ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ < ᠭᠤᠲᠠᠭᠠᠷ ᠪᠦᠯᠦᠭ 4–5> Бүлжхэн хатан– [монгол] Дамбын Төрбат <гутгар бүлэг 4–5>
ᠪᠦᠯᠵᠢᠬᠢᠨ ᠬᠠᠲᠤᠨ– < ᠭᠤᠲᠠᠭᠠᠷ ᠪᠦᠯᠦᠭ 4–5>
ᠬᠥᠬᠡ ᠲᠩᠷᠢ ᠶ᠋ᠢᠨ ᠪᠣᠷᠣ ᠭᠠᠵᠠᠷ ᠲᠡᠪᠡᠷᠢᠬᠦ ᠲᠣᠷᠭᠠᠨ ᠬᠠᠶᠠᠭᠠᠨ ᠠ᠋ᠴᠠ ᠤᠯᠠᠭᠠᠨ ᠲᠣᠭᠣᠰᠣ ᠮᠠᠨᠠᠷᠠᠭᠠᠨ ᠳᠣᠪᠲᠣᠯᠵᠤ ᠠᠢᠰᠤᠢ ᠪᠠᠷ᠎ᠠ ᠶ᠋ᠢ ᠬᠠᠢᠩᠭᠤᠳᠠ ᠬᠠᠷᠠᠭᠰᠠᠨ ᠢ᠋ᠶ᠋ᠠᠨ《ᠮᠢᠨᠦ ᠮᠠᠭᠤ ᠬᠦᠦ ᠪᠠᠢᠭᠰᠠᠨ ᠪᠣᠯ ᠬᠣᠲᠣᠯᠠ ᠠᠬ᠎ᠠ᠂ ᠵᠢᠯᠢ ᠪᠤᠬ᠎ᠠ ᠠᠪᠠᠭ᠎ᠠ᠂ ᠬᠠᠷᠢ ᠪᠤᠬ᠎ᠠ ᠨᠠᠭᠠᠴᠤ ᠢᠷᠡᠯ᠎ᠡ᠃ ᠶᠢᠰᠦᠨ ᠲᠠᠲ᠋ᠠᠷ ᠮᠢᠨᠢ ᠢᠷᠡᠯ᠎ᠡ ᠭᠡᠵᠦ ᠬᠥᠭᠡᠷᠦᠴᠡᠭᠯᠡᠬᠦ ᠪᠠᠢᠭᠰᠠᠨ ᠳᠠ》 ᠭᠡᠵᠦ ᠪᠣᠳᠣᠪᠠ᠃ ᠴᠢᠩᠭᠢᠭᠡᠳ ᠬᠠᠩᠭᠠᠯ ᠨᠠᠭᠤᠷ ᠤ᠋ᠨ ᠤᠷᠠᠨ ᠳᠠᠪᠠᠯᠭ᠎ᠠ ᠶ᠋ᠢ ᠰᠢᠷᠲᠡᠵᠦ᠂ ᠵᠤᠨ ᠤ᠋ ᠵᠥᠭᠡᠯᠡᠨ ᠰᠠᠯᠬᠢᠨ᠎ᠠ ᠪᠢᠳᠡᠷᠳᠦᠬᠦ ᠳᠣᠯᠭᠢᠶᠠᠨ ᠳᠡᠭᠡᠷ᠎ᠡ ᠨᠢ ᠪᠣᠳᠣᠯ ᠢ᠋ᠶ᠋ᠠᠨ ᠪᠡᠯᠴᠢᠭᠡᠵᠦ ᠰᠠᠭᠤᠯ᠎ᠠ᠃ ᠭᠤᠸ᠎ᠠ ᠪᠦᠯᠵᠢᠭᠡᠨ ᠬᠠᠲᠤᠨ ᠨᠣᠶᠠᠨ ᠤ᠋ ᠪᠤᠶᠠᠨ ᠳ᠋ᠤ᠌ ᠥᠯᠥᠰᠬᠦ ᠲᠠᠭᠠᠷᠠᠬᠤ ᠶ᠋ᠢᠨ ᠵᠣᠪᠠᠯᠠᠩ ᠦᠭᠡᠢ ᠪᠣᠯᠤᠭᠰᠠᠨ ᠴᠤ᠌ ᠨᠤᠲᠤᠭ ᠢ᠋ᠶ᠋ᠠᠨ ᠰᠠᠨᠠᠬᠤ ᠶ᠋ᠢᠨ ᠵᠣᠪᠠᠯᠠᠩ ᠠ᠋ᠴᠠ ᠰᠠᠯᠵᠤ ᠴᠢᠳᠠᠭᠰᠠᠨ ᠦᠭᠡᠢ ᠪᠥᠯᠥᠭᠡ᠃ ᠲᠡᠷᠡ ᠴᠦ᠍ ᠪᠠᠢᠲᠤᠭᠠᠢ ᠭᠠᠷ ᠰᠤᠩᠭᠠᠵᠤ ᠳᠠᠮ ᠪᠣᠯᠤᠭᠰᠠᠨ ᠨᠣᠶᠠᠨ ᠳ᠋ᠠᠭᠠᠨ ᠭᠠᠢ ᠲᠠᠷᠢᠵᠤ᠂ ᠵᠣᠪᠠᠯᠠᠩ ᠣᠳᠤᠭᠰᠠᠨ ᠨᠢ ᠪᠣᠢ᠃
ᠬᠠᠪᠤᠯ ᠬᠠᠭᠠᠨ ᠰᠠᠷ᠎ᠠ ᠰᠢᠨ᠎ᠡ ᠥᠩᠭᠡᠷᠡᠭᠡᠨ ᠨᠣᠭᠣᠭ᠎ᠠ ᠴᠤᠬᠤᠢᠭᠰᠠᠨ ᠬᠣᠢᠨ᠎ᠠ ᠠᠯᠲᠠᠨ ᠤᠯᠤᠰ ᠠ᠋ᠴᠠ ᠮᠣᠷᠢᠯᠠᠨ ᠢᠷᠡᠬᠦ ᠳ᠋ᠦ᠍ ᠬᠠᠨ ᠬᠥᠪᠡᠭᠦᠳ ᠬᠠᠷ᠎ᠠ ᠵᠢᠷᠦᠬᠡᠨ ᠦ᠌ ᠬᠥᠬᠡ ᠨᠠᠭᠤᠷ ᠲᠤ᠌ ᠴᠤᠭᠯᠠᠨ ᠲᠣᠰᠴᠤ ᠵᠣᠯᠭᠠᠨ ᠮᠥᠷᠭᠥᠭᠰᠡᠨ ᠦᠶ᠎ᠡ ᠪᠡᠷ ᠶᠦᠮ ᠰᠠᠨ᠃ ᠬᠠᠭᠠᠨ ᠬᠥᠰᠬᠡ ᠬᠠᠪᠤᠷ ᠤ᠋ᠨ ᠵᠡᠷᠭᠡᠯᠭᠡᠨᠲᠦ ᠬᠥᠨᠳᠡᠢ ᠶ᠋ᠢᠨ ᠲᠡᠷᠲᠡᠭᠡ ᠲᠣᠷᠣᠯᠵᠠᠨ ᠬᠠᠷᠠᠭᠳᠠᠬᠤ ᠦᠶᠡᠰ ᠯᠡ ᠶᠡᠬᠡ ᠬᠦᠷᠢᠶ᠎ᠡ ᠬᠥᠯ ᠪᠣᠯᠤᠨ ᠣᠪᠣᠯᠵᠠᠵᠤ᠂ ᠡᠮᠡᠰ ᠥᠬᠢᠳ ᠰᠢᠨ᠎ᠡ ᠳᠡᠪᠡᠯ ᠢ᠋ᠶ᠋ᠡᠨ ᠡᠮᠦᠰᠴᠦ᠂ ᠱ᠌ᠢᠷᠦ ᠰᠤᠪᠤᠳ ᠢ᠋ᠶ᠋ᠠᠨ ᠵᠡᠭᠦᠨ ᠭᠤᠶᠤᠵᠤ ᠠᠪᠠᠢ᠃ ᠪᠦᠯᠵᠢᠭᠡᠨ ᠭᠤᠸ᠎ᠠ ᠤᠭᠤᠵᠠ ᠲᠠᠲ᠋ᠠᠷ᠂ ᠲᠣᠺᠣᠵᠠ ᠲᠠᠲ᠋ᠠᠷ ᠤ᠋ᠨ ᠤᠳᠤᠮᠲᠤ ᠬᠣᠢᠮᠣᠷ ᠳᠤᠷ᠎ᠠ ᠪᠠᠷ ᠢ᠋ᠶ᠋ᠠᠨ ᠳᠣᠷᠭᠢᠵᠤ᠂ ᠴᠣᠬᠣᠮ ᠳᠤᠮᠳᠠ ᠴᠢᠮᠥᠭᠡ ᠪᠡᠷ ᠢ᠋ᠶ᠋ᠡᠨ ᠵᠢᠷᠭᠢᠵᠦ ᠶᠠᠪᠤᠭᠰᠠᠨ ᠳᠡᠩᠳᠡᠭᠦᠦ ᠵᠢᠷᠭᠠᠯ ᠲᠠᠢ ᠦᠶ᠎ᠡ ᠪᠡᠨ ᠳᠤᠷᠠᠰᠤᠨ ᠳᠤᠷᠠᠰᠤᠨ ᠬᠢᠷᠢ ᠲᠠᠭᠠᠷᠠᠤ ᠭᠣᠶᠣᠯ ᠢ᠋ᠶ᠋ᠠᠨ ᠵᠡᠭᠦᠵᠦ᠂ ᠬᠡᠭᠡᠷ᠎ᠡ ᠶ᠋ᠢᠨ ᠴᠠᠴᠠᠷ ᠲᠤ᠌ ᠳᠣᠭᠳᠣᠯᠤᠨ ᠬᠦᠯᠢᠶᠡᠭᠰᠡᠨ ᠪᠢᠯᠡ᠃ ᠰᠠᠷ᠎ᠠ ᠰᠢᠨ᠎ᠡ ᠶ᠋ᠢᠨ ᠢᠲᠡᠭᠡᠯᠭᠡ᠂ ᠪᠤᠳᠠᠭᠠᠯᠠᠭ᠎ᠠ ᠳ᠋ᠤ᠌ ᠲᠠᠲᠠᠪᠤᠷᠢ ᠡᠮ᠎ᠡ ᠳᠠᠭᠠᠵᠤ ᠣᠷᠣᠬᠤ ᠦᠭᠡᠢ ᠬᠡᠳᠦᠢ ᠴᠦ᠍《᠁ ᠬᠠᠭᠠᠨ ᠠᠪᠤ ᠳ᠋ᠤ᠌ ᠪᠢ ᠠᠢᠯᠠᠳᠬᠠᠨ᠎ᠠ》 ᠭᠡᠵᠦ ᠬᠣᠲᠣᠯᠠ ᠨᠣᠶᠠᠨ ᠥᠭᠦᠯᠡᠭᠰᠡᠨ ᠲᠤᠯᠠ《ᠠᠯᠢ ᠪᠣᠢ᠂ ᠦᠵᠡᠭᠦᠯ》 ᠭᠡᠬᠦ ᠪᠤᠶᠤ《ᠠᠪᠤᠭᠠᠳ ᠢᠷ᠎ᠡ》 ᠭᠡᠮᠡᠨ ᠵᠠᠷᠯᠢᠭ ᠪᠠᠭᠤᠵᠤ ᠬᠡᠮᠡᠨ᠎ᠡ ᠨᠡᠷ᠎ᠡ ᠬᠣᠯᠪᠣᠭᠳᠠᠭᠰᠠᠨ ᠡᠷ᠎ᠡ ᠶ᠋ᠢᠨ ᠨᠢᠭᠤᠷ ᠤᠯᠠᠢᠯᠭᠠᠬᠤ ᠪᠠᠷ ᠦᠭᠡᠢ ᠥᠩᠭᠡ ᠲᠡᠢ᠂ ᠥᠭᠡᠳᠡ ᠲᠡᠢ ᠪᠠᠢᠶ᠎ᠠ ᠭᠡᠵᠦ ᠪᠣᠳᠣᠪᠠ᠃ ᠴᠢᠩᠭᠢᠭᠡᠳ ᠥᠪᠡᠷ ᠦ᠋ᠨ ᠴᠠᠴᠠᠷ ᠠ᠋ᠴᠠ ᠲᠣᠯᠣᠭᠠᠢ ᠴᠤᠬᠤᠢᠯᠭᠠᠭᠰᠠᠨ ᠦᠭᠡᠢ ᠪᠢᠲᠡᠭᠦᠬᠡᠨ ᠰᠢᠨᠠᠯᠤᠨ ᠡᠨᠡᠯᠦᠨ ᠬᠦᠯᠢᠶᠡᠪᠡ᠃ ᠭᠠᠳᠠᠭᠰᠢ ᠪᠠᠨ ᠭᠠᠭᠴᠠ ᠠᠯᠬᠤᠵᠤ ᠬᠡᠮᠡᠨ᠎ᠡ ᠬᠣᠲᠣᠯᠠ ᠶ᠋ᠢᠨ ᠶᠡᠬᠡ᠂ ᠪᠠᠭ᠎ᠠ ᠬᠠᠲᠤᠳ ᠰᠢᠪᠡᠷ ᠠᠪᠢᠷ ᠭᠡᠯᠴᠡᠵᠦ ᠲᠡᠯᠮᠡᠨ ᠭᠤᠸ᠎ᠠ ᠬᠡᠮᠡᠬᠦ ᠪᠠᠭ᠎ᠠ ᠬᠠᠲᠤᠨ ᠨᠢ ᠤᠷᠠᠨ ᠬᠣᠰᠢᠭᠤ ᠪᠠᠨ ᠬᠠᠨᠴᠤᠢ ᠳ᠋ᠠᠭᠠᠨ ᠰᠢᠷᠭᠤᠭᠤᠯᠤᠨ ᠪᠠᠢᠵᠤ ᠵᠢᠭ ᠵᠢᠭ ᠢᠨᠢᠶᠡᠬᠦ ᠨᠢ ᠵᠢᠪᠡᠭᠦᠦ ᠲᠡᠢ᠃ ᠨᠢᠭᠡᠨ ᠠᠢᠯ ᠤ᠋ᠨ ᠪᠡᠷᠭᠡᠳ ᠲᠤᠯᠠ ᠥᠬᠢᠨᠪᠠᠷᠬᠠᠰ᠂ ᠬᠤᠲᠤᠭᠲᠤ ᠮᠣᠩᠬᠣᠷ ᠨᠠᠷ ᠤ᠋ᠨ ᠬᠠᠲᠤᠳ ᠪᠡᠶ᠎ᠡ ᠪᠡᠶ᠎ᠡ ᠪᠡᠨ ᠨᠢᠳᠤᠷᠤᠨ ᠨᠠᠮᠵᠢᠷ ᠬᠠᠶᠠᠬᠤ ᠨᠢ ᠲᠦᠪᠡᠭ ᠲᠡᠢ᠃ ᠶᠡᠷᠦ ᠡᠮᠡᠰ ᠦ᠋ᠨ ᠵᠠᠩ ᠲᠡᠷᠡ ᠪᠢᠵᠡ᠃ ᠴᠠᠷᠭᠢᠯ ᠨᠣᠲᠤᠢ ᠮᠡᠨᠳᠦ ᠠᠮᠤᠷ ᠪᠠᠢᠭᠠᠳ ᠲᠠᠲᠠᠪᠤᠷᠢ ᠡᠮ᠎ᠡ ᠬᠠᠶᠠᠭᠠᠨ ᠳ᠋ᠠᠭᠠᠨ ᠪᠠᠭᠤᠯᠭᠠᠭᠰᠠᠨ ᠪᠣᠯ ᠭᠤᠸ᠎ᠠ ᠪᠦᠯᠵᠢᠭᠡᠨ ᠪᠠᠰᠠ ᠯᠠ ᠡᠨᠡ ᠮᠡᠲᠦ ᠠᠶᠠᠭᠯᠠᠬᠤ ᠪᠠᠢᠭᠰᠠᠨ ᠨᠢ ᠯᠠᠪ᠃ ᠡᠢᠨ ᠪᠦᠭᠡᠷᠡᠯᠬᠡᠬᠦ ᠶ᠋ᠢ ᠭᠠᠳᠠᠨ᠎ᠠ ᠪᠠᠨ ᠦᠯᠦ ᠲᠣᠭᠣᠭᠴᠢ ᠪᠣᠯᠵᠤ ᠴᠢᠳᠠᠬᠤ ᠠᠪᠠᠴᠤ ᠳᠣᠲᠣᠷ᠎ᠠ ᠪᠠᠨ ᠪᠡᠲᠡᠭᠢᠷᠡᠨ ᠰᠢᠨᠠᠯᠤᠭᠰᠠᠭᠠᠷ ᠪᠠᠢᠵᠤ ᠪᠢᠯᠡ᠃
ᠶᠡᠬᠡ ᠬᠠᠭᠠᠨᠲᠠᠨ ᠦᠷᠭᠦᠭᠡᠨ ᠳ᠋ᠡᠭᠡᠨ ᠮᠣᠷᠢᠯᠠᠭᠰᠠᠨ ᠬᠣᠢᠨ᠎ᠠ ᠬᠠᠨ ᠬᠥᠪᠡᠭᠦᠳ᠂ ᠬᠠᠲᠤᠳ ᠦᠷᠡᠰ ᠢ᠋ᠶ᠋ᠡᠨ ᠳᠠᠭᠠᠭᠤᠯᠤᠨ ᠲᠣᠷᠭ᠎ᠠ ᠮᠠᠩᠨᠤᠭ ᠨᠠᠮᠢᠷᠠᠭᠤᠯᠤᠨ ᠬᠠᠭᠠᠨ ᠲᠠᠷᠮ᠎ᠠ ᠤᠷᠤᠭᠤ ᠴᠤᠪᠤᠬᠤ ᠶ᠋ᠢ ᠴᠠᠴᠠᠷ ᠤ᠋ᠨ ᠡᠭᠦᠳᠡ ᠪᠡᠷ ᠬᠠᠷᠠᠨ ᠬᠣᠴᠣᠷᠬᠤ ᠳ᠋ᠤ᠌ ᠬᠣᠭᠣᠯᠠᠢ ᠳ᠋ᠤᠨᠢ ᠨᠢᠭᠡ ᠯᠡ ᠶᠠᠭᠤᠮ᠎ᠠ ᠠᠷᠭᠠᠭᠠᠳ ᠪᠠᠢᠬᠤ ᠰᠢᠭ᠋ ᠰᠠᠨᠠᠭᠳᠠᠭᠰᠠᠨ ᠨᠢ ᠪᠣᠢ᠃ ᠬᠣᠲᠣᠯᠠ ᠨᠣᠶᠠᠨ ᠢᠨᠵᠢᠮᠡᠢ᠂ ᠲᠡᠯᠮᠡᠨ ᠭᠤᠸ᠎ᠠ ᠬᠣᠶᠠᠷ ᠢ᠋ᠶ᠋ᠠᠨ ᠨᠢᠳᠦ ᠶ᠋ᠢ ᠨᠢ ᠪᠦᠯᠲᠡᠷᠡᠲᠡᠯ᠎ᠡ ᠭᠤᠶᠤᠵᠤ᠂ ᠵᠣᠴᠢ᠂ ᠭᠢᠷᠮᠡᠦ᠂ ᠠᠯᠲᠠᠨ ᠭᠤᠷᠪᠠᠨ ᠬᠦᠦ ᠪᠡᠨ ᠬᠥᠲᠥᠯᠦᠨ ᠣᠳᠬᠤ ᠳ᠋ᠤ᠌ ᠮᠥᠨᠥᠬᠡᠨ ᠬᠠᠲᠠᠭᠤ ᠭᠤᠨᠢᠭ ᠭᠣᠣᠯ ᠳ᠋ᠠᠭᠠᠨ ᠥᠭᠰᠥᠭᠰᠡᠨ ᠢ᠋ᠶ᠋ᠡᠨ ᠬᠣᠶᠠᠷ ᠨᠢᠭᠡᠨ ᠳᠤᠰᠤᠯ ᠨᠢᠯᠪᠤᠰᠤ ᠪᠣᠯᠤᠨ ᠰᠢᠪᠡᠷᠡᠵᠦ ᠠᠪᠠᠢ᠃ ᠪᠣᠷᠣᠭ ᠪᠠᠭᠠᠵᠠᠳᠠᠭᠤ ᠳᠡᠪᠡᠯ ᠦ᠋ᠨ ᠬᠣᠷᠮᠣᠢ ᠨᠣᠷᠭᠠᠭᠰᠠᠨ ᠲᠡᠷᠡ ᠱᠣᠷᠪᠣᠭ ᠨᠢᠯᠪᠤᠰᠤ ᠬᠣᠲᠣᠯᠠ ᠨᠣᠶᠠᠨ ᠳ᠋ᠤ᠌ ᠰᠡᠳᠬᠢᠯ ᠠᠯᠳᠠᠭᠰᠠᠨ ᠢ᠋ ᠰᠢᠪᠡᠨᠡᠵᠦ ᠰᠢᠩᠭᠡᠭᠰᠡᠨ ᠪᠠᠢᠵᠤ ᠴᠤ᠌ ᠮᠡᠳᠡᠬᠦ ᠶᠦᠮ᠃
ᠬᠠᠷᠠᠮᠨᠠᠬᠤ᠂ ᠬᠠᠢᠷᠠᠯᠠᠬᠤ ᠬᠢᠭᠡᠳ ᠪᠠᠰᠠ ᠬᠦ᠌ ᠠᠶᠤᠬᠤ᠂ ᠲᠦᠭᠰᠢᠬᠦ ᠡᠲᠡᠭᠡᠳ ᠰᠤᠪᠢᠨ ᠳ᠋ᠤ᠌ ᠠᠪᠲᠠᠭᠰᠠᠨ ᠪᠦᠰᠡᠭᠦᠢ ᠬᠠᠴᠠᠷ ᠬᠠᠭᠠᠷᠢᠬᠤ ᠬᠦᠢᠲᠡᠨ ᠳᠡᠷᠡᠨ ᠡᠴᠡ ᠬᠠᠯᠠᠰᠢᠷᠠᠵᠤ᠂ ᠴᠠᠭᠠᠷᠢᠭᠯᠠᠨ ᠬᠡᠪᠲᠡᠬᠦ ᠭᠠᠭᠴᠠᠭᠠᠷ ᠵᠠᠶᠠᠭᠠᠨ ᠠ᠋ᠴᠠ ᠬᠠᠯᠭᠠᠵᠤ ᠭᠤᠷᠪᠠᠨ ᠮᠠᠷᠠᠯ ᠭᠣᠣᠯᠯᠠᠲᠠᠯᠠ ᠬᠦᠯᠢᠶᠡᠵᠦ ᠠᠪᠠᠢ᠃ ᠴᠢᠩᠭᠢᠲᠡᠯ᠎ᠡ ᠴᠦ᠍ ᠬᠠᠭᠠᠨ ᠲᠠᠷᠮᠠᠨ ᠳ᠋ᠤ᠌ ᠴᠢᠭᠤᠯᠤᠭᠰᠠᠨ ᠶᠡᠬᠡᠰ ᠳᠡᠭᠡᠳᠦᠰ ᠭᠠᠳᠠᠭᠠᠯᠠᠵᠤ ᠠᠯᠲᠠᠨ ᠤᠯᠤᠰ ᠤ᠋ᠨ ᠠᠮᠲᠠᠲᠤ ᠵᠢᠮᠢᠰ ᠰᠠᠭᠰᠤ ᠰᠠᠭᠰᠤ ᠪᠠᠷ ᠲᠡᠪᠡᠷᠢᠭᠰᠡᠨ ᠬᠥᠪᠡᠭᠦᠳ᠂ ᠤᠷᠲᠤ ᠭᠠᠵᠠᠷ ᠤ᠋ᠨ ᠤᠷᠠᠨ ᠬᠡ ᠲᠡᠢ ᠲᠣᠷᠭ᠎ᠠ ᠬᠤᠢ ᠬᠤᠢ ᠪᠠᠷ ᠠᠪᠤᠭᠰᠠᠨ ᠬᠠᠲᠤᠳ ᠰᠥᠨᠢ ᠶ᠋ᠢᠨ ᠰᠡᠷᠢᠭᠦᠨ ᠠᠭᠠᠷ ᠲᠤ᠌ ᠠᠭᠠᠭ ᠲᠠᠢ ᠳᠡᠷᠡᠰᠦᠨ ᠦ᠌ ᠦᠨᠦᠷ ᠢ᠋ ᠠᠳᠠ ᠲᠠᠢ ᠬᠥᠭᠵᠢᠭᠦᠨ ᠢᠨᠢᠶᠡᠳᠦ ᠲᠡᠢ ᠴᠣᠭ ᠰᠠᠴᠤᠨ ᠪᠡᠯᠴᠢᠪᠡ᠃
ᠪᠦᠯᠵᠢᠭᠡᠨ ᠭᠤᠸ᠎ᠠ ᠨᠤᠭᠤᠯᠵᠤ ᠰᠠᠭᠤᠭᠰᠠᠨ ᠡᠪᠦᠳᠦᠭ ᠴᠡᠴᠡᠷᠡᠵᠦ᠂ ᠨᠤᠮᠤᠯᠠᠵᠤ ᠴᠢᠪᠴᠢᠷᠡᠭᠰᠡᠨ ᠬᠥᠮᠥᠰᠬᠡ ᠬᠦᠷᠲᠡᠯ᠎ᠡ ᠬᠠᠯᠠᠭᠤ ᠣᠷᠬᠢᠬᠤ ᠶ᠋ᠢ ᠮᠡᠳᠡᠷᠡᠨ ᠪᠡᠶ᠎ᠡ ᠪᠡᠨ ᠬᠤᠷᠢᠶᠠᠵᠤ ᠴᠢᠮᠡᠭᠡ ᠴᠢᠩᠨᠠᠪᠠ᠃ ᠡᠨᠡ ᠬᠢᠷᠢ ᠨᠢᠯᠬ᠎ᠠ ᠨᠣᠭᠣᠭ᠎ᠠ ᠰᠡᠷᠵᠢᠭᠢᠨᠡᠬᠦ ᠰᠣᠨᠣᠰᠳᠠᠵᠤ ᠲᠦᠳᠡᠬᠡᠨ ᠬᠥᠩᠭᠡᠨ ᠠᠯᠬᠤᠭ᠎ᠠ ᠨᠠᠭᠠᠰᠢᠯᠠᠬᠤ ᠨᠢ ᠬᠣᠲᠣᠯᠠ ᠨᠣᠶᠠᠨ ᠮᠥᠨ ᠠᠵᠢ᠃ ᠬᠦᠷᠢᠶᠡᠨ ᠦ᠌ ᠵᠠᠬ᠎ᠠ ᠪᠠᠷᠠᠳᠠᠭᠤᠯᠵᠤ ᠪᠠᠷᠢᠭᠰᠠᠨ ᠪᠢᠴᠢᠬᠠᠨ ᠭᠡᠷ ᠲᠡᠭᠡᠨ ᠡᠨᠡ ᠬᠥᠯ ᠦ᠋ᠨ ᠴᠢᠮᠡᠭᠡ ᠶ᠋ᠢ ᠴᠢᠩᠨᠠᠵᠤ ᠬᠡᠪᠲᠡᠭᠰᠡᠭᠡᠷ ᠲᠠᠨᠢᠯ ᠳᠣᠲᠣᠨᠣ ᠪᠣᠯᠵᠠᠢ᠃ ᠰᠠᠶᠢᠬᠠᠨ ᠤ᠋ ᠭᠤᠨᠢᠭ᠂ ᠣᠮᠣᠭ ᠬᠣᠷᠣᠮᠬᠠᠨ ᠬᠡᠢᠰᠦᠨ ᠠᠷᠢᠯᠵᠤ᠂ ᠮᠥᠩᠭᠥᠨ ᠴᠥᠭᠥᠴᠡ ᠲᠡᠢ ᠳ᠋ᠧᠩ ᠢ᠋ᠶ᠋ᠡᠨ ᠡᠷᠢᠬᠦ ᠦᠶᠡᠰ᠂
— ᠬᠣᠲᠣᠯᠠ! ᠭᠡᠬᠦ ᠵᠠᠬᠢᠷᠤᠩᠭᠤᠢ ᠳᠠᠭᠤᠨ ᠰᠣᠨᠣᠰᠳᠠᠬᠤ ᠳ᠋ᠤ᠌ ᠪᠦᠯᠵᠢᠭᠡᠨ ᠮᠣᠭᠠᠢ ᠲᠡᠮᠲᠡᠷᠢᠭᠰᠡᠨ ᠮᠡᠲᠦ ᠭᠠᠷ ᠢ᠋ᠶ᠋ᠠᠨ ᠣᠭᠵᠣᠮ ᠲᠠᠲᠠᠵᠤ ᠠᠪᠤᠯ᠎ᠠ᠃ ᠥᠬᠢᠨᠪᠠᠷᠬᠠᠭ ᠤ᠋ᠨ ᠫᠠᠷᠭᠢᠶ᠎ᠠ ᠳᠠᠭᠤ ᠶ᠋ᠢ ᠵᠠᠯᠭᠠᠵᠤ ᠬᠤᠲᠤᠭᠲᠤ ᠮᠣᠩᠬᠣᠷ ᠨᠠᠮᠳᠠᠭᠤ᠂
— ᠠᠬ᠎ᠠ ᠬᠠᠨ ᠲᠠ ᠶᠣᠰᠣᠯᠠᠵᠤ ᠠᠪᠤᠭᠰᠠᠨ ᠬᠠᠲᠤᠭᠲᠠᠢ᠂ ᠵᠢᠰᠦᠯᠡᠵᠦ ᠦᠨᠦᠷᠯᠡᠬᠦ ᠦᠷ᠎ᠡ ᠲᠡᠢ ᠠᠲᠠᠯ᠎ᠠ ᠪᠠᠨ ᠶᠠᠭᠤᠨ ᠳ᠋ᠤ᠌ ᠶᠠᠯᠠᠨ ᠳ᠋ᠤ᠌ ᠪᠠᠷᠢᠭᠳᠠᠭᠰᠠᠨ ᠶᠠᠩᠬᠠᠨ ᠤᠷᠤᠭᠤ ᠭᠦᠶᠦᠨ᠎ᠡ ᠪᠢᠯᠡ᠃ ᠡᠷ᠎ᠡ ᠶ᠋ᠢᠨ ᠨᠡᠷ᠎ᠡ ᠳᠦᠭᠦᠷᠴᠡᠢ ᠭᠡᠬᠦ ᠳ᠋ᠦ᠍ ᠲᠥᠷᠥ ᠶ᠋ᠢᠨ ᠨᠡᠷ᠎ᠡ ᠬᠠᠢᠷᠠᠨ ᠪᠢᠰᠢ ᠤᠤ᠁ ᠭᠡᠬᠦ ᠰᠣᠨᠣᠰᠲᠠᠯ᠎ᠠ᠃ ᠪᠦᠯᠵᠢᠭᠡᠨ ᠬᠠᠲᠤᠨ ᠠᠮᠢᠰᠬᠤᠭ᠎ᠠ ᠲᠦᠭᠵᠢᠨ ᠴᠢᠬᠢ ᠲᠠᠯᠪᠢᠪᠠ᠃ ᠬᠣᠲᠣᠯᠠ ᠨᠣᠶᠠᠨ ᠳᠤᠤᠭᠠᠷᠤᠭᠰᠠᠨ ᠦᠭᠡᠢ᠃ ᠡᠨᠡ ᠦᠶᠡᠰ ᠵᠢᠭᠠᠯ ᠲᠣᠳᠣᠢᠨ ᠨᠣᠶᠠᠨ ᠤ᠋ ᠬᠡᠦᠬᠡᠳ ᠢ᠋ᠶ᠋ᠡᠷ ᠢ᠋ᠶ᠋ᠡᠨ ᠰᠢᠩᠭᠡᠨ ᠳᠠᠭᠤ ᠭᠠᠷᠴᠤ᠂
— ᠬᠠᠭᠠᠨ ᠡᠴᠢᠭᠡ ᠶ᠋ᠢᠨ ᠨᠡᠷ᠎ᠡ ᠳ᠋ᠦ᠍ ᠲᠣᠯᠪᠣ ᠲᠠᠢ᠂ ᠰᠡᠳᠬᠢᠯ ᠳ᠋ᠦ᠍ ᠲᠣᠢᠪᠣ ᠲᠠᠢ ᠪᠢᠰᠢ ᠤᠤ ᠭᠡᠬᠦ ᠳ᠋ᠦ᠍ ᠪᠦᠭᠦᠳᠡ ᠶ᠋ᠢ ᠲᠡᠷᠢᠭᠦᠯᠡᠭᠴᠢ ᠥᠬᠢᠨᠪᠠᠷᠬᠠᠰ ᠤ᠋ᠨ ᠳᠡᠭᠡᠷᠡᠩᠭᠦᠢ ᠳᠠᠭᠤᠨ᠂
— ᠲᠠᠲᠠᠪᠤᠷᠢ ᠡᠮᠡᠰ ᠮᠤᠩᠳᠠᠭᠰᠠᠨ ᠪᠢᠰᠢ᠁ ᠬᠠᠲᠤᠨ ᠴᠢᠨᠢ ᠴᠥᠭᠡᠳᠡᠵᠦ᠂ ᠬᠠᠢᠷ᠎ᠠ ᠴᠢᠨᠢ ᠶᠡᠬᠡᠲᠡᠭᠡᠳ ᠪᠠᠢᠪᠠᠯ ᠠᠬ᠎ᠠ ᠨᠢ ᠥᠪᠡᠷ ᠦ᠋ᠨ ᠲᠤᠭ ᠤ᠋ᠨ ᠳᠣᠣᠷ᠎ᠠ ᠴᠡᠷᠢᠭ ᠵᠠᠰᠠᠨ ᠪᠣᠰᠴᠤ ᠶᠢᠰᠦᠨ ᠲᠠᠲ᠋ᠠᠷ ᠤ᠋ᠨ ᠭᠤᠸ᠎ᠠ ᠡᠮᠡᠰ ᠢ᠋ ᠬᠤᠷᠢᠶᠠᠵᠤ ᠢᠷᠡᠶ᠎ᠡ ᠪᠢ᠁ ᠭᠡᠯᠡ᠃
ᠲᠡᠷᠡ ᠦᠭᠡᠨ ᠳ᠋ᠡᠭᠡᠨ ᠬᠦᠷᠴᠦ ᠴᠢᠳᠠᠬᠤ ᠪᠢᠯᠡ᠃ ᠶᠡᠷᠦ ᠵᠣᠷᠢᠮᠠᠭ᠂ ᠴᠣᠴᠢᠮᠠᠭ ᠨᠢᠭᠡᠨ ᠲᠤᠯᠠ ᠬᠠᠷᠢ ᠡᠯᠢᠭᠡ ᠶ᠋ᠢᠨ ᠬᠥᠮᠦᠨ ᠪᠦᠦ ᠬᠡᠯᠡ ᠬᠠᠮᠢᠶᠠᠲᠠᠨ ᠰᠠᠳᠤᠨ ᠨᠢ ᠴᠦ᠍ ᠠᠶᠤᠨ ᠰᠢᠷᠪᠡᠭᠡᠲᠦᠬᠦ ᠨᠢ ᠪᠣᠢ᠃ ᠬᠣᠲᠣᠯᠠ ᠨᠣᠶᠠᠨ ᠶᠠᠭᠤ ᠴᠤ᠌ ᠳᠤᠤᠭᠠᠷᠤᠭᠰᠠᠨ ᠦᠭᠡᠢ ᠠᠵᠢ᠃ ᠲᠡᠭᠦᠨ ᠦ᠌ ᠳᠦᠷᠯᠡᠭᠡᠷ ᠠᠯᠠᠭ ᠨᠢᠳᠦ ᠲᠦᠷᠭᠡᠨ ᠲᠦᠷᠭᠡᠨ ᠴᠠᠪᠴᠢᠯᠠᠵᠤ᠂ ᠡᠮ᠎ᠡ ᠬᠥᠮᠦᠨ ᠦ᠌ ᠬᠢ ᠮᠡᠲᠦ ᠪᠤᠯᠪᠠᠷᠠᠢ ᠶᠠᠭᠠᠨ ᠤᠷᠤᠭᠤᠯ ᠢ᠋ᠶ᠋ᠠᠨ ᠬᠠᠵᠠᠯᠠᠨ ᠪᠠᠢᠭ᠎ᠠ ᠶ᠋ᠢ ᠪᠦᠯᠵᠢᠭᠡᠨ ᠬᠠᠲᠤᠨ ᠬᠠᠷᠠᠭᠰᠠᠨ ᠶᠤᠮ ᠰᠢᠭ᠋ ᠮᠡᠳᠡᠷᠡᠵᠦ ᠪᠠᠢᠪᠠ᠃
ᠬᠠᠪᠤᠯ ᠬᠠᠭᠠᠨ ᠤ᠋ ᠳᠣᠯᠣᠭᠠᠨ ᠬᠥᠪᠡᠭᠦᠨ ᠦ᠌ ᠳᠤᠮᠳᠠ ᠡᠳᠦᠷ ᠦ᠋ᠨ ᠣᠳᠣ ᠰᠢᠭ᠋ ᠵᠠᠶᠠᠭᠠᠭᠰᠠᠨ ᠠᠷᠪᠠᠨ ᠬᠤᠷᠤᠭᠤ ᠲᠡᠭᠰᠢ ᠠᠮᠢᠲᠠᠨ᠃ ᠴᠠᠭᠠᠨ ᠬᠡᠯᠡ ᠠᠮᠠᠨ ᠠ᠋ᠴᠠ ᠨᠢᠭᠤᠵᠤ ᠶᠠᠪᠤᠮᠠᠷ ᠰᠠᠢᠬᠠᠨ ᠲᠥᠷᠥᠭᠰᠡᠨ ᠬᠣᠲᠣᠯᠠ ᠨᠣᠶᠠᠨ ᠬᠦᠯᠢᠶᠡᠴᠡ ᠲᠡᠢ ᠪᠢᠯᠡ᠃ ᠬᠠᠭᠠᠨ ᠲᠥᠷᠥ ᠶ᠋ᠢᠨ ᠵᠠᠭᠠᠨ ᠡᠷᠳᠡᠨᠢ ᠭᠡᠵᠦ ᠬᠥᠩᠬᠥᠷ ᠬᠣᠷᠴᠢ ᠨᠢᠭᠡᠨᠲᠡ ᠥᠭᠦᠯᠡᠭᠰᠡᠨ ᠨᠢ ᠪᠣᠢ ᠶᠤᠮ᠃ ᠶᠡᠷᠦ ᠣᠷᠣ ᠲᠠᠢ ᠯᠠ ᠬᠡᠯᠡᠭᠰᠡᠨ ᠬᠡᠷᠡᠭ ᠠᠪᠠᠢ᠃ ᠥᠬᠢᠨᠪᠠᠷᠬᠠᠭ ᠬᠠᠷᠢᠭᠤ ᠬᠦᠯᠢᠶᠡᠵᠦ ᠲᠦᠷ ᠠᠩᠵᠠᠭᠠᠷᠠᠭᠰᠠᠨ ᠢ᠋ᠶ᠋ᠠᠨ᠂
— ᠣᠴᠢᠵᠤ ᠣᠴᠢᠵᠤ ᠶᠠᠯ᠎ᠠ ᠶᠠᠩᠬᠠᠨ ᠲᠠᠢ ᠡᠮ᠎ᠡ ᠣᠯᠵᠤ ᠣᠷᠢᠶᠠᠴᠠᠯᠳᠤᠳᠠᠭ ᠳᠦᠭᠦᠷᠴᠢᠬᠡᠭᠰᠡᠨ ᠴᠦ᠍ ᠡᠷ᠎ᠡ ᠪᠣᠯ ᠳᠠ᠃ ᠲᠡᠷᠡ ᠲᠡᠢ ᠲᠡᠷᠡ ᠦᠭᠡᠢ ᠯᠡ ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠲᠠᠢ ᠠᠮᠢᠲᠠᠨ ᠢ᠋ ᠬᠡᠨ ᠯᠡ ᠨᠡᠬᠡᠵᠦ ᠢᠷᠡᠭᠡ ᠠᠵᠢ᠁ ᠴᠢ ᠥᠷᠥᠯᠡᠵᠦ ᠴᠢᠳᠠᠬᠤ ᠦᠭᠡᠢ ᠪᠣᠯ ᠪᠢ ᠴᠢᠳᠠᠨ᠎ᠠ ᠰᠢᠦ ᠭᠡᠬᠦ ᠯᠡ ᠦᠭᠡ ᠪᠦᠯᠵᠢᠭᠡᠨ ᠬᠠᠲᠤᠨ ᠤ᠋ ᠵᠢᠷᠦᠬᠡᠨ ᠳ᠋ᠦ᠍ ᠵᠡᠪᠡ ᠮᠡᠲᠦ ᠰᠢᠭᠢᠳᠴᠡᠢ᠃ ᠬᠡ ᠲᠡᠢ ᠴᠠᠴᠠᠷ ᠤ᠋ᠨ ᠱᠤᠷᠭᠠᠭᠠᠨ ᠪᠠᠭᠠᠨ᠎ᠠ ᠭᠠᠩᠬᠤᠬᠤ ᠰᠢᠭ᠋ ᠪᠣᠯᠵᠤ᠂
— ᠮᠠᠭᠤ ᠬᠦᠦ ᠮᠢᠨᠢ᠁ ᠭᠡᠮᠡᠨ ᠪᠦᠷᠦᠭ ᠪᠠᠷᠤᠭ ᠪᠣᠳᠣᠵᠤ ᠠᠮᠵᠢᠵᠠᠢ᠃ ᠲᠡᠭᠡᠭᠡᠳ ᠴᠣᠬᠣᠮ ᠬᠡᠨ ᠶᠠᠭᠤ ᠶᠠᠷᠢᠵᠤ᠂ ᠬᠡᠷᠬᠢᠨ ᠵᠠᠨᠤᠭᠰᠠᠨ ᠢ᠋ ᠰᠣᠨᠣᠰᠴᠤ ᠦᠯᠦ ᠴᠢᠳᠠᠪᠠ᠃ ᠬᠡᠳᠦᠢ ᠬᠢᠷᠢ ᠤᠬᠠᠭᠠᠨ ᠦᠭᠡᠢ ᠬᠡᠪᠲᠡᠭᠰᠡᠨ ᠢ᠋ ᠦᠯᠦ ᠮᠡᠳᠡᠨ᠎ᠡ᠃ ᠲᠡᠷᠡ ᠪᠡᠷ ᠰᠥᠨᠢ ᠶ᠋ᠢᠨ ᠠᠶᠤᠮᠰᠢᠭᠲᠤ ᠶᠠᠷᠢᠶᠠᠨ ᠳ᠋ᠤ᠌ ᠪᠡᠶ᠎ᠡ ᠪᠠᠷᠢᠭᠳᠠᠨ ᠡᠬᠢᠯᠡᠭᠡᠳ ᠨᠢᠳᠦ ᠪᠡᠨ ᠵᠥᠭᠡᠯᠡᠬᠡᠨ ᠨᠡᠭᠡᠭᠡᠵᠦ ᠬᠠᠷᠠᠪᠠᠯ ᠳᠡᠷᠭᠡᠳᠡ ᠨᠢ ᠬᠣᠲᠣᠯᠠ ᠨᠣᠶᠠᠨ ᠪᠦᠰᠡ ᠪᠡᠨ ᠴᠦ᠍ ᠲᠠᠢᠯᠤᠭᠰᠠᠨ ᠦᠭᠡᠢ᠂ ᠪᠦᠬᠦᠯᠢ ᠪᠡᠷ ᠢ᠋ᠶ᠋ᠡᠨ ᠬᠡᠪᠲᠡᠬᠦ ᠠᠭᠠᠳ ᠭᠠᠷ ᠢ᠋ᠶ᠋ᠠᠨ ᠰᠠᠯᠠᠭᠠᠪᠴᠢᠯᠠᠨ ᠳᠡᠷᠡᠯᠡᠵᠦ᠂ ᠲᠣᠷᠭᠠᠨ ᠴᠠᠴᠠᠷ ᠤ᠋ᠨ ᠣᠷᠣᠢ ᠰᠢᠷᠲᠡᠵᠡᠢ᠃ ᠭᠦᠨ ᠪᠣᠳᠣᠯ ᠳ᠋ᠤ᠌ ᠳᠠᠷᠤᠭᠳᠠᠭᠰᠠᠨ ᠨᠣᠶᠠᠨ ᠢ᠋ ᠢᠨᠠᠭᠰᠢᠨ ᠬᠠᠢᠷᠠᠯᠠᠬᠤ ᠤᠶᠠᠷᠠᠩᠭᠤᠢ ᠰᠡᠳᠬᠢᠯ ᠳ᠋ᠦ᠍ ᠠᠪᠲᠠᠵᠤ ᠠᠮᠢᠰᠬᠤᠭ᠎ᠠ ᠲᠦᠭᠵᠢᠨ ᠨᠢᠳᠦ ᠪᠡᠨ ᠠᠨᠢᠬᠤ ᠳ᠋ᠠᠭᠠᠨ ᠰᠥᠨᠢ ᠶ᠋ᠢᠨ ᠶᠠᠷᠢᠶ᠎ᠠ ᠶ᠋ᠢ ᠨᠢᠭᠡᠳ ᠨᠢᠭᠡᠨ ᠦᠭᠡᠢ ᠰᠣᠨᠣᠰᠤᠭᠰᠠᠨ ᠢ᠋ᠶ᠋ᠠᠨ ᠬᠡᠯᠡᠵᠦ᠂ ᠵᠣᠪᠠᠯᠠᠩ ᠳᠡᠭᠡᠷ᠎ᠡ ᠵᠣᠪᠠᠯᠠᠩ ᠨᠡᠮᠡᠭᠡᠳ ᠶᠠᠭᠠᠬᠢᠬᠤ ᠪᠣᠢ ᠭᠡᠮᠡᠨ ᠪᠣᠳᠣᠵᠤ ᠪᠢᠯᠡ᠃
ᠪᠦᠯᠵᠢᠭᠡᠨ ᠬᠠᠲᠤᠨ ᠡᠢᠨ ᠡᠷᠲᠡ ᠡᠳᠦᠭᠡ ᠶ᠋ᠢ ᠡᠷᠭᠢᠴᠡᠭᠦᠯᠦᠨ ᠬᠠᠩᠭᠠᠯ ᠨᠠᠭᠤᠷ ᠤ᠋ᠨ ᠳᠣᠯᠭᠢᠶᠠᠨ ᠳ᠋ᠤ᠌ ᠪᠦᠪᠡᠢᠯᠡᠭᠳᠡᠨ ᠰᠠᠭᠤᠬᠤ ᠳᠤᠷᠠᠲᠠᠢ ᠶᠤᠮ᠃ ᠪᠡᠶᠡᠰ ᠢ᠋ᠶ᠋ᠡᠨ ᠬᠥᠭᠡᠭᠡᠬᠦ ᠬᠥᠬᠡ ᠲᠣᠷᠭᠠᠨ ᠪᠢᠳᠠᠷ ᠥᠰᠴᠦ ᠲᠥᠷᠥᠭᠰᠡᠨ ᠪᠤᠢᠷ ᠨᠠᠭᠤᠷ ᠢ᠋ ᠨᠢ ᠰᠠᠨᠠᠭᠤᠯᠵᠤ᠂ ᠠᠷᠢᠭᠤᠨ ᠳᠣᠯᠭᠢᠰ ᠢ᠋ᠶ᠋ᠠᠷ ᠢ᠋ᠶ᠋ᠠᠨ ᠰᠡᠳᠬᠢᠯ ᠦ᠋ᠨ ᠭᠤᠨᠢᠭ ᠢ᠋ ᠨᠢ ᠤᠬᠢᠶᠠᠵᠤ ᠥᠭᠬᠦ ᠰᠢᠭ ᠪᠣᠯᠳᠠᠭ ᠪᠢᠯᠡ᠃ ᠬᠣᠲᠣᠯᠠ᠂
— ᠪᠦᠯᠵᠢᠭᠡᠨ ᠮᠢᠨᠢ᠂ ᠥᠬᠢᠨᠪᠠᠷᠬᠠᠭ ᠨᠣᠶᠠᠨ ᠣᠷᠣ ᠦᠭᠡᠢ ᠦᠭᠡ ᠬᠡᠯᠡᠳᠡᠭ ᠦᠭᠡᠢ ᠶᠦᠮ ᠰᠢᠦ ᠭᠡᠮᠡᠨ ᠮᠡᠯᠲᠡᠭ ᠪᠠᠭᠠᠲᠤᠷ ᠤ᠋ᠨ ᠴᠡᠷᠢᠭ ᠡᠴᠡ ᠬᠡᠰᠢᠭᠲᠡᠨ ᠳᠠᠭᠠᠭᠤᠯᠵᠤ ᠮᠣᠷᠳᠠᠭᠤᠯᠬᠤ ᠨᠢ ᠪᠣᠢ᠃ ᠭᠡᠪᠡᠴᠦ ᠬᠥᠮᠦᠨ ᠦ᠌ ᠳᠡᠷᠭᠡᠳᠡ ᠪᠡᠶ᠎ᠡ ᠪᠡᠨ ᠪᠠᠷᠢᠵᠤ᠂ ᠰᠠᠨᠠᠭ᠎ᠠ ᠵᠣᠪᠠᠬᠤ ᠲᠤᠯᠠ ᠦᠶ᠎ᠡ ᠦᠶᠡᠬᠡᠨ ᠨᠣᠶᠠᠨ ᠠ᠋ᠴᠠ ᠪᠠᠨ ᠨᠢᠭᠤᠭᠳᠠᠵᠤ ᠬᠠᠩᠭᠠᠯ ᠨᠠᠭᠤᠷ ᠲᠤ᠌ ᠡᠨᠡ ᠮᠡᠲᠦ ᠢᠷᠡᠬᠦ ᠪᠥᠯᠥᠭᠡ᠃ ᠴᠢᠩᠭᠢᠲᠡᠯ᠎ᠡ ᠭᠡᠨᠡᠳᠲᠡ ᠨᠠᠭᠤᠷ ᠤ᠋ᠨ ᠤᠰᠤᠨ ᠳ᠋ᠤ᠌ ᠥᠳᠥᠲᠦ ᠰᠤᠮᠤ ᠱᠤᠩᠭᠤᠨ ᠣᠷᠣᠵᠤ ᠵᠡᠭᠡᠰᠦᠨ ᠳᠤᠮᠳᠠ ᠵᠣᠭᠣᠭᠳᠠᠪᠠ᠃ ᠪᠦᠯᠵᠢᠭᠡᠨ ᠬᠠᠲᠤᠨ ᠴᠣᠴᠢᠨ ᠡᠷᠭᠢᠵᠦ ᠬᠠᠷᠠᠪᠠᠯ᠂ ᠲᠣᠭᠲᠠᠵᠤ ᠶᠠᠳᠠᠨ ᠲᠦᠬᠦᠬᠡᠯᠵᠡᠬᠦ ᠬᠣᠯᠠ ᠮᠤᠷᠢᠨ᠎ᠠ ᠲᠠᠰᠢᠶᠠᠯᠳᠠᠨ ᠰᠠᠭᠤᠭᠰᠠᠨ ᠥᠬᠢᠨᠪᠠᠷᠬᠠᠭ ᠤ᠋ᠨ ᠬᠥᠯᠴᠥᠭᠦᠦ ᠬᠠᠷᠠᠴᠠ ᠲᠠᠢ ᠲᠤᠯᠭᠠᠷᠠᠪᠠ᠃ ᠲᠦᠭᠰᠢᠭᠦᠷᠢᠲᠦ ᠲᠡᠷᠡ ᠰᠥᠨᠢ ᠡᠴᠡ ᠬᠣᠢᠰᠢ ᠴᠡᠴᠡᠭ ᠦ᠋ᠨ ᠭᠤᠷᠪᠠᠨ ᠰᠠᠷ᠎ᠠ ᠠᠨᠢᠷ ᠭᠦᠮ ᠪᠠᠢᠭᠰᠠᠨ ᠨᠢ ᠥᠬᠢᠨᠪᠠᠷᠬᠠᠭ ᠨᠣᠶᠠᠨ ᠠᠢᠷᠠᠭ ᠨᠠᠢᠷ ᠤ᠋ᠨ ᠴᠠᠭ ᠢ᠋ᠶ᠋ᠠᠷ ᠳᠥᠷᠥᠭᠡ ᠮᠤᠯᠲᠤᠯᠬᠤ ᠬᠦᠷᠢᠶ᠎ᠡ ᠠᠷᠪᠢᠨ᠂ ᠠᠢᠯ ᠣᠯᠠᠨ ᠲᠤᠯᠠ ᠵᠠᠪ ᠦᠭᠡᠢ ᠪᠠᠢᠵᠠᠢ᠃ ᠨᠠᠮᠤᠷ ᠤ᠋ᠨ ᠠᠮᠢᠰᠬᠤᠭ᠎ᠠ ᠣᠷᠣᠭᠰᠠᠨ ᠡᠯ᠎ᠡ ᠡᠳᠦᠷ ᠦ᠋ᠳ ᠡᠴᠡ ᠬᠣᠢᠰᠢ ᠰᠢᠲᠦ ᠵᠠᠭᠤᠭᠰᠠᠨ ᠠᠬ᠎ᠠ ᠨᠣᠶᠠᠨ ᠤ᠋ ᠤᠬᠠᠭᠠᠨ ᠴᠡᠭᠴᠡᠷᠡᠵᠦ᠂ ᠤᠷᠢᠳᠤ ᠣᠳᠣ ᠶ᠋ᠢ ᠰᠠᠨᠠᠬᠤ ᠲᠠᠢ ᠪᠣᠯᠳᠠᠭ ᠶᠤᠮ ᠰᠢᠦ ᠭᠡᠵᠦ ᠬᠣᠲᠣᠯᠠ ᠨᠣᠶᠠᠨ ᠲᠣᠭᠯᠠᠭᠠᠮ ᠱᠣᠭᠯᠠᠭᠠᠮ ᠢ᠋ᠶ᠋ᠠᠷ ᠥᠭᠦᠯᠡᠭᠰᠡᠨ ᠨᠢ ᠦᠨᠡᠨ ᠪᠠᠢᠵᠠᠢ᠃
— ᠲᠥᠷᠥ ᠪᠤᠵᠠᠷᠯᠠᠭᠰᠠᠨ ᠮᠠᠭᠤ ᠭᠢᠴᠢᠢ᠁
— ᠨᠣᠶᠠᠨ ᠲᠠ ᠠᠮᠤᠭᠤᠯᠠᠩ ᠤᠤ?
— ᠲᠠᠯ᠎ᠠ ᠶ᠋ᠢᠨ ᠮᠣᠩᠭᠣᠯ ᠤ᠋ᠨ ᠠᠮᠤᠭᠤᠯᠠᠩ᠂ ᠲᠠᠲ᠋ᠠᠷ ᠤ᠋ᠨ ᠬᠥᠲᠥᠪᠴᠢᠨ ᠳ᠋ᠦ᠍ ᠬᠦᠷᠲᠡᠭᠡᠯ ᠶᠠᠭᠤᠨ? ᠭᠡᠬᠦ ᠳ᠋ᠦ᠍ ᠪᠠᠷ᠎ᠠ ᠪᠣᠯᠤᠭᠠᠴᠢᠳ ᠨᠢ ᠪᠠᠬ᠎ᠠ ᠬᠠᠨᠤᠭᠰᠠᠨ ᠶᠠᠩᠵᠤ ᠲᠠᠢ ᠮᠡᠷ ᠮᠡᠷ ᠬᠥᠬᠥᠷᠡᠯᠳᠦᠪᠡ᠃ ᠥᠬᠢᠨᠪᠠᠷᠬᠠᠭ ᠭᠠᠷ ᠢ᠋ᠶ᠋ᠠᠨ ᠵᠥᠭᠡᠯᠡᠬᠡᠨ ᠡᠷᠭᠦᠬᠦ ᠳ᠋ᠦ᠍ ᠪᠠᠶᠠᠰᠤᠭᠴᠢᠳ ᠨᠠᠮ ᠭᠦᠮ ᠪᠣᠯᠤᠯ᠎ᠠ᠃
— ᠴᠢᠮᠠᠶ᠋ᠢ ᠪᠢ ᠨᠢᠳᠦᠨ ᠡᠴᠡ ᠳᠠᠯᠳᠠ ᠪᠣᠯᠭ᠎ᠠ ᠭᠡᠵᠦ ᠳᠡᠭᠦᠦ ᠳ᠋ᠡᠭᠡᠨ ᠬᠡᠯᠡᠭᠰᠡᠨ ᠪᠢᠯᠡ᠃ ᠠᠬ᠎ᠠ ᠶ᠋ᠢᠨ ᠦᠭᠡ ᠶ᠋ᠢ ᠬᠣᠭᠣᠯᠠ ᠲᠠᠢ ᠪᠠᠨ ᠢᠳᠡᠵᠦ᠂ ᠠᠯᠤᠰ ᠤ᠋ᠨ ᠰᠠᠨᠠᠭ᠎ᠠ ᠶ᠋ᠢ ᠬᠣᠷᠮᠣᠢ ᠲᠠᠢ ᠪᠠᠨ ᠬᠤᠳᠬᠤᠵᠤ ᠪᠠᠢᠭ᠎ᠠ ᠠᠵᠢ! ᠭᠡᠳ ᠵᠢᠯᠣᠭᠣ ᠴᠤᠯᠪᠤᠭᠤᠷ ᠢ᠋ᠶ᠋ᠠᠨ ᠬᠤᠮᠢᠵᠤ ᠠᠳᠬᠤᠩᠭᠠᠨ ᠪᠣᠳᠣᠯ ᠰᠠᠨᠠᠭ᠎ᠠ ᠪᠠᠨ ᠴᠤᠭᠯᠠᠭᠤᠯᠬᠤ ᠮᠡᠲᠦ ᠬᠡᠰᠡᠭ ᠠᠵᠠᠨᠠᠭᠰᠠᠨ ᠢ᠋ᠶ᠋ᠠᠨ᠂
— ᠨᠢᠳᠦᠨ ᠦ᠌ ᠪᠤᠯᠤᠩ ᠢ᠋ᠶ᠋ᠠᠷ ᠬᠠᠯᠲᠤ ᠬᠠᠷᠠᠵᠤ ᠶᠠᠪᠤᠭᠰᠠᠨ ᠠ᠋ᠴᠠ ᠪᠢᠰᠢ ᠨᠢᠭᠤᠷ ᠲᠤᠯᠤᠨ ᠤᠴᠠᠷᠠᠵᠤ ᠪᠠᠢᠭᠰᠠᠨ ᠦᠭᠡᠢ᠃ ᠣᠳᠣ ᠬᠠᠷᠠᠪᠠᠯ ᠴᠢ ᠲᠤᠭᠤᠷᠭ᠎ᠠ ᠨᠡᠪᠲᠡ ᠲᠤᠶᠠᠭ᠎ᠠ ᠲᠠᠢ᠂ ᠭᠡᠷ ᠨᠡᠪᠲᠡ ᠭᠡᠭᠡ ᠲᠡᠢ ᠡᠮ᠎ᠡ ᠮᠥᠨ ᠰᠠᠨᠵᠠᠢ᠃ ᠡᠢᠮᠦ ᠬᠡᠦᠬᠡᠨ ᠳ᠋ᠦ᠍ ᠳᠤᠷᠠᠯᠠᠭᠰᠠᠨ ᠮᠢᠨᠦ ᠳᠡᠭᠦᠦ ᠳ᠋ᠦ᠍ ᠪᠤᠷᠤᠭᠤ ᠶᠠᠭᠤ ᠪᠠᠢᠬᠤ ᠪᠣᠢ᠃ ᠭᠡᠬᠦ ᠳ᠋ᠡᠭᠡᠨ ᠲᠥᠷᠥ ᠭᠡᠳᠡᠭ ᠲᠥᠷᠥ᠁ ᠭᠡᠮᠡᠨ ᠣᠮᠣᠭ ᠪᠠᠷᠳᠠᠮ ᠬᠠᠷᠠᠴᠠ ᠪᠠᠷ ᠳᠡᠭᠡᠷ᠎ᠡ ᠬᠥᠬᠡᠷᠡᠭᠴᠢ ᠲᠩᠷᠢ ᠰᠢᠷᠲᠡᠨ᠂
— ᠬᠠᠭᠠᠨ ᠠᠪᠤ ᠶ᠋ᠢᠨ ᠬᠦᠦ ᠬᠠᠷᠢ ᠭᠦᠷᠦᠨ ᠦ᠌ ᠶᠠᠯᠠᠲᠤ ᠡᠮ᠎ᠡ ᠲᠡᠢ ᠳᠡᠷᠡ ᠨᠡᠢᠯᠡᠵᠦ ᠦᠯᠦ ᠪᠣᠯᠬᠤ ᠪᠢᠯᠡ᠃ ᠪᠥᠵᠥᠩ ᠲᠠᠤᠯᠠᠢ ᠰᠢᠭ᠋ ᠪᠦᠯᠲᠡᠭᠡᠨᠡᠵᠦ ᠵᠣᠭᠰᠣᠬᠤ ᠳ᠋ᠤ᠌ ᠴᠢᠨᠢ ᠬᠠᠷᠠᠭᠰᠠᠭᠠᠷ ᠪᠠᠢᠵᠤ ᠶᠠᠭᠠᠬᠢᠵᠤ ᠬᠠᠷᠪᠤᠬᠤ ᠪᠣᠢ᠂ ᠬᠦᠦ ᠳ᠋ᠡᠭᠡᠨ ᠬᠠᠢᠷᠠᠲᠠᠢ ᠪᠣᠯ ᠬᠥᠯ ᠳᠡᠭᠦᠵᠢᠯᠡᠬᠦ ᠤᠨᠤᠭ᠎ᠠ ᠥᠭᠭᠦᠶ᠎ᠡ᠂ ᠪᠤᠢᠷ ᠨᠠᠭᠤᠷ ᠢ᠋ᠶ᠋ᠠᠨ ᠪᠤᠰᠢᠭᠤ ᠲᠡᠮᠡᠴᠡ! ᠭᠡᠳ ᠡᠷᠭᠢᠨ ᠬᠠᠷᠠᠬᠤ ᠳ᠋ᠤ᠌ ᠬᠦᠷᠡᠯ ᠰᠤᠪᠤᠷᠭ᠎ᠠ ᠰᠢᠭ᠋ ᠬᠦᠳᠡᠷ ᠨᠢᠭᠡᠨ ᠡᠷ᠎ᠡ ᠬᠥᠲᠥᠯᠦᠭᠡ ᠬᠣᠶᠠᠷ ᠮᠣᠷᠢ ᠲᠠᠢ ᠳᠡᠷᠭᠡᠭᠦᠯᠵᠦ ᠢᠷᠡᠭᠰᠡᠨ ᠢ᠋ᠶ᠋ᠡᠨ ᠰᠥᠬᠥᠷᠡᠵᠦ ᠰᠠᠭᠤᠭᠰᠠᠨ ᠪᠦᠰᠡᠭᠦᠢ ᠶ᠋ᠢᠨ ᠡᠪᠦᠷ ᠳᠡᠭᠡᠷ᠎ᠡ ᠴᠤᠯᠪᠤᠭᠤᠷ ᠢ᠋ ᠨᠢ ᠰᠢᠳᠡᠴᠢᠬᠡᠪᠡ᠃ ᠭᠤᠸ᠎ᠠ ᠬᠠᠲᠤᠨ ᠴᠢᠮᠡᠭᠡ ᠦᠭᠡᠢ ᠠᠳᠬᠤᠨ ᠠᠪᠤᠭᠰᠠᠨ ᠢ᠋ᠶ᠋ᠠᠨ ᠮᠥᠷᠥ ᠨᠢ ᠴᠡᠴᠡᠷᠭᠡᠨᠡᠨ ᠠᠰᠬᠠᠷᠠᠲᠠᠯ᠎ᠠ ᠤᠬᠢᠯᠠᠵᠤ ᠠᠪᠠᠢ᠃ ᠲᠡᠷᠡ ᠪᠡᠷ ᠥᠬᠢᠨᠪᠠᠷᠬᠠᠭ ᠨᠣᠶᠠᠨ ᠢ᠋ ᠬᠥᠮᠦᠨ ᠦ᠌ ᠠᠳᠠᠭ ᠭᠡᠮᠡᠨ ᠢᠲᠡᠭᠡᠵᠦ᠂ ᠵᠢᠷᠭᠠᠯ ᠲᠠᠢ ᠬᠥᠮᠦᠨ ᠳ᠋ᠦ᠍ ᠵᠣᠪᠠᠯᠠᠩ ᠲᠠᠢ ᠬᠥᠮᠦᠨ ᠦ᠌ ᠰᠡᠭᠦᠳᠡᠷ ᠴᠦ᠍ ᠬᠠᠷᠠᠭᠳᠠᠳᠠᠭ ᠦᠭᠡᠢ ᠶ᠋ᠢᠨ ᠦᠯᠢᠭᠡᠷ ᠦᠨᠡᠨ ᠠᠵᠢ ᠭᠡᠵᠦ ᠭᠣᠮᠣᠳᠠᠵᠤ ᠶᠠᠪᠤᠭᠰᠠᠨ ᠨᠢ ᠪᠣᠢ᠃ ᠨᠢᠭᠤᠷ ᠲᠤᠯᠤᠨ ᠤᠴᠠᠷᠠᠪᠠᠯ ᠦᠭᠡ ᠶ᠋ᠢᠨ ᠰᠣᠯᠢᠭ᠎ᠠ ᠦᠭᠡᠢ ᠬᠠᠷᠪᠤᠴᠢᠬᠠᠬᠤ ᠨᠢᠭᠡᠨ ᠪᠢᠰᠢ ᠠᠵᠤᠭᠤ᠃
ᠠᠶᠤᠵᠤ ᠪᠠᠯᠠᠮᠠᠭᠳᠠᠭᠰᠠᠨ ᠰᠡᠳᠬᠢᠯ ᠨᠢ ᠨᠢᠯᠪᠤᠰᠤ ᠪᠣᠯᠤᠨ ᠭᠠᠳᠠᠭᠰᠢ ᠤᠷᠤᠰᠴᠤ ᠶᠠᠯᠢ ᠦᠭᠡᠢ ᠲᠠᠢᠪᠤᠰᠢᠷᠠᠨ ᠬᠠᠷᠠᠪᠠᠯ ᠮᠣᠷᠢᠲᠠᠨ ᠡᠷᠡᠰ ᠪᠠᠷ᠎ᠠ ᠰᠤᠷᠠᠭ ᠦᠭᠡᠢ ᠪᠣᠯᠵᠠᠢ᠃ ᠪᠡᠶ᠎ᠡ ᠲᠠᠯᠪᠢᠭᠤᠷᠠᠵᠤ ᠠᠮᠢᠰᠬᠤᠭ᠎ᠠ ᠠᠪᠬᠤ ᠲᠠᠢ ᠪᠣᠯᠪᠠ᠃ ᠴᠢᠩᠭᠢᠭᠡᠳ ᠮᠣᠷᠢᠳ ᠢ᠋ᠶ᠋ᠠᠨ ᠬᠥᠲᠥᠯᠦᠨ ᠪᠣᠰᠴᠤ ᠵᠠᠢᠳᠠᠭᠤ ᠮᠣᠳᠣᠨ ᠤ᠋ ᠰᠡᠭᠦᠳᠡᠷ ᠲᠦ᠍ ᠲᠤᠱᠠᠵᠤ ᠣᠷᠬᠢᠭᠰᠠᠨ ᠤᠨᠤᠭᠠᠨ ᠳᠡᠭᠡᠷ᠎ᠡ ᠪᠡᠨ ᠢᠷᠡᠲᠡᠯ᠎ᠡ ᠬᠣᠲᠣᠯᠠ ᠨᠣᠶᠠᠨ ᠳᠥᠷᠪᠡᠨ ᠮᠥᠴᠢ ᠪᠡᠨ ᠲᠡᠯᠡᠭᠡᠳ ᠬᠠᠶᠠᠴᠢᠬᠠᠭᠰᠠᠨ ᠲᠣᠷᠵᠢᠭᠢᠨᠠᠲᠠᠯᠠ ᠬᠤᠷᠬᠢᠷᠠᠵᠤ ᠬᠡᠪᠲᠡᠬᠦ ᠳ᠋ᠦ᠍ ᠰᠠᠶᠢ ᠶ᠋ᠢᠨ ᠲᠦᠭᠰᠢᠭᠦᠷᠢ᠂ ᠠᠶᠤᠳᠠᠰᠤ ᠬᠡᠢᠰᠦᠨ ᠠᠷᠢᠯᠵᠤ᠂ ᠥᠪᠡᠷ ᠦ᠋ᠨ ᠡᠷᠬᠡ ᠦᠭᠡᠢ ᠢᠨᠢᠶᠡᠳᠦ ᠠᠯᠳᠠᠯ᠎ᠠ᠃ ᠬᠣᠲᠣᠯᠠ ᠰᠣᠴᠢᠨ ᠰᠡᠷᠡᠭᠰᠡᠨ ᠢ᠋ᠶ᠋ᠡᠨ᠂
— ᠪᠦᠯᠵᠢᠭᠡᠨ ᠴᠢᠮᠠᠶ᠋ᠢ ᠨᠠᠭᠤᠷ ᠰᠢᠷᠳᠡᠭᠡᠳ ᠰᠠᠭᠤᠬᠤ ᠪᠠᠷ ᠪᠤᠢᠷ ᠢ᠋ᠶ᠋ᠠᠨ ᠰᠠᠨᠠᠭ᠎ᠠ ᠶᠤᠮ ᠪᠣᠯᠪᠠ ᠤᠤ? ᠪᠣᠳᠣᠯ ᠢ᠋ ᠨᠢ ᠦᠷᠭᠦᠭᠡᠭᠡᠳ ᠶᠠᠭᠠᠬᠢᠬᠤ ᠪᠣᠢ ᠭᠡᠵᠦ ᠪᠣᠳᠣᠭᠠᠳ᠁ ᠭᠡᠰᠡᠨ ᠢ᠋ᠶ᠋ᠡᠨ ᠮᠣᠷᠢᠳ ᠢ᠋ ᠨᠢ ᠬᠠᠷᠠᠨ᠂
— ᠶᠠᠭᠤᠨ ᠬᠦᠯᠦᠭ ᠪᠢᠯᠡ᠃ ᠬᠤᠷᠠᠭᠠᠨ ᠤ᠋ ᠬᠡᠦᠬᠡᠳ ᠨᠣᠣᠯᠠᠵᠤ᠂ ᠬᠤᠪᠢᠩ ᠲᠠᠢ ᠤᠰᠤ ᠲᠡᠩᠨᠡᠵᠦ ᠶᠠᠪᠤᠮᠠᠷ ᠭᠣᠳᠣᠯᠢ ᠰᠡᠭᠦᠯᠲᠦ᠂ ᠭᠣᠯᠢᠶ᠎ᠠ ᠭᠡᠳᠡᠰᠦ ᠲᠡᠢ ᠡᠳ᠋ ᠰᠢᠪ ᠳᠡ ᠭᠡᠬᠦ ᠳ᠋ᠦ᠍ ᠪᠦᠯᠵᠢᠭᠡᠨ ᠰᠠᠨᠠᠭ᠎ᠠ ᠠᠯᠳᠠᠵᠤ᠂
— ᠥᠬᠢᠨᠪᠠᠷᠬᠠᠭ ᠨᠣᠶᠠᠨᠲᠠᠨ ᠥᠭᠭᠦᠭᠰᠡᠨ ᠶᠦᠮ ᠭᠡᠪᠡᠯ ᠬᠣᠲᠣᠯᠠ ᠴᠡᠴᠡᠭ ᠲᠣᠬᠣᠢᠯᠳᠠᠨ ᠥᠨᠳᠡᠢᠵᠦ᠂
— ᠠᠬ᠎ᠠ ᠨᠣᠶᠠᠨ ᠬᠡᠵᠢᠶ᠎ᠡ ᠢᠷᠡᠪᠡ? ᠭᠡᠯᠡ᠃
— ᠳᠥᠩᠭᠡᠵᠦ ᠰᠠᠶᠢᠬᠠᠨ ᠮᠣᠷᠢᠯᠠᠭᠠᠳ᠂ ᠬᠦᠦ ᠪᠢᠳᠡᠨ ᠬᠣᠶᠠᠷ ᠤ᠋ᠨ ᠠᠮᠢ ᠶ᠋ᠢ ᠥᠷᠥᠰᠢᠶᠡᠶ᠎ᠡ᠂ ᠪᠤᠢᠷ ᠨᠠᠭᠤᠷ ᠤᠷᠤᠭᠤ ᠪᠠᠨ ᠪᠤᠴᠠ ᠭᠡᠮᠡᠨ ᠡᠨᠡ ᠮᠣᠷᠢᠳ ᠢ᠋ ᠥᠭᠪᠡ ᠭᠡᠬᠦ ᠳ᠋ᠦ᠍ ᠬᠣᠲᠣᠯᠠ ᠬᠥᠮᠥᠰᠬᠡ ᠵᠠᠩᠭᠢᠳᠤᠨ᠂
— ᠠᠵᠢᠨᠠᠢ ᠬᠦᠯᠦᠭ ᠦ᠋ᠨ ᠴᠢᠨᠢ ᠠᠷᠠᠰᠤ ᠶ᠋ᠢ ᠥᠭᠴᠦ ᠶᠠᠪᠤᠭᠤᠯᠤᠨ᠎ᠠ ᠳᠠ ᠭᠡᠪᠡ᠃ ᠬᠠᠩᠭᠠᠯ ᠤ᠋ᠨ ᠬᠥᠬᠡ ᠨᠠᠭᠤᠷ ᠤ᠋ᠨ ᠬᠠᠪᠢ ᠣᠷᠴᠢᠨ ᠠᠨᠢᠷ ᠭᠦᠮ ᠠᠵᠢ᠃
5
ᠶᠢᠰᠦᠭᠡᠢ ᠡᠷᠡᠬᠡᠢ ᠪᠡᠨ ᠰᠢᠯᠡᠮᠡᠳᠡᠨ ᠰᠤᠮᠤᠨ ᠤ᠋ ᠪᠠᠨ ᠥᠳᠥ ᠶ᠋ᠢ ᠴᠡᠮᠴᠡᠭᠡᠷᠬᠡᠨ ᠴᠢᠮᠬᠢᠵᠦ᠂ ᠨᠤᠮᠤ ᠪᠠᠨ ᠵᠤᠭᠤᠤᠬᠠᠨ ᠡᠪᠰᠢᠶᠡᠯᠭᠡᠨ ᠫᠠᠢ ᠬᠠᠷᠠᠭᠠᠯᠠᠵᠤ ᠥᠷᠥᠭᠡᠰᠦᠨ ᠨᠢᠳᠦ ᠪᠡᠨ ᠠᠨᠢᠰᠬᠢᠭᠰᠠᠨ ᠢ᠋ᠶ᠋ᠠᠨ ᠭᠡᠨᠡᠳᠲᠡ ᠲᠠᠲᠠᠯᠭ᠎ᠠ ᠪᠠᠨ ᠰᠤᠯᠠᠷᠠᠭᠤᠯᠵᠤ ᠬᠣᠯᠠ ᠶ᠋ᠢ ᠬᠠᠷᠠᠪᠠ᠂ ᠬᠠᠭᠠᠨ ᠬᠦᠷᠢᠶ᠎ᠡ ᠪᠤᠷᠬᠠᠨ ᠬᠠᠯᠳᠤᠨ ᠤ᠋ ᠨᠥᠮᠥᠷᠢ ᠳ᠋ᠦ᠍ ᠣᠷᠣᠰᠢᠬᠤ ᠡᠪᠦᠯᠵᠢᠶᠡᠨ ᠳ᠋ᠡᠭᠡᠨ ᠣᠢᠷᠠᠳᠴᠤ ᠰᠡᠩᠬᠦᠷ ᠭᠣᠷᠣᠬᠠᠨ ᠤ᠋ ᠮᠥᠷᠡᠨ ᠤᠷᠤᠭᠤ ᠡᠷᠭᠢᠬᠦ ᠠᠭᠤᠵᠢᠮ ᠲᠣᠬᠣᠢ ᠳ᠋ᠤ᠌ ᠪᠠᠭᠤᠳᠠᠯᠯᠠᠭᠰᠠᠨ ᠠᠵᠢ᠃ ᠡᠯ᠎ᠡ ᠲᠣᠬᠣᠢ ᠶ᠋ᠢᠨ ᠬᠠᠮᠢᠭ᠎ᠠ ᠠ᠋ᠴᠠ ᠴᠤ᠌᠂ ᠬᠡᠨ ᠴᠦ᠍ ᠢᠷᠡᠭᠰᠡᠨ ᠬᠠᠭᠠᠰ ᠡᠳᠤᠷᠴᠢ ᠶ᠋ᠢᠨ ᠭᠠᠵᠠᠷ ᠠ᠋ᠴᠠ ᠪᠠᠷ᠎ᠠ ᠨᠢ ᠦᠵᠡᠭᠳᠡᠬᠦ ᠪᠢᠯᠡ᠃ ᠶᠢᠰᠦᠭᠡᠢ ᠮᠥᠨᠥᠬᠢ ᠵᠡᠭᠦᠦ ᠶ᠋ᠢᠨ ᠰᠦᠪᠡᠭᠴᠢ ᠶ᠋ᠢᠨ ᠲᠡᠳᠦᠢ ᠪᠠᠷ᠎ᠠ ᠶ᠋ᠢ ᠬᠣᠷᠣᠮ ᠬᠢᠷᠢ ᠲᠣᠭᠲᠠᠨ ᠬᠠᠷᠠᠭᠰᠠᠨ ᠢ᠋ᠶ᠋ᠠᠨ᠂
— ᠮᠣᠷᠢᠲᠠᠨ ᠠᠢᠰᠤᠢ ᠭᠡᠪᠡᠯ ᠲᠣᠳᠣᠢᠨ ᠠᠪᠠᠭ᠎ᠠ ᠨᠢ᠂
— ᠤᠨᠤᠪᠠᠯ ᠬᠠᠷᠪᠤ᠂ ᠬᠠᠷᠪᠤ ᠭᠡᠳ ᠬᠥᠭᠵᠢᠯᠲᠡᠢ ᠢᠨᠢᠶᠡᠯᠳᠦᠪᠡ᠃ ᠲᠡᠳᠡ ᠵᠢᠷᠠᠨ ᠨᠤᠮᠤ ᠶ᠋ᠢᠨ ᠭᠠᠵᠠᠷ ᠠ᠋ᠴᠠ ᠰᠠᠷ᠎ᠠ ᠫᠠᠢ ᠬᠠᠷᠪᠤᠵᠤ ᠪᠠᠢᠪᠠ᠃ ᠶᠢᠰᠦᠭᠡᠢ ᠡᠨᠡ ᠵᠢᠯ ᠠᠷᠪᠠᠨ ᠳᠣᠯᠣᠭᠠᠨ ᠨᠠᠰᠤ ᠳᠥᠷᠥᠭᠡᠯᠡᠵᠦ ᠲᠠᠷᠴᠢᠭ ᠪᠠᠭᠠᠴᠤᠳ ᠤ᠋ᠨ ᠬᠠᠷᠪᠤᠳᠠᠭ ᠲᠠᠪᠢᠨ ᠨᠤᠮᠤ ᠶ᠋ᠢᠨ ᠭᠠᠵᠠᠷ ᠢ᠋ ᠣᠷᠬᠢᠨ ᠵᠠᠯᠠᠭᠤ ᠬᠥᠪᠡᠭᠦᠳ ᠦ᠋ᠨ ᠬᠠᠷᠪᠤᠬᠤ ᠵᠢᠷᠠᠨ ᠨᠤᠮᠤ ᠶ᠋ᠢᠨ ᠫᠠᠢ ᠳ᠋ᠤ᠌ ᠡᠯᠰᠡᠵᠦ ᠪᠢᠯᠡ᠂ ᠡᠢᠨ ᠠᠩᠬᠠᠨ ᠰᠤᠮᠤ ᠲᠠᠯᠪᠢᠬᠤ ᠳ᠋ᠤ᠌ ᠡᠷ᠎ᠡ ᠦᠬᠡᠷ ᠦ᠋ᠨ ᠰᠢᠷᠢ ᠳᠡᠯᠭᠡᠵᠦ ᠬᠠᠲᠠᠭᠰᠠᠨ ᠫᠠᠢ ᠶ᠋ᠢᠨ ᠲᠡᠷᠲᠡᠭᠡ ᠡᠴᠡ ᠤᠤᠬᠠᠢ ᠶ᠋ᠢᠨ ᠲᠦᠷᠢᠯᠭᠡ ᠰᠣᠨᠣᠰᠳᠠᠵᠤ ᠳᠠᠷᠢᠲᠠᠢ ᠣᠳᠴᠢᠬᠢᠨ ᠤ᠋᠂
— ᠶᠢᠰᠦᠭᠡᠢ ᠠᠬ᠎ᠠ ᠣᠨᠣᠯ᠎ᠠ! ᠭᠡᠬᠦ ᠰᠢᠩᠭᠡᠨ ᠳᠠᠭᠤ ᠬᠠᠲᠠᠵᠤ ᠠᠪᠠᠢ᠃ ᠲᠣᠮᠣ ᠠᠬ᠎ᠠ ᠮᠡᠩᠭᠢᠲᠦ ᠳᠠᠯᠤ ᠮᠥᠷᠥ ᠠᠯᠠᠭᠠᠳᠠᠨ᠂
— ᠶᠢᠰᠦᠭᠡᠢ ᠳᠡᠭᠦᠦ ᠴᠦ᠍ ᠡᠷ᠎ᠡ ᠪᠣᠯᠵᠠᠢ ᠭᠡᠪᠡᠯ ᠠᠬ᠎ᠠ ᠨᠡᠭᠦᠨ᠂
— ᠪᠠᠷᠠᠳᠠᠨᠪᠠᠭᠠᠲᠤᠷ ᠤ᠋ᠨ ᠦᠷ᠎ᠡ ᠪᠠᠷᠳᠠᠮ ᠮᠡᠷᠭᠡᠨ ᠶᠠᠪᠤᠬᠤ ᠤᠴᠢᠷᠲᠠᠢ ᠭᠡᠵᠦ ᠲᠦᠬᠦᠭᠡᠪᠡ᠃ ᠡᠨᠡ ᠬᠢᠷᠢ ᠬᠠᠭᠠᠨ ᠬᠦᠷᠢᠶᠡᠨ ᠡᠴᠡ ᠠᠮᠪᠠᠭᠠᠢ ᠬᠠᠭᠠᠨ ᠤ᠋ ᠬᠠᠲᠠᠭᠠᠨ᠂ ᠲᠡᠭᠦᠨ ᠢ᠋ ᠰᠡᠭᠦᠳᠡᠷ ᠮᠡᠲᠦ ᠳᠠᠭᠠᠵᠤ ᠳᠡᠪᠢᠭᠴᠢ ᠮᠡᠷᠭᠢᠳ ᠦ᠋ᠨ ᠳᠣᠲᠣᠷ ᠪᠢᠯᠭᠡ ᠴᠢᠬᠢᠨ ᠬᠦᠦ ᠳᠣᠭᠲᠤᠭᠠ ᠶ᠋ᠢ ᠴᠤᠯᠪᠤᠭᠤᠷᠳᠠᠨ ᠬᠥᠲᠥᠯᠵᠦ ᠢᠷᠡᠵᠡᠢ᠃
— ᠮᠡᠷᠭᠡᠨ ᠬᠦᠦ ᠲᠥᠷᠥᠭ ᠭᠡᠵᠦ ᠬᠡᠵᠢᠶᠡᠨ ᠦ᠌ ᠳᠠᠭᠤ ᠴᠢᠩᠭ᠎ᠠ᠂ ᠰᠡᠳᠬᠢᠯ ᠬᠥᠭᠵᠢᠭᠦᠨ ᠨᠡᠭᠦᠨ ᠲᠠᠢᠵᠢ ᠬᠠᠰᠬᠢᠷᠬᠤ ᠳ᠋ᠤ᠌᠂
— ᠮᠥᠷᠥ ᠵᠣᠬᠢ! ᠮᠥᠳᠳᠥᠬᠡᠨ ᠮᠥᠩᠭᠥᠨ ᠵᠡᠭᠦᠦ ᠶ᠋ᠢᠨ ᠰᠦᠪᠡᠭᠴᠢ ᠪᠡᠷ ᠭᠠᠷᠭᠠᠨ ᠠᠯᠲᠠᠨ ᠵᠡᠭᠦᠦ ᠳ᠋ᠦ᠍ ᠰᠤᠮᠤ ᠰᠦᠪᠡᠯᠡᠬᠦ ᠬᠦᠦ ᠭᠠᠷᠤᠨ᠎ᠠ ᠳᠠ᠁ ᠭᠡᠳ ᠳᠣᠭᠲᠤᠭᠠ ᠬᠦᠦ ᠶ᠋ᠢ ᠪᠠᠭᠤᠯᠭᠠᠵᠤ ᠬᠡᠪᠯᠡᠭᠦᠦ ᠤᠷᠠᠯᠠᠭᠰᠠᠨ ᠬᠠᠪᠴᠢᠶᠠᠬᠠᠢ ᠨᠤᠮᠤ ᠶ᠋ᠢ ᠨᠢ ᠠᠳᠬᠤᠭᠤᠯᠤᠨ᠂
— ᠶᠠᠪᠤ ᠮᠢᠨᠦ ᠬᠦᠦ᠂ ᠭᠤᠴᠢᠨ ᠨᠤᠮᠤ ᠶ᠋ᠢᠨ ᠬᠢᠨ ᠭᠣᠷᠣᠬᠠᠨ ᠤ᠋ ᠴᠠᠭᠠᠨ᠎ᠠ ᠪᠠᠢᠨ᠎ᠠ ᠭᠡᠯᠡ᠃ ᠨᠠᠮᠤᠷ ᠣᠷᠣᠢ ᠶ᠋ᠢᠨ ᠰᠠᠯᠬᠢᠨ ᠳ᠋ᠤ᠌ ᠰᠠᠨᠠᠭ᠎ᠠ ᠠᠯᠳᠠᠬᠤ ᠮᠡᠲᠦ ᠬᠠᠯᠢᠭᠤᠷᠠᠬᠤ ᠶᠡᠬᠡ ᠡᠪᠡᠰᠦᠨ ᠳᠤᠮᠳᠠ ᠮᠡᠩᠭᠢᠲᠦ ᠶ᠋ᠢᠨ ᠬᠣᠶᠠᠷ ᠬᠦᠦ᠂ ᠨᠡᠭᠦᠨ ᠦ᠌ ᠬᠥᠪᠡᠭᠦᠨ᠂ ᠬᠣᠲᠣᠯᠠ ᠠᠪᠠᠭ᠎ᠠ ᠶ᠋ᠢᠨ ᠬᠢᠷᠮᠡᠦ᠂ ᠠᠯᠲᠠᠨ ᠲᠡᠷᠢᠭᠦᠲᠦ《ᠰᠠᠢᠨ ᠡᠷᠡᠰ》 ᠬᠠᠪᠴᠢᠶᠠᠬᠠᠢ ᠨᠤᠮᠤ ᠡᠪᠰᠢᠶᠡᠯᠭᠡᠵᠦ ᠱᠤᠤᠭᠢᠯᠳᠤᠨ ᠠᠵᠢ᠃ ᠬᠠᠲᠠᠭᠠᠨ ᠲᠠᠢᠵᠢ ᠶ᠋ᠢ ᠪᠠᠷᠠᠳᠠᠵᠤ ᠢᠷᠡᠭᠰᠡᠨ ᠲᠠᠢᠴᠢᠭᠤᠳ ᠤ᠋ᠨ ᠲᠠᠷᠭᠤᠲᠠᠢ ᠬᠢᠷᠢᠯᠳᠤᠭ ᠬᠦᠷᠲᠡᠯ᠎ᠡ ᠮᠡᠷᠭᠡ ᠰᠣᠷᠢᠨ ᠠᠪᠠᠢ᠃ ᠲᠡᠷᠡ ᠪᠦᠭᠦᠳᠡ ᠶ᠋ᠢᠨ ᠳᠤᠮᠳᠠ ᠲᠡᠮᠡᠭᠡ ᠮᠡᠲᠦ᠃ ᠥᠨᠳᠥᠷ ᠡᠪ ᠬᠠᠪᠤ ᠦᠭᠡᠢ ᠨᠢᠭᠡᠨ ᠬᠦᠦ ᠪᠣᠢ ᠨᠢ ᠬᠤᠲᠤᠭᠲᠤ ᠮᠣᠩᠬᠣᠷ ᠤ᠋ᠨ ᠬᠥᠪᠡᠭᠦᠨ ᠪᠦᠷᠢ ᠶᠦᠮ᠃ ᠪᠡᠶ᠎ᠡ ᠥᠰᠬᠡᠯᠡᠭᠦᠨ ᠬᠦᠦ ᠭᠤᠴᠢᠨ ᠨᠤᠮᠤ ᠶ᠋ᠢᠨ ᠭᠠᠵᠠᠷ ᠢ᠋ ᠳᠠᠪᠠᠭᠤᠯᠵᠤ ᠬᠠᠷᠪᠤᠬᠤ ᠨᠢ ᠣᠯᠠᠨ ᠴᠤ᠌ ᠤᠨᠤᠬᠤ ᠨᠢ ᠴᠥᠭᠡᠨ ᠲᠤᠯᠠ ᠬᠥᠭᠡᠷᠦᠯᠳᠦᠨ ᠢᠨᠢᠶᠡᠯᠳᠦᠵᠦ ᠰᠣᠨᠣᠰᠳᠠᠨ᠎ᠠ᠃ ᠲᠣᠭᠲᠤᠭ᠎ᠠ ᠬᠦᠦ ᠭᠦᠶᠦᠵᠦ ᠣᠳᠤᠯ᠎ᠠ᠃
ᠡᠨᠡ ᠦᠶᠡᠰ ᠬᠦᠷᠢᠶ᠎ᠡ ᠪᠠᠭᠤᠷᠴᠢ ᠶ᠋ᠢᠨ ᠭᠡᠷ ᠦ᠋ᠨ ᠡᠭᠦᠳᠡ ᠪᠡᠷ ᠬᠠᠯᠠᠭᠤᠨ ᠬᠣᠭᠣᠯᠠᠨ ᠤ᠋ ᠠᠭᠤᠷ ᠰᠠᠪᠰᠠᠨ᠂ ᠴᠢᠨᠠᠭᠰᠠᠨ ᠮᠢᠬᠠᠨ ᠤ᠋ ᠰᠣᠳᠣᠨ ᠦᠨᠦᠷ ᠰᠠᠯᠬᠢ ᠪᠠᠷ ᠰᠡᠪᠡᠯᠵᠡᠨ ᠬᠠᠮᠠᠷ ᠤ᠋ᠨ ᠦᠵᠦᠭᠦᠷ ᠲᠦ᠍ ᠬᠠᠩᠬᠤᠯᠬᠤ ᠳ᠋ᠤ᠌ ᠤᠳᠬᠤᠨ ᠭᠡᠮᠡᠨ ᠡᠷᠬᠡᠯᠡᠵᠦ᠂ ᠬᠠᠷᠯᠢ ᠺᠤ ᠢᠵᠢᠢ ᠶ᠋ᠢᠨ ᠠᠶᠠᠭ᠎ᠠ ᠬᠠᠭᠤᠷᠠᠢᠯᠠᠵᠤ ᠠᠮᠲᠠᠰᠢᠭᠰᠠᠨ ᠤᠳᠴᠢᠬᠢᠨ᠂
— ᠦᠳᠡ ᠶ᠋ᠢᠨ ᠵᠣᠭᠣᠭ ᠢᠷᠡᠪᠡ ᠬᠡᠮᠡᠪᠡ᠃ ᠢᠳᠡᠷ ᠪᠠᠷᠰ ᠰᠢᠭ᠋ ᠰᠠᠢᠬᠠᠨ ᠡᠷᠡᠰ ᠡᠪᠡᠷ ᠨᠤᠮᠤ ᠪᠠᠨ ᠪᠡᠶ᠎ᠡ ᠪᠡᠶ᠎ᠡ ᠶ᠋ᠢ ᠨᠢ ᠳᠡᠷᠡᠯᠡᠭᠦᠯᠦᠨ ᠲᠠᠯᠪᠢᠵᠤ᠂ ᠬᠣᠷᠣᠮᠰᠠᠭ᠎ᠠ ᠪᠠᠨ ᠲᠦᠰᠢᠭᠦᠯᠵᠦ ᠣᠷᠬᠢᠭᠠᠳ ᠡᠪᠡᠰᠦᠨ ᠳᠡᠭᠡᠷ᠎ᠡ ᠲᠣᠭᠣᠷᠢᠭ ᠡᠭᠦᠰᠬᠡᠵᠦ ᠵᠠᠪᠢᠯᠠᠨ ᠰᠠᠭᠤᠯ᠎ᠠ᠃ ᠴᠢᠩᠭᠢᠲᠡᠯ᠎ᠡ ᠨᠠᠮᠤᠷ ᠤ᠋ᠨ ᠰᠦᠮᠡᠨ ᠡᠪᠡᠰᠦ ᠮᠡᠲᠦ ᠨᠡᠮᠡᠰ ᠨᠡᠮᠡᠰ ᠠᠯᠬᠤᠬᠤ ᠬᠥᠯ ᠨᠢᠴᠦᠭᠦᠨ ᠥᠬᠢᠳ ᠮᠣᠳᠣᠨ ᠲᠠᠪᠰᠢ ᠲᠠᠢ ᠮᠢᠬ᠎ᠠ᠂ ᠠᠭᠠᠷᠤ ᠬᠤᠪᠢᠩ ᠲᠠᠢ ᠡᠰᠦᠭ ᠳᠠᠮᠵᠢᠯᠠᠨ ᠢᠷᠡᠵᠦ ᠳᠤᠮᠳᠠ ᠨᠢ ᠲᠠᠯᠪᠢᠪᠠ᠃ ᠲᠡᠷᠡ ᠬᠦ᠌ ᠥᠬᠢᠳ ᠦ᠋ᠨ ᠨᠣᠭᠣᠭᠠᠨ ᠤ᠋ ᠰᠢᠭᠦᠳᠡᠷᠢ ᠳ᠋ᠦ᠍ ᠪᠣᠯᠴᠠᠢᠲᠠᠯᠠ ᠤᠬᠢᠶᠠᠭᠳᠠᠭᠰᠠᠨ ᠨᠢᠴᠦᠭᠦᠨ ᠪᠣᠷᠣ ᠬᠥᠯ ᠶᠢᠰᠦᠭᠡᠢ ᠬᠥᠪᠡᠭᠦᠨ ᠳ᠋ᠦ᠍ ᠶᠡᠷᠦ ᠪᠤᠰᠤ ᠶ᠋ᠢᠨ ᠡᠩᠬᠦᠷᠡᠢ ᠬᠠᠷᠠᠭᠳᠠᠵᠤ ᠨᠢᠳᠦ ᠰᠠᠯᠭᠠᠬᠤ ᠳ᠋ᠤ᠌ ᠬᠡᠴᠡᠭᠦᠦ ᠪᠣᠢ ᠶ᠋ᠢ ᠱᠣᠣᠴᠢ ᠨᠡᠭᠦᠨ ᠬᠡᠳᠦᠢᠨ ᠬᠠᠷᠠᠵᠤ᠂ ᠳᠡᠭᠡᠷ᠎ᠡ ᠪᠡᠨ ᠰᠠᠭᠤᠭᠰᠠᠨ ᠮᠡᠩᠭᠢᠲᠦ ᠶ᠋ᠢ ᠨᠢᠳᠤᠷᠤᠨ᠂
— ᠶᠢᠰᠦᠢ ᠳᠡᠭᠦᠦ ᠳ᠋ᠦ᠍ ᠢᠷᠦᠭᠡᠯ ᠦ᠋ᠨ ᠪᠡᠯᠡᠭ ᠵᠡᠬᠡᠬᠦ ᠪᠣᠯᠵᠠᠢ ᠭᠡᠬᠦ ᠳ᠋ᠦ᠍ ᠬᠥᠪᠡᠭᠦᠨ ᠴᠢᠬᠢ ᠪᠡᠨ ᠬᠦᠷᠲᠡᠯ᠎ᠡ ᠤᠯᠠᠢᠵᠤ᠂ ᠳᠡᠮᠡᠢ ᠯᠡ ᠬᠢᠲᠤᠭ᠎ᠠ ᠪᠠᠨ ᠰᠤᠭᠤᠯᠤᠨ ᠮᠢᠬ᠎ᠠ ᠤᠷᠤᠭᠤ ᠳᠠᠭᠠᠷᠢᠵᠤ ᠠᠪᠠᠢ᠃ ᠲᠡᠢᠨ ᠭᠠᠷ ᠲᠤ᠌ ᠳᠠᠭᠠᠷᠢᠯᠳᠤᠭᠰᠠᠨ ᠡᠪᠴᠢᠭᠦᠨ ᠦ᠌ ᠪᠦᠳᠦᠷᠬᠡᠢ ᠣᠭᠲᠣᠯᠤᠨ᠂ ᠬᠤᠢᠬ᠎ᠠ ᠲᠠᠢ ᠬᠡᠷᠰᠡᠩ ᠰᠢᠷᠵᠢᠭᠢᠨᠡᠲᠡᠯᠡ ᠵᠠᠵᠢᠯᠤᠨ ᠠᠮᠠ ᠳᠦᠭᠦᠷᠡᠩ ᠲᠣᠰᠣ ᠵᠠᠯᠭᠢᠵᠤ ᠰᠠᠭᠤᠬᠤ ᠳ᠋ᠠᠭᠠᠨ ᠭᠤᠸ᠎ᠠ ᠪᠦᠯᠵᠢᠭᠡᠨ ᠬᠠᠲᠤᠨ ᠢ᠋ ᠥᠪᠡᠷ ᠦ᠋ᠨ ᠡᠷᠬᠡ ᠦᠭᠡᠢ ᠳᠤᠷᠠᠰᠪᠠ᠃ ᠲᠡᠭᠦᠨ ᠦ᠌ ᠲᠡᠯᠡᠮᠡᠬᠡᠷ ᠠᠯᠠᠭ ᠨᠢᠳᠦ ᠨᠠᠮᠤᠷ ᠤ᠋ᠨ ᠪᠤᠳᠠᠩ ᠤ᠋ᠨ ᠴᠠᠭᠠᠨ᠎ᠠ ᠠ᠋ᠴᠠ ᠨᠡᠪᠲᠡ ᠰᠢᠷᠲᠡᠨ ᠪᠠᠢᠬᠤ ᠰᠢᠭ᠋ ᠪᠣᠳᠣᠭᠳᠠᠬᠤ ᠨᠢ ᠪᠣᠢ᠃ ᠬᠣᠲᠣᠯᠠ ᠠᠪᠠᠭ᠎ᠠ ᠲᠠᠲᠠᠪᠤᠷᠢ ᠬᠠᠲᠤᠨ ᠪᠣᠯᠭᠠᠨ ᠬᠠᠶᠠᠭᠠᠨ ᠳ᠋ᠠᠭᠠᠨ ᠪᠠᠭᠤᠯᠭᠠᠭᠰᠠᠨ ᠠ᠋ᠴᠠ ᠬᠣᠢᠰᠢ ᠰᠡᠳᠬᠢᠯ ᠢ᠋ᠶ᠋ᠡᠨ ᠴᠣᠣᠵᠢᠯᠠᠵᠤ᠂ ᠬᠠᠢᠷ᠎ᠠ ᠪᠠᠨ ᠲᠦᠭᠵᠢᠬᠦ ᠭᠡᠵᠦ ᠵᠣᠪᠠᠭᠰᠠᠨ ᠶᠤᠮ᠃ ᠡᠢᠨ ᠡᠷᠬᠡᠪᠰᠢ ᠬᠣᠨᠣᠭ ᠤ᠋ᠨ ᠣᠯᠠᠨ᠂ ᠬᠣᠯᠠ ᠨᠤᠲᠤᠭ ᠤ᠋ᠨ ᠡᠷᠬᠡᠨ ᠳ᠋ᠦ᠍ ᠮᠠᠷᠲᠠᠩᠨᠠᠵᠤ ᠪᠠᠢᠲᠠᠯ᠎ᠠ ᠨᠡᠭᠦᠨ ᠰᠠᠨᠠᠭᠤᠯᠬᠤ ᠨᠢ ᠡᠨᠡ ᠠᠵᠢ᠃ ᠰᠡᠳᠬᠢᠯ ᠳ᠋ᠡᠭᠡᠨ ᠬᠠᠷᠠᠳᠠᠭ ᠡᠩᠬᠦᠷᠡᠢ ᠪᠦᠰᠡᠭᠦᠢ ᠶ᠋ᠢᠨ ᠲᠥᠷᠬᠦ ᠨᠢᠳᠦᠨ ᠳ᠋ᠦ᠍ᠨᠢ ᠬᠠᠷᠠᠭᠳᠠᠴᠢᠬᠠᠬᠤ ᠶᠤᠮ ᠰᠢᠭ᠋ ᠪᠤᠷᠤᠭᠤ ᠬᠠᠷᠠᠲᠠᠯ᠎ᠠ ᠮᠥᠨᠥᠬᠢ ᠮᠣᠷᠢᠲᠠᠨ ᠳᠡᠷᠭᠡᠭᠦᠯᠵᠦ ᠠᠢᠰᠤᠢ ᠶ᠋ᠢ ᠦᠵᠡᠪᠡ᠃ ᠬᠠᠭᠠᠨ ᠬᠦᠷᠢᠶᠡᠨ ᠦ᠌ ᠨᠠᠮᠤᠷᠵᠢᠶᠠᠨ ᠳ᠋ᠤ᠌ ᠣᠢᠷ᠎ᠠ ᠬᠡᠷᠦᠯᠦᠨ ᠲᠣᠭᠣᠨᠣ ᠶ᠋ᠢᠨ ᠰᠠᠭᠤᠷᠢᠨ ᠬᠠᠷᠠᠭᠤᠯ ᠤ᠋ᠨ ᠠᠬᠠᠯᠠᠬᠤ ᠴᠢᠩᠭᠦᠮ ᠳᠠᠭᠠᠯᠳᠤᠨ ᠳᠠᠪᠬᠢᠬᠤ ᠶ᠋ᠢ ᠡᠮᠡᠭᠡᠯ ᠳᠡᠭᠡᠷ᠎ᠡ ᠰᠠᠭᠤᠭᠰᠠᠨ ᠰᠠᠭᠤᠳᠠᠯ ᠢ᠋ᠶ᠋ᠠᠷ ᠨᠢ ᠲᠠᠨᠢᠵᠤ᠂
— ᠨᠣᠶᠠᠳ ᠠ᠋᠂ ᠡᠯᠴᠢ ᠶᠠᠭᠠᠷᠠᠨ ᠢᠷᠡᠬᠦ ᠨᠢ ᠶᠠᠭᠤᠨ ᠤ᠋ ᠲᠡᠮᠳᠡᠭ ᠪᠣᠯ ᠭᠡᠪᠡ᠃ ᠲᠠᠯ᠎ᠠ ᠶ᠋ᠢᠨ ᠰᠣᠷᠭᠣᠭ ᠡᠷᠡᠰ ᠰᠡᠷᠲᠡᠰᠬᠢᠨ ᠮᠥᠨᠥᠬᠢ ᠵᠦᠭ ᠬᠠᠷᠠᠬᠤ ᠳ᠋ᠤ᠌ ᠴᠢᠩᠭᠦᠮ ᠦ᠋ᠨ ᠮᠣᠷᠢᠨ ᠤ᠋ ᠬᠠᠷᠠᠢᠯᠲᠠ ᠰᠤᠩᠭᠠᠭᠤ ᠠᠭᠠᠳ ᠪᠢᠳᠯᠢᠭ ᠠᠲᠠᠯ᠎ᠠ ᠡᠯᠴᠢ ᠶ᠋ᠢᠨ ᠤᠨᠤᠭ᠎ᠠ ᠶᠡᠬᠡ ᠯᠡ ᠰᠤᠯᠠᠳᠠᠵᠤ᠂ ᠶᠠᠳᠠᠷᠠᠭᠰᠠᠨ ᠶᠠᠩᠵᠤ ᠢᠯᠡ ᠠᠵᠢ᠃
— ᠶᠡᠬᠡ ᠯᠡ ᠬᠣᠯᠠ ᠠ᠋ᠴᠠ ᠮᠣᠷᠳᠠᠭᠰᠠᠨ ᠬᠥᠮᠦᠨ ᠪᠠᠢᠨ᠎ᠠ᠃
— ᠲᠦᠳᠡᠭ ᠢ᠋ᠶ᠋ᠡᠷ ᠳᠣᠬᠢᠶᠠᠯᠠᠭᠠ ᠦᠭᠡᠢ ᠶ᠋ᠢ ᠪᠣᠳᠣᠬᠤ ᠳ᠋ᠤ᠌ ᠮᠠᠨ ᠤ᠋ ᠡᠯᠴᠢ ᠪᠢᠵᠡ᠃
— ᠶᠠᠭᠤᠨ ᠤ᠋ ᠳᠣᠬᠢᠶ᠎ᠠ ᠪᠣᠯ᠁ ᠳᠣᠣᠷ᠎ᠠ ᠳᠣᠣᠷ᠎ᠠ ᠪᠠᠨ ᠭᠠᠷ ᠤ᠋ᠨ ᠢ᠋ᠶ᠋ᠠᠨ ᠲᠣᠰᠣ ᠶ᠋ᠢ ᠨᠣᠭᠣᠭᠠᠨ ᠳ᠋ᠤ᠌ ᠠᠷᠴᠢᠭᠠᠳ ᠬᠢᠲᠤᠭ᠎ᠠ ᠪᠠᠨ ᠬᠤᠢᠯᠠᠨ ᠪᠣᠰᠴᠠᠭᠠᠵᠤ ᠬᠠᠭᠠᠨ ᠤ᠋ ᠦᠷᠭᠦᠭᠡᠨ ᠦ᠌ ᠵᠦᠭ ᠮᠣᠷᠳᠠᠪᠠ᠃ ᠡᠨᠡ ᠬᠢᠷᠢ ᠵᠤᠨ ᠤ᠋ ᠤᠯᠠᠷᠢᠯ ᠳ᠋ᠤ᠌ ᠴᠠᠭᠠᠨ ᠢᠳᠡᠭᠡ ᠭᠣᠣᠯᠯᠠᠬᠤ ᠲᠤᠯᠠ ᠮᠢᠬᠠᠰᠠᠵᠤ ᠭᠦᠢᠴᠡᠭᠰᠡᠨ ᠵᠢᠭᠠᠯ ᠤ᠋ᠳ ᠰᠡᠩᠬᠦᠷ ᠭᠣᠷᠣᠬᠠᠨ ᠤ᠋ ᠬᠦᠢᠲᠡᠨ ᠤᠰᠤ ᠶ᠋ᠢ ᠱᠠᠯᠴᠢᠭ ᠫᠠᠯᠴᠢᠭ ᠦᠰᠦᠴᠢᠭᠦᠯᠦᠨ ᠭᠦᠶᠦᠯᠳᠦᠵᠦ ᠢᠷᠡᠭᠰᠡᠨ ᠢ᠋ᠶ᠋ᠡᠨ ᠲᠠᠪᠰᠢ ᠲᠠᠢ ᠮᠢᠬᠠᠨ ᠳᠡᠭᠡᠷ᠎ᠡ ᠨᠠᠢᠷᠯᠠᠵᠤ ᠡᠬᠢᠯᠡᠵᠡᠢ᠃
ᠶᠡᠬᠡ ᠦᠷᠭᠦᠭᠡᠨ ᠳ᠋ᠦ᠍ ᠡᠯᠴᠢ ᠢᠷᠡᠪᠡ᠃ ᠬᠥᠷᠵᠡᠢᠨ ᠪᠠᠷᠤᠢᠵᠤ ᠬᠥᠮᠥᠰᠬᠡ ᠵᠠᠩᠭᠢᠳᠤᠭᠰᠠᠨ ᠬᠠᠪᠤᠯ ᠬᠠᠭᠠᠨ ᠡᠬᠢᠨ ᠴᠠᠰᠤᠨ ᠤ᠋ ᠠᠩ ᠬᠣᠮᠣᠷᠭᠠᠨ ᠳ᠋ᠤ᠌ ᠣᠷᠣᠬᠤ ᠪᠠᠷ ᠴᠤᠭᠯᠠᠵᠤ ᠢᠷᠡᠭᠰᠡᠨ ᠬᠠᠨ ᠬᠥᠪᠡᠭᠦᠳ ᠢ᠋ ᠪᠦᠭᠦᠳᠡ ᠶ᠋ᠢ ᠨᠢ ᠮᠠᠷᠭᠠᠰᠢ ᠶ᠋ᠢᠨ ᠮᠣᠷᠢᠨ ᠴᠠᠭ ᠲᠤ᠌ ᠶᠡᠬᠡ ᠦᠷᠭᠦᠭᠡᠨ ᠳ᠋ᠦ᠍ ᠴᠤᠭᠯᠠᠬᠤ ᠵᠠᠷᠯᠢᠭ ᠪᠠᠭᠤᠯᠭᠠᠪᠠ᠃ ᠴᠢᠩᠭᠢᠭᠡᠳ ᠬᠥᠷᠯᠡᠬᠦ ᠳ᠋ᠦ᠍ ᠬᠤᠸᠠᠷᠠᠩᠨᠠᠭᠰᠠᠨ ᠥᠬᠢᠨᠪᠠᠷᠬᠠᠭ ᠤ᠋ᠨ ᠬᠦᠷᠢᠶ᠎ᠡ ᠤᠷᠤᠭᠤ ᠡᠯᠴᠢ ᠢᠯᠡᠭᠡᠪᠡ᠃ ᠲᠡᠨᠳᠡ ᠬᠤᠲᠤᠭᠲᠤ ᠮᠣᠩᠬᠣᠷ᠂ ᠬᠤᠯᠠᠨ ᠲᠡᠷᠢᠭᠦᠲᠡᠨ ᠨᠡᠢᠯᠡᠵᠦ ᠠᠪᠠ ᠬᠣᠮᠣᠷᠭ᠎ᠠ ᠶ᠋ᠢᠨ ᠨᠤᠮᠤ ᠰᠡᠯᠪᠢᠵᠦ᠂ ᠰᠤᠮᠤ ᠵᠠᠰᠠᠵᠤ ᠪᠣᠢ ᠪᠥᠯᠥᠭᠡ᠃ ᠳᠠᠷᠠᠭ᠎ᠠ ᠨᠢ ᠠᠳᠤᠭᠤᠨ ᠤ᠋ ᠪᠡᠯᠴᠢᠭᠡᠷ ᠳᠠᠭᠠᠵᠤ ᠵᠠᠳᠠᠭᠠᠢ ᠲᠠᠯ᠎ᠠ ᠤᠷᠤᠭᠤ ᠨᠡᠭᠦᠳᠡᠯᠯᠡᠭᠰᠡᠨ ᠪᠠᠷᠳᠠᠨᠪᠠᠭᠠᠲᠤᠷ ᠤ᠋ᠨ ᠬᠦᠷᠢᠶᠡᠨ ᠳ᠋ᠦ᠍ ᠬᠡᠯᠡ ᠬᠦᠷᠭᠡᠬᠦ ᠡᠯᠴᠢ ᠢᠯᠡᠭᠡᠯ᠎ᠡ᠃ ᠨᠠᠮᠤᠷ ᠤ᠋ᠨ ᠭᠢᠯᠭᠠᠨ᠎ᠠ ᠵᠠᠯᠪᠠᠷᠢᠭᠰᠠᠨ ᠨᠢᠴᠦᠭᠦᠨ ᠲᠠᠯ᠎ᠠ ᠶ᠋ᠢᠨ ᠲᠡᠷᠲᠡᠭᠡᠬᠢ ᠬᠦᠷᠢᠶᠡᠨ ᠳ᠋ᠦ᠍ ᠬᠣᠲᠣᠯᠠ ᠨᠣᠶᠠᠨ᠂ ᠲᠣᠳᠣᠢᠨ ᠣᠳᠴᠢᠭᠢᠨ ᠲᠡᠷᠢᠭᠦᠲᠡᠨ ᠪᠣᠢ ᠶᠤᠮ᠃
ᠡᠢᠨ ᠬᠠᠵᠠᠭᠤᠯᠠᠭᠰᠠᠨ ᠡᠪᠦᠭᠡᠨ ᠬᠠᠭᠠᠨ ᠤ᠋ ᠨᠣᠢᠷ ᠬᠤᠯᠵᠢᠵᠤ᠂ ᠡᠷᠭᠢᠨ ᠬᠥᠷᠪᠡᠨ ᠬᠠᠷ᠎ᠠ ᠨᠢᠳᠦ ᠬᠠᠮᠬᠢᠯ ᠦᠭᠡᠢ ᠦᠷ ᠦ᠋ᠨ ᠵᠢᠩ ᠲᠡᠢ ᠵᠣᠯᠭᠠᠵᠠᠢ᠃ ᠲᠡᠷᠡ ᠵᠣᠪᠠᠯᠠᠩ ᠢ᠋ ᠦᠯᠦ ᠮᠡᠳᠡᠬᠦ ᠲᠠᠯᠠᠮᠠᠨ ᠭᠤᠸ᠎ᠠ ᠬᠠᠲᠤᠨ ᠵᠠᠯᠠᠭᠤ ᠬᠥᠮᠦᠨ ᠦ᠌ ᠪᠥᠬᠡ ᠨᠣᠢᠷᠣᠨ ᠳ᠋ᠤ᠌ ᠭᠦᠨ ᠠᠪᠲᠠᠵᠤ ᠡᠩᠬᠦᠷᠡᠢ ᠵᠢᠭᠲᠡᠢᠬᠡᠨ ᠢ᠋ᠶ᠋ᠡᠷ ᠠᠮᠢᠰᠬᠤᠯᠯᠠᠵᠤ᠂ ᠲᠡᠷᠡ ᠭᠡᠮ ᠢ᠋ᠶ᠋ᠡᠷ ᠢᠰᠢᠭᠡᠨ ᠵᠢᠭᠠᠬᠠᠨ ᠴᠡᠭᠡᠵᠢ ᠨᠢ ᠣᠪᠣᠯᠵᠠᠨ ᠪᠠᠢᠪᠠ᠃ ᠶᠡᠷᠦ ᠴᠡᠭᠡᠵᠢ ᠵᠢᠵᠢᠭ᠂ ᠪᠡᠯᠬᠡᠭᠦᠰᠦ ᠨᠠᠷᠢᠨ᠂ ᠥᠭᠡᠵᠡᠭ ᠮᠢᠬᠠᠯᠢᠭ᠂ ᠲᠡᠰᠢᠶ᠎ᠡ ᠠᠭᠤᠵᠢᠮ ᠬᠢᠲᠠᠳ ᠸᠠᠭᠠᠷ ᠰᠢᠭ᠋ ᠠᠮᠢᠲᠠᠨ ᠶᠤᠮ᠃ ᠬᠠᠪᠤᠯ ᠦᠷ ᠦ᠋ᠨ ᠬᠢᠷᠭᠠᠨ ᠢ᠋ᠶ᠋ᠠᠷ ᠳᠡᠭᠡᠭᠰᠢᠯᠡᠵᠦ ᠶᠡᠬᠡ ᠦᠷᠭᠦᠭᠡᠨ ᠳ᠋ᠦ᠍ ᠮᠣᠷᠢᠯᠠᠪᠠᠯ ᠲᠤᠯᠭ᠎ᠠ ᠳᠦᠭᠦᠷᠡᠩ ᠭᠠᠯ ᠪᠠᠳᠮᠠᠯᠠᠵᠤ᠂ ᠭᠡᠷ ᠳᠦᠭᠦᠷᠡᠩ ᠢᠯᠴᠢ ᠰᠡᠳᠬᠢᠯ ᠳ᠋ᠦ᠍ ᠲᠠᠭᠠᠲᠠᠶᠠ ᠨᠢᠭᠤᠷ ᠲᠥᠭᠡᠨᠡᠵᠦ ᠤᠭᠲᠤᠯ᠎ᠠ᠃ ᠬᠠᠷᠯᠢ ᠬᠠᠲᠤᠨ ᠣᠯᠠᠨ ᠵᠠᠯᠠᠭᠤ ᠰᠢᠪᠡᠭᠴᠢᠨ ᠡᠮᠡᠰ ᠦ᠋ᠨ ᠳᠤᠮᠳᠠ ᠲᠣᠭᠣᠰ ᠮᠡᠲᠦ ᠲᠣᠳᠣᠷᠬᠠᠢ ᠰᠠᠢᠬᠠᠨ ᠢ᠋ᠶ᠋ᠠᠷ ᠲᠤᠶᠠᠭᠠᠷᠠᠵᠤ ᠶᠡᠬᠡ ᠦᠷᠭᠦᠭᠡᠨ ᠳ᠋ᠦ᠍ ᠨᠠᠷᠠ ᠵᠥᠪ ᠲᠣᠭᠣᠷᠢᠭᠤᠯᠤᠨ ᠢᠳᠡᠭᠡ ᠪᠤᠳᠠᠭ᠎ᠠ᠂ ᠰᠢᠭᠦᠰᠦ ᠵᠣᠭᠣᠭ ᠵᠠᠰᠠᠵᠤ ᠪᠠᠢᠵᠠᠢ᠃ ᠶᠡᠷᠦ ᠠᠯᠢ ᠴᠤ᠌ ᠠᠢᠮᠠᠭ ᠤ᠋ᠨ ᠬᠠᠨ ᠢᠷᠡᠭᠰᠡᠨ᠂ ᠶᠠᠮᠠᠷ ᠴᠤ᠌ ᠤᠯᠤᠰ ᠤ᠋ᠨ ᠡᠯᠴᠢ ᠢᠷᠡᠭᠰᠡᠨ ᠲᠠᠪᠠᠭ ᠤ᠋ᠨ ᠢᠳᠡᠭᠡ᠂ ᠭᠡᠷ ᠦ᠋ᠨ ᠥᠩᠭᠡᠨ ᠳ᠋ᠦ᠍ ᠬᠠᠪᠤᠯ ᠬᠠᠭᠠᠨ ᠨᠢᠭᠤᠷ ᠤᠯᠠᠢᠵᠤ ᠶᠠᠪᠤᠭᠰᠠᠨ ᠦᠭᠡᠢ᠃ ᠡᠨᠡ ᠨᠢ ᠲᠥᠷᠥ ᠶ᠋ᠢᠨ ᠬᠠᠲᠤᠨ ᠬᠠᠷᠯᠢ ᠺᠤ ᠶ᠋ᠢᠨ ᠪᠤᠶᠠᠨ ᠪᠠᠢᠵᠠᠢ ᠪᠢᠯᠡ᠃ ᠬᠠᠭᠠᠨ ᠰᠡᠨᠳᠡᠢ ᠳ᠋ᠡᠭᠡᠨ ᠵᠠᠯᠠᠷᠠᠭᠰᠠᠨ ᠦᠭᠡᠢ᠂ ᠶᠡᠬᠡ ᠦᠷᠭᠦᠭᠡᠨ ᠦ᠌ ᠪᠠᠷᠠᠭᠤᠨ ᠬᠣᠢᠮᠣᠷ ᠲᠤ᠌ ᠲᠠᠯᠪᠢᠭᠰᠠᠨ ᠠᠷᠰᠯᠠᠨ ᠬᠥᠯ ᠲᠡᠢ ᠶᠠᠪᠠᠭᠠᠨ ᠰᠢᠷᠡᠭᠡᠨ ᠦ᠌ ᠠᠷᠤ ᠳ᠋ᠤ᠌ ᠵᠠᠪᠢᠯᠠᠬᠤ ᠳ᠋ᠤ᠌ ᠠᠶᠠᠭᠠᠴᠢ ᠥᠬᠢᠨ ᠲᠣᠭᠣᠭᠠᠨ ᠴᠢᠨᠡᠭᠡ ᠮᠥᠩᠭᠥᠨ ᠠᠶᠠᠭ᠎ᠠ ᠣᠪᠣᠭᠠᠯᠠᠨ ᠬᠥᠰᠬᠥᠯᠡᠭᠰᠡᠨ ᠦᠬᠡᠷ ᠦ᠋ᠨ ᠠᠯᠠᠭ ᠮᠢᠬᠠᠨᠠ ᠠᠭᠠᠭ ᠬᠠᠩᠬᠤᠯᠵᠤ ᠰᠦ ᠪᠣᠯᠤᠭᠰᠠᠨ ᠴᠠᠢ ᠬᠢᠵᠦ ᠥᠭᠪᠡ᠃ ᠬᠠᠪᠤᠯ ᠲᠣᠰᠣᠨ ᠠᠪᠴᠤ ᠠᠮᠲᠠᠷᠬᠠᠨ ᠰᠤᠷᠤᠭᠠᠳ᠂
— ᠡᠯᠴᠢ ᠬᠦᠦ ᠬᠠᠮᠢᠭ᠎ᠠ ᠪᠠᠢᠨ᠎ᠠ? ᠭᠡᠪᠡᠯ ᠬᠠᠷᠯᠢ ᠺᠤ ᠬᠠᠲᠤᠨ᠂
— ᠬᠦᠷᠢᠶᠡᠨ ᠦ᠌ ᠵᠠᠬ᠎ᠠ ᠳ᠋ᠤ᠌ ᠲᠡᠷᠭᠡᠨ ᠦ᠌ ᠮᠥᠭᠡᠷ ᠡᠴᠡ ᠬᠦᠯᠢᠭᠡᠳ ᠬᠠᠶᠠᠴᠢᠬᠠᠭᠰᠠᠨ᠂ ᠳᠡᠷᠭᠡᠳᠡ ᠨᠢ ᠬᠠᠷᠠᠭᠤᠯ ᠤ᠋ᠨ ᠴᠡᠷᠢᠭ ᠵᠣᠭᠰᠣᠵᠤ ᠪᠠᠢᠨ᠎ᠠ ᠪᠢᠯᠡ ᠭᠡᠬᠦ ᠳ᠋ᠦ᠍᠂
— ᠠᠪᠴᠢᠷᠠᠭᠤᠯ ᠭᠡᠯᠡ᠃ ᠬᠠᠷᠯᠢ ᠺᠤ ᠲᠥᠷᠥ ᠶ᠋ᠢᠨ ᠬᠡᠷᠡᠭ ᠲᠦ᠍ ᠡᠮᠡᠰ ᠦ᠋ᠨ ᠴᠢᠬᠢ ᠢᠯᠡᠭᠦᠦ ᠶ᠋ᠢ ᠮᠡᠳᠡᠬᠦ ᠲᠤᠯᠠ ᠨᠢᠭᠡᠨᠲᠡ ᠰᠢᠷᠪᠢ ᠲᠠᠲᠠᠬᠤ ᠳ᠋ᠤ᠌ ᠰᠢᠪᠡᠭᠴᠢᠨ ᠥᠬᠢᠳ ᠳᠣᠣᠷ᠎ᠠ ᠳᠣᠣᠷ᠎ᠠ ᠶ᠋ᠢᠨ ᠠᠵᠢᠯ ᠢ᠋ ᠣᠷᠬᠢᠭᠠᠳ ᠰᠠᠯᠬᠢ ᠮᠡᠲᠦ ᠴᠢᠮᠡᠭᠡ ᠦᠭᠡᠢ ᠭᠠᠷᠴᠤ ᠣᠳᠴᠠᠭᠠᠪᠠ᠃ ᠬᠠᠷᠯᠢ ᠺᠤ ᠬᠠᠭᠠᠨ ᠢ᠋ᠶ᠋ᠠᠨ ᠬᠠᠷᠠᠵᠤ ᠬᠠᠷᠠᠵᠤ ᠮᠡᠬᠦᠰᠬᠢᠨ ᠭᠠᠷᠬᠤ ᠭᠡᠰᠡᠨ ᠢ᠋ᠶ᠋ᠡᠨ ᠡᠭᠦᠳᠡᠨ ᠲᠤᠰ ᠭᠠᠵᠠᠷ ᠣᠴᠢᠵᠤ ᠵᠣᠭ ᠲᠣᠰᠣᠨ᠂
— ᠡᠷᠬᠢᠮ ᠳᠡᠭᠡᠳᠦᠰ ᠮᠢᠨᠢ! ᠮᠡᠯᠲᠡᠭ ᠪᠠᠭᠠᠲᠤᠷ ᠤ᠋ᠨ ᠳᠠᠭᠠᠭᠤᠯᠵᠤ ᠮᠣᠷᠳᠠᠭᠰᠠᠨ ᠡᠨᠡ ᠬᠦᠦ ᠬᠣᠲᠣᠯᠠ ᠨᠣᠶᠠᠨ ᠤ᠋ ᠲᠠᠲᠠᠪᠤᠷᠢ ᠡᠮ᠎ᠡ ᠶ᠋ᠢᠨ ᠳᠠᠭᠠᠪᠤᠷᠢ ᠭᠡᠳᠡᠭ ᠢ᠋ ᠬᠠᠭᠠᠨ ᠲᠠ ᠪᠣᠯᠭᠣᠭᠠᠵᠤ ᠪᠣᠢ ᠪᠢᠵᠡ ᠠ᠋ ᠬᠡᠮᠡᠪᠡ᠃ ᠡᠬᠡ ᠬᠥᠮᠦᠨ ᠪᠣᠯᠤᠭᠰᠠᠨ ᠬᠣᠢᠨ᠎ᠠ ᠦᠷ᠎ᠡ ᠶ᠋ᠢᠨ ᠲᠥᠯᠥᠭᠡ ᠯᠡ ᠡᠮᠲᠡᠷᠡᠵᠦ ᠶᠠᠪᠤᠭ᠎ᠠ ᠨᠢ ᠡᠨᠡ ᠰᠠᠨᠵᠠᠢ᠃
~ ᠦᠷᠭᠦᠯᠵᠢᠯᠡᠯ ᠪᠣᠢ ~
