ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠳᠣᠯᠣᠭ᠎ᠠ〕 Цаг төрийн үймээн – Д ᠂ Намдаг - Цаг төрийн үймээн ᠂ гуравдугаар бүлэг -7 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠳᠣᠯᠣᠭ᠎ᠠ〕 Цаг төрийн үймээн – Д ᠂ Намдаг - Цаг төрийн үймээн ᠂ гуравдугаар бүлэг -7

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠳᠣᠯᠣᠭ᠎ᠠ〕 Цаг төрийн үймээн – Д ᠂ Намдаг - Цаг төрийн үймээн ᠂ гуравдугаар бүлэг -7

ᠠᠩᠭᠢᠯᠠᠯ:ᠲᠤᠭᠤᠵᠢ ᠷᠣᠮᠠᠨ
2026-01-09

171

ᠦᠯᠦ ᠤᠨᠲᠠᠷᠠᠬᠤ ᠦᠵᠡᠯ ᠰᠠᠨᠠᠭ᠎ᠠ


                            (ᠪᠠᠯᠳᠠᠨᠴᠡᠷᠢᠩ ᠦ᠋ᠨ ᠶᠠᠪᠤᠳᠠᠯ)  
       《ᠲᠥᠷᠥ ᠤᠯᠤᠰ ᠤ᠋ᠨ ᠭᠡᠵᠦ ᠬᠡᠩᠬᠡᠭᠯᠡᠵᠦ᠂ ᠬᠡᠩᠬᠡᠭᠯᠡᠵᠦ ᠡᠴᠦᠰ ᠲᠦ᠋ᠨᠢ ᠪᠢ ᠶᠠᠭᠤ ᠦᠵᠡᠪᠡ?》 ᠬᠡᠨ ᠳ᠋ᠦ᠍ ᠴᠦ᠍ ᠭᠡᠮ ᠲᠡᠢ ᠶᠠᠭᠤᠮ᠎ᠠ ᠬᠢᠵᠦ ᠴᠢᠳᠠᠭ᠎ᠠ ᠦᠭᠡᠢ ᠠᠲᠠᠯ᠎ᠠ ᠱᠣᠷᠣᠩ ᠳ᠋ᠤ᠌ ᠣᠷᠣᠵᠤ ᠦᠵᠡᠪᠡ᠃ ᠲᠥᠷᠥ᠂ ᠤᠯᠤᠰ ᠲᠥᠷᠥ ᠭᠡᠵᠦ ᠡᠯᠳᠡᠪ ᠱᠡᠯᠳᠡᠪ ᠢ᠋ᠶ᠋ᠡᠷ ᠳᠡᠮᠡᠢ ᠬᠡᠨᠡᠭᠡᠷᠬᠡᠬᠦ ᠪᠡᠨ ᠪᠣᠯᠢᠶ᠎ᠠ ᠪᠠᠢᠵᠠ᠃ ᠲᠡᠷᠡ ᠪᠠᠢᠲᠤᠭᠠᠢ ᠠᠮᠢᠳᠤᠷᠠᠬᠤ ᠶ᠋ᠢᠨ ᠡᠷᠬᠡ ᠶ᠋ᠢ ᠳᠠᠭᠠᠨ ᠠᠯᠪᠠ ᠬᠠᠭᠠᠬᠤ ᠶ᠋ᠢᠨ ᠴᠦ᠍ ᠬᠡᠷᠡᠭ ᠠᠯᠠᠭ᠎ᠠ᠃
      《ᠲᠥᠷᠥ ᠤᠯᠤᠰ ᠤ᠋ᠨ ᠬᠡᠷᠡᠭ ᠢ᠋ ᠠᠮᠢᠳᠤ ᠬᠥᠮᠦᠨ ᠬᠥᠲᠥᠯᠬᠦ ᠪᠣᠯᠪᠠᠴᠤ᠂ ᠲᠥᠷᠥ ᠤᠯᠤᠰ ᠲᠣᠭᠲᠠᠨᠢᠭᠰᠠᠨ ᠰᠠᠭᠤᠷᠢ ᠨᠢ ᠠᠮᠢ ᠪᠡᠶ᠎ᠡ ᠬᠠᠢᠷ᠎ᠠ ᠦᠭᠡᠢ ᠵᠢᠳᠬᠦᠨ ᠦᠬᠦᠵᠦ ᠦᠷᠡᠭᠳᠡᠭᠰᠡᠳ ᠦ᠋ᠨ ᠶᠠᠰᠤ ᠴᠢᠮᠦᠭᠡᠨ ᠳᠡᠭᠡᠷ᠎ᠡ ᠪᠠᠢᠳᠠᠭ》 ᠭᠡᠵᠦ ᠮᠠᠩᠯᠠᠢ ᠸᠠᠩ ᠳᠠᠮᠳᠢᠨᠰᠦ᠋ᠷᠦᠩ ᠠᠮᠢᠰᠬᠤᠯ ᠬᠤᠷᠢᠶᠠᠬᠤ ᠳ᠋ᠠᠭᠠᠨ ᠥᠭᠦᠯᠡᠭᠰᠡᠨ ᠪᠤᠰᠤ ᠤᠤ? ᠡᠨᠡ ᠦᠨᠡᠨ᠃ ᠮᠠᠨᠵᠤ ᠶ᠋ᠢᠨ ᠡᠰᠡᠷᠭᠦ ᠲᠡᠮᠡᠴᠡᠭᠰᠡᠨ ᠬᠡᠴᠢᠨᠡᠭᠡᠨ ᠣᠯᠠᠨ ᠬᠥᠮᠦᠨ ᠦ᠌ ᠠᠮᠢ ᠳᠡᠮᠡᠢ ᠦᠷᠡᠭᠳᠡᠪᠡ᠃ ᠦᠬᠦᠵᠦ ᠦᠬᠦᠵᠦ ᠶᠣᠰᠣᠲᠠᠢ ᠯᠠ ᠲᠡᠳᠡᠨ ᠦ᠌ ᠶᠠᠰᠤ ᠴᠢᠮᠦᠭᠡᠨ ᠳᠡᠭᠡᠷ᠎ᠡ ᠠᠦ᠋ᠲ᠋ᠣᠨᠣᠮᠢᠲᠤ ᠲᠥᠷᠥ ᠲᠣᠭᠲᠠᠪᠠ᠃ ᠳᠠᠷᠠᠭ᠎ᠠ ᠨᠢ ᠭᠠᠮᠢᠩ ᠤ᠋ᠨ ᠡᠰᠡᠷᠭᠦ ᠲᠡᠮᠡᠴᠡᠭᠰᠡᠨ ᠡᠳᠦᠢ ᠲᠡᠳᠦᠢ ᠬᠥᠮᠦᠨ ᠠᠮᠢ ᠦᠷᠡᠭᠳᠡᠪᠡ᠃ ᠵᠦᠭᠡᠷ ᠰᠠᠯᠬᠢᠨ ᠳ᠋ᠤ᠌ ᠪᠢ ᠬᠦᠷᠲᠡᠯ᠎ᠡ᠁ ᠬᠣᠢᠰᠢᠳᠠ ᠪᠠᠰᠠ ᠰᠢᠨ᠎ᠡ ᠲᠡᠮᠡᠴᠡᠯ ᠭᠠᠷᠤᠨ ᠰᠢᠨ᠎ᠡ ᠪᠡᠷ ᠦᠷᠡᠭᠳᠡᠵᠦ ᠡᠬᠢᠯᠡᠭᠡᠳ ᠡᠴᠦᠰ ᠲᠦ᠋ᠨᠢ ᠲᠥᠷᠥ ᠲᠣᠭᠲᠠᠨᠢᠨ᠎ᠠ᠃ ᠲᠡᠢᠨᠬᠦ ᠦᠬᠦᠭᠰᠡᠳ ᠪᠦᠷᠢ ᠪᠡᠷ ᠢ᠋ᠶ᠋ᠡᠨ ᠭᠠᠪᠢᠶ᠎ᠠ ᠲᠠᠢ ᠪᠣᠯᠪᠠᠴᠤ ᠪᠢ ᠦᠬᠦᠵᠦ ᠶᠠᠭᠠᠬᠢᠬᠤ ᠶᠤᠮ ᠪᠣᠢ? ᠠᠮᠢᠳᠤ ᠦᠯᠡᠳᠡᠭᠰᠡᠨ ᠨᠢ ᠲᠥᠷᠥ ᠤᠯᠤᠰ ᠢ᠋ᠶ᠋ᠠᠨ ᠬᠥᠲᠥᠯᠳᠡᠭ ᠭᠡᠪᠡᠴᠦ ᠪᠢ ᠪᠠᠰᠠ ᠲᠡᠭᠦᠪᠡᠷ ᠶᠠᠭᠠᠬᠢᠬᠤ ᠶᠤᠮ ᠪᠣᠢ? ᠠᠯᠢ ᠠᠯᠢᠨ ᠤ᠋ ᠬᠢᠨᠢ ᠬᠡᠷᠡᠭ ᠠᠯᠠᠭ᠎ᠠ᠃ ᠨᠠᠳᠠ ᠮᠡᠲᠦ ᠶ᠋ᠢᠨ ᠵᠤᠯᠳᠠᠷᠠᠢ ᠡᠷ᠎ᠡ ᠳ᠋ᠦ᠍ ᠠᠮᠠᠯᠠᠬᠤ ᠴᠤ᠌ ᠶᠠᠭᠤᠮ᠎ᠠ ᠪᠢᠰᠢ ᠪᠠᠢᠨ᠎ᠠ ᠰᠢᠦ᠃ ᠢᠩᠭᠢᠬᠦᠯᠡᠷ ᠶᠠᠭᠠᠬᠢᠬᠤ ᠪᠣᠢ? ᠣᠷᠣᠨ ᠨᠤᠲᠤᠭ ᠮᠠᠨᠢ ᠥᠷᠭᠡᠨ ᠳᠡᠯᠭᠡᠷ᠂ ᠠᠷᠠᠳ ᠲᠦᠮᠡᠨ ᠮᠠᠨᠢ ᠥᠭᠭᠢᠶᠡᠮᠦᠷ ᠪᠠᠶᠠᠨ᠂ ᠬᠠᠮᠢᠭ᠎ᠠ ᠨᠢᠭᠡ ᠲᠡᠢ ᠨᠢ ᠣᠴᠢᠵᠤ ᠮᠠᠯ ᠢ᠋ᠶ᠋ᠠᠨ ᠮᠠᠯᠯᠠᠬᠤ ᠮᠢᠬ᠎ᠠ ᠪᠠᠨ ᠢᠳᠡᠭᠰᠡᠨ ᠠᠷᠠᠳ ᠪᠣᠯᠤᠶ᠎ᠠ ᠪᠠᠢᠵᠠ! ᠭᠡᠵᠦ ᠪᠠᠯᠳᠠᠨᠴᠡᠷᠢᠩ ᠱᠣᠷᠣᠩ ᠠ᠋ᠴᠠ ᠭᠠᠷᠤᠭᠰᠠᠨ ᠲᠡᠷᠡ ᠡᠳᠦᠷ ᠡᠴᠡ ᠪᠡᠨ ᠡᠬᠢᠯᠡᠨ ᠪᠣᠳᠣᠯ᠎ᠠ᠃ ᠴᠠᠭᠠᠰᠢ ᠨᠢ ᠪᠦᠬᠦ ᠡᠳ᠋ ᠬᠣᠭᠰᠢᠯ ᠢ᠋ᠶ᠋ᠠᠨ ᠵᠠᠷᠤᠵᠤ ᠪᠣᠷᠣᠯᠠᠭᠤᠯᠪᠠᠯ ᠶᠠᠭᠤᠨ ᠳ᠋ᠤ᠌ ᠬᠦᠷᠬᠦ ᠶ᠋ᠢ ᠨᠢ ᠪᠣᠳᠣᠵᠤ ᠦᠵᠡᠬᠦ ᠳ᠋ᠦ᠍ ᠵᠤᠨ ᠳ᠋ᠤᠨᠢ ᠴᠠᠭᠠᠨ ᠢᠳᠡᠭᠡ ᠲᠡᠢ᠂ ᠡᠪᠦᠯ ᠳ᠋ᠦ᠍ᠨᠢ ᠮᠢᠬ᠎ᠠ ᠪᠣᠯᠤᠭᠠᠳ ᠯᠠ ᠶᠠᠪᠤᠳᠠᠭ ᠪᠣᠷᠣ ᠭᠡᠷᠲᠡᠨ ᠨᠦ᠍ᠭᠦᠳ ᠦ᠋ᠨ ᠨᠢᠭᠡ ᠨᠢ ᠪᠣᠯᠵᠤ ᠴᠢᠳᠠᠬᠤ ᠨᠢ ᠪᠦᠷ ᠴᠦ᠍ ᠠᠮᠲᠠᠲᠠᠢ ᠠᠵᠢ᠃ 
       ᠪᠠᠯᠳᠠᠨᠴᠡᠷᠢᠩ ᠡᠨᠡ ᠪᠣᠳᠣᠯ ᠢ᠋ᠶ᠋ᠠᠨ ᠬᠡᠨ ᠳ᠋ᠦ᠍ ᠴᠦ᠍ ᠦᠯᠦ ᠬᠡᠯᠡᠨ᠎ᠡ᠃ ᠬᠢᠬᠦ ᠭᠡᠰᠡᠨ ᠢ᠋ᠶ᠋ᠡᠨ ᠬᠡᠳᠦᠨ ᠳᠠᠪᠬᠤᠷ ᠪᠣᠳᠣᠵᠤ ᠠᠪᠤᠭᠠᠳ ᠴᠣᠬᠣᠮ ᠬᠦ᠌ ᠬᠢᠬᠦ ᠶ᠋ᠢᠨ ᠢ᠋ᠶ᠋ᠡᠨ ᠳᠠᠪᠠᠭᠠᠨ ᠳᠡᠭᠡᠷ᠎ᠡ ᠬᠡᠯᠡᠵᠦ ᠰᠤᠷᠤᠭᠰᠠᠨ ᠢ᠋ᠶ᠋ᠠᠷ ᠢ᠋ᠶ᠋ᠠᠨ ᠵᠥᠪᠬᠡᠨ ᠳᠣᠲᠣᠷ᠎ᠠ ᠪᠠᠨ ᠬᠠᠳᠠᠭᠠᠯᠠᠨ᠎ᠠ᠃ ᠬᠠᠵᠠᠭᠤ ᠳ᠋ᠤᠨᠢ ᠠᠷᠪᠠᠭᠠᠢ ᠭᠡᠭᠴᠢ ᠪᠠᠢᠭ᠎ᠠ ᠪᠢᠯᠡ᠃ ᠡᠨᠡ ᠠᠷᠪᠠᠭᠠᠢ ᠲᠡᠷᠡ ᠵᠢᠯ ᠰᠤᠪᠤᠷᠭᠠᠨ ᠤ᠋ ᠬᠠᠵᠠᠭᠤ ᠳ᠋ᠤ᠌ ᠦᠬᠦᠵᠦ ᠬᠡᠪᠲᠡᠬᠦ ᠳ᠋ᠦ᠍ ᠪᠠᠯᠳᠠᠨᠴᠡᠷᠢᠩ ᠠᠮᠢᠨ ᠳ᠋ᠤᠨᠢ ᠣᠷᠣᠭᠰᠠᠨ ᠤ᠋ ᠬᠠᠷᠢᠭᠤ ᠳ᠋ᠤ᠌ ᠱᠣᠷᠣᠩ ᠳ᠋ᠤ᠌ ᠪᠠᠢᠬᠤ ᠳ᠋ᠤᠨᠢ ᠬᠣᠭᠣᠯᠠ ᠵᠥᠭᠡᠭᠡᠭᠰᠡᠨ᠂ ᠭᠠᠷᠴᠤ ᠢᠷᠡᠬᠦ ᠳ᠋ᠦ᠍ᠨᠢ ᠭᠡᠷ ᠲᠦ᠋ᠨᠢ ᠤᠭᠲᠤᠨ ᠠᠪᠤᠭᠰᠠᠨ᠂ ᠣᠳᠣ ᠪᠣᠯᠬᠣᠷ ᠪᠠᠭᠰᠢ ᠠ᠋! ᠭᠡᠵᠦ ᠳᠠᠭᠤᠳᠠᠬᠤ ᠲᠡᠳᠦᠢ ᠦᠭᠡᠢ ᠬᠤᠪᠢ ᠶ᠋ᠢᠨ ᠬᠥᠳᠡᠯᠮᠦᠷᠢ ᠢᠷᠭ᠎ᠠ ᠬᠢᠬᠦ ᠶ᠋ᠢᠨ ᠢ᠋ᠶ᠋ᠡᠨ ᠬᠠᠵᠠᠭᠤ ᠪᠠᠷ ᠳᠡᠷᠭᠡᠳᠡ ᠨᠢ ᠰᠠᠭᠤᠨ ᠬᠣᠭᠣᠯᠠ ᠤᠮᠳᠠ ᠶ᠋ᠢ ᠨᠢ ᠬᠢᠨ᠎ᠡ᠃ 
       ᠥᠭᠡᠷ᠎ᠡ ᠨᠢᠭᠡ ᠵᠦᠢᠯ ᠢ᠋ ᠥᠭᠦᠯᠡᠪᠡᠯ ᠱᠣᠷᠣᠩ ᠠ᠋ᠴᠠ ᠭᠠᠷᠤᠭᠰᠠᠨ ᠤ᠋ ᠬᠢᠨᠢ ᠮᠠᠷᠭᠠᠰᠢ ᠳᠡᠭᠡᠷ᠎ᠡ ᠴᠠᠭ ᠲᠤ ᠳᠣᠲᠣᠭᠠᠳᠤ ᠶᠠᠮᠤᠨ ᠳ᠋ᠤ᠌ ᠬᠠᠮᠲᠤ ᠠᠵᠢᠯᠯᠠᠵᠤ ᠪᠠᠢᠭᠰᠠᠨ ᠪᠢᠴᠢᠭᠡᠴᠢ ᠫᠠᠯᠢᠮ᠎ᠠ ᠭᠡᠭᠴᠢ ᠪᠦᠬᠦᠯᠢ ᠪᠦᠲᠦᠨ ᠬᠣᠨᠢᠨ ᠤ᠋ ᠭᠦᠯᠤᠵᠡ ᠡᠭᠦᠷᠭᠡᠯᠡᠨ ᠠᠭᠠᠬᠢᠯᠠᠵᠤ ᠤᠭᠤᠬᠢᠯᠠᠨ ᠣᠷᠣᠵᠤ ᠢᠷᠡᠪᠡ᠃ ᠫᠠᠯᠢᠮ᠎ᠠ ᠭᠦᠯᠤᠵᠡ ᠪᠡᠨ ᠭᠡᠷ ᠦ᠋ᠨ ᠬᠠᠨ᠎ᠠ ᠲᠦᠰᠢᠭᠦᠯᠦᠨ ᠲᠠᠯᠪᠢᠭᠠᠳ ᠳᠠᠭᠤ ᠠᠯᠲᠠᠨ ᠮᠡᠨᠳᠦᠯᠡᠨ ᠵᠣᠯᠭᠠᠵᠤ ᠣᠷᠣᠨ᠂ ᠱᠣᠷᠣᠩ ᠠ᠋ᠴᠠ ᠠᠮᠤᠷ ᠮᠡᠨᠳᠦ ᠭᠠᠷᠴᠤ ᠢᠷᠡᠭᠰᠡᠨ ᠲᠤᠬᠠᠢ ᠳ᠋ᠤ᠌ ᠪᠠᠶᠠᠷ ᠬᠥᠷ ᠪᠣᠯᠵᠤ ᠭᠠᠷᠤᠯ᠎ᠠ᠃ ᠱᠣᠷᠣᠩ ᠳ᠋ᠤ᠌ ᠪᠠᠢᠬᠤ ᠳ᠋ᠤᠨᠢ ᠬᠣᠭᠣᠯᠠ ᠣᠷᠣᠭᠤᠯᠬᠤ ᠶ᠋ᠢ ᠬᠡᠴᠢᠨᠡᠭᠡᠨ ᠪᠣᠳᠣᠪᠠᠴᠤ ᠥᠪᠡᠷ ᠢ᠋ᠶ᠋ᠡᠨ ᠪᠠᠷᠢᠭᠳᠠᠬᠤ ᠠ᠋ᠴᠠ ᠠᠶᠤᠨ ᠠᠷᠠᠢ ᠯᠠ ᠲᠠᠷᠪᠠᠭᠠᠨ ᠤ᠋ ᠨᠦᠬᠡᠨ ᠳ᠋ᠦ᠍ ᠲᠣᠯᠣᠭᠠᠢ ᠪᠠᠨ ᠰᠢᠷᠭᠤᠭᠤᠯᠵᠤ ᠪᠠᠢᠭᠰᠠᠨ ᠦᠭᠡᠢ ᠭᠡᠨ᠎ᠡ᠃ ᠲᠡᠭᠡᠭᠡᠳ ᠣᠳᠣ ᠮᠢᠬ᠎ᠠ ᠠᠪᠴᠢᠷᠠᠵᠤ ᠪᠠᠢᠭ᠎ᠠ ᠠᠵᠢ᠃   
       — ᠵᠥᠪᠬᠡᠨ ᠳᠡ᠂ ᠭᠠᠮᠢᠩ ᠤ᠋ᠳ ᠬᠡᠨ ᠢ᠋ ᠴᠦ᠍ ᠪᠠᠷᠢᠬᠤ ᠠ᠋ᠴᠠ ᠪᠠᠨ ᠦᠯᠦ ᠪᠤᠴᠠᠨ᠎ᠠ᠃ ᠨᠠᠮᠠᠶ᠋ᠢ ᠪᠣᠯ ᠶᠠᠭᠠᠬᠢᠭ᠎ᠠ ᠴᠤ᠌ ᠦᠭᠡᠢ ᠪᠠᠢᠬᠤ ᠳ᠋ᠤ᠌ ᠪᠠᠷᠢᠭᠰᠠᠨ ᠰᠢᠦ ᠭᠡᠬᠦ ᠳ᠋ᠦ᠍ ᠫᠠᠯᠢᠮ᠎ᠠ᠄   
       — ᠲᠡᠢᠮᠦ ᠠ᠋᠂ ᠪᠠᠷᠢᠬᠤ ᠳ᠋ᠠᠭᠠᠨ ᠯᠠ ᠪᠠᠷᠢᠨ᠎ᠠ ᠭᠡᠰᠡᠨ ᠠ᠋᠃ ᠭᠡᠪᠡᠴᠦ ᠴᠢ! ᠭᠡᠵᠦ ᠤᠴᠢᠷᠲᠠᠢᠬᠠᠨ ᠨᠢᠳᠦ ᠪᠡᠷ ᠠᠵᠢᠨ ᠢᠨᠢᠶᠡᠬᠦ ᠳ᠋ᠦ᠍ᠨᠢ ᠪᠠᠯᠳᠠᠨᠴᠡᠷᠢᠩ ᠦ᠋ᠨ ᠳᠣᠲᠣᠷ᠎ᠠ ᠠᠶ᠎ᠠ ᠦᠭᠡᠢ ᠪᠣᠯᠪᠠ᠃   
       — ᠮᠥᠨ ᠴᠦ᠍ ᠲᠣᠭᠰᠢᠨ ᠪᠠᠢᠪᠠ ᠰᠢᠦ ᠭᠡᠳ ᠤᠭ ᠶᠠᠷᠢᠶᠠᠨ ᠢ᠋ ᠲᠠᠰᠤᠯᠬᠤ ᠭᠡᠲᠡᠯ᠎ᠡ᠂  ᠠᠷᠭ᠎ᠠ ᠦᠭᠡᠢ ᠳᠡ᠂ ᠠᠯᠢᠪᠠ ᠶᠠᠭᠤᠮ᠎ᠠ ᠮᠥᠬᠥᠬᠦ ᠶ᠋ᠢᠨ ᠡᠮᠦᠨ᠎ᠡ ᠳᠦᠷᠡᠯᠵᠡᠳᠡᠭ᠂ ᠲᠡᠷᠡ ᠶᠣᠰᠣᠭᠠᠷ ᠳᠣᠭᠰᠢᠷᠠᠭᠰᠠᠨ ᠬᠡᠷᠡᠭ᠃ ᠲᠡᠭᠡᠭᠡᠳ ᠴᠦ᠍ ᠮᠥᠬᠥᠯ᠎ᠡ᠃ ᠭᠡᠲᠡᠯ᠎ᠡ ᠣᠷᠣᠨ ᠳ᠋ᠤᠨᠢ ᠰᠢᠨ᠎ᠡ ᠭᠠᠯ ᠠᠰᠠᠵᠤ ᠡᠬᠢᠯᠡᠬᠦ ᠶ᠋ᠢ ᠶᠠᠭᠠᠬᠢᠨ᠎ᠠ᠃ 
       — ᠶᠠᠭᠤᠨ ᠰᠢᠨ᠎ᠡ ᠭᠠᠯ ᠪᠣᠢ?   
       — ᠪᠠᠷᠤᠨ ᠣᠩᠭᠧᠷᠠᠨ ᠰᠠᠶᠢᠬᠠᠨ ᠣᠷᠣᠵᠤ ᠢᠷᠡᠭᠰᠡᠨ ᠠᠲᠠᠯ᠎ᠠ ᠰᠦᠷᠡᠬᠡᠢ ᠳᠦᠷᠡᠯᠵᠡᠵᠦ ᠪᠠᠢᠨ᠎ᠠ᠃  
       ᠪᠠᠯᠳᠠᠨᠴᠡᠷᠢᠩ《ᠪᠠᠢᠵᠠ! ᠡᠨᠡ ᠴᠢᠨᠢ ᠬᠡᠨ ᠪᠣᠢ? ᠶᠠᠭᠤᠨ ᠳ᠋ᠤ᠌ ᠪᠠᠷᠤᠨ ᠣᠩᠭᠧᠷᠠᠨ ᠢ᠋ ᠶᠠᠭᠠᠷᠠᠨ ᠮᠠᠭᠤᠴᠢᠯᠠᠨ᠎ᠠ ᠪᠣᠢ? ᠬᠠᠷᠢᠨ ᠨᠢᠭᠡ ᠮᠡᠳᠡᠭᠦᠨ᠎ᠡ ᠨᠢᠮᠠᠵᠠᠪ ᠰᠢᠭ᠋ ᠲᠡᠳᠡᠨ ᠦ᠌ ᠲᠠᠩᠨᠠᠭᠤᠯ ᠪᠠᠢᠵᠤ ᠪᠣᠯᠬᠤ ᠪᠤᠰᠤ ᠤᠤ?》 ᠭᠡᠵᠦ ᠳᠣᠲᠣᠷ᠎ᠠ ᠪᠠᠨ ᠰᠡᠵᠢᠭᠯᠡᠪᠡ᠃   
       — ᠠ ᠲᠡᠢᠮᠦ ᠤᠤ? ᠪᠢ ᠭᠡᠷ ᠡᠴᠡ ᠭᠠᠷᠬᠤ ᠦᠭᠡᠢ ᠪᠠᠢᠭ᠎ᠠ ᠪᠣᠯᠤᠭᠠᠳ ᠶᠠᠭᠤ ᠴᠦ᠍ ᠮᠡᠳᠡᠬᠦ ᠦᠭᠡᠢ ᠪᠠᠢᠭ᠎ᠠ ᠰᠢᠦ ᠳᠡ᠃  
       — ᠬᠡᠴᠡᠭᠦᠦ᠂ ᠬᠡᠴᠡᠭᠦᠦ᠂ ᠮᠠᠰᠢ ᠠᠶᠤᠯᠲᠠᠢ᠂ ᠬᠣᠢᠰᠢᠳᠠ ᠪᠠᠨ ᠤᠯᠠᠮ ᠰᠢᠷᠦᠭᠦᠰᠬᠦ ᠨᠢ ᠴᠦ᠍ ᠮᠡᠳᠡᠭᠡᠵᠢ ᠶ᠋ᠢᠨ ᠬᠡᠷᠡᠭ ᠭᠡᠳ ᠴᠠᠭᠠᠰᠢ ᠵᠠᠯᠭᠠᠨ ᠶᠠᠷᠢᠬᠤ ᠭᠡᠬᠦ ᠳ᠋ᠦ᠍ᠨᠢ᠄   
       — ᠪᠢ ᠴᠦ᠍ ᠮᠥᠨ ᠠᠶᠤᠯᠲᠠᠢ ᠶ᠋ᠢ ᠦᠵᠡᠪᠡ ᠰᠢᠦ ᠳᠡ ᠭᠡᠵᠦ ᠦᠭᠡ ᠶ᠋ᠢ ᠨᠢ ᠲᠠᠰᠤᠯᠤᠭᠠᠳ ᠱᠣᠷᠣᠩ ᠤ᠋ᠨ ᠰᠣᠭᠲᠣᠭᠤ ᠪᠠᠭᠠᠲᠤᠷ᠂ ᠴᠡᠯᠮᠡᠭ ᠰᠢᠷ᠎ᠠ ᠶ᠋ᠢᠨ ᠰᠣᠨᠢᠨ ᠶᠠᠪᠤᠳᠠᠯ ᠢ᠋ ᠦᠷᠭᠦᠯᠵᠢᠯᠡᠭᠦᠯᠦᠨ ᠶᠠᠷᠢᠭᠰᠠᠭᠠᠷ ᠫᠠᠯᠢᠮ᠎ᠠ ᠪᠢᠴᠢᠭᠡᠴᠢ ᠶ᠋ᠢ ᠭᠠᠷᠭᠠᠪᠠ᠃ 
       ᠠᠷᠤ ᠳ᠋ᠤᠨᠢ ᠠᠪᠴᠢᠷᠠᠭᠰᠠᠨ ᠬᠣᠨᠢᠨ ᠤ᠋ ᠮᠢᠬ᠎ᠠ ᠨᠢ ᠦᠯᠡᠳᠡᠪᠡ᠃ ᠲᠠᠷᠭᠤᠨ ᠰᠢᠷᠭᠠᠯ ᠥᠭᠡᠬᠦᠨ ᠥᠩᠭᠡ ᠨᠢ ᠭᠡᠷ ᠦ᠋ᠨ ᠳᠤᠯᠠᠭᠠᠨ ᠳ᠋ᠤ᠌ ᠬᠠᠢᠯᠤᠮᠬᠠᠲᠠᠨ ᠪᠠᠢᠭ᠎ᠠ ᠶ᠋ᠢᠨ ᠴᠠᠭᠠᠨ᠎ᠠ ᠨᠢᠭᠡ ᠲᠠᠩᠨᠠᠭᠤᠯ ᠨᠢᠭᠤᠭᠳᠠᠵᠤ ᠪᠠᠢᠭ᠎ᠠ ᠰᠢᠭ᠋ ᠰᠠᠨᠠᠭᠳᠠᠨ ᠰᠡᠵᠢᠭ ᠬᠦᠷᠦᠨ᠎ᠡ᠃ ᠭᠡᠲᠡᠯ᠎ᠡ ᠭᠠᠳᠠᠭᠤᠷ ᠨᠡᠭᠡᠷᠡᠨ ᠶᠠᠭᠤ ᠪᠣᠯᠵᠤ ᠪᠠᠢᠨ᠎ᠠ ᠪᠣᠢ? ᠲᠡᠭᠦᠨ ᠢ᠋ ᠡᠷᠬᠡ ᠦᠭᠡᠢ ᠮᠡᠳᠡᠭᠦᠰᠢᠲᠡᠢ ᠪᠠᠢᠬᠤ ᠲᠤᠯᠠ ᠬᠡᠨ ᠲᠡᠢ ᠴᠦ᠍ ᠠᠭᠤᠯᠵᠠᠯ ᠦᠭᠡᠢ ᠵᠥᠪᠬᠡᠨ ᠭᠤᠳᠤᠮᠵᠢ ᠪᠠᠷ ᠶᠠᠪᠤᠬᠤ ᠪᠠᠷ ᠰᠢᠢᠳᠪᠦᠷᠢᠯᠡᠨ ᠭᠡᠷ ᠡᠴᠡ ᠭᠠᠷᠪᠠ᠃ ᠲᠡᠭᠡᠭᠡᠳ ᠶᠠᠭᠤ ᠦᠵᠡᠪᠡ᠃ ᠶᠠᠳᠠᠭᠤ ᠭᠤᠲᠤᠯᠴᠢᠨ ᠬᠣᠭ ᠳᠡᠭᠡᠷ᠎ᠡ ᠨᠢᠳᠦ ᠪᠦᠯᠲᠡᠯᠵᠡᠭᠦᠯᠦᠨ ᠪᠠᠷᠬᠢᠷᠠᠵᠤ᠂ ᠲᠣᠭᠣᠷᠢᠨ ᠵᠣᠭᠰᠣᠭᠰᠠᠨ ᠬᠥᠮᠦᠰ ᠠᠮᠢ ᠶ᠋ᠢ ᠨᠢ ᠠᠪᠬᠤ᠂ ᠠᠯᠠᠭᠤᠯᠬᠤ ᠬᠣᠶᠠᠷ ᠳᠡᠭᠡᠷ᠎ᠡ ᠡᠭᠡᠯᠵᠢᠯᠡᠨ ᠱᠤᠤᠭᠢᠯᠳᠤᠵᠤ ᠪᠠᠢᠬᠤ ᠶ᠋ᠢ ᠦᠵᠡᠭᠡᠳ ᠡᠰᠡ ᠲᠡᠰᠪᠦᠷᠢᠯᠡᠭᠰᠡᠨ ᠠᠵᠢ᠃ ᠬᠥᠮᠦᠰ ᠤᠴᠢᠷ ᠮᠡᠳᠡᠭᠦᠯᠬᠦ᠂ ᠬᠣᠢᠰᠢᠳᠠ ᠬᠥᠮᠦᠨ ᠦ᠌ ᠠᠮᠢ ᠶ᠋ᠢ ᠳᠡᠮᠡᠢ ᠰᠢᠢᠳᠬᠡᠭᠦᠯᠬᠦ ᠦᠭᠡᠢ ᠪᠣᠯᠭᠠᠬᠤ ᠶ᠋ᠢᠨ ᠡᠭᠦᠳᠡᠨ ᠡᠴᠡ ᠪᠠᠬᠠᠨ ᠢ᠋ ᠶᠠᠷᠢᠵᠤ ᠪᠠᠢᠭᠠᠳ ᠣᠷᠣᠰ᠂ ᠮᠣᠩᠭᠣᠯ ᠬᠣᠶᠠᠷ ᠨᠣᠶᠠᠨ ᠤ᠋ ᠪᠠᠷ᠎ᠠ ᠪᠠᠷ ᠲᠣᠯᠣᠭᠠᠢ ᠤᠷᠤᠭᠤ ᠪᠠᠨ ᠤᠰᠤ ᠬᠢᠭᠰᠡᠨ ᠶᠠᠭᠤᠮ᠎ᠠ ᠶᠠᠷᠢᠵᠤ ᠪᠠᠢᠭ᠎ᠠ ᠪᠠᠨ ᠮᠡᠳᠡᠨ ᠵᠢᠭᠤᠲᠠᠵᠠᠢ᠃ ᠳᠠᠷᠠᠭ᠎ᠠ ᠨᠢ ᠶᠠᠭᠤ ᠲᠠᠢ ᠳᠠᠭᠠᠷᠢᠯᠳᠤᠪᠠ? ᠮᠣᠩᠭᠣᠯ ᠳᠡᠪᠡᠯ ᠨᠥᠮᠥᠭᠡᠨ ᠡᠮᠦᠰᠦᠭᠰᠡᠨ ᠬᠥᠮᠦᠨ ᠭᠤᠳᠤᠮᠵᠢ ᠥᠭᠰᠥᠨ ᠭᠦᠶᠦᠨ ᠠᠢᠰᠤᠢ᠂ ᠬᠣᠢᠨ᠎ᠠ ᠠ᠋ᠴᠠ ᠨᠢ ᠰᠡᠯᠡᠮ᠎ᠡ ᠳᠠᠯᠠᠢᠭᠰᠠᠨ ᠮᠣᠷᠢ ᠲᠠᠢ ᠬᠥᠮᠦᠨ ᠬᠠᠷ᠎ᠠ ᠬᠤᠷᠳᠤ ᠪᠠᠷ ᠳᠠᠪᠬᠢᠨ ᠬᠠᠵᠠᠭᠤ ᠪᠠᠷ ᠨᠢ ᠥᠩᠭᠡᠷᠡᠩᠭᠦᠲᠡ ᠪᠡᠨ ᠰᠡᠯᠡᠮ᠎ᠡ ᠪᠠᠭᠤᠯᠭᠠᠵᠤ᠂ ᠲᠠᠯ᠎ᠠ ᠮᠥᠷᠦᠨ ᠡᠴᠡ ᠨᠢ ᠠᠪᠤᠭᠠᠳ ᠪᠦᠰᠡᠯᠡᠬᠦ ᠶ᠋ᠢ ᠨᠢ ᠬᠦᠷᠲᠡᠯ᠎ᠡ ᠴᠠᠪᠴᠢᠪᠠ᠃ ᠡᠨᠡ ᠶᠠᠭᠤᠲᠠᠢ ᠶᠡᠬᠡ ᠠᠶᠤᠮᠰᠢᠭ ᠪᠣᠢ? ᠳᠠᠪᠬᠢᠨ ᠣᠳᠤᠭᠰᠠᠨ ᠮᠣᠷᠢᠨ ᠤ᠋ ᠪᠠᠨ ᠡᠷᠴᠢ ᠶ᠋ᠢ ᠪᠠᠭᠤᠯᠭᠠᠨ ᠡᠷᠭᠢᠵᠦ ᠢᠷᠡᠬᠦ ᠶ᠋ᠢ ᠨᠢ ᠦᠵᠡᠪᠡᠯ ᠭᠣᠣᠵᠤᠤ ᠪᠠᠭᠠᠲᠤᠷ᠃ ᠮᠣᠷᠢᠨ ᠠ᠋ᠴᠠ ᠪᠠᠭᠤᠨ ᠬᠠᠷᠠᠢᠵᠤ ᠰᠥᠭᠥᠳᠦᠨ ᠠᠮᠤᠷ ᠡᠷᠢᠬᠦ ᠳ᠋ᠦ᠍ᠨᠢ《ᠴᠢ ᠶᠠᠭᠤ ᠬᠢᠵᠦ ᠶᠠᠪᠤᠭ᠎ᠠ ᠴᠢᠨᠢ ᠡᠨᠡ ᠪᠣᠢ?》 ᠭᠡᠵᠦ ᠵᠠᠩᠳᠤᠷᠪᠠ᠃ ᠭᠣᠣᠵᠤᠤ ᠳᠡᠭᠡᠭᠰᠢ ᠥᠨᠳᠡᠢᠨ᠄  
       — ᠡᠨᠡ ᠤᠤ? ᠭᠡᠵᠦ ᠠᠯᠠᠭᠰᠠᠨ ᠬᠥᠮᠦᠨ ᠤᠷᠤᠭᠤ ᠪᠠᠨ ᠭᠢᠯᠯᠠᠮᠬᠢᠨ ᠬᠠᠷᠠᠭᠰᠠᠨ ᠢ᠋ᠶ᠋ᠠᠨ ᠦᠭᠡᠢ ᠡᠨᠡ ᠴᠢᠨᠢ ᠭᠠᠮᠢᠩ᠃ ᠴᠢ ᠲᠡᠷᠡ ᠭᠤᠲᠤᠯ ᠢ᠋ ᠨᠢ ᠬᠠᠷᠠᠯ ᠯᠠ ᠳᠠ! ᠠᠢᠯ ᠤ᠋ᠨ ᠪᠠᠢᠰᠢᠩ ᠤ᠋ᠨ ᠬᠥᠨᠳᠡᠢ ᠡᠴᠡ ᠭᠠᠷᠴᠤ ᠵᠢᠭᠤᠲᠠᠭᠰᠠᠨ ᠶᠤᠮ ᠭᠡᠵᠦ ᠦᠢᠯᠡᠳᠦᠭᠰᠡᠨ ᠬᠡᠷᠡᠭ ᠢ᠋ᠶ᠋ᠡᠨ ᠪᠠᠬᠠᠷᠬᠠᠬᠤ ᠮᠡᠲᠦ ᠢᠨᠢᠶᠡᠮᠰᠦᠭᠯᠡᠪᠡ᠃  
       ᠳᠤᠤᠭᠠᠷᠴᠤ ᠴᠤ᠌ ᠵᠠᠪᠳᠤᠯ ᠦᠭᠡᠢ ᠬᠣᠷᠣᠭᠠᠭᠳᠠᠭᠰᠠᠨ ᠲᠡᠷᠡ ᠬᠥᠮᠦᠨ ᠢ᠋ ᠬᠠᠷᠠᠪᠠᠯ ᠶᠠᠭᠠᠬᠢᠬᠤ ᠠᠷᠭ᠎ᠠ ᠦᠭᠡᠢ ᠭᠠᠮᠢᠩ ᠴᠡᠷᠢᠭ᠃ ᠭᠤᠲᠤᠯ ᠨᠢ ᠴᠦ᠍ ᠭᠠᠮᠢᠩ ᠱᠠᠬᠠᠢ᠃ ᠭᠡᠯ᠎ᠡ ᠴᠦ᠍ ᠬᠥᠮᠦᠨ ᠦ᠌ ᠠᠮᠢ ᠪᠠᠯᠳᠠᠨᠴᠡᠷᠢᠩ ᠳ᠋ᠦ᠍ ᠬᠠᠮᠤᠭ ᠤ᠋ᠨ ᠬᠠᠢᠷᠠᠨ ᠪᠥᠭᠡᠳ ᠲᠡᠢᠨ ᠳᠠᠭᠤᠰᠤᠭᠠᠳ ᠪᠠᠢᠬᠤ ᠳ᠋ᠤ᠌ ᠠᠯᠠᠭᠠᠳ ᠯᠠ ᠪᠠᠢᠬᠤ ᠨᠢ ᠶᠠᠭᠤ ᠪᠣᠢ? ᠭᠡᠵᠦ ᠪᠣᠳᠣᠪᠠᠴᠤ᠂ ᠪᠠᠯᠳᠠᠨᠴᠡᠷᠢᠩ ᠳ᠋ᠦ᠍ ᠬᠡᠯᠡᠬᠦ ᠦᠭᠡ ᠡᠰᠡ ᠣᠯᠳᠠᠵᠠᠢ᠃ ᠬᠠᠰᠢᠶᠠᠨ ᠤ᠋ ᠬᠠᠭᠠᠯᠭ᠎ᠠ ᠪᠦᠷᠢ ᠡᠴᠡ ᠶᠡᠬᠡ ᠪᠠᠭ᠎ᠠ ᠬᠥᠮᠦᠰ ᠭᠤᠳᠤᠮᠵᠢᠨ ᠳ᠋ᠤ᠌ ᠭᠠᠷᠤᠭᠰᠠᠨ ᠬᠡᠷᠡᠭ ᠦ᠋ᠨ ᠲᠤᠬᠠᠢ ᠱᠠᠭᠰᠢᠶᠠᠨ ᠱᠤᠤᠭᠢᠶᠠᠨ ᠪᠣᠯᠤᠨ ᠭᠠᠷᠴᠤ ᠢᠷᠡᠪᠡ᠃ ᠲᠡᠳᠡ ᠭᠣᠣᠵᠤᠤ ᠶ᠋ᠢ ᠬᠠᠷᠠᠮᠠᠭᠴᠠ ᠪᠠᠨ ᠳᠠᠭᠤ ᠱᠣᠣ ᠪᠠᠨ ᠳᠠᠷᠤᠨ᠎ᠠ᠃ ᠭᠣᠣᠵᠤᠤ ᠲᠡᠭᠦᠨ ᠢ᠋ ᠡᠰᠡ ᠠᠩᠬᠠᠷᠤᠨ《ᠲᠠ ᠮᠠᠨ ᠤ᠋ ᠳ᠋ᠤ᠌ ᠮᠣᠷᠢᠯᠠ! ᠪᠢ ᠲᠠᠨ ᠢ᠋ ᠵᠠᠯᠠᠬᠤ ᠶᠣᠰᠣᠲᠠᠢ! ᠮᠣᠷᠢ ᠪᠠᠷ ᠮᠢᠨᠢ ᠵᠠᠯᠠᠷᠠ!》 ᠭᠡᠵᠦ ᠪᠠᠯᠳᠠᠨᠴᠡᠷᠢᠩ ᠢ᠋ ᠤᠷᠢᠪᠡ᠃ ᠠᠮᠠᠨ ᠠ᠋ᠴᠠ ᠨᠢ ᠠᠷᠢᠬᠢ ᠬᠠᠩᠬᠤᠯᠤᠨ᠎ᠠ᠃ 
       ᠣᠳᠣ ᠦᠵᠡᠪᠡᠯ ᠲᠡᠭᠦᠨ ᠳ᠋ᠦ᠍ ᠬᠠᠢᠷᠷᠠᠯᠠᠭᠤᠰᠢᠲᠠᠢ᠂ ᠦᠷᠦ ᠡᠪᠡᠳᠦᠯᠲᠡᠢ ᠶᠠᠭᠤ ᠴᠦ᠍ ᠦᠭᠡᠢ ᠬᠠᠷᠢᠨ ᠠᠶᠤᠮᠠᠷ᠃ ᠣᠯᠠᠨ ᠤ᠋ ᠳᠤᠮᠳᠠ ᠪᠠᠯᠳᠠᠨᠴᠡᠷᠢᠩ ᠲᠡᠭᠦᠨ ᠲᠡᠢ ᠮᠠᠷᠭᠤᠬᠤ ᠠ᠋ᠴᠠ ᠬᠠᠯᠠᠰᠢᠷᠠᠨ ᠥᠪᠡᠷ ᠦ᠋ᠨ ᠡᠷᠬᠡ ᠦᠭᠡᠢ ᠳᠠᠭᠠᠪᠠ᠃  
      《ᠮᠠᠨ ᠤ᠋ ᠬᠢ》 ᠭᠡᠳᠡᠭ ᠨᠢ ᠶᠠᠭᠤ ᠪᠣᠢ? ᠳᠡᠭᠡᠷ᠎ᠡ ᠴᠠᠭ ᠲᠤ ᠠᠯᠢ ᠨᠢᠭᠡ ᠲᠠᠮᠠᠭ᠎ᠠ ᠶᠠᠮᠤᠨ ᠤ᠋ ᠬᠣᠭᠰᠢᠯ ᠠᠬᠤᠭᠤᠯᠵᠤ ᠪᠠᠢᠭᠰᠠᠨ ᠲᠣᠮᠣ ᠮᠣᠳᠣᠨ ᠭᠡᠷ᠃ ᠡᠨᠳᠡ ᠭᠣᠣᠵᠤᠤ ᠱᠣᠷᠣᠩ ᠳ᠋ᠤ᠌ ᠬᠠᠮᠲᠤ ᠵᠣᠪᠠᠯᠠᠩ ᠡᠳ᠋ᠯᠡᠭᠰᠡᠨ ᠳᠠᠷᠤᠭ᠎ᠠ ᠨᠥᠬᠥᠳ ᠲᠡᠢ ᠪᠡᠨ ᠰᠠᠭᠤᠬᠤ ᠪᠣᠯᠵᠠᠢ᠃ ᠬᠡᠨ ᠨᠢ ᠪᠣᠯᠪᠠᠴᠤ ᠳᠤᠷ᠎ᠠ ᠲᠠᠢ ᠴᠠᠭ ᠲᠠᠭᠠᠨ ᠭᠠᠳᠠᠭᠰᠢ ᠭᠠᠷᠤᠨ ᠡᠨᠳᠡ ᠲᠡᠨᠳᠡ ᠨᠢᠭᠤᠭᠳᠠᠵᠤ ᠦᠯᠡᠳᠡᠭᠰᠡᠨ ᠭᠠᠮᠢᠩ ᠢ᠋ ᠠᠩᠨᠠᠬᠤ ᠶ᠋ᠢᠨ ᠳᠡᠯᠢᠮ ᠳ᠋ᠦ᠍ ᠭᠠᠮᠢᠩ ᠳ᠋ᠤ᠌ ᠪᠤᠷᠤᠭᠤ ᠪᠠᠨ ᠬᠦᠯᠢᠶᠡᠨ ᠱᠣᠷᠣᠩ ᠠ᠋ᠴᠠ ᠭᠠᠷᠴᠤ ᠠᠮᠠ ᠲᠠᠩᠭᠠᠷᠢᠭ ᠢ᠋ᠶ᠋ᠠᠨ ᠥᠭᠭᠦᠨ ᠴᠡᠷᠢᠭ ᠲᠤᠨᠢ ᠣᠷᠣᠭᠰᠠᠨ ᠥᠭᠡᠳᠡ ᠦᠭᠡᠢ ᠴᠡᠷᠢᠭ ᠦ᠋ᠳ ᠢ᠋ ᠣᠯᠵᠤ ᠠᠪᠴᠢᠷᠠᠨ ᠴᠡᠭᠡᠷᠯᠡᠭᠦᠯᠬᠦ ᠪᠥᠭᠡᠳ ᠠᠶ᠎ᠠ ᠦᠭᠡᠢ ᠮᠠᠭᠤᠬᠠᠢ ᠪᠠᠷ ᠬᠣᠪᠯᠠᠨ ᠤᠷᠪᠠᠭᠰᠠᠳ ᠢ᠋ ᠠᠯᠠᠬᠤ ᠨᠢ ᠴᠦ᠍ ᠪᠠᠰᠠ ᠥᠪᠡᠷᠰᠡᠳ ᠦ᠋ᠨ ᠡᠷᠬᠡ ᠪᠣᠯᠵᠠᠢ᠃ ᠭᠠᠳᠠᠭ᠎ᠠ ᠨᠢ ᠢᠷᠡᠬᠦ ᠳ᠋ᠦ᠍ ᠪᠠᠩᠵᠠ ᠳᠡᠰ ᠳᠡᠰ ᠪᠠᠭᠤᠵᠤ ᠥᠷᠥᠰᠢᠶᠡᠯ ᠭᠤᠶᠤᠨ ᠪᠠᠷᠬᠢᠷᠠᠬᠤ ᠰᠣᠨᠣᠰᠳᠠᠨ᠎ᠠ᠃ ᠭᠣᠣᠵᠤᠤ ᠲᠦᠷᠦᠭᠦᠯᠡᠨ ᠣᠷᠣᠵᠤ《ᠪᠣᠯᠢ》 ᠭᠡᠵᠦ ᠵᠠᠩᠳᠤᠷᠪᠠ ᠪᠣᠯᠤᠯᠲᠠᠢ᠂ ᠬᠣᠢᠨ᠎ᠠ ᠠ᠋ᠴᠠ ᠨᠢ ᠣᠷᠣᠬᠤ ᠳ᠋ᠤ᠌ ᠪᠠᠩᠵᠠᠳᠠᠭᠤᠯᠤᠭᠰᠠᠨ ᠬᠥᠮᠦᠨ ᠪᠣᠰᠤᠨ ᠥᠮᠥᠳᠥ ᠪᠡᠨ ᠲᠠᠲᠠᠨ᠎ᠠ᠃ ᠴᠠᠭᠠᠨ᠎ᠠ ᠠ᠋ᠴᠠ ᠨᠢ ᠬᠣᠷᠢ ᠭᠠᠷᠤᠢ ᠬᠥᠮᠦᠰ《ᠠᠮᠤᠷ ᠢ᠋ ᠠᠢᠯᠠᠳᠬᠠᠶ᠎ᠠ》 ᠭᠡᠵᠦ ᠮᠡᠬᠦᠯᠵᠡᠨ ᠤᠭᠲᠤᠨ᠎ᠠ᠃ ᠲᠡᠳᠡᠨ ᠦ᠌ ᠳᠤᠮᠳᠠ ᠤᠷᠢᠳ ᠡᠮᠦᠨ᠎ᠡ ᠡᠷᠬᠡ ᠦᠭᠡᠢ ᠦᠵᠡᠭᠳᠡᠭᠰᠡᠨ ᠪᠣᠯᠪᠠ ᠤᠤ ᠭᠡᠯᠲᠡᠢ ᠵᠢᠰᠦ ᠴᠢᠷᠠᠢ ᠪᠢᠰᠢᠭᠦᠢ ᠪᠠᠢᠨ᠎ᠠ᠃ ᠦᠭᠡᠢ ᠴᠦ᠍ ᠭᠡᠰᠡᠨ ᠣᠷᠣᠨ ᠱᠣᠷᠣᠩ ᠳ᠋ᠤ᠌ ᠰᠠᠭᠤᠵᠤ ᠪᠠᠢᠭᠠᠳ ᠬᠡᠳᠦᠨ ᠬᠣᠨᠣᠭ ᠤ᠋ᠨ ᠡᠮᠦᠨ᠎ᠡ ᠭᠠᠷᠤᠭᠰᠠᠨ ᠢ᠋ ᠨᠢ ᠮᠡᠳᠡᠵᠡᠢ᠃ ᠫᠤᠤ ᠵᠡᠪᠰᠡᠭ ᠡᠨᠳᠡ ᠲᠡᠨᠳᠡ ᠦᠭᠡᠢ ᠡᠯᠭᠦᠭᠡᠰᠦᠲᠡᠢ᠂ ᠳᠡᠪᠢᠰᠬᠡᠷ ᠬᠤᠴᠢᠯᠭ᠎ᠠ ᠭᠠᠵᠠᠷ ᠢ᠋ᠶ᠋ᠠᠷ ᠬᠥᠭᠯᠡᠷᠡᠨ᠎ᠡ᠃ ᠲᠡᠳᠡ ᠴᠥᠮ ᠪᠠᠶᠠᠷ ᠪᠠᠶᠠᠰᠬᠤᠯᠠᠩ᠂ ᠣᠷᠣᠨ ᠱᠣᠷᠣᠩ᠂ ᠥᠯᠥᠰᠦᠭᠰᠡᠨ ᠵᠦᠳᠡᠷᠡᠭᠦᠯᠦᠭᠰᠡᠨ ᠢ᠋ᠶ᠋ᠡᠨ ᠠᠢᠪᠤᠩ ᠲᠠᠢᠪᠤᠩ ᠶᠠᠷᠢᠬᠤ ᠶ᠋ᠢᠨ ᠣᠷᠣᠨ ᠳ᠋ᠤ᠌ ᠠᠯᠠᠬᠤ ᠬᠢᠳᠤᠬᠤ ᠶ᠋ᠢ ᠬᠢᠲᠠᠳ ᠬᠠᠷᠢᠶᠠᠯ ᠵᠢᠷ ᠵᠠᠨᠤᠯᠬᠢᠯᠠᠨ ᠠᠮᠠ ᠪᠠᠨ ᠥᠮᠥᠯᠵᠡᠭᠦᠯᠦᠨ ᠱᠤᠤᠭᠢᠯᠳᠤᠬᠤ ᠨᠢ ᠲᠡᠳᠡᠨ ᠦ᠌ ᠶᠠᠷᠢᠶᠠᠨ ᠤ᠋ ᠭᠣᠣᠯ ᠪᠣᠯᠵᠠᠢ᠃ ᠣᠷᠣᠨ ᠱᠣᠷᠣᠩ ᠠ᠋ᠴᠠ ᠰᠠᠶᠢᠬᠠᠨ ᠭᠠᠷᠤᠭᠰᠠᠨ ᠤ᠋ ᠲᠡᠮᠳᠡᠭ ᠪᠣᠯᠬᠤ ᠥᠯᠥᠨ ᠴᠣᠩᠬᠢᠭᠠᠷ ᠴᠢᠷᠠᠢ ᠳ᠋ᠠᠭᠠᠨ ᠬᠤᠷᠴᠠ ᠨᠢᠳᠦ ᠭᠢᠯᠠᠯᠵᠠᠭᠤᠯᠤᠨ ᠵᠦᠭ ᠪᠦᠷᠢ ᠡᠴᠡ《 ᠵᠠ᠂ ᠵᠠ》 ᠭᠡᠵᠦ ᠬᠦᠨᠳᠦᠳᠬᠡᠬᠦ ᠨᠢ ᠬᠠᠯᠠᠭᠴᠤᠳ ᠠ᠋ᠴᠠ ᠳᠠᠪᠠᠭᠤ ᠲᠠᠢ ᠪᠠᠢᠪᠠᠴᠤ ᠲᠡᠷᠡ ᠳᠤᠮᠳᠠ ᠪᠠᠨ ᠮᠥᠨ ᠯᠡ ᠬᠠᠷᠢᠶᠠᠯᠲᠠᠢ᠃ ᠴᠣᠬᠣᠮ ᠳ᠋ᠠᠭᠠᠨ ᠭᠡᠪᠡᠯ ᠡᠳᠡ ᠲᠦᠮᠡᠨ ᠪᠡᠷᠬᠡ ᠭᠠᠰᠢᠭᠤᠨ ᠤ᠋ ᠡᠰᠡᠷᠭᠦ ᠳᠠᠢᠳᠤᠨ ᠲᠤᠯᠤᠯᠳᠤᠭᠰᠠᠭᠠᠷ ᠶᠠᠪᠤᠭᠠᠳ ᠬᠠᠷᠢᠶᠠᠯ ᠦᠭᠡᠢ ᠲᠠᠢᠪᠤᠩ ᠬᠡᠯᠡᠯᠴᠡᠨ ᠶᠠᠷᠢᠯᠴᠠᠵᠤ ᠴᠢᠳᠠᠬᠤ ᠪᠠᠨ ᠪᠣᠯᠢᠭᠰᠠᠨ ᠤᠯᠤᠰ ᠠᠵᠢ᠃ 
       ᠡᠷᠬᠢᠮ ᠵᠣᠴᠢᠳ ᠢᠷᠡᠭᠰᠡᠨ ᠭᠡᠵᠦ ᠬᠣᠭᠣᠯᠠ ᠬᠢᠬᠦ ᠪᠣᠯᠬᠤ ᠳ᠋ᠠᠭᠠᠨ ᠮᠢᠬ᠎ᠠ ᠶ᠋ᠢ ᠪᠦᠬᠦᠯᠢ ᠬᠦᠯᠤᠵᠡ ᠪᠡᠷ᠂ ᠭᠤᠯᠢᠷ ᠢ᠋ ᠱᠤᠤᠳᠠᠢ ᠪᠠᠷ ᠨᠢ ᠣᠷᠣᠭᠤᠯᠵᠤ ᠢᠷᠡᠨ᠂ ᠳᠤᠷ᠎ᠠ ᠪᠦᠷᠢ ᠪᠡᠷ ᠬᠥᠳᠡᠯᠦᠨ ᠶᠠᠩᠵᠤ ᠶᠠᠩᠵᠤ ᠶ᠋ᠢᠨ ᠬᠣᠭᠣᠯᠠ ᠪᠡᠯᠡᠳᠬᠡᠵᠦ᠂ ᠨᠠᠢᠷ ᠴᠡᠩᠭᠡᠯ ᠬᠢᠬᠦ ᠳ᠋ᠡᠭᠡᠨ ᠠᠷᠢᠬᠢ ᠶ᠋ᠢ ᠯᠦᠦ ᠪᠡᠷ ᠠᠪᠴᠢᠷᠠᠪᠠ᠃  
       ᠪᠠᠯᠳᠠᠨᠴᠡᠷᠢᠩ ᠣᠷᠣᠵᠤ ᠢᠷᠡᠭᠰᠡᠨ ᠳᠠᠷᠤᠢ ᠳ᠋ᠠᠭᠠᠨ ᠥᠪᠡᠷ ᠦ᠋ᠨ ᠡᠷᠬᠡ ᠦᠭᠡᠢ ᠠᠪᠲᠠᠭᠳᠠᠨ ᠰᠠᠭᠤᠵᠤ ᠪᠠᠢᠭᠰᠠᠨ ᠪᠣᠯ ᠲᠡᠳᠡᠨ ᠦ᠌ ᠴᠢᠩ ᠰᠡᠳᠬᠢᠯ ᠳ᠋ᠦ᠍ ᠠᠪᠲᠠᠭᠳᠠᠨ ᠢᠵᠢᠯᠢ ᠳᠠᠰᠤᠯ ᠪᠣᠯᠵᠤ ᠡᠬᠢᠯᠡᠭᠡᠳ ᠳᠠᠷᠠᠭ᠎ᠠ ᠨᠢ ᠵᠢᠭᠠᠯ ᠵᠤᠭ᠎ᠠ ᠠᠷᠢᠬᠢ ᠤᠤᠭᠤᠬᠤ ᠲᠠᠢ ᠪᠠᠨ ᠵᠡᠷᠭᠡ ᠬᠠᠨᠢ ᠨᠥᠬᠥᠳ ᠦ᠋ᠨ ᠳᠤᠮᠳᠠ ᠣᠷᠣᠭᠰᠠᠨ ᠲᠠᠢ ᠠᠳᠠᠯᠢ ᠪᠣᠯᠤᠯ᠎ᠠ᠃ ᠡᠴᠡᠩᠬᠡᠢ ᠪᠡᠶ᠎ᠡ ᠲᠡᠢ ᠶᠠᠩᠬᠢᠭᠠᠷ ᠴᠡᠭᠡᠵᠢ ᠲᠡᠢ ᠠᠬᠢᠮᠠᠭ ᠨᠠᠰᠤᠨ ᠤ᠋ ᠡᠷ᠎ᠡ ᠳᠣᠷᠣᠭᠰᠢ ᠤᠨᠵᠢᠭᠰᠠᠨ ᠰᠢᠩᠭᠡᠨ ᠰᠠᠬᠠᠯ ᠢ᠋ᠶ᠋ᠠᠨ ᠰᠡᠯᠭᠦᠯᠡᠨ ᠰᠢᠪᠲᠤᠷᠴᠤ ᠠᠪᠤᠭᠠᠳ᠂ ᠬᠤᠭᠤᠷᠴᠢ ᠵᠢᠩᠭᠢᠨᠡᠭᠦᠯᠵᠦ ᠭᠠᠷᠬᠤ ᠳ᠋ᠤ᠌᠂ ᠴᠥᠮ ᠬᠣᠭᠣᠯᠠᠢ ᠨᠡᠢᠯᠡᠭᠦᠯᠦᠨ᠂《ᠳ᠋ᠦᠩ ᠱᠠᠨ ᠬᠡ ᠬᠡ》 ᠭᠡᠳᠡᠭ ᠳᠠᠭᠤᠤ ᠶ᠋ᠢ ᠬᠥᠪᠤᠷᠡᠯᠳᠤᠭᠦᠯᠦᠨ ᠳᠠᠭᠤᠯᠠᠪᠠ᠃(《 ᠳ᠋ᠦᠩ ᠱᠠᠨ》 ᠭᠡᠵᠦ ᠵᠡᠭᠦᠨ ᠠᠭᠤᠯᠠ《ᠬᠡ᠂ ᠬᠡ》 ᠭᠡᠳᠡᠭ ᠨᠢ ᠠᠬ᠎ᠠ) ᠥᠩᠭᠡᠷᠡᠭᠰᠡᠨ ᠵᠢᠷᠠᠨ ᠤ᠋ ᠥᠪᠥᠢ ᠮᠣᠩᠭᠣᠯ ᠳ᠋ᠤ᠌ ᠮᠠᠨᠵᠤ— ᠬᠢᠲᠠᠳ ᠤ᠋ᠨ ᠡᠰᠡᠷᠭᠦ ᠬᠥᠳᠡᠯᠦᠨ ᠨᠠᠰᠤᠨ ᠡᠴᠦᠰ ᠪᠣᠯᠲᠠᠯ᠎ᠠ ᠪᠠᠨ ᠲᠡᠮᠡᠴᠡᠭᠰᠡᠨ ᠠᠷᠠᠳ ᠤ᠋ᠨ ᠪᠠᠭᠠᠲᠤᠷ ᠡᠷ᠎ᠡ ᠶ᠋ᠢ ᠲᠠᠯ᠎ᠠ ᠶ᠋ᠢᠨ ᠬᠢᠨ ᠨᠢ ᠳ᠋ᠦᠩ ᠱᠠᠨ ᠤ᠋ ᠳ᠋ᠡᠢᠸᠠᠩ ᠭᠡᠵᠦ ᠨᠡᠷᠡᠯᠡᠭᠰᠡᠨ ᠪᠥᠭᠡᠳ ᠡᠨᠡ ᠳᠠᠭᠤᠤ ᠲᠡᠷᠡ ᠡᠷ᠎ᠡ ᠶ᠋ᠢᠨ ᠲᠤᠬᠠᠢ ᠠᠵᠢ᠃ ᠡᠬᠢᠯᠡᠭᠡᠳ ᠬᠠᠢᠷ᠎ᠠ ᠳᠤᠷᠠᠯᠠᠯ᠂ ᠢᠨᠠᠭ ᠠᠮᠠᠷᠠᠭ ᠤᠶᠠᠩᠭᠠᠯᠠᠭᠰᠠᠨ ᠢ᠋ᠶ᠋ᠠᠨ ᠬᠠᠭᠠᠴᠠᠯ ᠲᠡᠮᠡᠴᠡᠯ ᠭᠠᠰᠠᠯᠠᠩ ᠵᠣᠪᠠᠯᠠᠩ ᠵᠠᠯᠭᠠᠵᠤ ᠠᠪᠤᠭᠠᠳ ᠪᠠᠰᠠ ᠲᠡᠢᠨ ᠲᠤᠯᠤᠯᠳᠤᠭᠠᠨ᠂ ᠠᠯᠠᠭᠠᠨ ᠬᠢᠲᠤᠭᠠᠨ᠃ ᠡᠭᠦᠨ ᠢ᠋ᠶ᠋ᠡᠨ ᠳᠠᠭᠤᠯᠠᠬᠤ ᠳ᠋ᠠᠭᠠᠨ ᠲᠡᠳᠡ ᠶᠡᠷᠦ ᠬᠥᠭᠵᠢᠯ ᠴᠡᠩᠭᠡᠯ ᠢ᠋ᠶ᠋ᠡᠷ ᠪᠢᠰᠢ᠂ ᠴᠥᠮ ᠤᠷᠤᠭᠤ᠂ ᠣᠢ ᠭᠠᠰᠢᠭᠤᠨ ᠢ᠋ᠶ᠋ᠠᠷ ᠯᠠ ᠳᠡᠭᠡᠭᠰᠢ ᠳᠣᠷᠣᠭᠰᠢ ᠨᠢ ᠡᠷᠭᠦᠨ ᠬᠥᠪᠤᠷᠡᠯᠳᠤᠭᠦᠯᠦᠨ᠎ᠡ᠃ ᠢᠯᠠᠩᠭᠤᠶ᠎ᠠ ᠭᠠᠷ ᠤ᠋ᠨ ᠢ᠋ᠶ᠋ᠠᠨ ᠬᠤᠭᠤᠴᠢᠷ ᠢ᠋ ᠮᠠᠰᠢ ᠴᠢᠳᠠᠮᠠᠭᠠᠢ ᠵᠢᠩᠭᠢᠨᠡᠭᠦᠯᠦᠭᠴᠢ ᠠᠬᠢᠮᠠᠭ ᠨᠠᠰᠤᠲᠠᠨ ᠨᠢᠳᠦ ᠠᠨᠢᠵᠤ ᠲᠣᠯᠣᠭᠠᠢ ᠤᠨᠠᠭᠠᠨ᠂ ᠴᠡᠭᠡᠵᠢ ᠵᠠᠢᠮᠤᠷᠠᠭᠤᠯᠬᠤ ᠨᠢ ᠲᠡᠷᠡ ᠳ᠋ᠦᠩ ᠱᠠᠨ ᠤ᠋ ᠡᠯᠳᠡᠪ ᠶᠠᠪᠤᠳᠠᠯ ᠢ᠋ ᠰᠡᠳᠬᠢᠯ ᠳ᠋ᠡᠭᠡᠨ ᠦᠵᠡᠵᠦ ᠪᠠᠢᠭ᠎ᠠ ᠪᠣᠯᠪᠠ ᠤᠤ ᠭᠡᠯᠲᠡᠢ᠃ 
       ᠡᠨᠡ ᠪᠦᠬᠦᠨ ᠳ᠋ᠦ᠍ ᠪᠠᠯᠳᠠᠨᠴᠡᠷᠢᠩ ᠳᠣᠲᠣᠭᠠᠳᠤ ᠰᠡᠳᠬᠢᠯ ᠤᠷᠠᠬᠳᠠᠯ᠎ᠠ᠃《ᠡᠳᠡ ᠴᠢᠨᠢ ᠶᠠᠭᠤ ᠪᠣᠢ?》 ᠠᠯᠢ ᠬᠡᠳᠦᠢᠨ ᠥᠩᠭᠡᠷᠡᠭᠰᠡᠨ ᠭᠡᠪᠡᠴᠦ ᠳ᠋ᠦᠩ ᠱᠠᠨ! ᠳ᠋ᠦᠩ ᠱᠠᠨ ᠤ᠋ ᠲᠡᠮᠡᠴᠡᠯ ᠢ᠋ ᠵᠠᠯᠭᠠᠵᠤ ᠠᠪᠤᠭᠠᠳ ᠪᠠᠰᠠ ᠦᠵᠡᠭᠰᠡᠨ ᠵᠣᠪᠠᠯᠠᠩ᠂ ᠡᠳ᠋ᠯᠡᠭᠰᠡᠨ ᠭᠠᠰᠢᠭᠤᠨ ᠢ᠋ ᠨᠢ ᠡᠳ᠋ᠯᠡᠭᠰᠡᠨ ᠤᠯᠤᠰ ᠪᠤᠰᠤ ᠤᠤ? ᠭᠡᠲᠡᠯ᠎ᠡ ᠡᠴᠦᠰ ᠨᠢ ᠶᠠᠭᠤ ᠪᠣᠢ? ᠭᠡᠵᠦ ᠪᠣᠳᠣᠭᠳᠠᠨ ᠰᠡᠳᠬᠢᠯ ᠤᠷᠠᠭᠳᠠᠵᠤ ᠨᠢᠯᠪᠤᠰᠤ ᠬᠤᠷᠠᠯᠳᠤᠪᠠ᠃ ᠭᠡᠪᠡᠴᠦ ᠲᠡᠷᠡ ᠳᠣᠣᠷᠠᠬᠠᠨ ᠢ᠋ᠶ᠋ᠠᠨ ᠨᠢᠯᠪᠤᠰᠤ ᠪᠠᠨ ᠲᠠᠲᠠᠪᠠ᠃ ᠮᠣᠩᠭᠣᠯ ᠡᠷ᠎ᠡ ᠶ᠋ᠢᠨ ᠰᠢᠨᠵᠢ ᠭᠡᠪᠡᠯ᠄《ᠬᠠᠢᠷ᠎ᠠ ᠪᠠᠨ ᠳᠣᠲᠣᠷ᠎ᠠ ᠪᠠᠨ ᠥᠰᠢᠶ᠎ᠡ ᠪᠡᠨ ᠭᠠᠳᠠᠨ᠎ᠠ ᠪᠠᠨ ᠬᠡᠴᠢᠨᠡᠭᠡᠨ ᠬᠦᠨᠳᠦ ᠰᠢᠷᠬᠠᠲᠤᠪᠠᠴᠤ ᠳᠠᠭᠤ ᠱᠣᠣ ᠦᠭᠡᠢ ᠪᠠᠢᠳᠠᠭ ᠢ᠋ᠶ᠋ᠠᠷ ᠢ᠋ᠶ᠋ᠠᠨ ᠦᠬᠦᠯ ᠨᠢ ᠪᠣᠯᠪᠠᠴᠤ ᠲᠠᠢᠪᠤᠩ ᠪᠠᠢᠬᠤ ᠲᠠᠪᠢᠯᠠᠩᠲᠠᠢ ᠭᠡᠳᠡᠭ ᠪᠢᠰᠢ ᠪᠢᠯᠢᠤ? ᠭᠡᠲᠡᠯ᠎ᠡ ᠪᠢ ᠶᠠᠭᠤ ᠪᠣᠯᠵᠤ ᠪᠠᠢᠨ᠎ᠠ ᠪᠣᠢ?》 ᠭᠡᠵᠦ ᠪᠣᠳᠣᠭᠰᠠᠨ ᠢ᠋ᠶ᠋ᠠᠨ ᠨᠢᠯᠪᠤᠰᠤ ᠨᠢ ᠳᠣᠣᠷᠠᠬᠠᠨ ᠢ᠋ᠶ᠋ᠠᠨ ᠵᠣᠭᠰᠣᠪᠠ᠃ 
       ᠠᠱ᠌ᠢᠭᠦᠢ ᠳᠠᠭᠤᠤ ᠳᠠᠭᠤᠰᠴᠤ ᠢᠨᠢᠶᠡᠳᠦᠮ ᠱᠤᠤᠭᠢᠶᠠᠨ ᠳ᠋ᠤ᠌ ᠰᠢᠯᠵᠢᠨ ᠣᠷᠣᠯ᠎ᠠ᠃ ᠭᠡᠪᠡᠴᠦ ᠪᠠᠯᠳᠠᠨᠴᠡᠷᠢᠩ ᠳ᠋ᠦ᠍ ᠠᠷᠢᠬᠢ ᠰᠢᠬᠠᠵᠤ ᠵᠠᠪᠠᠯ ᠨᠢᠭᠡ ᠬᠤᠨᠳᠠᠭ᠎ᠠ ᠳᠤᠭᠳᠠᠭᠠᠯᠠᠭᠠᠬᠤ ᠰᠢᠨ᠎ᠡ ᠳᠠᠭᠤᠤ ᠡᠬᠢᠯᠡᠪᠡ᠃ 
          ᠥᠮᠥ ᠽᠠᠨᠳᠠᠨ ᠰᠢᠷᠡᠭᠡ ᠪᠠᠢᠨ᠎ᠠ ᠬᠦ  
          ᠰᠤᠮᠤ ᠽᠠᠨᠳᠠᠨ ᠭᠣᠢᠯᠠᠨᠵᠠ ᠪᠠᠢᠨ᠎ᠠ ᠬᠦ  
          ᠥᠩᠭᠡ ᠶ᠋ᠢ ᠭᠠᠷᠲᠠᠯ᠎ᠠ ᠵᠦᠯᠭᠦᠭᠡᠳ ᠪᠠᠢᠨ᠎ᠠ ᠬᠦ  
          ᠦᠨᠦᠷ ᠰᠠᠢᠲᠠᠢ ᠱᠠᠨᠽᠢ ᠪᠠᠢᠨ᠎ᠠ ᠬᠦ    
       ᠡᠨᠡ ᠳᠠᠭᠤᠤ ᠮᠠᠰᠢ ᠱᠠᠯᠢᠭ᠃ ᠦᠭᠡ᠂ ᠠᠶ᠎ᠠ ᠬᠣᠶᠠᠷ ᠬᠣᠶᠠᠭᠤᠯᠠ ᠪᠠᠨ ᠱᠠᠪᠯᠠᠵᠤ ᠱᠠᠪᠯᠠᠨ ᠱᠠᠯᠢᠭᠯᠠᠬᠤ ᠠᠲᠠᠯ᠎ᠠ ᠭᠣᠣᠵᠤᠤ ᠶ᠋ᠢᠨ ᠨᠢᠳᠦᠨ ᠳ᠋ᠦ᠍ ᠨᠢᠯᠪᠤᠰᠤ ᠬᠤᠷᠠᠯᠳᠤᠨ ᠨᠥᠬᠥᠳ ᠡᠴᠡ ᠪᠡᠨ ᠬᠣᠴᠣᠷᠪᠠ᠃ ᠱᠣᠷᠣᠩ ᠳ᠋ᠤ᠌ ᠪᠠᠢᠬᠤ ᠳ᠋ᠠᠭᠠᠨ ᠴᠤ᠌ ᠲᠡᠳᠦᠢ ᠯᠡ ᠬᠤᠪᠢᠷᠠᠭ᠎ᠠ ᠦᠭᠡᠢ ᠬᠥᠬᠡ ᠴᠢᠷᠠᠢ ᠨᠢ ᠲᠦᠭᠰᠤᠢᠵᠤ᠂ ᠰᠢᠳᠦ ᠬᠠᠪᠢᠷᠤᠨ ᠰᠢᠨᠠ ᠭᠦᠷᠡᠯᠵᠡᠭᠦᠯᠵᠦ᠂ ᠬᠥᠮᠥᠰᠬᠡ ᠵᠠᠩᠭᠢᠳᠤᠭᠰᠠᠨ ᠤ᠋ ᠬᠢᠨᠢ ᠳᠡᠭᠡᠷᠡᠬᠢ ᠲᠠᠯ᠎ᠠ ᠳ᠋ᠤ᠌ ᠳᠤᠭᠤᠢ ᠬᠢᠯᠠᠭᠠᠨ ᠰᠣᠷᠪᠢ ᠨᠢ ᠬᠦᠷᠡᠩᠲᠦᠨ᠎ᠡ᠂ ᠡᠢᠮᠦ ᠬᠥᠮᠦᠨ ᠡᠴᠡ ᠬᠡᠷᠬᠢᠪᠡᠴᠦ ᠨᠢᠯᠪᠤᠰᠤ ᠭᠠᠷᠤᠮ᠎ᠠ ᠦᠭᠡᠢ ᠪᠠᠢᠪᠠᠴᠤ ᠬᠠᠴᠠᠷ ᠢ᠋ᠶ᠋ᠠᠨ ᠳᠠᠭᠠᠨ ᠤᠷᠤᠰᠤᠨ᠎ᠠ᠃ 
       ᠪᠠᠯᠳᠠᠨᠴᠡᠷᠢᠩ ᠭᠠᠢᠬᠠᠯ᠎ᠠ᠂ ᠨᠥᠬᠥᠳ ᠨᠢ᠄ 
          ᠳᠠᠯᠠᠢ ᠶ᠋ᠢᠨ ᠨᠣᠭᠣᠭ᠎ᠠ ᠬᠠᠢ ᠲᠠ ᠪᠠᠢᠨ᠎ᠠ ᠬᠦ    
          ᠳᠠᠪᠤᠰᠤᠨ ᠳ᠋ᠤ᠌ ᠣᠷᠣᠭᠰᠠᠨ ᠱᠠᠨᠼᠠᠢ ᠪᠠᠢᠨ᠎ᠠ ᠬᠦ 
          ᠳᠠᠪᠬᠤᠷ ᠭᠣᠣᠯᠲᠠᠢ ᠪᠠᠢᠼᠠᠢ ᠪᠠᠢᠨ᠎ᠠ ᠬᠦ 
          ᠳᠠᠷᠠᠭ᠎ᠠ ᠳᠠᠷᠠᠭ᠎ᠠ ᠪᠠᠷ ᠥᠷᠥᠵᠦ ᠪᠠᠢᠨ᠎ᠠ ᠬᠦ᠃ ᠭᠡᠵᠦ ᠳᠠᠭᠤᠯᠠᠭᠰᠠᠭᠠᠷ ᠪᠥᠭᠡᠳ ᠭᠣᠵᠤᠤ ᠶ᠋ᠢᠨ ᠲᠡᠰᠴᠦ ᠶᠠᠳᠠᠨ ᠭᠠᠷ ᠵᠠᠩᠭᠢᠳᠴᠤ ᠳᠡᠭᠡᠷ᠎ᠡ ᠳᠠᠯᠠᠢᠨ ᠡᠪᠦᠳᠦᠭ ᠳᠡᠭᠡᠷ᠎ᠡ ᠲᠦᠰᠬᠢᠯᠭᠡᠨ ᠪᠠᠭᠤᠯᠭᠠᠬᠤ ᠳ᠋ᠤ᠌ ᠴᠥᠮ ᠰᠣᠴᠢᠨ ᠲᠠᠭ ᠵᠣᠭᠰᠣᠪᠠ᠃   
       — ᠲᠠ ᠨᠣᠷᠪᠤ ᠬᠦᠩ ᠨᠣᠶᠠᠨᠲᠠᠨ ᠢ᠋ ᠲᠠᠨᠢᠬᠤ ᠤᠤ?  
       ᠪᠠᠯᠳᠠᠨᠴᠢᠷᠢᠩ᠂ ᠠᠦ᠋ᠲ᠋ᠣᠨᠣᠮᠢᠲᠤ ᠶ᠋ᠢᠨ ᠦᠶ᠎ᠡ ᠪᠡᠷ ᠨᠣᠷᠪᠤ ᠬᠦᠩ ᠭᠡᠳᠡᠭ ᠴᠡᠷᠢᠭ ᠦ᠋ᠨ ᠵᠠᠯᠠᠭᠤ ᠳᠠᠷᠤᠭ᠎ᠠ ᠪᠠᠷᠭᠤ ᠡᠷ᠎ᠡ᠂ ᠭᠣᠣᠯᠴᠢᠯᠠᠨ ᠮᠠᠢᠮᠠᠢ ᠬᠣᠲᠠ ᠪᠠᠷ ᠨᠠᠢᠷ ᠨᠠᠷᠭᠢᠶᠠᠨ ᠳᠡᠭᠡᠭᠦᠷ ᠶᠠᠪᠤᠳᠠᠭ ᠭᠡᠵᠦ ᠰᠣᠨᠣᠰᠤᠭᠰᠠᠨ ᠢ᠋ᠶ᠋ᠠᠨ ᠰᠠᠨᠠᠪᠠ᠃    
       — ᠨᠣᠶᠠᠨ ᠭᠡᠪᠡᠯ ᠦᠭᠡᠢ᠂ ᠵᠦᠭᠡᠷ ᠨᠣᠷᠪᠤ ᠬᠦᠩ ᠭᠡᠳᠡᠭ ᠢ᠋ ᠭᠠᠳᠠᠷᠯᠠᠵᠤ ᠪᠣᠯᠤᠨ᠎ᠠ᠃   
       — ᠵᠠ ᠲᠡᠢᠮᠦ᠂ ᠲᠡᠷᠡ ᠴᠢᠨᠢ ᠡᠨᠡ ᠳᠠᠭᠤᠤ ᠶ᠋ᠢ ᠡᠨᠡ ᠪᠣᠭᠳᠠ ᠶ᠋ᠢᠨ ᠬᠦᠷᠢᠶᠡᠨ᠎ᠡ ᠪᠠᠢᠬᠤ ᠳ᠋ᠠᠭᠠᠨ ᠵᠣᠬᠢᠶᠠᠪᠠ᠃ ᠤᠬᠠᠭᠠᠨ ᠲᠠᠢ᠂ ᠵᠣᠷᠢᠭ ᠲᠠᠢ᠂ ᠰᠢᠳᠤᠷᠭᠤ᠂ ᠡᠨᠡ ᠳᠡᠯᠡᠬᠡᠢ ᠳ᠋ᠦ᠍ ᠬᠣᠶᠠᠷ ᠦᠭᠡᠢ᠃ ᠪᠠ ᠳᠢ ᠯᠦᠸᠧ ᠴᠢᠩ ᠯᠦ᠍ᠭᠡ ᠠᠳᠠᠯᠢ ᠰᠠᠢᠬᠠᠨ ᠡᠷ᠎ᠡ᠃ ᠲᠡᠷᠡ ᠣᠳᠣ ᠪᠠᠢᠬᠤ ᠦᠭᠡᠢ᠃ ᠪᠢᠳᠡᠨ ᠢ᠋ ᠵᠠᠬᠢᠷᠤᠨ ᠶᠠᠪᠤᠵᠤ ᠪᠠᠢᠭᠠᠳ ᠦᠷᠡᠭᠳᠡᠪᠡ᠃ ᠪᠢᠳᠡ ᠣᠳᠣ ᠲᠡᠭᠦᠨ ᠦ᠌ ᠦᠰ ᠥᠰᠢᠶ᠎ᠡ ᠶ᠋ᠢ ᠠᠪᠴᠤ ᠴᠢᠳᠠᠭ᠎ᠠ ᠦᠭᠡᠢ ᠪᠠᠢᠵᠤ ᠵᠣᠬᠢᠶᠠᠭᠰᠠᠨ ᠳᠠᠭᠤᠤ ᠪᠠᠷ ᠨᠢ ᠨᠠᠢᠷ ᠴᠡᠩᠭᠡᠯ ᠬᠢᠵᠦ ᠰᠠᠭᠤᠬᠤ ᠨᠢ ᠶᠠᠭᠤ ᠪᠣᠢ᠃ ᠠ ᠳᠠ ᠪᠢᠳᠡ ᠴᠣᠬᠣᠮ ᠡᠢᠮᠦ ᠳ᠋ᠡᠭᠡᠨ ᠯᠡ ᠢᠯᠠᠵᠤ ᠳᠡᠢᠯᠬᠦ ᠶ᠋ᠢ ᠦᠵᠡᠬᠦ ᠬᠤᠪᠢ ᠵᠠᠶᠠᠭ᠎ᠠ ᠦᠭᠡᠢ ᠪᠣᠢ  ᠊ᠢ᠎ᠠ ᠭᠡᠵᠦ ᠥᠭᠦᠯᠡᠨ᠂ ᠰᠢᠯᠦᠰᠦ ᠵᠠᠯᠭᠢᠨ ᠨᠢᠯᠪᠤᠰᠤ ᠪᠠᠨ ᠰᠢᠪᠬᠠᠪᠠ᠃  
       ᠪᠠᠯᠳᠠᠨᠴᠡᠷᠢᠩ ᠦ᠋ᠨ ᠰᠡᠳᠬᠢᠯ ᠳᠠᠬᠢᠨ ᠠᠶ᠎ᠠ ᠦᠭᠡᠢ ᠪᠣᠯᠪᠠ᠃   
       — ᠨᠣᠷᠪᠤ ᠬᠦᠩ ᠬᠡᠵᠢᠶ᠎ᠡ ᠬᠡᠨ ᠳ᠋ᠦ᠍ ᠬᠣᠣᠷᠯᠠᠭᠳᠠᠪᠠ? ᠭᠡᠬᠦ ᠳ᠋ᠦ᠍ ᠭᠣᠣᠵᠤᠤ᠄   
       — ᠪᠢᠳᠡ ᠬᠠᠯᠬ᠎ᠠ ᠶ᠋ᠢᠨ ᠬᠣᠢᠲᠤ ᠬᠢᠯᠢ ᠪᠡᠷ ᠣᠷᠣᠵᠤ ᠢᠷᠡᠭᠡᠳ ᠭᠡᠳ ᠦᠷᠭᠦᠯᠵᠢᠯᠡᠨ ᠶᠠᠷᠢᠭᠰᠠᠨ ᠢ᠋ ᠨᠢ ᠲᠣᠪᠴᠢᠯᠠᠪᠠᠯ᠄ ᠬᠡᠳᠦᠨ ᠵᠢᠯ ᠦ᠋ᠨ ᠡᠮᠦᠨ᠎ᠡ᠂ ᠴᠢᠳᠠ ᠬᠣᠲᠠ ᠳ᠋ᠤ᠌ ᠶᠠᠫᠣᠨ ᠤᠯᠤᠰ ᠤ᠋ᠨ ᠤᠳᠤᠷᠢᠳᠤᠮᠵᠢ ᠪᠠᠷ ᠪᠦᠬᠦ ᠮᠣᠩᠭᠣᠯ ᠢ᠋ ᠨᠢᠭᠡᠳᠬᠡᠬᠦ ᠳᠠᠭᠠᠪᠤᠷᠢ ᠶ᠋ᠢᠨ ᠵᠠᠰᠠᠭ ᠤ᠋ᠨ ᠭᠠᠵᠠᠷ ᠬᠠᠯᠬ᠎ᠠ ᠮᠣᠩᠭᠣᠯ ᠢ᠋ ᠪᠠᠢᠯᠳᠤᠨ ᠳᠠᠭᠠᠭᠤᠯᠬᠤ ᠪᠣᠳᠣᠯᠭ᠎ᠠ ᠲᠠᠯᠪᠢᠵᠤ ᠨᠣᠷᠪᠤ ᠬᠦᠩ ᠢ᠋ ᠨᠠᠢᠵᠢ ᠭᠡᠭᠡᠨ ᠭᠡᠭᠴᠢ ᠲᠡᠢ ᠨᠡᠢᠯᠡᠭᠦᠯᠦᠨ ᠮᠢᠩᠭ᠎ᠠ ᠰᠢᠬᠠᠮ ᠴᠡᠷᠢᠭ ᠥᠭᠭᠦᠨ ᠨᠠᠭᠠᠰᠢ ᠮᠣᠷᠳᠠᠭᠤᠯᠤᠭᠰᠠᠨ ᠠᠵᠢ᠃  
       ᠲᠡᠨᠳᠡᠴᠡ ᠨᠣᠷᠪᠤ ᠬᠦᠩ ᠪᠤᠷᠢᠶᠠᠳ ᠨᠤᠲᠤᠭ ᠢ᠋ᠶ᠋ᠠᠷ ᠳᠠᠮᠵᠢᠨ ᠶᠠᠪᠤᠭᠰᠠᠭᠠᠷ ᠬᠠᠯᠬ᠎ᠠ ᠶ᠋ᠢᠨ ᠬᠣᠢᠲᠤ ᠬᠢᠯᠢ ᠪᠡᠷ ᠨᠡᠪᠲᠡᠷᠡᠨ ᠣᠷᠣᠵᠤ ᠢᠷᠡᠬᠦ ᠳ᠋ᠦ᠍᠂ ᠥᠨᠥᠬᠢ ᠬᠣᠢᠰᠢ ᠰᠠᠭᠤᠳᠠᠭ ᠬᠠᠯᠬ᠎ᠠ ᠨᠢ ᠭᠠᠯᠢᠩ ᠤ᠋ᠨ ᠭᠠᠷ ᠲᠤ ᠣᠷᠤᠴᠢᠬᠰᠡᠨ ᠪᠠᠢᠵᠠᠢ᠃ ᠡᠷᠭᠢᠭᠡᠳ ᠶᠠᠪᠤᠬᠤ ᠭᠡᠲᠡᠯ᠎ᠡ ᠶᠠᠪᠤᠬᠤ ᠵᠠᠮ ᠨᠢ ᠵᠥᠪᠯᠡᠯᠲᠦ ᠶ᠋ᠢᠨ ᠤᠯᠠᠭᠠᠨ ᠠᠷᠮᠢ ᠶ᠋ᠢᠨ ᠭᠠᠷ ᠲᠤ ᠣᠷᠣᠨ ᠲᠦᠭᠵᠢᠭᠳᠡᠭᠰᠡᠨ ᠠᠵᠢ᠃ ᠭᠣᠣᠵᠤᠤ ᠡᠢᠮᠦᠷᠬᠦ ᠵᠦᠢᠯ ᠢ᠋ ᠳᠡᠯᠭᠡᠷᠡᠩᠭᠦᠢ ᠶᠠᠷᠢᠭᠠᠳ ᠴᠠᠭᠠᠰᠢ ᠨᠢ ᠲᠠᠢᠪᠤᠩ ᠢ᠋ᠶ᠋ᠠᠷ ᠦᠷᠭᠦᠯᠵᠢᠯᠡᠭᠦᠯᠬᠦ ᠳ᠋ᠡᠭᠡᠨ᠄   
       — ᠪᠢᠳᠡ ᠳᠡᠭᠡᠷ᠎ᠡ ᠳᠣᠣᠷ᠎ᠠ ᠦᠭᠡᠢ ᠬᠡᠷᠬᠢᠬᠦ ᠰᠢᠢᠳᠪᠦᠷᠢ ᠪᠡᠨ ᠣᠯᠬᠤ ᠦᠭᠡᠢ ᠪᠠᠢᠲᠠᠯ᠎ᠠ ᠬᠢᠶᠠᠭᠲᠤ ᠳ᠋ᠤ᠌ ᠭᠠᠮᠢᠩ ᠤ᠋ᠨ ᠨᠣᠶᠠᠳ ᠪᠡᠶᠡᠰ ᠢ᠋ᠶ᠋ᠡᠷ ᠢᠷᠡᠨ ᠢᠨᠢᠶᠡᠪᠡ᠂ ᠤᠷᠢᠪᠠ᠂ ᠮᠥᠷᠭᠥᠪᠡ᠃
      《ᠲᠠ ᠨᠠᠷ ᠢ᠋ ᠳᠠᠢᠰᠤᠨ ᠢ᠋ᠶ᠋ᠠᠨ ᠭᠡᠵᠦ ᠦᠵᠡᠬᠦ ᠦᠭᠡᠢ ᠭᠡᠵᠦ ᠨᠢᠭᠡ ᠲᠠᠩᠭᠠᠷᠢᠭ᠂ ᠲᠠᠨ ᠤ᠋ ᠳᠠᠭᠠᠪᠤᠷᠢ ᠶ᠋ᠢᠨ ᠵᠠᠰᠠᠭ ᠤ᠋ᠨ ᠭᠠᠵᠠᠷ ᠤᠯᠠᠭᠠᠨ ᠣᠷᠣᠰ ᠤ᠋ᠨ ᠠᠶᠤᠯ ᠳ᠋ᠤ᠌ ᠠᠪᠲᠠᠭᠳᠠᠨ ᠮᠥᠬᠥᠭᠰᠡᠨ ᠭᠡᠵᠦ ᠬᠣᠶᠠᠳᠠᠬᠢ ᠲᠠᠩᠭᠠᠷᠢᠭ᠂ ᠪᠢᠳᠡ ᠬᠠᠯᠬ᠎ᠠ ᠮᠣᠩᠭᠣᠯ ᠢ᠋ ᠡᠵᠡᠯᠡᠭᠰᠡᠨ ᠪᠢᠰᠢ ᠤᠯᠠᠭᠠᠨ ᠣᠷᠣᠰ ᠤ᠋ᠨ ᠠᠶᠤᠯ ᠠ᠋ᠴᠠ ᠬᠠᠮᠠᠭᠠᠯᠠᠬᠤ ᠪᠠᠷ ᠢᠷᠡᠭᠰᠡᠨ ᠭᠤᠷᠪᠠᠳᠠᠬᠢ ᠲᠠᠩᠭᠠᠷᠢᠭ᠃ ᠪᠢᠳᠡᠨ ᠳ᠋ᠦ᠍ ᠠᠬ᠎ᠠ ᠳᠡᠭᠦᠦ ᠪᠣᠯᠰᠤᠭᠠᠢ ᠭᠡᠳᠡᠭ ᠳᠥᠷᠪᠡᠳᠡᠬᠢ ᠲᠠᠩᠭᠠᠷᠢᠭ᠂ ᠤᠯᠠᠭᠠᠨ ᠤ᠋ ᠠᠶᠤᠯ ᠠᠢᠰᠤᠢ ᠶᠠᠪᠤᠨ᠎ᠠ᠃ ᠬᠠᠮᠲᠤ ᠳ᠋ᠠᠭᠠᠨ ᠲᠡᠮᠡᠴᠡᠶ᠎ᠡ᠃ ᠬᠠᠯᠬ᠎ᠠ ᠮᠣᠩᠭᠣᠯ ᠪᠣᠯᠤᠭᠠᠳ ᠠᠽᠢᠶ᠎ᠠ ᠲᠢᠪ ᠢ᠋ᠶ᠋ᠡᠨ ᠬᠠᠮᠠᠭᠠᠯᠠᠶ᠎ᠠ ᠭᠡᠳᠡᠭ ᠲᠠᠪᠤᠳᠠᠬᠢ ᠲᠠᠩᠭᠠᠷᠢᠭ》 ᠡᠯ᠎ᠡ ᠣᠯᠠᠨ ᠲᠠᠩᠭᠠᠷᠢᠭ ᠲᠤᠨᠢ ᠪᠢᠳᠡ ᠢᠲᠡᠭᠡᠯ᠎ᠡ᠃ ᠭᠡᠲᠡᠯ᠎ᠡ ᠪᠢᠳᠡᠨ ᠦ᠌ ᠰᠠᠨᠠᠯ ᠵᠣᠷᠢᠭ ᠲᠤ ᠦᠢᠮᠡᠭᠡᠨ ᠭᠠᠷᠤᠯ᠎ᠠ᠃《ᠭᠠᠮᠢᠩ ᠳ᠋ᠤ᠌ ᠲᠠ ᠨᠠᠷ ᠢᠲᠡᠭᠡᠨ᠎ᠡ ᠤᠤ? ᠡᠳᠡ ᠴᠢᠨᠢ ᠢᠨᠢᠶᠡᠬᠦ ᠶ᠋ᠢᠨ ᠰᠠᠢᠬᠠᠨ ᠢ᠋ᠶ᠋ᠠᠷ ᠢᠨᠢᠶᠡᠭᠡᠳ ᠡᠴᠦᠰ ᠲᠦ᠋ᠨᠢ ᠠᠯᠠᠬᠤ ᠶ᠋ᠢᠨ ᠮᠠᠭᠤᠬᠠᠢ ᠪᠠᠷ ᠠᠯᠠᠳᠠᠭ ᠠᠷᠭ᠎ᠠ ᠲᠠᠢ ᠡᠳᠡᠨ ᠢ᠋ ᠢᠲᠡᠭᠡᠭᠰᠡᠨ ᠡᠴᠡ ᠥᠯᠪᠡᠷᠴᠦ ᠦᠬᠦᠭᠰᠡᠨ ᠳᠡᠭᠡᠷ᠎ᠡ ᠭᠡᠳ ᠨᠢᠭᠡ ᠬᠡᠰᠡᠭ ᠮᠠᠨᠢ ᠠᠮᠤᠷ ᠰᠠᠢᠬᠠᠨ ᠳ᠋ᠠᠭᠠᠨ ᠵᠢᠷᠭᠠᠬᠤ ᠪᠠᠨ ᠲᠠ ᠨᠠᠷ ᠥᠪᠡᠷᠰᠡᠳ ᠢ᠋ᠶ᠋ᠡᠨ ᠮᠡᠳᠡ᠂ ᠠᠯᠠᠯᠴᠠᠬᠤ ᠳᠠᠢᠰᠤᠨ ᠲᠤᠯᠭᠠᠷᠠᠪᠠᠯ᠂ ᠡᠷ᠎ᠡ᠂ ᠡᠮ᠎ᠡ ᠪᠡᠨ ᠦᠵᠡᠯᠴᠡᠨ ᠣᠷᠣᠨ ᠨᠤᠲᠤᠭ ᠢ᠋ᠶ᠋ᠠᠨ ᠬᠦᠷᠬᠦ ᠪᠡᠨ ᠪᠢᠳᠡ ᠮᠡᠳᠡᠶ᠎ᠡ》 ᠭᠡᠳ ᠲᠡᠳᠡ ᠲᠠᠰᠤᠷᠠᠨ ᠶᠠᠪᠤᠴᠢᠬᠠᠪᠠ᠃ ᠦᠯᠡᠳᠡᠭᠰᠡᠨ ᠨᠢ ᠪᠢᠳᠡ ᠲᠠᠪᠤᠨ ᠵᠠᠭᠤᠨ ᠬᠥᠮᠦᠨ ᠢᠲᠡᠭᠡᠭᠰᠡᠨ ᠢ᠋ᠶ᠋ᠡᠷ ᠢ᠋ᠶ᠋ᠡᠨ ᠢᠳᠡᠭᠡᠨ ᠭᠠᠮᠢᠩ ᠤ᠋ᠳ ᠲᠠᠢ ᠨᠡᠢᠯᠡᠬᠦ ᠳ᠋ᠦ᠍᠂ ᠭᠠᠮᠢᠩ ᠤ᠋ᠳ ᠲᠤᠭ ᠬᠢᠭᠢᠷᠢ ᠪᠡᠨ ᠪᠣᠰᠬᠠᠵᠤ᠂ ᠪᠦᠷᠢᠶ᠎ᠡ ᠪᠢᠰᠬᠢᠭᠦᠷ ᠳᠡᠯᠡᠳᠴᠦ ᠶᠡᠬᠡ ᠪᠠᠶᠠᠷ ᠶᠣᠰᠣᠯᠠᠯ ᠤ᠋ᠨ ᠪᠠᠢᠳᠠᠯ ᠢ᠋ᠶ᠋ᠠᠷ ᠬᠦᠯᠢᠶᠡᠵᠦ ᠠᠪᠤᠭᠠᠳ ᠬᠣᠭᠣᠯᠠ ᠤᠮᠳᠠ᠂ ᠠᠷᠢᠬᠢ ᠳᠡᠷᠡᠰᠦᠨ ᠦ᠌ ᠪᠡᠨ ᠳᠡᠭᠡᠳᠦ ᠪᠡᠷ ᠵᠣᠴᠢᠯᠠᠨ ᠪᠡᠯᠡᠭ ᠰᠡᠯᠲᠡ ᠪᠠᠷᠢᠨ ᠠᠬ᠎ᠠ ᠳᠡᠭᠦᠦ ᠪᠡᠨ ᠳᠠᠭᠤᠳᠠᠯᠴᠠᠭᠰᠠᠨ ᠨᠢ ᠰᠠᠨᠠᠭᠠᠨ ᠳ᠋ᠤ᠌ ᠪᠠᠭᠲᠠᠰᠢ ᠦᠭᠡᠢ᠃ ᠲᠡᠷᠡ ᠡᠳᠦᠷ ᠲᠡᠭᠡᠨ ᠲᠤᠩ ᠵᠦᠭᠡᠷ᠂ ᠦᠳᠡᠰᠢ ᠨᠢ ᠵᠦᠴᠦᠭᠡ ᠭᠠᠷᠭᠠᠨ ᠰᠠᠨᠠᠭ᠎ᠠ ᠰᠡᠳᠬᠢᠯ ᠢ᠋ ᠪᠠᠶᠠᠰᠬᠠᠪᠠ᠃ ᠮᠠᠷᠭᠠᠰᠢ ᠨᠢ ᠮᠥᠨ ᠯᠡ ᠵᠦᠭᠡᠷ᠃ ᠥᠷᠯᠥᠭᠡᠨ ᠦ᠌ ᠬᠣᠭᠣᠯᠠ ᠤᠮᠳᠠ ᠶ᠋ᠢᠨ ᠳᠠᠷᠠᠭ᠎ᠠ ᠳᠣᠲᠣᠭᠤᠷ ᠭᠠᠳᠠᠭᠤᠷ ᠰᠣᠯᠢᠬᠤ ᠬᠤᠪᠴᠠᠰᠤ ᠲᠠᠯᠪᠢᠨ ᠣᠯᠭᠣᠵᠤ ᠬᠠᠯᠠᠭᠤᠨ ᠤᠰᠤᠨ ᠳ᠋ᠤ᠌ ᠣᠷᠣᠭᠤᠯᠬᠤ ᠪᠠᠷ ᠪᠣᠯᠤᠯ᠎ᠠ᠃ ᠠᠶᠠᠨ ᠵᠠᠮ ᠤ᠋ᠨ ᠤᠷᠲᠤ ᠳ᠋ᠤ᠌ ᠣᠯᠠᠨ ᠬᠣᠨᠣᠭ ᠶᠠᠪᠤᠭᠰᠠᠨ ᠪᠢᠳᠡᠨ ᠳ᠋ᠦ᠍ ᠶᠠᠭᠤᠨ ᠳ᠋ᠤ᠌ ᠳᠤᠷ᠎ᠠ ᠦᠭᠡᠢ ᠪᠠᠢᠬᠤ ᠪᠢᠯᠡ᠃ ᠭᠡᠪᠡᠴᠦ ᠲᠡᠨᠳᠡ ᠡᠴᠡ ᠲᠠ ᠶᠠᠭᠤ ᠪᠣᠯᠤᠭᠰᠠᠨ ᠭᠡᠵᠦ ᠰᠠᠨᠠᠨ᠎ᠠ? ᠠᠭᠤᠷ ᠮᠠᠨᠠᠨ ᠲᠠᠲᠠᠭᠰᠠᠨ ᠨᠠᠭᠤᠷ ᠰᠢᠭ᠋ ᠶᠡᠬᠡ ᠬᠠᠯᠠᠭᠤᠨ ᠤᠰᠤᠨ ᠳ᠋ᠤ᠌ ᠴᠥᠮ ᠨᠢᠴᠦᠭᠦᠨ ᠪᠡᠶ᠎ᠡ ᠪᠡᠷ ᠤᠬᠢᠶᠠᠵᠤ ᠪᠠᠢᠲᠠᠯ᠎ᠠ᠂ ᠬᠢᠶᠠᠭᠲᠤ ᠶ᠋ᠢᠨ ᠪᠦᠬᠦ ᠭᠠᠮᠢᠩ ᠨᠢᠭᠡ ᠵᠡᠷᠭᠡ ᠳᠣᠪᠲᠣᠯᠤᠨ ᠢᠷᠡᠵᠦ ᠫᠤᠤ ᠲᠤᠯᠭᠠᠪᠠ᠃ ᠪᠢᠳᠡᠨ ᠳ᠋ᠦ᠍ ᠬᠠᠷᠢᠭᠤᠯᠬᠤ ᠶᠠᠭᠤᠮ᠎ᠠ ᠶᠠᠭᠤ ᠴᠦ᠍ ᠠᠯᠠᠭ᠎ᠠ᠃ ᠬᠠᠯᠠᠭᠤᠨ ᠤᠰᠤ ᠰᠠᠴᠤᠶ᠎ᠠ ᠭᠡᠪᠡᠴᠦ ᠲᠡᠷᠡ ᠨᠢ ᠶᠠᠮᠠᠷ ᠬᠥᠮᠦᠨ ᠰᠢᠯᠵᠠᠯᠬᠤ ᠪᠠᠷ ᠪᠢᠰᠢ ᠭᠡᠳ ᠢᠨᠢᠶᠡᠮᠰᠦᠭᠯᠡᠪᠡ᠃   
       — ᠵᠠ ᠲᠡᠭᠡᠭᠡᠳ ᠭᠡᠬᠦ ᠳ᠋ᠦ᠍᠄   
       — ᠪᠢᠳᠡ ᠴᠥᠮ ᠭᠢᠨᠵᠢᠯᠡᠭᠳᠡᠪᠡ᠃ ᠨᠣᠷᠪᠤ ᠨᠣᠶᠠᠨ᠂ ᠨᠠᠢᠵᠢ ᠭᠡᠭᠡᠨ ᠬᠣᠶᠠᠷ ᠢ᠋ ᠲᠦᠷᠦᠭᠦᠨ ᠦ᠌ ᠬᠡᠳᠦᠨ ᠳᠠᠷᠤᠭ᠎ᠠ ᠨᠠᠷ ᠲᠠᠢ ᠪᠢᠳᠡᠨ ᠦ᠌ ᠡᠮᠦᠨ᠎ᠡ ᠫᠤᠤᠳᠠᠨ ᠠᠯᠠᠪᠠ᠂ ᠭᠡᠳ ᠳᠣᠷᠣᠭᠰᠢ ᠰᠢᠷᠳᠡᠭᠰᠡᠨ ᠢ᠋ᠶ᠋ᠡᠨ᠄   
       — ᠮᠣᠩᠭᠣᠯ ᠬᠥᠮᠦᠨ ᠦ᠌ ᠢᠯᠠᠭᠳᠠᠯ ᠡᠢᠮᠦ ᠪᠠᠢᠳᠠᠭ ᠭᠡᠵᠦ ᠰᠠᠨᠠᠭ᠎ᠠ ᠠᠯᠳᠠᠪᠠ᠃ 
       ᠨᠢᠭᠡ ᠬᠡᠰᠡᠭ ᠴᠥᠮ ᠴᠢᠮᠡᠭᠡ ᠦᠭᠡᠢ ᠪᠣᠯᠪᠠ᠃ ᠣᠷᠣᠢ ᠪᠣᠯᠵᠤ ᠬᠣᠶᠠᠷ ᠤᠷᠲᠤ ᠯᠠ ᠰᠢᠷᠡᠭᠡᠨ ᠳᠡᠭᠡᠷ᠎ᠡ ᠠᠯᠢ ᠬᠡᠳᠦᠢᠨ ᠬᠠᠳᠬᠤᠭᠰᠠᠨ ᠤ᠋ ᠭᠡᠷᠡᠯ ᠳ᠋ᠦ᠍ ᠥᠰᠢᠶ᠎ᠡ ᠬᠣᠷᠣᠰᠤᠯ ᠳ᠋ᠤ᠌ ᠳᠠᠭᠠᠷᠢᠭᠳᠠᠭᠰᠠᠨ ᠦᠯᠪᠦᠩ ᠴᠣᠩᠬᠢᠭᠠᠷ ᠨᠢᠭᠤᠷ ᠤ᠋ᠳ ᠬᠥᠳᠡᠯᠭᠡᠭᠡᠨ ᠦᠭᠡᠢ ᠭᠥᠯᠢᠷᠡᠨ᠎ᠡ᠃ ᠪᠠᠯᠳᠠᠨᠴᠡᠷᠢᠩ ᠦ᠋ᠨ ᠰᠡᠳᠬᠢᠯ ᠳ᠋ᠦ᠍《ᠮᠣᠩᠭᠣᠯ ᠬᠥᠮᠦᠨ ᠦ᠌ ᠢᠯᠠᠭᠳᠠᠯ ᠪᠠᠢᠳᠠᠭ》 ᠭᠡᠰᠡᠨ ᠦᠭᠡ ᠡᠷᠭᠢᠯᠳᠦᠨ᠎ᠡ᠃   
       — ᠲᠠ ᠳᠠᠮᠫᠢᠯ ᠭᠡᠳᠡᠭ ᠬᠥᠮᠦᠨ ᠢ᠋ ᠶᠡᠷᠦ ᠰᠠᠨᠠᠬᠤ ᠦᠭᠡᠢ ᠪᠠᠢᠨ᠎ᠠ ᠤᠤ? ᠭᠡᠵᠦ ᠰᠢᠪᠡᠨᠡᠬᠦ ᠰᠢᠭ ᠪᠣᠯᠬᠤ ᠶ᠋ᠢ ᠬᠠᠷᠠᠪᠠᠯ ᠭᠣᠣᠵᠤᠤ᠄
       — ᠦᠭᠡᠢ ᠶᠡᠷᠦ ᠰᠠᠨᠠᠬᠤ ᠦᠭᠡᠢ ᠪᠠᠢᠨ᠎ᠠ᠃ 
       — ᠤᠭ ᠨᠢ ᠲᠡᠷᠡ ᠬᠥᠮᠦᠨ ᠲᠤᠩ ᠰᠣᠳᠣᠨ᠂ ᠨᠠᠳᠠ ᠳᠡᠭᠡᠷ᠎ᠡ ᠳᠠᠬᠢᠨ ᠨᠢᠭᠡ ᠬᠥᠮᠦᠨ ᠢ᠋ ᠨᠡᠮᠡᠭᠰᠡᠨ ᠠᠳᠠᠯᠢ ᠥᠨᠳᠥᠷ᠃   
       — ᠠᠬᠠᠢ᠂ ᠴᠢ ᠲᠡᠷᠡ ᠬᠥᠮᠦᠨ ᠲᠡᠢ ᠶᠠᠮᠠᠷ ᠬᠣᠯᠪᠣᠭᠳᠠᠯ ᠲᠠᠢ ᠶᠤᠮ ᠪᠣᠢ?   
       — ᠲᠡᠷᠡ ᠪᠣᠯ ᠶᠣᠰᠣᠲᠠᠢ ᠵᠣᠷᠢᠭᠲᠤ ᠪᠠᠭᠠᠲᠤᠷ ᠡᠷ᠎ᠡ᠃ ᠪᠢ ᠲᠡᠭᠦᠨ ᠲᠡᠢ ᠰᠤᠮᠢᠶ᠎ᠠ ᠪᠡᠢᠰᠡ ᠶ᠋ᠢᠨ ᠴᠡᠷᠢᠭ ᠲᠦ᠍ ᠤᠷᠤᠭᠰᠢ ᠪᠠᠨ ᠲᠤᠯᠤᠨ ᠨᠠᠭᠤᠷ᠂ ᠪᠢᠷᠠᠭᠤᠲᠤ ᠬᠣᠲᠠ ᠬᠦᠷᠲᠡᠯ᠎ᠡ ᠬᠢᠲᠠᠳ ᠤ᠋ᠨ ᠬᠠᠷ᠎ᠠ ᠴᠡᠷᠢᠭ ᠲᠡᠢ ᠲᠤᠯᠤᠯᠳᠤᠵᠤ ᠶᠠᠪᠤᠬᠤ ᠳ᠋ᠠᠭᠠᠨ ᠲᠠᠨᠢᠯᠴᠠᠭᠰᠠᠨ ᠶᠤᠮ᠃ ᠣᠳᠣ ᠲᠡᠭᠦᠨ ᠲᠡᠢ ᠠᠭᠤᠯᠵᠠᠪᠠᠯ ᠪᠢ ᠪᠣᠯᠤᠭᠠᠳ ᠮᠠᠨ ᠤ᠋ ᠡᠨᠡ ᠨᠥᠬᠥᠳ ᠬᠡᠷᠬᠢᠬᠦ ᠵᠠᠮ ᠢ᠋ᠶ᠋ᠠᠨ ᠣᠯᠵᠤ ᠮᠠᠭᠠᠳ ᠦᠭᠡᠢ ᠭᠡᠵᠦ ᠭᠣᠷᠢᠳᠠᠨ᠎ᠠ᠃ 
       — ᠢᠩᠭᠢᠬᠦᠯᠡᠷ ᠴᠢ ᠲᠤᠩ ᠳᠡᠭᠡᠷ᠎ᠡ ᠴᠠᠭ ᠤ᠋ᠨ ᠴᠡᠷᠢᠭ ᠨᠢ ᠠ᠋?   
       — ᠲᠡᠢᠮᠦ ᠠ᠋᠂ ᠳᠡᠭᠡᠷ᠎ᠡ ᠴᠠᠭ ᠤ᠋ᠨ ᠭᠡᠳ ᠲᠠᠢᠪᠤᠩ ᠢ᠋ᠶ᠋ᠠᠷ ᠦᠷᠭᠦᠯᠵᠢᠯᠡᠭᠦᠯᠬᠦ ᠳ᠋ᠡᠭᠡᠨ᠄ 
       — ᠠᠷᠪᠠᠨ ᠳᠣᠯᠣᠭ᠎ᠠ ᠲᠠᠢ ᠪᠠᠨ ᠨᠤᠲᠤᠭ ᠤ᠋ᠨ ᠬᠥᠮᠦᠰ ᠦ᠋ᠨ ᠪᠣᠰᠤᠯᠭ᠎ᠠ ᠳ᠋ᠤ᠌ ᠣᠷᠣᠵᠤ ᠡᠬᠢᠯᠡᠬᠦ ᠳ᠋ᠦ᠍ ᠡᠴᠢᠭᠡ ᠮᠢᠨᠢ ᠠᠯᠠᠭᠤᠯᠤᠯ᠎ᠠ᠃ ᠪᠦᠬᠦ ᠭᠡᠷ ᠪᠦᠯᠢ ᠶ᠋ᠢ ᠬᠦᠢᠰᠦ ᠲᠡᠮᠲᠡᠷᠢᠬᠦ ᠪᠣᠯᠬᠤ ᠳ᠋ᠤᠨᠢ ᠳᠠᠩ ᠪᠡᠶ᠎ᠡ ᠵᠢᠭᠤᠲᠠᠨ ᠭᠠᠷᠴᠤ ᠲᠣᠭᠲᠠᠬᠤ ᠲᠠᠢᠵᠢ ᠶ᠋ᠢᠨ ᠴᠡᠷᠢᠭ ᠲᠦ᠍ ᠣᠷᠣᠯ᠎ᠠ᠃ ᠲᠣᠭᠲᠠᠬᠤ ᠲᠠᠢᠵᠢ ᠮᠠᠨᠢ ᠨᠢᠭᠡ ᠦᠶ᠎ᠡ ᠴᠣᠬᠢᠭᠳᠠᠨ ᠴᠡᠷᠢᠭ ᠠᠷᠠᠳ ᠨᠢ ᠪᠤᠲᠠᠷᠠᠬᠤ ᠳ᠋ᠤ᠌ ᠪᠠᠪᠤᠵᠠᠪ ᠤ᠋ᠨ ᠳ᠋ᠤ᠌᠂ ᠳᠠᠷᠠᠭ᠎ᠠ ᠨᠢ ᠭᠠᠩ ᠬᠠᠢ ᠰᠦᠢ ᠲᠡᠢ᠂ ᠲᠡᠭᠡᠭᠡᠳ ᠰᠤᠮᠢᠶ᠎ᠠ ᠪᠠᠢᠰᠠ ᠶ᠋ᠢᠨ ᠴᠡᠷᠢᠭ ᠲᠦ᠍ ᠳᠠᠷᠠᠭ᠎ᠠ ᠨᠢ ᠳᠠᠬᠢᠨ ᠪᠠᠪᠤᠵᠠᠪ ᠤ᠋ᠨ ᠴᠡᠷᠢᠭ ᠲᠦ᠍ ᠡᠴᠦᠰ ᠲᠦ᠋ᠨᠢ ᠨᠣᠷᠪᠤ ᠬᠦᠩ ᠦ᠋ᠨ ᠴᠡᠷᠢᠭ᠂ ᠣᠳᠣ ᠪᠠᠷᠤᠨ ᠣᠩᠬᠧᠷᠡᠨ ᠦ᠌ ᠴᠡᠷᠢᠭ ᠲᠦ᠍᠂ ᠡᠨᠡ ᠪᠦᠬᠦ ᠰᠣᠯᠢᠭᠳᠠᠯ ᠤ᠋ᠳ ᠴᠥᠮ ᠥᠪᠡᠷ ᠦ᠋ᠨ ᠡᠷᠬᠡ ᠦᠭᠡᠢ᠂ ᠡᠭᠡᠭᠡ ᠯᠡ ᠡᠴᠦᠰ ᠦ᠋ᠨ ᠡᠴᠦᠰ ᠲᠦ᠍ ᠪᠠᠷᠤᠨ ᠵᠠᠩᠵᠤᠨ ᠤ᠋ ᠴᠡᠷᠢᠭ ᠲᠡᠢ ᠨᠡᠢᠯᠡᠭᠰᠡᠨ ᠦ᠌ ᠠᠳᠠᠯᠢ᠂ ᠬᠣᠢᠰᠢᠳᠠ ᠪᠠᠨ ᠶᠠᠭᠤ ᠪᠣᠯᠬᠤ ᠶ᠋ᠢ ᠬᠡᠨ ᠴᠦ᠍ ᠮᠡᠳᠡᠬᠦ ᠳ᠋ᠦ᠍ ᠪᠡᠷᠬᠡ᠂ ᠭᠠᠭᠴᠠᠬᠠᠨ ᠪᠢ ᠥᠪᠡᠷ ᠢ᠋ᠶ᠋ᠡᠨ ᠨᠢᠭᠡ ᠡᠴᠡ ᠨᠥᠭᠦᠭᠡ ᠳ᠋ᠦ᠍ ᠤᠷᠪᠠᠵᠤ ᠦᠵᠡᠭᠡ ᠦᠭᠡᠢ ᠰᠢᠭ ᠤᠷᠪᠠᠬᠤ ᠦᠭᠡᠢ ᠪᠠᠰᠠ ᠳᠠᠢᠰᠤᠨ ᠳ᠋ᠤ᠌ ᠠᠮᠢᠳᠤ ᠪᠠᠷ ᠪᠠᠷᠢᠭᠳᠠᠨ ᠲᠠᠮᠤᠯᠠᠭᠤᠯᠬᠤ ᠦᠭᠡᠢ ᠭᠡᠵᠦ ᠥᠭᠦᠯᠡᠨ ᠲᠣᠮᠣ ᠬᠢᠯᠠᠭᠠᠨ ᠰᠣᠷᠪᠢᠲᠤ ᠮᠠᠩᠨᠠᠢ ᠪᠠᠨ ᠡᠷᠭᠦᠨ᠂ ᠴᠢᠨᠣ᠎ᠠ ᠶ᠋ᠢᠨ ᠬᠦᠢᠲᠡᠨ ᠨᠢᠳᠦ ᠪᠡᠨ ᠪᠦᠯᠲᠡᠢᠯᠭᠡᠨ ᠴᠢᠷᠠᠢ ᠪᠠᠨ ᠴᠢᠯᠠᠭᠤ ᠰᠢᠭ᠋ ᠪᠣᠯᠭᠠᠨ ᠲᠦᠩᠰᠦᠢᠯᠭᠡᠪᠡ᠃ ᠲᠡᠷᠡ ᠨᠢ ᠦᠨᠡᠬᠡᠷ ᠲᠦᠩᠰᠦᠭᠡᠷ᠂ ᠢᠷᠡᠭᠡᠳᠦᠢ ᠨᠢ ᠴᠦ᠍ ᠳᠦᠩᠰᠦᠭᠡᠷ᠂ ᠦᠨᠡᠨ ᠳ᠋ᠡᠭᠡᠨ ᠭᠣᠣᠵᠤᠤ ᠳ᠋ᠤ᠌ ᠲᠦᠩᠰᠦᠭᠡᠷ ᠦᠭᠡᠢ ᠶᠠᠭᠤᠮ᠎ᠠ ᠨᠢᠭᠡ ᠴᠦ᠍ ᠠᠯᠠᠭ᠎ᠠ᠃   
       — ᠵᠠ ᠢᠳᠡᠯ᠎ᠡ᠂ ᠤᠤᠭᠤᠯ᠎ᠠ᠂ ᠰᠠᠢᠨ ᠨᠠᠷᠭᠢᠬᠤ ᠵᠠᠪᠰᠢᠶᠠᠨ ᠳ᠋ᠤ᠌ ᠲᠠ ᠪᠦᠬᠦᠨ ᠲᠡᠢ ᠮᠠᠰᠢ ᠰᠠᠢᠬᠠᠨ ᠲᠠᠨᠢᠯᠴᠠᠯ᠎ᠠ᠃ ᠣᠳᠣ ᠪᠢ ᠶᠠᠪᠤᠶ᠎ᠠ ᠭᠡᠳ ᠪᠠᠯᠳᠠᠨᠴᠡᠷᠩ ᠪᠣᠰᠬᠤ ᠳ᠋ᠤ᠌ ᠨᠥᠭᠥᠭᠡᠳᠦᠭᠦᠯᠡ ᠴᠥᠮ ᠬᠦᠨᠳᠦᠳᠬᠡᠨ ᠪᠣᠰᠪᠠ᠃ ᠭᠣᠣᠵᠤᠤ ᠣᠷᠣ ᠪᠠᠨ ᠬᠤᠷᠢᠶᠠᠭᠰᠠᠨ ᠳᠡᠷ᠎ᠡ ᠳᠡᠪᠢᠰᠬᠡᠷ ᠢ᠋ᠶ᠋ᠡᠨ ᠶᠠᠭᠠᠷᠠᠨ ᠵᠠᠳᠠᠯᠵᠤ ᠨᠢᠭᠡ ᠫᠤᠤ ᠡᠮᠦᠨ᠎ᠡ ᠨᠢ ᠪᠠᠷᠢᠪᠠ᠃   
       — ᠦᠭᠡᠢ ᠡᠨᠡ ᠴᠢᠨᠢ ᠶᠠᠭᠤ ᠪᠣᠢ? ᠭᠡᠳ ᠬᠣᠢᠰᠢ ᠤᠬᠤᠷᠢᠪᠠ᠃   
       — ᠪᠡᠯᠡᠭ᠃   
       — ᠦᠭᠡᠢ ᠪᠢ ᠡᠢᠮᠦ ᠦᠨᠡᠲᠦ ᠪᠡᠯᠡᠭ ᠢ᠋ ᠠᠪᠴᠤ ᠶᠠᠭᠠᠬᠢᠵᠤ ᠪᠣᠯᠬᠤ ᠪᠢᠯᠡ᠃   
       — ᠬᠠᠷᠢᠨ ᠡᠨᠡ ᠪᠣᠯ ᠲᠠᠨ ᠤ᠋ ᠨᠠᠮᠠᠶ᠋ᠢ ᠭᠡᠢᠭᠦᠯᠦᠨ ᠪᠠᠶᠠᠰᠬᠠᠭᠰᠠᠨ ᠤ᠋ ᠳᠡᠷᠭᠡᠳᠡ ᠶᠠᠭᠤ ᠴᠣ ᠪᠢᠰᠢ᠃ 
       — ᠬᠠᠮᠢᠭ᠎ᠠ ᠠ᠋ᠴᠠ᠂ ᠪᠢ ᠴᠢᠮ᠎ᠠ ᠳ᠋ᠤ᠌ ᠭᠠᠭᠴᠠ ᠶᠠᠩᠴᠢᠶᠠᠨ ᠲᠡᠳᠦᠢ ᠶ᠋ᠢ ᠥᠭᠭᠦᠭᠰᠡᠨ ᠪᠣᠯᠤᠭᠰᠠᠨ ᠠ᠋ᠴᠠ ᠥᠭᠡᠷ᠎ᠡ ᠵᠦᠢᠯ ᠦᠭᠡᠢ᠃   
       — ᠲᠡᠢᠮᠦ ᠠ᠋᠂ ᠭᠠᠭᠴᠠ ᠶᠠᠩᠴᠢᠶᠠᠨ᠃ ᠭᠡᠪᠡᠴᠦ ᠲᠡᠷᠡ ᠭᠠᠭᠴᠠ ᠶᠠᠩᠴᠢᠶᠠᠨ ᠱᠣᠷᠣᠩ ᠳ᠋ᠤ᠌ ᠭᠢᠨᠵᠢ ᠲᠡᠢ ᠰᠠᠭᠤᠵᠤ ᠪᠠᠢᠭ᠎ᠠ ᠨᠠᠳᠠ ᠲᠦᠮᠡ ᠯᠠᠩ ᠰᠢᠭ᠋ ᠪᠠᠢᠭᠰᠠᠨ ᠠ᠋ᠴᠠ ᠲᠡᠭᠦᠨ ᠢ᠋ ᠲᠠᠨ ᠤ᠋ ᠥᠭ᠍ᠭᠦᠶ᠎ᠡ ᠭᠡᠰᠡᠨ ᠰᠡᠳᠬᠢᠯ ᠢ᠋ ᠶᠠᠭᠤ ᠪᠠᠷ ᠵᠢᠱ᠌ᠢᠶᠡᠯᠡᠬᠦ ᠳ᠋ᠦ᠍ ᠪᠡᠷᠬᠡ᠂ ᠤᠭ ᠵᠦᠢᠯ ᠢ᠋ᠶ᠋ᠡᠨ ᠤᠯᠠᠮ ᠢ᠋ᠶ᠋ᠠᠷ ᠲᠤᠯᠭᠠᠨ ᠪᠠᠷᠢᠬᠤ ᠳ᠋ᠤᠨᠢ ᠪᠠᠯᠳᠠᠨᠴᠡᠷᠢᠩ ᠥᠪᠡᠷ ᠦ᠋ᠨ ᠡᠷᠬᠡ ᠦᠭᠡᠢ ᠰᠢᠬᠠᠭᠳᠠᠨ ᠠᠪᠤᠯ᠎ᠠ᠃ ᠭᠡᠲᠡᠯ᠎ᠡ ᠲᠡᠷᠡ ᠠᠯᠠᠭᠠᠨ ᠬᠢᠲᠤᠭᠠᠨ ᠤ᠋ ᠬᠡᠷᠡᠭ᠍ᠯᠡᠭᠦᠷ᠂ ᠪᠦᠲᠦᠨ ᠲᠠᠪᠤᠨ ᠳ᠋ᠠᠢᠵᠠ ᠲᠠᠢ ᠮᠣᠳᠣᠨ ᠬᠣᠢᠲᠤ ᠮᠠᠣᠵᠠᠷ ᠭᠠᠵᠠᠷ ᠲᠦ ᠮᠠᠰᠢ ᠬᠦᠢᠲᠡᠨ ᠢ᠋ᠶ᠋ᠡᠷ ᠪᠠᠷᠢᠭᠳᠠᠨ ᠰᠡᠳᠬᠢᠯ ᠳ᠋ᠦ᠍ ᠶᠠᠮᠠᠷ ᠨᠢᠭᠡ ᠠᠯᠠᠭᠳᠠᠭᠰᠠᠨ ᠭᠠᠮᠢᠩ ᠳᠠᠷᠤᠭ᠎ᠠ ᠪᠣᠳᠣᠭᠳᠠᠨ ᠴᠠᠭᠠᠰᠢ ᠪᠠᠨ ᠮᠠᠰᠢ ᠣᠯᠠᠨ ᠡᠪ ᠦᠭᠡᠢ ᠶᠠᠭᠤᠮᠠᠰ ᠢ᠋ ᠰᠠᠨᠠᠭᠳᠠᠭᠤᠯᠤᠨ᠎ᠠ᠃ 
       — ᠡᠨᠡ ᠴᠢᠨᠢ ᠶᠡᠷᠦ ᠪᠠᠭ᠎ᠠ ᠪᠡᠯᠡᠭ ᠪᠢᠰᠢ᠂ ᠭᠠᠭᠴᠠᠬᠠᠨ ᠬᠠᠷᠠᠮᠰᠠᠯᠲᠠᠢ ᠨᠢ ᠪᠢ ᠳᠠᠩᠴᠤ ᠲᠡᠢᠨ ᠲᠤᠯᠤᠯᠳᠤᠭᠠᠨ ᠤ᠋ ᠡᠷ᠎ᠡ ᠪᠢᠰᠢ ᠶᠦᠮ ᠳᠡ ᠭᠡᠬᠦ ᠳ᠋ᠦ᠍ ᠭᠣᠣᠵᠤᠤ᠄ 
       — ᠡᠷᠬᠢᠮ ᠠᠬ᠎ᠠ ᠠ᠋᠂ ᠪᠢ ᠮᠡᠳᠡᠵᠦ ᠪᠠᠢᠨ᠎ᠠ᠂ ᠲᠠ ᠴᠡᠷᠢᠭ ᠲᠡᠢᠨ ᠦ᠌ ᠬᠥᠮᠦᠨ ᠪᠢᠰᠢ ᠪᠣᠯᠪᠠᠴᠤ᠂ ᠴᠡᠷᠢᠭ ᠲᠡᠢᠨ ᠦ᠌ ᠦᠶ᠎ᠡ᠂ ᠬᠥᠮᠦᠨ ᠢ᠋ ᠥᠪᠡᠷ ᠦ᠋ᠨ ᠡᠷᠬᠡ ᠦᠭᠡᠢ ᠴᠡᠷᠢᠭ ᠲᠡᠢᠨ ᠳ᠋ᠦ᠍ ᠲᠡᠳᠡᠨ ᠣᠷᠣᠭᠤᠯᠳᠠᠭ ᠪᠣᠯᠬᠣᠷ᠂ ᠡᠨᠡ ᠵᠦᠢᠯ ᠲᠠᠨ ᠳ᠋ᠤ᠌ ᠯᠠᠪ ᠬᠡᠷᠡᠭ ᠪᠣᠯᠤᠨ᠎ᠠ ᠪᠣᠢ ᠊ᠶ᠎ᠠ ᠭᠡᠪᠡ᠃ 
       ᠪᠠᠯᠳᠠᠨᠴᠡᠷᠢᠩ ᠭᠠᠳᠠᠭ᠎ᠠ ᠭᠠᠷᠪᠠ᠃ ᠶᠠᠭᠤᠮ᠎ᠠ ᠪᠦᠬᠦᠨ ᠣᠳᠣ ᠮᠠᠰᠢ ᠰᠢᠷᠦᠭᠦᠨ᠂ ᠬᠥᠮᠦᠨ ᠠᠮᠢᠲᠠᠨ ᠬᠡᠷᠡᠭ ᠲᠦᠪᠡᠭ ᠲᠦ᠍ ᠣᠷᠣᠬᠤ ᠪᠠᠢᠲᠤᠭᠠᠢ ᠠᠮᠢ ᠠᠯᠳᠠᠬᠤ ᠳ᠋ᠤ᠌ ᠲᠤᠩ ᠠᠮᠠᠷᠬᠠᠨ ᠪᠠᠢᠭ᠎ᠠ ᠶ᠋ᠢ ᠲᠣᠳᠣᠷᠬᠠᠢ ᠮᠡᠳᠡᠵᠦ ᠪᠠᠢᠭ᠎ᠠ ᠪᠣᠯᠬᠣᠷ ᠪᠣᠯᠭᠣᠮᠵᠢᠲᠠᠢ᠂ ᠬᠢᠴᠢᠶᠡᠮᠵᠢᠲᠡᠢ ᠶᠠᠪᠤᠭᠰᠠᠭᠠᠷ ᠭᠡᠷ ᠲᠡᠭᠡᠨ ᠢᠷᠡᠮᠡᠭᠴᠡ ᠡᠭᠦᠳᠡ ᠬᠠᠭᠠᠯᠭ᠎ᠠ ᠪᠠᠨ ᠴᠥᠮ ᠢ᠋ ᠲᠦᠭᠵᠢᠪᠡ᠃ ᠳᠡᠷᠭᠡᠳᠡᠬᠢ ᠠᠷᠪᠠᠭᠠᠢ ᠳ᠋ᠠᠭᠠᠨ ᠴᠤ᠌ ᠭᠠᠳᠠᠨ᠎ᠠ ᠶ᠋ᠢᠨ ᠬᠥᠮᠦᠨ ᠠᠮᠢᠲᠠᠨ ᠣᠷᠣᠭᠤᠯᠬᠤ ᠦᠭᠡᠢ ᠪᠠᠢᠪᠠᠯ ᠵᠣᠬᠢᠬᠤ ᠶ᠋ᠢ ᠵᠠᠬᠢᠪᠠ᠃ 
       ᠭᠡᠪᠡᠴᠦ ᠮᠠᠷᠭᠠᠰᠢ ᠨᠢ ᠠᠷᠪᠠᠭᠠᠢ ᠶ᠋ᠢᠨ ᠦᠭᠡᠢ ᠪᠡᠷ ᠬᠥᠮᠦᠨ ᠬᠠᠰᠢᠶᠠᠨ ᠤ᠋ ᠬᠢᠨᠢ ᠬᠠᠭᠠᠯᠭ᠎ᠠ ᠶ᠋ᠢ ᠴᠣᠬᠢᠵᠠᠢ᠃  ᠥᠭᠪᠡᠯ ᠫᠠᠯᠢᠮ᠎ᠠ ᠥᠷᠯᠥᠭᠡᠨ ᠦ᠌ ᠮᠡᠨᠳᠦ ᠮᠡᠳᠡᠨ ᠢᠨᠢᠶᠡᠭᠰᠡᠭᠡᠷ ᠣᠷᠣᠵᠤ ᠢᠷᠡᠪᠡ᠃ ᠪᠠᠯᠳᠠᠨᠴᠡᠷᠢᠩ ᠥᠴᠥᠭᠡᠳᠦᠷ ᠦ᠋ᠨ ᠢ᠋ᠶ᠋ᠡᠨ ᠰᠡᠵᠢᠭᠯᠡᠭᠰᠡᠨ ᠢ᠋ᠶ᠋ᠡᠷ ᠰᠡᠵᠢᠭᠯᠡᠭᠡᠳ ᠣᠳᠣ ᠶᠠᠭᠤ ᠭᠡᠬᠦ ᠶ᠋ᠢ ᠨᠢ ᠬᠦᠯᠢᠶᠡᠪᠡᠯ᠂   
       — ᠭᠡᠷ ᠡᠴᠡ ᠭᠠᠷᠬᠤ ᠦᠭᠡᠢ ᠯᠡ ᠰᠠᠭᠤᠭᠠᠳ ᠪᠠᠢᠨ᠎ᠠ ᠤᠤ? ᠭᠡᠪᠡ᠃   
       — ᠲᠡᠢᠮᠦ ᠠ᠋᠂ ᠭᠠᠷᠬᠤ ᠦᠭᠡᠢ ᠯᠡ ᠪᠠᠢᠨ᠎ᠠ ᠭᠡᠬᠦ ᠳ᠋ᠦ᠍᠂  
       — ᠵᠥᠪ ᠳᠡ ᠭᠡᠳ ᠭᠠᠳᠠᠭ᠎ᠠ ᠪᠠᠢᠳᠠᠯ ᠰᠢᠷᠦᠭᠦᠨ ᠪᠠᠢᠭ᠎ᠠ ᠠ᠋ᠴᠠ ᠶᠠᠷᠢᠬᠤ ᠪᠦᠷᠢ ᠳ᠋ᠡᠭᠡᠨ ᠪᠠᠷᠤᠨ ᠣᠩᠬᠧᠷᠠᠨ ᠤ᠋ ᠡᠪᠲᠡᠢᠬᠡᠨ ᠢ᠋ᠶ᠋ᠡᠷ ᠮᠠᠭᠤᠴᠢᠯᠠᠬᠤ ᠶ᠋ᠢ ᠣᠷᠣᠯᠳᠣᠨ᠎ᠠ᠃ ᠲᠡᠭᠡᠬᠦ ᠳᠣᠳᠣᠮ ᠪᠡᠯᠳᠠᠨᠴᠡᠷᠢᠩ᠂《ᠠ ᠳᠠ ᠴᠢ᠂ ᠠᠷᠠᠳ ᠤ᠋ᠨ ᠨᠠᠮ ᠲᠠᠢ ᠬᠣᠯᠪᠣᠭᠳᠠᠯ ᠲᠠᠢ ᠬᠡᠨ ᠪᠠᠢᠭ᠎ᠠ ᠶ᠋ᠢ ᠡᠷᠢᠨ ᠰᠤᠷᠪᠤᠯᠵᠢᠯᠠᠬᠤ᠂ ᠪᠠᠷᠤᠨ ᠤᠩᠬᠧᠷᠠᠨ ᠤ᠋ ᠲᠠᠩᠨᠠᠭᠤᠯ ᠪᠣᠢ!》 ᠭᠡᠵᠦ ᠤᠯᠠᠮ ᠢ᠋ᠶ᠋ᠠᠷ ᠰᠡᠵᠢᠭᠯᠡᠨ᠎ᠡ᠃ ᠲᠡᠭᠡᠭᠡᠳ ᠲᠡᠭᠦᠨ ᠦ᠌ ᠠᠮᠠ ᠶ᠋ᠢ ᠳᠠᠭᠠᠨ ᠪᠠᠷᠤᠨ ᠢ᠋ ᠮᠠᠭᠤᠴᠢᠯᠠᠬᠤ ᠠ᠋ᠴᠠ ᠪᠠᠨ ᠠᠶᠤᠨ᠎ᠠ᠃ ᠥᠮᠥᠭᠯᠡᠭᠴᠢ ᠪᠣᠯᠤᠶ᠎ᠠ ᠭᠡᠲᠡᠯ᠎ᠡ ᠠᠮᠠᠨ ᠳ᠋ᠤ᠌ ᠦᠭᠡ ᠦᠯᠦ ᠡᠪᠯᠡᠷᠡᠨ᠎ᠡ᠃ ᠫᠠᠯᠢᠮ᠎ᠠ ᠶ᠋ᠢᠨ ᠦᠭᠡᠨ ᠳ᠋ᠦ᠍ ᠥᠪᠡᠷ ᠦ᠋ᠨ ᠡᠷᠬᠡ ᠦᠭᠡᠢ ᠲᠤᠯᠭᠠᠮᠳᠠᠬᠤ ᠳ᠋ᠠᠭᠠᠨ《ᠠ ᠬᠠᠢ᠂ ᠵᠠ ᠦᠭᠡᠢ᠂ ᠶᠡᠷᠦ ᠠ᠋》 ᠭᠡᠬᠦ ᠲᠡᠳᠦᠢᠬᠡᠨ ᠢ᠋ ᠯᠡ ᠬᠡᠯᠡᠨ᠎ᠡ᠃ ᠭᠡᠲᠡᠯ᠎ᠡ᠄   
       — ᠪᠢ ᠴᠢᠮ᠎ᠠ ᠳ᠋ᠤ᠌ ᠨᠢᠭᠡ ᠵᠦᠢᠯ ᠢ᠋ ᠰᠣᠨᠢᠷᠬᠠᠭᠤᠯᠬᠤ ᠪᠠᠷ ᠠᠪᠴᠢᠷᠠᠭᠰᠠᠨ ᠭᠡᠳ ᠬᠣᠶᠠᠷ ᠬᠡᠰᠡᠭ ᠭᠠᠷ ᠪᠢᠴᠢᠮᠡᠯ ᠵᠦᠢᠯ ᠢ᠋ ᠭᠠᠷᠭᠠᠵᠤ ᠥᠭᠪᠡ᠃   
       — ᠡᠨᠡ ᠴᠢᠨᠢ ᠶᠠᠭᠤ ᠭᠡᠭᠴᠢ ᠪᠣᠢ? ᠭᠡᠬᠦ ᠳ᠋ᠦ᠍᠂   
       — ᠲᠤᠩ ᠴᠢᠬᠤᠯᠠ ᠮᠡᠳᠡᠭᠦᠰᠢᠲᠡᠢ ᠯᠡ ᠵᠦᠢᠯ ᠳᠡ ᠭᠡᠵᠦ ᠢᠨᠢᠶᠡᠮᠰᠦᠭᠯᠡᠨ ᠭᠡᠷ ᠡᠴᠡ ᠭᠠᠷᠪᠠ᠃ ᠪᠢᠴᠢᠭ ᠢ᠋ ᠦᠵᠡᠪᠡᠯ ᠨᠢᠭᠡᠳᠡᠬᠢ ᠨᠢ᠄ ᠣᠷᠣᠰ ᠤ᠋ᠨ ᠠᠵᠢᠯᠴᠢᠨ ᠲᠠᠷᠢᠶᠠᠴᠢᠨ1917 ᠣᠨ ᠤ᠋ ᠤᠻᠲ᠋ᠢᠶᠠᠪᠡᠷ ᠬᠡᠮᠡᠬᠦ ᠠᠷᠪᠠᠳᠤᠭᠠᠷ ᠰᠠᠷ᠎ᠠ ᠳ᠋ᠤ᠌ ᠬᠠᠷᠭᠢᠰ ᠲᠢᠭᠯᠢᠮᠲᠦ ᠬᠠᠭᠠᠨᠲᠤ ᠵᠠᠰᠠᠭ ᠢ᠋ᠶ᠋ᠠᠨ ᠡᠰᠡᠷᠭᠦᠴᠡᠨ ᠪᠣᠰᠴᠤ ᠤᠰᠠᠳᠬᠠᠨ᠂ ᠨᠡᠢᠭᠡᠮ ᠵᠢᠷᠤᠮᠲᠤ ᠣᠷᠣᠰ ᠤᠯᠤᠰ ᠲᠣᠭᠲᠠᠭᠠᠭᠰᠠᠨ ᠲᠤᠩᠬᠠᠭ᠃ ᠬᠣᠶᠠᠳᠠᠬᠢ ᠨᠢ᠄ ᠮᠥᠨ ᠣᠷᠣᠰ ᠤ᠋ᠨ ᠵᠠᠰᠠᠭ ᠤ᠋ᠨ ᠭᠠᠵᠠᠷ ᠠ᠋ᠴᠠ ᠲᠦᠷᠦᠭᠦᠴᠢ ᠶ᠋ᠢᠨ ᠬᠠᠭᠠᠨᠲᠤ ᠵᠠᠰᠠᠭ ᠤ᠋ᠨ ᠭᠠᠵᠠᠷ ᠤ᠋ᠨ ᠮᠣᠩᠭᠣᠯ᠂ ᠹᠷᠠᠨᠼᠢ᠂ ᠲᠦᠷᠺ ᠭᠤᠷᠪᠠᠨ ᠤᠯᠤᠰ ᠢ᠋ ᠡᠵᠡᠮᠰᠢᠬᠦ ᠭᠡᠵᠦ ᠪᠠᠢᠭᠰᠠᠨ ᠢ᠋ ᠲᠡᠮᠳᠡᠭᠯᠡᠭᠡᠳ ᠳᠠᠷᠠᠭ᠎ᠠ ᠨᠢ ᠬᠠᠭᠠᠨᠲᠤ ᠵᠠᠰᠠᠭ ᠠ᠋ᠴᠠ ᠮᠣᠩᠭᠣᠯ ᠤᠷᠤᠭᠤ ᠬᠠᠨᠳᠤᠭᠤᠯᠤᠭᠰᠠᠨ ᠶᠠᠩᠵᠤ ᠪᠦᠷᠢ ᠶ᠋ᠢᠨ ᠤᠪ ᠮᠡᠬᠡ ᠨᠦ᠍ᠭᠦᠳ ᠢ᠋ ᠰᠢᠭᠤᠳ ᠢᠯᠡᠷᠬᠡᠢᠯᠡᠭᠡᠳ ᠤᠷᠠᠬᠠᠳᠠᠨ ᠠᠪᠬᠤ ᠶ᠋ᠢᠨ ᠡᠭᠦᠳᠡᠨ ᠡᠴᠡ ᠵᠢᠭᠡᠯᠡᠲᠤᠯᠦᠭᠰᠡᠨ ᠮᠥᠩᠭᠥ᠂ ᠲᠤᠰᠬᠠᠢ ᠳ᠋ᠠᠭᠠᠨ ᠡᠳ᠋ᠯᠡᠬᠦ ᠪᠣᠯᠤᠭᠰᠠᠨ ᠡᠯᠳᠡᠪ ᠡᠷᠬᠡ ᠪᠦᠭᠦᠳᠡ ᠶ᠋ᠢ ᠬᠦᠴᠦᠨ ᠦᠭᠡᠢ ᠪᠣᠯᠭᠠᠬᠤ ᠶ᠋ᠢᠨ ᠵᠡᠷᠭᠡᠴᠡᠭᠡ ᠪᠡᠷ ᠡᠪ ᠨᠠᠢᠷᠠᠮᠳᠠᠯ ᠢ᠋ ᠰᠢᠨ᠎ᠡ ᠪᠡᠷ ᠰᠡᠷᠭᠦᠭᠡᠬᠦ ᠶ᠋ᠢ ᠡᠷᠡᠮᠡᠯᠵᠡᠯᠢᠭᠰᠡᠨ ᠮᠡᠳᠡᠭᠡ ᠪᠢᠴᠢᠭ ᠠᠵᠢ᠃ ᠡᠳᠡᠭᠡᠷ ᠢ᠋ ᠪᠠᠯᠳᠠᠨᠴᠡᠷᠢᠩ ᠱᠣᠷᠣᠩ ᠤ᠋ᠨ ᠦᠮᠡᠬᠡᠢ ᠪᠤᠯᠤᠩ ᠳ᠋ᠤ᠌ ᠵᠠᠮᠢᠶᠠᠨ ᠬᠦᠩ ᠡᠴᠡ ᠣᠯᠵᠤ ᠰᠣᠨᠣᠰᠤᠭᠰᠠᠨ ᠢ᠋ᠶ᠋ᠠᠷ ᠪᠠᠷᠠᠬᠤ ᠦᠭᠡᠢ᠂ ᠶᠠᠩᠵᠤ ᠪᠦᠷᠢ ᠪᠡᠷ ᠳ᠋ᠦᠩᠨᠡᠨ ᠰᠤᠳᠤᠯᠤᠭᠰᠠᠨ ᠪᠣᠯᠬᠣᠷ ᠰᠣᠨᠢᠷᠬᠠᠭᠰᠠᠨ ᠵᠦᠢᠯ ᠦᠭᠡᠢ᠃ ᠬᠠᠷᠢᠨ ᠣᠳᠣ ᠫᠠᠯᠢᠮ᠎ᠠ ᠶ᠋ᠢᠨ ᠠᠪᠴᠢᠷᠠᠵᠤ ᠥᠭᠬᠦ ᠶ᠋ᠢᠨ ᠤᠴᠢᠷ ᠶᠠᠭᠤ ᠪᠣᠢ? ᠭᠡᠬᠦ ᠡᠴᠡ ᠮᠥᠨ ᠯᠡ ᠲᠠᠩᠨᠠᠨ ᠲᠤᠷᠰᠢᠬᠤ ᠶ᠋ᠢᠨ ᠡᠭᠦᠳᠡᠨ ᠡᠴᠡ ᠪᠣᠯ ᠤᠤ? ᠭᠡᠬᠦ ᠡᠴᠡ ᠥᠭᠡᠷ᠎ᠡ ᠰᠢᠯᠲᠠᠭᠠᠨ ᠠᠯᠠᠭ᠎ᠠ᠃ 
       ᠮᠠᠷᠭᠠᠰᠢ ᠨᠢ ᠪᠠᠰᠠ ᠯᠠ ᠬᠠᠭᠠᠯᠭ᠎ᠠ ᠴᠣᠬᠢᠯ᠎ᠠ᠃ ᠮᠥᠨ ᠯᠡ ᠫᠠᠯᠢᠮ᠎ᠠ ᠢᠨᠢᠶᠡᠮᠰᠦᠭᠯᠡᠯ ᠢ᠋ᠶ᠋ᠡᠷ ᠢᠷᠡᠭᠡᠳ᠄   
       — ᠥᠨᠥᠬᠢ ᠪᠢᠴᠢᠭ ᠢ᠋ ᠤᠩᠰᠢᠭᠰᠠᠨ ᠤᠤ? ᠰᠡᠳᠬᠢᠯ ᠳ᠋ᠦ᠍ ᠴᠢᠨᠢ ᠶᠠᠭᠤ ᠪᠣᠳᠣᠭᠳᠠᠪᠠ᠃   
       — ᠤᠩᠰᠢᠭᠰᠠᠨ᠂ ᠰᠣᠨᠢᠨ ᠯᠠ ᠪᠠᠢᠨ᠎ᠠ᠂ ᠭᠡᠪᠡᠴᠦ ᠪᠢᠳᠡᠨ ᠦ᠌ ᠳᠡᠭᠡᠷ᠎ᠡ ᠪᠣᠭᠳᠠ ᠯᠠᠮᠠᠳᠠᠨ᠂ ᠳᠡᠰ ᠳᠠᠷᠠᠭ᠎ᠠ ᠶᠡᠬᠡᠰ ᠮᠡᠷᠭᠡᠳ ᠪᠠᠢᠨ᠎ᠠ᠂ ᠬᠣᠢᠨ᠎ᠠ ᠨᠠᠳᠠ ᠮᠡᠲᠦ ᠶ᠋ᠢᠨ ᠬᠢᠨ ᠢ᠋ ᠶᠠᠭᠤ ᠶ᠋ᠢ ᠨᠢ ᠪᠣᠳᠣᠬᠤ ᠪᠢᠯᠡ ᠭᠡᠪᠡᠯ᠂   
       — ᠵᠠ ᠬᠠᠮᠢᠭ᠎ᠠ ᠠ᠋ᠴᠠ! ᠭᠡᠳ ᠫᠠᠯᠢᠮ᠎ᠠ ᠵᠥᠩᠳᠡᠭᠡᠨ ᠢᠨᠢᠶᠡᠪᠡ᠃ ᠡᠨᠡ ᠨᠢ ᠱᠠᠯ ᠬᠠᠭᠤᠷᠠᠢ ᠢᠨᠢᠶᠡᠳᠦ᠂ ᠶᠣᠰᠣᠲᠠᠢ ᠯᠠ ᠲᠠᠩᠨᠠᠭᠤᠯ ᠬᠥᠮᠦᠨ ᠠᠷᠭ᠎ᠠ ᠪᠠᠨ ᠪᠠᠷᠠᠬᠤ ᠪᠠᠷ ᠢ᠋ᠶ᠋ᠠᠨ ᠢᠩᠭᠢᠳᠡᠭ ᠪᠠᠢᠬᠤ ᠭᠡᠵᠦ ᠪᠠᠯᠳᠠᠨᠴᠡᠷᠢᠩ ᠳ᠋ᠦ᠍ ᠪᠣᠳᠣᠭᠳᠠᠪᠠ᠃ ᠮᠠᠷᠭᠠᠰᠢ ᠨᠢ ᠪᠠᠰᠠ ᠯᠠ ᠬᠠᠭᠠᠯᠭ᠎ᠠ ᠴᠣᠬᠢᠯ᠎ᠠ᠃ ᠲᠠᠢᠯᠬᠤ ᠦᠭᠡᠢ ᠪᠠᠢᠶ᠎ᠠ ᠭᠡᠲᠡᠯ᠎ᠡ ᠶᠣᠰᠣᠨ ᠳ᠋ᠤ᠌ ᠦᠯᠦ ᠨᠡᠢᠴᠡᠨ᠎ᠡ᠃ ᠲᠡᠷᠡ ᠪᠠᠢᠲᠤᠭᠠᠢ ᠶᠡᠷᠦ ᠡᠴᠡ ᠪᠡᠨ ᠬᠠᠭᠠᠯᠭ᠎ᠠ ᠡᠭᠦᠳᠡ ᠶ᠋ᠢ ᠢᠮᠠᠭᠲᠠ ᠲᠦᠭᠵᠢᠬᠦ ᠨᠢ ᠵᠦᠢ ᠪᠤᠰᠤ ᠠᠵᠢ᠃ ᠪᠠᠯᠳᠠᠨᠴᠡᠷᠢᠩ ᠬᠠᠭᠠᠯᠭ᠎ᠠ ᠪᠠᠨ ᠲᠠᠢᠯᠵᠤ ᠥᠭᠭᠦᠭᠡᠳ ᠶᠠᠷᠰᠢᠭ ᠤᠷᠰᠢᠭ ᠲᠠᠢ ᠶᠤᠮ᠂ ᠢᠩᠭᠢᠭᠡᠳ ᠯᠡ ᠨᠡᠭᠡᠭᠡᠯᠲᠡ ᠲᠡᠢ ᠪᠠᠢᠭ ᠭᠡᠵᠦ ᠪᠣᠳᠣᠨ ᠬᠠᠭᠠᠯᠭ᠎ᠠ ᠪᠠᠨ ᠵᠣᠷᠢᠭᠤᠳᠠ ᠳᠡᠯᠭᠡᠨ ᠬᠠᠶᠠᠪᠠ᠃ ᠫᠠᠯᠢᠮ᠎ᠠ ᠥᠨᠥᠳᠥᠷ ᠢᠨᠢᠶᠡᠬᠦ ᠦᠭᠡᠢ ᠬᠠᠷᠢᠨ᠂ ᠭᠤᠨᠢᠭ ᠲᠠᠢ ᠴᠢᠷᠠᠢ ᠲᠠᠢ ᠭᠡᠷ ᠲᠦ᠍ ᠣᠷᠣᠭᠰᠠᠨ ᠢ᠋ᠶ᠋ᠠᠨ᠄
       — ᠺᠸᠮᠪᠸᠷᠵᠸᠸᠰᠺᠢ᠂ ᠺᠤᠴᠸᠷᠸᠨ᠋ᠺᠦ ᠬᠣᠶᠠᠷ ᠢ᠋ ᠪᠠᠷᠤᠨ ᠤ᠋ ᠬᠢᠨ ᠳᠡᠭᠦᠵᠢᠯᠡᠨ ᠠᠯᠠᠪᠠ ᠭᠡᠵᠦ ᠭᠠᠰᠢᠭᠤᠳᠠᠨ ᠶᠠᠷᠢᠪᠠ᠃ ᠪᠠᠯᠳᠠᠨᠴᠡᠷᠢᠩ ᠲᠡᠷᠡ ᠬᠣᠶᠠᠷ ᠢ᠋ ᠮᠡᠳᠡᠨ᠎ᠡ᠃ ᠮᠣᠩᠭᠣᠯ ᠳ᠋ᠤ᠌ ᠠᠷᠠᠳ ᠤ᠋ᠨ ᠨᠠᠮ ᠪᠠᠢᠭᠤᠯᠬᠤ ᠬᠡᠷᠡᠭ ᠲᠦ᠍ ᠢᠳᠡᠪᠬᠢᠯᠡᠨ ᠣᠷᠣᠯᠴᠠᠵᠤ ᠪᠠᠢᠳᠠᠭ ᠭᠡᠳᠡᠭ ᠢ᠋ ᠱᠣᠷᠣᠩ ᠳ᠋ᠤ᠌ ᠵᠠᠮᠢᠶᠠᠨ ᠬᠦᠩ ᠡᠴᠡ ᠲᠣᠳᠣᠷᠬᠠᠢ ᠰᠣᠨᠣᠰᠤᠭᠰᠠᠨ ᠤ᠋ ᠪᠠᠨ ᠬᠤᠪᠢ ᠳ᠋ᠤ᠌ ᠮᠥᠨ ᠶᠡᠬᠡᠳᠡ ᠬᠠᠷᠠᠰᠪᠠ᠃ ᠭᠡᠪᠡᠴᠦ ᠳᠤᠤᠭᠠᠷᠤᠭᠰᠠᠨ ᠦᠭᠡᠢ᠂ ᠲᠣᠪ ᠳᠤᠭᠤᠢ ᠳᠣᠷᠣᠭᠰᠢ ᠰᠢᠷᠲᠡᠭᠰᠡᠭᠡᠷ ᠰᠠᠭᠤᠭᠠᠳ ᠫᠠᠯᠢᠮ᠎ᠠ ᠶ᠋ᠢ ᠭᠠᠷᠭᠠᠪᠠ᠃ ᠡᠭᠦᠨᠴᠡ ᠬᠣᠢᠰᠢ ᠫᠠᠯᠢᠮ᠎ᠠ ᠶᠢᠨ ᠢᠷᠡᠬᠦ ᠨᠢ ᠴᠥᠭᠡᠷᠡᠯ᠎ᠡ᠃ ᠵᠠᠷᠢᠮ ᠳ᠋ᠠᠭᠠᠨ ᠪᠦᠷ ᠳᠣᠯᠣᠭᠠᠨ ᠬᠣᠨᠣᠭ ᠢ᠋ᠶ᠋ᠠᠷ ᠦᠵᠡᠭᠳᠡᠬᠦ ᠦᠭᠡᠢ ᠪᠣᠯᠬᠤ ᠳ᠋ᠤᠨᠢ ᠪᠠᠯᠳᠠᠨᠴᠡᠷᠢᠩ ᠠᠱ᠌ᠢᠭᠦᠢ ᠲᠡᠷᠡ ᠲᠠᠩᠨᠠᠭᠤᠯ ᠴᠥᠬᠥᠷᠡᠩᠭᠡ ᠪᠡᠨ ᠪᠠᠷᠠᠭᠰᠠᠨ ᠪᠣᠢ ᠭᠡᠵᠦ ᠳᠣᠲᠣᠷ᠎ᠠ ᠪᠠᠨ ᠪᠠᠶᠠᠷᠯᠠᠨ᠎ᠠ᠃ ᠡᠴᠦᠰ ᠦ᠋ᠨ ᠤᠳᠠᠭ᠎ᠠ ᠨᠢᠭᠡ ᠢᠷᠡᠭᠡᠳ ᠵᠥᠪᠬᠡᠨ ᠠᠮᠤᠷ ᠮᠡᠨᠳᠦ ᠮᠡᠳᠡᠯᠴᠡᠭᠰᠡᠨ ᠡᠴᠡ ᠴᠠᠭᠠᠰᠢ ᠶᠠᠭᠤᠮ᠎ᠠ ᠦᠭᠡᠢ ᠳᠣᠷᠣᠭᠰᠢ ᠰᠢᠷᠳᠡᠨ ᠰᠠᠭᠤᠵᠤ ᠪᠠᠢᠬᠤ ᠳ᠋ᠤᠨᠢ ᠨᠢᠭᠡ ᠬᠥᠮᠦᠨ ᠬᠠᠭᠠᠯᠭ᠎ᠠ ᠵᠥᠭᠡᠯᠡᠨ ᠢ᠋ᠶ᠋ᠡᠷ ᠨᠡᠭᠡᠭᠡᠨ᠄ ᠵᠠ ᠪᠠᠷᠠᠭᠠᠯᠠᠭᠵᠤ ᠪᠣᠯᠬᠤ ᠪᠣᠯ ᠤᠤ? ᠭᠡᠪᠡ᠃ ᠦᠵᠡᠪᠡᠯ ᠨᠢᠭᠡ ᠯᠠᠮᠠ᠃ ᠮᠣᠷᠢᠯᠠ᠂ ᠮᠣᠷᠢᠯᠠ ᠭᠡᠬᠦ ᠳ᠋ᠦ᠍ ᠯᠠᠮᠠ ᠠᠯᠭᠤᠷ ᠬᠥᠳᠡᠯᠦᠨ ᠪᠣᠱᠣᠭ᠎ᠠ ᠳᠠᠪᠠᠵᠤ᠂ ᠥᠷᠭᠡᠨ ᠣᠷᠬᠢᠮᠵᠢ ᠶ᠋ᠢᠨ ᠨᠠᠮᠢᠷᠠᠬᠤ ᠦᠵᠦᠭᠦᠷ ᠢ᠋ ᠠᠯᠭᠤᠷ ᠡᠷᠭᠦᠨ ᠠᠪᠴᠤ ᠠᠮᠤᠷ ᠡᠷᠢᠭᠡᠳ᠄   
       — ᠪᠠᠭᠰᠢ ᠯᠠᠮᠠᠳᠠᠨ ᠲᠠᠨ ᠢ᠋ ᠮᠣᠷᠢᠯᠠᠨ ᠢᠷᠡᠵᠦ ᠠᠭᠤᠯᠵᠠᠨ᠎ᠠ ᠤᠤ ᠭᠡᠵᠦ ᠨᠠᠮᠠᠶ᠋ᠢ ᠶᠠᠪᠤᠭᠤᠯᠪᠠ᠃   
       — ᠪᠠᠭᠰᠢ ᠯᠠᠮᠠᠳᠠᠨ ᠭᠡᠵᠦ ᠬᠡᠨ ᠪᠣᠢ?   
       — ᠳᠠᠷᠢ ᠡᠬᠡ ᠯᠠᠮᠠᠲᠠᠨ᠃   
       — ᠨᠡᠷ᠎ᠡ ᠶ᠋ᠢ ᠨᠢ ᠰᠣᠨᠣᠰᠤᠮᠠᠭᠴᠠ ᠲᠡᠭᠦᠨ ᠦ᠌ ᠱᠣᠷᠣᠩ ᠳ᠋ᠤ᠌ ᠲᠤᠩ ᠬᠡᠨᠡᠭ ᠦᠭᠡᠢ ᠰᠠᠭᠤᠵᠤ ᠪᠠᠢᠭᠰᠠᠨ ᠬᠠᠴᠢᠨ ᠳᠦᠷᠢ ᠨᠢ ᠰᠠᠨᠠᠭᠠᠨ ᠳ᠋ᠤ᠌ ᠣᠷᠣᠵᠤ ᠰᠡᠷᠭᠦᠬᠦ ᠰᠢᠭ ᠪᠣᠯᠪᠠ᠃   
       — ᠰᠣᠨᠣᠰᠤᠯ᠎ᠠ᠂ ᠯᠠᠮᠠᠳᠠᠨ ᠳ᠋ᠤ᠌ ᠮᠠᠷᠭᠠᠰᠢ ᠪᠠᠷᠭᠠᠯᠬᠠᠶ᠎ᠠ ᠭᠡᠵᠦ ᠠᠢᠯᠠᠳᠬᠠᠨ᠎ᠠ ᠤᠤ?   
       — ᠵᠠ ᠭᠡᠳ ᠯᠠᠮᠠ ᠭᠠᠷᠪᠠ᠃ ᠳᠠᠷᠠᠭ᠎ᠠ ᠨᠢ ᠫᠠᠯᠢᠮ᠎ᠠ ᠶᠠᠪᠤᠵᠠᠢ᠃ ᠭᠡᠷ ᠥᠷᠯᠥᠭᠡᠨ ᠦ᠌ ᠲᠦᠯᠡᠯᠲᠡ ᠳ᠋ᠦ᠍ ᠮᠢᠨᠴᠢᠳᠲᠡᠯ᠎ᠡ ᠪᠡᠨ ᠬᠠᠯᠠᠰᠠᠨ ᠨᠢᠮᠭᠡᠨ ᠲᠡᠮᠦᠷ ᠵᠤᠤᠬ᠎ᠠ ᠠᠯᠢ ᠬᠡᠳᠦᠢᠨ ᠬᠦᠷᠦᠵᠦ᠂ ᠬᠦᠢᠲᠡᠨ ᠵᠢᠪᠠᠷ ᠡᠷᠭᠢᠯᠳᠦᠨ᠎ᠡ᠃ ᠭᠠᠷ ᠬᠥᠯ ᠦᠵᠦᠭᠦᠷ ᠡᠴᠡ ᠪᠡᠨ ᠡᠬᠢᠯᠡᠨ ᠲᠠᠭᠠᠷᠠᠬᠤ ᠮᠠᠶᠢᠭ ᠲᠠᠢ ᠪᠣᠯᠵᠤ ᠢᠷᠡᠬᠦ ᠳ᠋ᠦ᠍ ᠪᠠᠯᠳᠠᠨᠴᠡᠷᠢᠩ ᠲᠦᠯᠡᠭᠡ ᠪᠡᠨ ᠬᠠᠢᠷᠠᠯᠠᠨ᠂ ᠬᠠᠨᠴᠤᠢ ᠳ᠋ᠠᠭᠠᠨ ᠭᠠᠷ ᠵᠥᠷᠢᠭᠦᠯᠦᠨ ᠰᠠᠭᠤᠭᠰᠠᠭᠠᠷ ᠯᠠ ᠪᠠᠢᠪᠠ᠃ ᠨᠢᠭᠡ ᠮᠡᠳᠡᠬᠦ ᠳ᠋ᠦ᠍ ᠭᠡᠷ ᠦ᠋ᠨ ᠬᠠᠶᠠᠭᠠᠨ᠎ᠠ ᠨᠢᠭᠡ ᠶᠠᠭᠤᠮ᠎ᠠ ᠳᠡᠰ ᠬᠢᠨ ᠳᠤᠤᠭᠠᠷᠪᠠ᠃ ᠡᠨᠡ ᠴᠢᠨᠢ ᠶᠠᠭᠤ ᠪᠠᠢᠳᠠᠭ ᠪᠢᠯᠡ? ᠬᠠᠶᠠᠭᠠᠨ ᠳ᠋ᠤ᠌ ᠬᠤᠪᠢᠩ ᠲᠠᠢ ᠤᠰᠤ ᠬᠥᠯᠲᠡᠨ ᠳᠤᠮᠳᠠ ᠪᠠᠨ ᠳᠣᠪᠣᠢᠨ ᠬᠠᠭᠠᠷᠠᠵᠤ ᠪᠠᠢᠭ᠎ᠠ ᠠᠵᠢ᠃ ᠭᠡᠪᠡᠴᠦ ᠪᠠᠯᠳᠠᠨᠵᠡᠷᠢᠩ ᠰᠠᠭᠤᠭᠰᠠᠭᠠᠷ ᠯᠠ᠃ ᠰᠡᠳᠬᠢᠯ ᠬᠥᠳᠡᠭᠡ ᠭᠠᠷᠬᠤ᠂ ᠭᠠᠷᠤᠭᠰᠠᠨ ᠬᠣᠢᠨ᠎ᠠ ᠪᠠᠨ ᠬᠥᠷᠥᠩᠭᠡ ᠵᠠᠷᠤᠳᠠᠯ ᠪᠠᠭ᠎ᠠ ᠣᠷᠣᠬᠤ ᠨᠢᠭᠡ ᠠᠢᠯ ᠤ᠋ᠨ ᠬᠡᠦᠬᠡᠨ ᠲᠡᠢ ᠰᠠᠭᠤᠬᠤ᠂ ᠲᠡᠭᠡᠭᠡᠳ ᠬᠡᠳᠦᠨ ᠮᠠᠯ ᠢ᠋ᠶ᠋ᠠᠷ ᠠᠮᠤᠭᠤᠯᠠᠩ ᠲᠠᠢᠪᠤᠩ ᠠᠮᠢᠳᠤᠷᠠᠬᠤ᠂ ᠲᠡᠭᠦᠨ ᠳ᠋ᠡᠭᠡᠨ ᠤᠷᠢᠨ ᠳᠤᠯᠠᠭᠠᠨ ᠪᠣᠯᠬᠤ ᠶ᠋ᠢ ᠬᠦᠯᠢᠶᠡᠵᠦ ᠶᠠᠳᠠᠵᠤ ᠪᠠᠢᠭ᠎ᠠ ᠶᠠᠪᠤᠳᠠᠯ ᠯᠠ ᠡᠷᠭᠢᠯᠳᠦᠨ᠎ᠡ᠃ 
       ᠬᠠᠭᠠᠯᠭ᠎ᠠ ᠰᠠᠮ ᠨᠡᠭᠡᠭᠡᠭᠳᠡᠨ ᠲᠦᠷᠦᠭᠦᠨ ᠦ᠌ ᠯᠠᠮᠠ《ᠵᠠ ᠪᠠᠷᠠᠭᠠᠯᠬᠠᠶ᠎ᠠ》 ᠭᠡᠵᠦ ᠴᠡᠭᠡᠵᠢ ᠳᠠᠷᠤᠨ ᠨᠠᠬᠢᠰᠬᠢᠨ ᠣᠷᠣᠵᠤ ᠢᠷᠡᠭᠡᠳ᠂ 
       — ᠪᠠᠭᠰᠢ ᠯᠠᠮᠠᠳᠠᠨ ᠲᠤᠩ ᠴᠢᠬᠤᠯᠠ ᠬᠡᠷᠡᠭ ᠲᠡᠢ᠂ ᠠᠷᠭ᠎ᠠ ᠦᠭᠡᠢ ᠣᠳᠣᠬᠠᠨ ᠢᠷᠡᠵᠦ ᠠᠭᠤᠯᠵᠠᠨ᠎ᠠ ᠤᠤ ᠭᠡᠵᠦ ᠳᠠᠬᠢᠨ ᠨᠠᠮᠠᠶ᠋ᠢ ᠶᠠᠪᠤᠭᠤᠯᠪᠠ᠃ 
       — ᠵᠠ ᠲᠡᠭᠡᠪᠡᠯ ᠣᠴᠢᠯᠭᠦᠢ ᠶᠠᠭᠠᠬᠢᠬᠤᠪ ᠭᠡᠳ ᠪᠠᠯᠳᠠᠨᠴᠡᠷᠢᠩ ᠶᠠᠭᠠᠷᠠᠨ ᠭᠠᠷᠪᠠ᠃ 
       ᠳᠠᠷᠢ ᠡᠬᠡ ᠯᠠᠮᠠ ᠶ᠋ᠢᠨ ᠬᠢ ᠵᠡᠭᠦᠨ ᠬᠦᠷᠢᠶᠡᠨ ᠦ᠌ ᠳᠤᠮᠳᠠ ᠨᠢᠭᠤᠷᠤᠨ ᠳ᠋ᠤ᠌ ᠪᠠᠢᠳᠠᠭ ᠪᠠᠢᠯ᠎ᠠ᠃ ᠣᠳᠣ ᠦᠵᠡᠪᠡᠯ ᠳᠤᠮᠳᠠ ᠰᠠᠢᠬᠠᠨ ᠬᠠᠰᠢᠶᠠᠨ ᠤ᠋ ᠪᠠᠨ ᠶᠡᠬᠡ ᠬᠠᠭᠠᠯᠭ᠎ᠠ ᠶ᠋ᠢ ᠨᠢ ᠬᠢᠷᠥᠭᠡᠳᠡᠵᠦ ᠬᠠᠶᠠᠭᠰᠠᠨ ᠨᠢ ᠭᠠᠢᠬᠠᠯᠲᠠᠢ᠃ ᠤᠯᠠᠭᠠᠨ ᠬᠠᠯᠵᠠᠲᠠᠢ ᠲᠣᠮᠣ ᠴᠠᠭᠠᠨ ᠥᠷᠥᠭᠡ ᠨᠢ ᠲᠦᠩᠬᠦᠢᠬᠦ ᠪᠣᠯᠪᠠᠴᠤ᠂ ᠲᠠᠯ᠎ᠠ ᠳᠣᠲᠣᠷ᠎ᠠ ᠪᠠᠢᠭ᠎ᠠ ᠰᠢᠭ᠋ ᠪᠥᠭᠡᠳ ᠤᠷᠢᠳ ᠨᠢ ᠬᠠᠰᠢᠶᠠᠨ ᠤ᠋ ᠪᠠᠭ᠎ᠠ ᠬᠠᠭᠠᠯᠭ᠎ᠠ ᠭᠠᠭᠴᠠᠭᠠᠷ ᠶᠣᠷᠳᠣᠢᠬᠤ ᠨᠢ ᠶᠣᠰᠣ ᠪᠣᠯᠭᠠᠨ ᠦᠯᠡᠳᠡᠭᠰᠡᠨ ᠨᠢ ᠢᠯᠡᠷᠬᠡᠢ᠃ 
       — ᠵᠠ ᠲᠠᠨ ᠤ᠋ ᠬᠢ ᠴᠢᠨᠢ ᠶᠠᠭᠠᠬᠢᠬᠤ ᠪᠠᠷ ᠢᠩᠭᠢᠵᠦ ᠬᠠᠮᠤᠭ ᠬᠠᠰᠢᠶ᠎ᠠ ᠪᠠᠨ ᠬᠠᠲᠠᠵᠤ ᠣᠷᠬᠢᠳᠠᠭ ᠪᠢᠯᠡ᠃ ᠭᠡᠬᠦ ᠳ᠋ᠦ᠍ ᠯᠠᠮᠠ᠄   
       — ᠵᠠ ᠭᠡᠵᠦ ᠠᠯᠠᠭ᠎ᠠ ᠬᠠᠪᠰᠤᠷᠤᠨ ᠤᠷᠢᠳ ᠢ᠋ᠶ᠋ᠠᠨ ᠪᠠᠷᠢᠵᠤ ᠪᠠᠭᠰᠢ ᠯᠠᠮᠠᠳᠠᠨ ᠱᠣᠷᠣᠩ ᠠ᠋ᠴᠠ ᠮᠣᠷᠢᠯᠠᠵᠤ ᠢᠷᠡᠭᠰᠡᠨ ᠦ᠌ ᠪᠡᠨ ᠣᠷᠣᠢ ᠨᠠᠩᠴᠢᠳ ᠪᠣᠯᠭᠣᠭᠠᠵᠤ ᠰᠠᠭᠤᠭᠰᠠᠨ ᠢ᠋ᠶ᠋ᠠᠨ ᠬᠠᠭᠠᠯᠭ᠎ᠠ ᠲᠦᠭᠵᠢᠭᠰᠡᠨ ᠡᠴᠡ ᠪᠣᠯᠤᠨ ᠬᠢᠯᠢᠩᠨᠡᠵᠦ ᠶᠡᠷᠦ ᠨᠢ ᠭᠠᠮᠢᠩ ᠠ᠋ᠴᠠ ᠬᠠᠮᠠᠭᠠᠯᠠᠵᠤ ᠴᠢᠳᠠᠭ᠎ᠠ ᠦᠭᠡᠢ ᠬᠠᠰᠢᠶ᠎ᠠ ᠶᠠᠭᠤᠨ ᠳ᠋ᠤ᠌ ᠬᠡᠷᠡᠭᠲᠡᠢ ᠶᠦᠮ ᠪᠣᠢ? ᠡᠭᠦᠨᠴᠡ ᠬᠣᠢᠰᠢ ᠬᠡᠨ ᠳᠤᠷ᠎ᠠ ᠲᠠᠢ ᠨᠢ ᠴᠢᠯᠥᠭᠡᠲᠡᠢ ᠣᠷᠣᠵᠤ ᠢᠷᠡᠴᠦ ᠪᠠᠢᠬᠤ ᠪᠠᠷ ᠪᠠᠷᠠᠬᠤ ᠦᠭᠡᠢ ᠥᠯᠥᠰᠬᠦᠯᠡᠩ ᠨᠣᠬᠠᠳ ᠴᠤ᠌ ᠳᠤᠷ᠎ᠠ ᠪᠠᠷ ᠢ᠋ᠶ᠋ᠠᠨ ᠴᠤᠭᠯᠠᠷᠠᠵᠤ ᠪᠠᠢᠭ ᠭᠡᠵᠦ ᠠᠢᠯᠠᠳᠤᠨ ᠲᠡᠷᠡ ᠰᠥᠨᠢ ᠳ᠋ᠡᠭᠡᠨ ᠬᠢᠷᠦᠭᠡᠳᠡᠭᠦᠯᠦᠭᠰᠡᠨ ᠶᠦᠮ ᠭᠡᠵᠦ ᠰᠦᠰᠦᠭ ᠡᠷᠭᠦᠨ ᠬᠠᠷᠢᠭᠤᠯᠪᠠ᠃ ᠪᠠᠯᠳᠡᠨᠴᠡᠷᠢᠩ ᠳ᠋ᠦ᠍ ᠪᠣᠯ ᠰᠦᠰᠦᠭᠯᠡᠬᠦ ᠶᠠᠭᠤᠮ᠎ᠠ ᠠᠯᠠᠭ᠎ᠠ᠃ ᠵᠦᠭᠡᠷ ᠳᠠᠷᠢ ᠡᠬᠡ ᠯᠠᠮᠠ ᠶ᠋ᠢᠨ ᠬᠥᠮᠦᠨ ᠡᠴᠡ ᠡᠲᠡᠭᠡᠳ ᠵᠠᠩ ᠴᠢᠨᠠᠷ ᠲᠠᠢ ᠶ᠋ᠢ ᠨᠢ ᠭᠠᠢᠬᠠᠨ᠎ᠠ᠃ ᠡᠨᠡ ᠯᠠᠮᠠ ᠶ᠋ᠢᠨ ᠦᠢᠯᠡ ᠶᠠᠪᠤᠳᠠᠯ ᠳ᠋ᠠᠨ ᠬᠥᠮᠦᠨ ᠦ᠌ ᠰᠠᠨᠠᠭᠠᠨ ᠠ᠋ᠴᠠ ᠭᠠᠵᠢᠭᠤᠳᠠ᠃ ᠭᠠᠵᠠᠷ ᠯᠤᠤᠰ ᠲᠣᠭᠰᠢᠷᠪᠠ ᠭᠡᠪᠡᠯ ᠪᠤᠯᠠᠭ ᠱᠠᠩᠳᠠ ᠤᠷᠤᠭᠤ ᠨᠢ ᠪᠤᠵᠠᠷ ᠪᠤᠷᠲᠠᠭ ᠢ᠋ ᠬᠢᠨ ᠳᠥᠪᠴᠢᠬᠡᠨᠡᠨ᠎ᠡ᠃ ᠬᠠᠯᠳᠠᠪᠤᠷᠢᠲᠤ ᠬᠠᠨᠢᠶᠠᠳᠤ ᠲᠣᠮᠣᠭᠣ ᠭᠠᠷᠪᠠ ᠭᠡᠪᠡᠯ ᠵᠣᠷᠢᠭᠤᠳᠠ ᠬᠡᠰᠦᠭᠦᠴᠢᠯᠡᠨ ᠲᠦᠷᠡᠮᠳᠡᠨ ᠲᠦᠪᠴᠢᠬᠢᠨᠡᠨ᠎ᠡ᠃ ᠰᠠᠬᠢᠯ ᠰᠠᠨᠸᠠᠷ  ᠢ᠋ᠶ᠋ᠠᠨ ᠠᠯᠲᠠᠨ ᠠᠷᠢᠬᠢ ᠳᠠᠷᠠᠰᠤ ᠤᠤᠭᠤᠬᠤ᠂ ᠠᠪᠠᠭᠠᠢ ᠡᠬᠡᠨᠡᠷ ᠦ᠋ᠳ ᠲᠡᠢ ᠳᠡᠭᠡᠷ᠎ᠡ ᠳᠣᠣᠷ᠎ᠠ ᠣᠷᠣᠬᠤ ᠨᠢ ᠶᠡᠷᠦᠳᠡ ᠶ᠋ᠢᠨ ᠬᠡᠷᠡᠭ᠃ ᠲᠡᠷᠡ ᠪᠦᠬᠦᠨ ᠦ᠌ ᠳᠤᠮᠳᠠ ᠠ᠋ᠴᠠ ᠬᠥᠮᠦᠨ ᠡᠨᠡ ᠲᠡᠷᠡ ᠶ᠋ᠢ ᠬᠠᠷᠠᠳᠠᠨ ᠰᠡᠵᠢᠭᠯᠡᠵᠦ ᠶᠠᠳᠠᠬᠤ ᠳ᠋ᠠᠭᠠᠨ ᠡᠭᠦᠳᠡ ᠬᠠᠭᠠᠯᠭ᠎ᠠ ᠪᠠᠨ ᠬᠠᠭᠠᠵᠤ ᠲᠦᠭᠵᠢᠬᠦ ᠶ᠋ᠢ ᠤᠷᠤᠯᠳᠤᠵᠤ ᠪᠠᠢᠬᠤ ᠳ᠋ᠤ᠌ ᠡᠳᠡ ᠬᠠᠲᠠᠵᠤ ᠬᠠᠶᠠᠭᠰᠠᠨ ᠨᠢ ᠬᠠᠷᠢᠨ ᠬᠠᠮᠤᠭ ᠠ᠋ᠴᠠ ᠰᠡᠴᠡᠨ᠂ ᠣᠢᠷᠠᠲᠤᠨ ᠣᠴᠢᠮᠠᠭᠴᠠ ᠣᠯᠠᠨ ᠲᠣᠮᠣ ᠨᠣᠬᠠᠳ ᠬᠠᠶᠠᠭ᠎ᠠ ᠠ᠋ᠴᠠ ᠨᠢ ᠬᠤᠴᠠᠯᠳᠤᠨ ᠪᠣᠰᠴᠤ ᠬᠣᠰᠢᠭᠤᠷᠬᠤ ᠨᠢ ᠬᠡᠨ ᠢ᠋ ᠴᠦ᠍ ᠠᠶᠤᠯᠭᠠᠨ ᠰᠦᠷᠳᠡᠭᠦᠯᠦᠨ᠎ᠡ᠃ ᠶᠣᠰᠣ ᠪᠣᠯᠭᠠᠨ ᠦᠯᠡᠳᠡᠭᠡᠭᠰᠡᠨ ᠬᠠᠭᠠᠯᠭ᠎ᠠ ᠪᠠᠷ ᠨᠢ ᠳᠠᠮᠵᠢᠨ ᠥᠷᠥᠭᠡᠨ ᠳ᠋ᠦ᠍ᠨᠢ ᠪᠠᠷᠠᠭᠠᠯᠬᠠᠬᠤ ᠳ᠋ᠤ᠌ ᠯᠠᠮᠠ ᠤᠯᠠᠭᠠᠨ ᠵᠡᠷᠭᠡᠳᠡ ᠪᠣᠯᠤᠭᠰᠠᠨ ᠴᠢᠷᠠᠢ ᠪᠠᠷ ᠳᠠᠭᠤ ᠠᠯᠲᠠᠨ ᠤᠭᠲᠤᠨ᠎ᠠ᠃   
       — ᠯᠠᠮᠠᠳᠠᠨ ᠯᠠᠭᠰᠢᠨ ᠲᠤᠩᠭᠠᠯᠠᠭ ᠤᠤ ᠭᠡᠵᠦ ᠬᠦᠨᠳᠦᠳᠬᠡᠨ ᠮᠡᠬᠦᠰᠬᠢᠬᠦ ᠳ᠋ᠦ᠍᠂   
       — ᠵᠠ ᠶᠠᠷᠰᠢᠭ᠂ ᠱᠣᠷᠣᠩ ᠳ᠋ᠤ᠌ ᠶᠠᠭᠠᠬᠢᠭ᠎ᠠ ᠴᠤ᠌ ᠦᠭᠡᠢ ᠪᠡᠶ᠎ᠡ᠂ ᠭᠡᠷ ᠣᠷᠣᠨ ᠳ᠋ᠠᠭᠠᠨ ᠢᠷᠡᠭᠡᠳ ᠶᠠᠭᠠᠬᠢᠪᠠ ᠯᠠ ᠭᠡᠵᠦ ᠬᠡᠯᠡᠨ ᠳᠡᠰ ᠨᠢᠰ ᠢᠨᠢᠶᠡᠨ᠎ᠡ᠃ ᠵᠠ ᠴᠢ ᠳᠡᠭᠡᠭᠰᠢ ᠪᠡᠨ ᠭᠡᠭᠰᠡᠭᠡᠷ ᠭᠡᠷ ᠦ᠋ᠨ ᠨᠢᠭᠡ ᠲᠠᠯ᠎ᠠ ᠶ᠋ᠢ ᠲᠣᠭᠣᠷᠢᠭᠤᠯᠤᠨ ᠥᠪᠡᠷ ᠲᠡᠢ ᠪᠡᠨ ᠮᠥᠷᠥ ᠵᠡᠷᠭᠡᠴᠡᠭᠦᠯᠦᠨ ᠰᠠᠭᠤᠯᠭᠠᠪᠠ᠃ ᠲᠡᠷᠡ ᠳᠣᠣᠷ᠎ᠠ ᠠ᠋ᠴᠠ ᠨᠢᠭᠡ ᠬᠥᠮᠦᠨ ᠨᠦᠰᠡᠷ ᠪᠦᠳᠦᠭᠦᠨ ᠬᠣᠭᠣᠯᠠᠢ ᠪᠠᠷ᠄ ᠵᠠ ᠪᠠᠯᠳᠠᠨᠴᠡᠷᠢᠩ ᠰᠠᠢᠨ ᠪᠢᠵᠡ ᠳᠡ? ᠭᠡᠬᠦ ᠳ᠋ᠦ᠍ᠨᠢ ᠬᠠᠷᠠᠪᠠᠯ ᠰᠣᠭᠲᠣᠭᠤ ᠪᠠᠭᠠᠲᠤᠷ ᠡᠳᠦᠭᠡ ᠮᠥᠨ ᠱᠣᠷᠣᠩ ᠳ᠋ᠤ᠌ ᠪᠠᠢᠭᠰᠠᠨ ᠰᠢᠭ᠋ ᠢ᠋ᠶ᠋ᠡᠨ ᠬᠠᠲᠠᠪᠴᠢᠨ ᠳ᠋ᠤ᠌ ᠪᠣᠯᠪᠠᠴᠤ ᠬᠥᠬᠡ ᠴᠢᠰᠴᠡᠦ ᠳᠡᠪᠡᠯ ᠳᠡᠭᠡᠷ᠎ᠡ ᠬᠦᠷᠡᠩ ᠲᠣᠷᠭᠠᠨ ᠬᠠᠨᠳᠠᠭᠠᠴᠠ ᠡᠮᠦᠰᠴᠦ᠂ ᠲᠠᠰᠢᠶᠠᠨ ᠳ᠋ᠠᠭᠠᠨ ᠭᠠᠷ ᠫᠤᠤ ᠰᠡᠯᠡᠮ᠎ᠡ ᠵᠡᠭᠦᠭᠰᠡᠨ ᠨᠢ《ᠦᠭᠡᠢ ᠡᠨᠡ ᠴᠢᠨᠢ ᠶᠠᠭᠤ ᠪᠢᠯᠡ?》 ᠭᠡᠵᠦ ᠪᠣᠳᠣᠬᠤ ᠳ᠋ᠤ᠌ ᠬᠦᠷᠭᠡᠯ᠎ᠡ᠃ ᠬᠠᠷᠢᠭᠤ ᠮᠡᠨᠳᠦᠯᠡᠭᠡᠳ ᠨᠢᠭᠤᠷ ᠢ᠋ ᠨᠢ ᠠᠵᠢᠪᠠᠯ ᠯᠠᠮᠠᠳᠠᠨ ᠤ᠋ ᠠᠳᠠᠯᠢ ᠠᠷᠢᠬᠢᠨ ᠳ᠋ᠤ᠌ ᠬᠠᠯᠠᠩᠭᠢ《ᠡᠨᠡ ᠬᠣᠶᠠᠷ ᠡᠨᠳᠡ ᠶᠣᠰᠣᠲᠠᠢ ᠯᠠ ᠪᠤᠶᠠᠨ ᠢ᠋ᠶ᠋ᠠᠨ ᠡᠳ᠋ᠯᠡᠨ ᠪᠤᠷᠬᠠᠨ ᠢ᠋ᠶ᠋ᠠᠨ ᠳᠠᠬᠢᠵᠤ ᠰᠠᠭᠤᠭ᠎ᠠ ᠶᠤᠮ ᠪᠠᠢᠨ᠎ᠠ ᠳᠠ》 ᠭᠡᠵᠦ ᠪᠠᠯᠳᠠᠨᠴᠡᠷᠢᠩ ᠪᠣᠳᠣᠪᠠ᠃ ᠯᠠᠮᠠ ᠥᠪᠡᠷ ᠢ᠋ᠶ᠋ᠡᠨ ᠲᠣᠮᠣ ᠳᠤᠭᠤᠢ ᠬᠡ ᠲᠡᠢ ᠶᠠᠭᠠᠨ ᠲᠣᠷᠭᠠᠨ ᠳᠡᠪᠡᠯ ᠲᠡᠢ ᠮᠥᠩᠭᠥᠨ ᠬᠡᠲᠡ ᠬᠢᠲᠤᠭ᠎ᠠ ᠵᠡᠭᠦᠵᠦ᠂ ᠣᠷᠣᠨ ᠤ᠋ ᠪᠠᠨ ᠠᠷᠤ ᠬᠠᠨ᠎ᠠ ᠶ᠋ᠢᠨ ᠲᠣᠯᠣᠭᠠᠢ ᠳ᠋ᠤ᠌ ᠣᠷᠣᠰ ᠯᠢᠶᠠᠨᠵᠤᠤ ᠫᠤᠤ᠂ ᠠᠯᠲᠠ ᠪᠠᠷᠢᠭᠤᠯᠲᠤ ᠰᠡᠯᠡᠮ᠎ᠡ ᠵᠡᠷᠭᠡ ᠶ᠋ᠢ ᠡᠯᠭᠦᠭᠰᠡᠨ ᠨᠢ ᠮᠥᠨ ᠯᠡ ᠶᠡᠷᠦ ᠪᠢᠰᠢ᠃ 
       ᠯᠠᠮᠠᠳᠠᠨ ᠤ᠋ ᠪᠠᠷᠠᠭ᠎ᠠ ᠪᠣᠯᠤᠭᠴᠢ ᠯᠠᠮᠠ᠂ ᠪᠠᠯᠳᠠᠨᠴᠡᠷᠢᠩ ᠳ᠋ᠦ᠍ ᠴᠠᠢ ᠢᠳᠡᠭᠡ ᠪᠠᠷᠢᠭᠰᠠᠨ ᠤ᠋ ᠳᠠᠷᠠᠭ᠎ᠠ᠂ ᠶᠠᠭᠤ ᠶᠠᠭᠤ ᠦᠭᠡᠢ ᠬᠣᠭᠣᠯᠠ᠂ ᠬᠣᠭᠣᠯᠠᠨ ᠤ᠋ ᠬᠠᠵᠠᠭᠤ ᠪᠠᠷ ᠠᠷᠢᠬᠢ ᠪᠠᠷᠢᠪᠠ᠃ ᠯᠠᠮᠠᠲᠠᠨ ᠥᠪᠡᠷ ᠢ᠋ᠶ᠋ᠡᠨ ᠬᠡᠴᠢᠨᠡᠭᠡᠨ ᠤᠤᠭᠤᠪᠠᠴᠤ ᠤᠯᠠᠭᠠᠨ ᠵᠡᠭᠡᠷᠳᠡ ᠪᠣᠯᠬᠤ ᠠ᠋ᠴᠠ ᠴᠠᠭᠠᠰᠢ ᠦᠯᠦ ᠰᠣᠭᠲᠣᠳᠠᠭ ᠲᠠᠭᠠᠨ ᠨᠠᠢᠳᠠᠬᠤ ᠮᠡᠲᠦ᠂ ᠤᠰᠤ ᠦᠭᠡᠢ ᠬᠠᠷ᠎ᠠ ᠠᠷᠢᠬᠢ ᠶ᠋ᠢ ᠮᠥᠩᠭᠥᠨ ᠠᠶᠠᠭ᠎ᠠ ᠪᠠᠷ ᠭᠦᠳ ᠭᠦᠳ ᠬᠢᠯᠭᠡᠨ ᠵᠣᠭᠣᠭᠯᠠᠭᠠᠳ ᠪᠤᠰᠤᠳ ᠢ᠋ ᠮᠥᠨ ᠲᠠᠢᠨᠬᠦ ᠤᠤᠭᠤᠯᠭᠠᠬᠤ ᠶ᠋ᠢ ᠣᠷᠣᠯᠳᠣᠬᠤ ᠨᠢ ᠪᠠᠯᠳᠠᠨᠴᠡᠷᠢᠩ ᠳ᠋ᠦ᠍ ᠲᠣᠮᠣ ᠭᠡᠭᠴᠢ ᠠᠶᠤᠯ ᠪᠣᠯᠪᠠ᠃ ᠭᠡᠲᠡᠯ᠎ᠡ ᠡᠨᠡ ᠶᠠᠭᠤ ᠴᠦ᠍ ᠪᠢᠰᠢ᠂ ᠶᠣᠰᠣᠲᠠᠢ ᠠᠶᠤᠯ ᠭᠡᠪᠡᠯ ᠯᠠᠮᠠᠳᠠᠨ᠄  
       — ᠪᠢ ᠪᠠᠷᠤᠨ ᠤᠩᠬᠧᠷᠡᠨ ᠦ᠌ ᠪᠦᠬᠦ ᠮᠣᠩᠭᠣᠯ ᠴᠡᠷᠢᠭ ᠢ᠋ ᠳᠠᠭᠠᠭᠠᠬᠤ ᠯᠠᠮᠠ ᠶ᠋ᠢᠨ ᠲᠤᠰᠢᠶᠠᠯ ᠢ᠋ ᠳᠡᠭᠡᠷᠡᠬᠢ ᠶ᠋ᠢᠨ ᠵᠠᠷᠯᠢᠭ ᠢ᠋ᠶ᠋ᠠᠷ ᠬᠦᠯᠢᠶᠡᠨ ᠠᠪᠤᠯ᠎ᠠ᠃ ᠨᠠᠳᠠ ᠨᠢᠭᠡ ᠪᠡᠶ᠎ᠡ ᠬᠠᠮᠠᠭᠠᠯᠠᠭᠴᠢ ᠬᠡᠷᠡᠭᠲᠡᠢ ᠪᠣᠯᠬᠤ ᠳ᠋ᠤ᠌ ᠲᠡᠷᠡ ᠪᠠᠭᠠᠲᠤᠷ ᠢ᠋ ᠲᠠᠲᠠᠵᠤ ᠠᠪᠤᠯ᠎ᠠ᠃ ᠣᠳᠣ ᠪᠢᠴᠢᠭ ᠬᠡᠷᠡᠭ ᠬᠥᠳᠡᠯᠭᠡᠬᠦ ᠨᠢᠭᠡ ᠬᠥᠮᠦᠨ ᠬᠡᠷᠡᠭᠲᠡᠢ᠂ ᠲᠡᠭᠦᠨ ᠳ᠋ᠦ᠍ ᠪᠢ ᠴᠢᠮᠠᠶ᠋ᠢ᠁ ᠭᠡᠲᠡᠯ᠎ᠡ᠂  ᠪᠠᠯᠳᠠᠨᠴᠡᠷᠢᠩ ᠦ᠋ᠨ ᠪᠦᠬᠦ ᠮᠡᠳᠡᠷᠡᠯ ᠫᠠᠯ ᠪᠠᠭᠤᠨ ᠰᠣᠴᠢᠵᠤ᠄   
       — ᠦᠭᠡᠢ ᠯᠠᠮᠠᠳᠠᠨ ᠠ᠋! ᠪᠢ ᠲᠡᠷᠡ ᠲᠡᠢᠨ ᠪᠠᠢᠯᠳᠤᠭᠠᠨ ᠤ᠋ ᠲᠠᠯ᠎ᠠ ᠶ᠋ᠢᠨ ᠶᠠᠭᠤᠮ᠎ᠠ ᠶ᠋ᠢ ᠶᠠᠮᠠᠷ ᠮᠡᠳᠡᠬᠦ ᠪᠢᠰᠢ᠁   
       — ᠵᠦᠭᠡᠷ! ᠡᠨᠡ ᠠᠯᠪᠠ᠃ ᠪᠢᠷ ᠪᠠᠷᠢᠬᠤ ᠠ᠋ᠴᠠ ᠪᠢᠰᠢ᠂ ᠫᠤᠤ ᠪᠠᠷᠢᠬᠤ ᠠᠯᠪᠠ ᠪᠢᠰᠢ ᠭᠡᠳ ᠢᠨᠢᠶᠡᠪᠡ᠃ 
       ᠪᠠᠯᠳᠠᠨᠴᠡᠷᠢᠩ ᠳᠣᠷᠣᠭᠰᠢ ᠰᠢᠷᠲᠡᠨ ᠪᠣᠳᠣᠯ ᠪᠣᠯᠪᠠ᠃ ᠰᠡᠳᠬᠢᠯ ᠳ᠋ᠦ᠍ᠨᠢ ᠤᠯᠤᠰ ᠣᠷᠣᠨ᠂ ᠠᠷᠠᠳ ᠲᠦᠮᠡᠨ ᠦ᠌ ᠢᠷᠡᠭᠡᠳᠦᠢ ᠶ᠋ᠢᠨ ᠬᠢᠨᠢ ᠬᠤᠪᠢ ᠵᠠᠶᠠᠭᠠᠨ ᠤ᠋ ᠠᠰᠠᠭᠤᠳᠠᠯ ᠤ᠋ᠳ ᠪᠠᠭᠲᠠᠵᠤ ᠶᠠᠳᠠᠨ ᠡᠷᠭᠢᠯᠳᠦᠨ᠎ᠡ᠃ ᠡᠴᠦᠰ ᠲᠦ᠋ᠨᠢ ᠳᠦᠭᠦᠷᠦᠭᠰᠡᠨ ᠬᠡᠷᠡᠭ ᠭᠡᠵᠦ ᠵᠣᠷᠢᠭᠵᠢᠨ᠄   
       — ᠦᠭᠡᠢ ᠯᠠᠮᠠᠳᠠᠨ ᠠ᠋! ᠢᠩᠭᠢᠬᠦ ᠳ᠋ᠦ᠍ ᠪᠢ ᠲᠠᠨ ᠢ᠋ ᠠᠷᠠᠳ ᠤ᠋ᠨ ᠨᠠᠮ ᠤ᠋ᠨ ᠲᠠᠯ᠎ᠠ ᠶ᠋ᠢᠨ ᠬᠥᠮᠦᠨ ᠭᠡᠵᠦ ᠲᠤᠭᠤᠯᠤᠭᠰᠠᠨ᠂ ᠡᠨᠡ ᠦᠨᠡᠨ ᠤᠤ?  
       — ᠦᠨᠡᠨ ᠠ᠋᠂ ᠲᠡᠭᠡᠭᠡᠳ ᠴᠦ᠍ ᠭᠠᠮᠢᠩ ᠤ᠋ᠨ ᠱᠣᠷᠣᠩ ᠳ᠋ᠤ᠌ ᠣᠷᠣᠪᠠ᠃ ᠭᠡᠲᠡᠯ᠎ᠡ ᠠᠷᠠᠳ ᠤ᠋ᠨ ᠨᠠᠮ ᠮᠠᠨᠢ᠁ ᠭᠡᠳ ᠦᠭᠡ ᠪᠡᠨ ᠲᠠᠰᠤᠯᠪᠠ᠃  
       — ᠲᠡᠭᠡᠭᠡᠳ ᠣᠳᠣ ᠠᠷᠠᠳ ᠤ᠋ᠨ ᠨᠠᠮ ᠤ᠋ᠨ ᠶᠠᠪᠤᠳᠠᠯ ᠶᠠᠭᠤ ᠪᠣᠯᠵᠤ ᠪᠠᠢᠨ᠎ᠠ ᠪᠣᠢ? 
       — ᠰᠦᠬᠡᠪᠠᠭᠠᠲᠤᠷ᠂ ᠪᠣᠳᠤᠤ᠂ ᠳ᠋ᠠᠠᠽᠠᠨ ᠨᠠᠷ ᠴᠠᠭᠠᠨ᠎ᠠ ᠠ᠋ᠴᠠ ᠪᠠᠨ ᠬᠣᠢᠲᠤ ᠬᠢᠯᠢ ᠳᠡᠭᠡᠷ᠎ᠡ ᠢᠷᠡᠭᠡᠳ ᠭᠠᠷ ᠲᠠᠭᠠᠨ ᠠᠪᠤᠭ᠎ᠠ ᠦᠭᠡᠢ ᠵᠡᠪᠰᠡᠭ ᠦ᠋ᠨ ᠲᠤᠰᠠᠯᠠᠮᠵᠢ ᠳ᠋ᠤ᠌ ᠢᠳᠡᠭᠡᠨ ᠨᠤᠲᠤᠭ ᠤ᠋ᠨ ᠬᠥᠮᠦᠰ ᠢ᠋ ᠴᠤᠭᠯᠠᠷᠠᠭᠤᠯᠵᠤ ᠪᠠᠢᠭ᠎ᠠ ᠰᠤᠷᠠᠭ ᠲᠠᠢ᠃ ᠲᠡᠷᠡ ᠪᠦᠲᠦᠬᠦ ᠦᠭᠡᠢ᠃ ᠨᠢᠭᠡ ᠳ᠋ᠦ᠍᠂ ᠤᠯᠠᠭᠠᠨ ᠣᠷᠣᠰ ᠬᠥᠮᠦᠨ ᠳ᠋ᠦ᠍ ᠲᠤᠰᠠᠯᠠᠬᠤ ᠪᠠᠢᠲᠤᠭᠠᠢ ᠥᠪᠡᠷᠰᠡᠳ ᠢ᠋ᠶ᠋ᠡᠨ ᠶᠠᠳᠠᠷᠠᠵᠤ ᠣᠷᠬᠢᠭᠰᠠᠨ ᠤᠯᠤᠰ ᠠ᠋᠃ ᠬᠣᠶᠠᠷ ᠲᠤ᠂ ᠪᠠᠷᠤᠨ ᠤᠩᠬᠧᠷᠠᠨ ᠡᠨᠳᠡ ᠤᠯᠤᠰ ᠢ᠋ ᠠᠪᠤᠷᠠᠨ ᠵᠠᠰᠠᠭ ᠲᠥᠷᠥ ᠶ᠋ᠢ ᠲᠣᠭᠲᠠᠭᠠᠭᠠᠳ ᠪᠠᠢᠬᠤ ᠳ᠋ᠤ᠌ ᠳᠡᠮᠡᠢ ᠦᠢᠮᠡᠭᠦᠯᠬᠦ ᠶ᠋ᠢᠨ ᠨᠡᠮᠡᠭᠦᠷᠢ᠃ ᠭᠤᠷᠪᠠ ᠳ᠋ᠤ᠌᠂ ᠶᠡᠷᠦᠨᠢ ᠠᠷᠠᠳ ᠤ᠋ᠨ ᠨᠠᠮ ᠭᠡᠳᠡᠭ ᠮᠠᠨᠢ ᠶᠠᠭᠤ ᠪᠣᠢ᠂ ᠠᠷᠠᠳ ᠲᠦᠮᠡᠨ ᠳ᠋ᠦ᠍ ᠰᠠᠢᠨ ᠢ᠋ ᠦᠢᠯᠡᠳᠬᠦ ᠨᠢ ᠵᠥᠪ ᠪᠣᠯᠪᠠᠴᠤ ᠶᠡᠬᠡᠰ ᠳᠡᠭᠡᠳᠦᠰ ᠢ᠋ᠶ᠋ᠡᠨ ᠢᠯᠭᠠᠪᠤᠷᠢᠯᠠᠨ ᠳᠠᠩ ᠠᠷᠠᠳ ᠤ᠋ᠨ ᠨᠠᠮ ᠪᠠᠢᠬᠤ ᠨᠢ ᠣᠰᠣᠯ ᠲᠠᠢ ᠬᠡᠷᠡᠭ᠃  
       — ᠡᠨᠡ ᠶᠠᠪᠤᠳᠠᠯ ᠢ᠋ ᠲᠠ ᠠᠩᠬᠠᠨ ᠠ᠋ᠴᠠ ᠪᠠᠨ ᠪᠣᠯᠭᠣᠭᠠᠭᠰᠠᠨ ᠭᠡᠵᠢ ᠤᠤ? 
       — ᠪᠣᠳᠣᠭᠰᠠᠨ᠃ ᠠᠷᠠᠳ ᠤ᠋ᠨ ᠨᠠᠮ ᠭᠡᠵᠦ ᠨᠡᠷᠡᠯᠡᠬᠦ ᠨᠢ ᠤᠯᠠᠭᠠᠨ ᠣᠷᠣᠰ ᠠ᠋ᠴᠠ ᠵᠠᠷ ᠵᠡᠪᠰᠡᠭ ᠦ᠋ᠨ ᠲᠤᠰᠠᠯᠠᠮᠵᠢ ᠠᠪᠬᠤ ᠶ᠋ᠢᠨ ᠨᠢᠭᠡ ᠠᠷᠭ᠎ᠠ ᠪᠣᠢ ᠊ᠶ᠎ᠠ ᠭᠡᠵᠦ ᠪᠣᠳᠣᠭᠰᠠᠨ ᠶᠤᠮ᠃ ᠭᠡᠲᠡᠯ᠎ᠡ ᠲᠡᠢᠮᠦ ᠪᠢᠰᠢ᠃ ᠰᠦᠬᠡᠪᠠᠭᠠᠲᠤᠷ ᠦᠨᠡᠬᠡᠷ ᠠᠷᠠᠳ ᠤ᠋ᠨ ᠨᠠᠮ ᠪᠠᠢᠭᠤᠯᠬᠤ ᠭᠡᠳ ᠪᠠᠢᠭ᠎ᠠ ᠪᠣᠯᠤᠯᠲᠠᠢ᠃ 
       — ᠢᠩᠭᠢᠬᠦᠯᠡᠷ ᠡᠨᠳᠡᠬᠢ ᠶ᠋ᠢᠨ ᠵᠠᠰᠠᠭ ᠲᠥᠷᠥ ᠮᠠᠨᠢ ᠲᠡᠳᠡᠨ ᠳᠡᠭᠡᠷ᠎ᠡ ᠶᠠᠮᠠᠷ ᠪᠣᠳᠣᠯᠭ᠎ᠠ ᠲᠠᠯᠪᠢᠬᠤ ᠭᠡᠵᠢ ᠪᠠᠢᠭ᠎ᠠ ᠪᠣᠯ? 
       — ᠪᠣᠭᠳᠠ ᠡᠵᠡᠨᠲᠡᠨ ᠡᠴᠡ ᠲᠤᠰᠬᠠᠢ ᠬᠥᠮᠦᠨ ᠶᠠᠪᠤᠭᠤᠯᠬᠤ ᠭᠡᠨ᠎ᠡ ᠪᠢᠯᠡ᠃ ᠪᠢᠳᠡ ᠴᠦ᠍ ᠪᠠᠰᠠ ᠤᠯᠠᠭᠠᠨ ᠣᠷᠣᠰ ᠤ᠋ᠨ ᠲᠤᠰᠠᠯᠠᠮᠵᠢ ᠬᠡᠷᠡᠭ ᠦᠭᠡᠢ ᠪᠣᠯᠤᠭᠰᠠᠨ ᠢ᠋ ᠤᠬᠠᠭᠤᠯᠤᠨ ᠲᠠᠨᠢᠭᠤᠯᠤᠭᠰᠠᠨ ᠪᠢᠴᠢᠭ ᠬᠢᠨ ᠬᠥᠮᠦᠨ ᠶᠠᠪᠤᠭᠤᠯᠤᠨ᠎ᠠ᠃  ᠲᠡᠳᠡ ᠤᠬᠠᠭᠠᠨ ᠲᠠᠢ ᠰᠡᠷᠭᠦᠯᠡᠩ᠂ ᠤᠯᠤᠰ ᠣᠷᠣᠨ ᠢ᠋ᠶ᠋ᠠᠨ ᠪᠣᠳᠣᠭᠰᠠᠨ ᠰᠠᠢᠨ ᠬᠥᠮᠦᠰ᠂ ᠡᠷᠬᠡ ᠦᠭᠡᠢ ᠤᠬᠠᠭᠠᠷᠠᠨ ᠰᠡᠩᠬᠡᠷᠡᠵᠦ ᠡᠷᠭᠢᠵᠦ ᠢᠷᠡᠬᠦ ᠪᠢᠵᠡ᠃   
       — ᠦᠭᠡᠢ᠂ ᠬᠡᠷᠪᠡ ᠢᠷᠡᠬᠦ ᠦᠭᠡᠢ ᠪᠣᠯ ᠶᠠᠭᠤ ᠪᠣᠯᠬᠤ ᠪᠣᠢ? 
       — ᠲᠡᠭᠡᠪᠡᠯ ᠤᠤ? ᠭᠡᠵᠦ ᠬᠡᠰᠡᠭ ᠪᠣᠳᠣᠭᠰᠠᠨ ᠢ᠋ᠶ᠋ᠠᠨ ᠪᠠᠷᠤᠨ ᠵᠠᠩᠵᠤᠨᠲᠠᠨ ᠭᠠᠭᠴᠠᠭᠠᠷ ᠢ᠋ᠶ᠋ᠠᠨ ᠯᠠ ᠬᠠᠮᠤᠭ ᠤᠴᠢᠷ ᠢ᠋ ᠣᠯᠬᠤ ᠳ᠋ᠤ᠌ ᠬᠦᠷᠬᠦ ᠪᠠᠢᠬ᠎ᠠ ᠳᠠ᠃  
       ᠡᠯ᠎ᠡ ᠶᠠᠷᠢᠶᠠᠨ ᠳ᠋ᠠᠭᠠᠨ ᠪᠠᠯᠳᠠᠨᠴᠡᠷᠢᠩ ᠳᠠᠷᠢ ᠡᠬᠡ ᠯᠠᠮᠠᠲᠠᠨ ᠢ᠋ ᠴᠠᠭ ᠦᠷᠭᠦᠯᠵᠢ ᠭᠠᠢᠬᠠᠯ᠎ᠠ᠃ ᠤᠷᠢᠳ ᠡᠮᠦᠨ᠎ᠡ ᠣᠭᠲᠣ ᠳᠡᠮᠡᠢ᠂ ᠡᠯᠳᠡᠪ ᠶᠡᠷᠦ ᠪᠤᠰᠤ ᠪᠠᠷ ᠬᠥᠮᠦᠨ ᠦ᠌ ᠰᠠᠨᠠᠭ᠎ᠠ ᠰᠡᠳᠬᠢᠯ ᠢ᠋ ᠣᠯᠵᠠ ᠣᠮᠣᠭ ᠬᠠᠢᠭᠰᠠᠨ ᠡᠲᠡᠭᠡᠳ ᠭᠡᠵᠦ ᠭᠣᠣᠯᠴᠢᠯᠠᠨ ᠦᠵᠡᠳᠡᠭ ᠪᠠᠢᠭᠰᠠᠨ ᠪᠣᠯ ᠣᠳᠣ᠂ ᠦᠭᠡᠢ ᠡᠨᠡ ᠴᠢᠨᠢ ᠶᠠᠭᠤ ᠪᠣᠯᠤᠭ᠎ᠠ ᠪᠣᠢ? ᠤᠯᠤᠰ ᠲᠥᠷᠥ ᠶ᠋ᠢᠨ ᠲᠠᠯ᠎ᠠ ᠪᠠᠷ ᠶᠠᠭ ᠦᠭᠡᠢ ᠬᠥᠮᠦᠨ ᠪᠠᠢᠬᠤ ᠨᠢ ᠶᠠᠭᠤ ᠪᠣᠢ? ᠭᠡᠵᠦ ᠭᠠᠢᠬᠠᠪᠠ᠃ ᠭᠡᠪᠡᠴᠦ ᠨᠥᠭᠦᠭᠡ ᠲᠠᠯ᠎ᠠ ᠪᠠᠷ ᠱᠣᠷᠣᠩ ᠳ᠋ᠤ᠌ ᠵᠠᠮᠢᠶᠠᠨ ᠬᠦᠩ ᠡᠴᠡ ᠳᠠᠷᠢ ᠡᠬᠡ ᠯᠠᠮᠠ᠂ ᠵᠠᠯᠠᠬᠠᠵᠠ ᠬᠤᠲᠤᠭᠲᠤ ᠭᠡᠬᠦ ᠮᠡᠲᠦ ᠶ᠋ᠢᠨ ᠶᠡᠬᠡᠰ ᠳᠡᠭᠡᠳᠦᠰ ᠦ᠋ᠳ ᠢ᠋ ᠠᠷᠠᠳ ᠤ᠋ᠨ ᠨᠠᠮ ᠳ᠋ᠤ᠌ ᠲᠤᠤᠱᠲᠠᠢ ᠨᠥᠬᠥᠳ ᠪᠣᠯᠵᠤ ᠴᠢᠳᠠᠬᠤ ᠦᠭᠡᠢ ᠭᠡᠵᠦ ᠰᠢᠪᠡᠨᠡᠭᠰᠡᠨ ᠢ᠋ ᠣᠳᠣ ᠨᠢᠳᠦ ᠪᠡᠷ ᠦᠵᠡᠵᠦ ᠪᠠᠢᠭ᠎ᠠ ᠪᠠᠨ ᠪᠠᠰᠠ ᠭᠠᠢᠬᠠᠨ᠎ᠠ᠃  
       ᠭᠠᠳᠠᠭ᠎ᠠ ᠴᠢᠴᠧ ᠬᠦᠷᠴᠢᠭᠢᠨᠡᠨ ᠳᠠᠪᠬᠢᠨ ᠢᠷᠡᠵᠦ ᠵᠣᠭᠰᠣᠨ ᠴᠢᠮᠡᠭᠡ ᠨᠢ ᠲᠠᠰᠤᠷᠠᠪᠠ᠃ ᠡᠨᠡ ᠬᠡᠨ ᠪᠣᠢ? ᠴᠢᠴᠧ ᠲᠡᠷᠭᠡ ᠪᠣᠭᠳᠠ ᠳ᠋ᠤ᠌ ᠬᠣᠶᠠᠷ ᠪᠠᠢᠳᠠᠭ ᠪᠥᠭᠡᠳ ᠲᠡᠷᠡ ᠨᠢ ᠭᠠᠳᠠᠭᠤᠷ ᠶᠠᠪᠤᠬᠤ ᠶ᠋ᠢᠨ ᠣᠷᠣᠨ ᠳ᠋ᠤ᠌ ᠬᠠᠯᠠᠭᠤᠨ ᠳᠤᠯᠠᠭᠠᠨ ᠪᠠᠢᠰᠢᠩ ᠯᠠ ᠲᠠᠬᠢᠯᠲᠠᠲᠠᠢ ᠪᠠᠢᠳᠠᠭ ᠭᠡᠳᠡᠭ᠃ ᠬᠠᠷᠢᠨ ᠭᠠᠮᠢᠩ ᠤ᠋ᠨ ᠨᠣᠶᠠᠳ ᠥᠪᠡᠷᠰᠡᠳ ᠢ᠋ᠶ᠋ᠡᠨ ᠬᠡᠳᠦᠨ ᠴᠢᠴᠧ ᠶ᠋ᠢ ᠴᠠᠭ ᠢᠮᠠᠭᠲᠠ ᠰᠦᠷ ᠪᠠᠳᠠᠷᠠᠭᠤᠯᠤᠨ ᠨᠠᠭᠠᠰᠢ ᠴᠠᠭᠠᠰᠢ ᠬᠣᠯᠬᠢᠭᠤᠯᠤᠨ ᠳᠠᠪᠬᠢᠳᠠᠭ ᠪᠠᠢᠭᠰᠠᠨ ᠪᠢᠰᠢ ᠪᠢᠯᠢᠤ᠃ ᠣᠳᠣ ᠢᠩᠭᠢᠬᠦᠯᠡᠷ ᠬᠡᠨ ᠪᠠᠢᠵᠤ ᠲᠠᠭᠠᠷᠠᠬᠤ ᠪᠣᠢ? 
       ᠣᠭᠣᠳᠣᠩ ᠮᠠᠯᠠᠭᠠᠢ ᠲᠠᠢ ᠣᠹᠢᠼᠧᠷ ᠳᠠᠷᠢ ᠡᠬᠡ ᠯᠠᠮᠠᠳᠠᠨ ᠤ᠋ ᠳ᠋ᠤ᠌ ᠭᠠᠪᠰᠢᠭᠠᠢᠯᠠᠨ ᠣᠷᠣᠵᠤ ᠢᠷᠡᠵᠦ᠂ ᠭᠡᠷ ᠦ᠋ᠨ ᠣᠨᠢ ᠳ᠋ᠤ᠌ ᠲᠣᠯᠣᠭᠠᠢ ᠲᠤᠯᠤᠨ ᠴᠢᠭ ᠵᠣᠭᠰᠣᠵᠤ ᠴᠢᠳᠠᠬᠤ ᠦᠭᠡᠢ ᠶᠣᠰᠣᠯᠠᠩᠭᠤᠲᠠ ᠪᠠᠨ ᠭᠡᠷ ᠦ᠋ᠨ ᠳᠣᠲᠣᠷᠠᠬᠢ ᠶ᠋ᠢ ᠰᠢᠮᠳᠠᠭᠠᠢᠯᠠᠨ ᠠᠵᠢᠭᠯᠠᠪᠠ᠃ ᠠᠷᠤ ᠠ᠋ᠴᠠ ᠨᠢ ᠠᠯᠲᠠᠨ ᠸᠴᠢᠷ ᠵᠢᠩᠰᠡᠲᠡᠨ᠂ ᠲᠥᠷᠥ ᠶ᠋ᠢᠨ ᠶᠡᠬᠡ ᠬᠡᠷᠬᠡᠮᠲᠤ ᠮᠠᠯᠠᠭᠠᠢ ᠲᠠᠢ ᠪᠥᠭᠡᠳ ᠰᠢᠷ᠎ᠠ ᠲᠣᠷᠭᠠᠨ ᠳᠡᠪᠡᠯ ᠲᠡᠢ᠂ ᠥᠨᠳᠥᠷ ᠪᠡᠶ᠎ᠡ ᠲᠡᠢ ᠮᠥᠨ ᠣᠷᠣᠰ ᠬᠥᠮᠦᠨ ᠮᠠᠯᠠᠭᠠᠢ ᠶ᠋ᠢᠨ ᠢ᠋ᠶ᠋ᠡᠨ ᠬᠡᠷᠬᠡᠮ ᠵᠡᠷᠭᠡ ᠶ᠋ᠢ ᠬᠠᠭᠠᠯᠭ᠎ᠠ ᠶ᠋ᠢᠨ ᠲᠣᠲᠣᠭᠣ ᠳ᠋ᠤ᠌ ᠬᠦᠷᠭᠡᠬᠦ ᠦᠭᠡᠢ ᠶ᠋ᠢ ᠬᠢᠴᠢᠶᠡᠩᠭᠦᠢᠯᠡᠨ ᠪᠥᠬᠥᠢᠨ ᠪᠡᠶ᠎ᠡ ᠨᠤᠮᠤᠯᠠᠨ ᠣᠷᠣᠵᠤ ᠢᠷᠡᠪᠡ᠃ 
       ᠡᠨᠡ ᠬᠡᠨ ᠪᠣᠢ?    ᠮᠡᠳᠡᠭᠡᠵᠢ ᠶ᠋ᠢᠨ ᠬᠡᠷᠡᠭ ᠪᠠᠷᠤᠨ ᠤᠩᠬᠧᠷᠠᠨ ᠵᠠᠩᠵᠤᠨ᠃ 
       ᠭᠡᠷ ᠲᠦ᠍ ᠪᠠᠢᠭᠰᠠᠨ ᠪᠦᠬᠦᠨ ᠢ᠋ᠶ᠋ᠡᠷ ᠢ᠋ᠶ᠋ᠡᠨ ᠠᠶᠤᠨ ᠰᠦᠷᠳᠡᠵᠦ ᠵᠢᠷᠦᠬᠡ ᠳᠣᠩᠰᠣᠯᠤᠨ᠎ᠠ᠃ ᠳᠠᠷᠢ ᠡᠬᠡ ᠯᠠᠮᠠᠲᠠᠨ ᠬᠦᠷᠲᠡᠯ᠎ᠡ ᠶᠠᠭᠠᠷᠠᠨ ᠪᠣᠰᠤᠨ ᠬᠠᠷᠠᠢᠵᠤ《 ᠳᠡᠭᠡᠭᠰᠢ ᠪᠡᠨ ᠮᠣᠷᠢᠯᠠᠵᠤ ᠬᠠᠢᠷᠠᠯᠠ!》 ᠭᠡᠵᠦ ᠪᠥᠮᠪᠥᠭᠡᠨᠡᠨ᠎ᠡ᠃ ᠭᠡᠲᠡᠯ᠎ᠡ ᠪᠠᠷᠤᠨ ᠤᠩᠬᠧᠷᠠᠨ ᠶᠠᠮᠠᠷ ᠬᠡᠯᠡ ᠪᠡᠷ ᠬᠠᠷᠢᠭᠤ ᠨᠠᠢᠷ ᠲᠠᠯᠪᠢᠪᠠ᠃ ᠮᠣᠩᠭᠣᠯ ᠢ᠋ᠶ᠋ᠠᠷ᠃ ᠴᠠᠭᠠᠰᠢ ᠦᠷᠭᠦᠯᠵᠢᠯᠡᠭᠦᠯᠦᠨ ᠶᠠᠷᠢᠬᠤ ᠨᠢ ᠴᠦ᠍ ᠮᠣᠩᠭᠣᠯ ᠬᠡᠯᠡ ᠪᠡᠷ᠃ ᠮᠣᠩᠭᠣᠯ ᠦᠭᠡ ᠬᠡᠯᠡᠪᠡᠯ ᠦᠰᠦᠭ ᠢ᠋ ᠶᠡᠬᠡᠪᠴᠢᠯᠡᠨ ᠬᠠᠮᠠᠷ ᠤ᠋ᠨ《 ᠨ》 ᠢ᠋ ᠲᠠᠩᠳᠠ ᠬᠣᠭᠣᠯᠠᠢ ᠶ᠋ᠢᠨ《 ᠊ᠩ᠊》 ᠢ᠋ᠶ᠋ᠡᠷ ᠳᠠᠭᠤᠳᠠᠬᠤ ᠪᠣᠯᠪᠠᠴᠤ ᠣᠢᠯᠠᠭᠠᠮᠵᠢᠲᠠᠢ᠃ ᠨᠢᠳᠦ ᠴᠡᠩᠬᠡᠷ ᠪᠣᠯᠣᠳ ᠤᠬᠤᠷᠬᠠᠢ ᠭᠦᠨ᠂ ᠬᠠᠮᠠᠷ ᠤ᠋ᠨ ᠢᠷᠮᠡᠭ ᠬᠤᠷᠴᠠ ᠪᠣᠯᠣᠳ ᠰᠢᠯᠤᠭᠤᠨ᠂ ᠦᠰᠦ ᠨᠢ ᠰᠢᠨᠠᠨ ᠳ᠋ᠠᠭᠠᠨ ᠪᠤᠭᠤᠷᠤᠯ ᠲᠠᠢ ᠪᠣᠯᠪᠠᠴᠤ ᠠᠯᠲᠠᠨ ᠰᠢᠷᠭᠠᠯ ᠪᠥᠭᠡᠳ ᠳᠡᠭᠡᠳᠦ ᠤᠷᠤᠭᠤᠯ ᠳ᠋ᠠᠭᠠᠨ ᠱᠥᠷᠪᠥᠭᠡᠷ ᠰᠢᠷ᠎ᠠ ᠰᠠᠬᠠᠯ ᠲᠠᠢ ᠠᠵᠢ᠃ ᠡᠢᠮᠦ ᠬᠥᠮᠦᠨ ᠦ᠌ ᠠᠮᠠᠨ ᠠ᠋ᠴᠠ ᠮᠣᠩᠭᠣᠯ ᠬᠡᠯᠡ ᠬᠡᠳᠦᠢᠨ ᠬᠠᠵᠠᠭᠠᠢ  ᠮᠤᠷᠤᠢ᠂ ᠦᠭᠡ ᠦᠰᠦᠭ ᠪᠦᠬᠦᠨ ᠳ᠋ᠡᠭᠡᠨ ᠴᠣᠬᠢᠯᠲᠠ ᠲᠠᠢ ᠭᠠᠷᠴᠤ ᠢᠷᠡᠬᠦ ᠨᠢ ᠤᠷᠢᠳ ᠡᠮᠦᠨ᠎ᠡ ᠮᠣᠩᠭᠣᠯ ᠢ᠋ᠶ᠋ᠠᠷ ᠶᠠᠷᠢᠳᠠᠭ ᠣᠷᠣᠰ ᠬᠥᠮᠦᠨ ᠢ᠋ ᠲᠡᠳᠦᠢ ᠯᠡ ᠣᠯᠠᠨ ᠢ᠋ ᠦᠵᠡᠭᠡ ᠦᠭᠡᠢ ᠮᠣᠩᠭᠣᠯ ᠬᠥᠮᠦᠰ ᠲᠦ᠍ ᠥᠪᠡᠷ ᠦ᠋ᠨ ᠡᠷᠬᠡ ᠦᠭᠡᠢ ᠭᠠᠢᠬᠠᠬᠤ ᠰᠡᠳᠬᠢᠯ ᠲᠥᠷᠥᠭᠦᠯᠦᠨ᠎ᠡ᠃ ᠪᠠᠰᠠ ᠥᠨᠳᠥᠷ ᠴᠢᠭᠢᠷᠠᠭ ᠪᠡᠶ᠎ᠡ ᠳ᠋ᠦ᠍ᠨᠢ ᠸᠴᠢᠷ ᠵᠢᠩᠰᠡᠲᠡᠨ ᠲᠥᠷᠥ ᠶ᠋ᠢᠨ ᠶᠡᠬᠡ ᠮᠠᠯᠠᠭᠠᠢ᠂ ᠰᠢᠷ᠎ᠠ ᠲᠣᠷᠭᠠᠨ ᠳᠡᠪᠡᠯ ᠥᠩᠭᠡ ᠮᠠᠶᠢᠭ ᠢ᠋ᠶ᠋ᠠᠷ ᠢ᠋ᠶ᠋ᠠᠨ ᠨᠡᠢᠯᠡᠭᠡᠳ ᠵᠣᠬᠢᠴᠠᠵᠠᠢ᠃ ᠲᠥᠷᠥᠭᠰᠡᠨ ᠪᠠᠢᠳᠠᠯ ᠡᠢᠮᠦ ᠪᠥᠭᠡᠳ ᠲᠡᠭᠦᠨ ᠦ᠌ ᠬᠢᠵᠦ ᠪᠦᠲᠦᠭᠡᠭᠰᠡᠨ ᠦᠢᠯᠡ ᠶᠠᠪᠤᠳᠠᠯ ᠭᠡᠪᠡᠯ ᠬᠦᠷᠢᠶ᠎ᠡ ᠳᠦᠭᠦᠷᠡᠩ ᠪᠠᠢᠭᠰᠠᠨ ᠭᠠᠮᠢᠩ ᠢ᠋ ᠭᠠᠭᠴᠠᠬᠠᠨ ᠡᠳᠦᠷ ᠰᠥᠨᠢ ᠬᠣᠶᠠᠷ ᠤ᠋ᠨ ᠳᠣᠲᠣᠷ᠎ᠠ ᠪᠠᠨ ᠨᠢᠷᠭᠡᠵᠦ ᠴᠢᠳᠠᠭᠰᠠᠨ ᠤ᠋ ᠤᠴᠢᠷ ᠬᠥᠮᠦᠰ ᠲᠦ᠍ ᠲᠠᠪᠤᠳᠤᠭᠠᠷ ᠪᠣᠭᠳᠠ ᠬᠤᠪᠢᠯᠭᠠᠨ ᠭᠡᠵᠦ ᠬᠦᠨᠳᠦᠯᠡᠭᠳᠡᠨ ᠠᠯᠳᠠᠷᠰᠢᠬᠤ ᠳ᠋ᠤ᠌ ᠬᠦᠷᠦᠭᠰᠡᠨ ᠠᠵᠢ᠃ 
       — ᠪᠢ ᠰᠠᠶᠢ ᠪᠣᠭᠳᠠ ᠡᠵᠡᠨᠲᠡᠨ ᠳ᠋ᠦ᠍ ᠭᠤᠷᠪᠠᠳᠠᠬᠢ ᠤᠳᠠᠭ᠎ᠠ ᠪᠠᠨ ᠪᠠᠷᠠᠯᠬᠠᠬᠤ ᠮᠣᠩᠭᠣᠯ ᠴᠡᠷᠢᠭ ᠲᠦ᠍ ᠵᠠᠩᠵᠤᠨ ᠬᠠᠢᠷᠠᠯᠠᠵᠤ ᠶ᠋ᠢ ᠠᠢᠯᠠᠳᠬᠠᠨ ᠢᠷᠡᠪᠡ᠃ ᠲᠥᠷᠥ ᠶ᠋ᠢᠨ ᠶᠡᠬᠡᠰ ᠰᠠᠢᠳ ᠤ᠋ᠳ ᠤ᠋ᠨ ᠵᠥᠪᠯᠡᠨ ᠬᠡᠯᠡᠯᠴᠡᠬᠦ ᠨᠢ ᠣᠷᠣᠨ ᠨᠤᠲᠤᠭ ᠲᠠᠭᠠᠨ ᠪᠠᠢᠭ᠎ᠠ ᠨᠣᠶᠠᠨ ᠰᠤᠩᠳᠤᠢ ᠬᠦᠩ ᠭᠡᠭᠴᠢ ᠶ᠋ᠢ ᠵᠠᠩᠵᠤᠨ ᠰᠠᠭᠤᠯᠭᠠᠶ᠎ᠠ ᠭᠡᠵᠦ ᠪᠠᠢᠨ᠎ᠠ᠃ ᠯᠠᠮᠠᠲᠠᠨ ᠲᠡᠷᠡ ᠬᠥᠮᠦᠨ ᠢ᠋ ᠲᠠᠨᠢᠬᠤ ᠤᠤ ᠬᠡᠷᠪᠡ ᠲᠠᠨᠢᠬᠤ ᠪᠣᠯ ᠲᠠᠨ ᠤ᠋ ᠰᠡᠳᠬᠢᠯ ᠳ᠋ᠦ᠍ ᠶᠠᠭᠤ ᠭᠡᠵᠦ ᠲᠠᠭᠠᠯᠠᠭᠳᠠᠳᠠᠭ ᠰᠠᠨ ᠪᠣᠯ ᠳᠠ? ᠭᠡᠵᠦ ᠪᠠᠷᠤᠨ ᠵᠠᠩᠵᠤᠨ ᠦᠭᠡ ᠪᠡᠨ ᠶᠡᠬᠡᠳᠡ ᠳᠠᠪᠬᠤᠴᠠᠭᠤᠯᠤᠨ ᠥᠭᠦᠯᠡᠬᠦ ᠳ᠋ᠦ᠍᠂ ᠵᠡᠭᠦᠨ ᠡᠩᠭᠡᠷ ᠲᠦ᠋ᠨᠢ ᠵᠡᠭᠦᠯᠲᠡ ᠲᠡᠢ ᠠᠯᠲᠠᠨ ᠬᠡᠷᠡᠭᠡᠰᠦ ᠶᠠᠭᠠᠷᠠᠭᠰᠠᠨ ᠰᠡᠳᠬᠢᠯ ᠢ᠋ ᠨᠢ ᠢᠯᠡᠴᠢᠯᠡᠬᠦ ᠮᠡᠲᠦ ᠦᠷᠭᠦᠯᠵᠢ ᠰᠠᠨᠵᠢᠭᠢᠨᠠᠨ ᠭᠢᠯᠠᠯᠵᠠᠨ᠎ᠠ᠃ 
       — ᠲᠠᠨᠢᠨ᠎ᠠ᠂ ᠲᠡᠷᠡ ᠰᠤᠩᠳᠤᠢ ᠤᠷᠢᠳ ᠡᠮᠦᠨ᠎ᠡ ᠬᠡᠳᠦᠢ ᠪᠡᠷ ᠬᠣᠰᠢᠭᠤ ᠨᠣᠶᠠᠨ ᠲᠡᠳᠦᠢ ᠡᠴᠡ ᠬᠡᠲᠦᠷᠡᠭᠡ ᠦᠭᠡᠢ ᠪᠣᠯᠪᠠᠴᠤ ᠤᠬᠠᠭᠠᠨ ᠰᠠᠨᠠᠭ᠎ᠠ᠂ ᠴᠣᠭ ᠵᠢᠪᠬᠤᠯᠠᠩ ᠮᠥᠨ ᠪᠦᠬᠦᠨ ᠢ᠋ᠶ᠋ᠡᠷ ᠢ᠋ᠶ᠋ᠡᠨ ᠴᠤᠤᠲᠠᠢ ᠡᠷ᠎ᠡ᠃ ᠣᠳᠣ ᠪᠣᠳᠣᠬᠤ ᠳ᠋ᠤ᠌ ᠪᠢᠳᠡᠨ ᠳ᠋ᠦ᠍ ᠲᠡᠭᠦᠨᠴᠡ ᠢᠯᠡᠭᠦᠦ ᠵᠠᠩᠵᠤᠨ ᠪᠣᠯᠬᠤ ᠴᠣᠪᠣᠭᠣ ᠡᠷ᠎ᠡ ᠦᠨᠡᠬᠡᠷ ᠠᠯᠠᠭ᠎ᠠ ᠴᠤ᠌ ᠪᠣᠯ ᠤᠤ ᠳᠠ᠃ ᠭᠡᠮ ᠨᠢ ᠵᠠᠯᠠᠭᠤ ᠪᠠᠯᠴᠢᠷ ᠯᠠ ᠬᠥᠮᠦᠨ ᠳᠡ᠃ ᠣᠳᠣ ᠳᠥᠩᠭᠡᠵᠦ ᠭᠤᠴᠢ ᠭᠠᠷᠴᠤ ᠶᠠᠪᠤᠭ᠎ᠠ ᠪᠣᠯ ᠤᠤ ᠭᠡᠵᠦ ᠳᠠᠷᠢ ᠡᠬᠡ ᠯᠠᠮᠠ ᠶ᠋ᠢᠨ ᠠᠢᠯᠠᠳᠬᠠᠬᠤ ᠳ᠋ᠤ᠌᠂ 
       — ᠵᠦᠭᠡᠷ! ᠭᠡᠵᠦ ᠪᠠᠷᠤᠨ ᠠᠯᠲᠠᠨ ᠬᠡᠷᠡᠭᠡᠰᠦ ᠪᠡᠨ ᠳᠣᠩᠰᠣᠯᠭᠠᠨ ᠢᠨᠢᠶᠡᠵᠦ᠄ ᠣᠳᠣ ᠲᠡᠷᠡ ᠵᠠᠯᠠᠭᠤ ᠨᠠᠰᠤᠨ ᠤ᠋ ᠪᠠᠨ ᠴᠣᠭ ᠵᠢᠪᠬᠤᠯᠠᠩ ᠢ᠋ ᠭᠠᠰᠢᠭᠤᠨ ᠳᠠᠷᠢ ᠶ᠋ᠢᠨ ᠤᠲᠤᠭ᠎ᠠ ᠲᠠᠢ ᠬᠣᠯᠢᠵᠤ ᠦᠵᠡᠪᠡᠯ ᠡᠴᠦᠰ ᠲᠡᠭᠡᠨ ᠡᠨᠡ ᠳᠡᠯᠡᠬᠡᠢ ᠲᠡᠢ  ᠬᠡᠯᠡᠯᠴᠡᠬᠦ ᠵᠠᠩᠵᠤᠨ ᠪᠣᠯᠵᠤ ᠴᠢᠳᠠᠨ᠎ᠠ ᠭᠡᠵᠦ ᠭᠡᠨᠡᠨ ᠴᠠᠭᠠᠨ ᠰᠡᠳᠬᠢᠯᠲᠡᠨ ᠦ᠌ ᠪᠠᠢᠳᠠᠯ ᠢ᠋ᠶ᠋ᠠᠷ ᠥᠭᠦᠯᠡᠨ ᠪᠠᠰᠠ ᠯᠠ ᠢᠨᠢᠶᠡᠬᠦ ᠳ᠋ᠦ᠍ ᠥᠨᠥᠬᠢ ᠡᠩᠭᠡᠷ ᠲᠡᠬᠢ ᠠᠯᠲᠠᠨ ᠬᠡᠷᠡᠭᠡᠰᠦ ᠮᠥᠨ ᠯᠡ ᠭᠢᠯᠠᠯᠵᠠᠨ ᠰᠠᠨᠵᠢᠭᠢᠨᠠᠪᠠ᠃ 
       — ᠯᠠᠮᠠᠲᠠᠨ ᠤ᠋ ᠰᠡᠳᠬᠢᠯ ᠳ᠋ᠦ᠍ ᠦᠨᠡᠬᠡᠷ ᠲᠣᠬᠢᠷᠠᠵᠤ ᠪᠠᠢᠭ᠎ᠠ ᠪᠣᠯ ᠪᠢ ᠲᠡᠷᠡ ᠰᠤᠩᠳᠤᠢ ᠶ᠋ᠢ ᠣᠳᠣᠬᠠᠨ ᠥᠪᠡᠷ ᠦ᠋ᠨ ᠪᠡᠶ᠎ᠡ ᠪᠡᠷ ᠣᠴᠢᠵᠤ ᠠᠪᠴᠢᠷᠠᠨ᠎ᠠ᠃ 
       — ᠨᠠᠳᠠ ᠲᠠᠲᠠᠭᠠᠯᠵᠠᠬᠤ ᠶᠠᠭᠤᠮ᠎ᠠ ᠦᠭᠡᠢ᠃ ᠢᠯᠠᠩᠭᠤᠶ᠎ᠠ ᠶᠡᠬᠡ ᠵᠠᠩᠵᠤᠨ ᠲᠠᠨ ᠤ᠋ ᠰᠡᠳᠬᠢᠯ ᠳ᠋ᠦ᠍ ᠲᠣᠬᠢᠷᠠᠯᠲᠠᠢ ᠪᠠᠢᠪᠠᠯ ᠪᠦᠬᠦ ᠬᠡᠷᠡᠭ ᠭᠦᠢᠴᠡᠬᠦ ᠨᠢ ᠲᠡᠷᠡ ᠭᠡᠳ ᠳᠠᠷᠢ ᠡᠬᠡ ᠯᠠᠮᠠ᠂ ᠲᠠ ᠡᠨᠡ ᠬᠥᠮᠦᠨ ᠲᠡᠢ ᠲᠠᠨᠢᠯᠴᠠ᠂ ᠡᠨᠡ ᠬᠥᠮᠦᠨ ᠪᠣᠯ ᠭᠠᠮᠢᠩ ᠤ᠋ᠨ ᠱᠣᠷᠣᠩ ᠳ᠋ᠤ᠌ ᠪᠢᠳᠡᠨ ᠲᠡᠢ ᠬᠠᠮᠲᠤ ᠰᠠᠭᠤᠵᠤ ᠪᠠᠢᠭᠠᠳ ᠭᠠᠷᠤᠭᠰᠠᠨ ᠪᠠᠯᠳᠠᠨᠴᠡᠷᠢᠩ ᠬᠦᠩ ᠭᠡᠭᠴᠢ᠂ ᠪᠢ ᠣᠳᠣ ᠥᠪᠡᠷ ᠲᠡᠭᠡᠨ ᠲᠡᠳᠡᠨ ᠠᠪᠴᠤ ᠠᠯᠪᠠᠨ ᠬᠡᠷᠡᠭ ᠢ᠋ᠶ᠋ᠡᠨ ᠬᠥᠲᠥᠯᠦᠭᠦᠯᠬᠦ ᠰᠠᠨᠠᠭ᠎ᠠ ᠲᠠᠢ ᠪᠠᠢᠨ᠎ᠠ᠃ 
       ᠪᠠᠷᠤᠨ ᠵᠠᠩᠵᠤᠨ ᠢᠨᠢᠶᠡᠮᠰᠦᠭᠯᠡᠨ ᠦᠭᠡ ᠪᠦᠷᠢ ᠳᠡᠭᠡᠷ᠎ᠡ《ᠰᠠᠢᠨ᠂ ᠰᠠᠢᠨ》 ᠭᠡᠵᠦ ᠥᠭᠦᠯᠡᠨ ᠯᠠᠮᠠ ᠪᠠᠯᠳᠠᠨᠴᠡᠷᠢᠩ ᠬᠣᠶᠠᠷ ᠢ᠋ ᠡᠭᠡᠯᠵᠢᠯᠡᠭᠦᠯᠦᠨ ᠠᠵᠢᠭᠯᠠᠭᠠᠳ᠄ 
       — ᠲᠠ ᠴᠦ᠍ ᠶᠠᠭᠠᠬᠢᠬᠤᠪ ᠲᠡᠢᠮᠦ ᠰᠠᠨᠠᠭ᠎ᠠ ᠲᠠᠢ ᠶᠤᠮ ᠪᠠᠢᠵᠠᠢ᠃ ᠭᠡᠪᠡᠴᠦ ᠡᠷᠬᠢᠮ ᠬᠥᠮᠦᠨ ᠥᠪᠡᠷ ᠢ᠋ᠶ᠋ᠡᠨ ᠶᠠᠭᠤ ᠪᠣᠳᠣᠵᠤ ᠪᠠᠢᠨ᠎ᠠ ᠪᠣᠢ? 
       ᠪᠠᠯᠳᠠᠨᠴᠡᠷᠢᠩ ᠠᠯᠠᠭ᠎ᠠ ᠬᠠᠪᠰᠤᠷᠤᠨ ᠮᠡᠬᠦᠢᠵᠦ᠄ 
       — ᠵᠠ ᠪᠢ ᠤᠷᠢᠳᠠ ᠪᠠᠷ ᠪᠣᠳᠣᠪᠠᠯ ᠵᠦᠭᠡᠷ ᠶᠦᠮ ᠰᠠᠨ᠃ 
       — ᠪᠠᠷᠤᠨ ᠵᠠᠩᠵᠤᠨ ᠤ᠋ ᠴᠢᠷᠠᠢ ᠬᠣᠪᠢᠰᠬᠢᠪᠡ᠃ ᠠᠶᠤᠮᠰᠢᠭᠲᠠᠢ ᠨᠢ ᠠᠷᠭ᠎ᠠ ᠦᠭᠡᠢ᠃ 
       — ᠪᠣᠳᠣᠬᠤ ᠶ᠋ᠢᠨ ᠬᠡᠷᠡᠭ ᠶᠠᠭᠤ ᠪᠢᠯᠡ? ᠭᠡᠳ ᠭᠦᠨ ᠤᠬᠤᠷᠬᠠᠢᠲᠤ ᠬᠤᠷᠴᠠ ᠴᠡᠩᠬᠡᠷ ᠨᠢᠳᠦ ᠪᠡᠷ ᠢ᠋ᠶ᠋ᠡᠨ ᠨᠢᠭᠤᠷ ᠢ᠋ ᠨᠢ ᠰᠢᠷᠳᠡᠪᠡ᠃ 
       — ᠱᠣᠷᠣᠩ ᠳ᠋ᠤ᠌ ᠰᠠᠭᠤᠵᠤ ᠪᠡᠶ᠎ᠡ ᠶ᠋ᠢᠨ ᠡᠷᠡᠭᠦᠯ ᠮᠡᠨᠳᠦ ᠪᠠᠬᠠᠨ ᠳᠣᠷᠣᠢᠲᠠᠭᠰᠠᠨ ᠭᠡᠬᠦ ᠳ᠋ᠦ᠍ ᠪᠠᠷᠤᠨ ᠤᠯᠠᠮ ᠢ᠋ᠶ᠋ᠠᠷ ᠬᠤᠪᠢᠷᠠᠨ᠄ 
       — ᠪᠣᠳᠣᠬᠤ ᠪᠠᠷ ᠲᠡᠩᠬᠡᠯ ᠣᠷᠣᠨ᠎ᠠ ᠭᠡᠵᠦ ᠤᠤ? ᠦᠭᠡᠢ ᠪᠠᠢᠬ᠎ᠠ ᠠ᠋ ᠭᠡᠳ ᠴᠢᠷᠠᠢ ᠵᠠᠰᠠᠨ ᠢᠨᠢᠶᠡᠵᠦ᠂《ᠵᠠᠯᠠᠭᠤ ᠬᠥᠮᠦᠨ ᠴᠢ ᠰᠣᠨᠣᠰ! ᠭᠠᠮᠢᠩ ᠴᠢᠮᠠᠶ᠋ᠢ ᠱᠣᠷᠣᠩ ᠳ᠋ᠤ᠌ ᠬᠢᠵᠦ ᠠᠮᠢᠳᠤ ᠪᠠᠷ ᠴᠢᠨᠢ ᠦᠮᠡᠬᠡᠢᠷᠡᠭᠦᠯᠦᠭᠰᠡᠨ᠃ ᠣᠳᠣ ᠴᠢ ᠶᠠᠭᠠᠬᠢᠬᠤ ᠶᠣᠰᠣᠲᠠᠢ ᠪᠣᠢ》 ᠪᠣᠰ! ᠬᠠᠷᠢᠭᠤ ᠪᠠᠨ ᠠᠪᠴᠤ ᠨᠡᠷ᠎ᠡ ᠰᠦᠷ ᠢ᠋ᠶ᠋ᠡᠨ ᠮᠠᠨᠳᠤᠭᠤᠯ! ᠮᠢᠨᠦ ᠪᠣᠳᠣᠬᠤ ᠳ᠋ᠤ᠌ ᠯᠠᠮᠠᠲᠠᠨ ᠤ᠋ ᠳᠡᠷᠭᠡᠳᠡ ᠪᠢᠷ ᠪᠠᠷᠢᠨ ᠰᠠᠭᠤᠬᠤ ᠴᠢᠨᠢ ᠴᠦ᠍ ᠪᠠᠭᠠᠳᠠᠨ᠎ᠠ᠃ ᠮᠣᠩᠭᠣᠯ ᠣᠷᠣᠨ ᠴᠢᠨᠢ ᠣᠳᠣ ᠣᠷᠣᠨ ᠨᠤᠲᠤᠭ ᠠ᠋ᠴᠠ ᠪᠠᠨ ᠡᠬᠢᠯᠡᠨ ᠪᠣᠰᠴᠤ ᠤᠯᠠᠮ ᠢ᠋ᠶ᠋ᠠᠷ ᠴᠠᠭᠠᠰᠢ ᠨᠢ ᠲᠡᠪᠰᠢᠨ ᠪᠦᠬᠦ ᠳᠡᠯᠡᠬᠡᠢ ᠶ᠋ᠢ ᠳᠣᠩᠰᠣᠯᠭᠠᠨ ᠠᠤᠭ᠎ᠠ ᠪᠣᠭᠳᠠ ᠴᠢᠩᠭᠢᠰ ᠬᠠᠭᠠᠨ ᠤ᠋ ᠶᠡᠬᠡ ᠲᠥᠷᠥ ᠶ᠋ᠢ ᠳᠠᠬᠢᠨ ᠪᠤᠰᠬᠠᠨ᠎ᠠ ᠭᠡᠵᠦ ᠳᠣᠯᠢᠶᠠᠪᠤᠷ ᠬᠤᠷᠤᠭᠤ ᠪᠠᠨ ᠴᠢᠭ ᠪᠤᠰᠬᠠᠨ ᠭᠠᠷ ᠢ᠋ᠶ᠋ᠠᠨ ᠳᠡᠭᠡᠷ᠎ᠡ ᠡᠷᠭᠦᠵᠡᠢ᠃ 
       ᠪᠡᠯᠳᠠᠨᠴᠡᠷᠢᠩ《ᠵᠠ》 ᠭᠡᠵᠦ ᠮᠡᠬᠦᠢᠬᠦ ᠪᠣᠯᠪᠠᠴᠤ《ᠠᠢ ᠶᠠᠭᠠᠬᠢᠭᠰᠠᠨ ᠶᠡᠬᠡ ᠲᠡᠢᠨ ᠳᠡᠭᠳᠡᠭᠡᠬᠦ ᠨᠢ ᠪᠣᠢ》 ᠭᠡᠵᠦ ᠵᠢᠷᠦᠬᠡ ᠰᠢᠮᠰᠢᠷᠡᠨ᠎ᠡ᠃ ᠲᠡᠷᠡ ᠰᠢᠮᠰᠢᠷᠡᠯ ᠢ᠋ ᠪᠠᠷᠤᠨ ᠪᠠᠰᠠ ᠮᠡᠳᠡᠪᠡ ᠪᠣᠯᠤᠯᠲᠠᠢ᠄   
       — ᠨᠡᠭᠡᠷᠡᠨ ᠮᠣᠩᠭᠣᠯ ᠤᠯᠤᠰ ᠳᠡᠯᠡᠬᠡᠢ ᠶ᠋ᠢ ᠳᠣᠩᠰᠣᠯᠭᠠᠵᠤ ᠴᠢᠳᠠᠬᠤ ᠶ᠋ᠢ ᠵᠠᠷᠢᠮ ᠬᠥᠮᠦᠨ ᠢᠲᠡᠭᠡᠬᠦ ᠦᠭᠡᠢ ᠪᠠᠢᠵᠤ ᠪᠣᠯᠤᠨ᠎ᠠ᠃ ᠲᠡᠭᠡᠪᠡᠯ ᠴᠢᠩᠭᠢᠰ ᠬᠠᠭᠠᠨ ᠠᠩᠬ᠎ᠠ ᠥᠪᠡᠷ ᠦ᠋ᠨ ᠡᠷᠬᠡ ᠦᠭᠡᠢ ᠳᠠᠢᠰᠤᠨ ᠳ᠋ᠤ᠌ ᠬᠦᠷᠢᠶᠡᠯᠡᠭᠳᠡᠭᠰᠡᠨ ᠶᠠᠳᠠᠭᠤ ᠭᠡᠷ ᠡᠴᠡ ᠭᠠᠭᠴᠠ ᠪᠡᠶ᠎ᠡ ᠪᠡᠷ ᠪᠣᠰᠤᠨ ᠬᠥᠳᠡᠯᠦᠭᠰᠡᠨ ᠢ᠋ ᠨᠢ ᠰᠠᠨᠠᠬᠤ ᠬᠡᠷᠡᠭᠲᠡᠢ᠃ 
       ᠪᠠᠯᠳᠠᠨᠴᠡᠷᠢᠩ《ᠵᠠ ᠲᠡᠢᠮᠦ ᠠ᠋》 ᠭᠡᠵᠦ ᠳᠠᠬᠢᠨ ᠮᠡᠬᠦᠢᠪᠡ᠃ ᠭᠡᠪᠡᠴᠦ ᠰᠡᠳᠬᠢᠯ ᠳ᠋ᠦ᠍ᠨᠢ《ᠡᠳᠦᠭᠡ ᠴᠠᠭ ᠤ᠋ᠨ ᠲᠡᠷᠡ ᠴᠢᠩᠭᠢᠰ ᠬᠠᠭᠠᠨ ᠴᠢᠨᠢ ᠬᠡᠨ ᠪᠣᠢ? ᠪᠠᠷᠤᠨ ᠵᠠᠩᠵᠤᠨ ᠲᠠ ᠥᠪᠡᠷ ᠢ᠋ᠶ᠋ᠡᠨ ᠤᠤ? ᠦᠭᠡᠢ ᠠ᠋᠂ ᠲᠠ ᠴᠣᠬᠣᠮ ᠬᠡᠴᠢᠨᠡᠭᠡᠨ ᠰᠦᠷᠡᠬᠡᠢ ᠭᠡᠪᠡᠴᠦ ᠠᠷᠠᠢ ᠪᠢᠰᠢ ᠪᠠᠢᠯᠭᠦᠢ》 ᠭᠡᠵᠦ ᠪᠣᠳᠣᠪᠠ᠃ ᠳᠠᠷᠢ ᠡᠬᠡ ᠯᠠᠮᠠᠳᠠᠨ ᠬᠠᠵᠠᠭᠤ ᠠ᠋ᠴᠠ ᠨᠢ᠄   
       — ᠲᠡᠢᠮᠦ ᠠ᠋᠂ ᠲᠡᠷᠡ ᠶᠡᠬᠡ ᠬᠡᠷᠡᠭ ᠢ᠋ ᠮᠣᠩᠭᠣᠯ ᠤᠯᠤᠰ ᠭᠠᠭᠴᠠᠬᠠᠨ ᠲᠠᠨ ᠤ᠋ ᠳᠣᠣᠷ᠎ᠠ ᠶᠠᠪᠤᠵᠤ ᠭᠡᠮᠡᠨ ᠭᠦᠢᠴᠡᠳᠬᠡᠵᠦ ᠴᠢᠳᠠᠨ᠎ᠠ ᠭᠡᠵᠦ ᠵᠤᠯᠭᠤᠢᠳᠠᠬᠤ ᠳ᠋ᠤ᠌ ᠪᠠᠷᠤᠨ ᠤᠩᠬᠧᠷᠡᠨ ᠬᠠ ᠬᠠ ᠢᠨᠢᠶᠡᠨ᠄   
       — ᠦᠭᠡᠢ ᠠ᠋᠂ ᠮᠢᠨᠦ ᠳᠣᠣᠷ᠎ᠠ ᠶᠠᠪᠤᠬᠤ ᠪᠢᠰᠢ᠂ ᠪᠢ ᠬᠠᠷᠢᠨ ᠵᠠᠮ ᠳ᠋ᠤᠨᠢ ᠦᠷᠡᠭᠳᠡᠨ᠎ᠡ᠃
       — ᠬᠠᠮᠢᠭ᠎ᠠ ᠠ᠋ᠴᠠ! ᠭᠡᠵᠦ ᠳᠠᠷᠢ ᠡᠬᠡ ᠯᠠᠮᠠᠲᠠᠨ ᠭᠠᠢᠬᠠᠭᠰᠠᠨ ᠴᠢᠷᠠᠢ ᠭᠠᠷᠭᠠᠪᠠ᠃ ᠪᠠᠷᠤᠨ ᠰᠠᠨᠠᠭ᠎ᠠ ᠠᠯᠲᠠᠨ ᠭᠤᠨᠢᠭ ᠲᠠᠢ ᠪᠣᠯᠪᠠ᠃ ᠡᠩᠭᠡᠷ ᠲᠤᠨᠢ ᠰᠡᠨᠵᠢᠭᠢᠨᠡᠨ ᠭᠢᠯᠠᠯᠵᠠᠭᠴᠢ ᠠᠯᠲᠠᠨ ᠬᠡᠷᠡᠭᠡᠰᠦ ᠨᠢ ᠴᠦ᠍ ᠬᠥᠳᠡᠯᠬᠦ ᠪᠡᠨ ᠪᠣᠯᠢᠪᠠ᠃  
       — ᠪᠢ ᠦᠷᠡᠭᠳᠡᠬᠦ᠂ ᠦᠷᠡᠭᠳᠡᠬᠦ ᠳ᠋ᠡᠭᠡᠨ ᠯᠠᠮᠠ ᠲᠠᠨ᠎ᠠ ᠴᠢᠳᠠᠬᠤ ᠶᠠᠳᠠᠬᠤ ᠪᠠᠷ ᠢ᠋ᠶ᠋ᠠᠨ ᠵᠢᠳᠬᠦᠵᠦ ᠶᠠᠪᠤᠭᠠᠳ ᠨᠢᠭᠡ ᠮᠡᠳᠡᠬᠦ ᠳ᠋ᠦ᠍ ᠬᠣᠣᠷᠠᠯᠠᠭᠳᠠᠬᠤ ᠰᠢᠦ ᠳᠡ ᠭᠡᠳ ᠰᠠᠨᠠᠭ᠎ᠠ ᠠᠯᠳᠠᠪᠠ᠃  
       — ᠦᠭᠡᠢ᠂ ᠲᠠ ᠶᠠᠭᠤᠨ ᠳ᠋ᠤ᠌ ᠢᠩᠭᠢᠵᠦ ᠬᠥᠮᠦᠨ ᠦ᠌ ᠰᠠᠨᠠᠭᠠᠨ ᠳ᠋ᠤ᠌ ᠦᠯᠦ ᠪᠠᠭᠲᠠᠬᠤ ᠶᠠᠭᠤᠮ᠎ᠠ ᠶ᠋ᠢ ᠠᠢᠯᠠᠳᠤᠨ᠎ᠠ ᠪᠣᠢ? ᠦᠨᠡᠨ ᠢ᠋ ᠬᠡᠯᠡᠬᠦ ᠳ᠋ᠦ᠍ ᠲᠠᠨ ᠤ᠋ ᠡᠨᠡ ᠠᠷᠢᠭᠤᠨ ᠯᠠᠭᠰᠢᠨ ᠳ᠋ᠤ᠌ ᠮᠠᠭᠤ ᠪᠠᠷ ᠬᠠᠯᠳᠠᠬᠤ ᠬᠥᠮᠦᠨ ᠮᠠᠨ ᠤ᠋ ᠯᠠ ᠡᠨᠡ ᠤᠯᠤᠰ ᠣᠷᠣᠨ ᠳ᠋ᠤ᠌ ᠬᠡᠷᠬᠢᠪᠡᠴᠦ ᠭᠠᠷᠬᠤ ᠦᠭᠡᠢ᠃ 
       ᠪᠠᠷᠤᠨ ᠵᠠᠩᠵᠤᠨ ᠴᠢᠷᠠᠢ ᠶᠡᠬᠡᠳᠡ ᠬᠦᠢᠲᠡᠨ ᠪᠣᠯᠵᠤ᠂ ᠭᠠᠷᠬᠤ ᠦᠭᠡᠢ ᠭᠡᠨ᠎ᠡ? ᠮᠢᠨᠦ ᠪᠣᠳᠣᠬᠤ ᠳ᠋ᠤ᠌ ᠠᠶ᠎ᠠ ᠦᠭᠡᠢ ᠪᠣᠯ ᠲᠠ ᠥᠪᠡᠷ ᠢ᠋ᠶ᠋ᠡᠨ ᠴᠦ᠍ ᠬᠠᠯᠳᠠᠵᠤ ᠮᠠᠭᠠᠳ ᠦᠭᠡᠢ ᠭᠡᠵᠦ ᠴᠢᠬᠢᠨ ᠳ᠋ᠦ᠍ᠨᠢ ᠣᠢᠷᠠᠲᠤᠨ ᠰᠢᠪᠡᠨᠡᠬᠦ ᠳ᠋ᠦ᠍᠂《ᠵᠠ ᠡᠨᠡ ᠴᠦ᠍ ᠬᠠᠷᠢᠨ ᠪᠠᠢᠵᠤ ᠪᠣᠯᠤᠨ᠎ᠠ ᠳᠠ》 ᠭᠡᠳᠡᠭ ᠪᠣᠳᠣᠯ ᠪᠠᠯᠳᠠᠨᠴᠡᠷᠢᠩ ᠦ᠋ᠨ ᠰᠡᠳᠬᠢᠯ ᠳ᠋ᠦ᠍ ᠪᠠᠭᠤᠯ᠎ᠠ᠃ ᠳᠠᠷᠢ ᠡᠬᠡ ᠯᠠᠮᠠ ᠵᠢᠪᠡᠭᠦᠴᠡᠨ ᠥᠨᠳᠡᠰᠬᠢᠵᠦ᠄ 
       — ᠪᠤᠷᠬᠠᠨ ᠮᠢᠨᠢ᠂ ᠲᠠ ᠶᠠᠭᠤᠲᠠᠢ ᠮᠠᠭᠤᠬᠠᠢ ᠮᠠᠭᠤ ᠢᠷᠣ᠎ᠠ ᠶ᠋ᠢᠨ ᠶᠠᠭᠤᠮ᠎ᠠ ᠠᠢᠯᠠᠳᠤᠨ᠎ᠠ ᠪᠣᠢ? ᠭᠡᠵᠦ ᠭᠣᠮᠣᠷᠬᠠᠪᠠ᠃ ᠪᠠᠷᠤᠨ ᠳᠠᠷᠤᠢ ᠢᠨᠢᠶᠡᠵᠦ᠄ ᠯᠠᠮᠠᠲᠠᠨ ᠲᠠ ᠨᠠᠳᠠ ᠮᠠᠭᠤ ᠰᠠᠨᠠᠬᠤ ᠬᠡᠷᠡᠭ ᠦᠭᠡᠢ᠂ ᠪᠢ ᠵᠦᠭᠡᠷ ᠣᠷᠣᠰ ᠤ᠋ᠨ ᠴᠢᠨᠠᠳᠤᠬᠢ ᠲᠥᠷᠥᠯᠬᠢ ᠨᠤᠲᠤᠭ ᠳᠤ ᠮᠢᠨᠢ《ᠪᠠᠷᠰ ᠰᠤᠷᠭᠠᠭᠴᠢ ᠶ᠋ᠢᠨ ᠲᠡᠭᠦᠰᠬᠡᠯ ᠪᠠᠷᠰ ᠲᠠᠭᠠᠨ ᠪᠠᠷᠢᠭᠤᠯᠬᠤ ᠳ᠋ᠤ᠌ ᠪᠠᠢᠳᠠᠭ》 ᠭᠡᠰᠡᠨ ᠵᠦᠢᠷ ᠦᠭᠡ ᠪᠠᠢᠳᠠᠭ ᠢ᠋ ᠰᠠᠨᠠᠨ ᠳᠡᠮᠡᠢ ᠶᠠᠷᠢᠪᠠ᠃ ᠡᠨᠡ ᠪᠣᠯ ᠰᠡᠴᠡᠨ ᠦᠭᠡ᠃ ᠭᠡᠪᠡᠴᠦ ᠪᠢ ᠪᠠᠷᠰ ᠰᠤᠷᠭᠠᠭᠴᠢ ᠪᠢᠰᠢ᠂ ᠪᠣᠭᠳᠠ ᠡᠵᠡᠨ ᠪᠣᠯᠣᠳ ᠲᠠ ᠪᠦᠬᠦᠨ ᠦ᠌ ᠵᠠᠷᠯᠢᠭ ᠢ᠋ ᠭᠦᠢᠴᠡᠳᠬᠡᠭᠴᠢ ᠪᠣᠯᠬᠣᠷ ᠬᠠᠮᠢᠭ᠎ᠠ ᠠ᠋ᠴᠠ ᠲᠡᠢᠮᠦ ᠮᠠᠭᠤᠬᠠᠢ ᠲᠡᠭᠦᠰᠬᠡᠯ ᠳ᠋ᠦ᠍ ᠬᠦᠷᠬᠦ ᠪᠢᠯᠡ ᠭᠡᠳ ᠮᠥᠩᠭᠥᠨ ᠠᠶᠠᠭᠠᠲᠤ ᠬᠠᠭᠤᠷᠠᠢ ᠠᠷᠢᠬᠢ ᠶ᠋ᠢ ᠬᠥᠨᠲᠥᠷᠦᠨ ᠤᠤᠭᠤᠭᠠᠳ᠄ ᠵᠠ ᠪᠢ ᠶᠠᠪᠤᠶ᠎ᠠ᠂ ᠲᠠᠨ ᠤ᠋ ᠲᠠᠭᠠᠯᠠᠯ ᠢ᠋ᠶ᠋ᠠᠷ ᠨᠣᠶᠠᠨ ᠰᠤᠩᠳᠣᠢ ᠶ᠋ᠢ ᠠᠪᠴᠢᠷᠠᠵᠤ ᠮᠠᠷᠭᠠᠰᠢ ᠲᠠᠨ ᠲᠠᠢ ᠠᠭᠤᠯᠵᠠᠭᠤᠯᠤᠨ᠎ᠠ ᠭᠡᠳ ᠪᠣᠰᠪᠠ᠃ ᠭᠡᠷ ᠲᠦ᠍ ᠪᠠᠢᠭᠰᠠᠨ ᠪᠦᠬᠦᠨ ᠢ᠋ᠶ᠋ᠡᠷ ᠦᠳᠡᠨ ᠵᠠᠯᠠᠵᠤ ᠴᠢᠴᠧ ᠳ᠋ᠦ᠍ᠨᠢ ᠮᠣᠷᠳᠠᠭᠤᠯᠪᠠ᠃ ᠴᠢᠴᠧ ᠠᠰᠠᠵᠤ ᠬᠦᠷᠴᠢᠭᠢᠨᠡᠵᠦ ᠡᠬᠢᠯᠡᠬᠦ ᠳ᠋ᠦ᠍ ᠪᠠᠷᠤᠨ ᠵᠠᠩᠵᠤᠨ ᠨᠢᠭᠡ ᠯᠡ ᠭᠤᠨᠢᠭᠲᠠᠢ᠂ ᠢᠷᠡᠭᠡᠳᠦᠢ ᠳ᠋ᠡᠭᠡᠨ ᠯᠠᠪ ᠮᠠᠭᠤ ᠲᠡᠭᠦᠰᠬᠡᠯ ᠳ᠋ᠦ᠍ ᠬᠦᠷᠦᠨ᠎ᠡ ᠪᠠᠢᠬᠤ ᠭᠡᠵᠦ ᠪᠣᠳᠣᠭᠰᠠᠨ ᠪᠣᠯ ᠤᠤ ᠭᠡᠯᠲᠡᠢ ᠦᠵᠡᠭᠳᠡᠨ᠎ᠡ᠃ ᠬᠠᠷᠢᠨ ᠡᠩᠭᠡᠷ ᠲᠡᠬᠢ ᠠᠯᠲᠠᠨ ᠬᠡᠷᠡᠭᠡᠰᠦ ᠨᠢ ᠪᠥᠬᠥᠰᠬᠢᠨ ᠰᠠᠭᠤᠭᠰᠠᠨ ᠴᠡᠭᠡᠵᠢ ᠡᠴᠡ ᠨᠢ ᠳᠣᠷᠣᠭᠰᠢ ᠤᠨᠵᠢᠰᠬᠢᠨ ᠰᠠᠨᠵᠢᠭᠢᠨᠠᠨ ᠭᠢᠯᠠᠯᠵᠠᠨ᠎ᠠ᠃ 
        ᠵᠠ᠂ ᠶᠡᠬᠡ ᠵᠠᠩᠵᠤᠨᠲᠠᠨ ᠠᠮᠤᠭᠤᠯᠠᠩ ᠮᠣᠷᠢᠯᠠᠲᠤᠭᠠᠢ ᠭᠡᠵᠦ ᠵᠦᠭ ᠪᠦᠷᠢ ᠡᠴᠡ ᠨᠢ ᠢᠷᠦᠭᠡᠯ ᠲᠠᠯᠪᠢᠬᠤ ᠳ᠋ᠤ᠌ ᠪᠠᠷᠤᠨ᠄《ᠪᠤᠷᠬᠠᠨ ᠪᠣᠳᠢᠳᠠ ᠪᠢᠳᠡᠨ ᠢ᠋ ᠬᠡᠵᠢᠶᠡᠳᠡ ᠢᠪᠡᠭᠡᠨ᠎ᠡ》 ᠭᠡᠵᠦ ᠵᠠᠯᠪᠠᠷᠢᠪᠠ᠃ ᠴᠢᠴᠧ ᠶ᠋ᠢᠨ ᠳᠠᠭᠤ ᠰᠢᠷᠦᠭᠦᠰᠦᠨ ᠣᠷᠣᠭᠰᠢ ᠬᠥᠳᠡᠯᠪᠡ᠃ ᠪᠤᠷᠭᠢᠯᠠᠬᠤ ᠲᠣᠭᠣᠰᠣ ᠳᠣᠣᠷ᠎ᠠ ᠨᠢ ᠬᠠᠶᠠᠭᠳᠠᠵᠤ ᠫᠠᠷᠴᠢᠭᠢᠨᠠᠨ ᠬᠤᠷᠳᠤᠯᠠᠬᠤ ᠶ᠋ᠢ ᠬᠠᠷᠠᠪᠠᠯ ᠲᠡᠷᠡ ᠴᠢᠴᠧ ᠭᠠᠮᠢᠩ ᠨᠣᠶᠠᠳ ᠤ᠋ᠨ ᠴᠢᠴᠧ᠂ ᠠᠷᠤ ᠳ᠋ᠤᠨᠢ ᠬᠠᠲᠠᠭᠰᠠᠨ ᠬᠢᠲᠠᠳ ᠪᠢᠴᠢᠭᠲᠦ ᠫᠠᠢᠵᠠ ᠨᠢ ᠬᠡᠪ ᠢ᠋ᠶ᠋ᠡᠷ ᠪᠥᠭᠡᠳ ᠲᠡᠷᠡ ᠨᠢ ᠨᠢᠳᠦᠨ ᠳ᠋ᠦ᠍ ᠰᠣᠳᠣᠨ ᠲᠣᠰᠴᠤ᠂ ᠲᠡᠳᠡᠨ ᠦ᠌ ᠠᠷᠭᠠᠴᠠᠭ᠎ᠠ ᠦᠭᠡᠢ ᠢᠯᠠᠭᠳᠠᠭᠰᠠᠨ ᠢ᠋ ᠰᠠᠨᠠᠭᠳᠠᠭᠤᠯᠤᠨ᠎ᠠ᠃   
       — ᠵᠠ ᠯᠠᠮᠠᠲᠠᠨ ᠠ᠋᠂ ᠪᠢ ᠣᠳᠣ ᠬᠠᠷᠢᠶ᠎ᠠ ᠭᠡᠬᠦ ᠳ᠋ᠦ᠍᠂ ᠳᠠᠷᠢ ᠡᠬᠡ ᠯᠠᠮᠠᠲᠠᠨ᠄  
       — ᠴᠢ ᠮᠢᠨᠦ ᠬᠡᠯᠡᠭᠰᠡᠨ ᠢ᠋ ᠵᠥᠪᠰᠢᠶᠡᠷᠡᠨ᠎ᠡ ᠪᠢᠵᠡ ᠳᠡ᠃ 
       — ᠵᠠ ᠪᠢ ᠪᠣᠳᠣᠶ᠎ᠠ᠂ ᠠᠯᠢᠪᠠ ᠶᠠᠭᠤᠮ᠎ᠠ ᠶ᠋ᠢ ᠤᠷᠢᠳ ᠢ᠋ᠶ᠋ᠠᠷ ᠪᠣᠳᠣᠬᠤ ᠨᠢ ᠴᠢᠬᠤᠯᠠ ᠪᠠᠢᠳᠠᠭ ᠰᠢᠦ ᠳᠡ᠃ 
       — ᠪᠣᠳᠣᠬᠤ ᠤᠤ? ᠭᠡᠵᠦ ᠯᠠᠮᠠᠲᠠᠨ ᠭᠠᠢᠬᠠᠭᠰᠠᠨ ᠴᠢᠷᠠᠢ ᠭᠠᠷᠭᠠᠭᠰᠠᠨ ᠢ᠋ᠶ᠋ᠠᠨ᠂ ᠮᠢᠨᠦ ᠪᠣᠳᠣᠬᠤ ᠳ᠋ᠤ᠌ ᠴᠢᠨᠦ ᠲᠡᠷᠡ ᠪᠣᠳᠣᠬᠤ ᠬᠡᠷᠡᠭ ᠥᠩᠭᠡᠷᠡᠭᠰᠡᠨ ᠬᠡᠷᠡᠭ ᠪᠠᠢᠬ᠎ᠠ ᠠ᠋᠃ ᠵᠠ ᠶᠠᠭᠠᠬᠢᠬᠤᠪ ᠪᠣᠳᠣ! ᠪᠣᠳᠣᠭᠠᠳ ᠨᠥᠭᠥᠭᠡᠳᠦᠷ ᠡᠴᠡ ᠬᠡᠷᠬᠢᠪᠡᠴᠦ ᠬᠡᠲᠦᠷᠡᠭᠦᠯᠬᠦ ᠦᠭᠡᠢ ᠪᠡᠷ ᠢᠷᠡᠭᠡᠷᠡᠢ! 
       ᠵᠠᠩᠳᠤᠷᠤᠩᠭᠤᠢ ᠥᠭᠦᠯᠡᠭᠰᠡᠨ ᠢ᠋ ᠨᠢ ᠠᠵᠢᠪᠠᠯ ᠴᠢᠷᠠᠢ ᠬᠦᠢᠲᠡᠨ ᠵᠠᠨᠤᠬᠤ ᠮᠡᠲᠦ ᠦᠵᠡᠭᠳᠡᠪᠡ᠃ 
       ᠪᠠᠯᠳᠠᠨᠴᠡᠷᠢᠩ ᠯᠠᠮᠠᠳᠠᠨ ᠡᠢᠨᠬᠦ ᠰᠢᠷᠦᠭᠦᠨ ᠳᠦᠷᠢ ᠭᠠᠷᠭᠠᠭᠰᠠᠨ ᠠ᠋ᠴᠠ ᠰᠡᠳᠬᠢᠯ ᠶᠡᠬᠡᠳᠡ ᠬᠦᠨᠳᠦᠷᠡᠨ ᠶᠠᠪᠤᠯ᠎ᠠ᠃ ᠶᠠᠭᠤᠨ ᠳ᠋ᠤ᠌ ᠡᠨᠡ ᠪᠣᠢ ᠭᠡᠬᠦ ᠡᠴᠡ ᠯᠠᠮᠠᠳᠠᠨ ᠥᠪᠡᠷ ᠢ᠋ᠶ᠋ᠡᠨ ᠤᠯᠤᠰ ᠲᠥᠷᠥ ᠶ᠋ᠢᠨ ᠢ᠋ᠶ᠋ᠡᠨ ᠨᠢᠭᠤᠴᠠ ᠶ᠋ᠢ ᠰᠠᠨᠠᠮᠰᠠᠷ ᠦᠭᠡᠢ ᠡᠴᠡ ᠪᠤᠶᠤ ᠢᠲᠡᠭᠡᠭᠰᠡᠨ ᠰᠡᠳᠬᠢᠯ ᠢ᠋ᠶ᠋ᠡᠷ ᠠᠯᠳᠠᠭᠰᠠᠨ ᠠ᠋ᠴᠠ ᠪᠠᠨ ᠪᠣᠯᠵᠤ᠂ ᠥᠪᠡᠷ ᠢ᠋ ᠨᠢ ᠲᠡᠳᠡᠨ ᠠᠪᠬᠤ ᠭᠡᠰᠡᠨ ᠢ᠋ᠶ᠋ᠡᠨ ᠬᠡᠷᠬᠢᠪᠡᠴᠦ ᠣᠷᠬᠢᠵᠤ ᠦᠯᠦ ᠪᠣᠯᠬᠤ ᠳ᠋ᠤ᠌ ᠬᠦᠷᠦᠭᠰᠡᠨ ᠨᠢᠭᠡ ᠠᠶᠤᠯ! ᠬᠣᠶᠠᠷ ᠲᠤ᠂ ᠣᠳᠣ ᠶ᠋ᠢᠨ ᠵᠠᠰᠠᠭ ᠲᠥᠷᠥ ᠶ᠋ᠢᠨ ᠪᠣᠯᠣᠳ ᠯᠠᠮᠠᠳᠠᠨ ᠤ᠋ ᠬᠡᠷᠡᠭ ᠠᠷᠠᠳ ᠲᠦᠮᠡᠨ ᠢ᠋ᠶ᠋ᠡᠨ ᠣᠯᠠᠨ ᠵᠠᠭᠤᠨ ᠵᠢᠯ ᠦ᠋ᠨ ᠬᠠᠮᠵᠢᠯᠭᠠᠲᠤ ᠶᠣᠰᠣᠨ ᠠ᠋ᠴᠠ ᠨᠢ ᠰᠠᠯᠭᠠᠬᠤ ᠦᠭᠡᠢ ᠭᠡᠰᠡᠨ ᠪᠠᠰᠠ ᠨᠢᠭᠡ ᠠᠶᠤᠯ᠃ ᠭᠤᠷᠪᠠᠳᠠᠬᠢ᠂ ᠪᠠᠷᠤᠨ ᠵᠠᠩᠵᠤᠨ᠂ ᠲᠡᠭᠦᠨ ᠦ᠌ ᠶᠡᠷᠦ ᠪᠤᠰᠤ ᠶ᠋ᠢᠨ ᠠᠶᠤᠮᠰᠢᠭᠲᠤ ᠳᠦᠷᠢ᠂ ᠰᠡᠳᠬᠢᠯ ᠳ᠋ᠦ᠍ ᠪᠠᠭᠲᠠᠰᠢ ᠦᠭᠡᠢ ᠠᠭᠤᠤ ᠠᠭᠤᠤ ᠶᠡᠬᠡ ᠶᠠᠷᠢᠶ᠎ᠠ ᠴᠥᠮ ᠰᠡᠳᠬᠢᠯ ᠳ᠋ᠦ᠍ ᠪᠠᠭᠤᠬᠤ ᠶ᠋ᠢᠨ ᠵᠡᠷᠭᠡᠴᠡᠭᠡ ᠪᠡᠷ ᠡᠩᠭᠡᠷ ᠲᠦ᠋ᠨᠢ ᠰᠠᠨᠵᠢᠭᠢᠨᠠᠬᠤ ᠠᠯᠲᠠᠨ ᠬᠡᠷᠡᠭᠡᠰᠦ ᠥᠪᠡᠷ ᠦ᠋ᠨ ᠡᠷᠬᠡ ᠦᠭᠡᠢ ᠤᠰᠠᠳᠬᠠᠭᠳᠠᠨ ᠮᠥᠬᠥᠭᠰᠡᠨ ᠴᠠᠭᠠᠨ ᠬᠠᠭᠠᠨ ᠤ᠋ ᠠᠯᠲᠠᠨ ᠬᠡᠷᠡᠭᠡᠰᠦ᠂ ᠲᠡᠭᠦᠨ ᠢ᠋ ᠶᠠᠩᠵᠤ ᠪᠦᠷᠢ ᠪᠡᠷ ᠡᠷᠭᠢᠴᠡᠭᠦᠯᠦᠨ ᠪᠣᠳᠣᠭᠰᠠᠨ ᠤ᠋ ᠡᠴᠦᠰ ᠲᠦ᠍ ᠪᠠᠷᠤᠨ ᠵᠠᠩᠵᠤᠨ ᠤ᠋ ᠪᠦᠬᠦ ᠰᠡᠳᠬᠢᠯ ᠮᠣᠩᠭᠣᠯ ᠤ᠋ᠨ ᠲᠥᠯᠥᠭᠡ ᠪᠢᠰᠢ᠂ ᠬᠠᠷᠢᠨ ᠲᠡᠷᠡ ᠬᠠᠭᠠᠨᠲᠤ ᠵᠠᠰᠠᠭ ᠢ᠋ ᠳᠠᠬᠢᠨ ᠪᠣᠰᠬᠠᠬᠤ ᠶ᠋ᠢᠨ ᠲᠥᠯᠥᠭᠡ ᠪᠤᠰᠤ ᠤᠤ? ᠭᠡᠳᠡᠭ ᠪᠣᠳᠣᠯ ᠭᠡᠨᠡᠳᠲᠡ ᠣᠷᠣᠵᠤ ᠢᠷᠡᠯ᠎ᠡ᠃ ᠲᠡᠭᠡᠭᠡᠳ ᠪᠠᠯᠳᠠᠨᠴᠡᠷᠢᠩ ᠪᠠᠷᠤᠨ ᠤᠩᠬᠧᠷᠡᠨ ᠢ᠋ ᠥᠰᠢᠪᠡ᠂ ᠵᠠᠨᠤᠪᠠ ᠵᠢᠭᠰᠢᠪᠡ᠃ ᠲᠡᠭᠡᠲᠡᠯ᠎ᠡ ᠥᠪᠡᠷ ᠦ᠋ᠨ ᠬᠢᠨᠢ ᠬᠤᠪᠢ ᠵᠠᠶᠠᠭ᠎ᠠ ᠶᠠᠭᠤ ᠪᠣᠯᠬᠤ ᠭᠡᠵᠦ ᠪᠠᠢᠨ᠎ᠠ? ᠪᠠᠷᠤᠨ ᠤ᠋ ᠲᠡᠷᠡ ᠬᠡᠷᠡᠭ ᠲᠦ᠍ ᠵᠢᠳᠬᠦᠬᠦ᠂ ᠳᠠᠷᠢ ᠡᠬᠡ ᠯᠠᠮᠠ ᠶ᠋ᠢᠨ ᠭᠠᠷ ᠲᠤ ᠣᠷᠣᠬᠤ ᠬᠡᠷᠡᠭ ᠤᠤ? ᠡᠰᠡᠪᠡᠯ ᠬᠥᠳᠡᠭᠡ ᠵᠢᠭᠤᠲᠠᠬᠤ ᠤᠤ᠂ ᠵᠢᠭᠤᠲᠠᠭᠠᠳ ᠲᠤᠰᠠ ᠨᠡᠮᠡᠭᠦᠷᠢ ᠦᠭᠡᠢ᠂ ᠬᠣᠵᠢᠮᠳᠠᠭᠰᠠᠨ ᠠᠵᠢ᠃ ᠨᠥᠭᠦᠭᠡ ᠲᠠᠯ᠎ᠠ ᠳ᠋ᠤ᠌ ᠪᠠᠯᠳᠠᠨᠴᠡᠷᠢᠩ ᠰᠤᠩᠳᠤᠢ ᠬᠦᠩ ᠢ᠋ ᠰᠠᠢᠨ ᠲᠠᠨᠢᠨ᠎ᠠ᠃ ᠲᠡᠷᠡ ᠪᠣᠯ ᠨᠤᠮᠤ ᠲᠡᠳᠡᠨ ᠰᠤᠷ ᠬᠠᠷᠪᠤᠬᠤ ᠠ᠋ᠴᠠ ᠡᠬᠢᠯᠡᠭᠡᠳ ᠫᠤᠤ ᠱᠠᠭᠠᠢᠨ ᠠᠩ ᠬᠦᠷᠦᠭᠡ ᠬᠢᠬᠦ᠂ ᠪᠢᠷ ᠨᠡᠢᠯᠡᠭᠦᠯᠦᠨ ᠪᠢᠴᠢᠭ ᠪᠢᠴᠢᠬᠦ ᠡᠴᠡ ᠡᠬᠢᠯᠡᠭᠡᠳ ᠬᠣᠭᠣᠯᠠᠢ ᠵᠠᠰᠠᠨ ᠳᠠᠭᠤᠤ ᠳᠠᠭᠤᠯᠠᠬᠤ᠂ ᠮᠣᠷᠢ ᠪᠥᠬᠡ ᠬᠣᠶᠠᠷ ᠢ᠋ ᠰᠢᠨᠵᠢᠯᠡᠨ ᠲᠠᠨᠢᠬᠤ᠂ ᠤᠷᠠᠨ ᠳᠠᠷᠬᠠᠨ ᠬᠢᠬᠦ ᠵᠡᠷᠭᠡ ᠡᠷ᠎ᠡ ᠬᠥᠮᠦᠨ ᠦ᠌ ᠭᠠᠢᠬᠠᠭᠤᠯᠪᠠᠯ ᠵᠣᠬᠢᠬᠤ ᠪᠦᠬᠦᠨ ᠳ᠋ᠦ᠍ ᠣᠨᠴᠠᠭᠠᠢ ᠲᠥᠷᠥᠭᠰᠡᠨ ᠭᠠᠢᠬᠠᠮᠰᠢᠭᠲᠤ ᠡᠷ᠎ᠡ᠃ ᠲᠡᠷᠡ ᠡᠷ᠎ᠡ ᠣᠳᠣ ᠥᠪᠡᠷ ᠢ᠋ᠶ᠋ᠡᠨ ᠳᠤᠷᠠᠯᠠᠪᠠᠴᠤ᠂ ᠡᠰᠡ ᠳᠤᠷᠠᠯᠠᠪᠠᠴᠤ ᠢᠵᠢᠯᠢ ᠳ᠋ᠡᠭᠡᠨ ᠢᠵᠢᠯᠢ᠂ ᠪᠠᠷᠤᠨ ᠵᠠᠩᠵᠤᠨ᠂ ᠳᠠᠷᠢ ᠡᠬᠡ ᠯᠠᠮᠠ ᠬᠣᠶᠠᠷ ᠤ᠋ᠨ ᠭᠠᠷ ᠲᠤ ᠠᠳᠬᠤᠭᠳᠠᠬᠤ ᠪᠣᠯᠤᠯ᠎ᠠ᠃ ᠡᠢᠮᠦ ᠭᠤᠷᠪᠠᠨ ᠬᠥᠮᠦᠨ ᠢ᠋ᠶ᠋ᠡᠷ ᠲᠣᠯᠣᠭᠠᠢᠯᠠᠭᠤᠯᠤᠭᠰᠠᠨ ᠴᠡᠷᠢᠭ ᠶᠠᠮᠠᠷ ᠪᠠᠢᠬᠤ ᠪᠣᠢ? ᠭᠡᠬᠦ ᠡᠴᠡ ᠪᠠᠯᠳᠠᠨᠴᠡᠷᠢᠩ ᠳ᠋ᠦ᠍ ᠪᠠᠰᠠ ᠯᠠ ᠦᠵᠡᠭᠳᠡᠵᠦ ᠮᠡᠳᠡᠭᠳᠡᠭᠡ ᠦᠭᠡᠢ ᠶᠠᠮᠠᠷ ᠨᠢᠭᠡ ᠠᠶᠤᠮᠰᠢᠭ ᠲᠥᠷᠥᠨ᠎ᠡ᠃ ᠡᠨᠡ ᠮᠡᠲᠦ ᠠᠷᠪᠢᠨ ᠠᠶᠤᠮᠰᠢᠭ ᠲᠤ ᠪᠠᠯᠳᠠᠨᠴᠡᠷᠢᠩ ᠬᠦᠯᠢᠭᠳᠡᠭᠰᠡᠭᠡᠷ ᠭᠡᠷ ᠲᠡᠭᠡᠨ ᠰᠣᠭᠲᠣᠭᠰᠠᠨ ᠬᠥᠮᠦᠨ ᠰᠢᠭ ᠭᠤᠢᠪᠢᠯᠠᠨ ᠢᠷᠡᠪᠡ᠃ ᠭᠡᠷ ᠨᠢ ᠳᠤᠯᠠᠭᠠᠨ᠂ ᠬᠣᠭᠣᠯᠠ ᠤᠮᠳᠠ ᠪᠡᠯᠡᠨ ᠪᠠᠢᠪᠠᠴᠤ ᠰᠡᠳᠬᠢᠯ ᠲᠠᠢᠪᠤᠰᠢᠷᠠᠬᠤ ᠶᠠᠭᠤᠮ᠎ᠠ ᠶᠡᠷᠦ ᠠᠯᠠᠭ᠎ᠠ᠃ ᠥᠪᠡᠷ ᠦ᠋ᠨ ᠬᠤᠪᠢ ᠵᠠᠶᠠᠭ᠎ᠠ ᠶ᠋ᠢ ᠶᠠᠭᠠᠬᠢᠬᠤ ᠪᠢᠯᠡ? ᠭᠡᠵᠦ ᠡᠯᠳᠡᠪᠴᠢᠯᠡᠨ ᠪᠣᠳᠣᠬᠤ ᠲᠣᠯᠣᠭᠠᠢ ᠪᠠᠨ ᠭᠠᠰᠠᠯᠭᠠᠨ᠎ᠠ᠃ ᠠᠱ᠌ᠢᠭᠦᠢ ᠨᠢᠭᠡ ᠵᠠᠮ ᠮᠥᠷ᠂ ᠲᠡᠷᠡ ᠨᠢ ᠵᠢᠭᠤᠲᠠᠬᠤ᠃ ᠠᠷᠠᠳ ᠤ᠋ᠨ ᠨᠠᠮ᠂ ᠰᠦᠬᠡᠪᠠᠭᠠᠲᠤᠷ ᠤ᠋ᠨ ᠵᠦᠭ᠂ ᠡᠴᠦᠰ ᠨᠢ ᠴᠣᠬᠣᠮ ᠶᠠᠭᠤ ᠪᠣᠯᠪᠠᠴᠤ ᠬᠠᠮᠢᠶ᠎ᠠ ᠦᠭᠡᠢ᠂ ᠥᠪᠡᠷ ᠦ᠋ᠨ ᠬᠤᠪᠢ ᠵᠠᠶᠠᠭ᠎ᠠ ᠶ᠋ᠢ ᠭᠠᠭᠴᠠᠬᠠᠨ ᠲᠡᠳᠡᠨ ᠠᠪᠴᠢᠬᠤ ᠠ᠋ᠴᠠ ᠥᠭᠡᠷ᠎ᠡ ᠵᠠᠮ ᠮᠥᠷ ᠦᠭᠡᠢ ᠪᠣᠯᠵᠠᠢ᠃ ᠣᠷᠣᠨ ᠳᠡᠭᠡᠷ᠎ᠡ ᠬᠥᠨᠳᠡᠯᠡᠨ ᠬᠠᠶᠠᠭᠰᠠᠨ ᠪᠡᠶ᠎ᠡ ᠪᠡᠨ ᠶᠠᠭᠠᠷᠠᠨ ᠥᠨᠳᠡᠢᠯᠭᠡᠵᠦ᠂ ᠠᠪᠳᠠᠷ᠎ᠠ ᠪᠠᠨ ᠠᠭᠤᠳᠠᠯᠤᠨ ᠪᠠᠶᠠᠷ ᠶᠣᠰᠣᠯᠠᠯ ᠳ᠋ᠤ᠌ ᠡᠮᠦᠰᠳᠡᠭ ᠦᠨᠡᠲᠦ ᠳᠡᠪᠡᠯ᠂ ᠤᠲᠠᠰᠤ ᠬᠠᠳᠬᠤᠮᠠᠯ ᠭᠤᠲᠤᠯ᠂ ᠬᠥᠭᠡᠷᠦᠭ ᠳᠠᠯᠢᠩ ᠲᠠᠢ ᠪᠠᠨ ᠭᠠᠷᠭᠠᠨ᠄ 
       — ᠵᠠ ᠬᠦ ᠠᠷᠪᠠᠭᠠᠢ! ᠡᠳᠡᠨ ᠢ᠋ ᠮᠠᠷᠭᠠᠰᠢ ᠵᠠᠬ᠎ᠠ ᠳᠡᠭᠡᠷ᠎ᠡ ᠭᠠᠷᠭᠠᠨ ᠵᠠᠷᠤᠭᠠᠳ ᠬᠣᠶᠠᠷ ᠰᠠᠢᠨ ᠮᠣᠷᠢ ᠪᠣᠯᠭᠠᠨ᠎ᠠ ᠰᠢᠦ᠃ 
       — ᠵᠠ ᠲᠠ ᠶᠠᠭᠤ ᠭᠡᠪᠡ ᠠ᠋? 
       ᠪᠠᠯᠳᠠᠨᠴᠡᠷᠢᠩ ᠦᠭᠡ ᠪᠡᠨ ᠳᠠᠪᠲᠠᠭᠠᠳ ᠮᠠᠷᠭᠠᠰᠢ ᠶ᠋ᠢᠨ ᠳᠣᠲᠣᠷ᠎ᠠ ᠵᠠᠪᠠᠯ ᠠᠮᠵᠢᠭᠤᠯᠬᠤ ᠬᠡᠷᠡᠭᠲᠡᠢ! ᠭᠡᠵᠦ ᠨᠡᠮᠡᠪᠡ᠃ 
       ᠥᠷᠯᠥᠭᠡ ᠪᠠᠯᠳᠠᠨᠴᠡᠷᠢᠩ ᠡᠷᠲᠡᠯᠡᠨ ᠪᠣᠰᠴᠤ ᠴᠠᠬᠠᠷ᠂ ᠥᠪᠥᠷ ᠮᠣᠩᠭᠣᠯᠴᠤᠳ ᠪᠠᠢᠷᠢ ᠤᠷᠤᠭᠤ ᠶᠠᠪᠤᠯ᠎ᠠ᠃ ᠮᠣᠳᠣᠨ ᠭᠡᠷ ᠲᠦ᠍ ᠢᠷᠡᠬᠦ ᠳ᠋ᠦ᠍ ᠬᠤᠭᠤᠷ ᠳᠠᠷᠤᠳᠠᠭ ᠡᠪᠦᠭᠡᠨ ᠴᠠᠬᠠᠷ ᠭᠠᠭᠴᠠᠭᠠᠷ ᠢ᠋ᠶ᠋ᠠᠨ ᠬᠥᠨᠵᠢᠯᠡ ᠳᠡᠪᠢᠰᠬᠡᠷ ᠢ᠋ᠶ᠋ᠡᠨ ᠪᠠᠭᠯᠠᠨ ᠰᠠᠭᠤᠨ᠎ᠠ᠃ ᠠᠮᠤᠷ ᠡᠷᠢᠭᠡᠳ ᠭᠣᠣᠵᠤᠤ ᠪᠠᠭᠠᠲᠤᠷ ᠢ᠋ ᠰᠤᠷᠠᠭᠯᠠᠬᠤ ᠳ᠋ᠤ᠌᠄ 
       — ᠵᠠ ᠮᠡᠳᠡᠬᠦ ᠦᠭᠡᠢ᠂ ᠲᠡᠳᠡ ᠴᠥᠮ ᠶᠠᠪᠤᠴᠢᠬᠠᠭᠰᠠᠨ᠃ 
       — ᠬᠡᠵᠢᠶ᠎ᠡ? 
       — ᠥᠴᠥᠭᠡᠳᠦᠷ᠃ ᠣᠷᠣᠰ ᠮᠣᠩᠭᠣᠯ ᠬᠣᠶᠠᠷ ᠳᠠᠷᠤᠭ᠎ᠠ ᠢᠷᠡᠭᠡᠳ ᠳᠠᠷᠤᠭ᠎ᠠ ᠨᠠᠷ ᠪᠣᠯᠭᠠᠬᠤ ᠪᠠᠷ ᠠᠪᠤᠭᠠᠳ ᠶᠠᠪᠤᠭᠰᠠᠨ᠃ 
       — ᠠ ᠲᠠ? 
       — ᠨᠠᠮᠠᠶ᠋ᠢ ᠤᠤ? ᠣᠳᠣ ᠶᠠᠭᠠᠬᠢᠨ᠎ᠠ᠂ ᠴᠢᠨᠣ᠎ᠠ ᠥᠲᠡᠯᠬᠦ ᠪᠡᠷ ᠢ᠋ᠶ᠋ᠡᠨ ᠰᠦᠷᠦᠭ ᠲᠡᠭᠡᠨ ᠬᠠᠶᠠᠭᠳᠠᠨ᠎ᠠ᠂ ᠡᠷ᠎ᠡ ᠥᠲᠡᠯᠬᠦ ᠪᠡᠷ ᠢ᠋ᠶ᠋ᠡᠨ ᠴᠡᠷᠢᠭ ᠡᠴᠡ ᠬᠠᠰᠤᠭᠳᠠᠨ᠎ᠠ ᠭᠡᠵᠦ  ᠥᠭᠦᠯᠡᠪᠡ᠃ 
       — ᠲᠠᠨ ᠳ᠋ᠤ᠌ ᠭᠣᠣᠵᠤᠤ ᠶ᠋ᠢᠨ ᠬᠠᠮᠢᠭ᠎ᠠ ᠣᠴᠢᠭᠰᠠᠨ ᠢ᠋ ᠮᠡᠳᠡᠬᠦ ᠶᠠᠭᠤᠮ᠎ᠠ ᠠᠯᠠᠭ᠎ᠠ ᠤᠤ? 
       — ᠵᠠ ᠪᠢ ᠮᠡᠳᠡᠨ᠎ᠡ ᠳᠠ᠂ ᠭᠡᠪᠡᠴᠦ ᠲᠡᠷᠡ ᠪᠠᠭᠠᠲᠤᠷ ᠡᠷ᠎ᠡ ᠬᠡᠷᠬᠢᠪᠡᠴᠦ ᠬᠠᠶᠠᠭᠳᠠᠬᠤ ᠦᠭᠡᠢ᠃  
       ᠪᠠᠯᠳᠡᠨᠴᠡᠷᠢᠩ ᠪᠤᠴᠠᠨ ᠭᠠᠷᠴᠤ ᠭᠱᠠᠨ ᠵᠠᠭᠤᠷ᠎ᠠ ᠡᠷᠭᠢᠨ ᠲᠣᠭᠣᠷᠢᠨ ᠢ᠋ ᠠᠯᠮᠠᠢᠷᠠᠨ ᠰᠢᠷᠲᠡᠭᠡᠳ ᠴᠡᠷᠢᠭ ᠦ᠋ᠨ ᠬᠤᠸᠠᠷᠠᠨ ᠤᠷᠤᠭᠤ ᠶᠠᠪᠤᠯ᠎ᠠ᠃ ᠬᠦᠷᠬᠦ ᠵᠠᠭᠤᠷ᠎ᠠ᠂ ᠪᠡᠷᠤᠨ ᠤ᠋ ᠬᠢᠨ ᠲᠡᠳᠡᠨ ᠢ᠋ ᠨᠡᠭᠡᠷᠡᠨ ᠳᠠᠷᠤᠭ᠎ᠠ ᠪᠣᠯᠭᠠᠬᠤ ᠪᠠᠷ ᠠᠪᠠᠴᠢᠭᠰᠠᠨ ᠬᠡᠷᠡᠭ ᠤᠤ? ᠠᠯᠢ ᠪᠥᠭᠡᠮ ᠪᠠᠢᠯᠭᠠᠪᠠᠯ ᠨᠢᠭᠡ ᠮᠡᠳᠡᠬᠦ ᠳ᠋ᠦ᠍ ᠭᠠᠮᠢᠩ ᠤ᠋ᠳ ᠢ᠋ ᠡᠷᠭᠢᠨ ᠳᠠᠢᠰᠤᠩᠨᠠᠭᠰᠠᠨ ᠰᠢᠭ᠋ ᠢ᠋ᠶ᠋ᠡᠨ ᠶᠠᠭᠤᠮ᠎ᠠ ᠪᠣᠯᠵᠤ ᠮᠠᠭᠠᠳ ᠦᠭᠡᠢ ᠭᠡᠵᠦ ᠲᠠᠷᠬᠠᠭᠠᠪᠠ ᠤᠤ ᠭᠡᠳᠡᠭ ᠠᠰᠠᠭᠤᠳᠠᠯ ᠢ᠋ ᠡᠷᠭᠢᠴᠡᠭᠦᠯᠦᠨ ᠪᠣᠳᠣᠬᠤ ᠠᠵᠢ᠃ ᠬᠤᠸᠠᠷᠠᠨ ᠳᠡᠭᠡᠷ᠎ᠡ ᠢᠷᠡᠭᠡᠳ ᠳᠡᠭᠡᠭᠦᠷ ᠳᠣᠣᠭᠤᠷ ᠦᠭᠡᠢ ᠶᠠᠪᠤᠨ᠂ ᠵᠠᠷᠢᠮ ᠨᠥᠬᠥᠳ ᠲᠡᠢ ᠨᠢ ᠲᠠᠭᠠᠷᠠᠯᠳᠤᠪᠠᠴᠤ᠂ ᠲᠡᠳᠡ ᠭᠣᠣᠵᠤᠤ ᠶ᠋ᠢᠨ ᠬᠠᠮᠢᠭ᠎ᠠ ᠣᠴᠢᠭᠰᠠᠨ ᠢ᠋ ᠦᠯᠦ ᠮᠡᠳᠡᠨ᠎ᠡ᠃ ᠴᠠᠭ ᠦᠳᠡ ᠥᠩᠭᠡᠷᠡᠵᠦ ᠪᠠᠢᠬᠤ ᠲᠤᠯᠠ ᠬᠣᠢᠰᠢᠬᠢ ᠠᠵᠢᠯ ᠢ᠋ᠶ᠋ᠠᠨ ᠪᠣᠳᠣᠨ ᠶᠠᠭᠠᠷᠠᠤ ᠪᠤᠴᠠᠬᠤ ᠠ᠋ᠴᠠ ᠥᠭᠡᠷ᠎ᠡ ᠠᠷᠭ᠎ᠠ ᠦᠭᠡᠢ ᠪᠣᠯᠵᠠᠢ᠃ 《ᠣᠳᠣ ᠶᠠᠭᠠᠬᠢᠶ᠎ᠠ ᠭᠡᠬᠦ ᠪᠣᠢ᠂ ᠭᠠᠭᠴᠠᠭᠠᠷ ᠢ᠋ᠶ᠋ᠠᠨ ᠯᠠ ᠶᠠᠪᠤᠨ᠎ᠠ ᠳᠠ》 ᠭᠡᠵᠦ ᠰᠡᠳᠬᠢᠯ ᠰᠢᠯᠤᠭᠤᠳᠪᠠᠴᠤ ᠲᠡᠷᠡ ᠰᠠᠢᠨ ᠡᠷ᠎ᠡ ᠶ᠋ᠢᠨ ᠬᠤᠪᠢ ᠵᠠᠶᠠᠭ᠎ᠠ ᠶ᠋ᠢ ᠥᠪᠡᠷ ᠦ᠋ᠨ ᠬᠢ ᠲᠡᠢ ᠪᠡᠨ ᠬᠣᠯᠪᠣᠵᠤ ᠴᠢᠳᠠᠭᠰᠠᠨ ᠦᠭᠡᠢ ᠭᠡᠬᠦ ᠡᠴᠡ ᠮᠠᠰᠢ ᠬᠠᠷᠠᠰᠬᠠᠳᠠᠨ᠎ᠠ᠃ ᠬᠠᠰᠢᠶᠠᠨ ᠳ᠋ᠠᠭᠠᠨ ᠢᠷᠡᠨ ᠬᠠᠭᠠᠯᠭ᠎ᠠ ᠲᠠᠲᠠᠬᠤ ᠳ᠋ᠤ᠌ ᠬᠣᠶᠠᠷ ᠰᠠᠢᠬᠠᠨ ᠮᠣᠷᠢ ᠤᠶᠠᠭᠠᠲᠠᠢ ᠪᠠᠢᠭ᠎ᠠ ᠨᠢ ᠨᠢᠭᠡ ᠲᠠᠯ᠎ᠠ ᠪᠠᠷ ᠪᠠᠶᠠᠷᠯᠠᠯᠲᠠᠢ ᠪᠠᠢᠪᠠᠴᠤ᠂ ᠨᠥᠭᠦᠭᠡ ᠲᠠᠯ᠎ᠠ ᠪᠠᠷ ᠭᠣᠣᠵᠤᠤ ᠶ᠋ᠢ ᠳᠠᠬᠢᠨ ᠳᠤᠷᠠᠰᠤᠨ ᠰᠠᠨᠠᠭᠰᠠᠨ ᠪᠥᠭᠡᠳ ᠲᠡᠷᠡ ᠡᠷ᠎ᠡ ᠶ᠋ᠢᠨ ᠬᠡᠳᠦᠬᠡᠨ ᠬᠣᠨᠣᠭ ᠤ᠋ᠨ ᠡᠮᠦᠨ᠎ᠡ ᠮᠣᠳᠣᠨ ᠬᠣᠢᠲᠠᠢ ᠬᠤᠷᠴᠠ ᠵᠡᠪᠰᠡᠭ ᠲᠤᠯᠭᠠᠨ ᠥᠭᠭᠦᠭᠰᠡᠨ ᠦ᠌ ᠳᠠᠷᠠᠭ᠎ᠠ《ᠲᠠ ᠴᠡᠷᠢᠭ ᠲᠡᠢᠨ ᠦ᠌ ᠬᠥᠮᠦᠨ ᠪᠢᠰᠢ ᠪᠣᠯᠪᠠᠴᠤ᠂ ᠴᠡᠷᠢᠭ ᠲᠡᠢᠨ ᠦ᠌ ᠦᠶ᠎ᠡ ᠬᠥᠮᠦᠨ ᠢ᠋ ᠥᠪᠡᠷ ᠦ᠋ᠨ ᠡᠷᠬᠡ ᠦᠭᠡᠢ ᠴᠡᠷᠢᠭ ᠲᠡᠢᠨ ᠳ᠋ᠦ᠍ ᠲᠡᠳᠡᠨ ᠣᠷᠣᠭᠤᠯᠳᠠᠭ᠁》 ᠭᠡᠵᠦ ᠥᠭᠦᠯᠡᠭᠰᠡᠨ ᠨᠢ ᠣᠳᠣ ᠶᠠᠭ ᠲᠣᠯᠣᠭᠠᠢ ᠳᠡᠭᠡᠷ᠎ᠡ ᠪᠠᠭᠤᠵᠤ ᠪᠠᠢᠭ᠎ᠠ ᠨᠢ ᠰᠠᠨᠠᠭᠠᠨ ᠳ᠋ᠤ᠌ ᠣᠷᠣᠵᠤ《ᠦᠭᠡᠢ ᠶᠠᠭᠤᠲᠠᠢ ᠶᠡᠬᠡ ᠶᠠᠭᠤᠮ᠎ᠠ ᠦᠵᠡᠭᠰᠡᠨ᠂ ᠶᠢᠷᠲᠢᠨᠴᠦ ᠶ᠋ᠢ ᠲᠤᠭᠤᠯᠤᠭᠰᠠᠨ ᠡᠷ᠎ᠡ ᠪᠢᠯᠡ?》 ᠭᠡᠵᠦ ᠭᠠᠢᠬᠠᠪᠠ᠃ ᠭᠡᠷ ᠲᠡᠭᠡᠨ ᠣᠷᠣᠬᠤ ᠳ᠋ᠤ᠌ ᠠᠷᠪᠠᠭᠠᠢ ᠭᠣᠣᠵᠤᠤ ᠲᠠᠢ ᠵᠦᠢᠷᠯᠡᠵᠦ ᠬᠡᠷᠬᠢᠪᠡᠴᠦ ᠦᠯᠦ ᠪᠣᠯᠬᠤ ᠪᠣᠯᠪᠠᠴᠤ ᠮᠥᠨ ᠯᠡ ᠡᠷ᠎ᠡ᠂ ᠶᠠᠭ ᠴᠤ᠌ ᠦᠭᠡᠢ ᠤᠷᠢᠳ ᠡᠮᠦᠨ᠎ᠡ ᠤᠯᠤᠰ ᠣᠷᠣᠨ ᠤ᠋ ᠪᠠᠨ ᠲᠥᠯᠥᠭᠡ ᠴᠡᠷᠢᠭ ᠲᠡᠢᠨ ᠳ᠋ᠦ᠍ ᠶᠠᠪᠤᠵᠤ ᠪᠠᠢᠭᠰᠠᠨ ᠢᠳᠡᠷ ᠡᠷ᠎ᠡ᠃ ᠴᠠᠭᠠᠰᠢ ᠬᠠᠷᠠᠨ ᠮᠢᠬ᠎ᠠ ᠢᠳᠡᠵᠦ ᠰᠠᠭᠤᠬᠤ ᠶ᠋ᠢ ᠪᠠᠯᠳᠡᠨᠴᠡᠷᠢᠩ ᠬᠠᠷᠠᠭᠠᠳ ᠡᠭᠦᠨ ᠢ᠋ ᠴᠦ᠍ ᠪᠢ ᠪᠠᠷᠤᠨ ᠤ᠋ ᠬᠢᠨ ᠳ᠋ᠦ᠍ ᠠᠯᠳᠠᠬᠤ ᠬᠡᠷᠡᠭ ᠦᠭᠡᠢ》 ᠭᠡᠵᠦ ᠪᠣᠳᠣᠵᠠᠢ᠃  
       — ᠵᠠ ᠬᠦ ᠬᠣᠭᠣᠯᠠ ᠬᠢᠬᠦ ᠬᠡᠷᠡᠭ ᠦᠭᠡᠢ᠂ ᠴᠢ ᠪᠢᠳᠡ ᠬᠣᠶᠠᠷ ᠢᠩᠭᠢᠰᠬᠢᠭᠡᠳ ᠶᠠᠪᠤᠨ᠎ᠠ᠃  
       — ᠵᠠ ᠪᠠᠭᠰᠢ ᠠ᠋ ᠬᠠᠮᠢᠭᠠᠰᠢ ᠪᠠᠨ? ᠭᠡᠵᠦ ᠡᠷᠭᠢᠵᠦ ᠭᠠᠢᠬᠠᠨ ᠬᠠᠷᠠᠪᠠ᠃ 
       — ᠠᠯᠤᠰ ᠲᠤ᠂ ᠴᠢᠮ᠎ᠠ ᠳ᠋ᠤ᠌ ᠡᠮᠡᠭᠡᠯ ᠬᠠᠵᠠᠭᠠᠷ ᠤ᠋ᠨ ᠶᠠᠭᠤᠮ᠎ᠠ ᠪᠠᠢᠳᠠᠭ ᠪᠢᠯᠢᠤ?  
       — ᠵᠠ ᠪᠣᠢ᠃ ᠡᠷ᠎ᠡ ᠬᠥᠮᠦᠨ ᠦ᠌ ᠵᠠᠮ ᠤ᠋ᠨ ᠬᠦᠵᠦᠭᠦᠦ ᠤᠷᠲᠤ ᠭᠡᠵᠦ ᠪᠣᠳᠣᠭᠠᠳ ᠪᠢ ᠠᠯᠢ ᠬᠡᠳᠦᠢᠨᠡᠢ ᠲᠥᠬᠥᠭᠡᠷᠴᠦ ᠠᠪᠤᠭᠰᠠᠨ᠃ 
       — ᠰᠠᠢᠨ᠃ 
       ᠠᠷᠪᠠᠭᠠᠢ ᠮᠢᠬ᠎ᠠ ᠱᠥᠯᠥ ᠪᠡᠨ ᠳᠠᠯᠳᠠ ᠬᠢᠵᠦ ᠪᠠᠯᠳᠡᠨᠵᠡᠷᠢᠩ ᠦ᠋ᠨ ᠮᠣᠷᠢ ᠶ᠋ᠢ ᠡᠮᠡᠭᠡᠯᠯᠡᠪᠡ᠃ ᠪᠠᠯᠳᠠᠨᠴᠡᠷᠢᠩ ᠬᠤᠪᠴᠠᠰᠤ ᠬᠤᠨᠠᠷ ᠢ᠋ᠶ᠋ᠠᠨ ᠰᠣᠯᠢᠵᠤ᠂ ᠣᠢᠮᠣᠰᠤᠨ ᠤ᠋ ᠲᠦᠷᠡᠢ ᠳ᠋ᠦ᠍ ᠬᠢᠵᠦ ᠪᠠᠢᠰᠢᠩ ᠤ᠋ᠨ ᠬᠥᠨᠳᠡᠢ ᠳᠣᠣᠭᠤᠷ ᠬᠠᠶᠠᠭᠰᠠᠨ ᠮᠠᠣᠽᠢᠷ ᠫᠤᠤ ᠪᠠᠨ ᠠᠪᠴᠠᠢ᠃ ᠭᠡᠷ ᠲᠡᠭᠡᠨ ᠣᠷᠣᠵᠤ ᠢᠷᠡᠭᠡᠳ ᠪᠤᠷᠬᠠᠨ ᠳ᠋ᠠᠭᠠᠨ ᠵᠤᠯᠠ ᠡᠷᠭᠦᠵᠦ᠂ ᠠᠷᠴᠠ ᠤᠭᠤᠭᠢᠭᠤᠯᠬᠤ ᠨᠢ ᠬᠤᠪᠢ ᠵᠠᠶᠠᠭ᠎ᠠ ᠪᠠᠨ ᠳᠠᠭᠠᠳᠬᠠᠵᠤ ᠪᠠᠢᠭ᠎ᠠ ᠬᠡᠷᠡᠭ ᠪᠠᠢᠵᠠᠢ᠃ ᠠᠯᠤᠰ ᠤ᠋ᠨ ᠵᠠᠮ ᠳ᠋ᠤ᠌ ᠮᠣᠷᠳᠠᠬᠤ ᠶ᠋ᠢᠨ ᠢ᠋ᠶ᠋ᠡᠨ ᠶᠡᠬᠡ ᠶᠣᠰᠣᠯᠠᠯ ᠢ᠋ ᠪᠠᠯᠳᠠᠨᠴᠡᠷᠢᠩ ᠳᠥᠷᠪᠡᠨ ᠲᠠᠯᠠᠲᠤ ᠪᠣᠯᠭᠠᠨ ᠲᠣᠭᠣᠷᠴᠣᠭ ᠢ᠋ᠶ᠋ᠠᠨ ᠲᠥᠪ ᠡᠮᠦᠰᠴᠦ ᠵᠠᠪᠢᠯᠠᠨ ᠰᠠᠭᠤᠵᠤ ᠨᠢᠭᠡ ᠠᠶᠠᠭ᠎ᠠ ᠴᠠᠢ ᠤᠤᠭᠤᠵᠤ᠂ ᠲᠠᠪᠠᠭ ᠲᠠᠢ ᠢᠳᠡᠭᠡ ᠡᠴᠡ ᠪᠡᠨ ᠠᠮᠰᠠᠪᠠ᠃ ᠳᠣᠣᠷᠠᠲᠤ ᠲᠠᠯ᠎ᠠ ᠳ᠋ᠤᠨᠢ ᠠᠷᠪᠠᠭᠠᠢ ᠬᠠᠮᠢᠭᠠᠰᠢ ᠪᠠᠨ ᠶᠠᠭᠤᠨ ᠳ᠋ᠤ᠌ ᠶᠠᠪᠤᠬᠤ ᠶ᠋ᠢ ᠬᠡᠯᠡᠵᠦ ᠯᠠᠪᠯᠠᠵᠤ ᠴᠢᠳᠠᠬᠤ ᠦᠭᠡᠢ ᠪᠠᠢᠪᠠᠴᠤ ᠶᠠᠪᠤᠬᠤ ᠯᠠ ᠪᠣᠯᠵᠤ ᠳᠠ ᠭᠡᠵᠦ ᠪᠣᠳᠣᠨ ᠬᠢᠶ᠎ᠡ ᠬᠥᠮᠦᠨ ᠦ᠌ ᠨᠣᠶᠠᠨ ᠳ᠋ᠠᠭᠠᠨ ᠭᠦᠢᠴᠡᠳᠬᠡᠬᠦ ᠡᠭᠦᠷᠭᠡ ᠶ᠋ᠢ ᠬᠢᠴᠢᠶᠡᠩᠭᠦᠢᠯᠡ ᠪᠠᠷᠢᠨ ᠰᠠᠭᠤᠨ᠎ᠠ᠃ ᠪᠠᠯᠳᠠᠨᠴᠡᠷᠢᠩ ᠪᠠᠷᠠᠭᠤᠨ ᠭᠠᠷ ᠲᠠᠭᠠᠨ ᠦᠨᠳᠦᠰᠦᠨ ᠲᠠᠭᠰᠢᠲᠤ ᠴᠠᠢ ᠪᠠᠨ ᠬᠤᠷᠤᠭᠤ ᠨᠤᠭᠤᠳ ᠤ᠋ᠨ ᠢ᠋ᠶ᠋ᠠᠨ ᠦᠵᠦᠭᠦᠷ ᠦ᠋ᠳ ᠲᠦ᠍ ᠴᠣᠮᠴᠣᠢᠯᠭᠠᠨ ᠪᠠᠷᠢᠵᠤ᠂ ᠭᠡᠷ ᠦ᠋ᠨ ᠢ᠋ᠶ᠋ᠡᠨ ᠳᠣᠲᠣᠷᠠᠬᠢ ᠶ᠋ᠢ ᠠᠢᠪᠤᠩ ᠲᠠᠢᠪᠤᠩ ᠠᠵᠢᠵᠤ ᠪᠠᠢᠭᠰᠠᠨ ᠢ᠋ᠶ᠋ᠠᠨ ᠮᠠᠷᠲᠠᠬᠤ ᠭᠡᠵᠦ ᠪᠠᠢᠭ᠎ᠠ ᠨᠢᠭᠡ ᠶᠠᠭᠤᠮ᠎ᠠ ᠪᠠᠨ ᠰᠠᠨᠠᠵᠠᠢ᠃ ᠳᠡᠷᠭᠡᠳᠡᠬᠢ ᠪᠢᠴᠢᠬᠠᠨ ᠰᠢᠷᠭᠤᠤᠯ ᠤ᠋ᠨ ᠢ᠋ᠶ᠋ᠠᠨ ᠨᠢᠳᠦ ᠶ᠋ᠢ ᠲᠠᠲᠠᠵᠤ ᠮᠥᠩᠭᠥᠨ ᠬᠤᠰᠢᠭᠤᠨ ᠳ᠋ᠤ᠌ ᠰᠢᠷᠭᠤᠭᠤᠯᠤᠭᠰᠠᠨ ᠬᠣᠣᠰ ᠪᠢᠷ᠂ ᠬᠥᠮᠦᠨ ᠬᠥᠮᠦᠨ ᠦ᠌ ᠬᠢ ᠡᠴᠡ ᠳᠠᠪᠠᠭᠤ ᠲᠠᠢ ᠲᠣᠮᠣ ᠭᠠᠤᠯᠢᠨ ᠶᠨ᠌ᠨ᠌ᠲ᠋ᠨ᠌ᠢ ᠡᠳᠡᠭᠡᠷ ᠢ᠋ ᠭᠠᠷᠭᠠᠨ ᠠᠪᠴᠤ ᠡᠪᠦᠷᠯᠡᠪᠡ᠃  
       ᠭᠡᠷ ᠦ᠋ᠨ ᠢ᠋ᠶ᠋ᠡᠨ ᠡᠷᠦᠬᠡ ᠶ᠋ᠢ ᠤᠷᠤᠭᠰᠢ ᠪᠥᠬᠥᠢᠯᠭᠡᠨ ᠪᠠᠷᠤᠭ ᠪᠦᠲᠡᠭᠡᠬᠦ ᠰᠢᠬᠠᠮ ᠪᠣᠯᠭᠠᠵᠤ ᠬᠣᠰᠢᠭᠤ ᠶ᠋ᠢ ᠨᠢ ᠳᠥᠩᠭᠡᠵᠦ ᠡᠷᠭᠢᠭᠦᠯᠦᠮᠡᠷ ᠪᠣᠯᠵᠤ ᠣᠭᠣᠰᠣᠷ ᠢ᠋ ᠨᠢ ᠠᠷᠤ ᠳ᠋ᠤᠨᠢ ᠤᠶᠠᠬᠤ ᠪᠣᠯ ᠡᠵᠡᠨ ᠦᠭᠡᠢ ᠶ᠋ᠢᠨ ᠲᠡᠮᠳᠡᠭ᠃ ᠬᠠᠰᠢᠶᠠᠨ ᠤ᠋ ᠬᠠᠭᠠᠯᠭᠠᠨ ᠤ᠋ ᠨᠡᠭᠡᠭᠡᠬᠦ ᠰᠤᠷ ᠢ᠋ ᠰᠤᠭᠤᠯᠵᠤ ᠣᠨᠢᠰᠤᠯᠠᠬᠤ ᠰᠤᠷ ᠢ᠋ ᠲᠠᠲᠠᠮᠠᠭᠴᠠ ᠭᠠᠳᠠᠨ᠎ᠠ ᠶ᠋ᠢᠨ ᠬᠥᠮᠦᠨ ᠣᠷᠣᠬᠤ ᠡᠷᠬᠡ ᠦᠭᠡᠢ ᠲᠦᠭᠵᠢᠭᠳᠡᠪᠡ᠃ ᠲᠡᠳᠡ ᠮᠣᠷᠢᠳ ᠢ᠋ᠶ᠋ᠠᠨ ᠬᠥᠲᠥᠯᠦᠨ ᠭᠤᠳᠤᠮᠵᠢ ᠳ᠋ᠠᠭᠠᠨ ᠠᠯᠬᠤᠯᠠᠪᠠ᠃ ᠭᠡᠪᠡᠴᠦ ᠶᠠᠪᠤᠬᠤ ᠵᠠᠮ ᠳ᠋ᠠᠭᠠᠨ ᠰᠢᠭᠤᠳᠤᠷᠠᠨ ᠣᠷᠣᠵᠤ ᠪᠠᠢᠭ᠎ᠠ ᠨᠢ ᠬᠠᠷᠠᠬᠠᠨ ᠪᠢᠰᠢ᠂ ᠨᠢᠭᠡ ᠬᠠᠰᠢᠶᠠᠨ ᠳ᠋ᠤ᠌ ᠪᠠᠷᠢᠭᠰᠠᠨ ᠳᠥᠷᠪᠡᠨ ᠬᠠᠨ᠎ᠠ ᠲᠠᠢ ᠲᠣᠪᠬᠢᠭᠰᠠᠨ ᠭᠡᠷ ᠲᠦ᠍ ᠣᠷᠣᠬᠤ ᠳ᠋ᠤ᠌ ᠡᠮᠡᠭᠡᠨ《ᠠ ᠭᠦᠩᠲᠡᠨ》 ᠭᠡᠵᠦ ᠳᠠᠭᠤ ᠠᠯᠳᠠᠨ ᠤᠭᠲᠤᠨ᠎ᠠ᠃ ᠬᠠᠷᠠᠪᠠᠯ ᠡᠨᠡ ᠡᠮᠡᠭᠡᠨ ᠳ᠋ᠦ᠍ ᠬᠠᠭᠤᠴᠢᠨ ᠶᠠᠭᠤᠮ᠎ᠠ ᠶᠡᠷᠦ ᠠᠯᠠᠭ᠎ᠠ᠃ ᠭᠡᠷ ᠦ᠋ᠨ ᠳᠣᠲᠣᠷ᠎ᠠ ᠲᠣᠬᠢᠲᠠᠢ ᠡᠮᠦᠰᠬᠡᠯ ᠬᠤᠪᠴᠠᠰᠤ ᠴᠡᠪᠡᠷ ᠰᠠᠢᠬᠠᠨ᠂ ᠨᠢᠭᠤᠷ ᠴᠢᠷᠠᠢ ᠲᠣᠯᠢ ᠰᠢᠭ᠋ ᠭᠡᠭᠡᠨ ᠲᠤᠩᠭᠠᠯᠠᠭ᠂ ᠬᠠᠴᠠᠷ ᠠ᠋ᠴᠠ ᠨᠢ ᠤᠯᠠᠭᠠᠨ ᠶᠠᠭᠠᠨ ᠲᠤᠶᠠᠭ᠎ᠠ ᠲᠠᠲᠠᠬᠤ ᠨᠢ ᠡᠷᠲᠡ ᠤᠷᠢᠳᠤ ᠡᠷᠬᠢᠮ ᠳᠡᠭᠡᠳᠦ ᠬᠥᠮᠦᠨ ᠦ᠌ ᠬᠠᠲᠤᠨ ᠤᠯᠠᠭᠠᠨ ᠡᠩᠭᠡᠰᠬᠡ ᠲᠠᠯᠪᠢᠵᠤ ᠪᠠᠢᠭᠰᠠᠨ ᠤ᠋ ᠣᠷᠣ ᠮᠥᠷ ᠰᠢᠭ ᠰᠠᠨᠠᠭᠳᠠᠨ᠎ᠠ᠃ ᠪᠠᠯᠳᠠᠨᠵᠡᠷᠢᠩ ᠢ᠋ ᠡᠮᠡᠭᠡᠨ ᠳᠠᠭᠤ ᠠᠯᠳᠠᠨ ᠤᠭᠲᠤᠩᠭᠤᠲᠠ ᠪᠠᠨ ᠵᠣᠯᠭᠠᠵᠤ᠂ ᠬᠣᠶᠠᠷ ᠬᠠᠴᠠᠷ ᠢ᠋ ᠨᠢ ᠦᠨᠦᠰᠬᠦ ᠶ᠋ᠢ ᠨᠢ ᠦᠵᠡᠬᠦ ᠳ᠋ᠦ᠍ ᠣᠳᠣ ᠥᠪᠡᠷ ᠦ᠋ᠨ ᠢ᠋ᠶ᠋ᠡᠨ ᠬᠥᠮᠦᠨ ᠦ᠌ ᠵᠡᠷᠭᠡ ᠲᠡᠢ ᠬᠥᠮᠦᠨ ᠭᠡᠵᠦ ᠦᠵᠡᠬᠦ ᠳ᠋ᠦ᠍ ᠬᠦᠷᠦᠭᠰᠡᠨ ᠢ᠋ᠶ᠋ᠡᠷ ᠪᠠᠷᠠᠬᠤ ᠦᠭᠡᠢ ᠬᠦᠨᠳᠦᠲᠦ ᠡᠮᠡᠭᠡᠨ ᠭᠡᠵᠦ ᠲᠣᠭᠣᠮᠰᠠᠷᠯᠠᠬᠤ ᠪᠣᠯᠤᠭᠰᠠᠨ ᠨᠢ ᠢᠯᠡᠷᠬᠡᠢ᠃ ᠬᠣᠭᠣᠯᠠ ᠤᠮᠳᠠ ᠪᠡᠯᠡᠳᠬᠡᠨ ᠬᠠᠯᠠᠭᠤᠨ ᠳᠣᠲᠣᠨᠣ ᠪᠠᠷ ᠵᠣᠴᠢᠯᠠᠬᠤ ᠵᠠᠭᠤᠷ᠎ᠠ《ᠠᠢ ᠳᠠ ᠡᠨᠡ ᠳᠡᠯᠡᠬᠡᠢ ᠭᠡᠳᠡᠭ ᠶᠠᠭᠤᠲᠠᠢ ᠰᠢᠷᠦᠭᠦᠨ ᠪᠣᠢ? ᠤᠷᠢᠳᠤ ᠨᠠᠰᠤᠨ ᠳ᠋ᠠᠭᠠᠨ ᠶᠠᠮᠠᠷ ᠨᠢᠭᠡ ᠶᠡᠬᠡ ᠨᠢᠭᠦᠯ ᠬᠢᠭᠰᠡᠨ ᠦ᠌ ᠯᠡ ᠪᠣᠢ ᠊ᠶ᠎ᠠ᠃ ᠣᠯᠠᠨ ᠵᠢᠯ ᠯᠠᠢ ᠯᠠᠨᠴᠠᠭ ᠡᠳ᠋ᠯᠡᠭᠡᠳ ᠪᠤᠷᠬᠠᠨ ᠰᠠᠬᠢᠭᠤᠰᠤᠨ ᠳ᠋ᠤ᠌ ᠵᠠᠯᠪᠠᠷᠢᠬᠤ ᠶ᠋ᠢᠨ ᠬᠦᠴᠦ ᠪᠡᠷ ᠬᠤᠪᠢ ᠢᠷᠦᠭᠡᠯ ᠦ᠋ᠨ ᠬᠦᠦ ᠲᠡᠢ ᠪᠡᠨ ᠤᠴᠠᠷᠠᠨ ᠰᠠᠶᠢ ᠠᠱ᠌ᠢᠭᠦᠢ ᠨᠢᠭᠡ ᠵᠢᠷᠭᠠᠯ ᠡᠬᠢᠯᠡᠬᠦ ᠭᠡᠲᠡᠯ᠎ᠡ ᠴᠢ ᠪᠠᠰᠠ ᠱᠣᠷᠣᠩ ᠳ᠋ᠤ᠌ ᠣᠷᠣᠵᠤ ᠪᠠᠬᠠᠨ ᠵᠣᠪᠠᠯᠠᠩ ᠡᠳ᠋ᠯᠡᠭᠦᠯᠪᠡ ᠰᠢᠦ》 ᠭᠡᠳ ᠴᠠᠭᠠᠰᠢ ᠨᠢ ᠵᠠᠯᠪᠠᠷᠢᠭᠰᠠᠨ ᠵᠠᠯᠪᠠᠷᠢᠯ ᠵᠡᠭᠦᠳᠦᠯᠡᠭᠰᠡᠨ ᠵᠡᠭᠦᠳᠦ᠂ ᠵᠥᠩᠨᠡᠭᠰᠡᠨ ᠵᠦᠩ ᠰᠤᠪᠢᠨ ᠪᠦᠬᠦᠨ ᠢ᠋ᠶ᠋ᠡᠨ ᠤᠬᠢᠯᠠᠬᠤ᠂ ᠢᠨᠢᠶᠡᠬᠦ ᠬᠣᠶᠠᠷ ᠢ᠋ ᠬᠣᠣᠰᠯᠠᠭᠤᠯᠤᠨ ᠶᠠᠷᠢᠵᠤ ᠭᠠᠷᠪᠠ᠃ ᠪᠠᠯᠳᠠᠨᠴᠡᠷᠢᠩ ᠬᠡᠳᠦᠢᠪᠡᠷ ᠰᠡᠳᠬᠢᠯ ᠶᠠᠭᠠᠷᠠᠨ ᠪᠠᠢᠵᠤ ᠶᠠᠳᠠᠵᠤ ᠪᠠᠢᠪᠠᠴᠤ ᠡᠮᠡᠭᠡᠨ ᠦ᠌ ᠦᠭᠡ ᠶ᠋ᠢ ᠬᠦᠨᠳᠦᠳᠬᠡᠨ᠂ ᠵᠣᠴᠢᠯᠠᠭᠰᠠᠨ ᠬᠣᠭᠣᠯᠠ ᠤᠮᠳᠠ ᠠ᠋ᠴᠠ ᠨᠢ ᠲᠠᠪᠠᠲᠠᠢ ᠢᠳᠡᠵᠦ ᠤᠤᠭᠤᠨ᠎ᠠ᠃ ᠡᠨᠡ ᠵᠠᠭᠤᠷ᠎ᠠ ᠠᠷᠪᠠᠭᠠᠢ ᠥᠪᠡᠷ ᠦ᠋ᠨ ᠢ᠋ᠶ᠋ᠡᠨ ᠮᠣᠷᠢ ᠶ᠋ᠢ ᠡᠮᠡᠭᠡᠯᠯᠡᠵᠦ ᠪᠠᠰᠠ ᠪᠤᠰᠤᠳ ᠶᠠᠭᠤᠮ᠎ᠠ ᠪᠠᠨ ᠪᠦᠷᠢᠨ ᠴᠡᠭᠴᠡᠯᠡᠪᠡ᠃ 
       — ᠠᠬᠠᠢ ᠮᠢᠨᠢ ᠪᠢᠳᠡ ᠬᠣᠶᠠᠷ ᠢᠩᠭᠢᠭᠡᠳ ᠶᠡᠬᠡ ᠴᠢᠬᠤᠯᠠ ᠶᠠᠭᠤᠮᠠᠨ ᠳ᠋ᠤ᠌ ᠮᠣᠷᠳᠠᠬᠤ ᠠ᠋ᠴᠠ ᠥᠭᠡᠷ᠎ᠡ ᠠᠷᠭ᠎ᠠ ᠦᠭᠡᠢ ᠪᠣᠯᠪᠠ ᠰᠢᠦ ᠳᠡ ᠭᠡᠵᠦ ᠰᠡᠳᠬᠢᠯ ᠵᠣᠪᠠᠭᠤᠷᠢᠯᠠᠨ ᠥᠭᠦᠯᠡᠬᠦ ᠳ᠋ᠦ᠍᠄ 
       — ᠠ ᠶᠠᠮᠠᠷ ᠬᠡᠷᠡᠭ ᠲᠦ᠍ ᠪᠣᠢ? 
       — ᠤᠯᠤᠰ ᠲᠥᠷᠥ ᠶ᠋ᠢᠨ ᠬᠡᠷᠡᠭ ᠳᠡ᠃ 
       — ᠵᠠ ᠶᠠᠭᠠᠬᠢᠶ᠎ᠠ ᠭᠡᠬᠦ ᠪᠣᠢ? ᠲᠠ ᠨᠠᠷ ᠲᠥᠷᠥ ᠶ᠋ᠢᠨ ᠬᠠᠷ᠎ᠠ ᠬᠥᠮᠦᠰ ᠪᠣᠯᠬᠣᠷ ᠲᠡᠷᠡ ᠲᠥᠷᠥ ᠶ᠋ᠢᠨ ᠢ᠋ᠶ᠋ᠡᠨ ᠦᠢᠯᠡ ᠬᠡᠷᠡᠭ ᠲᠦ᠍ ᠶᠠᠪᠤᠬᠤ ᠯᠠ ᠶᠣᠰᠣᠲᠠᠢ ᠪᠠᠢᠳᠠᠭ ᠪᠣᠢ ᠊ᠶ᠎ᠠ᠃ ᠭᠠᠭᠴᠠᠬᠠᠨ ᠪᠤᠷᠬᠠᠨ ᠰᠠᠬᠢᠭᠤᠰᠤ ᠳ᠋ᠠᠭᠠᠨ ᠯᠠ ᠴᠠᠭ ᠢᠮᠠᠭᠲᠠ ᠵᠠᠯᠪᠠᠷᠢᠵᠤ ᠶᠠᠪᠤᠭᠠᠷᠠᠢ! ᠭᠡᠵᠦ ᠡᠮᠡᠭᠡᠨ ᠵᠠᠬᠢᠵᠠᠢ᠃ 
       ᠦᠳᠡᠰᠢ ᠶ᠋ᠢᠨ ᠪᠦᠷᠦᠩᠬᠦᠢ ᠪᠡᠷ ᠭᠡᠷ ᠡᠴᠡ ᠭᠠᠷᠴᠠᠭᠠᠪᠠ᠃ 
       — ᠵᠠ ᠪᠠᠭᠰᠢ ᠠ᠋᠂ ᠪᠢᠳᠡᠨ ᠳ᠋ᠦ᠍ ᠵᠡᠪᠰᠡᠭ ᠠᠪᠴᠤ ᠶᠠᠪᠤᠬᠤ ᠶ᠋ᠢᠨ ᠬᠡᠷᠡᠭ ᠤᠤ? ᠭᠡᠵᠦ ᠠᠷᠪᠠᠭᠠᠢ ᠰᠢᠪᠡᠨᠡᠬᠦ ᠳ᠋ᠦ᠍᠄ 
       — ᠪᠠᠢᠯᠭᠦᠢ ᠶᠠᠭᠠᠬᠢᠬᠤᠪ᠂ ᠭᠠᠭᠴᠠᠬᠠᠨ ᠬᠠᠮᠢᠭ᠎ᠠ ᠠ᠋ᠴᠠ ᠣᠯᠤᠨ᠎ᠠ ᠪᠣᠢ?  
       — ᠨᠠᠳᠠ ᠪᠣᠢ᠃ ᠠᠷᠪᠠᠭᠠᠢ ᠭᠡᠷ ᠦ᠋ᠨ ᠴᠠᠪᠤᠭ ᠥᠭᠡᠳᠡ ᠭᠠᠷ ᠢ᠋ᠶ᠋ᠠᠨ ᠰᠢᠷᠭᠤᠭᠤᠯᠤᠨ ᠣᠷᠣᠰ ᠯᠢᠶᠠᠨᠵᠤᠤ ᠰᠤᠭ ᠲᠡᠳᠡᠨ ᠭᠠᠷᠭᠠᠵᠤ ᠢᠷᠡᠪᠡ᠃ 
       — ᠨᠠᠭᠠᠳᠤᠬᠢ ᠴᠢᠨᠢ ᠰᠤᠮᠤ ᠲᠠᠢ ᠶᠤᠮ ᠤᠤ? 
       — ᠪᠣᠢ ᠭᠡᠳ ᠳᠠᠬᠢᠨ ᠭᠠᠷ ᠰᠢᠷᠠᠭᠤᠯᠪᠠ᠃ 
       ᠬᠠᠰᠢᠶᠠᠨ ᠤ᠋ ᠬᠠᠭᠠᠯᠭ᠎ᠠ ᠪᠠᠷ ᠮᠣᠷᠢᠳ ᠢ᠋ᠶ᠋ᠠᠨ ᠰᠠᠮ ᠭᠠᠷᠭᠠᠨ ᠮᠣᠷᠳᠠᠲᠠᠯ᠎ᠠ ᠪᠡᠯᠳᠠᠨᠴᠡᠷᠢᠩ ᠳ᠋ᠦ᠍ ᠵᠢᠪᠡᠭᠦᠷᠬᠡᠨ ᠰᠡᠵᠢᠭᠯᠡᠭᠳᠡᠳᠡᠭ ᠫᠠᠯᠢᠮ᠎ᠠ ᠭᠡᠭᠴᠢ ᠰᠠᠨᠠᠭᠠᠨ ᠳ᠋ᠤᠨᠢ ᠣᠷᠣᠵᠤ《ᠲᠡᠷᠡ ᠨᠠᠮᠠᠶ᠋ᠢ ᠲᠤᠩ ᠣᠢᠭ᠎ᠠ ᠦᠭᠡᠢ ᠡᠷᠭᠢᠭᠦᠯᠳᠡᠭᠰᠡᠨ ᠪᠢᠰᠢ ᠪᠢᠯᠢᠤ? ᠭᠡᠪᠡᠴᠦ ᠶᠠᠭᠤ ᠯᠠ ᠪᠣᠯ? ᠫᠠᠯᠢᠮ᠎ᠠ ᠨᠡᠭᠡᠷᠡᠨ ᠪᠠᠷᠤᠨ ᠤ᠋ ᠲᠠᠩᠨᠠᠭᠤᠯ ᠪᠠᠢᠪᠠ ᠤᠤ᠂ ᠡᠰᠡᠪᠡᠯ᠁ ᠶᠠᠭᠤ ᠴᠦ᠍ ᠠᠲᠤᠭᠠᠢ ᠴᠣᠬᠣᠮ ᠬᠡᠨ ᠦ᠌ ᠪᠣᠯᠬᠤ ᠶ᠋ᠢ ᠴᠢᠨᠢ ᠮᠡᠳᠡᠬᠦ ᠨᠢ ᠴᠢᠬᠤᠯᠠ》 ᠭᠡᠵᠦ ᠮᠣᠷᠢᠨ ᠤ᠋ ᠪᠠᠨ ᠠᠮᠠ ᠶ᠋ᠢ ᠡᠷᠭᠢᠭᠦᠯᠪᠡ᠃ ᠬᠠᠰᠢᠶᠠᠨ ᠤ᠋ ᠬᠢᠨᠢ ᠭᠠᠳᠠᠨ᠎ᠠ ᠢᠷᠡᠭᠡᠳ ᠠᠷᠪᠠᠭᠠᠢ ᠶ᠋ᠢ ᠮᠣᠷᠢ ᠲᠠᠢ ᠪᠠᠨ ᠦᠯᠡᠳᠡᠭᠡᠨ ᠭᠠᠭᠴᠠᠭᠠᠷ ᠢ᠋ᠶ᠋ᠠᠨ ᠣᠷᠣᠪᠠ᠃ ᠭᠡᠷ ᠲᠦ᠍ ᠲᠣᠰᠣᠨ ᠳ᠋ᠧᠩ ᠰᠦᠮᠡᠯᠵᠡᠨ᠎ᠡ᠃ ᠫᠠᠯᠢᠮ᠎ᠠ《ᠦᠭᠡᠢ ᠢᠷᠣ᠎ᠠ》 ᠭᠡᠵᠦ ᠭᠠᠢᠬᠠᠨ ᠤᠭᠲᠤᠵᠤ ᠡᠬᠡᠨᠡᠷ ᠲᠡᠭᠡᠨ ᠬᠣᠭᠣᠯᠠ ᠤᠮᠳᠠ ᠪᠡᠯᠡᠳᠬᠡᠬᠦ ᠶ᠋ᠢ ᠱᠠᠭᠠᠷᠳᠠᠪᠠ᠃  
       — ᠵᠦᠭᠡᠷ! ᠪᠢ ᠶᠠᠭᠠᠷᠠᠵᠤ ᠶᠠᠪᠤᠨ᠎ᠠ᠂ ᠪᠡᠯᠡᠨ ᠶᠠᠭᠤᠮ᠎ᠠ ᠠᠮᠰᠠᠶ᠎ᠠ᠃ 
       — ᠵᠠ ᠪᠠᠢᠵᠠ ᠲᠠᠨ ᠳ᠋ᠤ᠌ ᠡᠢᠮᠦ ᠶᠠᠭᠠᠷᠠᠤ ᠶᠠᠮᠠᠷ ᠶᠠᠪᠤᠳᠠᠯ ᠪᠣᠯᠳᠠᠭ ᠪᠢᠯᠡ? 
       — ᠣᠨᠴᠠ ᠶ᠋ᠢᠨ ᠶᠠᠭᠤᠮ᠎ᠠ ᠦᠭᠡᠢ᠂ ᠭᠡᠪᠡᠴᠦ ᠬᠣᠶᠠᠷᠬᠠᠨ ᠪᠡᠶ᠎ᠡ ᠪᠡᠷ ᠶᠠᠷᠢᠯᠴᠠᠪᠠᠯ ᠵᠦᠭᠡᠷ ᠰᠠᠨ᠃ 
       — ᠠᠯᠢ᠂ ᠡᠬᠡᠨᠡᠷ ᠴᠢ ᠬᠡᠦᠬᠡᠳ ᠢ᠋ᠶ᠋ᠡᠨ ᠠᠪᠤᠭᠠᠳ ᠵᠡᠭᠦᠨ ᠭᠡᠷ ᠲᠦ᠍ ᠣᠷᠣᠭᠠᠴᠢ! ᠭᠡᠵᠦ ᠫᠠᠯᠢᠮ᠎ᠠ ᠥᠭᠦᠯᠡᠨ ᠡᠬᠡᠨᠡᠷ ᠢ᠋ᠶ᠋ᠡᠨ ᠭᠠᠷᠭᠠᠯ᠎ᠠ᠃ 
       ᠪᠠᠯᠳᠠᠨᠴᠡᠷᠢᠩ ᠠᠩᠬ᠎ᠠ ᠡᠨᠳᠡ ᠣᠷᠣᠵᠤ ᠢᠷᠡᠬᠦ ᠳ᠋ᠡᠭᠡᠨ ᠲᠤᠩ ᠵᠣᠷᠢᠭᠲᠠᠢ᠂ ᠬᠡᠷᠪᠡ ᠦᠨᠡᠬᠡᠷ ᠪᠠᠷᠤᠨ ᠤ᠋ ᠲᠠᠩᠨᠠᠭᠤᠯ ᠮᠥᠨ ᠪᠠᠢᠭᠠᠳ ᠪᠠᠷᠢᠭᠳᠠᠬᠤ ᠮᠡᠳᠡᠭᠳᠡᠬᠦ ᠳ᠋ᠦ᠍ ᠬᠦᠷᠪᠡᠯ ᠫᠤᠤᠳᠠᠭᠠᠳ ᠤᠨᠠᠭᠠᠴᠢᠬᠠᠶ᠎ᠠ ᠭᠡᠵᠦ ᠫᠤᠤ ᠪᠠᠨ ᠬᠠᠨᠴᠤᠢ ᠳ᠋ᠠᠭᠠᠨ ᠶᠡᠭᠡᠨ ᠣᠷᠣᠵᠤ ᠢᠷᠡᠭᠰᠡᠨ ᠠᠲᠠᠯ᠎ᠠ ᠴᠣᠬᠣᠮ ᠬᠦ᠌ ᠬᠣᠶᠠᠷᠬᠠᠨ ᠪᠡᠶ᠎ᠡ ᠪᠡᠷ ᠦᠯᠡᠳᠡᠮᠡᠭᠴᠡ《ᠦᠭᠡᠢ ᠪᠢ ᠶᠠᠭᠤᠨ ᠳ᠋ᠤ᠌ ᠣᠷᠣᠵᠤ ᠢᠷᠡᠪᠡ? ᠶᠠᠭᠤ ᠯᠠ ᠪᠣᠯ ᠶᠠᠭᠤ ᠪᠠᠢᠭ᠎ᠠ ᠯᠠ ᠪᠢᠵᠡ᠂ ᠴᠣᠬᠣᠮ ᠭᠣᠯᠢᠶ᠎ᠠ ᠠᠵᠠ ᠪᠠᠨ ᠦᠵᠡᠬᠦ ᠭᠡᠵᠦ ᠵᠠᠮ ᠳᠡᠭᠡᠷ᠎ᠡ ᠬᠡᠪᠲᠡᠬᠦ ᠭᠡᠬᠦ ᠰᠢᠭ ᠪᠢ ᠶᠠᠮᠠᠷ ᠳᠡᠮᠡᠢ ᠶᠠᠭᠤᠮ᠎ᠠ ᠪᠠᠷ ᠬᠥᠭᠡᠭᠢᠴᠡᠯᠳᠤᠪᠡ?》 ᠭᠡᠵᠦ ᠪᠣᠳᠣᠨ ᠵᠢᠷᠦᠬᠡ ᠨᠢ ᠲᠦᠭ ᠲᠦᠭ ᠲᠦᠭᠰᠢᠵᠦ ᠡᠬᠢᠯᠡᠪᠡ᠃  
       — ᠵᠠ ᠨᠠᠳᠠ ᠲᠠᠢ ᠠᠮᠢᠨᠴᠢᠯᠠᠨ ᠶᠠᠷᠢᠬᠤ ᠶᠠᠭᠤᠮ᠎ᠠ ᠴᠢᠨᠢ ᠶᠠᠭᠤ ᠪᠣᠢ ᠳᠠ? ᠭᠡᠵᠦ ᠪᠠᠶᠠᠰᠬᠤᠯᠠᠩᠲᠤ ᠴᠢᠷᠠᠢ ᠪᠠᠷ ᠳᠥᠭᠥᠨ ᠰᠠᠭᠤᠬᠤ ᠳ᠋ᠤᠨᠢ ᠪᠠᠯᠳᠠᠨᠴᠡᠷᠢᠩ ᠳᠠᠬᠢᠨ ᠬᠡᠷᠬᠢᠨ ᠵᠣᠷᠢᠭ ᠣᠷᠣᠭᠰᠠᠨ ᠢ᠋ᠶ᠋ᠠᠨ ᠥᠪᠡᠷ ᠢ᠋ᠶ᠋ᠡᠨ ᠦᠯᠦ ᠮᠡᠳᠡᠨ᠎ᠡ᠃ ᠬᠠᠨᠴᠤᠢ ᠳ᠋ᠠᠬᠢ ᠫᠤᠤ ᠪᠠᠨ ᠭᠠᠷᠭᠠᠨ ᠲᠤᠯᠭᠠᠬᠤ ᠳ᠋ᠤ᠌ ᠪᠡᠯᠡᠨ ᠪᠣᠯᠭᠠᠵᠤ ᠠᠪᠤᠭᠠᠳ᠄ 
       — ᠪᠢ ᠣᠳᠣ ᠶᠠᠪᠤᠯ᠎ᠠ᠃ 
       — ᠬᠠᠮᠢᠭᠠᠰᠢ ᠪᠠᠨ? 
       —  ᠬᠣᠢᠰᠢ ᠪᠠᠨ! ᠰᠦᠬᠡᠪᠠᠭᠠᠲᠤᠷ ᠤᠷᠤᠭᠤ᠃ 
       ᠫᠠᠯᠢᠮ᠎ᠠ ᠰᠡᠵᠢᠭᠯᠡᠭᠦᠰᠢᠲᠡᠢ ᠪᠡᠷ ᠰᠣᠴᠢᠨ ᠥᠨᠳᠡᠢᠰᠬᠢᠵᠤ᠄  
       — ᠰᠦᠬᠡᠪᠠᠭᠠᠲᠤᠷ ᠤᠷᠤᠭᠤ ᠭᠡᠨ᠎ᠡ? ᠴᠡᠭᠡᠵᠢ ᠪᠡᠨ ᠬᠣᠢᠰᠢ ᠲᠠᠲᠠᠬᠤ ᠨᠢ ᠤᠬᠤᠰᠬᠢᠨ ᠪᠠᠷᠢᠵᠤ ᠠᠪᠬᠤ ᠨᠢ ᠤᠤ ᠭᠡᠮᠡᠷ ᠪᠠᠢᠬᠤ ᠪᠥᠭᠡᠳ ᠪᠠᠯᠳᠠᠨᠴᠡᠷᠢᠩ ᠫᠤᠤ ᠪᠠᠨ ᠭᠠᠷᠭᠠᠨ ᠲᠤᠯᠭᠠᠬᠤ ᠳ᠋ᠤ᠌ ᠪᠡᠯᠡᠳᠬᠡᠨ᠎ᠡ᠃ 
       — ᠵᠠ ᠲᠡᠭᠡᠭᠡᠳ ᠭᠡᠵᠦ ᠣᠷᠣᠭᠰᠢ ᠠᠬᠢᠪᠠ᠃ 
       ᠬᠡᠷᠪᠡ ᠨᠡᠭᠡᠷᠡᠨ ᠶᠠᠪᠤᠬᠤ ᠭᠡᠵᠦ ᠪᠠᠢᠭ᠎ᠠ ᠪᠣᠯ ᠪᠢ ᠴᠢᠮ᠎ᠠ ᠪᠠᠷ ᠨᠢᠭᠡ ᠪᠢᠴᠢᠭ᠁ ᠭᠡᠳ ᠫᠠᠯᠢᠮ᠎ᠠ ᠦᠭᠡ ᠪᠡᠨ ᠲᠠᠰᠤᠯᠤᠨ ᠠᠮᠠ ᠨᠢ ᠬᠠᠮᠬᠢᠭᠳᠠᠵᠤ ᠴᠢᠷᠠᠢ ᠨᠢ ᠴᠠᠢᠷᠠᠬᠤ᠂ ᠰᠢᠷᠠᠯᠠᠬᠤ ᠬᠣᠶᠠᠷ ᠢ᠋ᠶ᠋ᠠᠷ ᠡᠭᠡᠯᠵᠢᠯᠡᠪᠡ᠃ ᠪᠠᠯᠳᠠᠨᠴᠡᠷᠢᠩ ᠳ᠋ᠦ᠍《ᠣᠳᠣ ᠴᠢᠨᠦ ᠬᠡᠨ ᠪᠣᠯᠬᠤ ᠶ᠋ᠢ ᠮᠡᠳᠡᠬᠦ ᠳ᠋ᠦ᠍ ᠠᠮᠠᠷᠬᠠᠨ ᠪᠣᠯᠪᠠ》 ᠭᠡᠳᠡᠭ ᠪᠣᠳᠣᠯ ᠲᠥᠷᠥᠵᠦ᠄ 
       — ᠲᠡᠭᠡᠪᠡᠯ ᠠᠯᠢ ᠲᠡᠷᠡ ᠪᠢᠴᠢᠭ ᠢ᠋ᠶ᠋ᠡᠨ! ᠭᠡᠳ ᠭᠠᠷ ᠲᠤᠰᠪᠠ᠃ 
       ᠫᠠᠯᠢᠮ᠎ᠠ ᠰᠡᠢᠳᠪᠤᠷᠢ ᠦᠭᠡᠢᠬᠡᠨ ᠢ᠋ᠶ᠋ᠡᠷ ᠪᠣᠰᠴᠤ ᠭᠡᠷ ᠦ᠋ᠨ ᠢ᠋ᠶ᠋ᠡᠨ ᠵᠠᠢᠳᠡᠰ ᠡᠴᠡ ᠲᠣᠭᠳᠣᠢ ᠲᠠᠢ ᠪᠢᠴᠢᠭ ᠭᠠᠷᠭᠠᠭᠰᠠᠨ ᠪᠣᠯᠪᠠᠴᠤ ᠥᠭᠬᠦ ᠪᠡᠨ ᠲᠦᠳᠡᠭᠡᠯᠵᠡᠵᠦ᠄ 
       — ᠢᠩᠭᠢᠬᠦ ᠳ᠋ᠦ᠍ ᠴᠢ ᠴᠣᠬᠣᠮ ᠶᠠᠮᠠᠷ ᠬᠡᠷᠡᠭ ᠢ᠋ᠶ᠋ᠡᠷ ᠶᠠᠪᠤᠬᠤ ᠭᠡᠵᠦ ᠪᠠᠢᠭ᠎ᠠ ᠪᠢᠯᠡ? 
       — ᠵᠠ ᠴᠢ ᠪᠢᠲᠡᠭᠡᠢ ᠵᠣᠪᠠ! ᠭᠡᠵᠦ ᠤᠴᠠᠭᠠᠷᠯᠠᠭᠠᠳ ᠪᠠᠯᠳᠠᠨᠴᠡᠷᠢᠩ ᠵᠡᠭᠦᠨ ᠭᠠᠷ ᠢ᠋ᠶ᠋ᠠᠷ ᠪᠢᠴᠢᠭ ᠢ᠋ ᠰᠢᠪᠲᠤ ᠲᠡᠳᠡᠨ ᠠᠪᠬᠤ ᠳ᠋ᠤ᠌ ᠫᠠᠯᠢᠮ᠎ᠠ ᠬᠣᠢᠨ᠎ᠠ ᠠ᠋ᠴᠠ ᠨᠢ ᠵᠢᠭᠤᠷᠠᠪᠠ᠃ ᠭᠡᠪᠡᠴᠦ ᠫᠠᠯᠢᠮ᠎ᠠ ᠪᠠᠷᠠᠭᠤᠨ ᠭᠠᠷ ᠤ᠋ᠨ ᠬᠠᠨᠴᠤᠢ ᠠ᠋ᠴᠠ ᠫᠤᠤ ᠶ᠋ᠢᠨ ᠠᠮᠠ ᠴᠤᠬᠤᠢᠬᠤ ᠶ᠋ᠢ ᠬᠠᠷᠠᠨ ᠴᠢᠷᠠᠢ ᠵᠢᠪᠡᠬᠡᠢ ᠴᠠᠭᠠᠨ ᠪᠣᠯᠤᠨ ᠬᠣᠢᠰᠢ ᠤᠬᠤᠷᠢᠵᠠᠢ᠃ ᠪᠠᠯᠳᠠᠨᠴᠡᠷᠢᠩ ᠲᠣᠭᠳᠣᠢ ᠶ᠋ᠢ ᠰᠢᠢᠳᠮᠡᠭᠡᠢ ᠤᠷᠠᠵᠤ ᠪᠢᠴᠢᠭ ᠢ᠋ ᠳᠡᠯᠭᠡᠨ ᠬᠠᠷᠠᠭᠠᠳ《᠁ ᠨᠠᠮ ᠤ᠋ᠨ ᠨᠥᠬᠥᠷ ᠰᠠᠢᠨ᠂ ᠰᠡᠭᠦᠯ ᠦ᠋ᠨ ᠦᠶ᠎ᠡ ᠳ᠋ᠦ᠍ ᠠᠵᠢᠯ ᠤ᠋ᠨ ᠪᠦᠲᠦᠮᠵᠢ ᠮᠠᠭᠤ ᠪᠣᠯᠪᠠ᠃ ᠢᠯᠠᠩᠭᠤᠶ᠎ᠠ ᠱᠣᠷᠣᠩ ᠠ᠋ᠴᠠ ᠭᠠᠷᠤᠭᠰᠠᠨ ᠨᠥᠬᠥᠳ ᠦ᠋ᠨ ᠵᠠᠷᠢᠮ ᠨᠢ ᠪᠠᠷᠤᠨ ᠤᠩᠬᠧᠷᠠᠨ ᠤ᠋ ᠲᠠᠯ᠎ᠠ ᠳ᠋ᠤ᠌ ᠭᠤᠢᠪᠢᠨ ᠣᠷᠣᠵᠤ ᠪᠠᠢᠭ᠎ᠠ ᠨᠢ ᠬᠠᠷᠠᠮᠰᠠᠯᠲᠠᠢ᠁》 ᠭᠡᠵᠦ ᠪᠢᠴᠢᠭᠰᠡᠨ ᠢ᠋ ᠦᠵᠡᠭᠡᠳ ᠰᠡᠳᠬᠢᠯ ᠠᠮᠠᠷᠠᠨ ᠲᠡᠰᠬᠡᠯ ᠦᠭᠡᠢ ᠪᠠᠶᠠᠷᠯᠠᠵᠤ᠂ ᠫᠤᠤ ᠪᠠᠨ ᠭᠠᠷᠭᠠᠨ ᠰᠢᠷᠡᠭᠡᠨ ᠳᠡᠭᠡᠷ᠎ᠡ ᠲᠠᠯᠪᠢᠵᠤ᠄ 
       — ᠵᠠ ᠫᠠᠯᠢᠮ᠎ᠠ ᠮᠢᠨᠢ᠂ ᠡᠨᠡ ᠪᠢᠴᠢᠭ ᠢ᠋ᠶ᠋ᠡᠨ ᠳᠠᠬᠢᠨ ᠳᠤᠭᠲᠤᠢᠯᠠ! ᠨᠠᠳᠠ ᠬᠦᠷᠢᠶᠡᠨ ᠡᠴᠡ ᠲᠤᠩ ᠶᠠᠭᠠᠷᠠᠯᠲᠠᠢ ᠵᠠᠢᠯᠠᠨ ᠭᠠᠷᠴᠤ ᠰᠦᠬᠡᠪᠠᠭᠠᠲᠤᠷ ᠳᠡᠭᠡᠷ᠎ᠡ ᠣᠴᠢᠵᠤ ᠨᠠᠮ ᠤ᠋ᠨ ᠦᠢᠯᠡ ᠬᠡᠷᠡᠭ ᠲᠦ᠍ ᠦᠬᠦᠲᠡᠯ᠎ᠡ ᠵᠢᠳᠬᠦᠬᠦ ᠡᠴᠡ ᠥᠭᠡᠷ᠎ᠡ ᠠᠷᠭ᠎ᠠ ᠦᠭᠡᠢ ᠶᠠᠪᠤᠳᠠᠯ ᠲᠣᠬᠢᠶᠠᠯᠳᠤᠪᠠ᠃ ᠭᠡᠬᠦ ᠳ᠋ᠦ᠍ ᠫᠠᠯᠢᠮ᠎ᠠ ᠴᠤ᠌ ᠮᠠᠩᠨᠠᠢ ᠲᠠᠨᠢᠨ ᠪᠠᠶᠠᠷᠯᠠᠵᠤ᠂ ᠪᠢᠴᠢᠭ ᠢ᠋ᠶ᠋ᠡᠨ ᠰᠢᠨ᠎ᠡ ᠪᠡᠷ ᠳᠤᠭᠲᠤᠢᠯᠠᠪᠠ᠃ 
 
           ᠦᠰᠦᠭ ᠠᠮᠢᠯᠠᠭᠤᠯᠤᠭᠰᠠᠨ ᠨᠢ᠄  ᠪᠠᠭᠠᠲᠤᠷ