ᠮᠣᠩᠭᠣᠯ ᠪᠢᠴᠢᠭ - ᠬᠡᠪᠳᠡᠬᠦ ᠤᠴᠢᠷ ᠦᠭᠡᠢ ᠪᠣᠰᠤᠭ᠎ᠠ ᠪᠢᠴᠢᠭ – ᠪᠢᠮᠪᠠ ᠶᠢᠨ ᠰᠠᠷᠠᠨᠲᠤᠶᠠᠭ᠎ᠠ Монгол бичиг - Хэвтэх учиргүй босоо бичиг – Бямбын Сарантуяа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠢᠴᠢᠭ - ᠬᠡᠪᠳᠡᠬᠦ ᠤᠴᠢᠷ ᠦᠭᠡᠢ ᠪᠣᠰᠤᠭ᠎ᠠ ᠪᠢᠴᠢᠭ – ᠪᠢᠮᠪᠠ ᠶᠢᠨ ᠰᠠᠷᠠᠨᠲᠤᠶᠠᠭ᠎ᠠ Монгол бичиг - Хэвтэх учиргүй босоо бичиг – Бямбын Сарантуяа

ᠮᠣᠩᠭᠣᠯ ᠪᠢᠴᠢᠭ - ᠬᠡᠪᠳᠡᠬᠦ ᠤᠴᠢᠷ ᠦᠭᠡᠢ ᠪᠣᠰᠤᠭ᠎ᠠ ᠪᠢᠴᠢᠭ – ᠪᠢᠮᠪᠠ ᠶᠢᠨ ᠰᠠᠷᠠᠨᠲᠤᠶᠠᠭ᠎ᠠ Монгол бичиг - Хэвтэх учиргүй босоо бичиг – Бямбын Сарантуяа

2026-01-09

1182

ᠮᠣᠩᠭᠣᠯ ᠪᠢᠴᠢᠭ - ᠬᠡᠪᠳᠡᠬᠦ ᠤᠴᠢᠷ ᠦᠭᠡᠢ ᠪᠣᠰᠤᠭ᠎ᠠ ᠪᠢᠴᠢᠭ


                     ᠪᠢᠮᠪᠠ ᠶᠢᠨ ᠰᠠᠷᠠᠨᠲᠤᠶᠠᠭ᠎ᠠ 

 ᠪᠤᠭᠤᠷᠤᠯ ᠲᠡᠦᠬᠡ ᠶ᠋ᠢᠨ ᠡᠭᠡᠳᠡᠷᠡᠭᠡᠨᠲᠦ ᠬᠦᠷᠳᠦᠨ ᠳ᠋ᠦ᠍  
 ᠪᠥᠬᠥᠢᠵᠦ ᠨᠣᠮᠣᠬᠠᠷᠠᠭ᠎ᠠ ᠦᠭᠡᠢ ᠪᠣᠰᠤᠭ᠎ᠠ ᠪᠢᠴᠢᠭ  
 ᠡᠨᠡ ᠯᠡ ᠮᠣᠩᠭᠣᠯ ᠤ᠋ᠨ ᠢᠵᠠᠭᠤᠷ ᠬᠡᠯᠡᠨ ᠳ᠋ᠦ᠍ 
 ᠡᠪ ᠦ᠋ᠨ ᠭᠠᠩᠨᠠᠭᠠᠰᠤ ᠰᠢᠭ᠋ 
 ᠡᠪᠴᠡᠵᠦ ᠳᠠᠭᠠᠴᠢᠬᠰᠠᠨ ᠮᠣᠩᠭᠣᠯ ᠪᠢᠴᠢᠭ  
 ᠲᠦᠮᠡᠨ ᠭᠠᠰᠠᠯᠠᠩ ᠤ᠋ᠨ ᠳᠤᠮᠳᠠ ᠠ᠋ᠴᠠ ᠱᠠᠵᠠᠭᠤᠷ ᠵᠠᠭᠤᠨ ᠥᠨᠳᠡᠢᠬᠦ  
 ᠲᠡᠭᠦᠯᠳᠡᠷ ᠮᠣᠩᠭᠣᠯ ᠤ᠋ᠨ ᠪᠣᠰᠤᠭ᠎ᠠ ᠬᠡᠢᠮᠣᠷᠢ ᠨᠢ ᠪᠣᠯᠵᠤ ᠲᠤᠯᠤᠭᠰᠠᠨ ᠶᠤᠮ  
 ᠪᠤᠳᠠᠩᠲᠤ ᠠᠯᠤᠰ ᠤ᠋ᠨ ᠰᠦᠮᠡᠯᠵᠡᠬᠦ ᠲᠡᠳᠦᠢ ᠢᠷᠡᠭᠡᠳᠦᠢ ᠳ᠋ᠦ᠍ ᠴᠤ᠌ 
 ᠪᠤᠷᠬᠠᠨ ᠤ᠋ ᠳᠦᠷᠢ ᠰᠢᠭ ᠲᠣᠳᠣᠷᠠᠨ ᠳᠤᠷᠠᠢᠬᠤ ᠤᠴᠢᠷ ᠲᠠᠢ ᠶᠤᠮ  
 ᠣᠶᠤᠨᠲᠤ ᠳᠡᠯᠡᠬᠡᠢ ᠶ᠋ᠢᠨ ᠡᠷᠳᠡᠮ ᠦ᠋ᠨ ᠭᠡᠭᠡ 
 ᠬᠡᠪᠲᠡᠵᠦ ᠮᠥᠯᠬᠥᠨ ᠰᠠᠴᠤᠷᠠᠵᠤ ᠪᠠᠢᠬᠤ ᠳ᠋ᠤ᠌  
 ᠣᠷᠴᠢᠯᠠᠩ ᠤ᠋ᠨ ᠶᠠᠪᠤᠳᠠᠯ ᠢ᠋ ᠳᠡᠭᠡᠷ᠎ᠡ ᠡᠴᠡ ᠨᠢ ᠲᠣᠯᠢᠳᠠᠬᠤ ᠭᠡᠰᠡᠨ ᠰᠢᠭ  
 ᠴᠣᠷᠢ ᠭᠠᠭᠴᠠᠭᠠᠷ ᠢ᠋ᠶ᠋ᠠᠨ ᠵᠣᠭᠰᠣᠵᠤ ᠦᠯᠡᠳᠡᠭᠰᠡᠨ ᠪᠣᠰᠤᠭ᠎ᠠ ᠪᠢᠴᠢᠭ  
 ᠵᠠᠭᠤᠨ ᠵᠠᠭᠤᠨ ᠢ᠋ ᠥᠷᠲᠡᠭᠡᠯᠡᠭᠰᠡᠨ ᠲᠠᠯ᠎ᠠ ᠶ᠋ᠢᠨ ᠬᠥᠬᠡ ᠰᠠᠯᠬᠢᠨ ᠨᠢ  
 ᠵᠤᠯᠵᠠᠭᠠᠨ ᠡᠪᠡᠰᠦᠨ ᠦ᠌ ᠦᠵᠦᠭᠦᠷ ᠢᠮᠡᠷᠦᠨ ᠢᠮᠡᠷᠦᠨ ᠳᠣᠮᠣᠭ ᠬᠦᠦᠷᠨᠢᠬᠦ ᠰᠢᠭ  
 ᠵᠤᠷᠪᠤᠰ ᠴᠠᠭᠠᠨ ᠲᠤᠶᠠᠭᠠᠲᠤ ᠲᠩᠷᠢ ᠶ᠋ᠢᠨ ᠬᠢᠯᠢ ᠳ᠋ᠦ᠍ ᠪᠦᠷᠢᠯᠳᠦᠭᠰᠡᠨ  
 ᠵᠠᠶᠠᠭ᠎ᠠ ᠪᠤᠶᠠᠨᠲᠤ ᠡᠪᠦᠭᠡ ᠳᠡᠭᠡᠳᠦᠰ ᠦ᠋ᠨ ᠮᠢᠨᠢ 
 ᠲᠠᠰᠤᠷᠠᠬᠤ ᠤᠴᠢᠷ ᠦᠭᠡᠢ ᠦᠷᠭᠦᠯᠵᠢᠯᠡᠯ 
 ᠬᠥᠬᠡ ᠲᠣᠯᠪᠣᠲᠤ ᠮᠣᠩᠭᠣᠯ ᠬᠥᠮᠦᠨ ᠳ᠋ᠦ᠍  
 ᠤᠬᠠᠭᠠᠷᠠᠯ ᠢ᠋᠂ ᠤᠶᠠᠷᠠᠯ ᠢ᠋᠂ ᠠᠭᠤᠴᠢᠯᠠᠯ ᠢ᠋ 
 ᠰᠢᠪᠡᠨᠡᠨ ᠰᠢᠪᠡᠨᠡᠨ ᠥᠭᠦᠯᠡᠬᠦ ᠬᠢᠷᠢ ᠨᠢ 
 ᠬᠠᠳᠬᠤᠯᠳᠤᠬᠤ ᠳᠠᠢᠰᠦᠨ ᠴᠢᠨᠢ 
 ᠬᠠᠷᠢ ᠳ᠋ᠤ᠌ ᠪᠣᠢ ᠶ᠋ᠢ ᠰᠠᠨᠠᠭᠤᠯᠤᠨ ᠬᠡᠯᠡᠬᠦ 
 ᠬᠠᠷᠠᠭᠤᠯ ᠤ᠋ᠨ ᠴᠡᠷᠢᠭ ᠮᠡᠲᠦ ᠨᠢᠳᠦ ᠴᠠᠪᠴᠢᠯ ᠦᠭᠡᠢ    
 ᠨᠢᠷᠤᠭᠤ ᠴᠢᠬᠡ ᠵᠣᠭᠰᠣᠨ᠂ ᠭᠡᠵᠢᠭᠡ ᠪᠡᠨ ᠬᠡᠢᠰᠬᠡᠵᠦ  
 ᠭᠡᠳᠡᠰᠦ ᠪᠡᠨ ᠲᠦᠷᠢᠵᠦ ᠰᠢᠳᠦ ᠪᠡᠨ ᠵᠠᠭᠤᠵᠤ  
 ᠰᠢᠯᠪᠢ ᠪᠡᠨ ᠲᠠᠰᠤᠷᠠᠲᠠᠯ᠎ᠠ ᠵᠢᠭᠡᠵᠤ  
 ᠰᠦᠯᠳᠡ ᠬᠡᠢᠮᠣᠷᠢ ᠪᠦᠬᠦᠨ ᠢ᠋ᠶ᠋ᠡᠷ ᠢ᠋ᠶ᠋ᠡᠨ  
 ᠮᠣᠩᠭᠣᠯ ᠢ᠋ᠶ᠋ᠠᠨ ᠲᠤᠯᠤᠭᠰᠠᠨ ᠪᠣᠰᠤᠭ᠎ᠠ ᠪᠢᠴᠢᠭ  
 ᠲᠢᠲᠢᠮ ᠡᠴᠡ ᠰᠡᠭᠦᠯ ᠬᠦᠷᠲᠡᠯ᠎ᠡ  
 ᠦᠶ᠎ᠡ ᠬᠣᠯᠪᠣᠨ ᠦᠭᠡ ᠪᠦᠲᠦᠭᠡᠵᠦ  
 ᠬᠠᠭᠠᠳ ᠠ᠋ᠴᠠ ᠬᠠᠷᠠᠴᠤ ᠣᠯᠠᠨ ᠢ᠋ ᠬᠦᠷᠲᠡᠯ᠎ᠡ  
 ᠦᠰᠦᠭ ᠬᠣᠯᠪᠣᠨ ᠦᠶ᠎ᠡ ᠳᠠᠮᠵᠢᠨ ᠤᠩᠰᠢᠭᠳᠠᠭᠰᠠᠨ  
 ᠨᠠᠷᠠᠨ ᠤ᠋ ᠰᠠᠴᠤᠷᠠᠭ ᠮᠡᠲᠦ  ᠪᠣᠮᠠᠨ ᠵᠦᠭ ᠲᠡᠭᠡᠨ ᠳᠡᠯᠭᠡᠷᠡᠭᠰᠡᠨ  
 ᠨᠠᠵᠢᠭ ᠮᠤᠩᠬᠠᠭ ᠤ᠋ᠨ ᠬᠠᠷᠠᠩᠭᠤᠢ ᠶ᠋ᠢ ᠭᠡᠷᠡᠯᠲᠦᠭᠦᠯᠦᠨ ᠭᠡᠢᠭᠦᠯᠦᠭᠰᠡᠨ  
 ᠲᠡᠭᠦᠨ ᠦ᠌ ᠳᠣᠣᠷ᠎ᠠ ᠲᠦᠮᠡᠨ ᠠᠭᠲᠠᠨ ᠤ᠋ ᠲᠣᠭᠣᠰᠣᠨ ᠳ᠋ᠤ᠌  
 ᠤᠤᠬᠠᠢ ᠶᠠᠭᠤ ᠪᠠᠨ ᠬᠠᠲᠠᠭᠠᠭᠰᠠᠨ 
 ᠮᠣᠷᠢᠲᠠᠨ ᠮᠣᠩᠭᠣᠯ ᠤ᠋ᠨ ᠬᠡᠢᠮᠣᠷᠢ ᠰᠢᠭ᠋  
 ᠲᠡᠭᠦᠯᠳᠡᠷ ᠣᠷᠴᠢᠯᠠᠩ ᠤ᠋ᠨ ᠡᠯᠢᠭᠡᠨ ᠳᠡᠭᠡᠷ᠎ᠡ  
 ᠬᠡᠪᠲᠡᠬᠦ ᠮᠥᠯᠬᠥᠬᠦ ᠤᠴᠢᠷ ᠦᠭᠡᠢ  
 ᠪᠣᠰᠤᠭ᠎ᠠ ᠪᠢᠴᠢᠭ ᠮᠢᠨᠦ᠂ 
 ᠮᠣᠩᠭᠣᠯ ᠪᠢᠴᠢᠭ ᠮᠢᠨᠦ      

       ᠰᠢᠯᠦᠭ ᠤᠶᠠᠩᠭᠠᠯᠠᠭᠴᠢ᠄ ᠣᠶᠤᠩᠬᠤᠸᠡᠷ   
         ᠦᠰᠦᠭ ᠠᠮᠢᠯᠠᠭᠤᠯᠤᠭᠴᠢ᠄ ᠡᠷᠳᠡᠮᠲᠦ   
         ᠬᠢᠨᠠᠭᠴᠢ᠄ ᠵᠢᠩᠯᠢᠬᠤᠸᠠᠷ