ᠢᠰᠡᠭᠡᠢ ᠦᠨᠡᠭᠡᠨ ᠦ᠌ ᠳᠣᠮᠣᠭEsgii ünegnii domogЭсгий үнэгний домог Домог цуврал 2 Монгол өв, соёл ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠰᠡᠭᠡᠢ ᠦᠨᠡᠭᠡᠨ ᠦ᠌ ᠳᠣᠮᠣᠭEsgii ünegnii domogЭсгий үнэгний домог Домог цуврал 2 Монгол өв, соёл

ᠢᠰᠡᠭᠡᠢ ᠦᠨᠡᠭᠡᠨ ᠦ᠌ ᠳᠣᠮᠣᠭEsgii ünegnii domogЭсгий үнэгний домог Домог цуврал 2 Монгол өв, соёл

ᠠᠩᠭᠢᠯᠠᠯ:ᠳᠣᠮᠣᠭ ᠦᠯᠢᠭᠡᠷ
2026-01-11

1836

ᠢᠰᠡᠭᠡᠢ ᠦᠨᠡᠭᠡᠨ ᠦ᠌ ᠳᠣᠮᠣᠭ

          ᠳᠣᠮᠣᠭ ᠦᠯᠢᠭᠡᠷ 

        ᠡᠷᠲᠡ ᠤᠷᠢᠳᠤ ᠴᠠᠭ ᠲᠤ᠌ ᠰᠣᠨᠢᠭᠤᠴᠢ ᠨᠢᠭᠡᠨ ᠦᠨᠡᠭᠡ ᠤᠢᠳᠴᠤ ᠭᠠᠭᠴᠠᠭᠠᠷᠳᠠᠨ ᠬᠡᠰᠦᠭᠦᠴᠢᠯᠡᠨ ᠶᠠᠪᠤᠵᠤ ᠪᠠᠢᠵᠠᠢ᠃ ᠲᠡᠷᠡ ᠤᠢᠳᠬᠤ ᠦᠭᠡᠢ ᠪᠠᠢᠬᠤ ᠶ᠋ᠢᠨ ᠲᠤᠯᠠ ᠡᠯᠳᠡᠪ ᠶᠠᠩᠵᠤ ᠶ᠋ᠢᠨ ᠶᠠᠭᠤᠮ᠎ᠠ ᠰᠠᠳᠤᠨ ᠶᠠᠪᠤᠵᠤ ᠪᠠᠢᠲᠠᠯ᠎ᠠ ᠨᠢᠭᠡᠨ ᠠᠢᠯ ᠲᠠᠭᠠᠷᠠᠵᠤ ᠭᠡᠨ᠎ᠡ᠃ ᠥᠨᠥᠬᠢ ᠠᠢᠯ ᠳ᠋ᠤ᠌ ᠨᠢᠯᠬ᠎ᠠ ᠬᠡᠦᠬᠡᠳ ᠦ᠋ᠨ ᠳᠠᠭᠤ ᠴᠠᠩᠭᠢᠨᠠᠵᠤ ᠢᠨᠢᠶᠡᠳᠦ ᠬᠥᠷ ᠪᠣᠯᠵᠤ ᠪᠠᠢᠭ᠎ᠠ ᠨᠢ ᠰᠢᠨ᠎ᠡ ᠬᠥᠮᠦᠨ ᠮᠡᠨᠳᠦᠯᠡᠭᠰᠡᠨ ᠢ᠋ ᠭᠡᠷᠡᠴᠢᠯᠡᠨ᠎ᠡ᠃ ᠤᠳᠠᠯ ᠦᠭᠡᠢ ᠪᠦᠪᠡᠢ ᠶ᠋ᠢᠨ ᠳᠠᠭᠤᠤ ᠤᠶᠠᠩᠭᠠᠯᠠᠵᠤ ᠥᠯᠥᠭᠡᠢ ᠲᠡᠢ ᠵᠢᠭᠠᠯ ᠤᠨᠲᠠᠵᠠᠢ᠃ ᠦᠨᠡᠭᠡ ᠡᠨᠡ ᠪᠦᠬᠦᠨ ᠢ᠋ ᠠᠵᠢᠭᠯᠠᠨ ᠬᠠᠷᠠᠵᠤ ᠪᠠᠢᠭᠠᠳ ᠰᠠᠬᠢᠯᠭ᠎ᠠ ᠦᠭᠡᠢ ᠲᠣᠣᠷ ᠰᠢᠲᠠᠨ ᠠᠢᠯ ᠯᠤᠭ᠎ᠠ ᠣᠴᠢᠵᠠᠢ᠃ ᠦᠨᠡᠭᠡ ᠤᠨᠲᠠᠵᠤ ᠪᠣᠢ ᠬᠦᠦ ᠳᠡᠭᠡᠷ᠎ᠡ ᠣᠴᠢᠨ᠂
     — ᠪᠢᠴᠢᠬᠠᠨ ᠬᠦᠦ ᠮᠢᠨᠢ ᠰᠡᠷᠢᠭᠡᠷᠡᠢ! ᠰᠡᠷᠢᠭᠡᠷᠡᠢ! ᠨᠠᠳᠠ ᠲᠠᠢ ᠬᠠᠮᠲᠤ ᠶᠠᠪᠤᠵᠤ ᠲᠣᠭᠯᠠᠭᠠᠴᠢ ᠳ᠋ᠠ ᠬᠡᠮᠡᠨ ᠳᠠᠭᠤᠳᠠᠪᠠ᠃ ᠬᠦᠦ ᠰᠡᠷᠢᠬᠦ ᠶᠠᠩᠵᠤ ᠦᠭᠡᠢ ᠤᠨᠲᠠᠭᠰᠠᠭᠠᠷ ᠯᠠ ᠪᠠᠢᠯ᠎ᠠ᠃ ᠭᠡᠲᠡᠯ᠎ᠡ ᠦᠨᠡᠭᠡ᠂
     — ᠬᠦᠦ ᠮᠢᠨᠢ ᠰᠡᠷᠢᠭᠡᠷᠡᠢ! ᠰᠡᠷᠢᠭᠡᠷᠡᠢ! ᠡᠵᠢ ᠴᠢᠨᠢ ᠬᠣᠯᠠ ᠶᠠᠪᠤᠯ᠎ᠠ᠂ ᠡᠵᠢ ᠴᠢᠨᠢ ᠬᠣᠯᠠ ᠶᠠᠪᠤᠯ᠎ᠠ ᠭᠡᠮᠡᠨ ᠬᠤᠳᠠᠯ ᠢ᠋ᠶ᠋ᠠᠷ ᠬᠡᠯᠡᠪᠡ᠃ ᠡᠨᠡ ᠦᠭᠡᠨ ᠳ᠋ᠦ᠍ ᠢᠲᠡᠭᠡᠭᠰᠡᠨ ᠬᠦᠦ ᠤᠬᠢᠯᠠᠩᠨᠠᠵᠤ ᠡᠬᠢᠯᠡᠬᠦ ᠳ᠋ᠦ᠍᠂ ᠬᠦᠦ ᠤᠬᠢᠯᠠᠪᠠᠯ ᠠᠪᠤ ᠡᠵᠢ ᠨᠢ ᠰᠡᠷᠢᠨ᠎ᠡ ᠭᠡᠵᠦ ᠠᠶᠤᠭᠰᠠᠨ ᠦᠨᠡᠭᠡ᠂ ᠪᠢᠴᠢᠬᠠᠨ ᠬᠦᠦ ᠮᠢᠨᠢ ᠤᠨᠲᠠ᠂ ᠤᠨᠲᠠ ᠡᠵᠢ ᠨᠢ ᠬᠣᠯᠠ ᠶᠠᠪᠤᠭ᠎ᠠ ᠦᠭᠡᠢ᠂ ᠬᠣᠯᠠ ᠶᠠᠪᠤᠭ᠎ᠠ ᠦᠭᠡᠢ ᠭᠡᠮᠡᠨ ᠬᠡᠯᠡᠯ᠎ᠡ᠃ ᠡᠨᠡ ᠦᠭᠡᠨ ᠳ᠋ᠦ᠍ ᠪᠠᠶᠠᠷᠯᠠᠭᠰᠠᠨ ᠬᠦᠦ ᠵᠡᠭᠦᠳᠦᠨ ᠳ᠋ᠡᠭᠡᠨ ᠢᠨᠢᠶᠡᠮᠰᠦᠭᠯᠡᠬᠦ ᠨᠢ ᠥᠨᠥᠬᠢ ᠤᠢᠳᠤᠭᠰᠠᠨ ᠦᠨᠡᠭᠡᠨ ᠳ᠋ᠦ᠍ ᠵᠤᠭ᠎ᠠ ᠲᠠᠢ ᠰᠠᠨᠠᠭᠳᠠᠵᠤ᠂ ᠬᠥᠭᠵᠢᠯᠳᠦᠨ ᠲᠣᠭᠯᠠᠵᠤ ᠪᠠᠢᠲᠠᠯ᠎ᠠ ᠴᠢᠮᠡᠭᠡ ᠭᠠᠷᠴᠤ ᠬᠦᠦ ᠶ᠋ᠢᠨ ᠠᠪᠤ ᠰᠡᠷᠢᠬᠦ ᠳ᠋ᠦ᠍᠂ ᠦᠨᠡᠭᠡ ᠲᠣᠭᠣᠨᠣ ᠪᠠᠷ ᠭᠠᠷᠤᠨ ᠵᠢᠭᠤᠲᠠᠵᠠᠢ᠃ ᠡᠭᠦᠨ ᠢ᠋ ᠬᠠᠷᠠᠭᠰᠠᠨ ᠬᠦᠦ ᠶ᠋ᠢᠨ ᠠᠪᠤ ᠠᠷᠭ᠎ᠠ ᠤᠬᠠᠭᠠᠨ ᠰᠡᠢᠯᠦᠨ ᠬᠦᠦ ᠳ᠋ᠡᠭᠡᠨ ᠢᠰᠡᠭᠡᠢ ᠦᠨᠡᠭᠡ ᠬᠠᠢᠴᠢᠯᠠᠨ ᠤᠨᠵᠢᠭᠤᠯᠵᠤ ᠳᠤᠮᠨᠠᠵᠠᠢ᠃ ᠮᠠᠷᠭᠠᠰᠢ ᠨᠢ ᠥᠨᠥᠬᠢ ᠦᠨᠡᠭᠡ ᠳᠠᠬᠢᠨ ᠢᠷᠡᠭᠡᠳ ᠬᠦᠦ ᠶ᠋ᠢᠨ ᠳᠡᠭᠡᠷ᠎ᠡ ᠢᠰᠡᠭᠡᠢ ᠦᠨᠡᠭᠡ ᠪᠠᠢᠭ᠎ᠠ ᠶ᠋ᠢ ᠬᠠᠷᠠᠭᠠᠳ᠂ ᠡᠨᠡ ᠬᠦᠦ ᠦᠨᠡᠭᠡ ᠲᠡᠢ ᠶᠤᠮ ᠪᠠᠢᠨ᠎ᠠ ᠭᠡᠳ ᠶᠠᠪᠤᠭᠠᠳ ᠦᠭᠭᠦᠭᠰᠡᠨ ᠭᠡᠨ᠎ᠡ᠃
        ᠡᠨᠡᠬᠦ ᠳᠣᠮᠣᠭ ᠠ᠋ᠴᠠ ᠡᠭᠦᠳᠦᠨ ᠬᠡᠦᠬᠡᠳ ᠢ᠋ ᠡᠯᠳᠡᠪ ᠮᠠᠭᠤ ᠪᠦᠬᠦᠨ ᠡᠴᠡ ᠬᠠᠮᠠᠭᠠᠯᠠᠬᠤ ᠡᠷᠡᠭᠦᠯ ᠴᠢᠬᠢᠷᠡᠭ ᠪᠠᠲᠤ ᠬᠥᠮᠦᠨ ᠪᠣᠯᠬᠤ ᠶ᠋ᠢ ᠪᠡᠯᠭᠡᠳᠡᠨ᠂ ᠦᠨᠡᠭᠡ ᠬᠠᠢᠴᠢᠯᠠᠨ ᠳᠣᠮᠨᠠᠳᠠᠭ ᠵᠠᠩ ᠦᠢᠯᠡ ᠣᠳᠣ ᠴᠤ᠌ ᠬᠡᠷᠡᠭᠯᠡᠭᠳᠡᠭᠰᠡᠭᠡᠷ ᠪᠠᠢᠭ᠎ᠠ ᠪᠢᠯᠡ᠃ ᠦᠨᠡᠭᠡ ᠬᠠᠢᠴᠢᠯᠠᠨ ᠤᠨᠵᠢᠭᠤᠯᠬᠤ ᠳ᠋ᠠᠭᠠᠨ ᠲᠠᠪᠤᠨ ᠥᠩᠭᠡ ᠶ᠋ᠢᠨ ᠭᠤᠷᠪᠠᠯᠵᠢᠨ ᠪᠤᠶᠤ ᠲᠡᠭᠡᠭ ᠢ᠋ ᠬᠠᠮᠲᠤ ᠬᠢᠭᠰᠡᠨ ᠪᠠᠢᠳᠠᠭ ᠨᠢ ᠮᠥᠩᠬᠡ ᠲᠩᠷᠢ ᠶ᠋ᠢ ᠬᠥᠬᠡ ᠥᠩᠭᠡ ᠪᠡᠷ᠂ ᠬᠥᠷᠥᠰᠥᠲᠦ ᠳᠡᠯᠡᠬᠡᠢ ᠶ᠋ᠢ ᠨᠣᠭᠣᠭᠠᠨ ᠥᠩᠭᠡ ᠪᠡᠷ᠂ ᠠᠷᠢᠭᠤᠨ ᠠᠭᠠᠷ ᠢ᠋ ᠴᠠᠭᠠᠨ ᠥᠩᠭᠡ ᠪᠡᠷ᠂ ᠠᠷᠪᠢᠵᠢᠨ ᠦᠷᠡᠵᠢᠬᠦ ᠶ᠋ᠢ ᠰᠢᠷ᠎ᠠ ᠥᠩᠭᠡ ᠪᠡᠷ᠂ ᠭᠠᠯ ᠭᠣᠯᠣᠮᠲᠠ ᠪᠠᠨ ᠤᠯᠠᠭᠠᠨ ᠥᠩᠭᠡ ᠪᠡᠷ ᠲᠤᠰ ᠲᠤᠰ ᠪᠡᠯᠭᠡᠳᠡᠭᠰᠡᠨ ᠪᠠᠢᠳᠠᠭ ᠠᠵᠢ᠃
        ᠬᠡᠦᠬᠡᠳ ᠦ᠋ᠨ ᠺᠠᠠᠨᠲᠠᠨ ᠶᠢᠷᠲᠢᠨᠴᠦ ᠰᠤᠪᠠᠭ ᠤᠩᠰᠢᠵᠤ ᠪᠡᠯᠡᠳᠬᠡᠪᠡ᠃
        2026 ᠣᠨ ᠤ᠋ 1 ᠳ᠋ᠦ᠍ᠭᠡᠷ ᠰᠠᠷ᠎ᠠ
  
     ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
     ᠬᠢᠨᠠᠭᠴᠢ᠄ ᠭᠦᠩᠭᠠᠷ