ᠣᠷᠴᠢᠨ ᠴᠠᠭ ᠤᠨ ᠮᠣᠩᠭᠣᠯ ᠬᠡᠯᠡ – ᠠᠪᠢᠶ᠎ᠠ ᠵᠦᠢ(ᠨᠢᠭᠡᠳᠦᠭᠡᠷ ᠪᠥᠯᠥᠭ-2) Орчин цагийн монгол хэл - Авиа зүй 1-р бүлэг<2>
ᠨᠢᠭᠡᠳᠦᠭᠡᠷ ᠪᠥᠯᠥᠭ - ᠠᠪᠢᠶ᠎ᠠ ᠵᠦᠢ ᠶᠢᠨ ᠶᠡᠷᠦᠩᠬᠡᠢ ᠮᠡᠳᠡᠴᠡ
ᠬᠣᠶᠠᠳᠤᠭᠠᠷ ᠵᠦᠢᠯ – ᠠᠪᠢᠶ᠎ᠠ ᠶᠢ ᠰᠤᠳᠤᠯᠬᠤ ᠠᠷᠭ᠎ᠠ ᠵᠢᠴᠢ ᠮᠣᠩᠭᠣᠯ ᠬᠡᠯᠡᠨ ᠦ ᠠᠪᠢᠶᠠᠨ ᠤ ᠰᠤᠳᠤᠯᠤᠭᠳᠠᠵᠤ ᠪᠠᠢᠭ᠎ᠠ ᠪᠠᠢᠳᠠᠯ
ᠣᠳᠣᠬᠠᠨ᠎ᠠ ᠠᠪᠢᠶ᠎ᠠ ᠰᠤᠳᠤᠯᠬᠤ ᠠᠷᠭ᠎ᠠ ᠮᠡᠷᠭᠡᠵᠢᠯ ᠨᠢ ᠬᠡᠯᠡ ᠰᠢᠨᠵᠢᠯᠡᠯ ᠳ᠋ᠦ᠍ ᠳᠠᠪᠠᠭᠤᠯᠢᠭ ᠪᠠᠢᠷᠢ ᠲᠠᠢ ᠪᠠᠢᠨ᠎ᠠ᠃ ᠠᠪᠢᠶ᠎ᠠ ᠶ᠋ᠢ ᠥᠭᠦᠯᠡᠬᠦ ᠡᠷᠬᠡᠲᠡᠨ ᠬᠡᠷᠬᠢᠨ ᠠᠪᠢᠶᠠᠯᠠᠵᠤ ᠪᠠᠢᠭ᠎ᠠ ᠲᠠᠯ᠎ᠠ ᠠ᠋ᠴᠠ ᠰᠤᠳᠤᠯᠬᠤ᠂ ᠠᠪᠢᠶ᠎ᠠ ᠨᠢ ᠬᠡᠷᠬᠢᠨ ᠡᠭᠦᠰᠴᠦ ᠪᠦᠷᠢᠯᠳᠦᠵᠦ ᠪᠠᠢᠭ᠎ᠠ ᠳᠠᠭᠤᠨ ᠤ᠋ ᠤᠬᠠᠭᠠᠨ ᠤ᠋ ᠲᠠᠯ᠎ᠠ ᠠ᠋ᠴᠠ ᠰᠤᠳᠤᠯᠬᠤ᠂ ᠠᠪᠢᠶ᠎ᠠ ᠨᠢ ᠬᠥᠮᠦᠨ ᠦ᠌ ᠰᠣᠨᠣᠷ ᠲᠤ ᠬᠡᠷᠬᠢᠨ ᠮᠡᠳᠡᠷᠡᠭᠳᠡᠵᠦ ᠣᠢᠯᠠᠭᠠᠭᠳᠠᠵᠤ ᠪᠠᠢᠭ᠎ᠠ ᠰᠣᠨᠣᠰᠤᠯ ᠵᠦᠢ ᠶ᠋ᠢᠨ ᠲᠠᠯ᠎ᠠ ᠠ᠋ᠴᠠ ᠰᠤᠳᠤᠯᠬᠤ ᠵᠡᠷᠭᠡ ᠠᠳᠠᠯᠢ ᠪᠤᠰᠤ ᠠᠷᠭ᠎ᠠ ᠵᠠᠮ ᠢ᠋ᠶ᠋ᠠᠷ᠂ ᠲᠠᠯ᠎ᠠ ᠪᠦᠷᠢ ᠡᠴᠡ ᠨᠢ ᠰᠤᠳᠤᠯᠵᠤ ᠨᠢᠭᠲᠠᠯᠠᠵᠤ ᠪᠣᠯᠤᠨ᠎ᠠ᠃
ᠪᠦᠲᠦᠴᠡ ᠵᠦᠢ ᠶ᠋ᠢᠨ ᠠᠪᠢᠶᠠᠨ ᠤ᠋ ᠰᠢᠨᠵᠢᠯᠡᠯ ᠦ᠋ᠨ ᠠᠷᠭ᠎ᠠ ᠨᠢ ᠰᠢᠨ᠎ᠡ ᠪᠡᠷ ᠨᠡᠭᠡᠭᠡᠭᠰᠡᠨ ᠱᠠᠲᠤᠨ ᠳ᠋ᠤ᠌ ᠠᠪᠢᠶᠠᠯᠠᠪᠤᠷᠢ ᠵᠦᠢ ᠶ᠋ᠢ ᠰᠢᠰᠲ᠋ᠧᠮᠵᠢᠭᠦᠯᠦᠭᠰᠡᠨ ᠪᠥᠭᠡᠳ ᠠᠪᠢᠶᠠᠯᠠᠪᠤᠷᠢ ᠵᠦᠢ ᠶ᠋ᠢᠨ ᠢᠯᠭᠠᠭᠳᠠᠬᠤ ᠣᠨᠴᠠᠯᠢᠭ ᠤ᠋ᠨ ᠣᠨᠣᠯ ᠠᠷᠭ᠎ᠠ ᠨᠢ ᠴᠠᠭᠠᠰᠢᠳᠠ ᠡᠭᠦᠰᠬᠡᠬᠦ ᠠᠪᠢᠶᠠᠯᠠᠪᠤᠷᠢ ᠶ᠋ᠢᠨ ᠤᠬᠠᠭᠠᠨ ᠤ᠋ ᠦᠨᠳᠦᠰᠦ ᠰᠠᠭᠤᠷᠢ ᠪᠣᠯᠤᠭᠰᠠᠨ ᠪᠠᠢᠨ᠎ᠠ᠃ ᠡᠭᠦᠰᠬᠡᠬᠦ ᠠᠪᠢᠶᠠᠯᠠᠪᠤᠷᠢ ᠶ᠋ᠢᠨ ᠤᠬᠠᠭᠠᠨ ᠪᠣᠯ ᠬᠤᠪᠢᠷᠠᠭᠠᠯ ᠢ᠋ᠶ᠋ᠠᠷ ᠡᠭᠦᠰᠬᠡᠬᠦ ᠬᠡᠯᠡ ᠵᠦᠢ ᠶ᠋ᠢᠨ ᠨᠢᠭᠡᠨ ᠪᠦᠷᠢᠯᠳᠦᠬᠦᠨ ᠬᠡᠰᠡᠭ ᠶᠦᠮ᠃
ᠥᠨᠥᠳᠥᠷ ᠦ᠋ᠨ ᠠᠪᠢᠶᠠᠨ ᠤ᠋ ᠰᠢᠨᠵᠢᠯᠡᠭᠡᠨ ᠳ᠋ᠦ᠍ ᠬᠥᠭᠵᠢᠯᠲᠡ ᠪᠡᠷ ᠲᠦᠷᠭᠡᠨ ᠮᠥᠷᠲᠡᠭᠡᠨ ᠬᠡᠷᠡᠭᠴᠡᠭᠡ ᠪᠡᠷ ᠥᠷᠭᠡᠨ ᠨᠢ ᠲᠤᠷᠰᠢᠯᠲᠠ ᠶ᠋ᠢᠨ ᠠᠪᠢᠶ᠎ᠠ ᠵᠦᠢ ᠪᠣᠯᠤᠨ᠎ᠠ᠃ ᠲᠡᠷᠡ ᠨᠢ ᠹᠢᠽᠢᠺ᠂ ᠪᠡᠶ᠎ᠡ ᠮᠠᠬᠠᠪᠣᠳ ᠪᠠ ᠰᠡᠳᠬᠢᠴᠡ ᠶ᠋ᠢᠨ ᠲᠤᠷᠰᠢᠯᠲᠠ ᠵᠡᠷᠭᠡ ᠠᠳᠠᠯᠢ ᠪᠤᠰᠤ ᠰᠢᠨᠵᠢᠯᠡᠬᠦ ᠤᠬᠠᠭᠠᠨ ᠤ᠋ ᠰᠤᠳᠤᠯᠤᠯ ᠤ᠋ᠨ ᠠᠷᠭ᠎ᠠ ᠪᠠ ᠲᠥᠬᠥᠭᠡᠷᠦᠮᠵᠢ ᠶ᠋ᠢ ᠠᠰᠢᠭᠯᠠᠨ᠂ ᠠᠪᠢᠶᠠᠯᠠᠬᠤ ᠪᠠᠢᠳᠠᠯ᠂ ᠠᠪᠢᠶ᠎ᠠ ᠳᠠᠮᠵᠢᠭᠤᠯᠬᠤ ᠪᠠᠢᠳᠠᠯ᠂ ᠰᠣᠨᠣᠰᠤᠭᠳᠠᠬᠤ ᠪᠠ ᠣᠢᠯᠠᠭᠠᠭᠳᠠᠬᠤ ᠪᠠᠢᠳᠠᠯ ᠵᠡᠷᠭᠡ ᠶ᠋ᠢ ᠪᠠᠭᠲᠠᠭᠠᠭᠰᠠᠨ ᠠᠮᠢᠳᠤ ᠶᠠᠷᠢᠶᠠᠨ ᠤ᠋ ᠬᠡᠯᠡ ᠶ᠋ᠢ ᠭᠣᠣᠯᠯᠠᠨ ᠰᠤᠳᠤᠯᠳᠠᠭ ᠵᠠᠪᠰᠠᠷ ᠤ᠋ᠨ ᠰᠢᠨᠵᠢ ᠲᠡᠢ ᠰᠢᠨᠵᠢᠯᠡᠬᠦ ᠤᠬᠠᠭᠠᠨ ᠪᠣᠯᠬᠤ ᠲᠤᠯᠠ ᠠᠪᠢᠶᠠᠨ ᠠ᠋ᠴᠠ ᠭᠠᠳᠠᠨ᠎ᠠ ᠪᠠᠰᠠ ᠬᠡᠯᠡ ᠲᠡᠢ ᠬᠣᠯᠪᠣᠭᠳᠠᠯ ᠪᠦᠬᠦᠢ ᠴᠢᠮᠡᠭᠡ ᠨᠡᠪᠲᠡᠷᠡᠯᠭᠡ᠂ ᠰᠤᠷᠠᠭ ᠵᠠᠩᠭᠢ ᠶ᠋ᠢᠨ ᠳᠠᠮᠵᠢᠭᠤᠯᠤᠯᠲᠠ ᠶ᠋ᠢ ᠮᠠᠰᠢᠨ ᠢ᠋ᠶ᠋ᠠᠷ ᠭᠦᠢᠴᠡᠳᠬᠡᠭᠦᠯᠬᠦ ᠵᠡᠷᠭᠡ ᠠᠵᠢᠯ ᠮᠡᠷᠭᠡᠵᠢᠯ ᠲᠡᠢ ᠰᠢᠭᠤᠳ ᠬᠣᠯᠪᠣᠭᠳᠠᠨ᠎ᠠ᠃ ᠥᠭᠡᠷ᠎ᠡ ᠪᠡᠷ ᠬᠡᠯᠡᠪᠡᠯ᠂ ᠲᠤᠷᠰᠢᠯᠲᠠ ᠶ᠋ᠢᠨ ᠠᠪᠢᠶ᠎ᠠ ᠵᠦᠢ ᠨᠢ ᠬᠡᠯᠡ ᠪᠠ ᠪᠢᠴᠢᠭ ᠦ᠋ᠨ ᠠᠵᠢᠯ ᠢ᠋ ᠮᠠᠰᠢᠨᠴᠢᠯᠠᠬᠤ᠂ ᠠᠦ᠋ᠲ᠋ᠣᠴᠢᠯᠠᠬᠤ᠂ ᠴᠠᠭᠠᠰᠢᠳᠠ ᠰᠣᠨᠣᠷ ᠪᠠ ᠮᠡᠳᠡᠷᠡᠯ ᠢ᠋ ᠡᠮᠨᠡᠨ ᠵᠠᠰᠠᠬᠤ᠂ ᠲᠣᠭᠠᠨ ᠤ᠋ ᠤᠬᠠᠭᠠᠨ ᠵᠡᠷᠭᠡ ᠣᠯᠠᠨ ᠲᠠᠯ᠎ᠠ ᠶ᠋ᠢᠨ ᠰᠢᠨᠵᠢᠯᠡᠬᠦ ᠤᠬᠠᠭᠠᠨ ᠳ᠋ᠤ᠌ ᠬᠣᠯᠪᠣᠭᠳᠠᠨ ᠰᠤᠳᠤᠯᠤᠭᠳᠠᠳᠠᠭ ᠥᠷᠭᠡᠨ ᠬᠡᠷᠡᠭᠴᠡᠭᠡ ᠲᠡᠢ ᠰᠢᠨᠵᠢᠯᠡᠭᠡᠨ ᠪᠣᠯᠵᠤ ᠪᠠᠢᠨ᠎ᠠ᠃
ᠤᠯᠠᠮᠵᠢᠯᠠᠯᠲᠤ ᠠᠪᠢᠶ᠎ᠠ ᠵᠦᠢ ᠨᠢ ᠭᠣᠣᠯᠳᠠᠭᠤ ᠠᠮᠠ ᠬᠡᠯᠡ᠂ ᠴᠢᠬᠢᠨ ᠦ᠌ ᠴᠢᠳᠠᠮᠵᠢ ᠳ᠋ᠤ᠌ ᠲᠦᠰᠢᠭᠯᠡᠨ ᠬᠡᠯᠡᠨ ᠦ᠌ ᠠᠪᠢᠶ᠎ᠠ ᠶ᠋ᠢ ᠵᠠᠳᠠᠯᠤᠨ ᠰᠠᠯᠭᠠᠭᠠᠳ ᠲᠣᠭᠲᠠᠩᠭᠢ ᠪᠠᠷ ᠰᠤᠳᠤᠯᠵᠤ ᠪᠠᠢᠵᠠᠢ᠃ ᠭᠡᠲᠡᠯ᠎ᠡ ᠬᠥᠮᠦᠨ ᠦ᠌ ᠠᠮᠠ ᠬᠡᠯᠡ᠂ ᠴᠢᠬᠢᠨ ᠦ᠌ ᠢᠯᠭᠠᠬᠤ ᠴᠢᠳᠠᠯ ᠬᠢᠵᠠᠭᠠᠷ ᠲᠠᠢ ᠲᠤᠯᠠ ᠪᠣᠳᠠᠲᠠᠢ ᠰᠢᠨᠵᠢᠯᠡᠭᠡᠨ ᠳᠡᠭᠡᠷ᠎ᠡ ᠪᠡᠨ ᠶᠠᠮᠠᠷ ᠠᠪᠢᠶ᠎ᠠ ᠨᠢ ᠬᠠᠮᠢᠭᠠᠭᠤᠷ ᠬᠡᠷᠬᠢᠨ ᠠᠪᠢᠶᠠᠯᠠᠭᠳᠠᠬᠤ᠂ ᠠᠪᠢᠶᠠᠳ ᠤ᠋ᠨ ᠪᠣᠳᠠᠲᠠᠢ ᠤᠶᠠᠯᠳᠤᠬᠤ ᠣᠨᠴᠠᠯᠢᠭ᠂ ᠡᠷᠭᠦᠯᠲᠡ ᠠᠶᠠᠰ ᠵᠡᠷᠭᠡ ᠲᠠᠯ᠎ᠠ ᠪᠠᠷ ᠠᠳᠠᠯᠢ ᠪᠤᠰᠤ ᠲᠣᠳᠣᠷᠬᠠᠢᠯᠠᠯᠲᠠ ᠪᠠ ᠰᠠᠨᠠᠯ ᠣᠷᠣᠰᠢᠵᠤ ᠪᠠᠢᠳᠠᠭ᠃ ᠵᠣᠬᠢᠬᠤ ᠮᠠᠰᠢᠨ ᠲᠣᠨᠣᠭᠯᠠᠯ ᠢ᠋ᠶ᠋ᠠᠷ ᠠᠪᠢᠶᠠᠨ ᠤ᠋ ᠪᠠᠢᠳᠠᠯ ᠢ᠋ ᠲᠣᠭᠲᠠᠩᠭᠢ ᠪᠠᠷ ᠪᠢᠰᠢ ᠬᠠᠷᠢᠨ ᠵᠣᠬᠢᠬᠤ ᠠᠪᠢᠶᠠᠨ ᠤ᠋ ᠬᠣᠯᠪᠣᠯᠳᠤᠭᠠᠨ ᠳ᠋ᠤ᠌ ᠬᠥᠳᠡᠯᠦᠩᠭᠦᠢ ᠪᠡᠷ ᠰᠤᠳᠤᠯᠬᠤ᠂ ᠠᠪᠢᠶᠠᠨ ᠤ᠋ ᠬᠣᠯᠪᠣᠯᠳᠤᠭᠠᠨ ᠳ᠋ᠤ᠌ ᠢᠯᠡᠷᠡᠬᠦ ᠵᠣᠬᠢᠬᠤ ᠲᠣᠭ᠎ᠠ ᠪᠠᠷᠢᠮᠲᠠ ᠶ᠋ᠢᠨ ᠪᠦᠷᠢᠳᠬᠡᠯ ᠢ᠋ᠶ᠋ᠡᠷ ᠪᠣᠳᠠᠲᠤ ᠪᠠᠢᠳᠠᠯ ᠢ᠋ ᠲᠣᠳᠣᠷᠬᠠᠢᠯᠠᠬᠤ ᠪᠣᠯᠤᠭᠰᠠᠨ ᠨᠢ ᠠᠳᠠᠯᠢ ᠪᠤᠰᠤ ᠦᠵᠡᠯᠲᠡ ᠰᠠᠨᠠᠯ ᠢ᠋ ᠨᠢᠭᠡᠳᠬᠡᠨ ᠲᠥᠪᠯᠡᠷᠡᠭᠦᠯᠵᠦ᠂ ᠰᠤᠳᠤᠯᠭᠠᠨ ᠤ᠋ ᠠᠵᠢᠯ ᠢ᠋ ᠡᠷᠴᠢᠮᠵᠢᠭᠦᠯᠵᠦ᠂ ᠠᠪᠢᠶᠠᠨ ᠤ᠋ ᠰᠤᠳᠤᠯᠤᠯ ᠢ᠋ ᠤᠯᠠᠮ ᠰᠢᠨᠵᠢᠯᠡᠬᠦ ᠤᠬᠠᠭᠠᠨᠴᠢ ᠴᠢᠨᠠᠷ ᠲᠠᠢ ᠪᠥᠭᠡᠳ ᠪᠣᠯᠭᠠᠬᠤ ᠪᠣᠯᠤᠮᠵᠢ ᠲᠠᠢ ᠪᠣᠯᠭᠠᠵᠠᠢ᠃
ᠲᠤᠷᠰᠢᠯᠲᠠ ᠶ᠋ᠢᠨ ᠠᠪᠢᠶ᠎ᠠ ᠵᠦᠢ ᠪᠣᠢ ᠪᠣᠯᠤᠭᠠᠳ ᠵᠠᠭᠤ ᠭᠠᠷᠤᠢ ᠵᠢᠯ ᠪᠣᠯᠵᠤ ᠪᠠᠢᠭ᠎ᠠ ᠪᠣᠯᠪᠠᠴᠤ ᠮᠣᠩᠭᠣᠯ ᠬᠡᠯᠡᠨ ᠦ᠌ ᠠᠪᠢᠶᠠᠨ ᠤ᠋ ᠰᠤᠳᠤᠯᠭᠠᠨ ᠳ᠋ᠤ᠌ ᠬᠡᠷᠡᠭᠯᠡᠭᠳᠡᠭᠰᠡᠨ ᠨᠢ ᠣᠢᠷ᠎ᠠ ᠶ᠋ᠢᠨ ᠵᠢᠯ ᠦ᠋ᠳ ᠦ᠋ᠨ ᠤᠴᠢᠷ ᠪᠢᠯᠡ᠃ ᠡᠭᠦᠨ ᠳ᠋ᠦ᠍᠂ ᠮᠣᠩᠭᠣᠯ ᠬᠡᠯᠡᠨ ᠦ᠌ ᠲᠤᠷᠰᠢᠯᠲᠠ ᠶ᠋ᠢᠨ ᠠᠪᠢᠶᠠᠨ ᠤ᠋ ᠰᠤᠳᠤᠯᠤᠯ ᠨᠢ ᠭᠣᠣᠯᠳᠠᠭᠤ ᠪᠠᠷᠢᠮᠵᠢᠶ᠎ᠠ ᠠᠪᠢᠶᠠᠨ ᠤ᠋ ᠰᠢᠨᠵᠢᠯᠡᠯ ᠳ᠋ᠦ᠍ ᠵᠣᠷᠢᠭᠤᠯᠤᠭᠳᠠᠭᠰᠠᠨ ᠰᠢᠨᠵᠢ ᠲᠡᠢ ᠶᠦᠮ᠃
