ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ -ᠰᠢᠷᠠᠨᠤᠳ ᠰᠡᠴᠡᠨᠪᠠᠲᠤ Урд нутаг минь амгалан байгаасай-Шарнад Сэцэнбат
ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠵᠣᠬᠢᠶᠠᠭᠴᠢ ᠰᠢᠷᠠᠨᠤᠳ ᠰᠡᠴᠡᠨᠪᠠᠲᠤ
ᠤᠶᠠᠩᠭᠠᠯᠠᠭᠴᠢ ᠰᠢᠷᠠᠨᠤᠳ ᠰᠡᠴᠡᠨᠪᠠᠲᠤ
ᠤᠷᠭᠤᠭ᠎ᠠ ᠥᠨᠳᠥᠷ ᠠᠭᠤᠯᠠᠰ ᠢ᠋ᠶ᠋ᠠᠷ ᠲᠦᠰᠢᠭ ᠢ᠋ᠶ᠋ᠡᠨ ᠪᠣᠯᠭᠠᠭᠰᠠᠨ
ᠤᠤᠭᠠᠨ ᠣᠩᠭᠣᠨ ᠪᠠᠢᠭᠠᠯᠢ ᠪᠠᠷ ᠳᠡᠪᠢᠭᠰᠡᠭᠡᠷ ᠢ᠋ᠶ᠋ᠡᠨ ᠪᠣᠯᠭᠠᠭᠰᠠᠨ
ᠤᠷᠤᠰᠬᠠᠯ ᠨᠣᠮᠢᠨ ᠭᠣᠣᠯ ᠢ᠋ᠶ᠋ᠠᠷ ᠰᠤᠳᠠᠰᠤ ᠪᠠᠨ ᠪᠣᠯᠭᠠᠭᠰᠠᠨ
ᠤᠳᠠ ᠤᠯᠢᠶᠠᠰᠤ ᠵᠠᠭ ᠢ᠋ᠶ᠋ᠠᠷ ᠴᠢᠮᠡᠭ ᠢ᠋ᠶ᠋ᠡᠨ ᠪᠣᠯᠭᠠᠭᠰᠠᠨ
ᠤᠤᠭᠠᠯ ᠭᠣᠶᠣᠬᠠᠨ ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠤᠭᠠᠯᠵᠠᠯᠠᠨ ᠤᠷᠤᠰᠬᠤ ᠭᠣᠣᠯ ᠢ᠋ᠶ᠋ᠠᠷ ᠦᠵᠡᠮᠵᠢ ᠪᠡᠨ ᠪᠣᠯᠭᠠᠭᠰᠠᠨ
ᠤᠨᠢᠶᠠᠷᠲᠤᠨ ᠬᠠᠷᠠᠭᠳᠠᠬᠤ ᠰᠢᠷᠭᠠᠯ ᠡᠯᠡᠰᠦ ᠪᠡᠷ ᠰᠢᠭᠢᠳᠬᠡᠭᠦᠷ ᠢ᠋ᠶ᠋ᠡᠨ ᠪᠣᠯᠭᠠᠭᠰᠠᠨ
ᠤᠨᠳᠤᠷᠬᠤ ᠷᠠᠰᠢᠶᠠᠨ ᠪᠤᠯᠠᠭ ᠢ᠋ᠶ᠋ᠠᠷ ᠤᠮᠳᠠ ᠪᠠᠨ ᠪᠣᠯᠭᠠᠭᠰᠠᠨ
ᠤᠳᠤᠮᠰᠢᠯᠲᠤ ᠠᠳᠤᠭᠤᠨ ᠲᠦᠪᠡᠷᠭᠡᠨ ᠢ᠋ᠶ᠋ᠡᠷ ᠴᠢᠪᠬᠠᠳᠠᠰᠤ ᠪᠠᠨ ᠪᠣᠯᠭᠠᠭᠰᠠᠨ
ᠤᠨᠠᠭᠠᠨ ᠥᠯᠥᠭᠡᠢ ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠲᠦᠮᠡᠨ ᠰᠦᠷᠦᠭ ᠢ᠋ᠶ᠋ᠡᠨ ᠥᠰᠬᠡᠭᠰᠡᠨ ᠤᠷᠠᠳ ᠮᠠᠯᠴᠢᠳ ᠲᠠᠢ
ᠲᠥᠷᠥᠯᠬᠢ ᠬᠡᠯᠡ ᠪᠡᠨ ᠥᠪᠯᠡᠭᠰᠡᠨ ᠬᠠᠰᠢᠷ ᠬᠣᠨᠢᠴᠢᠳ ᠲᠠᠢ
ᠲᠥᠪ ᠶᠣᠰᠣᠨ ᠢ᠋ᠶ᠋ᠠᠨ ᠬᠠᠮᠠᠭᠠᠯᠠᠭᠰᠠᠨ ᠰᠢᠯᠤᠭᠤᠨ ᠨᠣᠶᠠᠳ ᠲᠠᠢ
ᠲᠥᠷᠥ ᠭᠦᠷᠦᠨ ᠢ᠋ᠶ᠋ᠡᠨ ᠬᠠᠢᠷᠠᠯᠠᠭᠰᠠᠨ ᠰᠢᠳᠤᠷᠭᠤ ᠢᠷᠭᠡᠳ ᠲᠡᠢ
ᠲᠦᠭᠡᠮᠡᠯ ᠪᠤᠶᠠᠨᠲᠤ ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠠᠰᠤᠷᠢ ᠬᠤᠷᠮᠤᠰᠲᠠ ᠠᠭᠠᠷ ᠲᠩᠷᠢ ᠮᠢᠨᠢ ᠴᠡᠯᠮᠡᠭ ᠪᠠᠢᠭᠠᠰᠠᠢ
ᠠᠪᠤᠷᠭᠤ ᠰᠦᠮᠪᠦᠷ ᠠᠭᠤᠯᠠ ᠨᠢᠷᠤᠭᠤ ᠮᠢᠨᠢ ᠴᠡᠩᠬᠡᠷ ᠪᠠᠢᠭᠠᠰᠠᠢ
ᠠᠲᠠᠷ ᠬᠡᠭᠡᠷ᠎ᠡ ᠠᠭᠯᠠᠭᠬᠠᠨ ᠭᠣᠪᠢ ᠮᠢᠨᠢ ᠴᠡᠯᠡᠭᠡᠷ ᠪᠠᠢᠭᠠᠰᠠᠢ
ᠠᠵᠢᠯᠴᠢ ᠠᠷᠪᠢᠴᠢ ᠠᠷᠠᠳ ᠣᠯᠠᠨ ᠮᠢᠨᠢ ᠴᠡᠩᠭᠡᠭᠦᠨ ᠪᠠᠢᠭᠠᠰᠠᠢ
ᠠᠷᠢᠭᠤᠨ ᠳᠠᠭᠰᠢᠨ ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠪᠤᠮᠪᠠ ᠲᠩᠷᠢ ᠪᠡᠨ ᠲᠣᠯᠢᠳᠠᠭᠰᠠᠨ ᠨᠠᠭᠤᠷ ᠪᠦᠷᠢᠳᠦ ᠲᠡᠢ
ᠪᠣᠷᠣ ᠬᠠᠩᠭᠠᠢ ᠪᠠᠨ ᠰᠠᠬᠢᠭᠰᠠᠨ ᠣᠪᠣᠭ᠎ᠠ ᠣᠩᠭᠣᠳ ᠲᠠᠢ
ᠪᠤᠷᠬᠠᠨ ᠨᠣᠮ ᠢ᠋ᠶ᠋ᠠᠨ ᠬᠤᠷᠠᠭᠰᠠᠨ ᠰᠦᠮ᠎ᠡ ᠬᠡᠢᠳ ᠲᠡᠢ
ᠪᠤᠶᠠᠨ ᠬᠡᠰᠢᠭ ᠢ᠋ᠶ᠋ᠡᠨ ᠬᠤᠷᠤᠢᠯᠠᠭᠰᠠᠨ ᠮᠥᠷᠭᠥᠯ ᠲᠠᠬᠢᠯᠭ᠎ᠠ ᠲᠠᠢ
ᠪᠤᠭᠤᠷᠤᠯ ᠳ᠋ᠸᠪᠡᠵᠢᠨ ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠤᠯᠪᠠᠭ᠎ᠠ ᠲᠡᠦᠬᠡ ᠪᠡᠨ ᠪᠢᠴᠢᠭᠯᠡᠭᠰᠡᠨ ᠢᠵᠠᠭᠤᠷ ᠰᠣᠶᠣᠯ ᠲᠠᠢ
ᠤᠭ ᠵᠤᠷᠰᠢᠯ ᠢ᠋ᠶ᠋ᠠᠨ ᠬᠠᠳᠠᠭᠠᠯᠠᠭᠰᠠᠨ ᠢᠯᠭᠤᠮ ᠰᠤᠷᠲᠠᠯ ᠲᠠᠢ
ᠤᠭᠰᠠᠭ᠎ᠠ ᠤᠳᠤᠮ ᠢ᠋ᠶ᠋ᠠᠨ ᠰᠢᠯᠦᠭᠯᠡᠭᠰᠡᠨ ᠤᠶᠠᠩᠭ᠎ᠠ ᠨᠠᠢᠷᠠᠭ ᠲᠠᠢ
ᠤᠷᠤᠭ ᠬᠤᠷᠢᠮ ᠢ᠋ᠶ᠋ᠠᠨ ᠰᠢᠷᠤᠩᠬᠠᠶ᠋ᠢᠯᠠᠭᠰᠠᠨ ᠤᠷᠠᠯᠢᠭ ᠳᠠᠭᠤᠤ ᠲᠠᠢ
ᠤᠨᠠᠭᠰᠠᠨ ᠰᠢᠷᠣᠢ ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠳᠠᠭᠠᠨ᠎ᠠ ᠮᠠᠩᠭᠢᠷ ᠠᠩᠬᠢᠯᠤᠭᠰᠠᠨ ᠴᠡᠪᠡᠷᠬᠡᠨ ᠠᠮᠢᠰᠬᠤᠯ ᠲᠠᠢ
ᠲᠠᠷᠠᠭ ᠠᠢᠷᠠᠭ ᠬᠠᠩᠬᠤᠯᠤᠭᠰᠠᠨ ᠴᠡᠩᠭᠡᠯᠲᠦ ᠠᠮᠢᠳᠤᠷᠠᠯ ᠲᠠᠢ
ᠲᠠᠢᠪᠤᠩ ᠲᠣᠭᠲᠠᠭᠤᠨ ᠪᠡᠯᠴᠢᠭᠰᠡᠨ ᠲᠠᠷᠭᠤᠨ ᠰᠦᠷᠦᠭ ᠲᠡᠢ
ᠲᠠᠩᠰᠤᠭ ᠵᠢᠷᠭᠠᠯ ᠬᠠᠯᠢᠭᠤᠷᠠᠭᠰᠠᠨ ᠲᠠᠪᠤᠨ ᠲᠠᠷᠢᠶ᠎ᠠ ᠲᠠᠢ
ᠳᠠᠷᠬᠠᠨ ᠭᠣᠯᠣᠮᠲᠠ ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠥᠷᠨᠢᠨ ᠬᠥᠭᠵᠢᠭᠰᠡᠨ ᠮᠣᠩᠭᠣᠯ ᠭᠤᠷᠪᠠᠨ ᠬᠣᠰᠢᠭᠤ ᠲᠠᠢ
ᠥᠨᠳᠥᠷ ᠲᠦ᠍ ᠨᠤᠲᠤᠭᠰᠢᠭᠰᠠᠨ ᠭᠤᠷᠪᠠᠨ ᠤᠷᠠᠳ ᠨᠤᠲᠤᠭ ᠲᠠᠢ
ᠥᠭᠡᠳᠡᠯᠡᠨ ᠮᠠᠨᠳᠤᠭᠰᠠᠨ ᠠᠤᠭ᠎ᠠ ᠶᠡᠬᠡ ᠦᠢᠯᠡᠰ ᠲᠡᠢ
ᠥᠩᠭᠡᠵᠢᠨ ᠴᠡᠴᠡᠭᠯᠡᠭᠰᠡᠨ ᠠᠭᠤᠳᠠᠮ ᠡᠬᠡ ᠣᠷᠣᠨ ᠲᠠᠢ
ᠥᠨᠢᠷ ᠽᠠᠮᠪᠤᠯᠢᠩ ᠤᠷᠠᠳ ᠨᠤᠲᠤᠭ ᠮᠢᠨᠢ ᠠᠮᠤᠭᠤᠯᠠᠩ ᠪᠠᠢᠭᠠᠰᠠᠢ
ᠤᠷᠠᠳ ᠨᠤᠲᠤᠭ ᠢ᠋ᠶ᠋ᠠᠨ ᠳᠠᠭᠠᠳᠬᠠᠵᠤ᠂ ᠬᠠᠭᠠᠨ ᠬᠤᠷᠮᠤᠰᠲᠠ ᠳ᠋ᠤ᠌ ᠵᠠᠯᠪᠠᠷᠢᠨᠠᠮ!
ᠤᠷᠠᠳ ᠨᠤᠲᠤᠭ ᠢ᠋ᠶ᠋ᠠᠨ ᠬᠤᠷᠤᠢᠯᠠᠵᠤ᠂ ᠬᠠᠨ ᠬᠠᠢᠷᠬᠠᠨ ᠳ᠋ᠠᠭᠠᠨ ᠮᠥᠷᠭᠥᠨᠡᠮ!
ᠤᠷᠠᠳ ᠨᠤᠲᠤᠭ ᠢ᠋ᠶ᠋ᠠᠨ ᠤᠤᠬᠠᠢᠯᠠᠵᠤ᠂ ᠬᠠᠨᠠᠭᠠᠷ ᠳᠡᠯᠡᠬᠡᠢ ᠳ᠋ᠦ᠍ ᠬᠠᠰᠬᠢᠷᠤᠨᠠᠮ!
ᠤᠷᠠᠳ ᠨᠤᠲᠤᠭ ᠢ᠋ᠶ᠋ᠠᠨ ᠰᠢᠷᠤᠩᠬᠠᠶ᠋ᠢᠯᠠᠵᠤ᠂ ᠤᠷᠲᠤ ᠶ᠋ᠢᠨ ᠳᠠᠭᠤᠤ ᠪᠠᠨ ᠳᠠᠭᠤᠯᠠᠨᠠᠮ!
ᠤᠷᠠᠳ ᠨᠤᠲᠤᠭ ᠢ᠋ᠶ᠋ᠠᠨ ᠤᠶᠠᠩᠭᠠᠯᠠᠵᠤ ᠬᠠᠢᠷ᠎ᠠ ᠰᠡᠳᠬᠢᠯ ᠢ᠋ᠶ᠋ᠡᠨ ᠡᠷᠭᠦᠨᠡᠮ᠃
ᠵᠣᠬᠢᠶᠠᠯ ᠵᠠᠰᠠᠭᠴᠢ᠄ ᠨᠠ᠊᠂ ᠮᠥᠩᠬᠡᠪᠠᠭᠠᠲᠤᠷ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠣᠳᠬᠠᠨᠰᠣ᠎ᠠ
