ᠬᠡᠦᠬᠡᠳ ᠦ᠋ᠨ ᠪᠠᠶᠠᠷ ᠢ᠋ᠶ᠋ᠠᠨ ᠲᠡᠮᠳᠡᠭᠯᠡᠶ᠎ᠡ-ᠠᠨᠴᠢᠯKhüükhdiin bayaraa temdegleye-AnchilХүүхдийн баяраа тэмдэглэе-Анчил
ᠬᠡᠦᠬᠡᠳ ᠦ᠋ᠨ ᠪᠠᠶᠠᠷ ᠢ᠋ᠶ᠋ᠠᠨ ᠲᠡᠮᠳᠡᠭᠯᠡᠶ᠎ᠡ
ᠦᠭᠡ᠄ ᠵᠢᠨᠪᠣᠣ
ᠠᠶ᠎ᠠ᠄ᠡ᠊·ᠤᠶᠠᠩᠭ᠎ᠠ
ᠳᠠᠭᠤᠴᠢᠨ᠄ ᠠᠨᠴᠢᠯ
ᠬᠦᠵᠢ ᠳᠡᠯᠡᠬᠡᠢ ᠶ᠋ᠢ ᠳᠠᠢᠪᠠᠲᠠᠯᠠ
ᠬᠥᠮᠦᠨ ᠦ᠌ ᠦᠷᠡᠰ ᠴᠠᠯᠭᠢᠵᠤ ᠪᠠᠢᠨ᠎ᠠ
ᠬᠦᠷᠳᠦᠨ ᠨᠠᠷᠠᠨ ᠢ᠋ ᠮᠢᠰᠢᠶᠡᠲᠡᠯᠡ
ᠬᠡᠦᠬᠡᠳ ᠦ᠋ᠨ ᠪᠠᠶᠠᠷ ᠢ᠋ᠶ᠋ᠠᠨ ᠲᠡᠮᠳᠡᠭᠯᠡᠵᠦ ᠪᠠᠢᠨ᠎ᠠ
ᠪᠠᠭᠴᠠᠲᠠᠢ ᠴᠡᠴᠡᠭ ᠢ᠋ᠶ᠋ᠡᠨ ᠡᠷᠭᠦᠵᠡᠭᠡᠶ᠎ᠡ
ᠪᠠᠶᠠᠷ ᠤ᠋ᠨ ᠮᠡᠨᠳᠦ ᠬᠦᠷᠭᠡᠵᠡᠭᠡᠶᠡ
ᠪᠠᠭᠴᠠᠲᠠᠢ ᠴᠡᠴᠡᠭ ᠢ᠋ᠶ᠋ᠡᠨ ᠡᠷᠭᠦᠵᠡᠭᠡᠶ᠎ᠡ
ᠪᠠᠶᠠᠷ ᠤ᠋ᠨ ᠮᠡᠨᠳᠦ ᠬᠦᠷᠭᠡᠵᠡᠭᠡᠶᠡ
ᠪᠤᠯᠠᠭ ᠤ᠋ᠨ ᠬᠥᠪᠡᠭᠡᠨ ᠦ᠌ ᠴᠡᠴᠡᠭ ᠰᠢᠭ
ᠪᠣᠳᠠᠯᠠᠨ ᠳᠡᠯᠭᠡᠷᠡᠭᠰᠡᠨ ᠬᠡᠦᠬᠡᠳ ᠪᠢᠳᠡ
ᠪᠤᠷᠬᠠᠨ ᠰᠡᠳᠬᠢᠯᠲᠦ ᠬᠥᠮᠦᠰ ᠦ᠋ᠨ
ᠪᠤᠶᠠᠨ ᠲᠠᠢ ᠭᠠᠷ ᠳᠡᠭᠡᠷ᠎ᠡ ᠪᠣᠢᠵᠢᠵᠤ ᠪᠠᠢᠨ᠎ᠠ
ᠪᠠᠭᠴᠠᠲᠠᠢ ᠴᠡᠴᠡᠭ ᠢ᠋ᠶ᠋ᠡᠨ ᠡᠷᠭᠦᠵᠡᠭᠡᠶ᠎ᠡ
ᠪᠠᠶᠠᠷ ᠤ᠋ᠨ ᠮᠡᠨᠳᠦ ᠬᠦᠷᠭᠡᠵᠡᠭᠡᠶᠡ
ᠪᠠᠭᠴᠠᠲᠠᠢ ᠴᠡᠴᠡᠭ ᠢ᠋ᠶ᠋ᠡᠨ ᠡᠷᠭᠦᠵᠡᠭᠡᠶ᠎ᠡ
ᠪᠠᠶᠠᠷ ᠤ᠋ᠨ ᠮᠡᠨᠳᠦ ᠬᠦᠷᠭᠡᠵᠡᠭᠡᠶᠡ
ᠡᠬᠡ ᠣᠷᠣᠨ ᠤ᠋ ᠡᠯᠢᠭᠡᠨ ᠳᠡᠭᠡᠷ᠎ᠡ
ᠡᠷᠬᠡᠯᠡᠨ ᠵᠢᠷᠭᠠᠭ᠎ᠠ ᠬᠡᠦᠬᠡᠳ ᠪᠢᠳᠡ
ᠡᠵᠢ ᠶ᠋ᠢᠨ ᠰᠦ ᠪᠡᠨ ᠬᠥᠬᠥᠬᠦ ᠰᠢᠭ
ᠡᠷᠳᠡᠮ ᠦ᠋ᠨ ᠰᠢᠮ᠎ᠡ ᠪᠡᠷ ᠲᠣᠷᠨᠢᠵᠤ ᠪᠠᠢᠨ᠎ᠠ
ᠪᠠᠭᠴᠠᠲᠠᠢ ᠴᠡᠴᠡᠭ ᠢ᠋ᠶ᠋ᠡᠨ ᠡᠷᠭᠦᠵᠡᠭᠡᠶ᠎ᠡ
ᠪᠠᠶᠠᠷ ᠤ᠋ᠨ ᠮᠡᠨᠳᠦ ᠬᠦᠷᠭᠡᠵᠡᠭᠡᠶᠡ
ᠪᠠᠭᠴᠠᠲᠠᠢ ᠴᠡᠴᠡᠭ ᠢ᠋ᠶ᠋ᠡᠨ ᠡᠷᠭᠦᠵᠡᠭᠡᠶ᠎ᠡ
ᠪᠠᠶᠠᠷ ᠤ᠋ᠨ ᠮᠡᠨᠳᠦ ᠬᠦᠷᠭᠡᠵᠡᠭᠡᠶᠡ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
