ᠳ᠋ᠦᠳᠠ -ᠴᠠᠭᠠᠨᠪᠠᠷᠰDüda-TsagaanbarДүда-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳ᠋ᠦᠳᠠ -ᠴᠠᠭᠠᠨᠪᠠᠷᠰDüda-TsagaanbarДүда-Цагаанбар

ᠳ᠋ᠦᠳᠠ -ᠴᠠᠭᠠᠨᠪᠠᠷᠰDüda-TsagaanbarДүда-Цагаанбар

2026-01-11

253

ᠳ᠋ᠦᠳᠠ


    ᠴᠠᠭᠠᠨᠪᠠᠷᠰ ᠳᠠᠭᠤᠯᠠᠪᠠ 
    ᠬᠣᠷᠴᠢᠨ ᠠᠷᠠᠳ ᠤ᠋ᠨ ᠳᠠᠭᠤᠤ 

ᠳ᠋ᠧᠦ ᠭᠡᠳᠡᠭ ᠴᠢᠨᠢ ᠠ᠋ ᠳᠥᠷᠪᠡᠯᠵᠢᠨ ᠶᠦᠮ ᠠ᠋  ᠬᠦ  ᠬᠦ  ᠬᠦ  ᠬᠦᠢ 
ᠳ᠋ᠦᠭᠦᠢᠮ᠎ᠠ ᠭᠡᠳᠡᠭ ᠴᠢᠨᠢ ᠮᠥᠮᠥ  ᠶ᠋ᠢᠨ ᠬᠢᠨᠢ ᠨᠡᠷ᠎ᠡ ᠶᠦ᠍ᠮ ᠠ᠋ ᠬᠦᠢ 
ᠳ᠋ᠦᠭᠦᠢᠮ᠎ᠠ ᠶ᠋ᠢᠨ ᠥᠬᠢᠨ ᠬᠦᠢ ᠳ᠋ᠦᠳᠠ ᠠᠩᠭ᠎ᠠ ᠶᠠ ᠬᠦ ᠬᠦ ᠬᠦ ᠬᠦᠢ 
ᠳᠡᠯᠡᠬᠡᠢ ᠳ᠋ᠦ᠍  ᠪᠡᠨ ᠦᠭᠡᠢ  ᠪᠡᠷ ᠰᠠᠢᠬᠠᠨ ᠲᠦᠷᠦᠴᠢᠬᠡᠵᠡᠢ ᠬᠦᠢ 

ᠢᠩ ᠭᠡᠳᠡᠭ ᠴᠢᠨᠢ ᠠ᠋ ᠳᠦᠭᠦᠷᠢᠭ ᠶᠦᠮ ᠠ᠋ ᠬᠦ ᠬᠦ ᠬᠦ ᠬᠦᠢ 
ᠶᠢᠮᠵᠠᠪ ᠭᠡᠳᠡᠭ ᠴᠢᠨᠢ ᠠᠪᠤ ᠶ᠋ᠢᠨ ᠬᠢᠨᠢ ᠨᠡᠷ᠎ᠡ ᠶᠦᠮ ᠠ᠋ ᠬᠦᠢ 
ᠶᠢᠮᠵᠠᠪ ᠤ᠋ᠨ ᠥᠬᠢᠨ ᠠ᠋ ᠬᠦᠢ ᠳ᠋ᠦᠳᠠ ᠠᠩᠭ᠎ᠠ ᠶᠠ ᠬᠦ ᠬᠦ ᠬᠦ ᠬᠦᠢ 
ᠶᠢᠷᠲᠢᠨᠴᠦ ᠳ᠋ᠦ᠍ ᠦᠭᠡᠢ ᠪᠡᠷ ᠰᠠᠢᠬᠠᠨ ᠲᠦᠷᠦᠴᠢᠬᠡᠵᠡᠢ ᠬᠦᠢ 

ᠨᠠᠶᠠᠨ ᠨᠢᠭᠡᠨ ᠵᠠᠩ ᠳᠤᠭᠠᠩ ᠠ᠋ᠴᠠ ᠪᠠᠭᠤᠶ᠎ᠠ ᠭᠡᠬᠦ ᠯᠠᠢ ᠳᠠ ᠬᠦ ᠬᠦ ᠬᠦ ᠬᠦᠢ
ᠨᠢᠷᠪᠠ ᠪᠣᠯᠤᠨ ᠱᠠᠩᠽᠠᠳ ᠨᠢ ᠬᠦᠯᠢᠶᠡᠵᠦ ᠦᠭᠡᠢ ᠶ᠋ᠢ ᠶᠠᠭᠠᠬᠢᠬᠤ ᠯᠠ ᠶᠤᠮ ᠠ᠋ ᠬᠦᠢ
ᠨᠠᠮᠤᠬᠠᠨ ᠳ᠋ᠦᠳᠠ ᠪᠠᠨ ᠬᠡᠯᠡᠯᠴᠡᠭᠦᠯᠦᠶ᠎ᠡ ᠭᠡᠬᠦ ᠯᠠᠢ ᠳᠠ ᠬᠦ ᠬᠦ ᠬᠦ ᠬᠦᠢ
ᠨᠠᠢᠨᠠᠢ ᠪᠣᠯᠣᠳ ᠶᠧ ᠶᠧ ᠬᠣᠶᠠᠭᠤᠯᠠ ᠪᠠᠨ ᠬᠦᠯᠢᠶᠡᠬᠦ ᠦᠭᠡᠢ ᠶ᠋ᠢ ᠯᠡ ᠶᠠᠭᠠᠬᠢᠬᠤ ᠯᠠ ᠶᠤᠮ ᠠ᠋ ᠬᠦᠢ

ᠳᠥᠴᠢᠨ ᠵᠠᠩ ᠳᠤᠭᠠᠩ ᠠ᠋ᠴᠠ ᠪᠠᠭᠤᠶ᠎ᠠ ᠭᠡᠬᠦ ᠯᠠᠢ ᠳᠠ ᠬᠦ ᠬᠦ ᠬᠦ ᠬᠦᠢ
ᠭᠡᠪᠬᠦᠢ ᠪᠣᠯᠣᠳ ᠨᠢᠷᠪᠠ ᠲᠠᠢ ᠪᠠᠨ ᠬᠦᠯᠢᠶᠡᠬᠦ ᠦᠭᠡᠢ ᠶ᠋ᠢ ᠶᠠᠭᠠᠬᠢᠬᠤ ᠯᠠ ᠶᠤᠮ ᠠ᠋ ᠬᠦᠢ
ᠥᠬᠢᠨ ᠪᠠᠭ᠎ᠠ ᠳ᠋ᠦᠳᠠ ᠪᠠᠨ ᠠᠪᠤᠶ᠎ᠠ ᠭᠡᠬᠦ ᠯᠠᠢ ᠳᠠ ᠬᠦ ᠬᠦ ᠬᠦ ᠬᠦᠢ
ᠮᠥᠮᠥ ᠪᠣᠯᠣᠳ ᠠᠪᠤ ᠬᠣᠶᠠᠭᠤᠯᠠ ᠪᠠᠨ ᠬᠦᠯᠢᠶᠡᠬᠦ ᠦᠭᠡᠢ ᠶ᠋ᠢ ᠶᠠᠭᠠᠬᠢᠬᠤ ᠯᠠ ᠶᠤᠮ ᠳᠠ ᠬᠦᠢ

ᠡᠭᠡᠯ ᠶᠦ᠍ ᠠᠷᠠᠳ ᠢ᠋ᠶ᠋ᠠᠨ ᠪᠣᠯᠤᠭᠰᠠᠨ ᠴᠤ᠌ ᠪᠣᠯᠤᠶ᠎ᠠ ᠳᠠ ᠬᠦ ᠬᠦ ᠬᠦ ᠬᠦᠢ
ᠡᠳ᠋ ᠮᠥᠩᠭᠥ ᠶ᠋ᠢ ᠪᠡᠨ ᠬᠤᠸᠠᠵᠤ ᠯᠠ ᠪᠠᠢᠭᠠᠳ ᠥᠬᠢᠨ ᠳ᠋ᠦᠳᠠ ᠪᠠᠨ ᠠᠪᠬᠤ ᠦᠭᠡᠢ ᠶᠦᠮ ᠤᠤ ᠳᠠ ᠬᠦᠢ
ᠡᠷᠳᠡᠮ ᠨᠣᠮ ᠯᠠ ᠭᠡᠵᠦ ᠯᠡ ᠵᠠᠭᠤᠷᠠᠭᠠᠳ ᠲᠡᠭᠡᠭᠰᠡᠨ ᠲᠤᠯᠠᠳᠠ ᠪᠠᠨ ᠬᠦ ᠬᠦ ᠬᠦ ᠬᠦᠢ
ᠡᠷᠭᠢᠬᠦ ᠲᠥᠷᠥᠯ ᠦ᠋ᠨ ᠬᠤᠪᠢ ᠶ᠋ᠢ ᠪᠡᠨ ᠭᠤᠶᠤᠭᠠᠳ ᠲᠦᠷᠦᠶ᠎ᠡ ᠬᠣᠶᠠᠭᠤᠯᠠ ᠪᠠᠨ ᠬᠦᠢ

ᠯᠠᠮᠠ ᠴᠤ᠌ ᠪᠣᠯᠤᠭᠠᠳ ᠯᠠ ᠪᠣᠯᠤᠭᠰᠠᠨ ᠦᠭᠡᠢ ᠪᠣᠯᠤᠶ᠎ᠠ ᠳᠠ ᠬᠦ ᠬᠦ ᠬᠦ ᠬᠦᠢ
ᠨᠠᠮᠤᠬᠠᠨ ᠲᠥᠷᠥᠭᠰᠡᠨ ᠳ᠋ᠦᠳᠠ ᠴᠢᠮ᠎ᠠ ᠶ᠋ᠢ ᠡᠷᠦᠬᠡ ᠭᠡᠷ ᠲᠦ᠍ ᠪᠡᠨ ᠠᠪᠬᠤ ᠦᠭᠡᠢ ᠤᠤ ᠳᠠ ᠬᠦᠢ
ᠬᠤᠸᠠᠷᠠᠭ ᠪᠣᠯᠤᠭᠠᠳ ᠰᠠᠭᠤᠭᠰᠠᠨ ᠪᠣᠯᠪᠠᠴᠤ ᠠ᠋ ᠬᠦ ᠬᠦ ᠬᠦ ᠬᠦᠢ
ᠬᠣᠢᠲᠤ ᠲᠥᠷᠥᠯ ᠦ᠋ᠨ ᠡᠷ᠎ᠡ ᠡᠮ᠎ᠡ ᠶ᠋ᠢᠨ ᠬᠡᠯᠬᠢᠶ᠎ᠡ ᠶ᠋ᠢ ᠬᠣᠶᠠᠭᠤᠯᠠ ᠪᠠᠨ ᠡᠨᠳᠡ ᠡᠴᠡ ᠭᠤᠶᠤᠴᠢᠯᠠᠵᠤ ᠦᠵᠡᠶ᠎ᠡ ᠬᠦᠢ

    ᠦᠰᠦᠭ ᠠᠮᠢᠯᠠᠭᠤᠯᠤᠭᠰᠠᠨ ᠨᠢ᠄ ᠭᠠᠸᠠ
    ᠦᠰᠦᠭ ᠬᠠᠲᠠᠭᠰᠠᠨ ᠨᠢ ᠄ ᠭᠠᠸᠠ
    ᠬᠢᠨᠠᠭᠴᠢ ᠄ ᠰᠡᠴᠡᠨ