᠷᠢᠯ
ᠨᠢᠭᠡ
ᠡᠪᠦᠭᠡᠷᠡᠵᠦ ᠣᠳᠬᠤ ᠦᠭᠡᠢ ᠶᠦ᠍ᠮ ᠰᠢᠭ᠂ ᠶᠢᠷᠲᠢᠨᠴᠦ ᠶ᠋ᠢᠨ ᠬᠥᠮᠦᠨ ᠳᠡᠮᠡᠢ ᠯᠡ ᠠᠭᠠᠰᠢᠯᠠᠨ᠎ᠠ
ᠡᠭᠡᠯᠵᠢᠯᠡᠵᠦ ᠶᠠᠪᠤᠬᠤ ᠦᠭᠡᠢ ᠶᠦ᠍ᠮ ᠰᠢᠭ᠂ ᠣᠷᠴᠢᠯᠠᠩ ᠤ᠋ᠨ ᠬᠥᠮᠦᠨ ᠳᠡᠮᠡᠢ ᠯᠡ ᠪᠡᠶᠡᠰᠦᠨ᠎ᠡ
ᠡᠷᠭᠢᠵᠦ ᠢᠷᠡᠬᠦ ᠦᠭᠡᠢ ᠶᠦᠮ ᠰᠢᠭ᠂ ᠡᠳᠦᠭᠡ ᠶ᠋ᠢᠨ ᠬᠥᠮᠦᠨ ᠳᠡᠮᠡᠢ ᠯᠡ ᠵᠡᠭᠦᠳᠦᠯᠡᠨ᠎ᠡ
ᠬᠣᠶᠠᠷ
ᠪᠣᠳᠢ ᠮᠣᠳᠣ ᠰᠡᠳᠬᠢᠯ ᠳᠣᠲᠣᠷ᠎ᠠ ᠨᠢ ᠤᠷᠭᠤᠵᠤ ᠪᠠᠢᠲᠠᠯ᠎ᠠ ᠬᠣᠯᠠ ᠠ᠋ᠴᠠ ᠡᠷᠢᠨ᠎ᠡ
ᠪᠤᠷᠬᠠᠨ ᠪᠣᠳᠢᠰᠠᠳ᠋ᠸ᠎ᠠ ᠰᠡᠳᠬᠢᠯ ᠳᠣᠲᠣᠷ᠎ᠠ ᠨᠢ ᠰᠠᠭᠠᠲᠠᠵᠤ ᠪᠠᠢᠲᠠᠯ᠎ᠠ ᠰᠦᠮ᠎ᠡ ᠡᠴᠡ ᠰᠤᠷᠠᠨ᠎ᠠ
ᠪᠤᠭ ᠰᠢᠮᠨᠤᠰ ᠰᠡᠳᠬᠢᠯ ᠳᠣᠲᠣᠷ᠎ᠠ ᠨᠢ ᠣᠷᠣᠰᠢᠵᠤ ᠪᠠᠢᠲᠠᠯ᠎ᠠ ᠭᠠᠳᠠᠨ᠎ᠠ ᠠ᠋ᠴᠠ ᠬᠥᠭᠡᠭᠡᠨ᠎ᠡ
ᠬᠥᠮᠦᠨ ᠦ᠌ ᠵᠣᠪᠠᠯᠠᠩ
ᠥᠷᠯᠥᠭᠡ ᠲᠠᠷᠢᠭᠰᠠᠨ ᠥᠷᠭᠡᠰᠦᠨ ᠳ᠋ᠦ᠍ ᠪᠡᠨ ᠬᠥᠮᠦᠨ ᠥᠪᠡᠷᠲᠡᠭᠡᠨ ᠬᠠᠳᠬᠤᠭᠳᠠᠨᠠ
ᠦᠳᠡᠰᠢ ᠲᠠᠯᠪᠢᠭᠰᠠᠨ ᠬᠠᠪᠬᠠᠨ ᠳ᠋ᠤ᠌ ᠪᠠᠨ ᠬᠥᠮᠦᠨ ᠥᠪᠡᠷ ᠲᠡᠭᠡᠨ ᠬᠠᠪᠴᠢᠭᠳᠠᠨᠠ
ᠥᠴᠥᠭᠡᠳᠦᠷ ᠮᠠᠯᠲᠠᠭᠰᠠᠨ ᠨᠦᠬᠡᠨ ᠳ᠋ᠦ᠍ ᠪᠡᠨ ᠬᠥᠮᠦᠨ ᠥᠪᠡᠷ ᠲᠡᠭᠡᠨ ᠪᠤᠯᠠᠭᠳᠠᠨ᠎ᠠ
ᠬᠥᠮᠦᠨ ᠦ᠌ ᠪᠤᠶᠠᠨ
ᠡᠳ᠋ ᠲᠦ᠍ ᠳᠤᠷᠠᠯᠠᠬᠤ ᠰᠡᠳᠬᠢᠯ ᠢ᠋ᠶ᠋ᠡᠨ ᠬᠠᠶᠠᠭᠰᠠᠭᠠᠷ ᠬᠥᠮᠦᠨ ᠳᠠᠷᠤᠢ ᠬᠤᠪᠢᠯᠭᠠᠨ ᠪᠣᠯᠴᠢᠬᠠᠨ᠎ᠠ
ᠡᠷᠬᠡᠨ ᠳ᠋ᠦ᠍ ᠰᠢᠨᠤᠬᠤ ᠵᠠᠩ ᠢ᠋ᠶ᠋ᠠᠨ ᠬᠠᠯᠠᠭᠰᠠᠭᠠᠷ ᠬᠥᠮᠦᠨ ᠳᠠᠷᠤᠢ ᠪᠣᠳᠢᠰᠠᠳ᠋ᠸ᠎ᠠ ᠪᠣᠯᠴᠢᠬᠠᠨ᠎ᠠ
ᠡᠮᠡᠰ ᠲᠦ᠍ ᠭᠣᠷᠢᠯᠠᠬᠤ ᠳᠤᠷ᠎ᠠ ᠪᠠᠨ ᠲᠠᠰᠤᠯᠤᠭᠰᠠᠭᠠᠷ ᠬᠥᠮᠦᠨ ᠳᠠᠷᠤᠢ ᠪᠤᠷᠬᠠᠨ ᠪᠣᠯᠴᠢᠬᠠᠨ᠎ᠠ
ᠵᠡᠭᠦᠯᠲᠡ ᠄ ᠠᠪᠢᠳᠠ ᠪᠤᠷᠬᠠᠨ ᠢ᠋ ᠤᠩᠰᠢᠬᠤ ᠨᠢ
2006 ᠣᠨ
ᠢᠷᠡᠯᠲᠡ ᠰᠦᠯᠵᠢᠶ᠎ᠡ
ᠦᠰᠦᠭ ᠠᠮᠢᠯᠠᠭᠤᠯᠤᠭᠰᠠᠨ ᠨᠢ ᠄ ᠭᠠᠸᠠ
