ᠣᠷᠴᠢᠨ ᠴᠠᠭ ᠤᠨ ᠮᠣᠩᠭᠣᠯ ᠬᠡᠯᠡ – ᠠᠪᠢᠶ᠎ᠠ ᠵᠦᠢ(ᠨᠢᠭᠡᠳᠦᠭᠡᠷ ᠪᠥᠯᠥᠭ-1) Орчин цагийн монгол хэл - Авиа зүй 1-р бүлэг<1> ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠨ ᠴᠠᠭ ᠤᠨ ᠮᠣᠩᠭᠣᠯ ᠬᠡᠯᠡ – ᠠᠪᠢᠶ᠎ᠠ ᠵᠦᠢ(ᠨᠢᠭᠡᠳᠦᠭᠡᠷ ᠪᠥᠯᠥᠭ-1) Орчин цагийн монгол хэл - Авиа зүй 1-р бүлэг<1>

ᠣᠷᠴᠢᠨ ᠴᠠᠭ ᠤᠨ ᠮᠣᠩᠭᠣᠯ ᠬᠡᠯᠡ – ᠠᠪᠢᠶ᠎ᠠ ᠵᠦᠢ(ᠨᠢᠭᠡᠳᠦᠭᠡᠷ ᠪᠥᠯᠥᠭ-1) Орчин цагийн монгол хэл - Авиа зүй 1-р бүлэг<1>

ᠠᠩᠭᠢᠯᠠᠯ:ᠬᠡᠯᠡ ᠪᠢᠴᠢᠭ
2026-01-07

221

ᠨᠢᠭᠡᠳᠦᠭᠡᠷ ᠪᠦᠯᠦᠭ – ᠠᠪᠢᠶ᠎ᠠ ᠵᠦᠢ ᠶᠢᠨ ᠶᠡᠷᠦᠩᠬᠡᠢ ᠮᠡᠳᠡᠴᠡ

ᠨᠢᠭᠡᠳᠦᠭᠡᠷ ᠵᠦᠢᠯ < ᠠᠪᠢᠶ᠎ᠠ ᠪᠠ ᠠᠪᠢᠶ᠎ᠠ ᠵᠦᠢ >


       ᠬᠥᠮᠦᠨ ᠲᠥᠷᠥᠯᠬᠢᠲᠡᠨ ᠦ᠌ ᠬᠡᠯᠡ ᠪᠣᠯ ᠠᠪᠢᠶᠠᠨ ᠤ᠋ ᠬᠡᠯᠡ ᠪᠥᠭᠡᠳ ᠲᠡᠭᠦᠨ ᠦ᠌ ᠬᠠᠷᠢᠯᠴᠠᠭ᠎ᠠ᠂ ᠰᠡᠳᠬᠢᠬᠦᠢ ᠶ᠋ᠢᠨ ᠪᠠᠭᠠᠵᠢ ᠪᠣᠯᠬᠤ ᠴᠢᠳᠠᠮᠵᠢ ᠨᠢ ᠵᠠᠪᠠᠯ ᠠᠪᠢᠶ᠎ᠠ ᠪᠠᠷ ᠪᠡᠶᠡᠯᠡᠭᠳᠡᠨ᠎ᠡ᠃ ᠬᠡᠯᠡᠨ ᠦ᠌ ᠪᠦᠲᠦᠴᠡ ᠨᠢ ᠠᠪᠢᠶ᠎ᠠ ᠪᠣᠯᠤᠨ ᠤᠳᠬ᠎ᠠ ᠶ᠋ᠢᠨ ᠣᠷᠭᠠᠨᠢᠭ ᠤᠶᠠᠯᠳᠤᠯ ᠪᠣᠯᠬᠣᠷ ᠬᠥᠮᠦᠰ ᠦ᠋ᠨ ᠲᠠᠷᠢᠬᠢᠨ ᠤ᠋ ᠠᠵᠢᠯᠯᠠᠭ᠎ᠠ ᠪᠠᠷ ᠪᠣᠢ ᠪᠣᠯᠤᠭᠰᠠᠨ ᠤᠳᠬ᠎ᠠ ᠨᠢ ᠥᠭᠦᠯᠡᠬᠦ ᠡᠷᠬᠡᠲᠡᠨ ᠦ᠌ ᠠᠵᠢᠯᠯᠠᠭ᠎ᠠ ᠪᠠ ᠡᠭᠦᠰᠬᠦ ᠳᠠᠭᠤᠨ— ᠠᠪᠢᠶ᠎ᠠ ᠪᠠᠷ ᠣᠷᠣᠰᠢᠨ ᠲᠣᠭᠲᠠᠨᠢᠬᠤ ᠰᠠᠭᠤᠷᠢ ᠪᠠᠨ ᠪᠣᠯᠭᠠᠳᠠᠭ᠃ ᠠᠪᠢᠶ᠎ᠠ ᠨᠢ ᠬᠡᠯᠡᠨ ᠦ᠌ ᠪᠦᠲᠦᠴᠡ ᠶ᠋ᠢᠨ ᠦᠨᠳᠦᠰᠦᠨ ᠪᠥᠭᠡᠳ ᠴᠢᠬᠤᠯᠠ ᠪᠦᠷᠢᠯᠳᠦᠬᠦᠨ ᠪᠣᠯᠤᠨ᠎ᠠ᠃  
       ᠠᠪᠢᠶ᠎ᠠ ᠪᠣᠯ ᠥᠭᠦᠯᠡᠬᠦ ᠡᠷᠬᠡᠲᠡᠨ ᠡᠴᠡ ᠡᠭᠦᠰᠦᠭᠰᠡᠨ ᠬᠥᠮᠦᠰ ᠦ᠋ᠨ ᠰᠣᠨᠣᠰᠬᠤ ᠡᠷᠬᠡᠲᠡᠨ ᠳ᠋ᠦ᠍ ᠮᠡᠳᠡᠷᠡᠭᠳᠡᠭᠰᠡᠨ ᠨᠢᠭᠡ ᠵᠦᠢᠯ ᠦ᠋ᠨ ᠳᠠᠭᠤᠨ ᠶᠤᠮ᠃ ᠪᠤᠰᠤᠳ ᠵᠦᠢᠯ ᠦ᠋ᠨ ᠳᠠᠭᠤᠨ ᠠ᠋ᠴᠠ ᠢᠯᠭᠠᠭᠳᠠᠬᠤ ᠥᠪᠡᠷᠮᠢᠴᠡ ᠰᠢᠨᠵᠢ ᠲᠡᠢ᠃ ᠨᠢᠭᠡ ᠳ᠋ᠦ᠍᠂ ᠠᠪᠢᠶ᠎ᠠ ᠨᠢ ᠵᠠᠪᠠᠯ ᠬᠥᠮᠦᠨ ᠲᠥᠷᠥᠯᠬᠢᠲᠡᠨ ᠦ᠌ ᠥᠭᠦᠯᠡᠬᠦ ᠡᠷᠬᠡᠲᠡᠨ ᠡᠴᠡ ᠡᠭᠦᠰᠦᠭᠰᠡᠨ ᠪᠠᠢᠬᠤ; ᠬᠣᠶᠠᠷ ᠲᠤ᠂ ᠵᠠᠪᠠᠯ ᠵᠣᠬᠢᠬᠤ ᠤᠳᠬ᠎ᠠ ᠶ᠋ᠢ ᠢᠯᠡᠳᠬᠡᠬᠦ ᠪᠤᠶᠤ ᠤᠳᠬ᠎ᠠ ᠲᠠᠢ ᠬᠣᠯᠪᠣᠭ᠎ᠠ ᠬᠠᠷᠢᠴᠠᠭ᠎ᠠ ᠭᠠᠷᠤᠭᠰᠠᠨ ᠪᠠᠢᠬᠤ᠃ ᠡᠢᠮᠦ ᠡᠴᠡ ᠠᠪᠢᠶ᠎ᠠ ᠳ᠋ᠤ᠌ ᠹᠢᠽᠢᠺ ᠦ᠋ᠨ ᠰᠠᠭᠤᠷᠢ᠂ ᠪᠡᠶ᠎ᠡ ᠮᠠᠬᠠᠪᠣᠳ ᠤ᠋ᠨ ᠰᠠᠭᠤᠷᠢ᠂ ᠨᠡᠢᠭᠡᠮ ᠦ᠋ᠨ ᠰᠠᠭᠤᠷᠢ ᠭᠡᠬᠦ ᠦᠨᠳᠦᠰᠦᠨ ᠭᠤᠷᠪᠠᠨ ᠣᠨᠴᠠᠯᠢᠭ ᠲᠠᠢ᠃ ᠡᠨᠡ ᠲᠠᠯ᠎ᠠ ᠪᠠᠷ ᠮᠣᠩᠭᠣᠯ ᠬᠡᠯᠡ ᠶ᠋ᠢ ᠪᠠᠭᠲᠠᠭᠠᠭᠰᠠᠨ ᠪᠣᠢ ᠪᠦᠬᠦᠢ ᠬᠡᠯᠡ ᠴᠥᠮ ᠠᠳᠠᠯᠢ ᠶᠤᠮ᠃   
       ᠠᠪᠢᠶ᠎ᠠ ᠪᠠ ᠲᠡᠭᠦᠨ ᠦ᠌ ᠬᠤᠪᠢᠷᠠᠯ ᠬᠥᠭᠵᠢᠯ ᠵᠢᠴᠢ ᠬᠤᠪᠢᠷᠠᠵᠤ ᠬᠥᠭᠵᠢᠬᠦ ᠵᠢᠮ᠎ᠡ ᠬᠠᠤᠯᠢ ᠶ᠋ᠢ ᠰᠤᠳᠤᠯᠬᠤ ᠬᠡᠯᠡ ᠰᠢᠨᠵᠢᠯᠡᠯ ᠦ᠋ᠨ ᠰᠠᠯᠪᠤᠷᠢ ᠤᠬᠠᠭᠠᠨ ᠢ᠋ ᠠᠪᠢᠶ᠎ᠠ ᠵᠦᠢ ᠭᠡᠨ᠎ᠡ᠃ ᠠᠪᠢᠶ᠎ᠠ ᠨᠢ ᠬᠡᠯᠡᠨ ᠦ᠌ ᠴᠢᠬᠤᠯᠠ ᠪᠦᠷᠢᠯᠳᠦᠬᠦᠨ ᠪᠣᠯᠬᠤ ᠤᠴᠢᠷ ᠬᠡᠯᠡ ᠶ᠋ᠢ ᠰᠤᠳᠤᠯᠬᠤ ᠳ᠋ᠤ᠌ ᠠᠪᠢᠶᠠᠨ ᠤ᠋ ᠰᠤᠳᠤᠯᠤᠯ ᠪᠠᠢᠬᠤ ᠦᠭᠡᠢ ᠪᠠᠢᠵᠤ ᠴᠢᠳᠠᠬᠤ ᠦᠭᠡᠢ᠃ ᠠᠪᠢᠶ᠎ᠠ ᠵᠦᠢ ᠶ᠋ᠢᠨ ᠰᠤᠳᠤᠯᠤᠭᠳᠠᠬᠤᠨ ᠨᠢ ᠭᠣᠣᠯᠳᠠᠭᠤ ᠠᠪᠢᠶᠠᠨ ᠤ᠋ ᠰᠢᠨᠵᠢ ᠴᠢᠨᠠᠷ ᠪᠠ ᠣᠨᠴᠠᠯᠢᠭ᠂ ᠠᠪᠢᠶᠠᠨ ᠤ᠋ ᠲᠥᠷᠥᠯ ᠵᠦᠢᠯ᠂ ᠠᠪᠢᠶᠠᠨ ᠤ᠋ ᠦᠢᠯᠡᠳᠦᠯ ᠪᠠ ᠤᠶᠠᠯᠳᠤᠬᠤ ᠬᠠᠤᠯᠢ᠂ ᠤᠶᠠᠯᠳᠤᠯ ᠤ᠋ᠨ ᠳᠤᠮᠳᠠᠬᠢ ᠬᠤᠪᠢᠷᠠᠯᠲᠠ ᠪᠣᠯᠤᠨ ᠬᠤᠪᠢᠷᠠᠬᠤ ᠵᠢᠮ᠎ᠡ ᠬᠠᠤᠯᠢ᠂ ᠦᠭᠡ ᠶ᠋ᠢᠨ ᠡᠷᠭᠦᠯᠲᠡ ᠪᠠ ᠠᠢᠵᠠᠮ᠂ ᠠᠪᠢᠶᠠᠨ ᠤ᠋ ᠳᠦᠷᠢᠮᠵᠢᠯ ᠵᠡᠷᠭᠡ ᠪᠣᠯᠤᠨ᠎ᠠ᠃ ᠠᠪᠢᠶ᠎ᠠ ᠶ᠋ᠢ ᠠᠳᠠᠯᠢ ᠪᠤᠰᠤ ᠡᠭᠦᠷᠭᠡ ᠵᠣᠷᠢᠯᠭ᠎ᠠ᠂ ᠠᠷᠭ᠎ᠠ ᠮᠡᠷᠭᠡᠵᠢᠯ ᠢ᠋ᠶ᠋ᠡᠷ ᠰᠤᠳᠤᠯᠵᠤ ᠪᠣᠯᠬᠤ ᠤᠴᠢᠷ ᠠᠪᠢᠶ᠎ᠠ ᠵᠦᠢ ᠶ᠋ᠢᠨ ᠠᠳᠠᠯᠢ ᠪᠤᠰᠤ ᠶ᠋ᠢᠨ ᠲᠥᠷᠥᠯ ᠵᠦᠢᠯ ᠪᠣᠯᠳᠠᠭ᠃ 
       ᠣᠷᠴᠢᠨ ᠴᠠᠭ ᠤ᠋ᠨ ᠮᠣᠩᠭᠣᠯ ᠬᠡᠯᠡᠨ ᠦ᠌ ᠠᠪᠢᠶᠠᠨ ᠤ᠋ ᠰᠤᠳᠤᠯᠭ᠎ᠠ ᠪᠣᠯ ᠲᠤᠰᠬᠠᠢ ᠬᠡᠯᠡᠨ ᠦ᠌ ᠠᠪᠢᠶ᠎ᠠ ᠵᠦᠢ ᠪᠣᠯᠬᠤ ᠪᠥᠭᠡᠳ ᠭᠣᠣᠯᠳᠠᠭᠤ ᠬᠠᠮ ᠴᠠᠭ ᠤ᠋ᠨ ᠠᠪᠢᠶ᠎ᠠ ᠵᠦᠢ ᠳ᠋ᠦ᠍ ᠬᠠᠷᠢᠶᠠᠯᠠᠭᠳᠠᠨ᠎ᠠ᠃ ᠲᠡᠭᠦᠨ ᠢ᠋ ᠰᠤᠳᠤᠯᠬᠤ ᠠᠷᠭ᠎ᠠ ᠮᠡᠷᠭᠡᠵᠢᠯ ᠦ᠋ᠨ ᠢᠯᠭᠠᠭ᠎ᠠ ᠪᠠᠷ ᠨᠢ ᠬᠠᠷᠢᠴᠠᠭᠤᠯᠵᠤ ᠠᠪᠢᠶ᠎ᠠ ᠵᠦᠢ᠂ ᠲᠣᠳᠣᠷᠬᠠᠢᠯᠠᠬᠤ ᠠᠪᠢᠶ᠎ᠠ ᠵᠦᠢ ᠪᠠ ᠲᠤᠷᠰᠢᠯᠲᠠ ᠶ᠋ᠢᠨ ᠠᠪᠢᠶ᠎ᠠ ᠵᠦᠢ ᠭᠡᠵᠦ ᠲᠥᠷᠥᠯᠴᠢᠯᠡᠵᠦ ᠪᠣᠯᠤᠨ᠎ᠠ᠃ ᠭᠡᠬᠦ ᠳ᠋ᠡᠭᠡᠨ ᠲᠣᠳᠣᠷᠬᠠᠢᠯᠠᠬᠤ ᠠᠷᠭ᠎ᠠ ᠴᠢᠬᠤᠯᠠ ᠪᠠᠢᠷᠢ ᠶ᠋ᠢ ᠡᠵᠡᠯᠡᠵᠦ ᠲᠤᠷᠰᠢᠯᠲᠠ ᠶ᠋ᠢᠨ ᠠᠷᠭ᠎ᠠ ᠨᠢ ᠪᠠᠷᠤᠭ ᠯᠠ ᠡᠬᠢᠯᠡᠯᠲᠡ ᠶ᠋ᠢᠨ ᠱᠠᠲᠤᠨ ᠳ᠋ᠠᠭᠠᠨ ᠪᠠᠢᠨ᠎ᠠ᠃
       ᠣᠷᠴᠢᠨ ᠴᠠᠭ ᠤ᠋ᠨ ᠮᠣᠩᠭᠣᠯ ᠬᠡᠯᠡᠨ ᠦ᠌ ᠠᠪᠢᠶᠠᠨ ᠤ᠋ ᠰᠤᠳᠤᠯᠭᠠᠨ ᠢ᠋ ᠶᠡᠷᠦᠩᠬᠡᠢ ᠠᠪᠢᠶ᠎ᠠ ᠵᠦᠢ ᠪᠡᠷ ᠵᠢᠯᠣᠭᠣᠳᠤᠯᠭ᠎ᠠ ᠪᠣᠯᠭᠠᠵᠤ᠂ ᠲᠡᠭᠦᠨ ᠳ᠋ᠦ᠍ ᠣᠳᠣᠬᠢ ᠠᠪᠢᠶ᠎ᠠ ᠵᠦᠢ ᠶ᠋ᠢᠨ ᠰᠤᠳᠤᠯᠭᠠᠨ ᠤ᠋ ᠰᠢᠨ᠎ᠡ ᠠᠷᠭ᠎ᠠ ᠪᠠ ᠳ᠋ᠦᠩ ᠢ᠋ ᠠᠯᠢ ᠴᠢᠳᠠᠬᠤ ᠪᠠᠷ ᠠᠰᠢᠭᠯᠠᠨ ᠬᠡᠷᠡᠭᠯᠡᠵᠦ ᠪᠣᠯᠬᠤ ᠶᠤᠮ᠃