ᠣᠷᠳᠣᠰ - ᠮᠣᠩᠭᠣᠯ ᠤᠨ ᠰᠠᠢᠬᠠᠨ ᠨᠤᠲᠤᠭ – ᠬᠠᠳᠠᠨᠪᠠᠭᠠᠲᠤᠷ Ордос - монголын сайхан нутаг – Хаданбаатар
ᠬᠠᠳᠠᠨᠪᠠᠭᠠᠲᠤᠷ
ᠪᠤᠭᠤᠷᠤᠯ ᠨᠤᠲᠤᠭ
ᠬᠠᠭᠠᠨ ᠡᠵᠡᠨ ᠦ᠌ ᠮᠢᠨᠢ ᠨᠠᠢ᠍ᠮᠠᠨ ᠴᠠᠭᠠᠨ ᠣᠷᠳᠣᠨ ᠢ᠋ ᠰᠠᠬᠢᠭᠰᠠᠨ
ᠭᠠᠵᠠᠷ ᠤᠰᠤᠨ
ᠬᠠᠨ ᠲᠡᠭᠷᠢ ᠶ᠋ᠢᠨ ᠳᠣᠬᠢᠭᠤᠷ ᠳᠣᠯᠣᠭᠠᠨ ᠤᠲᠤ ᠰᠢᠭ᠋
ᠳᠣᠯᠣᠭᠠᠨ ᠬᠣᠰᠢᠭᠤ ᠲᠠᠢ
ᠬᠠᠮᠤᠭ ᠮᠣᠩᠭᠣᠯ ᠤ᠋ᠨ ᠡᠯᠢᠭᠡᠨ ᠰᠠᠳᠤᠨ ᠤ᠋ ᠲᠠᠰᠤᠷᠬᠠᠢ
ᠣᠷᠣᠰᠢᠨ ᠰᠠᠭᠤᠭᠰᠠᠨ ᠨᠤᠲᠤᠭ
ᠵᠡᠭᠦᠨᠰᠢ ᠪᠡᠨ ᠮᠤᠷᠤᠢᠯᠵᠠᠨ ᠤᠷᠤᠰᠬᠤ
ᠰᠢᠷᠠᠠᠤᠰᠤᠨ ᠭᠣᠣᠯ ᠤ᠋ᠨ ᠢᠰᠬᠡᠷᠦᠭᠡ ᠲᠡᠢ
ᠵᠦᠭ ᠢ᠋ᠶ᠋ᠡᠨ ᠡᠷᠢᠯᠬᠢᠯᠡᠨ ᠤᠭᠠᠯᠵᠠᠯᠠᠭᠰᠠᠨ
ᠤᠯᠠᠭᠠᠨᠮᠥ᠋ᠷᠡᠨ ᠭᠣᠣᠯ ᠤ᠋ᠨ ᠭᠦᠨ ᠲᠣᠬᠣᠢ ᠲᠠᠢ
ᠵᠠᠭᠤᠨ ᠵᠠᠭᠤᠨ ᠳ᠋ᠤ᠌ ᠳᠠᠪᠲᠠᠭᠳᠠᠭᠰᠠᠨ
ᠠᠷᠪᠠᠰ ᠤ᠋ᠨ ᠠᠭᠤᠯᠠᠨ ᠤ᠋ ᠰᠦᠷᠯᠢᠭ ᠪᠠᠷᠠᠭ᠎ᠠ ᠲᠠᠢ
ᠵᠢᠯ ᠵᠢᠯ ᠢ᠋ᠶ᠋ᠡᠷ ᠮᠠᠯᠲᠠᠭᠠᠳ ᠪᠠᠷᠠᠰᠢ ᠦᠭᠡᠢ
ᠨᠡᠭᠦᠷᠡᠰᠦᠨ ᠠᠭᠤᠷᠬᠠᠢ ᠶ᠋ᠢᠨ ᠪᠤᠯᠠᠭᠳᠠᠭᠴᠠ ᠲᠠᠢ
ᠳᠡᠯᠡᠬᠡᠢ ᠶ᠋ᠢ ᠳᠤᠯᠠᠭᠠᠴᠠᠭᠤᠯᠤᠭᠰᠠᠨ
ᠠᠷᠪᠠᠰ ᠤ᠋ᠨ ᠴᠠᠭᠠᠨ ᠢᠮᠠᠭᠠᠨ ᠨᠣᠣᠯᠤᠷ ᠤ᠋ᠨ ᠬᠠᠨᠲᠠᠭᠠᠵᠠ ᠲᠠᠢ
ᠳᠡᠪᠡᠯ ᠬᠢᠭᠡᠳ ᠡᠮᠦᠰᠬᠦ ᠳ᠋ᠦ᠍ ᠳᠤᠯᠠᠭᠠᠬᠠᠨ ᠪᠠᠢᠳᠠᠭ
ᠣᠷᠳᠣᠰ ᠨᠠᠷᠢᠨ ᠨᠣᠣᠰᠣᠲᠤ ᠬᠣᠨᠢᠨ ᠠᠬᠠᠷ ᠲᠠᠢ
ᠳᠤᠮᠳᠠᠳᠤ ᠳ᠋ᠠᠭᠠᠨ ᠨᠡᠷᠡᠲᠡᠢ ᠲᠣᠰᠣᠯᠢᠭ ᠨᠠᠷᠠᠰᠤ
ᠵᠦᠩᠭᠠᠷ ᠤ᠋ᠨ ᠡᠯᠢᠭᠡᠨ ᠳ᠋ᠦ᠍ ᠰᠦᠨᠳᠡᠷᠯᠡᠭᠡ ᠲᠡᠢ
ᠳᠡᠪᠢᠰᠦᠭᠡᠳ ᠪᠡᠭᠡᠵᠢᠩ ᠲᠢᠶᠠᠨᠵᠢᠨ ᠬᠦᠷᠲᠡᠯ᠎ᠡ ᠠᠰᠢᠭᠯᠠᠭᠰᠠᠨ
ᠰᠢᠲᠠᠮᠠᠬᠠᠢ ᠬᠡᠢ ᠶ᠋ᠢᠨ ᠭᠠᠷᠤᠯᠲᠠ ᠲᠠᠢ
ᠦᠦᠰᠢᠨ ᠪᠠᠯᠠᠷ ᠠ᠋ᠴᠠ ᠦᠷᠭᠦᠯᠵᠢᠯᠡᠵᠦ
ᠣᠲᠣᠭ ᠤ᠋ᠨ ᠰᠢᠯᠢ ᠲᠡᠢ ᠵᠠᠯᠭᠠᠯᠳᠤᠵᠤ
ᠡᠮᠦᠨ᠎ᠡ ᠣᠲᠣᠭ ᠤ᠋ᠨ ᠵᠢᠷᠠᠨ ᠬᠠᠢᠯᠠᠰᠤ ᠤᠷᠲᠤ ᠶ᠋ᠢᠨ ᠳᠠᠭᠤᠤ
ᠬᠠᠩᠭᠢᠨ ᠤ᠋ ᠬᠦᠷᠦ ᠳᠠᠭᠤᠤ ᠲᠠᠢ ᠬᠣᠣᠰᠯᠠᠨ
ᠡᠵᠡᠨ ᠬᠣᠷᠣᠭᠠᠨ ᠤ᠋ ᠲᠠᠬᠢᠯᠭ᠎ᠠ ᠶᠣᠰᠣᠨ ᠳᠡᠭᠡᠳᠦᠯᠡᠭᠳᠡᠬᠦ ᠪᠡᠷ
ᠳᠡᠯᠡᠳ ᠵᠦᠩᠭᠠᠷ ᠠ᠋ᠴᠠ ᠬᠤᠷᠤᠢᠯᠠᠭᠠ ᠲᠠᠢ
ᠤᠷᠳᠤᠰ ᠨᠤᠲᠤᠭ ᠤ᠋ᠨ ᠮᠢᠨᠢ ᠥᠨᠢᠷ ᠪᠠᠶᠠᠯᠢᠭ
ᠲᠠᠩᠰᠤᠭ ᠠᠮᠢᠳᠤᠷᠠᠯ ᠡᠢᠨᠬᠦ ᠦᠷᠭᠦᠯᠵᠢᠯᠡᠭᠰᠡᠭᠡᠷ
ᠰᠠᠭᠠᠩ ᠰᠡᠴᠡᠨ ᠦ᠌ 《ᠡᠷᠳᠡᠨᠢ ᠶ᠋ᠢᠨ ᠲᠣᠪᠴᠢ》
ᠮᠠᠯᠴᠢᠳ ᠤ᠋ᠨ ᠡᠪᠦᠷ ᠲᠦ᠍ ᠰᠠᠭᠠᠲᠠᠵᠤ
ᠰᠠᠨᠠᠭ᠎ᠠ ᠲᠠᠯᠪᠢᠨ ᠤᠩᠰᠢᠳᠠᠭ 《ᠤᠷᠳᠤᠰ ᠲᠣᠪᠴᠢᠶᠠᠨ》
ᠤᠷᠢᠳᠤ ᠲᠡᠦᠬᠡ ᠶ᠋ᠢ ᠮᠢᠨᠢ ᠪᠢᠴᠢᠭᠯᠡᠵᠦ
ᠰᠤᠷᠭᠠᠭᠤᠯᠢ ᠶ᠋ᠢᠨ ᠬᠦᠷᠢᠶᠡᠨ ᠡᠴᠡ 《ᠵᠠᠩᠭᠠᠷ》 ᠬᠠᠢᠯᠬᠤ ᠳᠠᠭᠤᠨ
ᠵᠢᠷᠦᠬᠡ ᠰᠡᠳᠬᠢᠯ ᠢ᠋ ᠲᠠᠲᠠᠵᠤ
ᠰᠤᠳᠤᠨ ᠪᠦᠲᠦᠭᠡᠯ《ᠵᠠᠰᠠᠭ ᠤ᠋ᠨ ᠬᠣᠲᠣᠭᠣᠷ》᠂《ᠬᠥᠬᠡᠮᠳᠦᠭ ᠬᠤᠷᠠᠬᠤ》
ᠤᠷᠳᠤᠰ ᠲᠦᠮᠡᠨ ᠦ᠌ ᠮᠢᠨᠢ ᠣᠶᠤᠨ ᠢ᠋ ᠰᠡᠯᠪᠢᠨ᠎ᠡ᠃
ᠵᠠᠯᠠᠭᠤ ᠨᠢᠭᠡ ᠨᠢ 《ᠠᠯᠲᠠᠨ ᠭᠠᠨᠳᠠᠷᠢ》 ᠪᠠᠨ
ᠠᠮᠲᠠᠷᠬᠠᠨ ᠤᠩᠰᠢᠵᠤ
ᠵᠢᠭᠠᠬᠠᠨ ᠪᠤᠭᠤᠷᠤᠯ ᠨᠢ 《ᠬᠥᠬᠡ ᠰᠤᠳᠤᠷ》 ᠢᠶᠠᠨ ᠲᠡᠪᠡᠷᠢᠵᠤ
ᠰᠥᠨᠢ ᠶᠢ ᠪᠠᠷᠠᠭᠠᠨ᠎ᠠ
ᠵᠠᠷᠢᠮ ᠨᠢᠭᠡ ᠨᠢ ᠠᠷᠢᠬᠢ᠂ ᠭᠠᠷ ᠤᠲᠠᠰᠤ ᠪᠠᠷ
ᠴᠠᠭ ᠪᠠᠷᠠᠵᠤ ᠪᠠᠢᠬᠤ ᠳᠤ
ᠵᠠᠪᠰᠢᠶᠠᠨ ᠠᠯᠳᠠᠳᠠᠭ ᠦᠭᠡᠢ ᠨᠢ ᠪᠦᠭᠦᠳᠡ ᠶᠢ ᠵᠠᠪᠳᠤᠵᠤ
ᠰᠤᠷᠴᠤ ᠶᠠᠪᠤᠨ᠎ᠠ
ᠬᠣᠰᠢᠭᠤ ᠳᠠᠮᠵᠢᠨ ᠬᠢᠭᠰᠡᠭᠡᠷ ᠢᠷᠡᠭᠰᠡᠨ ᠤᠷᠳᠤᠰ ᠨᠠᠭᠠᠳᠤᠮ
ᠬᠠᠷᠠᠭ᠎ᠠ ᠪᠤᠯᠢᠶᠠᠨ᠎ᠠ
ᠬᠤᠭᠤᠴᠠᠭ᠎ᠠ ᠪᠣᠯᠭᠠᠨ ᠳ᠋ᠠᠭᠠᠨ ᠮᠣᠩᠭᠣᠯ ᠪᠥᠭᠡ ᠪᠡᠷ
ᠨᠠᠭᠠᠳᠤᠮᠯᠠᠵᠤ ᠪᠠᠶᠠᠰᠤᠨ᠎ᠠ
ᠬᠠᠮᠤᠭ ᠣᠯᠠᠨ ᠳ᠋ᠠᠭᠠᠨ ᠪᠠᠬᠠᠷᠬᠠᠬᠳᠠᠭᠰᠠᠨ ᠣᠷᠳᠣᠰ ᠬᠤᠷᠢᠮ
ᠬᠣᠨᠵᠢᠨ ᠪᠦᠭᠦᠳᠡ ᠶᠢᠨ ᠴᠤᠭᠯᠠᠭ᠎ᠠ
ᠬᠡᠵᠢᠶ᠎ᠡ ᠡᠭᠦᠷᠢᠳᠡ ᠪᠡᠨ ᠳᠠᠭᠤᠯᠠᠭᠳᠠᠬᠤ ᠣᠷᠳᠣᠰ ᠠᠷᠠᠳ ᠤᠨ ᠳᠠᠭᠤᠤ
ᠥᠨᠢ ᠮᠥᠩᠬᠡ ᠰᠣᠶᠣᠯ
ᠦᠦᠰᠢᠨ ᠤᠰᠤᠨ ᠵᠢᠷᠣᠭ᠎ᠠ ᠮᠣᠷᠢᠨ ᠤ ᠶᠠᠪᠤᠳᠠᠯ ᠢᠶᠠᠷ
ᠬᠣᠯᠠ ᠶᠢᠨ ᠵᠠᠮ ᠢ ᠲᠤᠭᠤᠯᠵᠤ
ᠮᠣᠷᠢᠨ ᠬᠤᠭᠤᠷ ᠤᠨ ᠬᠦᠩᠭᠢᠨᠡᠮ᠎ᠡ ᠡᠭᠡᠰᠢᠭ ᠢ
ᠫᠠᠷᠢᠰ ᠤᠨ ᠮᠦᠽᠸᠸᠢ ᠳᠦ ᠳᠣᠭᠣᠯᠳᠠᠭᠤᠯᠤᠭᠰᠠᠨ
ᠤᠷᠠᠯᠢᠭ ᠤᠨ ᠥᠨᠳᠥᠷ ᠲᠠᠢ
ᠮᠣᠷᠢᠲᠠᠨ ᠦᠨᠳᠦᠰᠦᠲᠡᠨ ᠦ ᠪᠡᠨ ᠥᠪ ᠰᠣᠶᠣᠯ ᠢ ᠥᠪᠯᠡᠨ ᠤᠯᠠᠮᠵᠢᠯᠠᠭᠰᠠᠨ
ᠮᠢᠨᠤ ᠡᠬᠡ ᠣᠷᠣᠨ
ᠥᠨᠢᠳᠡ ᠶᠢᠨ ᠶᠤᠮᠰᠢᠭ ᠮᠥᠩᠬᠡ ᠣᠷᠣᠰᠢᠬᠤ ᠣᠷᠳᠣᠰ
ᠮᠣᠩᠭᠣᠯ ᠤᠨ ᠰᠠᠢᠬᠠᠨ ᠣᠷᠣᠨ᠃
